ᠮᠢᠩᠭᠠᠨ ᠪᠦᠬᠡ ᠶᠢᠨ ᠮᠠᠩᠯᠠᠶᠢᠴᠣᠳ
ᠨᠡᠶᠢᠲᠡᠯᠡᠭᠰᠡᠨ ᠴᠠᠭ᠄
2017/1/4
      ᠦᠪᠦᠷ ᠮᠤᠩᠭᠤᠯ ᠤᠷᠤᠨ ᠤ ᠳᠡᠦᠬᠡᠨ ᠳᠤ ᠳᠡᠮᠳᠡᠭᠯᠡᠯ ᠲᠠᠢ ᠪᠠᠶᠢᠭ᠎ᠠ ᠮᠢᠩᠭᠠᠨ ᠪᠦᠬᠡ ᠪᠠᠷᠢᠯᠳᠤᠭᠤᠯᠤᠭᠰᠠᠨ ᠨᠠᠶᠢᠷ ᠤᠨ ᠳᠤᠬᠠᠢ ᠳᠤᠪᠴᠢᠬᠠᠨ ᠪᠦᠷᠢᠳᠬᠡᠪᠡᠯ᠄ ᠮᠠᠨᠵᠥ ᠴᠢᠩ ᠬᠥᠷᠥᠨ ᠤ ᠥᠶ᠎ᠡ ᠳᠤ ᠥᠪᠥᠷᠯᠡᠭᠴᠢᠳ ᠤᠨ ᠲᠡᠤᠭᠡᠨ  ᠎ ᠳᠤ 1024 ᠪᠥᠭᠡ ᠪᠠᠷᠢᠯᠳᠤᠭᠤᠯᠤᠭᠰᠠᠨ ᠲᠤᠭᠠᠳᠠᠢ ᠳᠥᠷᠪᠡᠭᠡᠨ ᠲᠤᠮᠤ ᠨᠠᠶᠢᠷ ᠢ ᠴᠥᠮ ᠲᠤᠯᠤᠨ ᠨᠠᠭᠤᠷ ᠬᠤᠶᠢᠨ ᠭᠤᠤᠯ ︵ᠬᠤᠵᠢᠮ ᠨᠢ ᠬᠡᠶᠢᠪᠤᠡᠭ ᠭᠤᠤᠯ ᠬᠡᠵᠥ ᠲᠡᠮᠳᠡᠭᠯᠡᠬᠦ ᠪᠤᠯᠵᠠᠢ︶᠎ ᠤᠨ ᠲᠠᠨᠵᠢᠨ᠎ᠠ ᠬᠢᠵᠠᠢ᠃ ᠡᠶᠢᠮᠥ ᠪᠠᠷ ᠢᠶᠠᠨ ︽ᠬᠡᠶᠢᠪᠤᠡᠭ ᠤᠨ ᠨᠠᠶᠢᠷ︾ ᠬᠡᠮᠡᠨ ᠲᠡᠤᠭᠡᠨ ᠳᠤ ᠠᠯᠳᠠᠷᠰᠢᠭᠰᠠᠨ ᠪᠠᠶᠢᠨ᠎ᠠ᠃      ᠤᠤᠭᠠᠨ ᠨᠠᠶᠢᠷ ᠨᠢ ᠭᠠᠯ ︵ᠤᠯᠠᠭᠠᠨ︶ ᠮᠤᠷᠢᠨ ᠵᠢᠯ ︵1666 ᠤᠨ︶ ᠡᠩᠭᠡ ᠠᠮᠤᠭᠤᠯᠠᠩ ᠤᠨ ᠲᠠᠪᠤᠳᠤᠭᠠᠷ ᠤᠨ ᠳᠤ ᠤᠯᠤᠰ ᠤᠨ ᠶᠡᠭᠡ ᠨᠠᠶᠢᠷ ᠤᠨ 1024 ᠪᠥᠭᠡ ᠳᠤ ᠥᠵᠥᠮᠥᠴᠢᠨ ᠪᠠᠶᠢᠯᠠ ᠶᠢᠨ ᠬᠤᠰᠢᠭᠤᠨ ᠤ ᠡᠩᠡ  ᠎ ᠶᠢᠨ ᠰᠤᠮᠤᠨ ᠤ ᠬᠠᠪᠠᠭᠴᠢᠨ ᠤᠪᠤᠭ ᠤᠨ ᠲᠠᠰᠢᠮ᠎ᠠ ᠬᠢᠶ᠎ᠡ ᠶᠢᠨ ᠤᠤᠭᠠᠨ ᠬᠥᠪᠡᠬᠦᠨ ᠠᠨᠵᠤᠤ ᠬᠡᠭᠴᠢ ᠪᠥᠭᠡ ᠲᠡᠷᠢᠬᠦᠯᠡᠭᠰᠡᠨ ᠪᠠᠶᠢᠨᠠᠮ᠃      ᠬᠤᠶᠠᠳᠤᠭᠠᠷ ᠨᠠᠶᠢᠷ ᠨᠢ ᠰᠢᠷᠤᠢ ︵ᠰᠢᠷ᠎ᠠ︶ ᠮᠤᠷᠢᠨ ᠵᠢᠯ ︵1858 ᠤᠨ︶ ᠲᠥᠭᠡᠮᠡᠯ ᠡᠯᠪᠡᠭᠳᠥ ᠶᠢᠨ ᠨᠠᠢᠮᠠᠳᠤᠭᠠᠷ ᠤᠨ ᠳᠤ ᠲᠤᠯᠤᠨ ᠨᠠᠭᠤᠷ ᠬᠠᠯᠢᠭᠤᠳᠠᠢ ᠶᠢᠨ ᠲᠠᠯ᠎ᠠ ᠶᠢᠨ  ᠬᠥᠯ᠂ ᠵᠠᠩᠬᠢᠶ᠎ᠠ ᠬᠡᠬᠡᠨ ᠴᠠᠭᠠᠨ ᠤᠪᠤᠭ᠎ᠠ ᠎ ᠶᠢᠨ ᠵᠡᠬᠦᠨᠭᠡᠨ᠎ᠡ ᠠᠷᠪᠠᠨ ᠲᠤᠯᠤᠳᠤᠭᠠᠷ ᠳᠥᠷᠢ ᠶᠢᠨ ᠵᠠᠩᠬᠢᠶ᠎ᠠ ᠬᠤᠳᠤᠭᠳᠥ ᠢᠰᠢᠳᠠᠮᠪᠢᠨᠢᠮ᠎ᠠ ︵1849 — 1875 ᠤᠨ︶᠎ ᠳᠤ ᠳ᠋ᠠᠩᠰᠢᠭ  ᠡᠷᠬᠦᠨ 1024 ᠪᠥᠭᠡ ᠪᠠᠷᠢᠯᠳᠤᠭᠤᠯᠤᠭᠰᠠᠨ ᠳᠤ ᠬᠠᠭᠤᠴᠢᠳ ᠬᠤᠰᠢᠭᠤᠨ ᠤ ᠬᠤᠶᠠᠷ ᠰᠤᠩᠳᠤᠢ ᠥᠵᠥ ︵ᠲᠡᠷᠢᠬᠦᠨ︶ ᠵᠠᠢ ︵ᠳᠡᠳ᠋︶᠎ ᠶᠢ ᠠᠪᠴᠠᠢ᠃      ᠭᠤᠷᠪᠠᠳᠤᠭᠠᠷ ᠨᠠᠶᠢᠷ ᠨᠢ ᠰᠢᠷᠤᠢ ︵ᠰᠢᠷ᠎ᠠ︶ ᠬᠤᠯᠤᠭᠠᠨ᠎ᠠ ᠵᠢᠯ ︵1888 ᠤᠨ︶ ᠪᠠᠳᠠᠷᠠᠭᠤᠯᠳᠥ ᠳᠥᠷᠥ ᠎ ᠶᠢᠨ ᠠᠷᠪᠠᠨ ᠳᠥᠷᠪᠡᠳᠥᠬᠡᠷ ᠤᠨ ᠳᠤ ᠬᠡᠶᠢᠪᠤᠡᠭ ᠬᠠᠯᠢᠭᠤᠳᠤ ᠳᠤ ᠠᠷᠪᠠᠨ ᠨᠠᠢᠮᠠᠳᠤᠭᠠᠷ ᠳᠥᠷᠢ ᠶᠢᠨ ᠵᠠᠩᠬᠢᠶ᠎ᠠ ᠬᠤᠳᠤᠭᠳᠥ ᠯᠤᠪᠰᠠᠩᠳᠠᠨᠵᠢᠨᠵᠠᠮᠰᠤ ︵1878 — 1888 ᠤᠨ︶᠎ ᠳᠤ ᠳ᠋ᠠᠩᠰᠢᠭ ᠡᠷᠬᠦᠭᠰᠡᠨ ᠶᠡᠭᠡ ᠨᠠᠶᠢᠷ ᠤᠨ 1024 ᠪᠥᠭᠡ ᠳᠤ ᠥᠵᠥᠮᠥᠴᠢᠨ ᠪᠠᠷᠠᠭᠤᠨ ᠬᠤᠰᠢᠭᠤᠨ ᠤ ︽ᠳᠡᠭᠡᠳᠥ ᠰᠢᠳᠢᠰ ᠤᠨ ᠬᠡᠶᠢᠳ︾ ᠪᠤᠶᠤ ᠤᠯᠠᠭᠠᠨ ᠬᠠᠭᠠᠯᠭ᠎ᠠ  ᠰᠥᠮ᠎ᠡ ᠶᠢᠨ ᠤᠨᠠᠭᠠᠨ ᠱᠠᠪᠢ ᠰᠢᠷ᠎ᠡ ᠲᠡᠮᠡᠭᠡᠴᠢᠨ ᠤᠪᠤᠭ ᠲᠠᠢ ᠪᠠᠭᠰᠢ ᠶᠢᠨ ᠤᠯᠠᠭᠠᠨ ᠬᠡᠭᠴᠢ ᠪᠥᠭᠡ ᠲᠡᠷᠢᠬᠦᠯᠡᠵᠥ᠂ ᠠᠷᠤ ᠬᠤᠷᠴᠢᠨ ᠬᠠᠨ ᠰᠥᠮ᠎ᠡ ᠶᠢᠨ ᠤᠯᠠᠭᠠᠨ ᠭᠤᠳᠤᠯᠳᠥ ᠭᠤᠮᠪᠤᠵᠠᠪ ︵ᠭᠤᠮᠪᠤᠵᠠᠭᠠᠨ ᠴᠤ ᠬᠡᠳᠡᠭ︶ ᠲᠡᠳ᠋ᠯᠡᠭᠰᠡᠨ ᠪᠠᠶᠢᠨ᠎ᠠ᠃      ᠤᠳᠬᠤᠨ ᠨᠠᠶᠢᠷ ᠨᠢ ᠤᠰᠤ ︵ᠬᠠᠷᠠᠭᠴᠢᠨ︶ ᠲᠠᠤᠯᠠᠢ ᠵᠢᠯ ︵1903 ᠤᠨ︶ ᠪᠠᠳᠠᠷᠠᠭᠤᠯᠳᠥ ᠳᠥᠷᠥ ᠶᠢᠨ ᠬᠤᠷᠢ ᠶᠢᠰᠥᠳᠥᠬᠡᠷ ᠤᠨ ᠳᠤ ᠬᠡᠶᠢᠪᠤᠡᠭ ᠭᠤᠤᠯ ᠤᠨ ᠪᠠᠷᠠᠭᠤᠨᠳᠠᠢ ᠠᠯᠳᠠᠨ ᠰᠢᠷᠡᠭᠡᠳᠥ ᠶᠢᠨ ᠲᠠᠯ᠎ᠠ ᠳᠤ ᠠᠷᠪᠠ ᠶᠢᠰᠥᠳᠥᠬᠡᠷ ᠳᠥᠷᠢ ᠶᠢᠨ ᠵᠠᠩᠬᠢᠶ᠎ᠠ ᠬᠤᠳᠤᠭᠳᠥ ᠶᠢᠨ 13 ᠨᠠᠰᠤᠨ ᠰᠡᠬᠦᠳᠡᠷ ᠲᠤ ᠲᠤᠬᠢᠶᠠᠯᠳᠤᠭᠤᠯᠤᠨ ᠠᠪᠢᠰᠢᠭ ᠲᠠᠯᠪᠢᠬᠤ ᠳ᠋ᠠᠩᠰᠢᠭ ᠨᠠᠶᠢᠷ ᠤᠨ 1204 ᠪᠥᠭᠡ ᠳᠤ ᠲᠤᠯᠤᠨ ᠨᠠᠭᠤᠷ ᠤᠨ ᠰᠢᠷᠡᠭᠡᠳᠥ ᠬᠡᠬᠡᠨ ᠱᠠᠪᠢᠨᠠᠷ ᠤᠨ ︽ᠤᠭᠰᠠᠷᠠᠭ᠎ᠠ ᠲᠤᠯᠤᠭᠠᠨ ᠮᠡᠭᠡᠳᠥ︾ ᠰᠤᠳᠨᠠᠮ ᠭᠡᠭᠴᠢ ᠪᠥᠭᠡ ᠲᠡᠷᠢᠬᠦᠯᠡᠭᠰᠡᠨ ᠳᠤ ᠵᠠᠩᠬᠢᠶ᠎ᠠ ᠬᠡᠬᠡᠨᠳᠡᠨ ︽ᠪᠥᠭᠡ ᠎ ᠶᠢᠨ ᠲᠡᠭᠷᠢ ᠬᠡᠶᠢᠮᠤᠷᠢ ᠬᠤᠷᠤᠶᠢᠯᠠᠨ ᠰᠤᠶᠤᠷᠬ᠎ᠠ︕︾ ᠬᠡᠮᠡᠨ ᠲᠡᠬᠦᠨ ᠳᠤ ︽ᠱᠠᠵᠢᠨᠬᠡᠷᠡᠯ︾ ᠬᠡᠮᠡᠬᠦ ᠨᠡᠷ᠎ᠡ ᠬᠠᠶᠢᠷᠠᠯᠠᠭᠰᠠᠨ ᠭᠡᠳᠡᠭ ᠪᠢᠯᠡ᠃        ᠤᠯᠤᠰ ᠪᠠᠶᠢᠭᠤᠯᠤᠭᠳᠠᠭᠰᠠᠨ ᠠᠴᠠ ᠨᠠᠭᠠᠰᠢ ᠮᠢᠩᠭᠠᠨ ᠪᠦᠬᠡ ᠶᠢᠨ ᠨᠠᠶᠢᠷ ᠤᠨ ᠦᠵᠦ ᠵᠠᠢ ᠶᠢᠨ ᠪᠦᠬᠡᠴᠤᠳ 1982 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 6 ᠳ᠋ᠤᠭᠠᠷ ᠤᠳᠠᠭᠠᠨ ᠤ ᠶᠡᠭᠡ ᠨᠠᠭᠠᠳᠤᠮ ᠢᠶᠠᠷ 1024 ᠪᠦᠬᠡ ᠪᠠᠷᠢᠯᠳᠤᠵᠤ᠂ ᠬᠦᠯᠦᠨ ᠪᠦᠢᠷ ᠤᠨ ᠪᠠᠽᠠᠷᠭᠠᠨᠳ᠋ ᠳᠡᠷᠢᠬᠦᠯᠡᠵᠦ᠂ ᠰᠢᠯᠢᠨ ᠭᠤᠤᠯ ᠤᠨ ᠪᠠᠶᠠᠨ ᠰᠢᠯᠢ ᠮᠠᠯᠵᠢᠯ ᠤᠨ ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃ 1990 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 7 ᠳ᠋ᠤᠭᠠᠷ ᠤᠳᠠᠭᠠᠨ ᠤ ᠶᠡᠭᠡ ᠨᠠᠭᠠᠳᠤᠮ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠴᠠᠭᠠᠨᠵᠠᠭᠠᠨ ᠳᠡᠷᠢᠬᠦᠯᠡᠵᠦ᠂ ᠪᠠᠶᠠᠨ ᠰᠢᠯᠢ   ᠮᠠᠯᠵᠢᠯ ᠤᠨ ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃  1996 ᠤᠨ ᠳᠤ ᠪᠤᠯᠤᠭᠰᠠᠨ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 40 ᠵᠢᠯ ᠤᠨ  ᠤᠢ ᠶᠢᠨ ᠶᠡᠭᠡ ᠨᠠᠶᠢᠷ ᠎ ᠢᠶᠠᠷ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠵᠢᠷᠭᠠᠯ ᠳᠡᠷᠢᠬᠦᠯᠡᠵᠦ᠂ ᠵᠡᠬᠦᠨ ᠦᠵᠦᠮᠦᠴᠢᠨ ᠤ ᠰᠡᠴᠡᠨᠪᠡᠶᠡᠷ ᠳᠡᠳ᠋ᠯᠡᠭᠰᠡᠨ᠃ 2006 ᠤᠨ ᠳᠤ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 50 ᠵᠢᠯ ᠤᠨ ᠤᠢ ᠶᠢᠨ ᠶᠡᠭᠡ ᠨᠠᠭᠠᠳᠤᠮ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠪᠠᠳᠤᠰᠦ᠋ᠬᠡ ᠳᠡᠷᠢᠬᠦᠯᠡᠵᠦ᠂ ᠵᠡᠬᠦᠨ ᠦᠵᠦᠮᠦᠴᠢᠨ ᠤ ᠪᠠᠶᠠᠷᠪᠠᠭᠠᠳᠤᠷ ᠳᠡᠳ᠋ᠯᠡᠭᠰᠡᠨ᠃ 2007 ᠤᠨ ᠳᠤ ᠬᠦᠯᠦᠨ ᠪᠤᠶᠢᠷ ᠬᠤᠳᠠ ᠎ ᠶᠢᠨ ᠰᠢᠨ᠎ᠡ ᠪᠠᠷᠭᠤ ᠵᠡᠬᠦᠨ ᠬᠤᠰᠢᠭᠤᠨ ᠳᠤ ᠪᠤᠯᠤᠭᠰᠠᠨ ︽ᠪᠠᠽᠠᠷᠭᠠᠨᠳ᠋ ᠬᠤᠨᠳᠠᠭᠠᠳᠤ︾ ᠮᠤᠩᠭᠤᠯ ᠪᠦᠬᠡ ᠶᠢᠨ ᠤᠷᠤᠯᠳᠤᠭᠠᠨ ᠳᠤ  1024 ᠪᠦᠬᠡ ᠪᠠᠷᠢᠯᠳᠤᠵᠤ᠂ ᠪᠠᠳᠤ ᠳᠡᠷᠢᠬᠦᠯᠡᠨ᠂ ᠪᠢᠰᠢᠷᠡᠯᠳᠦ ᠳᠡᠳ᠋ᠯᠡᠵᠡᠢ᠃ 2004 ᠤᠨ ᠳᠤ ᠰᠢᠯᠢ ᠶᠢᠨ ᠭᠤᠤᠯ ᠠᠶᠢᠮᠠᠭ ᠤᠨ ᠪᠠᠷᠠᠭᠤᠨ  ᠦᠵᠦᠮᠦᠴᠢᠨ ᠬᠤᠰᠢᠭᠤ 2048 ᠪᠦᠬᠡ ᠪᠠᠷᠢᠯᠳᠤᠭᠤᠯᠤᠭᠰᠠᠨ ᠳᠤᠮᠤ ᠨᠠᠶᠢᠷ ᠬᠢᠵᠦ᠂ ᠤᠯᠠᠨ ᠪᠦᠬᠡ ᠪᠠᠷᠢᠯᠳᠤᠭᠰᠠᠨ ᠢᠶᠠᠷ ᠢᠶᠠᠨ ︽ᠬᠢᠨᠢᠰ ᠤᠨ ᠳᠡᠯᠡᠬᠡᠢ  ᠎ ᠶᠢᠨ ᠳᠡᠮᠳᠡᠭᠯᠡᠯ︾᠎ ᠳᠤ ᠳᠡᠮᠳᠡᠭᠯᠡᠬᠦᠯᠦᠭᠰᠡᠨ ᠪᠢᠯᠡ᠃ ᠡᠨᠡ ᠨᠠᠶᠢᠷ ᠲᠤ ᠪᠠᠷᠠᠭᠤᠨ ᠦᠵᠦᠮᠦᠴᠢᠨ ᠤ ᠮᠢ᠊· ᠰᠤᠶᠤᠯ ᠳᠡᠷᠢᠬᠦᠯᠡᠵᠦ᠂ ᠪᠠᠷᠠᠭᠤᠨ ᠦᠵᠦᠮᠦᠴᠢᠨ ᠤ ᠤᠶᠤᠨᠪᠠᠳᠤ ᠳᠡᠳ᠋ᠯᠡᠭᠰᠡᠨ ᠪᠢᠯᠡ᠃ 2010 ᠤᠨ ᠤ 8 ᠰᠠᠷ᠎ᠠ ᠳᠤ ᠪᠤᠯᠤᠭᠰᠠᠨ ᠤᠯᠠᠭᠠᠨᠬᠠᠳᠠ ᠬᠤᠳᠠ ᠶᠢᠨ ᠠᠷᠤ ᠬᠤᠷᠴᠢᠨ ᠤ ᠮᠢᠩᠭᠠᠨ ᠪᠦᠬᠡ ᠶᠢᠨ ᠨᠠᠶᠢᠷ ᠲᠤ ᠵᠡᠬᠦᠨ ᠦᠵᠦᠮᠦᠴᠢᠨ ᠪᠠᠶᠠᠷᠪᠠᠭᠠᠳᠤᠷ ᠲᠡᠷᠢᠬᠦᠯᠡᠵᠦ᠂ ᠠᠷᠤ ᠬᠤᠷᠴᠢᠨ ᠤ ᠰᠠᠷᠠᠨᠮᠠᠨᠳᠤᠯ᠎ᠠ ᠲᠡᠳ᠋ᠯᠡᠭᠰᠡᠨ᠃ 2011ᠤᠨ ᠤ 7 ᠰᠠᠷ᠎ᠠ ᠳᠤ ᠪᠤᠯᠤᠭᠰᠠᠨ ᠰᠢᠯᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠮᠢᠩᠭᠠᠨ ᠪᠦᠬᠡ ᠶᠢᠨ ᠨᠠᠶᠢᠷ ᠲᠤ ᠵᠡᠬᠦᠨ ᠪᠠᠭᠠᠷᠢᠨ ᠤ ᠠᠯᠳᠠᠨᠰᠦ᠋ᠬᠡ  ᠲᠡᠷᠢᠬᠦᠯᠡᠵᠦ᠂ ᠰᠢᠯᠤᠭᠤᠨ ᠬᠦᠬᠡ ᠶᠢᠨ ᠤᠶᠠᠩᠭ᠎ᠠ ᠲᠡᠳ᠋ᠯᠡᠭᠰᠡᠨ᠃ 2011 ᠤᠨ ᠤ 7 ᠰᠠᠷ᠎ᠠ ᠳᠤ ᠪᠤᠯᠤᠭᠰᠠᠨ ᠵᠢᠷᠭᠠᠯᠠᠩᠳᠦ ᠲᠠᠯ᠎ᠠ ᠨᠤᠳᠤᠭ ᠰᠢᠯᠢ ᠶᠢᠨ ᠭᠤᠤᠯ ᠤᠨ ᠶᠡᠭᠡ ᠨᠠᠭᠠᠳᠤᠮ ᠳᠤ ᠵᠡᠬᠦᠨ ᠦᠵᠦᠮᠦᠴᠢᠨ ᠤ ᠪᠠᠶᠠᠷᠪᠠᠭᠠᠳᠤᠷ ᠠᠷᠪᠠ ᠲᠠᠪᠠᠵᠤ ᠲᠡᠷᠢᠬᠦᠯᠡᠨ᠂ ᠵᠡᠬᠦᠨ ᠦᠵᠦᠮᠦᠴᠢᠨ ᠤ ᠪᠠᠳᠤᠵᠢᠷᠭᠠᠯ ᠶᠢᠰᠦ ᠲᠠᠪᠠᠵᠤ ᠲᠡᠳ᠋ᠯᠡᠵᠡᠢ᠃
 
ᠢᠷᠡᠯᠲᠡ᠄ ᠴᠢᠩᠬᠢᠰ— ᠵᠠᠭᠤᠨ ᠤᠳᠠᠨ ᠦᠵᠦᠭ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号