ᠵᠠᠯᠠᠶᠢᠷ ᠠᠶᠢᠮᠠᠭ ᠤᠨ ᠲᠡᠷᠬᠡᠳᠣ ᠪᠠᠶᠠᠨ ᠤ ᠠᠬᠠᠮᠠᠳ ᠬᠦᠪᠡᠬᠦᠨ ᠭᠦᠨ ᠭᠤᠸ᠎ᠠ ᠶᠢᠨ ᠭᠤᠷᠪᠠᠳᠤᠭᠠᠷ | ᠬᠦᠪᠡᠬᠦᠨ᠂ 1169 ᠣᠨ ᠳᠤ ᠲᠦᠷᠦᠵᠠᠢ᠃ ᠮᠤᠬᠤᠯᠠᠢ ᠶᠢ ᠡᠰᠡᠨᠢᠬᠦ ᠶᠢᠨ ᠦᠶ᠎ᠡ ᠳᠤ ᠴᠠᠭᠠᠨ ᠠᠭᠤᠷ ᠲᠤᠭᠤᠨᠤ | ᠪᠠᠷ ᠨᠢ ᠰᠤᠭᠤᠨᠠᠭᠯᠠᠨ ᠭᠠᠷᠬᠤ ᠬᠠᠷᠠᠭᠳᠠᠪᠠ᠃ ᠪᠦᠬᠡ ᠢᠳᠤᠭᠠᠨ ᠡᠭᠦᠨ ᠤ ᠦᠵᠡᠬᠡᠳ ᠶᠡᠬᠡᠯ᠎ᠡ ᠭᠠᠶᠢᠬᠠᠯᠳᠤᠵᠤ᠂ | ᠡᠨᠡ ᠪᠣᠯ ᠶᠡᠷᠤ ᠪᠤᠰᠤ ᠶᠢᠨ ᠬᠦᠪᠡᠬᠦᠨ ᠬᠡᠵᠡᠬᠡᠪᠡ᠃ ᠮᠤᠬᠤᠯᠠᠢ ᠦᠰᠴᠤ ᠡᠷ᠎ᠡ ᠶᠢᠨ ᠴᠡᠭᠡᠯ ᠳᠤ ᠬᠦᠷᠦᠬᠡᠳ ᠦᠨᠡᠬᠡᠷ | ᠤᠯᠠᠨ ᠠᠴᠠ ᠬᠡᠳᠦᠶᠢᠳᠦᠭᠰᠡᠨ ᠤᠶᠤᠨ ᠪᠢᠯᠢᠭᠳᠦ᠂ ᠬᠠᠳᠠᠨ ᠵᠤᠷᠢᠭᠳᠤ᠂ ᠬᠠᠷᠪᠤᠵᠤ ᠨᠠᠮᠨᠠᠬᠤ ᠳᠠᠭᠠᠨ ᠮᠡᠷᠬᠡᠨ | ᠪᠠᠭᠠᠳᠤᠷ ᠪᠣᠯᠵᠤ᠂ ᠴᠢᠩᠭᠢᠰ ᠬᠠᠭᠠᠨ ᠤ ᠲᠦᠷᠪᠡᠨ ᠬᠦᠯᠦᠭ ᠢ ᠬᠢᠨᠢ ᠨᠢᠭᠡ ᠨᠢ ᠬᠡᠮᠡᠨ ᠠᠯᠳᠠᠷᠰᠢᠪᠡ᠃ | 1197 ᠣᠨ ᠳᠤ ᠴᠢᠩᠭᠢᠰ ᠬᠠᠭᠠᠨ ᠵᠦᠷᠬᠢᠨ ᠠᠶᠢᠮᠠᠭ ᠤᠨ ᠨᠡᠬᠡᠨ ᠪᠠᠶᠢᠯᠳᠤᠵᠤ᠂ ᠲᠠᠯᠠᠰᠳᠤ ᠶᠢᠨ ᠠᠮᠠᠰᠠᠷ | ︵ᠤᠳᠣᠬᠢ ᠮᠤᠩᠭᠤᠯ ᠤᠯᠤᠰ ᠲᠤ ᠪᠤᠢ︶ ᠭᠡᠳᠡᠭ ᠭᠠᠵᠠᠷ ᠬᠦᠷᠴᠤ ᠪᠠᠭᠤᠳᠠᠯᠯᠠᠭᠰᠠᠨ᠎ᠠ ᠲᠡᠷᠬᠡᠳᠣ ᠪᠠᠶᠠᠨ᠂ ᠮᠤᠬᠤᠯᠠᠢ | ᠵᠡᠷᠬᠡ ᠬᠦᠪᠡᠬᠦᠨ ᠠᠴᠢᠨᠠᠷ ᠢᠶᠠᠨ ᠠᠪᠴᠤ ᠲᠠᠭᠠᠨ ᠢᠷᠡᠪᠡ᠃ ᠴᠢᠩᠭᠢᠰ ᠬᠠᠭᠠᠨ ᠲᠡᠲ᠋ᠠᠷ ᠠᠶᠢᠮᠠᠭ ᠤᠨ ᠪᠠᠶᠢᠯᠳᠤᠵᠤ᠂ | ᠲᠠᠯᠠᠨ ᠨᠦᠮᠦᠷᠬᠡᠰ ᠭᠡᠳᠡᠭ ᠭᠠᠵᠠᠷ ᠶᠡᠭᠡ ᠴᠠᠰᠤ ᠰᠢᠭᠤᠷᠭᠠᠨ᠎ᠠ ᠲᠠᠭᠠᠷᠢᠭᠳᠠᠵᠤ᠂ ᠬᠦᠳᠡᠭᠡ ᠬᠡᠭᠡᠷ᠎ᠡ ᠬᠤᠨᠤᠭᠯᠠᠬᠤ | ᠪᠣᠯᠣᠭᠰᠠᠨ ᠳᠤ ᠮᠤᠬᠤᠯᠠᠢ ᠪᠤᠭᠤᠷᠴᠢ ᠬᠤᠶᠠᠷ ᠴᠢᠩᠭᠢᠰ ᠬᠠᠭᠠᠨ ᠤ ᠲᠡᠭᠡᠷ᠎ᠡ ᠰᠦᠨᠢᠵᠢᠨ ᠢᠰᠡᠬᠡᠢ ᠬᠠᠯᠬᠠᠪᠴᠢ ᠪᠠᠷᠢᠨ | ᠵᠤᠭᠰᠤᠵᠤ᠂ ᠬᠠᠭᠠᠨ ᠶᠤᠭᠠᠨ ᠴᠠᠰᠤ ᠰᠢᠭᠤᠷᠭᠠᠨ ᠳᠤ ᠴᠣᠬᠢᠭᠤᠯᠤᠯ ᠦᠭᠡᠢ ᠦᠩᠭᠡᠷᠡᠬᠡᠵᠡᠢ᠃ ᠨᠢᠭᠡᠨ ᠡᠳᠦᠷ | ᠴᠢᠩᠭᠢᠰ ᠬᠠᠭᠠᠨ ᠪᠡᠷᠬᠡ ᠪᠠᠷᠳᠠᠭᠠᠳᠣ ᠠᠭᠤᠯᠠᠨ ᠵᠡᠪᠡ ᠪᠠᠷ ᠭᠤᠴᠢᠭᠠᠳ ᠬᠦᠮᠦᠨ ᠲᠠᠢ ᠠᠶᠠᠯᠠᠵᠤ ᠪᠠᠶᠢᠬᠤ ᠳᠠᠭᠠᠨ | ᠮᠤᠬᠤᠯᠠᠢ ᠠᠴᠠ ᠬᠡᠷᠪᠡ ᠡᠶᠢᠮᠤ ᠭᠠᠵᠠᠷ ᠲᠠᠶᠢᠰᠤᠨ ᠲᠠᠢ ᠲᠠᠭᠠᠷᠢᠯᠳᠤᠬᠤ ᠳᠤ ᠬᠦᠷᠪᠡᠯ ᠶᠠᠭᠠᠬᠢᠳᠠᠭ ᠪᠢᠯᠡ︖︾ | ᠬᠡᠵᠤ ᠠᠰᠠᠭᠤᠭᠰᠠᠨ ᠳᠤ ᠮᠤᠬᠤᠯᠠᠢ ︽ᠪᠢ ᠪᠡᠶ᠎ᠡ ᠪᠠᠷ ᠢᠶᠠᠨ ᠡᠵᠡᠨ ᠢ ᠬᠠᠯᠬᠠᠯᠠᠨ ᠬᠠᠮᠠᠭᠠᠯᠠᠨ᠎ᠠ︾ ᠭᠡᠪᠡ᠃ ᠴᠢᠪᠬᠡᠮᠡᠨ | ᠢᠩᠭᠢᠵᠤ ᠶᠠᠷᠢᠯᠴᠠᠨ ᠶᠠᠪᠤᠵᠤ ᠪᠠᠶᠢᠳᠠᠯ᠎ᠠ ᠦᠨᠡᠬᠡᠷ ᠤᠢ ᠲᠤᠳᠤᠷ᠎ᠠ ᠠᠴᠠ ᠨᠢᠭᠡᠨ ᠪᠦᠯᠦᠭ ᠲᠠᠶᠢᠰᠤᠨ ᠭᠠᠷᠴᠤ | ᠢᠷᠡᠭᠡᠳ ᠬᠤᠷ᠎ᠠ ᠪᠤᠷᠤᠭᠠᠨ ᠴᠢᠳᠬᠤᠯᠠᠬᠤ ᠮᠡᠳᠣ ᠰᠤᠮᠤ ᠬᠠᠷᠪᠤᠵᠣ ᠡᠬᠢᠯᠡᠪᠡ᠃ ᠮᠤᠬᠤᠯᠠᠢ ᠵᠡᠪᠡ ᠣᠨᠢᠯᠠᠨ | ᠭᠤᠷᠪᠠᠨᠳᠠ ᠬᠠᠷᠪᠤᠭᠠᠳ ᠭᠤᠷᠪᠡᠨ ᠲᠡᠭᠡᠷᠡᠮ ᠢ ᠤᠨᠠᠭᠠᠪᠠ᠃ ᠲᠡᠭᠡᠷᠡᠮ ᠢ ᠲᠦᠷᠦᠬᠦᠦ ᠶᠡᠬᠡᠯ᠎ᠡ ᠰᠤᠴᠢᠵᠤ᠄ ︽ᠬᠡᠨ | ᠬᠠᠷᠪᠤᠭᠰᠠᠨ ᠪᠤᠢ︖︾ ᠬᠡᠵᠤ ᠠᠰᠠᠭᠤᠭᠰᠠᠨ ᠳᠤ᠂ ᠮᠤᠬᠤᠯᠠᠢ ᠶᠢᠨ ᠨᠡᠷ᠎ᠡ ᠶᠢ ᠰᠤᠨᠤᠰᠤᠭᠠᠳ ᠴᠦᠮ ᠠᠶᠤᠨ | ᠡᠮᠢᠶᠡᠵᠤ ᠲᠤᠳᠠᠭᠠᠨ ᠶᠠᠪᠣᠪᠠ᠃ | 1206 ᠣᠨ ᠳᠤ ᠴᠢᠩᠭᠢᠰ ᠬᠠᠭᠠᠨ ᠭᠠᠪᠢᠶᠠᠳᠠᠨ ᠰᠠᠶᠢᠳ ᠨᠠᠷ ᠢᠶᠠᠨ ᠶᠡᠬᠡᠪᠡᠷ ᠱᠠᠩᠨᠠᠬᠤ ᠦᠶ᠎ᠡ ᠳᠤ | ᠮᠤᠬᠤᠯᠠᠢ ᠶᠢ ᠵᠡᠬᠦᠨ ᠭᠠᠷᠤᠨ ᠲᠦᠮᠡᠨ ᠤ ᠨᠤᠶᠠᠨ ᠡᠷᠬᠦᠮᠵᠢᠯᠡᠭᠰᠡᠨ ᠪᠠᠶᠢᠨ᠎ᠠ᠃ 1211 ᠣᠨ ᠳᠤ ᠮᠤᠬᠤᠯᠠᠢ | ᠴᠢᠩᠭᠢᠰ ᠬᠠᠭᠠᠨ ᠢ ᠲᠠᠭᠠᠵᠤ ᠡᠮᠦᠨ᠎ᠡ ᠵᠦᠭ ᠲᠠᠶᠢᠯᠠᠷ᠎ᠠ ᠮᠤᠷᠳᠠᠪᠠ᠃ ᠮᠤᠬᠤᠯᠠᠢ ᠠᠯᠳᠠᠨ ᠤᠯᠤᠰ ᠢ ᠶᠦᠨ ᠨᠧᠢ᠂ | ᠳ᠋ᠦᠩᠱᠧᠩ᠂ ᠹᠧᠩᠵᠧᠩ ᠵᠡᠷᠬᠡ ᠵᠧᠣ ᠳᠤ ᠤᠷᠤᠵᠤ ᠹᠦ᠋ ᠵᠧᠤ ᠪᠠᠯᠭᠠᠰᠤ ᠶᠢ ᠪᠦᠰᠡᠯᠡᠬᠦ ᠳᠤ᠂ ᠠᠯᠳᠠᠨ ᠤᠯᠤᠰ 30 | ᠲᠦᠮᠡᠨ ᠶᠡᠭᠡ ᠴᠡᠷᠢᠭ ᠤᠨ ᠤᠭᠳᠤᠨ ᠪᠠᠶᠢᠯᠳᠤᠪᠠ᠃ ᠲᠡᠬᠡᠬᠡᠳ ᠦᠨᠡᠬᠡᠨ ᠳᠠᠪᠠᠭ᠎ᠠ ᠳᠤ ᠮᠤᠬᠤᠯᠠᠢ ᠮᠠᠩᠯᠠᠶᠢᠯᠠᠨ | ᠪᠠᠶᠢᠯᠳᠤᠵᠤ ᠶᠡᠬᠡᠯ᠎ᠡ ᠢᠯᠡᠭᠠᠳ᠂ ᠠᠯᠳᠠᠨ ᠤᠯᠤᠰ ᠤᠨ ᠴᠡᠷᠢᠭ ᠢ ᠺᠤᠸᠠᠢ ᠡᠾᠧ ᠭᠤᠣᠯ ᠬᠦᠷᠳᠡᠯ᠎ᠡ ᠨᠡᠬᠡᠮᠵᠢᠯᠡᠨ | ᠪᠠᠶᠢᠯᠳᠤᠵᠤ ᠵᠠᠭᠤᠨ ᠭᠠᠵᠠᠷ ᠤᠨ ᠲᠤᠳᠤᠷ᠎ᠠ ᠦᠬᠦᠳᠡᠯ ᠬᠡᠬᠦᠷ ᠢᠶᠠᠷ ᠲᠦᠬᠦᠷᠬᠡᠵᠡᠢ᠃ ᠲᠡᠨᠳᠡ ᠠᠴᠠ ᠴᠢᠨᠠᠭᠰᠢ | ᠤᠷᠤᠵᠤ ᠰᠢᠤᠸᠠᠨ ᠡᠾᠧ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠡᠵᠡᠯᠡᠨ ᠲᠠᠷᠠᠭ᠎ᠠ ᠪᠡᠷ᠎ᠡ | ᠳ᠋ᠧᠰᠢᠸ᠋ᠩ ᠪᠣᠤ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠪᠠᠭᠤᠯᠭᠠᠨ ᠠᠪᠤᠪᠠ᠃ 1214 ᠣᠨ ᠳᠤ | ᠮᠤᠬᠤᠯᠠᠢ ᠴᠢᠩᠭᠢᠰ ᠬᠠᠭᠠᠨ ᠤ ᠲᠠᠭᠠᠵᠤ ᠲᠤᠮᠳᠠᠳᠣ ᠨᠡᠶᠢᠰᠯᠡᠯ ᠵᠦᠩᠳᠤ ᠶᠢ ᠪᠦᠰᠡᠯᠡᠭᠰᠡᠨ᠎ᠡ ᠠᠯᠳᠠᠨ ᠤᠯᠤᠰ ᠤᠨ | ᠬᠠᠭᠠᠨ ᠨᠠᠶᠢᠷᠠᠮᠳᠠᠬᠤ ᠶᠢ ᠭᠤᠶᠤᠴᠢᠯᠠᠵᠠᠢ᠃ ᠴᠢᠩᠭᠢᠰ ᠬᠠᠭᠠᠨ ᠬᠦᠯᠢᠶᠡᠨ ᠠᠪᠴᠤ ᠤᠮᠠᠷᠠᠰᠢ ᠪᠤᠴᠠᠭᠰᠠᠨ ᠪᠦᠬᠡᠳ | ᠮᠤᠬᠤᠯᠠᠢ ᠪᠠᠷ ᠤᠯᠠᠨ ᠵᠠᠮ ᠤᠨ ᠴᠡᠷᠢᠭ ᠢ ᠶᠡᠷᠦᠩᠭᠡᠶᠢᠯᠡᠨ ᠵᠠᠬᠢᠷᠤᠭᠤᠯᠵᠤ ᠯᠢᠶᠤᠤᠰᠢ ᠪᠤᠶᠤ ᠰᠢᠷ᠎ᠠ ᠮᠦᠷᠡᠨ ︵ | ᠤᠳᠤᠬᠢ ᠯᠢᠶᠤᠤ ᠡᠾᠧ ᠭᠤᠣᠯ︶ ᠠᠴᠠ ᠪᠠᠷᠠᠭᠤᠨᠰᠢ ᠭᠠᠵᠠᠷ ᠤᠷᠤᠨ ᠤ ᠪᠠᠶᠢᠯᠳᠤᠭᠤᠯᠪᠠ᠃ 1215 ᠣᠨ ᠳᠤ | ᠮᠤᠬᠤᠯᠠᠢ ᠠᠯᠳᠠᠨ ᠤᠯᠤᠰ ᠤᠨ ᠤᠮᠠᠷᠠᠳᠣ ᠨᠠᠶᠢᠰᠯᠠᠯ ᠪᠧᠶᠢᠵᠢᠩ ᠢ ᠲᠤᠪᠳᠤᠯᠪᠠ᠃ ᠡᠨᠡ ᠬᠤᠳᠠ ᠶᠢ ᠰᠠᠬᠢᠨ | ᠰᠠᠭᠤᠭᠰᠠᠨ ᠠᠯᠳᠠᠨ ᠤᠯᠤᠰ ᠤᠨ ᠵᠠᠩᠵᠤᠨ ᠤᠤᠳᠠᠨ ᠰᠢᠶᠠᠩ ᠬᠠᠷᠢᠶᠠᠳᠤ ᠤᠯᠠᠨ ᠢᠶᠠᠨ ᠠᠪᠴᠤ ᠬᠤᠸᠠᠳᠣᠣ ︵ | ᠤᠳᠤᠬᠢ ᠤᠯᠠᠭᠠᠨᠬᠠᠳᠠ ᠬᠤᠳᠠ ᠳᠤ ᠪᠤᠢ︶ ᠭᠡᠳᠡᠭ ᠭᠠᠵᠠᠷ ᠤᠭᠳᠤᠨ ᠪᠠᠶᠢᠯᠳᠤᠭᠠᠳ ᠢᠯᠠᠬᠰᠠᠨ ᠪᠣᠯᠪᠠᠴᠤ | ᠬᠤᠳᠠ ᠶᠢᠨ ᠲᠤᠳᠤᠷ᠎ᠠ ᠠᠮᠤ ᠬᠦᠨᠡᠰᠦ ᠲᠠᠭᠤᠰᠤᠭᠰᠠᠨ ᠲᠤᠯᠠ ᠭᠢᠳᠡᠨ ᠴᠡᠷᠢᠭ ᠨᠤᠶᠠᠨ ᠢᠶᠠᠨ ᠠᠯᠠᠵᠤ ᠲᠠᠭᠠᠨ | ᠢᠷᠡᠭᠰᠡᠨ ᠪᠠᠶᠢᠨ᠎ᠠ᠃ ᠠᠯᠳᠠᠨ ᠣᠯᠣᠰ ᠤᠨ ᠰᠢᠩᠵᠦ᠋ᠩ ︵ᠤᠳᠤᠬᠢ ᠴᠤᠤᠶᠠᠩ ᠤᠨ ᠭᠤᠷᠪᠡᠨ ᠰᠣᠪᠣᠷᠭ᠎ᠠ ᠬᠤᠳᠠ︶ | ᠤᠨ ᠮᠡᠳᠡᠭᠴᠢ ᠲᠦᠰᠢᠮᠡᠯ ᠦᠷᠢᠪ ᠢ ᠪᠠᠭᠤᠵᠤ ᠦᠭ ᠬᠡᠵᠤ ᠮᠤᠬᠤᠯᠠᠢ ᠬᠤᠶᠠᠷ ᠡᠯᠴᠢ ᠲᠤᠮᠢᠯᠠᠭᠰᠠᠨ ᠳᠤ ᠨᠢᠭᠡ ᠨᠢ | ᠠᠯᠠᠭᠳᠠᠵᠤ ᠨᠦᠬᠦᠬᠡ ᠨᠢ ᠲᠤᠳᠠᠭᠠᠨ ᠭᠠᠷᠴᠣ ᠢᠷᠡᠪᠡ᠃ ᠡᠭᠦᠨ ᠳᠤ ᠬᠤᠳᠠ ᠶᠢᠨ ᠢᠷᠭᠡᠳ ᠮᠤᠬᠤᠯᠠᠢ ᠶᠢᠨ ᠴᠡᠷᠢᠭ | ᠢᠷᠡᠵᠤ ᠬᠢᠳᠤᠬᠤ ᠠᠴᠠ ᠠᠶᠤᠭᠠᠳ ᠦᠷᠢᠪ ᠢ ᠴᠠᠪᠴᠢᠨ ᠠᠯᠠᠵᠤ᠂ ᠨᠤᠲᠤᠭ ᠤᠨ ᠡᠷᠬᠡᠳᠡᠨ ᠱᠢ ᠲᠢᠶᠠᠨ ᠢᠩ ᠢ | ᠵᠠᠬᠢᠷᠤᠭᠴᠢ ᠪᠤᠯᠭᠠᠪᠠ᠃ ᠡᠨᠡ ᠦᠶ᠎ᠡ ᠳᠤ ᠵᠢᠨᠵᠧᠤ ᠬᠤᠳᠠ ︵ᠤᠳᠤᠬᠢ ᠯᠢᠶᠤᠤᠨᠢᠩ ᠮᠤᠵᠢ ᠶᠢᠨ ᠵᠢᠨᠵᠧᠤ ᠬᠤᠳᠠ︶ | ᠶᠢᠨ ᠵᠠᠩ ᠵᠢᠩ ᠭᠡᠳᠡᠭ ᠬᠦᠮᠦᠨ 10 ᠲᠦᠮᠡ ᠭᠠᠷᠤᠢ ᠬᠦᠮᠦᠨ ᠢ ᠴᠤᠭᠯᠠᠭᠤᠯᠵᠤ ᠠᠯᠳᠠᠨ ᠤᠯᠤᠰ ᠤᠨ ᠤᠷᠤᠨ | ᠨᠤᠲᠤᠭ ᠤᠨ ᠵᠠᠬᠢᠷᠤᠭᠴᠢ ᠲᠦᠰᠢᠮᠡᠯ ᠢ ᠠᠯᠠᠵᠤ᠂ ᠦᠪᠡᠷ ᠢ ᠪᠠᠨ ᠯᠢᠨ ᠬᠠᠢ ᠸᠠᠩ ᠡᠷᠭᠦᠮᠵᠢᠯᠡᠭᠡᠳ ᠪᠠᠰᠠ ᠲᠠᠭᠠᠵᠤ | ᠢᠷᠡᠪᠡ᠃ ᠰᠡᠭᠦᠯᠡᠷ ᠨᠢ ᠵᠠᠩ ᠵᠢᠩ ᠤᠷᠪᠠᠭ᠋ᠤ ᠰᠠᠨᠠᠭ᠎ᠠ ᠡᠪᠤᠷᠯᠡᠭᠰᠡᠨ ᠢ ᠮᠡᠳᠡᠭᠡᠳ ᠮᠤᠬᠤᠯᠠᠢ᠂ ᠴᠢᠩᠭᠢᠰ ᠬᠠᠭᠠᠨ ᠤ | ᠪᠠᠭᠤᠴᠠ ᠶᠢᠨ ᠦᠷᠦᠭᠡᠨ ᠳᠤ ᠭᠦᠷᠭᠡᠵᠤ ᠠᠯᠠᠭᠤᠯᠵᠠᠢ᠃ ᠵᠠᠩ ᠵᠢᠩ ᠤᠨ ᠲᠡᠬᠦᠦ ᠵᠠᠩ ᡁᠢ ᠠᠬ᠎ᠠ ᠪᠠᠨ ᠠᠯᠳᠠᠭᠰᠠᠨ | ᠶᠠᠪᠤᠳᠠᠯ ᠳᠤ ᠬᠤᠷᠤᠰᠴᠤ ᠵᠢᠨᠵᠧᠤ ᠬᠤᠳᠠ ᠶᠢ ᠡᠵᠡᠯᠡᠵᠤ ᠤᠷᠪᠠᠭᠠᠳ ᠤᠳᠤᠬᠢ ᠯᠢᠶᠤᠤᠨᠢᠩ ᠮᠤᠵᠢ ᠶᠢᠨ ᠪᠠᠷᠠᠭᠤᠨ | ᠭᠡᠰᠡᠭ ᠪᠤᠯᠤᠨ ᠡᠾᠧᠪᠧᠢ ᠮᠤᠵᠢ ᠶᠢᠨ ᠵᠡᠬᠦᠨ ᠬᠡᠰᠡᠭ ᠲᠠᠬᠢ ᠤᠯᠠᠨ ᠵᠧᠣ ᠰᠢᠶᠠᠨ ᠤ ᠤᠤᠯᠭᠠᠯᠠᠵᠠᠢ᠃ 1216 ᠣᠨ | ᠳᠤ ᠵᠠᠩ ᡁᠢ ᠰᠢᠩᠵᠦ᠋ᠩ ᠬᠤᠳᠠ ᠶᠢ ᠡᠵᠡᠯᠡᠪᠡ᠃ ᠮᠦᠨ ᠵᠢᠯ ᠤᠨ 7 ᠰᠠᠷ᠎ᠠ ᠳᠤ ᠮᠤᠬᠤᠯᠠᠢ ᠪᠡᠶ᠎ᠡ ᠪᠠᠷ ᠴᠡᠷᠢᠭ | ᠵᠢᠯᠣᠭᠤᠳᠴᠤ ᠰᠢᠨᠵᠦ᠋ᠩ ᠬᠤᠳᠠ ᠶᠢᠨ ᠲᠡᠷᠭᠡᠳᠡ ᠬᠦᠷᠦᠭᠡᠳ ᠯᠢᠤ ᠱᠢ ᠠᠭᠤᠯᠠᠨ᠎ᠠ ︵ᠣᠳᠣᠭᠢ ᠯᠢᠶᠤᠤᠨᠢᠩ | ᠮᠤᠵᠢ ᠶᠢᠨ ᠴᠤᠤᠶᠠᠩ ᠣᠷᠴᠢᠮ ᠪᠤᠢ︶ ᠪᠠᠶᠢᠯᠳᠤᠵᠤ ᠵᠠᠩ ᠵᠢᠩ ᠤᠨ ᠬᠦᠪᠡᠬᠦᠨ ᠵᠠᠩ ᠳ᠋ᠦᠩ ᠫᠢᠩ ᠤᠨ ᠵᠠᠬᠢᠷᠤᠭᠰᠠᠨ | 4 ᠲᠦᠮᠡ ᠰᠢᠬᠠᠮ ᠮᠤᠷᠢᠳᠤ ᠶᠠᠪᠠᠭᠠᠨ ᠴᠡᠷᠢᠭ ᠢ ᠰᠦᠨᠦᠭᠡᠭᠰᠡᠨ ᠪᠠᠶᠢᠨ᠎ᠠ᠃ ᠮᠤᠬᠤᠯᠠᠢ ᠲᠡᠨᠳᠡ ᠠᠴᠠ ᠤᠷᠤᠭᠰᠢ | ᠲᠠᠪᠰᠢᠵᠤ ᠵᠢᠨᠵᠧᠣ ᠬᠤᠳᠠ ᠶᠢ ᠪᠦᠰᠡᠯᠡᠨ ᠠᠪᠤᠭᠠᠳ ᠰᠠᠷ᠎ᠠ ᠭᠠᠷᠤᠢ ᠬᠦᠴᠦᠯᠡᠨ ᠪᠠᠶᠢᠯᠳᠤᠪᠠ᠃ ᠬᠤᠳᠠᠨ | ᠲᠤᠳᠤᠷᠠᠬᠢ ᠴᠡᠷᠢᠭ ᠬᠡᠳᠣ ᠤᠳᠠᠭ᠎ᠠ ᠪᠠᠶᠢᠯᠳᠤᠭᠠᠳ ᠴᠦᠮ ᠮᠤᠬᠤᠯᠠᠢ ᠶᠢᠨ ᠴᠡᠷᠢᠭ ᠲᠤ ᠲᠡᠶᠢᠯᠦᠭᠳᠡᠭᠡᠳ ᠪᠤᠴᠠᠭᠰᠠᠨ | ᠪᠤᠯᠬᠤᠷ ᠵᠠᠩ ᡁᠢ ᠲᠤᠤᠷᠠᠬᠢ ᠬᠦᠮᠦᠰ ᠢᠶᠠᠨ ᠬᠦᠴᠦ ᠬᠠᠮᠳᠤᠳᠬᠠᠵᠤ ᠴᠢᠳᠠᠬᠤ ᠦᠭᠡᠢ ᠪᠠᠶᠢᠨ᠎ᠠ ᠭᠡᠵᠤ ᠠᠭᠤᠷᠯᠠᠭᠠᠳ | ᠬᠤᠷᠢ ᠭᠠᠷᠤᠢ ᠵᠠᠩᠵᠤᠨ ᠢᠶᠠᠨ ᠠᠯᠠᠵᠠᠢ᠃ ᠲᠡᠶᠢᠨ ᠬᠦ ᠲᠤᠤᠷᠠᠬᠢ ᠵᠠᠩᠵᠤᠨ ᠨᠠᠷ ᠨᠢ ᠠᠶᠤᠵᠤ ᠵᠠᠩ ᡁᠢ ᠶᠢ ᠪᠠᠷᠢᠵᠤ | ᠬᠦᠯᠢᠭᠡᠳ ᠬᠤᠳᠠᠨ ᠠᠴᠠ ᠭᠠᠷᠴᠤ ᠪᠠᠭᠤᠵᠤ ᠥᠭᠪᠡ᠃ ᠲᠡᠨᠳᠡ ᠠᠴᠠ ᠮᠤᠬᠤᠯᠠᠢ ᠰᠢᠷᠠᠮᠦ᠋ᠷᠡᠨ ᠢ ᠭᠠᠳᠤᠯᠵᠤ | ᠯᠢᠶᠤᠤᠨᠢᠩ ᠮᠤᠵᠢ ᠶᠢᠨ ᠵᠡᠬᠦᠨ ᠬᠡᠰᠡᠭ ᠪᠠ ᠬᠢᠷᠢᠨ ᠮᠤᠵᠢ ᠶᠢᠨ ᠡᠮᠦᠨ᠎ᠡ ᠬᠡᠰᠡᠭ ᠲᠠᠬᠢ ᠤᠯᠠᠨ ᠬᠤᠳᠠ ᠪᠠᠯᠭᠠᠰᠤ ᠶᠢ | ᠪᠠᠶᠢᠯᠳᠤᠨ ᠠᠪᠤᠭᠰᠠᠨ ᠳᠤ ᠲᠤᠰ ᠭᠠᠵᠠᠷ ᠤᠷᠤᠨ ᠢ ᠵᠠᠬᠢᠷᠴᠤ ᠪᠠᠶᠢᠭᠰᠠᠨ ᠹᠦ᠋ ᠰᠢᠶᠠᠨ ᠸᠠᠨ ᠨᠦ ᠠᠷᠪᠠ ᠭᠠᠷᠤᠢ | ᠬᠦᠮᠦᠨ ᠢᠶᠠᠨ ᠲᠠᠭᠠᠭᠤᠯᠵᠤ ᠲᠠᠯᠠᠢ ᠶᠢᠨ ᠠᠷᠠᠯ ᠳᠤ ᠵᠢᠭᠤᠳᠠᠨ ᠶᠠᠪᠤᠵᠠᠢ᠃ 1217 ᠣᠨ ᠳᠤ ᠴᠢᠩᠭᠢᠰ ᠬᠠᠭᠠᠨ | ᠰᠠᠷᠳᠠᠭᠤᠯ ᠤᠯᠤᠰ ᠢ ᠲᠠᠶᠢᠯᠠᠬᠤ ᠪᠠᠷ ᠮᠤᠷᠳᠠᠬᠤ ᠳᠠᠭᠠᠨ ᠠᠯᠳᠠᠨ ᠤᠯᠤᠰ ᠢ ᠲᠠᠶᠢᠯᠠᠬᠤ ᠬᠡᠷᠡᠭ ᠢ ᠲᠤᠰᠬᠠᠶᠢᠯᠠᠨ | ᠮᠤᠬᠤᠯᠠᠢ ᠳᠤ ᠲᠤᠰᠢᠶᠠᠪᠡ᠃ ᠲᠡᠭᠡᠭᠡᠳ ᠲᠡᠯᠡᠬᠡᠢ ᠳ᠋ᠠᠬᠢᠨ ᠤ ᠴᠡᠷᠢᠭ ᠮᠣᠷᠢ ᠶᠢ ᠶᠡᠷᠦᠩᠭᠡᠶᠢᠯᠡᠨ ᠵᠠᠬᠢᠷᠬᠤ ᠲᠡᠶᠢᠱᠢ | ᠬᠦᠸᠧ ᠸᠠᠩ ᠡᠷᠭᠦᠮᠵᠢᠯᠡᠵᠤ᠂ ᠴᠡᠭᠡᠷ ᠡᠪᠬᠡᠮᠡᠯ᠂ ᠠᠯᠳᠠᠨ ᠲᠠᠮᠠᠭ᠎ᠠ ᠱᠠᠩᠨᠠᠭᠠᠳ᠄ ︽ᠦᠶ᠎ᠡ ᠤᠯᠠᠷᠢᠨ | ᠲᠠᠰᠤᠯᠳᠠᠭᠤᠯᠬᠤ ᠦᠭᠡᠢ ᠦᠷ᠎ᠡ ᠶᠢᠨ ᠦᠷ᠎ᠡ᠂ ᠤᠷᠤᠭ ᠤᠨ ᠤᠷᠤᠭ ᠵᠠᠯᠭᠠᠮᠵᠢᠯᠠᠳᠤᠭᠠᠢ︕︾ ᠭᠡᠪᠡ᠃ ᠤᠷᠢᠳᠠ | ᠮᠤᠬᠤᠯᠠᠢ ᠠᠯᠳᠠᠨ ᠤᠯᠤᠰ ᠢ ᠲᠠᠶᠢᠯᠠᠵᠤ ᠪᠠᠶᠢᠬᠤ ᠳᠤ᠂ ᠠᠯᠳᠠᠨ ᠤᠯᠤᠰ ᠲᠡᠬᠦᠨ ᠢ ᠭᠦᠸᠧ ᠸᠠᠩ ᠭᠡᠵᠤ | ᠡᠷᠬᠦᠮᠵᠢᠯᠡᠨ ᠲᠠᠭᠤᠳᠠᠳᠠᠭ ᠪᠠᠶᠢᠵᠠᠢ᠃ ᠴᠢᠩᠭᠢᠰ ᠬᠠᠭᠠᠨ ᠡᠭᠦᠨ ᠢ ᠰᠤᠨᠤᠰᠤᠭᠠᠳ᠄ ︽ᠰᠠᠶᠢᠨ ᠪᠡᠯᠭᠡ︾ ᠭᠡᠳ | ᠮᠤᠬᠤᠯᠠᠢ ᠶᠢ ᠭᠦᠸᠧ ᠸᠠᠩ ᠡᠷᠭᠦᠮᠵᠢᠯᠡᠭᠰᠡᠨ ᠠᠵᠢ᠃ ᠲᠡᠷᠡ ᠲᠤᠬᠠᠢ ᠴᠢᠩᠭᠢᠰ ᠬᠠᠭᠠᠨ ᠬᠤᠩᠭᠢᠷᠠᠳ᠂ ᠢᠬᠢᠷᠠᠰ᠂ | ᠤᠷᠤᠭᠤᠳ ᠵᠡᠷᠬᠡ ᠲᠤᠯᠤᠭᠠᠨ ᠠᠶᠢᠮᠠᠭ ᠤᠨ ᠴᠡᠷᠢᠭ ᠪᠠ ᠦᠶᠡᠷ ᠤᠨ ᠵᠠᠬᠢᠷᠤᠭᠰᠠᠨ ᠬᠢᠳᠠᠨ᠂ ᠵᠦᠷᠴᠢᠨ᠂ | ᠨᠠᠩᠭᠢᠶᠠᠳ ᠵᠡᠷᠭᠡ ᠦᠨᠳᠦᠰᠦᠳᠡᠨ ᠤ ᠴᠡᠷᠢᠭ ᠢ ᠴᠦᠮ ᠮᠤᠬᠤᠯᠠᠢ ᠳᠤ ᠥᠭᠴᠦ ᠵᠠᠬᠢᠷᠤᠭᠤᠯᠤᠭᠠᠳ᠄ ︽ | ᠲᠠᠶᠢᠬᠠᠩᠱᠠᠨ ᠨᠢᠷᠤᠭᠤ ᠠᠴᠠ ᠤᠮᠠᠷᠠᠰᠢᠬᠢ ᠶᠢ ᠪᠢ ᠮᠡᠳᠡᠰᠦᠭᠡᠢ᠂ ᠲᠡᠭᠦᠨ ᠠᠴᠠ ᠡᠮᠦᠨᠡᠰᠢᠬᠢ ᠶᠢ ᠰᠠᠶᠢᠳ ᠴᠢ | ᠬᠢᠴᠢᠶᠡᠰᠦᠬᠡᠢ︾ ᠭᠡᠪᠡ᠃ ᠮᠤᠬᠤᠯᠠᠢ ᠳᠤ ᠪᠠᠰᠠ ᠬᠠᠭᠠᠨ ᠤ ᠮᠠᠨᠳᠤᠭᠤᠯᠬᠤ ᠶᠡᠭᠡ ᠬᠦᠭᠦᠯᠳᠤ ᠲᠤᠮᠤ ᠴᠠᠭᠠᠨ ᠲᠤᠭ | ᠱᠠᠩᠨᠠᠵᠤ᠂ ᠣᠯᠠᠨ ᠵᠠᠩᠵᠤᠨ ᠨᠠᠷ ᠲᠤ᠄ ︽ᠮᠤᠬᠤᠯᠠᠢ ᠡᠨᠡ ᠲᠤᠭ ᠢ ᠮᠠᠨᠳᠤᠭᠤᠯᠵᠤ ᠵᠠᠷᠯᠢᠭ ᠪᠠᠭᠤᠯᠭᠠᠬᠤ ᠶᠢ ᠮᠢᠨᠤ | ᠵᠠᠷᠯᠢᠭ ᠲᠠᠢ ᠠᠳᠠᠯᠢ ᠪᠠᠷ ᠦᠵᠡᠬᠦ ᠬᠡᠷᠡᠭᠳᠡᠢ︾ ᠭᠡᠪᠡ᠃ 1218 ᠣᠨ ᠳᠤ ᠮᠤᠬᠤᠯᠠᠢ ᠠᠯᠳᠠᠨ ᠤᠯᠤᠰ ᠤᠨ | ᠰᠢᠴᠢᠩ ᠠᠴᠠ ᠮᠤᠷᠳᠠᠵᠤ᠂ ᠲᠠᠢ ᠡᠾᠧ ᠯᠢᠩ ᠳᠠᠪᠠᠭ᠎ᠠ ︵ᠤᠳᠤᠬᠢ ᠱᠠᠨ ᠰᠢ ᠮᠤᠵᠢ ᠳᠤ ᠪᠤᠢ︶ ᠶᠢ ᠲᠠᠪᠠᠵᠤ᠂ | ᠬᠠᠳᠤᠨ ᠭᠤᠤᠯ ᠢ ᠲᠠᠭᠠᠵᠤ ᠤᠷᠤᠭᠰᠢᠯᠠᠭᠠᠳ᠂ ᠤᠳᠤᠬᠢ ᠱᠠᠨ ᠰᠢ ᠮᠤᠵᠢ ᠶᠢᠨ ᠲᠠᠶᠢᠶᠤᠸᠠᠨ ᠵᠡᠷᠭᠡ ᠤᠯᠠᠨ ᠬᠤᠳᠠ | ᠪᠠᠯᠭᠠᠰᠤ ᠶᠢ ᠪᠠᠶᠢᠯᠳᠤᠨ ᠡᠵᠡᠯᠡᠭᠡᠳ ᠫᠢᠩᠶᠠᠩ ᠵᠦᠭ ᠲᠠᠪᠰᠢᠪᠡ᠃ 1220 ᠣᠨ ᠳᠤ᠂ ᠮᠤᠬᠤᠯᠠᠢ ᠡᠾᠧᠪᠧᠢ | ᠮᠤᠵᠢ ᠳᠤ ᠴᠦᠮᠦᠷᠡᠨ ᠤᠷᠤᠵᠤ ᠤᠳᠤᠬᠢ ᠪᠣᠤ ᠳ᠋ᠢᠩ ᠬᠦᠷᠦᠭᠰᠡᠨ᠎ᠡ ᠬᠤᠳᠠ ᠶᠢ ᠰᠠᠬᠢᠭᠰᠠᠨ ᠵᠠᠩᠵᠤᠨ ᠪᠠᠭᠤᠵᠤ | ᠦᠭᠭᠦᠭᠰᠡᠨ ᠪᠠᠶᠢᠨ᠎ᠠ᠃ ᠴᠢᠨᠠᠭᠰᠢ ᠲᠠᠪᠰᠢᠵᠤ ᠲᠠᠶᠠᠨᠫᠢᠩ ᠴᠠᠶᠢᠳ ︵ᠣᠳᠣᠭᠢ ᠡᠾᠧᠪᠧᠢ ᠮᠤᠵᠢ ᠳᠤ ᠪᠤᠢ︶ ᠶᠢ | ᠪᠠᠶᠢᠯᠳᠤᠨ ᠢᠯᠠᠭᠠᠳ᠂ ᠮᠤᠩᠭᠤᠯ ᠪᠤᠬ᠎ᠠ ᠶᠢ ᠲᠤᠮᠢᠯᠠᠵᠤ᠂ ᠴᠡᠷᠢᠭ ᠬᠤᠪᠢᠶᠠᠨ ᠡᠾᠧᠪᠧᠢ ᠮᠤᠵᠢ ᠶᠢᠨ ᠡᠮᠦᠨᠡᠳᠣ | ᠭᠡᠰᠡᠭ ᠪᠠ ᠡᠾᠧᠨᠠᠨ ᠮᠤᠵᠢ ᠶᠢᠨ ᠤᠮᠠᠷᠠᠳᠣ ᠭᠡᠰᠡᠭ ᠤᠨ ᠤᠯᠠᠨ ᠵᠧᠤ ᠰᠢᠶᠠᠨ ᠢ ᠪᠠᠶᠢᠯᠳᠤᠨ ᠡᠵᠡᠯᠡᠭᠦᠯᠦᠭᠡᠳ᠂ 30 | ᠲᠦᠮᠡᠨ ᠡᠷᠦᠬᠡ ᠢᠷᠭᠡᠨ ᠢ ᠣᠯᠵᠠᠯᠠᠵᠤ ᠵᠢᠨᠠᠨ ᠵᠦᠭ ᠤᠷᠤᠭᠰᠢᠯᠠᠪᠠ᠃ ᠲᠡᠷᠡ ᠦᠶ᠎ᠡ ᠳᠤ ᠬᠠᠳᠤᠨ ᠭᠤᠤᠯ ᠤᠨ | ᠰᠠᠯᠪᠤᠷᠢ ᠤᠷᠤᠰᠬᠠᠯ ᠡᠮᠦᠨᠡᠰᠢ ᠰᠢᠯᠵᠢᠭᠰᠡᠨ ᠤᠴᠢᠷ ᠱᠠᠨᠳᠦ᠋ᠩ ᠤᠨ ᠭᠠᠵᠠᠷ ᠬᠤᠷᠢᠭᠯᠠᠯᠳᠠ ᠪᠠᠨ ᠠᠯᠳᠠᠵᠤ ᠠᠯᠳᠠᠨ | ᠤᠯᠤᠰ ᠤᠨ ᠬᠠᠭᠠᠨ ᠠᠷᠭ᠎ᠠ ᠪᠤᠰᠤ ᠬᠤᠸᠠᠩᠯᠢᠩ ︵ᠤᠳᠤᠬᠢ ᠱᠠᠨᠳᠦ᠋ᠩ ᠮᠤᠵᠢ ᠶᠢᠨ ᠼᠤᠤ ᠰᠢᠶᠠᠨ ᠳᠤ ᠪᠤᠢ︶ | ᠭᠠᠵᠠᠷ ᠡᠷᠬᠢᠯᠡᠭᠴᠢ ᠶᠢᠨ ᠶᠠᠮᠤᠨ ᠪᠠᠶᠢᠭᠤᠯᠤᠨ᠂ ᠦᠭᠦᠯᠡᠩ ᠰᠢᠭᠦ ᠳᠤ 20 ᠲᠦᠮᠡᠨ ᠴᠡᠷᠢᠭ ᠥᠭᠴᠦ ᠴᠢᠬᠤᠯᠠ | ᠬᠡᠷᠡᠮ ᠢ ᠰᠠᠬᠢᠭᠤᠯᠤᠭᠠᠳ᠂ ᠮᠤᠩᠭᠤᠯ ᠤᠨ ᠴᠡᠷᠢᠭ ᠪᠠᠷᠠᠭᠤᠨᠰᠢ ᠭᠠᠷᠬᠤ ᠶᠢ ᠬᠤᠷᠢᠭᠯᠠᠭᠤᠯᠵᠤ ᠪᠠᠶᠢᠭᠰᠠᠨ ᠶᠤᠮ᠃ | ᠲᠡᠨᠳᠡ ᠠᠴᠠ ᠮᠤᠬᠤᠯᠠᠢ ᠶᠡᠭᠡ ᠴᠡᠷᠢᠭ ᠠᠪᠴᠤ ᠬᠤᠸᠠᠩᠯᠢᠩ ᠢ ᠪᠠᠶᠢᠯᠳᠤᠷ᠎ᠠ ᠢᠷᠡᠭᠰᠡᠨ ᠳᠤ ᠠᠯᠳᠠᠨ ᠤᠯᠤᠰ ᠤᠨ | ᠴᠡᠷᠢᠭ ᠬᠠᠳᠤᠨ ᠭᠤᠤᠯ ᠤᠨ ᠡᠮᠦᠨ᠎ᠡ ᠦᠬᠦᠨ ᠪᠠᠶᠢᠯᠳᠤᠬᠤ ᠪᠠᠷ ᠪᠡᠯᠡᠳᠭᠡᠪᠡ᠃ ᠮᠣᠬᠤᠯᠠᠢ᠄ ︽ᠡᠭᠦᠨ ᠢ ᠮᠤᠷᠢᠳᠤ | ᠴᠡᠷᠢᠭ ᠢᠶᠠᠷ ᠪᠠᠶᠢᠯᠳᠤᠵᠤ ᠲᠡᠶᠢᠯᠬᠦ ᠦᠭᠡᠢ︾ ᠭᠡᠳ ᠴᠡᠷᠢᠭ ᠢᠶᠠᠨ ᠴᠦᠮ ᠮᠤᠷᠢᠨ ᠠᠴᠠ ᠪᠠᠭᠤᠯᠭᠠᠵᠤ ᠶᠠᠪᠠᠭᠠᠯᠠᠠ | ᠪᠠᠶᠢᠯᠳᠤᠭᠤᠯᠤᠭᠠᠳ ᠶᠡᠬᠡᠯ᠎ᠡ ᠲᠠᠶᠢᠯᠵᠠᠢ᠃ ᠲᠡᠭᠡᠭᠡᠳ ᠱᠠᠨᠳᠦ᠋ᠩ ᠮᠤᠵᠢ ᠶᠢᠨ ᠤᠯᠠᠨ ᠵᠧᠤ ᠰᠢᠶᠠᠨ ᠢ ᠪᠠᠶᠢᠯᠳᠤᠨ | ᠡᠵᠡᠯᠡᠬᠡᠳ ᠮᠦᠨ ᠵᠢᠯ ᠤᠨ 5 ᠰᠠᠷ᠎ᠠ ᠳᠤ ᠮᠤᠬᠤᠯᠠᠢ ᠶᠢᠨ ᠴᠡᠷᠢᠭ ᠦᠨᠡᠬᠡᠨ ᠳᠠᠪᠠᠭᠠᠨ ᠳᠤ ᠪᠤᠴᠠᠵᠤ ᠢᠷᠡᠭᠰᠡᠨ | ᠪᠠᠶᠢᠨ᠎ᠠ᠃ ᠮᠤᠬᠤᠯᠠᠢ ᠱᠠᠨᠳᠦ᠋ᠩ᠂ ᠡᠾᠧᠪᠧᠢ ᠶᠢᠨ ᠭᠠᠵᠠᠷ ᠢ ᠪᠦᠷ ᠲᠣᠭᠳᠠᠭᠠᠴᠢᠬᠠᠭᠰᠠᠨ ᠪᠤᠯᠬᠤᠷ ᠲᠠᠩᠭᠤᠳ ᠢᠶᠠᠷ | ᠦᠩᠭᠡᠷᠡᠵᠤ ᠤᠳᠤᠬᠢ ᠱᠠᠨᠰᠢ ᠮᠤᠵᠢ ᠶᠢ ᠪᠠᠶᠢᠯᠳᠤᠬᠤ ᠪᠠᠷ ᠪᠣᠯᠪᠠ᠃ ᠲᠡᠭᠡᠭᠡᠳ ᠲᠤᠰ ᠵᠢᠯ ᠤᠨ 8 ᠰᠠᠷ᠎ᠠ ᠳᠤ | ᠬᠦᠳᠡᠯᠵᠤ᠂ ᠤᠳᠤᠬᠢ ᠬᠦᠬᠡᠬᠤᠳᠠ ᠪᠠᠷ ᠲᠠᠮᠵᠢᠵᠤ᠂ ᠲᠣᠭᠲᠠᠬᠤ ᠰᠢᠶᠠᠨ ᠤ ᠭᠠᠵᠠᠷ ᠢᠶᠠᠷ ᠬᠠᠳᠤᠨ ᠭᠤᠤᠯ ᠢ | ᠭᠠᠲᠤᠯᠤᠭᠠᠳ᠂ ᠳ᠋ᠠᠲ᠋ᠦ᠋ᠩ ᠢ ᠦᠩᠭᠡᠷᠡᠵᠤ᠂ ᠢᠦᠢ ᠯᠢᠨ ᠳᠤ ᠤᠷᠤᠭᠠᠳ᠂ ᠶᠠᠨ ᠠᠨ ᠬᠤᠳᠠᠨ ᠠᠴᠠ 30 ᠭᠠᠵᠠᠷ | ᠤᠶᠢᠷᠠᠳᠣᠵᠣ ᠪᠠᠭᠤᠪᠠ᠃ ᠠᠯᠳᠠᠨ ᠤᠯᠤᠰ ᠤᠨ ᠮᠤᠵᠢ ᠶᠢᠨ ᠡᠵᠡᠨ ᠸᠠᠩᠭᠢᠩ ᠬᠠᠳᠠ 3 ᠲᠦᠮᠡᠨ ᠴᠡᠷᠢᠭ ᠭᠠᠷᠭᠠᠵᠤ | ᠪᠠᠶᠢᠯᠳᠤᠭᠤᠯᠤᠭᠰᠠᠨᠠ᠂ ᠮᠤᠬᠤᠯᠠᠢ ᠪᠦᠭᠭᠦᠭᠰᠡᠨ ᠴᠡᠷᠢᠭ ᠢᠶᠠᠷ ᠶᠡᠬᠡᠯ᠎ᠡ ᠲᠠᠶᠢᠯᠵᠤ᠂ 7 ᠮᠢᠩᠭᠠᠨ ᠲᠠᠶᠢᠰᠦᠨ ᠢ | ᠤᠰᠠᠳᠬᠠᠨ᠂ 8 ᠵᠠᠭᠤᠨ ᠠᠬᠳᠠ ᠣᠯᠵᠠᠯᠠᠭᠰᠠᠨ ᠪᠣᠯᠪᠠᠴᠤ ᠬᠤᠳᠠ ᠶᠢ ᠡᠪᠳᠡᠵᠤ ᠡᠰᠡ ᠴᠢᠳᠠᠭᠠᠳ᠂ ᠡᠮᠦᠨᠡᠰᠢ | ᠲᠠᠶᠢᠯᠠᠭᠠᠳ ᠱᠠᠨᠰᠢ ᠮᠤᠵᠢ ᠶᠢᠨ ᠤᠮᠠᠷᠠᠳᠣ ᠬᠡᠰᠡᠭ ᠤᠨ ᠤᠯᠠᠨ ᠬᠤᠳᠠ ᠪᠠᠯᠭᠠᠰᠤ ᠶᠢ ᠪᠠᠶᠢᠯᠳᠤᠨ ᠡᠵᠡᠯᠡᠵᠡᠢ᠃ | 1222 ᠣᠨ ᠤ 7 ᠰᠠᠷ᠎ᠠ ᠳᠤ ᠮᠤᠬᠤᠯᠠᠢ ᠶᠡᠭᠡ ᠴᠡᠷᠢᠭ ᠢᠶᠠᠨ ᠲᠠᠶᠢᠴᠢᠯᠠᠵᠤ᠂ ᠱᠠᠨᠰᠢ ᠮᠤᠵᠢ ᠶᠢᠨ ᠪᠠᠷᠠᠭᠤᠨ ᠬᠡᠰᠡᠭ | ᠪᠠ ᠭᠠᠨᠰᠤ ᠵᠦᠭ ᠮᠤᠷᠳᠠᠪᠠ᠃ ᠲᠡᠷᠡᠴᠢᠯᠡᠨ ᠠᠯᠳᠠᠨ ᠤᠯᠤᠰ ᠤᠨ ᠪᠠᠷᠠᠭᠤᠨ ᠨᠡᠶᠢᠰᠯᠡᠯ ᠰᠢᠵᠢᠩ ᠢᠶᠠᠷ ᠦᠩᠭᠡᠷᠡᠵᠤ᠂ | ᠢᠦᠢ ᠵᠧᠣ ︵ᠤᠳᠤᠬᠢ ᠱᠠᠨ ᠰᠢ ᠮᠤᠵᠢ ᠳᠤ ᠪᠤᠢ︶ ᠪᠠᠷ ᠲᠠᠮᠵᠢᠨ᠂ ᠢ ᠡᠾᠧ ᠴᠠᠶᠢᠵᠠ ︵ᠤᠳᠤᠬᠢ ᠱᠠᠨ ᠰᠢ | ᠮᠤᠵᠢ ᠳᠤ ᠪᠤᠢ︶ ᠶᠢ ᠪᠠᠶᠢᠯᠳᠤᠨ ᠡᠵᠡᠯᠡᠬᠡᠳ᠂ ᠴᠢᠨᠠᠭᠰᠢ ᠰᠠᠨ ᠴᠢᠩ ᠤᠷᠬᠢᠯ ︵ᠤᠳᠤᠬᠢ ᠱᠠᠨ ᠰᠢ ᠮᠤᠵᠢ ᠳᠤ | ᠪᠤᠢ︶ ᠢ ᠠᠪᠴᠤ᠂ ᠴᠢᠩ ᠯᠦᠩ ︵ᠤᠳᠤᠬᠢ ᠱᠠᠨ ᠰᠢ ᠮᠤᠵᠢ ᠳᠤ ᠪᠤᠢ︶ ᠪᠠᠬᠢᠯᠡᠯᠳᠡ ᠤᠶᠢᠷᠠᠳᠤᠭᠰᠠᠨ ᠳᠤ | ᠫᠢᠩᠶᠠᠩ ᠬᠤᠳᠠ ᠶᠢ ᠰᠠᠬᠢᠭᠰᠠᠨ ᠵᠠᠩᠵᠤᠨ ᠬᠤᠤ ᠲᠢᠶᠠᠨ ᠼᠦᠸᠧ ᠪᠠᠶᠢᠯᠳᠤᠷ᠎ᠠ ᠢᠷᠡᠭᠡᠳ ᠶᠡᠬᠡᠳᠡ ᠲᠠᠷᠤᠭᠳᠠᠵᠤ | ᠠᠷᠭ᠎ᠠ ᠪᠤᠰᠤ ᠪᠠᠭᠤᠵᠤ ᠥᠭᠪᠡ᠃ 8 ᠰᠠᠷ᠎ᠠ ᠳᠤ ᠬᠡᠭᠡᠨ ᠡᠳᠦᠷ ᠢᠶᠠᠷ ᠤᠳᠤᠨ ᠬᠠᠷᠠᠭᠳᠠᠭᠰᠠᠨᠠ ᠨᠢᠭᠤᠵᠤ | ᠰᠠᠭᠤᠭᠰᠠᠨ ᠡᠷᠳᠡᠮᠳᠡᠨ ᠴᠢᠶᠤᠤ ᠵᠢᠩ ᠶᠢᠨ ᠮᠤᠷᠳᠠᠵᠤ ᠤᠷᠤᠭᠰᠢᠯᠠᠬᠤ ᠳᠤ ᠠᠰᠢᠭ ᠦᠭᠡᠢ ᠬᠡᠵᠤ ᠰᠠᠨᠠᠭᠤᠯᠤᠭᠰᠠᠨ | ᠪᠠᠶᠢᠨ᠎ᠠ᠃ ᠡᠬᠦᠨ ᠳᠤ ᠮᠤᠬᠤᠯᠠᠢ᠄ ︽ᠡᠵᠡᠨ ᠬᠠᠭᠠᠨ ᠨᠠᠮᠠᠢᠢ ᠲᠤᠮᠳᠠᠳᠣ ᠣᠷᠤᠨ ᠢ ᠲᠣᠭᠳᠠᠭ᠎ᠠ ᠬᠡᠰᠡᠨ ᠶᠤᠮ᠃ | ᠡᠳᠦᠭᠡ ᠬᠠᠳᠤᠨ ᠭᠤᠤᠯ ᠤᠨ ᠤᠮᠠᠷᠠᠳᠣ ᠬᠡᠰᠡᠭ ᠢ ᠲᠣᠭᠳᠠᠭᠠᠭᠰᠠᠨ ᠪᠤᠯᠪᠠᠴᠤ ᠱᠠᠨᠰᠢ᠂ ᠡᠾᠧᠨᠡᠨ᠂ ᠭᠠᠨᠰᠤ ᠵᠡᠷᠬᠡ | ᠬᠠᠳᠣᠨ ᠭᠤᠤᠯ ᠤᠨ ᠡᠮᠦᠨᠡᠬᠢ ᠤᠯᠠᠨ ᠭᠠᠵᠠᠷ ᠢ ᠲᠣᠭᠳᠠᠭᠠᠳᠣᠢ ᠪᠠᠶᠢᠭᠰᠠᠭᠠᠷ ᠶᠤᠮ᠃ ᠬᠡᠷᠪᠡ ᠲᠡᠭᠷᠢ ᠶᠢᠨ ᠪᠠᠶᠢᠳᠠᠯ | ᠠᠴᠠ ᠴᠡᠷᠢᠭ ᠮᠤᠷᠳᠠᠬᠤ ᠦᠭᠡᠢ ᠪᠣᠯ ᠬᠠᠭᠠᠨ ᠤ ᠵᠠᠷᠯᠢᠭ ᠢ ᠬᠡᠵᠢᠶ᠎ᠡ ᠪᠡᠶᠡᠯᠡᠬᠦᠯᠬᠦ ᠪᠣᠢ︖︾ ᠭᠡᠪᠡ᠃ ᠲᠡᠭᠡᠭᠡᠳ | ᠱᠢ ᠲᠢᠶᠠᠨ ᠢᠩ ᠢᠶᠠᠷ ᠬᠦᠪᠪᠦᠬᠦ ᠬᠦᠬᠦᠷᠭᠡ ᠲᠠᠯᠪᠢᠭᠤᠯᠵᠤ᠂ ᠬᠠᠳᠤᠨ ᠭᠤᠤᠯ ᠢ ᠭᠠᠳᠤᠯᠤᠭᠠᠳ᠂ ᠲᠦᠩᠵᠧᠤ | ᠬᠤᠳᠠ ︵ᠤᠳᠤᠬᠢ ᠱᠠᠨᠰᠢ ᠮᠤᠵᠢ ᠳᠤ ᠪᠤᠢ︶ ᠶᠢ ᠪᠠᠶᠢᠯᠳᠤᠨ ᠠᠪᠴᠤ᠂ ᠴᠠᠩ ᠠᠨ ︵ᠤᠳᠤᠬᠢ ᠰᠢ ᠠᠨ︶ ᠵᠦᠭ | ᠴᠢᠭᠯᠡᠪᠡ᠃ ᠠᠯᠳᠠᠨ ᠤᠯᠤᠰ ᠤᠨ ᠵᠠᠩᠵᠤᠨ ᠸᠠᠩᠭᠢᠩ ᠬᠠᠳᠠ 20 ᠲᠦᠮᠡᠨ ᠶᠡᠭᠡ ᠴᠡᠷᠢᠭ ᠠᠪᠴᠤ ᠤᠭᠳᠤᠨ | ᠪᠠᠶᠢᠯᠳᠤᠭᠰᠠᠨ ᠪᠤᠯᠪᠠᠴᠤ ᠶᠡᠬᠡᠯ᠎ᠡ ᠲᠡᠶᠢᠯᠥᠭᠳᠡᠵᠤ ᠪᠤᠷᠤᠭᠤᠯᠠᠨ ᠲᠤᠲᠠᠭᠠᠭᠰᠠᠨ ᠪᠠᠶᠢᠨ᠎ᠠ᠃ ᠡᠭᠦᠨ ᠳᠤ ᠮᠤᠬᠤᠯᠠᠢ | ᠠᠯᠴᠢ ᠨᠤᠶᠠᠨ ᠳᠤ ᠬᠤᠩᠭᠢᠷᠠᠳ ᠠᠶᠢᠮᠠᠭ ᠤᠨ 3 ᠮᠢᠩᠭᠠᠨ ᠮᠤᠷᠢᠳᠤ ᠴᠡᠷᠢᠭ ᠢ ᠦᠭᠴᠤ᠂ ᠲᠦᠩᠭᠤᠸᠠᠨ ᠪᠤᠭᠤᠮᠳᠠ | ︵ᠤᠳᠤᠬᠢ ᠱᠠᠨᠰᠢ ᠮᠤᠵᠢ ᠳᠤ ᠪᠤᠢ︶ ᠳᠤ ᠨᠡᠪᠳᠡᠷᠡᠬᠦ ᠵᠠᠮ ᠢ ᠲᠠᠰᠤᠯᠤᠭᠤᠯᠤᠭᠰᠠᠨ ᠪᠦᠬᠡᠳ ᠪᠤᠰᠤᠳ ᠵᠠᠩᠵᠤᠨ | ᠨᠠᠷ ᠢᠶᠠᠷ ᠱᠠᠨᠰᠢ ᠶᠢᠨ ᠪᠠᠷᠠᠭᠤᠨ ᠬᠤᠶᠢᠳᠤᠬᠢ ᠤᠯᠠᠨ ᠬᠤᠳᠠ ᠪᠠᠯᠭᠠᠰᠤ ᠶᠢ ᠡᠵᠡᠯᠡᠬᠦᠯᠦᠨ᠂ ᠦᠪᠡᠷ ᠢᠶᠠᠨ ᠶᠡᠭᠡ | ᠴᠡᠷᠢᠭ ᠢ ᠵᠠᠬᠢᠷᠴᠤ ᠪᠠᠷᠠᠭᠤᠨᠰᠢ ᠹᠧᠩᠰᠢᠶᠠᠩ ᠢ ᠪᠠᠶᠢᠯᠳᠤᠬᠤ ᠪᠠᠷ ᠮᠤᠷᠳᠠᠵᠠᠢ᠃ ᠮᠤᠬᠤᠯᠠᠢ ᠲᠤᠰ ᠬᠤᠳ᠋᠊ ᠶᠢ ᠪᠦᠰᠡᠯᠡᠨ | ᠠᠪᠤᠭᠠᠳ ᠰᠠᠷ᠎ᠠ ᠭᠠᠷᠤᠢ ᠬᠦᠴᠦᠯᠡᠨ ᠪᠠᠶᠢᠯᠳᠤᠭᠰᠠᠨ ᠪᠤᠯᠪᠠᠴᠤ ᠡᠵᠡᠯᠡᠨ ᠴᠢᠳᠠᠭᠰᠠᠨ ᠦᠭᠡᠢ ᠪᠤᠯᠬᠤᠷ ᠲᠤᠤᠷᠠᠬᠢ | ᠵᠠᠩᠵᠤᠨ ᠨᠠᠷ ᠲᠠᠭᠠᠨ᠄ ︽ᠮᠢᠨᠤ ᠪᠡᠶ᠎ᠡ ᠲᠤᠰᠬᠠᠶᠢᠯᠠᠨ ᠲᠠᠶᠢᠯᠠᠬᠤ ᠵᠠᠷᠯᠢᠭ ᠢ ᠬᠦᠯᠶᠡᠵᠤ᠂ ᠬᠡᠳᠦᠨ ᠵᠢᠯ ᠤᠨ ᠲᠤᠳᠤᠷ᠎ᠠ | ᠯᠢᠶᠤᠤᠳᠦ᠋ᠩ᠂ ᠯᠢᠶᠤᠤᠰᠢ᠂ ᠱᠠᠨᠳᠦ᠋ᠩ᠂ ᠡᠾᠧᠪᠧᠢ ᠶᠢ ᠬᠢᠯᠪᠠᠷᠬᠠᠨ ᠢᠶᠠᠷ ᠤᠷᠤᠭᠤᠯᠤᠨ ᠠᠪᠤᠭᠰᠠᠨ ᠪᠤᠯᠪᠠᠴᠤ᠂ | ᠠᠩᠬ᠎ᠠ ᠲᠢᠶᠠᠨᠫᠢᠩ᠂ ᠶᠠᠨ ᠠᠨ ᠢ ᠪᠠᠶᠢᠯᠳᠤᠵᠤ᠂ ᠡᠳᠦᠶᠢᠬᠡᠨ ᠹᠧᠩᠰᠢᠶᠠᠩ ᠢ ᠪᠦᠰᠡᠯᠡᠬᠡᠳ ᠪᠦᠷ ᠡᠰᠡ ᠡᠪᠳᠡᠵᠤ | ᠴᠢᠳᠠᠭᠰᠠᠨ ᠲᠤᠯᠠ ᠠᠮᠢ ᠨᠠᠰᠤ ᠮᠢᠨᠢ ᠡᠴᠦᠰᠯᠡᠬᠦ ᠤᠶᠢᠷᠠᠳᠤᠭᠰᠠᠨ ᠪᠤᠯᠪᠠᠤ︖︾ ᠬᠡᠳ ᠸᠧᠢ ᠱᠦᠢ ᠮᠦᠷᠡᠨ ᠤ | ᠬᠦᠪᠡᠭᠡ ᠳᠤ ᠪᠠᠭᠤᠳᠠᠯᠯᠠᠪᠠ᠃ ᠮᠤᠩᠭᠤᠯ ᠪᠤᠬ᠎ᠠ ᠮᠤᠬᠤᠯᠠᠢ ᠶᠢᠨ ᠵᠠᠷᠯᠢᠭ ᠢᠶᠠᠷ ᠡᠮᠦᠨᠡᠰᠢᠯᠡᠵᠤ᠂ ᠡᠮᠦᠨᠡᠳᠣ ᠰᠦᠩ | ᠣᠯᠣᠰ ᠤᠨ ᠬᠢᠯᠢ ᠳᠤ ᠬᠦᠷᠦᠭᠡᠳ ᠪᠤᠴᠠᠵᠤ ᠢᠷᠡᠵᠡᠢ᠃ 1233 ᠣᠨ ᠳᠤ ᠴᠠᠭᠠᠨ ᠰᠠᠷ᠎ᠠ ᠳᠤ ᠮᠤᠬᠤᠯᠠᠢ ᠶᠡᠭᠡ | ᠴᠡᠷᠢᠭ ᠢᠶᠠᠨ ᠬᠤᠷᠢᠶᠠᠨ ᠬᠠᠳᠤᠨ ᠭᠤᠤᠯ ᠤᠨ ᠬᠦᠪᠡᠬᠡᠨ᠎ᠡ ᠬᠦᠷᠴᠤ ᠢᠷᠡᠬᠡᠳ ᠠᠷᠪᠠ ᠭᠠᠷᠤᠢ ᠪᠠᠬᠢᠯᠡᠯᠳᠡ | ᠴᠠᠶᠢᠵᠠ ᠶᠢ ᠪᠠᠶᠢᠯᠳᠤᠨ ᠡᠵᠡᠯᠡᠪᠡ᠃ 3 ᠰᠠᠷ᠎ᠠ ᠳᠤᠨᠢ ᠮᠤᠬᠤᠯᠠᠢ ᠬᠠᠳᠤᠨ ᠭᠤᠤᠯ ᠢ ᠬᠡᠳᠦᠯᠵᠤ᠂ ᠤᠳᠤᠬᠢ ᠱᠠᠨᠰᠢ | ᠮᠤᠵᠢ ᠶᠢᠨ ᠸᠧᠨᠰᠢ ᠰᠢᠶᠠᠨ ᠤ ᠰᠢᠶᠠᠮᠠ ᠲᠤᠰᠬᠤᠨ ᠳᠤ ᠢᠷᠡᠬᠡᠳ ᠬᠦᠨᠳᠤ ᠡᠪᠡᠳᠴᠢᠯᠡᠨ᠂ ᠲᠡᠭᠦᠦ ᠲᠠᠶᠢᠰᠦ᠋ᠩ ᠢᠶᠠᠨ | ᠲᠠᠭᠤᠳᠠᠵᠤ᠄ ︽ᠪᠢ ᠤᠯᠤᠰ ᠬᠦᠷᠦᠨ ᠤ ᠲᠦᠯᠦᠬᠡ ᠬᠤᠶᠠᠭᠯᠠᠨ ᠴᠡᠷᠢᠭ᠌ᠯᠡᠵᠤ᠂ 40 ᠵᠢᠯ ᠵᠡᠬᠦᠨᠰᠢ ᠪᠠᠶᠢᠯᠳᠤᠨ | ᠪᠠᠷᠠᠭᠤᠨᠰᠢ ᠲᠠᠶᠢᠯᠠᠭᠠᠳ᠂ ᠶᠡᠭᠡ ᠦᠢᠯᠡᠰ ᠢ ᠲᠤᠰᠠᠯᠠᠨ ᠪᠦᠳᠦᠬᠡᠪᠡ᠃ ᠭᠠᠭᠴᠠ ᠬᠦ ᠠᠯᠳᠠᠨ ᠤᠯᠤᠰ ᠤᠨ ᠨᠡᠶᠢᠰᠯᠡᠯ | ᠪᠢᠶᠠᠨᠵᠢᠩ ᠬᠤᠳᠠ ︵ᠤᠳᠤᠬᠢ ᠡᠾᠧᠨᠠᠨ ᠮᠤᠵᠢ ᠶᠢᠨ ᠺᠠᠶᠢᠹᠧᠩ ᠬᠤᠳᠠ︶ ᠶᠢ ᠡᠪᠳᠡᠵᠤ ᠡᠰᠡ ᠴᠢᠳᠠᠭᠰᠠᠨ ᠳᠠᠭᠠᠨ | ᠬᠠᠷᠠᠮᠰᠠᠨᠠᠮ᠃ ᠴᠢ ᠪᠠᠶᠢᠯᠳᠤᠨ ᠠᠪᠬᠤ ᠶᠢ ᠬᠢᠴᠢᠶᠡᠭᠳᠦᠨ︕︾ ᠬᠡᠵᠤ ᠬᠡᠷᠢᠶᠡᠰᠦᠯᠡᠬᠡᠳ 54 ᠲᠠᠢ ᠳᠡᠭᠡᠨ ᠨᠠᠰᠤ | ᠨᠦᠭᠴᠢᠵᠠᠢ᠃ ᠮᠤᠬᠤᠯᠠᠢ ᠪᠣᠯ ᠴᠢᠩᠭᠢᠰ ᠬᠠᠭᠠᠨ ᠤ ᠬᠠᠮᠤᠭ ᠤᠨ ᠢᠳᠡᠬᠡᠯᠳᠣ ᠵᠠᠩᠵᠤᠨ ᠪᠤᠯᠬᠤ ᠶᠤᠮ᠃ ᠡᠶᠢᠮᠤ | ᠠᠴᠠ ᠲᠡᠬᠦᠨ ᠢ ᠨᠠᠰᠤ ᠨᠦᠭᠴᠢᠭᠰᠡᠨ ᠤ ᠲᠠᠷᠠᠭ᠎ᠠ᠂ ᠴᠢᠩᠭᠢᠰ ᠬᠠᠭᠠᠨ ᠦᠪᠡᠷᠦᠨ ᠪᠡᠶ᠎ᠡ ᠪᠠᠷ ᠹᠧᠩ ᠯᠢᠩ ︵ᠤᠳᠤᠬᠢ | ᠭᠠᠨᠰᠤ ᠮᠤᠵᠢ ᠳᠤ ᠪᠤᠢ︶ ᠢ ᠪᠠᠶᠢᠯᠳᠤᠷ᠎ᠠ ᠢᠷᠡᠬᠡᠳ᠄ ︽ᠮᠤᠬᠤᠯᠠᠢ ᠪᠠᠶᠢᠭᠰᠠᠨ ᠪᠣᠯ ᠪᠢ ᠠᠳᠡ ᠶᠠᠭᠤ ᠬᠢᠬᠦ ᠪᠠᠷ | ᠢᠷᠡᠬᠦ ᠪᠢᠯᠡ︖︾ ᠬᠡᠵᠤ ᠰᠡᠭᠦᠷᠡᠰᠦ ᠠᠯᠳᠠᠨ ᠬᠡᠯᠡᠭᠰᠡᠨ ᠪᠠᠶᠢᠵᠠᠢ᠃ |