ᠵᠠᠩ ᠶᠢᠨ ᠮᠢᠩ ᠨᠦᠬᠦᠷ  ᠤᠨ ᠶᠠᠷᠢᠶ᠎ᠠ
ᠨᠡᠶᠢᠲᠡᠯᠡᠭᠰᠡᠨ ᠴᠠᠭ᠄
2017/10/11
  ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠨᠢᠭᠡᠳᠤᠯᠲᠠᠢ  ᠪᠠᠶᠢᠷᠢᠯᠠᠭᠤᠯᠤᠯᠲᠠ ᠶᠤᠰᠤᠭᠠᠷ᠂ ᠦᠨᠤ ᠵᠢᠯ  ᠤᠨ 9 ᠰᠠᠷ᠎ᠠ  ᠠᠴᠠ ᠢᠷᠡᠬᠦ ᠵᠢᠯ  ᠤᠨ 1 ᠰᠠᠷ᠎ᠠ ᠬᠦᠷᠲᠡᠯ᠎ᠡ  ᠬᠤᠲᠠ᠂ ᠰᠤᠮᠤ ᠪᠠᠯᠭᠠᠰᠤᠨ  ᠤ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ ᠬᠤᠲᠠ  ᠶᠢᠨ ᠤᠯᠤᠰ ᠲᠦᠷᠤ  ᠶᠢᠨ ᠵᠦᠪᠯᠡᠯᠭᠡᠨ  ᠤ ᠬᠤᠭᠤᠴᠠᠭ᠎ᠠ ᠰᠤᠯᠢᠬᠤ ᠠᠵᠢᠯ  ᠲᠤᠤᠷ᠎ᠠ  ᠎ ᠠᠴᠠ ᠲᠡᠭᠡᠭᠰᠢ  ᠪᠠᠨ ᠶᠠᠪᠤᠭᠳᠠᠬᠤ ᠪᠤᠯᠤᠨ᠎ᠠ᠂ ᠡᠨᠡ ᠪᠤᠯ ᠨᠢᠳᠤᠨᠤᠨ  ᠤ ᠬᠤᠲᠠ᠂ ᠰᠤᠮᠤ ᠪᠠᠯᠭᠠᠰᠤᠨ  ᠤ ᠨᠠᠮ  ᠤᠨ ᠬᠤᠷᠢᠶ᠎ᠠ ᠬᠤᠭᠤᠴᠠᠭ᠎ᠠ ᠰᠤᠯᠢᠭᠰᠡᠨ  ᠤ  ᠲᠠᠷᠠᠭᠠᠬᠢ ᠪᠦᠬᠦ ᠬᠤᠲᠠ  ᠶᠢᠨ ᠤᠯᠤᠰ ᠲᠦᠷᠤ  ᠶᠢᠨ ᠠᠮᠢᠳᠤᠷᠠᠯ  ᠤᠨ ᠲᠤᠮᠳᠠᠬᠢ ᠪᠠᠰᠡ ᠨᠢᠭᠡᠨ ᠶᠡᠭᠡ ᠶᠠᠪᠤᠳᠠᠯ  ᠶᠤᠮ᠃ ᠬᠤᠲᠠ  ᠶᠢᠨ ᠨᠠᠮ  ᠤᠨ ᠬᠤᠷᠢᠶ᠎ᠠ ᠲᠤᠰ ᠤᠳᠠᠭᠠᠨ  ᠤ ᠬᠤᠷᠠᠯ  ᠢ ᠬᠤᠷᠠᠯᠳᠤᠭᠤᠯᠵᠤ  ᠂ ᠭᠤᠤᠯ ᠡᠭᠦᠷᠬᠡ ᠨᠢ ᠶᠡᠷᠤᠩᠬᠡᠢ ᠱᠦᠵᠢ ᠰᠢ ᠶᠢᠨ ᠫᠢᠡᠭ  ᠤᠨ ᠰᠢᠷᠢᠰ ᠴᠢᠬᠤᠯᠨ  ᠶᠠᠷᠢᠶᠠᠨ  ᠤ ᠵᠤᠷᠢᠭ ᠰᠠᠨᠠᠭ᠎ᠠ ᠪᠤᠯᠤᠨ ᠬᠤᠭᠤᠴᠠᠭ᠎ᠠ ᠰᠤᠯᠢᠬᠤ ᠠᠵᠢᠯ  ᠤᠨ ᠲᠤᠬᠠᠢ ᠴᠢᠬᠤᠯᠨ ᠵᠢᠭᠠᠪᠤᠷᠢ  ᠶᠢᠨ ᠵᠤᠷᠢᠭ ᠰᠠᠨᠠᠭ᠎ᠠ  ᠶᠢ ᠬᠦᠨᠵᠡᠭᠡᠢ ᠲᠤᠤᠱᠯᠠᠭᠤᠯᠤᠨ ᠰᠤᠷᠤᠯᠴᠠᠵᠤ᠂ ᠦᠪᠡᠷᠲᠡᠭᠡᠨ ᠵᠠᠰᠠᠬᠤ ᠤᠷᠤᠨ ᠎ ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠬᠤᠭᠤᠴᠠᠭ᠎ᠠ ᠰᠤᠯᠢᠬᠤ ᠠᠵᠢᠯ  ᠤᠨ ᠲᠤᠬᠠᠢ ᠲᠦᠷᠤ  ᠶᠢᠨ ᠪᠤᠳᠤᠯᠭ᠎ᠠ  ᠶᠢᠨ ᠱᠠᠭᠠᠷᠳᠠᠯᠭ᠎ᠠ  ᠶᠢ ᠪᠦᠬᠦ ᠲᠠᠯ᠎ᠠ  ᠪᠠᠷ ᠨᠠᠶᠢᠳᠠᠪᠤᠷᠢᠵᠢᠭᠤᠯᠤᠨ᠂ ᠬᠤᠲᠠ᠂ ᠰᠤᠮᠤ ᠪᠠᠯᠭᠠᠰᠤᠨ  ᠤ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ ᠬᠤᠲᠠ  ᠶᠢᠨ ᠤᠯᠤᠰ ᠲᠦᠷᠤ  ᠶᠢᠨ ᠵᠦᠪᠯᠡᠯᠭᠡᠨ  ᠤ ᠬᠤᠭᠤᠴᠠᠭ᠎ᠠ ᠰᠤᠯᠢᠬᠤ ᠠᠵᠢᠯ  ᠎ ᠢ ᠪᠠᠶᠢᠷᠢᠯᠠᠭᠤᠯᠤᠨ᠎ᠠ᠃ ᠳ᠋ᠦ᠋ ᠵᠢᠶᠧ᠂ ᠬᠦᠸᠧ ᠵᠢᠩ  ᠵᠢᠶᠤᠸᠡᠨ᠂ ᠵᠤᠤ ᠬᠦᠸᠧ ᠵᠤ᠋᠂ ᠯᠢ ᠸᠠᠨ ᠬᠦᠸᠧ᠂ ᠰᠢᠦᠢ ᠬᠦᠢ ᠢᠡᠭ 5 ᠨᠦᠬᠦᠳ ᠬᠤᠭᠤᠴᠠᠭ᠎ᠠ ᠰᠤᠯᠢᠬᠤ ᠠᠵᠢᠯ  ᠎ ᠢ ᠰᠠᠶᠢᠲᠤᠷ ᠬᠢᠬᠦ ᠲᠤᠬᠠᠢ ᠪᠤᠲᠠᠲᠠᠢ ᠪᠠᠶᠢᠷᠢᠯᠠᠭᠤᠯᠤᠯᠲᠠ  ᠬᠢᠨ᠎ᠠ᠂  ᠤᠯᠡᠨ ᠨᠠᠷ  ᠢᠶᠠᠨ ᠬᠢᠨᠠᠮᠠᠭᠠᠢ ᠰᠤᠷᠤᠯᠴᠠᠨ ᠦᠢᠯᠠᠭᠠᠵᠤ᠂ ᠨᠠᠶᠢᠳᠠᠪᠤᠷᠢᠵᠢᠭᠤᠯᠤᠯᠲᠠ  ᠶᠢ ᠪᠦᠬᠦ ᠲᠠᠯ᠎ᠠ  ᠪᠠᠷ ᠰᠠᠶᠢᠲᠤᠷ ᠠᠳᠬᠤᠬᠤ ᠬᠡᠷᠡᠭᠲᠠᠢ᠃  ᠲᠤᠤᠷ᠎ᠠ᠂ ᠪᠢ ᠲᠦᠷᠪᠡᠨ  ᠲᠠᠯ᠎ᠠ  ᠶᠢᠨ ᠰᠠᠨᠠᠯ ᠶᠠᠷᠢᠶ᠎ᠠ᠃ ᠨᠢᠭᠡ᠂ ᠤᠯᠤᠰ ᠲᠦᠷᠤ  ᠶᠢᠨ ᠬᠠᠷᠢᠭᠤᠴᠠᠯᠭ᠎ᠠ  ᠶᠢ ᠴᠢᠩᠭᠠᠳᠬᠠᠨ᠂ ᠤᠯᠤᠰ ᠲᠦᠷᠤ  ᠶᠢᠨ ᠵᠤᠭᠰᠤᠴᠠ  ᠪᠠᠨ ᠲᠡᠭᠡᠭᠰᠢᠯᠡᠭᠦᠯᠵᠤ᠂ ᠬᠤᠭᠤᠴᠠᠭ᠎ᠠ ᠰᠤᠯᠢᠬᠤ ᠠᠵᠢᠯ  ᠎ ᠢ ᠰᠠᠶᠢᠲᠤᠷ ᠬᠢᠬᠦ  ᠎ ᠶᠢᠨ ᠴᠢᠬᠤᠯᠨ ᠠᠴᠢ ᠬᠤᠯᠪᠤᠭᠳᠠᠯ  ᠢ ᠬᠦᠢᠴᠡᠳ ᠲᠠᠨᠢᠬᠤ ᠬᠡᠷᠡᠭᠲᠠᠢ ᠨᠠᠮ  ᠤᠨ ᠲᠦᠪ ᠬᠤᠷᠢᠶ᠎ᠠ ᠬᠤᠭᠤᠴᠠᠭ᠎ᠠ ᠰᠤᠯᠢᠬᠤ ᠠᠵᠢᠯ  ᠎ ᠢ  ᠲᠡᠭᠡᠳᠤ ᠬᠡᠮᠵᠢᠶ᠎ᠠ  ᠪᠠᠷ ᠬᠦᠨᠳᠤᠳᠬᠡᠨ᠂ ᠶᠡᠷᠤᠩᠬᠡᠢ ᠱᠦᠵᠢ ᠰᠢ ᠶᠢᠨ ᠫᠢᠡᠭ   ᠬᠤᠭᠤᠴᠠᠭ᠎ᠠ ᠰᠤᠯᠢᠬᠤ ᠠᠵᠢᠯ  ᠤᠨ ᠲᠤᠬᠠᠢ  ᠤᠯᠡᠨ ᠣᠳᠠᠭ᠎ᠠ ᠴᠢᠬᠤᠯᠨ ᠵᠢᠭᠠᠪᠤᠷᠢ  ᠭᠠᠷᠭᠠᠵᠤ᠂ ᠪᠦᠬᠦ ᠲᠠᠯ᠎ᠠ ᠪᠠ ᠪᠠᠶᠢᠯᠳᠤᠬᠤ ᠪᠤᠳᠤᠯᠭ᠎ᠠ  ᠶᠢᠨ ᠦᠨᠳᠤᠷᠴᠡ  ᠠᠴᠠ ᠬᠤᠭᠤᠴᠠᠭ᠎ᠠ ᠰᠤᠯᠢᠬᠤ ᠠᠵᠢᠯ  ᠎ ᠤᠨ ᠴᠢᠬᠤᠯᠨ ᠠᠴᠢ ᠬᠤᠯᠪᠤᠭᠳᠠᠯ᠂ ᠴᠢᠬᠤᠯᠨ ᠵᠠᠷᠴᠢᠮ ᠪᠠ  ᠭᠤᠤᠯ ᠡᠭᠦᠷᠭᠡ  ᠶᠢ ᠬᠦᠨᠵᠡᠭᠡᠢ  ᠲᠠᠶᠢᠯᠪᠤᠷᠢᠯᠠᠵᠤ  ᠂  ᠬᠤᠭᠤᠴᠠᠭ᠎ᠠ ᠰᠤᠯᠢᠬᠤ ᠠᠵᠢᠯ ᠳᠤ ᠦᠨᠳᠤᠰᠤᠨ ᠵᠢᠷᠤᠮᠯᠠᠯ ᠬᠠᠩᠭᠠᠭᠰᠡᠨ ᠪᠠᠶᠢᠨ᠎ᠠ᠃ 8 ᠰᠠᠷ᠎ᠠ ᠎ ᠶᠢᠨ 18 ᠎ ᠤ ᠡᠳᠤᠷ  ᠠᠴᠠ 19 ᠎ ᠤ ᠡᠳᠤᠷ ᠬᠦᠷᠲᠡᠯ᠎ᠡ ᠨᠡᠮ  ᠤᠨ ᠲᠦᠪ ᠬᠤᠷᠢᠶ᠎ᠠ  ᠠᠴᠠ ᠮᠤᠵᠢ ᠦᠪᠡᠷᠲᠡᠭᠡᠨ ᠵᠠᠰᠠᠬᠤ ᠤᠷᠤᠨ ᠬᠤᠲᠠ  ᠶᠢᠨ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ  ᠤᠯᠤᠰ ᠲᠦᠷᠤ  ᠶᠢᠨ ᠵᠦᠪᠯᠡᠯᠭᠡᠨ  ᠤ ᠬᠤᠭᠤᠴᠠᠭ᠎ᠠ ᠰᠤᠯᠢᠬᠤ ᠠᠵᠢᠯ  ᠤᠨ ᠬᠤᠷᠠᠯ ᠬᠤᠷᠠᠯᠳᠤᠭᠤᠯᠤᠨ᠂ ᠬᠤᠭᠤᠴᠠᠭ᠎ᠠ ᠰᠤᠯᠢᠬᠤ ᠠᠵᠢᠯ ᠳᠤ ᠪᠦᠬᠦ ᠲᠠᠯ᠎ᠠ  ᠶᠢᠨ ᠪᠠᠶᠢᠷᠢᠯᠠᠭᠤᠯᠤᠯᠲᠠ ᠬᠢᠵᠤ᠂ ᠲᠤᠲᠤᠷᠬᠠᠢ ᠱᠠᠭᠠᠷᠳᠠᠯᠭ᠎ᠠ ᠲᠤᠷᠠᠳᠤᠪᠠ᠃ 8 ᠰᠠᠷ᠎ᠠ  ᠶᠢᠨ 25᠎ ᠤ ᠡᠳᠤᠷ  ᠠᠴᠠ 9 ᠰᠠᠷ᠎ᠠ  ᠶᠢᠨ 1 ᠎ ᠤ ᠡᠳᠤᠷ ᠬᠦᠷᠲᠡᠯ᠎ᠡ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶ᠎ᠠ ᠤᠷᠢᠳ ᠬᠤᠵᠢᠳ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ  ᠤᠯᠤᠰ ᠲᠦᠷᠤ  ᠶᠢᠨ ᠵᠦᠪᠯᠡᠯᠭᠡᠨ  ᠤ  ᠤᠳᠤᠷᠢᠳᠬᠤ ᠪᠠᠭ  ᠤᠨ ᠬᠤᠭᠤᠴᠠᠭ᠎ᠠ ᠰᠤᠯᠢᠬᠤ ᠠᠵᠢᠯ  ᠤᠨ ᠰᠠᠭᠤᠳᠠᠯ  ᠤᠨ ᠬᠤᠷᠠᠯ ᠬᠤᠷᠠᠯᠳᠤᠭᠤᠯᠤᠨ᠂ ᠬᠤᠭᠤᠴᠠᠭ᠎ᠠ ᠰᠤᠯᠢᠬᠤ ᠠᠵᠢᠯ  ᠢ ᠰᠠᠶᠢᠲᠤᠷ ᠬᠢᠬᠦ ᠳᠤ  ᠬᠦᠴᠤᠲᠠᠢ ᠵᠢᠯᠤᠭᠤᠳᠤᠯᠭ᠎ᠠ ᠬᠠᠩᠭᠠᠪᠠ᠃ ᠪᠦᠬᠦ ᠬᠤᠲᠠ ᠎ ᠶᠢᠨ ᠡᠯ᠎ᠡ ᠱᠠᠲᠤᠨ  ᠤ ᠨᠠᠮ  ᠤᠨ ᠵᠤᠬᠢᠶᠠᠨ ᠪᠠᠶᠢᠭᠤᠯᠤᠯᠲᠠ  ᠬᠤᠭᠤᠴᠠᠭ᠎ᠠ ᠰᠤᠯᠢᠬᠤ ᠠᠵᠢᠯ  ᠎ ᠤᠨ  ᠴᠢᠬᠤᠯᠨ ᠠᠴᠢ ᠬᠤᠯᠪᠤᠭᠳᠠᠯ  ᠎ ᠤᠨ ᠲᠤᠬᠠᠢ ᠡᠷᠬᠡᠪᠰᠢ ᠬᠦᠢᠴᠡᠳ ᠲᠠᠨᠢᠯᠲᠠ ᠲᠠᠢ ᠪᠠᠶᠢᠵᠤ᠂ ︽ᠲᠦᠷᠪᠡᠨ  ᠤᠬᠠᠮᠰᠠᠷ︾ ᠎ ᠢ ᠦᠨᠡᠨᠬᠦ ᠴᠢᠩᠭᠠᠳᠬᠠᠨ᠂ ᠦᠵᠡᠯ ᠰᠠᠨᠠᠭ᠎ᠠ ᠪᠤᠯᠤᠨ ᠦᠢᠯᠨ ᠠᠵᠢᠯᠯᠠᠭ᠎ᠠ  ᠎ ᠪᠠᠨ ᠤᠬᠠᠮᠰᠠᠷ  ᠠᠴᠠ  ᠪᠠᠨ ᠨᠠᠮ  ᠤᠨ ᠲᠦᠪ ᠬᠤᠷᠢᠶᠠᠨ  ᠤ ᠰᠢᠢᠳᠪᠤᠷᠢ ᠪᠠᠶᠢᠷᠢᠯᠠᠭᠤᠯᠤᠯᠲᠠ ᠲᠡᠭᠡᠷ᠎ᠡ  ᠨᠢᠭᠡᠳᠤᠭᠦᠯᠵᠤ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ  ᠪᠠᠶᠢᠷᠢᠯᠠᠭᠤᠯᠤᠯᠲᠠ ᠱᠠᠭᠠᠷᠳᠠᠯᠭ᠎ᠠ  ᠶᠢ  ᠬᠢᠨᠠᠮᠠᠭᠠᠢ  ᠨᠠᠶᠢᠳᠠᠪᠤᠷᠢᠵᠢᠭᠤᠯᠵᠤ᠂ ᠤᠯᠤᠰ ᠲᠦᠷᠤ  ᠶᠢᠨ ᠵᠤᠭᠰᠤᠴᠠ  ᠪᠠᠨ ᠲᠡᠭᠡᠭᠰᠢᠯᠡᠬᠦᠯᠤᠨ᠂ ᠲᠡᠭᠡᠲᠤ ᠬᠡᠮᠵᠢᠶᠡᠨ  ᠤ ᠤᠯᠤᠰ ᠲᠦᠷᠤ  ᠶᠢᠨ ᠬᠠᠷᠢᠭᠤᠴᠠᠯᠭᠠᠲᠤ  ᠰᠡᠳᠬᠢᠯᠭᠡ ᠪᠠ  ᠲᠠᠤᠬᠡᠲᠤ ᠬᠠᠷᠢᠭᠤᠴᠠᠯᠭᠠᠲᠤ  ᠰᠡᠳᠬᠢᠯᠭᠡ  ᠪᠠᠷ ᠬᠤᠭᠤᠴᠠᠭ᠎ᠠ ᠰᠤᠯᠢᠬᠤ ᠠᠵᠢᠯ  ᠢ ᠰᠠᠶᠢᠲᠤᠷ ᠬᠢᠨ᠎ᠠ᠃ ᠨᠢᠭᠡᠳᠤᠭᠡᠷ ᠲᠤ᠂ ᠬᠤᠭᠤᠴᠠᠭ᠎ᠠ ᠰᠤᠯᠢᠬᠤ ᠠᠵᠢᠯ  ᠢ ᠰᠠᠶᠢᠲᠤᠷ ᠬᠢᠬᠦ ᠪᠤᠯ ᠲᠤᠭ ᠲᠡᠮᠳᠡᠭ ᠲᠤᠲᠤᠷᠬᠠᠢ  ᠪᠠᠷ ᠤᠯᠤᠰ  ᠲᠦᠷᠤ  ᠶᠢ ᠡᠷᠬᠢᠮᠯᠡᠬᠦ᠂ ᠨᠠᠮ  ᠤᠨ ᠲᠦᠪ ᠬᠤᠷᠢᠶᠠᠨ  ᠤ ᠡᠷᠬᠡ ᠰᠦᠷ  ᠪᠠ  ᠲᠦᠪᠯᠡᠷᠡᠩᠬᠦᠢ ᠨᠢᠭᠡᠳᠤᠯᠲᠠᠢ ᠤᠳᠤᠷᠢᠳᠤᠯᠭ᠎ᠠ  ᠶᠢ  ᠡᠷᠡᠰ  ᠬᠠᠮᠠᠭᠠᠯᠠᠵᠤ ᠪᠠᠶᠢᠭ᠎ᠠ ᠴᠢᠬᠤᠯᠨ ᠢᠯᠡᠷᠡᠯ᠃ ᠲᠤᠭ ᠲᠡᠮᠳᠡᠭ ᠲᠤᠲᠤᠷᠬᠠᠢ  ᠪᠠᠷ ᠤᠯᠤᠰ  ᠲᠦᠷᠤ  ᠶᠢ ᠡᠷᠬᠢᠮᠯᠡᠬᠦ ᠪᠤᠯ ᠮᠠᠷᠺᠠᠰ  ᠤᠨ ᠦᠵᠡᠯ  ᠤᠨ ᠲᠦᠷᠤ  ᠶᠢᠨ ᠨᠠᠮ  ᠤᠨ ᠦᠨᠳᠤᠰᠤᠨ ᠱᠠᠭᠠᠷᠳᠠᠯᠭ᠎ᠠ᠂ ᠮᠠᠨ  ᠤ ᠨᠠᠮ  ᠤᠨ ᠺᠠᠯᠼ ᠨᠦᠬᠦᠪᠤᠷᠢᠯᠡᠵᠤ ᠶᠠᠰᠤ  ᠪᠠᠨ  ᠬᠠᠲᠠᠵᠢᠭᠤᠯᠬᠤ ᠪᠠ ᠲᠤᠰ  ᠪᠡᠶ᠎ᠡ  ᠪᠠᠨ  ᠬᠦᠴᠤᠷᠬᠡᠭᠵᠢᠬᠦᠯᠬᠦ  ᠶᠢᠨ ᠦᠨᠳᠤᠰᠤᠨ ᠪᠠᠲᠤᠯᠠᠭ᠎ᠠ᠂  ᠮᠦᠨᠴᠤ ᠮᠠᠨ  ᠎ ᠤ  ᠨᠠᠮ  ᠦᠪᠡᠷ  ᠢ ᠪᠠᠨ ᠦᠭᠡᠷᠡᠴᠢᠯᠡᠵᠤ ᠰᠠᠶᠢᠵᠢᠷᠠᠭᠤᠯᠬᠤ ᠵᠤᠷᠢᠭ ᠲᠠᠢ ᠪᠤᠯᠭᠠᠵᠤ᠂  ᠦᠪᠡᠷ  ᠢ ᠪᠠᠨ ᠠᠷᠢᠭᠤᠳᠬᠠᠨ ᠴᠡᠪᠡᠷᠰᠢᠬᠦᠯᠬᠦ ᠴᠢᠳᠠᠪᠤᠷᠢ  ᠶᠢ ᠴᠢᠩᠭᠠᠳᠬᠠᠬᠤ ᠦᠨᠳᠤᠰᠤᠨ ᠠᠷᠭ᠎ᠠ ᠵᠠᠮ ᠮᠦᠨ᠃ ᠰᠢ ᠶᠢᠨ ᠫᠢᠡᠭ ᠶᠡᠷᠤᠩᠬᠡᠢ ᠱᠦᠵᠢ  ︽7.26︾ ᠎ ᠤ ᠴᠢᠬᠤᠯᠨ ᠶᠠᠷᠢᠶᠠᠨ ᠳᠠᠭᠠᠨ ᠨᠠᠮ ᠪᠤᠯᠤᠨ ᠤᠯᠤᠰ  ᠤᠨ ᠪᠦᠬᠦ ᠲᠠᠯ᠎ᠠ  ᠶᠢᠨ ᠦᠨᠳᠤᠷᠴᠡ  ᠠᠴᠠ ᠲᠤᠭ ᠲᠡᠮᠳᠡᠭ ᠲᠤᠲᠤᠷᠬᠠᠢ  ᠪᠠᠷ ᠤᠯᠤᠰ  ᠲᠦᠷᠤ  ᠶᠢ ᠡᠷᠬᠢᠮᠯᠡᠬᠦ  ᠎ ᠳᠤ ᠬᠦᠨᠵᠡᠭᠡᠢ ᠲᠤᠲᠤᠷᠬᠠᠶᠢᠯᠠᠯᠲᠠ ᠬᠢᠵᠤ᠂ ᠪᠦᠬᠦ ᠲᠠᠯ᠎ᠠ  ᠪᠠᠷ ᠨᠠᠮ  ᠢ ᠴᠢᠩᠭ᠎ᠠ ᠵᠠᠰᠠᠬᠤ  ᠎ ᠳᠤ ᠴᠢᠬᠤᠯᠨ ᠦᠨᠳᠤᠰᠤᠯᠡᠯ  ᠬᠠᠩᠭᠠᠪᠠ᠃ ᠲᠤᠭ ᠲᠡᠮᠳᠡᠭ ᠲᠤᠲᠤᠷᠬᠠᠢ  ᠪᠠᠷ ᠤᠯᠤᠰ  ᠲᠦᠷᠤ  ᠶᠢ ᠡᠷᠬᠢᠮᠯᠡᠬᠦ  ᠎ ᠳᠤ ᠬᠠᠮᠤᠭ ᠦᠨᠳᠤᠰᠤ ᠨᠢ ᠤᠯᠤᠰ ᠲᠦᠷᠤ  ᠶᠢᠨ ᠤᠬᠠᠮᠰᠠᠷ᠂  ᠶᠡᠭᠡ ᠲᠠᠯ᠎ᠠ  ᠶᠢᠨ ᠤᠬᠠᠮᠰᠠᠷ᠂ ᠭᠤᠤᠯ ᠴᠤᠭᠴᠠ  ᠶᠢᠨ ᠤᠬᠠᠮᠰᠠᠷ᠂ ᠨᠢᠭᠡᠳᠤᠯᠲᠠᠢ ᠪᠠᠶᠢᠬᠤ ᠤᠬᠠᠮᠰᠠᠷ  ᠢ ᠪᠠᠲᠤ ᠪᠤᠯᠭᠠᠬᠤ ᠳᠤ ᠪᠤᠢ᠂ ᠬᠠᠮᠤᠭ ᠴᠢᠬᠤᠯᠨ ᠨᠢ ᠨᠠᠮ  ᠤᠨ ᠲᠦᠪ ᠬᠤᠷᠢᠶᠠᠨ  ᠎ ᠤ ᠡᠷᠬᠡ ᠰᠦᠷ ᠪᠠ ᠲᠦᠪᠯᠡᠷᠡᠩᠬᠦᠢ ᠨᠢᠭᠡᠳᠤᠯᠲᠠᠢ ᠤᠳᠤᠷᠢᠳᠤᠯᠭ᠎ᠠ  ᠶᠢ  ᠡᠷᠡᠰ  ᠭᠤᠶᠢᠪᠢᠰᠢ ᠦᠭᠡᠢ  ᠬᠠᠮᠠᠭᠠᠯᠠᠨ᠂ ᠦᠵᠡᠯ ᠰᠠᠨᠠᠭ᠎ᠠ ᠤᠯᠤᠰ ᠲᠦᠷᠤ ᠦᠢᠯᠨ ᠠᠵᠢᠯᠯᠠᠭᠠᠨ  ᠎ ᠶᠢᠨ ᠲᠠᠯ᠎ᠠ  ᠪᠠᠷ ᠢᠮᠠᠭᠲᠠ ᠰᠢ ᠶᠢᠨ ᠫᠢᠡᠭ ᠨᠦᠬᠦᠷ  ᠢᠶᠠᠷ ᠭᠤᠤᠯ ᠴᠤᠭᠴᠠ ᠪᠤᠯᠭᠠᠭᠰᠡᠨ ᠨᠠᠮ  ᠤᠨ ᠲᠦᠪ ᠬᠤᠷᠢᠶ᠎ᠠ ᠲᠠᠢ ᠲᠡᠭᠡᠲᠤ  ᠬᠡᠮᠵᠢᠶ᠎ᠡ  ᠪᠠᠷ ᠨᠢᠭᠡᠳᠤᠯᠲᠠᠢ ᠪᠠᠶᠢᠬᠤ ᠳᠤ ᠪᠠᠶᠢᠨ᠎ᠠ᠃ ᠰᠢᠶᠠᠨ ᠰᠢᠶᠠᠩ ᠨᠢ ᠨᠠᠮ ᠎ ᠤᠨ ᠲᠦᠷᠤ ᠪᠠᠷᠢᠵᠤ ᠤᠯᠤᠰ  ᠎ ᠢᠶᠠᠨ ᠮᠡᠨᠳᠤᠭᠤᠯᠬᠤ ᠰᠠᠭᠤᠷᠢ ᠪᠤᠯᠤᠭᠰᠡᠨ ᠬᠤᠪᠢ ᠳᠤ ᠨᠠᠮ  ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ ᠬᠤᠷᠢᠶᠠᠨ  ᠤ ᠰᠢᠢᠳᠪᠤᠷᠢᠲᠤ ᠪᠤᠳᠤᠯᠭ᠎ᠠ  ᠶᠢ ᠨᠡᠶᠢᠳᠡᠪᠤᠷᠢᠵᠢᠭᠤᠯᠬᠤ ᠴᠢᠬᠤᠯᠨ  ᠬᠠᠷᠢᠭᠤᠴᠠᠯᠭ᠎ᠠ ᠶᠢ ᠡᠭᠦᠷᠭᠡᠯᠡᠵᠤ᠂ ᠪᠠᠶᠢᠷᠢ ᠰᠠᠭᠤᠷᠢ ᠪᠠ ᠦᠢᠯᠡᠳᠤᠯ ᠨᠢ ᠮᠠᠰᠢ ᠴᠢᠬᠤᠯᠨ ᠶᠤᠮ᠃ ᠪᠢᠳᠡ ᠬᠤᠭᠤᠴᠠᠭ᠎ᠠ ᠰᠤᠯᠢᠬᠤ  ᠪᠠᠷ ᠲᠠᠮᠵᠢᠨ ︽ᠲᠦᠷᠪᠡᠨ ᠤᠬᠠᠮᠰᠡᠷ︾ ᠪᠠᠲᠤ ᠴᠢᠩᠭ᠎ᠠ᠂ ︽ ᠲᠦᠷᠪᠡᠨ ᠢᠲᠡᠭᠡᠯ︾ ᠡᠷᠡᠰ ᠭᠤᠶᠢᠪᠢᠰᠢ ᠦᠭᠡᠢ᠂ ᠰᠢ ᠶᠢᠨ ᠫᠢᠡᠭ ᠶᠡᠷᠤᠩᠬᠡᠢ ᠱᠦᠵᠢ  ᠶᠢᠨ ᠭᠤᠤᠯ ᠴᠤᠭᠴᠠ  ᠎ ᠶᠢᠨ ᠪᠠᠶᠢᠷᠢ ᠰᠠᠭᠤᠷᠢ  ᠶᠢ ᠡᠷᠡᠰ ᠬᠠᠮᠠᠭᠠᠯᠠᠵᠤ᠂ ᠨᠠᠮ  ᠤᠨ ᠲᠦᠪ ᠬᠤᠷᠢᠶᠠᠨ  ᠤ ᠡᠷᠬᠡ ᠰᠦᠷ  ᠪᠠ  ᠲᠦᠪᠯᠡᠷᠡᠩᠬᠦᠢ ᠨᠢᠭᠡᠳᠤᠯᠲᠠᠢ ᠤᠳᠤᠷᠢᠳᠤᠯᠭ᠎ᠠ  ᠶᠢ  ᠡᠷᠡᠰ ᠭᠤᠶᠢᠪᠢᠰᠢ ᠦᠭᠡᠢ  ᠬᠠᠮᠠᠭᠠᠯᠠᠳᠠᠭ ᠤᠳᠤᠷᠢᠳᠬᠤ ᠪᠠᠭ ᠪᠤᠯᠤᠨ  ᠤᠳᠤᠷᠢᠳᠬᠤ ᠺᠠᠳ᠋ᠷ  ᠢ ᠰᠤᠩᠭᠤᠵᠤ  ᠂ ᠨᠠᠮ  ᠤᠨ ᠲᠦᠪ ᠬᠤᠷᠢᠶᠠᠨ  ᠤ ᠲᠦᠷᠤ  ᠶᠢᠨ ᠪᠤᠳᠤᠯᠭ᠎ᠠ ᠴᠢᠭᠯᠡᠯᠲᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ ᠬᠤᠷᠢᠶᠠᠨ  ᠤ ᠰᠢᠢᠳᠪᠤᠷᠢᠲᠤ ᠪᠤᠳᠤᠯᠭ᠎ᠠ  ᠨᠠᠶᠢᠳᠠᠪᠤᠷᠢᠵᠢᠭᠳᠡᠬᠤ  ᠶᠢ ᠪᠠᠲᠤᠯᠠᠨ᠂ ᠪᠦᠬᠦ ᠬᠤᠲᠠ  ᠶᠢᠨ ᠡᠯ᠎ᠡ ᠲᠦᠷᠤᠯ  ᠤᠨ ᠠᠵᠢᠯ ᠦᠢᠯᠡᠰ ᠢᠮᠠᠭᠲᠠ ᠵᠦᠪ ᠴᠢᠭᠯᠡᠯ  ᠢᠶᠠᠷ  ᠬᠦᠭᠵᠢᠬᠦ  ᠶᠢ ᠪᠠᠲᠤᠯᠠᠨ᠎ᠠ᠃ ᠬᠤᠶᠠᠳᠤᠭᠠᠷ ᠲᠤ᠂ ᠬᠤᠭᠤᠴᠠᠭ᠎ᠠ ᠰᠤᠯᠢᠬᠤ ᠠᠵᠢᠯ  ᠢ ᠰᠠᠶᠢᠲᠤᠷ ᠬᠢᠬᠦ ᠪᠤᠯ ᠪᠦᠬᠦ ᠲᠠᠯ᠎ᠠ  ᠎ ᠪᠠᠷ  ᠴᠢᠨᠡᠭᠡᠯᠢᠭᠵᠢᠬᠦ ᠢᠯᠡᠯᠲᠡ  ᠶᠢ  ᠤᠯᠵᠤ᠂ ᠡᠬᠡ ᠤᠯᠤᠰ  ᠤᠨ ᠤᠮᠠᠷᠠᠲᠤ ᠬᠢᠯᠢ  ᠶᠢᠨ ᠦᠵᠡᠰᠬᠦᠯᠡᠩᠲᠤ ᠰᠠᠶᠢᠬᠠᠨ ᠦᠵᠡᠮᠵᠢ  ᠶᠢᠨ ᠤᠷᠤᠨ  ᠢ ᠴᠤᠭᠴᠠᠯᠬᠤ  ᠴᠢᠬᠤᠯᠨ ᠪᠠᠲᠤᠯᠠᠭ᠎ᠠ᠃ ᠨᠠᠮ  ᠤᠨ ᠠᠷᠪᠡᠨ ᠨᠠᠢᠮᠠᠳᠤᠭᠠᠷ ᠶᠡᠭᠡ ᠬᠤᠷᠠᠯ  ᠠᠴᠠ ᠨᠠᠰᠢ᠂ ᠰᠢ ᠶᠢᠨ ᠫᠢᠡᠭ ᠨᠦᠬᠦᠷ  ᠢᠶᠠᠷ ᠭᠤᠤᠯ ᠴᠤᠭᠴᠠ ᠪᠤᠯᠭᠠᠭᠰᠡᠨ ᠨᠠᠮ  ᠤᠨ ᠲᠦᠪ ᠬᠤᠷᠢᠶ᠎ᠠ  ᠴᠠᠭ ᠦᠶ᠎ᠡ  ᠶᠢᠨ ᠬᠦᠭᠵᠢᠯᠲᠡ  ᠶᠢᠨ ᠬᠠᠨᠳᠤᠰᠢ  ᠶᠢ ᠤᠨᠤᠪᠴᠢᠲᠠᠢ ᠡᠵᠡᠮᠳᠡᠨ᠂ ᠰᠠᠨᠠᠭᠠᠴᠢᠯᠠᠭ᠎ᠠ  ᠠᠴᠠ  ᠪᠠᠨ ᠬᠦᠭᠵᠢᠯᠲᠡ  ᠶᠢᠨ ᠶᠡᠭᠡ ᠬᠠᠨᠳᠤᠰᠢ  ᠎ ᠶᠢ ᠲᠠᠭᠠᠵᠤ᠂ ᠡᠳᠤᠢ ᠲᠡᠳᠤᠢ ᠲᠦᠷᠤ  ᠶᠢ ᠵᠠᠰᠠᠬᠤ ᠰᠢᠨ᠎ᠡ ᠤᠨᠤᠯᠵᠢᠬᠤᠨ ᠰᠢᠨ᠎ᠡ ᠦᠵᠡᠯ ᠰᠠᠨᠠᠭ᠎ᠠ ᠰᠢᠨ᠎ᠡ ᠪᠠᠶᠢᠯᠳᠤᠬᠤ ᠪᠤᠳᠤᠯᠭ᠎ᠠ  ᠶᠢ ᠪᠦᠷᠢᠯᠳᠤᠭᠦᠯᠵᠤ᠂ ᠰᠢᠨ᠎ᠡ ᠲᠠᠤᠬᠡᠲᠤ ᠨᠦᠬᠦᠴᠡᠯ ᠲᠤᠤᠷ᠎ᠠ ᠦᠭᠡᠷᠡᠴᠢᠯᠡᠯᠲᠡ ᠨᠡᠭᠡᠭᠡᠯᠲᠡ  ᠶᠢ  ᠬᠦᠨᠵᠡᠭᠡᠶᠢᠷᠡᠬᠦᠯᠵᠤ᠂ ᠨᠡᠶᠢᠭᠡᠮ ᠵᠢᠷᠤᠮ  ᠤᠨ ᠤᠳᠤᠬᠢᠴᠢᠯᠠᠯᠲᠠ  ᠶᠢ ᠠᠬᠢᠭᠤᠯᠬᠤ ᠳᠤ ᠠᠵᠢᠯᠯᠠᠭᠠᠨ ᠎ ᠤ  ᠵᠦᠭᠯᠡᠭᠦᠷ ᠬᠠᠩᠭᠠᠪᠠ᠃ ᠰᠢ ᠶᠢᠨ ᠫᠢᠡᠭ ᠶᠡᠷᠤᠩᠬᠡᠢ ᠱᠦᠵᠢ  ᠶᠢᠨ ᠦᠪᠤᠷ  ᠮᠤᠩᠭᠤᠯ  ᠎ ᠢ ᠪᠠᠶᠢᠴᠠᠭᠠᠬᠤ ᠦᠶ᠎ᠡ ᠎ ᠶᠢᠨ ᠴᠢᠬᠤᠯᠨ  ᠶᠠᠷᠢᠶᠠᠨ  ᠤ ᠵᠤᠷᠢᠭ ᠰᠠᠨᠠᠭ᠎ᠠ ᠪᠤᠯᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠡᠨ 70 ᠵᠢᠯ  ᠤᠨ ᠤᠢ  ᠶᠢ ᠪᠡᠯᠭᠡᠯᠡᠬᠦ ᠳᠤ  ᠪᠢᠴᠢᠭᠰᠡᠨ ᠦᠭᠡ ᠨᠢ ᠦᠪᠤᠷ ᠮᠤᠩᠭᠤᠯ  ᠤᠨ ᠦᠭᠡᠷᠡᠴᠢᠯᠡᠯᠲᠡ ᠨᠡᠭᠡᠭᠡᠯᠲᠡ ᠪᠠ ᠤᠳᠤᠬᠢᠴᠢᠯᠠᠯᠲᠠ  ᠶᠢᠨ ᠪᠦᠲᠤᠭᠡᠨ ᠪᠠᠶᠢᠭᠤᠯᠤᠯᠲᠠ ᠳᠤ ᠤᠷᠤᠭᠰᠢᠯᠠᠬᠤ  ᠴᠢᠭᠯᠡᠯ ᠵᠢᠭᠠᠵᠤ ᠭᠠᠷᠭᠠᠭᠰᠡᠨ ᠪᠠᠶᠢᠨ᠎ᠠ᠃ ᠦᠪᠡᠷᠲᠡᠭᠡᠨ ᠵᠠᠰᠠᠬᠤ ᠤᠷᠤᠨ  ᠤ ᠠᠷᠪᠠᠳᠤᠭᠠᠷ ᠤᠳᠠᠭᠠᠨ  ᠤ ᠨᠠᠮ  ᠤᠨ ᠲᠦᠯᠤᠭᠡᠯᠡᠭᠴᠢᠳ  ᠤᠨ ᠶᠡᠭᠡ ᠬᠤᠷᠠᠯ ᠨᠢ ᠦᠪᠤᠷ ᠮᠤᠩᠭᠤᠯ  ᠤᠨ ᠡᠯ᠎ᠡ  ᠲᠦᠷᠤᠯ  ᠤᠨ ᠠᠵᠢᠯ ᠦᠢᠯᠡᠰ  ᠤᠨ ᠠᠤᠭ᠎ᠠ ᠶᠡᠭᠡ   ᠬᠦᠭᠵᠢᠯᠲᠡ  ᠶᠢᠨ ᠢᠷᠡᠭᠡᠳᠤᠢ ᠎ ᠶᠢ  ᠵᠢᠷᠤᠭᠯᠠᠪᠠ᠃ ᠨᠢᠳᠤᠨᠤᠨ  ᠠᠴᠠ ᠡᠬᠢᠯᠡᠭᠡᠳ ᠠᠶᠢᠮᠠᠭ  ᠤᠨ ᠨᠠᠮ  ᠤᠨ ᠬᠤᠷᠢᠶ᠎ᠠ᠂ ᠵᠠᠬᠢᠷᠭ᠎ᠠ ᠪᠦᠬᠦ ᠠᠶᠢᠮᠠᠭ ᠎ ᠤᠨ ᠬᠦᠭᠵᠢᠯᠲᠡ  ᠶᠢᠨ ᠪᠤᠲᠠᠲᠠᠢ ᠪᠠᠶᠢᠳᠠᠯ ᠳᠤ ᠰᠠᠭᠤᠷᠢᠯᠠᠵᠤ᠂ ᠬᠦᠭᠵᠢᠯᠲᠡ  ᠶᠢᠨ ᠪᠠᠶᠢᠷᠢ  ᠲᠤᠭᠲᠠᠭᠠᠯᠲᠠ ᠪᠠ ᠬᠠᠷᠠᠯᠲᠠ ᠡᠭᠦᠷᠭᠡ  ᠶᠢ ᠤᠯᠡᠮ ᠨᠢᠬᠡ ᠠᠯᠬᠤᠮ ᠲᠤᠲᠤᠷᠬᠠᠶᠢᠯᠠᠪᠠ᠃ ᠨᠠᠮ  ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠰᠢᠢᠳᠪᠤᠷᠢᠲᠤ ᠪᠤᠳᠤᠯᠭ᠎ᠠ ᠎ ᠶᠢ ᠰᠠᠶᠢᠲᠤᠷ ᠨᠠᠶᠢᠳᠠᠪᠤᠷᠢᠵᠢᠭᠤᠯᠵᠤ ᠲᠠᠶᠢᠯᠬᠦ ᠡᠰᠡᠬᠦ᠂ ᠰᠡᠳᠬᠢᠴᠡ  ᠶᠢ ᠠᠷᠭ᠎ᠠ ᠪᠤᠳᠤᠯᠭ᠎ᠠ ᠪᠤᠯᠭᠠᠨ ᠬᠤᠪᠢᠷᠠᠭᠤᠯᠵᠤ ᠲᠠᠶᠢᠯᠬᠦ ᠡᠰᠡᠬᠦ᠂ ᠬᠦᠭᠵᠢᠯᠲᠡ  ᠶᠢᠨ ᠢᠷᠡᠭᠡᠳᠤᠢ  ᠶᠢ ᠪᠤᠳᠠᠳᠤ ᠪᠠᠶᠢᠳᠠᠯ ᠪᠤᠯᠭᠠᠨ ᠪᠡᠶᠡᠯᠡᠭᠦᠯᠵᠤ ᠲᠠᠶᠢᠯᠬᠦ ᠡᠰᠡᠬᠦ ᠨᠢ  ᠭᠤᠤᠯᠳᠠᠭᠤ ᠤᠳᠤᠷᠢᠳᠬᠤ ᠪᠠᠭ ᠲᠤ  ᠪᠤᠢ᠂ ᠵᠠᠩᠬᠢᠯᠠᠭ᠎ᠠ ᠨᠢ ᠺᠠᠳ᠋ᠷ  ᠤᠨ ᠡᠩᠨᠡᠭᠡᠨ ᠳᠤ ᠪᠠᠶᠢᠨ᠎ᠠ᠃   ᠬᠤᠭᠤᠴᠠᠭ᠎ᠠ ᠰᠤᠯᠢᠭᠰᠡᠨ  ᠤ ᠲᠠᠷᠠᠭᠠᠬᠢ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ ᠬᠤᠲᠠ  ᠶᠢᠨ ᠤᠯᠤᠰ ᠲᠦᠷᠤ  ᠶᠢᠨ ᠵᠦᠪᠯᠡᠯᠭᠡᠨ  ᠤ ᠤᠳᠤᠷᠢᠳᠬᠤ ᠪᠠᠭ ᠨᠢ ᠨᠠᠮ  ᠤᠨ ᠠᠷᠪᠠᠨ ᠶᠢᠰᠤᠳᠤᠭᠡᠷ ᠶᠡᠭᠡ ᠬᠤᠷᠠᠯ᠂ ᠦᠪᠡᠷᠲᠡᠭᠡᠨ ᠵᠠᠰᠠᠬᠤ ᠤᠷᠤᠨ  ᠤ ᠠᠷᠪᠠᠳᠤᠭᠠᠷ ᠤᠳᠠᠭᠠᠨ  ᠤ ᠨᠠᠮ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ ᠵᠤᠷᠢᠭ  ᠰᠠᠨᠠᠭ᠎ᠠ ᠪᠠ ᠠᠶᠢᠮᠠᠭ  ᠤᠨ ᠨᠠᠮ  ᠤᠨ ᠬᠤᠷᠢᠶ᠎ᠠ᠂ ᠵᠠᠬᠢᠷᠭ᠎ᠠ  ᠶᠢᠨ  ᠡᠳᠤᠢ ᠲᠡᠳᠤᠢ ᠪᠠᠶᠢᠷᠢᠯᠠᠭᠤᠯᠤᠯᠲᠠ ᠱᠠᠭᠠᠷᠳᠠᠯᠭ᠎ᠠ  ᠶᠢ ᠪᠦᠬᠦ ᠲᠠᠯ᠎ᠠ  ᠪᠠᠷ  ᠨᠠᠶᠢᠳᠠᠪᠤᠷᠢᠵᠢᠭᠤᠯᠬᠤ᠂ ︽ ᠲᠠᠪᠤ  ᠶᠢ ᠨᠢᠭᠡ ᠴᠤᠭᠴᠠᠵᠢᠭᠤᠯᠬᠤ︾ ᠶᠡᠷᠤᠩᠬᠡᠢ ᠪᠠᠶᠢᠷᠢᠰᠢᠭᠤᠯᠤᠯᠲᠠ  ᠶᠢ ᠨᠢᠭᠡᠳᠤᠯᠲᠠᠢ ᠲᠦᠯᠤᠪᠯᠡᠨ ᠠᠬᠢᠭᠤᠯᠬᠤ ᠪᠠ ︽ ᠲᠦᠷᠪᠡᠨ ᠪᠦᠬᠦ ᠲᠠᠯ᠎ᠠ︾  ᠎ ᠶᠢᠨ ᠪᠠᠶᠢᠯᠳᠤᠬᠤ ᠪᠤᠳᠤᠯᠭ᠎ᠠ  ᠶᠢᠨ ᠪᠠᠶᠢᠷᠢᠰᠢᠭᠤᠯᠤᠯᠲᠠ  ᠶᠢ ᠵᠤᠬᠢᠴᠠᠭᠤᠯᠤᠨ ᠠᠬᠢᠭᠤᠯᠬᠤ᠂ ᠴᠢᠨᠡᠭᠡᠯᠢᠭ ᠨᠠᠶᠢᠭᠡᠮ  ᠢ ᠪᠦᠬᠦ ᠲᠠᠯ᠎ᠠ  ᠪᠠᠷ ᠪᠠᠶᠢᠭᠤᠯᠤᠨ ᠪᠡᠶᠡᠯᠡᠬᠦᠯᠬᠦ   ᠲᠠᠷᠬᠠᠨ ᠬᠠᠷᠢᠭᠤᠴᠠᠯᠭ᠎ᠠ  ᠶᠢ ᠡᠬᠦᠷᠭᠡᠯᠡᠵᠤ ᠪᠠᠶᠢᠨ᠎ᠠ᠃ ᠪᠢᠳᠡ ᠬᠤᠭᠤᠴᠠᠭ᠎ᠠ ᠰᠤᠯᠢᠬᠤ  ᠪᠠᠷ ᠲᠠᠮᠵᠢᠵᠤ᠂ ᠵᠤᠷᠢᠭᠲᠠᠢ  ᠪᠠᠷ   ᠡᠭᠦᠷᠭᠡᠯᠡᠬᠦ ᠪᠠᠲᠤ ᠴᠢᠩᠭ᠎ᠠ ᠤᠳᠤᠷᠢᠳᠬᠤ ᠪᠠᠭ  ᠢ  ᠰᠤᠩᠭᠤᠨ ᠭᠠᠷᠭᠠᠵᠤ᠂  ᠲᠠᠮᠤᠷ ᠮᠡᠲᠤ ᠪᠠᠲᠤ ᠴᠢᠩᠭ᠎ᠠ ᠢᠲᠡᠭᠡᠯ ᠪᠢᠰᠢᠷᠡᠯ ᠲᠠᠢ᠂ ᠲᠡᠮᠤᠷ ᠮᠡᠲᠤ ᠪᠠᠲᠤ  ᠴᠢᠩᠭ᠎ᠠ  ᠰᠦᠰᠤ  ᠵᠤᠷᠢᠭ ᠲᠠᠢ᠂ ᠲᠡᠮᠤᠷ ᠮᠡᠲᠤ ᠪᠠᠲᠤ  ᠴᠢᠩᠭ᠎ᠠ ᠰᠠᠬᠢᠯᠭ᠎ᠠ ᠪᠠᠲᠤ ᠲᠠᠢ᠂ ᠲᠡᠮᠤᠷ ᠮᠡᠲᠤ ᠪᠠᠲᠤ  ᠴᠢᠩᠭ᠎ᠠ  ᠡᠭᠦᠷᠭᠡᠯᠡᠯ ᠲᠠᠢ  ᠺᠠᠳ᠋ᠷ ᠤᠨ ᠡᠩᠨᠡᠭᠡ  ᠶᠢ ᠰᠤᠩᠭᠤᠨ ᠭᠠᠷᠭᠠᠵᠤ᠂ ᠦᠨᠳᠤᠰᠤᠲᠡᠨ ᠨᠦᠭᠦᠳ ᠎ ᠤᠨ ᠺᠠᠳ᠋ᠷ ᠤᠯᠡᠨ ᠲᠦᠮᠡᠨ  ᠢ ᠪᠦᠯᠬᠦᠮᠳᠡᠨ ᠲᠠᠭᠠᠭᠤᠯᠵᠤ᠂ ᠰᠡᠳᠬᠢᠯ  ᠢᠶᠠᠨ ᠨᠢᠭᠲᠠᠷᠠᠭᠤᠯᠵᠤ ᠬᠦᠴᠤ  ᠪᠠᠨ  ᠬᠠᠮᠳᠤᠳᠬᠠᠨ᠂ ᠡᠷᠢᠯᠬᠢᠯᠡᠨ ᠲᠠᠪᠰᠢᠵᠤ ᠰᠢᠨ᠎ᠡ  ᠶᠢ ᠡᠭᠦᠳᠤᠨ᠂ ᠡᠬᠡ ᠤᠯᠤᠰ  ᠤᠨ ᠤᠮᠠᠷᠠᠲᠤ ᠬᠢᠯᠢ  ᠶᠢᠨ ᠦᠵᠡᠰᠬᠦᠯᠡᠩᠲᠤ ᠰᠠᠶᠢᠬᠠᠨ ᠦᠵᠡᠮᠵᠢ  ᠶᠢᠨ ᠤᠷᠤᠨ  ᠢ ᠴᠤᠭᠴᠠᠯᠠᠵᠤ᠂ ᠪᠦᠬᠦ ᠲᠠᠯ᠎ᠠ  ᠪᠠᠷ ᠴᠢᠨᠡᠭᠡᠯᠢᠭᠵᠢᠬᠦ ᠢᠯᠡᠯᠲᠡ ᠎ ᠶᠢ  ᠤᠯᠬᠤ  ᠶᠢᠨ ᠲᠦᠯᠤᠭᠡ ᠴᠢᠷᠮᠠᠶᠢᠨ ᠲᠡᠮᠡᠴᠡᠶ᠎ᠡ᠃ ᠭᠤᠷᠪᠠᠳᠤᠭᠠᠷ ᠲᠤ᠂ ᠬᠤᠭᠤᠴᠠᠭ᠎ᠠ ᠰᠣᠯᠢᠬᠤ ᠠᠵᠢᠯ  ᠢ ᠰᠠᠶᠢᠲᠤᠷ ᠬᠢᠬᠦ ᠪᠤᠯ ᠪᠦᠬᠦ ᠲᠠᠯ᠎ᠠ  ᠪᠠᠷ ᠨᠠᠮ  ᠢ ᠴᠢᠩᠭ᠎ᠠ  ᠵᠠᠰᠠᠵᠤ᠂ ᠤᠬᠢ ᠰᠠᠶᠢᠨ ᠤᠯᠤᠰ ᠲᠦᠷᠤ  ᠶᠢᠨ ᠤᠷᠴᠢᠨ ᠲᠤᠭᠤᠷᠢᠨ  ᠢ ᠡᠭᠦᠳᠬᠦ ᠴᠢᠬᠤᠯᠨ ᠦᠢᠯᠡᠳᠤᠯᠭᠡ᠃ ᠨᠠᠮ ᠎ ᠤᠨ ᠠᠷᠪᠡᠨ ᠨᠠᠢᠮᠠᠳᠤᠭᠠᠷ ᠶᠡᠭᠡ ᠬᠤᠷᠠᠯ  ᠠᠴᠠ ᠨᠠᠰᠢ ᠰᠢ ᠶᠢᠨ ᠫᠢᠡᠭ ᠨᠦᠬᠦᠷ  ᠢᠶᠠᠷ ᠭᠤᠤᠯ ᠴᠤᠭᠴᠠ ᠪᠤᠯᠭᠠᠭᠰᠡᠨ ᠨᠠᠮ  ᠤᠨ ᠲᠦᠪ ᠬᠤᠷᠢᠶ᠎ᠠ ᠪᠦᠬᠦ ᠲᠠᠯ᠎ᠠ  ᠪᠠᠷ ᠨᠠᠮ  ᠢ ᠴᠢᠩᠭ᠎ᠠ ᠵᠠᠰᠠᠬᠤ  ᠶᠢ ᠡᠷᠡᠰ ᠭᠤᠶᠢᠪᠢᠰᠢ ᠦᠭᠡᠢ ᠠᠬᠢᠭᠤᠯᠵᠤ ᠂ ︽ ᠲᠦᠷᠪᠡᠨ ᠰᠤᠷᠲᠠᠯ︾  ᠎ ᠢ ᠡᠰᠡᠷᠭᠦᠴᠡᠬᠦ᠂ ᠨᠠᠮ  ᠤᠨ ᠰᠤᠷᠲᠠᠯ  ᠢ ᠲᠦᠪ ᠪᠤᠯᠭᠠᠬᠤ᠂ ᠢᠯᠵᠠᠷᠠᠮᠠᠯ  ᠢ ᠡᠰᠡᠷᠭᠦᠴᠡᠬᠦ᠂ ᠠᠷᠢᠭᠤᠨ ᠴᠢᠭᠡᠴᠢ  ᠶᠢ ᠡᠷᠬᠢᠮᠯᠠᠬᠦ  ᠤᠯᠤᠰ ᠲᠦᠷᠤ  ᠶᠢᠨ ᠲᠤᠭᠲᠠᠮᠠᠯ ᠬᠦᠴᠤᠨ  ᠢ ᠢᠮᠠᠭᠲᠠ ᠪᠠᠲᠤᠯᠠᠭᠰᠠᠭᠠᠷ ᠢᠷᠡᠵᠤ᠂ ᠠᠯᠬᠤᠮ  ᠠᠯᠬᠤᠮ  ᠢᠶᠠᠷ ᠠᠬᠢᠭᠤᠯᠵᠤ᠂ ᠤᠷᠲᠤ ᠬᠤᠭᠤᠴᠠᠭ᠎ᠠ  ᠪᠠᠷ ᠬᠦᠴᠤᠯᠡᠨ ᠴᠢᠷᠮᠠᠶᠢᠵᠤ  ᠂ ᠨᠠᠮ  ᠤᠨ ᠰᠤᠷᠲᠠᠯ ᠵᠠᠰᠠᠭ  ᠤᠨ ᠰᠤᠷᠲᠠᠯ ᠨᠠᠶᠢᠭᠡᠮ  ᠤᠨ ᠰᠤᠷᠲᠠᠯ  ᠎ ᠤᠨ  ᠲᠤᠪᠤᠶᠢᠮ᠎ᠠ ᠰᠠᠶᠢᠵᠢᠷᠠᠯᠲᠠ ᠲᠠᠢ ᠪᠤᠯᠪᠠ᠃ ᠬᠤᠲᠠ  ᠶᠢᠨ ᠨᠠᠮ  ᠤᠨ ᠬᠤᠷᠢᠶ᠎ᠠ ᠨᠢ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠪᠠᠶᠢᠷᠢᠯᠠᠭᠤᠯᠤᠯᠲᠠ ᠱᠠᠭᠠᠷᠳᠠᠯᠭ᠎ᠠ  ᠶᠢ ᠬᠢᠨᠠᠮᠠᠭᠠᠢ ᠨᠠᠶᠢᠳᠠᠪᠤᠷᠢᠵᠢᠭᠤᠯᠤᠨ᠂ ᠨᠠᠮ  ᠢ ᠬᠠᠮᠢᠶᠠᠷᠬᠤ ᠨᠠᠮ  ᠢ ᠵᠠᠰᠠᠬᠤ ᠤᠯᠤᠰ ᠲᠦᠷᠤ  ᠶᠢᠨ ᠡᠭᠦᠷᠭᠡ  ᠶᠢ ᠱᠠᠲᠤ ᠲᠠᠷᠠᠭᠠᠯᠠᠨ ᠨᠠᠶᠢᠳᠠᠪᠤᠷᠢᠵᠢᠭᠤᠯᠵᠤ᠂ ᠨᠠᠮ  ᠤᠨ  ᠲᠤᠲᠤᠭᠠᠳᠤᠬᠢ ᠤᠯᠤᠰ ᠲᠦᠷᠤ  ᠶᠢᠨ ᠠᠮᠢᠳᠤᠷᠠᠯ  ᠢ  ᠴᠢᠩᠭᠠᠷᠠᠭᠤᠯᠤᠨ ᠲᠦᠷᠢᠮᠵᠢᠭᠦᠯᠵᠤ᠂ ᠨᠠᠮ  ᠤᠨ ᠰᠤᠷᠲᠠᠯ ᠴᠢᠭᠡᠴᠢ ᠵᠠᠰᠠᠭ  ᠤᠨ ᠪᠠᠶᠢᠭᠤᠯᠤᠯᠲᠠ ᠪᠤᠯᠤᠨ ᠢᠯᠵᠠᠷᠠᠮᠠᠯ ᠎ ᠢ ᠡᠰᠡᠷᠭᠦᠴᠡᠬᠦ ᠲᠡᠮᠡᠴᠡᠯ  ᠢ ᠬᠦᠨᠵᠡᠭᠡᠢ ᠠᠬᠢᠭᠤᠯᠵᠤ᠂   ᠤᠪᠤᠷ ᠰᠤᠷᠲᠠᠯ  ᠤᠨ ᠪᠠᠶᠢᠭᠤᠯᠤᠯᠲᠠ  ᠶᠢ ᠲᠠᠰᠤᠷᠠᠯᠲᠠ ᠦᠭᠡᠢ ᠴᠢᠩᠭᠠᠳᠬᠠᠨ᠂ ᠦᠭᠡᠷᠡᠴᠢᠯᠡᠯᠲᠡ ᠬᠦᠭᠵᠢᠯᠲᠡ ᠲᠤᠭᠲᠠᠭᠤᠨ  ᠎ ᠢ ᠠᠬᠢᠭᠤᠯᠬᠤ ᠳᠤ ᠰᠠᠶᠢᠨ ᠰᠠᠶᠢᠬᠠᠨ ᠤᠷᠴᠢᠨ ᠲᠤᠭᠤᠷᠢᠨ  ᠢ ᠡᠭᠦᠳᠪᠡ᠃ ᠶᠡᠷᠤᠩᠬᠡᠢ ᠳᠤᠨᠢ ᠦᠵᠡᠪᠡᠯ᠂ ᠪᠦᠬᠦ ᠬᠤᠲᠠ  ᠶᠢᠨ ᠡᠯ᠎ᠡ ᠱᠠᠲᠤᠨ  ᠤ ᠤᠳᠤᠷᠢᠳᠬᠤ ᠪᠠᠭ ᠤᠯᠤᠰ ᠲᠦᠷᠤ  ᠶᠢ ᠡᠷᠬᠢᠮᠯᠠᠨ᠂ ᠶᠡᠭᠡ ᠲᠠᠯ᠎ᠠ  ᠶᠢ ᠪᠤᠳᠤᠯᠬᠢᠯᠠᠵᠤ᠂ ᠪᠦᠯᠬᠦᠮᠳᠡᠯ  ᠢ ᠴᠢᠬᠤᠯᠠᠴᠢᠯᠠᠵᠤ᠂ ᠡᠯ᠎ᠡ ᠱᠠᠲᠤᠨ  ᠤ ᠺᠠᠳ᠋ᠷ ᠴᠤ  ᠠᠵᠢᠯ ᠬᠢᠬᠦ ᠬᠦᠰᠡᠯ ᠲᠠᠢ᠂  ᠬᠠᠷᠢᠭᠤᠴᠠᠯᠭ᠎ᠠ ᠡᠭᠦᠷᠭᠡᠯᠡᠬᠦ ᠵᠤᠷᠢᠭ ᠎ ᠲᠠᠢ᠂ ᠨᠠᠶᠢᠳᠠᠪᠤᠷᠢᠵᠢᠭᠤᠯᠬᠤ ᠴᠢᠳᠠᠪᠤᠷᠢ ᠲᠠᠢ ᠪᠠᠶᠢᠵᠤ᠂ ᠪᠦᠬᠦ ᠬᠤᠲᠠ  ᠶᠢᠨ ᠦᠭᠡᠷᠡᠴᠢᠯᠡᠯᠲᠡ ᠬᠦᠭᠵᠢᠯᠲᠡ ᠲᠤᠭᠲᠠᠭᠤᠨ  ᠦᠢᠯᠡᠰ ᠲᠤ ᠴᠢᠬᠤᠯᠨ ᠦᠢᠯᠡᠳᠤᠯ ᠦᠵᠡᠭᠦᠯᠤᠭ᠍ᠰᠡᠨ ᠪᠠᠶᠢᠨ᠎ᠠ᠃ ᠬᠡᠪᠡᠴᠤ ᠪᠢᠳᠡᠨ  ᠤ ᠵᠠᠷᠢᠮ ᠪᠠᠭ ᠎ ᠤᠨ ᠲᠤᠲᠤᠷ᠎ᠠ ᠪᠦᠲᠤᠴᠡ ᠰᠢᠯᠢᠳᠡᠭ ᠪᠤᠰᠤ᠂ ᠴᠢᠳᠠᠪᠬᠢ ᠴᠢᠩᠭ᠎ᠠ ᠪᠤᠰᠤ᠂  ᠠᠵᠢᠯ ᠬᠢᠵᠤ ᠦᠢᠯᠡᠰ  ᠪᠦᠲᠤᠭᠡᠬᠦ ᠠᠮᠢᠵᠢᠷᠠᠯ  ᠤᠨ ᠬᠦᠴᠤᠨ ᠪᠠ ᠤᠷᠮ᠎ᠠ ᠵᠤᠷᠢᠭ  ᠬᠦᠷᠤᠯᠴᠡᠬᠦ ᠦᠭᠡᠢ᠂ ᠵᠠᠷᠢᠮ ᠺᠠᠳ᠋ᠷ ᠤᠷᠤᠭᠰᠢᠯᠠᠨ ᠲᠠᠪᠰᠢᠬᠤ ᠤᠬᠠᠮᠰᠠᠷ  ᠢᠶᠠᠷ  ᠬᠦᠢᠴᠡᠳ ᠪᠤᠰᠤ᠂ ᠡᠭᠦᠷᠭᠡᠯᠡᠬᠦ ᠵᠤᠷᠢᠭ ᠰᠠᠨᠠᠭ᠎ᠠ  ᠎ ᠪᠠᠷ ᠲᠤᠲᠠᠮᠠᠭ᠂ ᠠᠵᠢᠯ ᠬᠢᠬᠦ  ᠠᠴᠠ ᠵᠢᠷᠤᠬᠡᠰᠢᠶᠠᠵᠤ᠂ ᠠᠵᠢᠯ ᠬᠢᠬᠦ ᠳᠤ ᠴᠢᠳᠠᠮᠠᠭᠠᠢ ᠪᠤᠰᠤ  ᠠᠰᠠᠭᠤᠳᠠᠯ ᠠᠳᠠᠯᠢ ᠪᠤᠰᠤ ᠬᠡᠮᠵᠢᠶ᠎ᠡ  ᠪᠠᠷ ᠤᠷᠤᠰᠢᠵᠤ ᠪᠠᠶᠢᠭ᠎ᠠ  ᠶᠢ  ᠦᠭᠡᠶᠢᠰᠬᠡᠬᠦ  ᠶᠢᠨ ᠠᠷᠭ᠎ᠠ ᠦᠭᠡᠢ ᠶᠤᠮ᠃ ᠡᠨᠡ ᠤᠳᠠᠭᠠᠨ  ᠤ ᠬᠤᠭᠤᠴᠠᠭ᠎ᠠ ᠰᠤᠯᠢᠬᠤ ᠪᠤᠯ ᠪᠦᠬᠦ ᠲᠠᠯ᠎ᠠ  ᠪᠠᠷ ᠨᠠᠮ  ᠢ ᠴᠢᠩᠭ᠎ᠠ ᠵᠠᠰᠠᠬᠤ᠂ ᠠᠯᠪᠠᠨ ᠲᠤᠰᠢᠶᠠᠯᠲᠠᠨ  ᠢ ᠴᠢᠩᠭ᠎ᠠ ᠵᠠᠰᠠᠬᠤ  ᠶᠢᠨ  ᠪᠤᠲᠠᠲᠠᠢ ᠦᠢᠯᠡᠳᠤᠯᠭᠡ ᠮᠦᠨ᠂ ᠮᠦᠨᠴᠤ  ᠠᠷᠢᠭᠤᠨ ᠴᠢᠭᠡᠴᠢ ᠲᠦᠪ ᠭᠤᠤᠯᠴᠢ ᠤᠯᠤᠰ ᠲᠦᠷᠤ  ᠶᠢᠨ ᠠᠮᠢ ᠠᠬᠤᠢ ᠪᠠ ᠠᠵᠢᠯ ᠬᠢᠵᠤ ᠦᠢᠯᠡᠰ ᠪᠦᠲᠤᠭᠡᠬᠦ ᠵᠠᠰᠠᠭ  ᠤᠨ ᠶᠠᠪᠤᠳᠠᠯ  ᠎ ᠳᠤ ᠤᠷᠤᠯᠴᠠᠬᠤ   ᠤᠷᠴᠢᠨ ᠲᠤᠭᠤᠷᠢᠨ  ᠎ ᠢ ᠡᠬᠦᠳᠬᠦ  ᠴᠢᠬᠤᠯᠨ  ᠠᠵᠠ ᠲᠤᠬᠢᠶᠠᠯ ᠪᠤᠯᠤᠨ᠎ᠠ᠃ ᠪᠢᠳᠡ ᠬᠤᠭᠤᠴᠠᠭ᠎ᠠ ᠰᠤᠯᠢᠬᠤ  ᠪᠠᠷ ᠲᠠᠮᠵᠢᠨ ᠵᠦᠪ ᠤᠨᠤᠪᠴᠢᠲᠠᠢ ᠬᠦᠮᠤᠨ ᠰᠤᠩᠭᠤᠬᠤ ᠬᠦᠮᠤᠨ ᠬᠡᠷᠡᠭᠯᠡᠬᠦ ᠤᠳᠤᠷᠢᠮᠳᠤᠵᠢ  ᠶᠢ ᠤᠯᠡᠮ ᠨᠢᠭᠡ ᠠᠯᠬᠤᠮ ᠪᠤᠢ ᠪᠤᠯᠭᠠᠨ᠂ ᠰᠠᠬᠢᠯᠭ᠎ᠠ ᠪᠠᠲᠤ ᠪᠠ ᠶᠤᠰᠤ ᠲᠦᠷᠢᠮ  ᠢ ᠴᠢᠩᠭᠠᠷᠠᠭᠤᠯᠵᠤ᠂ ᠪᠦᠬᠦ ᠲᠠᠯ᠎ᠠ  ᠪᠠᠷ ᠨᠠᠮ  ᠢ ᠴᠢᠩᠭ᠎ᠠ ᠵᠠᠰᠠᠬᠤ ᠱᠠᠭᠠᠷᠳᠠᠯᠭ᠎ᠠ  ᠶᠢ  ᠤᠳᠤᠷᠢᠳᠬᠤ ᠪᠠᠭ ᠪᠠ ᠺᠠᠳ᠋ᠷ  ᠤᠨ ᠪᠡᠶ᠎ᠡ ᠲᠠᠭᠡᠷ᠎ᠡ ᠨᠠᠶᠢᠳᠠᠪᠤᠷᠢᠵᠢᠭᠤᠯᠤᠨ᠂ ᠺᠠᠳ᠋ᠷ  ᠢ ᠤᠨᠤᠪᠴᠢᠲᠠᠢ ᠰᠤᠩᠭᠤᠵᠤ ᠰᠠᠶᠢᠲᠤᠷ ᠬᠡᠷᠡᠭᠯᠡᠨ᠂ ᠪᠠᠭ  ᠢ  ᠰᠠᠶᠢᠲᠤᠷ ᠰᠤᠩᠭᠤᠵᠤ ᠡᠷᠴᠢᠮᠲᠠᠢ ᠲᠤᠬᠢᠷᠠᠭᠤᠯᠤᠨ᠂ ᠪᠠᠲᠤ ᠴᠢᠩᠭ᠎ᠠ ᠬᠦᠴᠤᠨ ᠲᠡᠭᠦᠯᠳᠡᠷ᠂ ᠮᠡᠷᠡᠶᠢᠨ ᠴᠢᠷᠮᠠᠶᠢᠵᠤ ᠦᠢᠯᠡᠰ ᠪᠦᠲᠤᠭᠡᠬᠦ ᠤᠳᠤᠷᠢᠳᠬᠤ ᠪᠠᠭ  ᠢ ᠪᠠᠶᠢᠭᠤᠯᠤᠨ᠂ ᠨᠠᠮ ᠳᠤ ᠦᠨᠡᠨᠴᠢ᠂ ᠲᠤᠰ ᠪᠡᠶ᠎ᠡ ᠨᠢ ᠠᠷᠢᠭᠤᠨ ᠴᠢᠭᠡᠴᠢ᠂ ᠵᠤᠷᠢᠭᠲᠠᠢ  ᠪᠠᠷ ᠡᠭᠦᠷᠭᠡᠯᠡᠬᠦ ᠺᠠᠳ᠋ᠷ  ᠤᠨ ᠡᠩᠨᠡᠭᠡ  ᠶᠢ  ᠴᠤᠭᠴᠠᠯᠠᠵᠤ᠂ ᠨᠠᠮ ᠎ ᠢ ᠬᠠᠮᠢᠶᠠᠷᠬᠤ ᠨᠠᠮ  ᠎ ᠢ ᠵᠠᠰᠠᠬᠤ ᠦᠷ᠎ᠡ ᠪᠦᠲᠤᠭᠡᠯ  ᠢ  ᠲᠠᠰᠤᠷᠠᠯᠲᠠ ᠦᠭᠡᠢ ᠪᠠᠳᠤᠳᠬᠠᠨ ᠦᠷᠭᠡᠳᠭᠡᠵᠤ᠂ ᠤᠯᠤᠰ ᠲᠦᠷᠤ  ᠶᠢᠨ ᠠᠮᠢ ᠠᠬᠤᠢ  ᠎ ᠶᠢᠨ  ︽ ᠬᠦᠬᠡ ᠤᠰᠤ ᠬᠦᠬᠡᠮᠳᠡᠭ ᠠᠭᠤᠯᠨ︾ ᠎ ᠶᠢ  ᠴᠤᠭᠴᠠᠯᠠᠨ᠎ᠠ᠃ ᠬᠤᠶᠠᠷ᠂ ᠶᠡᠭᠡ ᠲᠠᠯ᠎ᠠ ᠳᠤ ᠬᠠᠨᠳᠤᠵᠤ᠂ ᠴᠢᠩᠭ᠎ᠠ ᠱᠠᠭᠠᠷᠳᠠᠨ᠂ ᠬᠤᠭᠤᠴᠠᠭ᠎ᠠ ᠰᠤᠯᠢᠬᠤ ᠠᠵᠢᠯ  ᠢ ᠦᠨᠳᠤᠷ ᠪᠠᠷᠢᠮᠵᠢᠶ᠎ᠠ ᠦᠨᠳᠤᠷ ᠴᠢᠨᠠᠷ ᠴᠢᠨᠰᠠᠭ᠎ᠠ  ᠪᠠᠷ  ᠪᠡᠶᠡᠯᠡᠬᠦᠯᠤᠨ᠎ᠡ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ ᠎ ᠤ ᠬᠤᠭᠤᠴᠠᠭ᠎ᠠ ᠰᠤᠯᠢᠬᠤ ᠠᠵᠢᠯ  ᠤᠨ ᠲᠤᠬᠠᠢ ᠬᠠᠷᠠᠯᠲᠠ ᠡᠭᠦᠷᠭᠡ ᠮᠠᠰᠢ ᠲᠤᠲᠤᠷᠬᠠᠢ ᠶᠤᠮ᠂ ᠵᠠᠩᠬᠢᠯᠠᠭ᠎ᠠ ᠨᠢ ᠴᠢᠩᠭ᠎ᠠ ᠪᠠ ᠪᠤᠲᠠᠲᠠᠢ  ᠵᠤᠷᠢᠭ ᠰᠠᠨᠠᠭ᠎ᠠ  ᠪᠠᠷ ᠨᠠᠶᠢᠳᠠᠪᠤᠷᠢᠵᠢᠭᠤᠯᠲᠠ  ᠶᠢ ᠰᠠᠶᠢᠲᠤᠷ ᠠᠳᠬᠤᠬᠤ ᠳᠤ ᠪᠠᠶᠢᠨ᠎ᠠ᠃ ᠡᠶᠢᠮᠤ  ᠠᠴᠠ ᠪᠢᠳᠡ ᠡᠷᠬᠡᠪᠰᠢ ᠵᠦᠪ ᠤᠨᠤᠪᠴᠢᠲᠠᠢ ᠤᠯᠤᠰ ᠲᠦᠷᠤ  ᠶᠢᠨ ᠴᠢᠭᠯᠡᠯ  ᠢ ᠪᠠᠷᠢᠮᠲᠠᠯᠠᠵᠤ᠂ ᠬᠤᠭᠤᠴᠠᠭ᠎ᠠ ᠰᠤᠯᠢᠬᠤ ᠠᠵᠢᠯ  ᠤᠨ ᠤᠯᠤᠰ ᠲᠦᠷᠤ  ᠶᠢᠨ ᠱᠠᠭᠠᠷᠳᠠᠯᠭ᠎ᠠ  ᠶᠢ  ᠬᠢᠨᠠᠮᠠᠭᠠᠢ ᠨᠠᠶᠢᠳᠠᠪᠤᠷᠢᠵᠢᠭᠤᠯᠵᠤ᠂ ᠨᠠᠷᠢᠨ ᠨᠢᠮᠪᠠᠢ ᠵᠤᠬᠢᠶᠠᠨ ᠪᠠᠶᠢᠭᠤᠯᠵᠤ᠂ ᠨᠢᠭᠲᠠ ᠴᠢᠩᠭ᠎ᠠ ᠬᠡᠷᠡᠭᠵᠢᠭᠦᠯᠤᠨ᠂  ᠡᠮᠬᠢ ᠲᠠᠷᠠᠭᠠᠯᠠᠯ ᠲᠠᠢ  ᠪᠠᠷ ᠶᠠᠪᠤᠭᠳᠠᠭᠤᠯᠵᠤ᠂ ᠬᠤᠭᠤᠴᠠᠭ᠎ᠠ ᠰᠤᠯᠢᠬᠤ ᠠᠵᠢᠯ ᠲᠡᠭᠦᠰ ᠠᠮᠵᠢᠯᠲᠠᠲᠠᠢ ᠪᠡᠶᠡᠯᠡᠭᠳᠡᠬᠦ  ᠶᠢ ᠪᠠᠲᠤᠯᠠᠨ᠎ᠠ᠃ ᠨᠢᠭᠡᠳᠤᠭᠡᠷ ᠲᠤ᠂ ᠺᠠᠳ᠋ᠷ  ᠢ ᠨᠠᠮ  ᠠᠴᠠ ᠬᠠᠮᠢᠶᠠᠷᠬᠤ ᠵᠠᠷᠴᠢᠮ  ᠢ ᠪᠠᠷᠢᠮᠲᠠᠯᠠᠨ᠎ᠠ᠃ ᠨᠠᠮ  ᠤᠨ ᠤᠳᠤᠷᠢᠳᠤᠯᠭ᠎ᠠ ᠪᠤᠯ ᠦᠨᠳᠤᠰᠤ᠂ ᠠᠷᠠᠳᠴᠢᠯᠠᠯ  ᠢ ᠪᠠᠳᠠᠷᠠᠭᠤᠯᠬᠤ ᠪᠤᠯ ᠰᠠᠭᠤᠷᠢ᠂ ᠬᠠᠤᠯᠢ ᠶᠤᠰᠤᠭᠠᠷ ᠠᠵᠢᠯᠯᠠᠬᠤ ᠪᠤᠯ ᠪᠠᠲᠤᠯᠠᠭ᠎ᠠ᠃ ᠵᠦᠪ ᠤᠨᠤᠪᠴᠢᠲᠠᠢ ᠴᠢᠭᠯᠡᠯ  ᠢ ᠴᠢᠩᠭ᠎ᠠ  ᠡᠵᠡᠮᠳᠡᠨ᠎ᠡ᠂ ᠬᠤᠭᠤᠴᠠᠭ᠎ᠠ ᠰᠤᠯᠢᠬᠤ ᠠᠵᠢᠯ  ᠤᠨ ᠪᠦᠬᠦ ᠶᠠᠪᠤᠴᠠ ᠪᠠ ᠡᠯ᠎ᠡ ᠲᠠᠯ᠎ᠠ ᠳᠤ ᠨᠠᠮ  ᠤᠨ ᠤᠳᠤᠷᠢᠳᠤᠯᠭ᠎ᠠ  ᠶᠢ ᠪᠠᠷᠢᠮᠲᠠᠯᠠᠨ᠂ ᠨᠠᠮ  ᠤᠨ ᠬᠤᠷᠢᠶᠠᠨ  ᠤ ᠪᠦᠬᠦ ᠲᠠᠯ᠎ᠠ  ᠶᠢ  ᠡᠵᠡᠮᠳᠡᠵᠤ᠂ ᠡᠯ᠎ᠡ ᠲᠠᠯ᠎ᠠ  ᠶᠢᠨ ᠬᠢ  ᠶᠢ ᠵᠤᠬᠢᠴᠠᠭᠤᠯᠬᠤ ᠦᠢᠯᠡᠳᠤᠯ  ᠢ ᠬᠦᠢᠴᠡᠳ ᠪᠠᠳᠠᠷᠠᠭᠤᠯᠤᠨ᠂ ᠨᠠᠮ  ᠤᠨ ᠵᠤᠬᠢᠶᠠᠨ ᠪᠠᠶᠢᠭᠤᠯᠤᠯᠲᠠ  ᠶᠢᠨ ᠤᠳᠤᠷᠢᠳᠬᠤ ᠪᠠ ᠪᠤᠭᠤᠮᠳᠠ ᠠᠳᠬᠤᠬᠤ ᠦᠢᠯᠡᠳᠤᠯ  ᠢ ᠪᠠᠳᠠᠷᠠᠭᠤᠯᠵᠤ᠂ ᠨᠠᠮ  ᠤᠨ ᠲᠦᠪ ᠬᠤᠷᠢᠶᠠᠨ  ᠤ ᠲᠤᠭᠲᠠᠭᠰᠡᠨ ᠴᠢᠭᠯᠡᠯᠲᠡ ᠵᠠᠷᠴᠢᠮ  ᠢ ᠢᠮᠠᠭᠲᠠ ᠪᠠᠷᠢᠮᠲᠠᠯᠠᠨ᠂ ᠨᠠᠮ  ᠤᠨ ᠲᠦᠪ ᠬᠤᠷᠢᠶᠠᠨ ᠎ ᠤ ᠲᠤᠭᠲᠠᠭᠰᠡᠨ ᠬᠠᠷᠠᠯᠲᠠ ᠱᠠᠭᠠᠷᠳᠠᠯᠭ᠎ᠠ  ᠶᠢ ᠪᠦᠬᠦ ᠲᠠᠯ᠎ᠠ  ᠪᠠᠷ ᠪᠡᠶᠡᠯᠡᠭᠦᠯᠵᠤ᠂ ᠨᠠᠮ  ᠤᠨ ᠲᠦᠪ ᠬᠤᠷᠢᠶᠠᠨ  ᠤ ᠲᠤᠭᠲᠠᠭᠰᠠᠨ ᠰᠠᠬᠢᠯᠭ᠎ᠠ ᠪᠠᠲᠤ  ᠶᠢᠨ ᠲᠤᠭᠲᠠᠭᠠᠯ  ᠢ ᠴᠢᠩᠭ᠎ᠠ ᠬᠡᠷᠡᠭᠵᠢᠭᠦᠯᠤᠨ᠂ ᠦᠵᠡᠯ ᠰᠠᠨᠠᠭ᠎ᠠ ᠤᠯᠤᠰ ᠲᠦᠷᠤ  ᠵᠤᠬᠢᠶᠠᠨ ᠪᠠᠶᠢᠭᠤᠯᠤᠯᠲᠠ  ᠶᠢᠨ ᠲᠠᠯ᠎ᠠ  ᠪᠠᠷ ᠨᠠᠮ  ᠤᠨ  ᠤᠳᠤᠷᠢᠳᠤᠯᠭ᠎ᠠ  ᠶᠢ ᠦᠨᠡᠨᠬᠦ ᠪᠠᠷᠢᠮᠲᠠᠯᠠᠵᠤ ᠪᠤᠲᠠᠲᠠᠢ ᠳᠤ ᠨᠠᠶᠢᠳᠠᠪᠤᠷᠢᠵᠢᠭᠤᠯᠤᠨ᠎ᠠ᠃ ᠠᠷᠠᠳᠴᠢᠯᠠᠯ  ᠢ ᠬᠦᠢᠴᠡᠳ ᠪᠠᠳᠠᠷᠠᠭᠤᠯᠤᠨ᠎ᠠ᠂ ᠠᠷᠠᠳ ᠲᠦᠮᠡᠨ  ᠤ ᠭᠤᠤᠯ ᠴᠤᠭᠴᠠ ᠎ ᠶᠢᠨ ᠦᠢᠯᠡᠳᠤᠯ  ᠢ ᠪᠠᠷᠢᠮᠲᠠᠯᠠᠵᠤ᠂ ᠨᠠᠮ  ᠤᠨ  ᠤᠯᠡᠨ ᠲᠦᠮᠡᠨᠴᠢ ᠱᠤᠭᠤᠮ  ᠢ ᠦᠢᠯᠡᠳᠤᠯᠭᠡᠵᠢᠭᠦᠯᠵᠤ᠂ ᠲᠦᠯᠤᠭᠡᠯᠡᠭᠴᠢ ᠭᠡᠰᠢᠬᠦᠨ᠂ ᠨᠠᠮ  ᠤᠨ ᠭᠡᠰᠢᠬᠦᠨ ᠺᠠᠳ᠋ᠷ ᠤᠯᠡᠨ ᠲᠦᠮᠡᠨ  ᠤ ᠠᠷᠠᠳᠴᠢᠯᠠᠯ  ᠤᠨ ᠡᠷᠬᠡ  ᠶᠢ ᠬᠦᠨᠳᠤᠳᠭᠡᠨ ᠪᠠᠲᠤᠯᠠᠵᠤ᠂ ᠡᠮᠬᠢ ᠵᠠᠮᠪᠠᠷᠠᠭ᠎ᠠ ᠲᠠᠢ  ᠪᠠᠷ ᠤᠯᠤᠰ ᠲᠦᠷᠤ ᠳᠤ ᠤᠷᠤᠯᠴᠠᠬᠤ  ᠶᠢ ᠦᠷᠭᠡᠳᠭᠡᠨ ᠲᠡᠭᠦᠯᠳᠡᠷᠵᠢᠭᠦᠯᠵᠤ᠂ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ᠂ ᠤᠯᠤᠰ ᠲᠦᠷᠤ  ᠶᠢᠨ ᠵᠦᠪᠯᠡᠯᠭᠡᠨ  ᠤ ᠨᠠᠮ  ᠤᠨ ᠲᠤᠭᠤᠶᠢᠯᠠᠩ  ᠤᠨ ᠰᠠᠨᠠᠯ  ᠢ ᠬᠦᠨᠳᠤᠳᠭᠡᠨ ᠰᠤᠨᠤᠰᠴᠤ᠂ ᠨᠠᠮ  ᠤᠨ ᠭᠠᠳᠠᠨᠠᠬᠢ ᠬᠦᠮᠤᠰ ᠪᠠ ᠬᠤᠯᠪᠤᠭᠳᠠᠯ  ᠪᠦᠬᠦᠢ ᠲᠠᠯ᠎ᠠ  ᠶᠢᠨ ᠬᠢᠨ  ᠤ ᠰᠠᠨᠠᠯ  ᠢ ᠰᠤᠨᠤᠰᠴᠤ᠂ ᠬᠦᠰᠡᠯ ᠵᠤᠷᠢᠯᠲᠠ ᠎ ᠪᠠᠨ ᠦᠨᠡᠨ ᠮᠦᠨ  ᠢᠶᠠᠷ ᠢᠯᠡᠳᠭᠡᠬᠦ  ᠎ ᠳᠤ ᠠᠰᠢᠭᠲᠠᠢ ᠤᠷᠴᠢᠨ ᠠᠬᠤᠢ ᠪᠠ  ᠨᠦᠬᠦᠴᠡᠯ ᠡᠭᠦᠳᠴᠤ᠂ ᠲᠦᠯᠤᠭᠡᠯᠡᠭᠴᠢ ᠭᠡᠰᠢᠬᠦᠨ  ᠤ ᠡᠭᠦᠷᠭᠡ ᠬᠠᠷᠢᠭᠤᠴᠠᠯᠭ᠎ᠠ  ᠪᠠᠨ ᠬᠢᠨᠠᠮᠠᠭᠠᠢ ᠬᠦᠢᠴᠡᠳᠭᠡᠵᠤ᠂ ᠡᠷᠭᠡ  ᠪᠠᠨ ᠵᠦᠪ  ᠢᠶᠠᠷ  ᠬᠡᠷᠡᠭᠯᠡᠨ᠂  ᠪᠠᠶᠢᠪᠠᠰᠤ ᠵᠤᠬᠢᠬᠤ ᠦᠢᠯᠡᠳᠤᠯ  ᠢᠶᠠᠨ  ᠪᠠᠳᠠᠷᠠᠭᠤᠯᠬᠤ  ᠶᠢ ᠵᠤᠷᠢᠭᠵᠢᠭᠤᠯᠤᠨ  ᠂ ᠨᠠᠮ  ᠤᠨ ᠤᠳᠤᠷᠢᠳᠤᠯᠭ᠎ᠠ ᠪᠠ ᠠᠷᠠᠳᠴᠢᠯᠠᠯ ᠲᠦᠪᠯᠡᠷᠡᠯ  ᠤᠨ ᠲᠦᠷᠢᠮ  ᠢ ᠪᠠᠷᠢᠮᠲᠠᠯᠠᠬᠤ ᠤᠷᠢᠳᠠᠯ ᠲᠤᠤᠷ᠎ᠠ᠂  ᠲᠠᠨᠢᠯᠴᠠᠭᠤᠯᠬᠤ᠂  ᠰᠢᠯᠭᠠᠨ ᠪᠠᠶᠢᠴᠠᠭᠠᠬᠤ᠂ ᠶᠠᠷᠢᠯᠴᠠᠨ ᠵᠦᠪᠳᠡᠯᠴᠡᠬᠦ᠂ ᠨᠠᠷ᠎ᠠ ᠲᠤᠷᠠᠳᠬᠤ ᠪᠠ ᠶᠡᠭᠡ ᠬᠤᠷᠠᠯ  ᠤᠨ ᠰᠤᠩᠭᠤᠭᠤᠯᠢ ᠵᠡᠷᠭᠡ ᠡᠯ᠎ᠡ ᠶᠠᠪᠤᠴᠠ  ᠪᠠᠷ ᠲᠠᠮᠵᠢᠨ᠂ ᠬᠤᠭᠤᠴᠠᠭ᠎ᠠ ᠰᠤᠯᠢᠬᠤ ᠠᠵᠢᠯᠲᠠᠨ  ᠤ ᠲᠤᠬᠢᠷᠠᠭᠤᠯᠤᠯᠲᠠ  ᠶᠢ ᠦᠷᠭᠡᠨ ᠲᠡᠯᠭᠡᠷᠡᠩᠬᠦᠢ  ᠮᠦᠷᠲᠡᠭᠡᠨ ᠪᠠᠲᠤ ᠪᠠᠬᠢ ᠠᠷᠠᠳ  ᠤᠨ ᠰᠠᠨᠠᠯ  ᠤᠨ ᠰᠠᠭᠤᠷᠢ ᠲᠠᠢ ᠪᠤᠯᠭᠠᠨ᠎ᠠ᠃ ᠬᠠᠤᠯᠢ  ᠶᠢ ᠴᠢᠩᠭ᠎ᠠ ᠵᠢᠷᠤᠮᠯᠠᠨ ᠠᠵᠢᠯ  ᠬᠦᠢᠴᠡᠳᠭᠡᠨ᠎ᠡ᠂ ᠤᠯᠤᠰ  ᠤᠨ ᠬᠠᠤᠯᠢ ᠴᠠᠭᠠᠵᠠ᠂ ᠨᠠᠮ  ᠤᠨ ᠲᠤᠲᠤᠭᠠᠳᠤ  ᠶᠢᠨ ᠬᠠᠤᠯᠢ ᠲᠦᠷᠢᠮ  ᠤᠨ ᠲᠦᠪ ᠴᠢᠩᠭ᠎ᠠ ᠴᠢᠨᠠᠷ ᠪᠠ ᠡᠷᠬᠡ ᠰᠦᠷ ᠴᠢᠨᠠᠷ  ᠢ ᠤᠬᠠᠮᠰᠠᠷ  ᠠᠴᠠ  ᠪᠠᠨ ᠬᠠᠮᠠᠭᠠᠯᠠᠵᠤ᠂ ᠦᠨᠳᠤᠰᠤᠨ ᠬᠠᠤᠯᠢ᠂ ᠰᠤᠩᠭᠤᠭᠤᠯᠢ  ᠶᠢᠨ  ᠬᠠᠤᠯᠢ᠂  ᠤᠷᠤᠨ ᠨᠤᠲᠤᠭ  ᠤᠨ ᠵᠤᠬᠢᠶᠠᠨ ᠪᠠᠶᠢᠭᠤᠯᠤᠯᠲᠠ  ᠶᠢᠨ ᠬᠠᠤᠯᠢ᠂ ᠤᠯᠤᠰ ᠲᠦᠷᠤ  ᠶᠢᠨ ᠵᠦᠪᠯᠡᠯᠭᠡᠨ  ᠤ ᠲᠦᠷᠢᠮ ᠵᠡᠷᠭᠡ ᠬᠤᠯᠪᠤᠭᠳᠠᠯ ᠪᠦᠬᠦᠢ ᠲᠤᠭᠲᠠᠭᠠᠯ  ᠢ ᠬᠢᠨᠠᠮᠠᠭᠠᠢ ᠬᠡᠷᠡᠭᠵᠢᠭᠦᠯᠵᠤ᠂ ᠬᠠᠤᠯᠢ ᠴᠠᠭᠠᠵᠠ  ᠶᠢᠨ ᠬᠡᠪᠴᠢᠶᠠᠨ ᠲᠤᠲᠤᠷ᠎ᠠ ᠠᠵᠢᠯ  ᠦᠷᠨᠢᠭᠦᠯᠵᠤ᠂ ᠬᠠᠤᠯᠢ ᠴᠠᠭᠠᠵᠠ ᠲᠤᠭᠲᠠᠭᠠᠯ ᠪᠠ ᠤᠯᠤᠰ ᠲᠦᠷᠤ  ᠶᠢᠨ ᠵᠦᠪᠯᠡᠯᠭᠡᠨ  ᠤ  ᠲᠦᠷᠢᠮ  ᠢ ᠴᠢᠳᠠᠮᠠᠭᠠᠢ  ᠪᠠᠷ ᠠᠰᠢᠭᠯᠠᠵᠤ ᠠᠰᠠᠭᠤᠳᠠᠯ  ᠢ ᠰᠢᠢᠳᠪᠤᠷᠢᠯᠡᠨ᠎ᠡ᠂ ᠢᠯᠠᠩᠭᠤᠶ᠎ᠠ ᠬᠠᠤᠯᠢ  ᠠᠴᠠ  ᠲᠤᠭᠲᠠᠭᠰᠡᠨ ᠠᠯᠬᠤᠮ ᠶᠠᠪᠤᠴᠠ  ᠎ ᠶᠢ ᠴᠢᠩᠭ᠎ᠠ ᠬᠦᠢᠴᠡᠳᠭᠡᠨ᠂  ᠪᠠᠶᠢᠬᠤ ᠴᠢᠬᠤᠯᠠᠲᠠᠢ ᠠᠯᠬᠤᠮ ᠶᠠᠪᠤᠴᠠ ᠨᠢᠭᠡ ᠴᠤ ᠲᠤᠲᠠᠭᠳᠠᠵᠤ ᠪᠤᠯᠬᠤ ᠦᠭᠡᠢ᠂  ᠵᠢᠷᠤᠮᠯᠠᠬᠤ ᠴᠢᠬᠤᠯᠠᠲᠠᠢ ᠶᠤᠰᠤ ᠲᠦᠷᠢᠮ  ᠢ ᠨᠢᠭᠡ ᠴᠤ ᠡᠪᠳᠡᠵᠤ ᠪᠤᠯᠬᠤ ᠦᠭᠡᠢ᠂ ᠬᠠᠤᠯᠢ ᠳᠤ ᠲᠤᠭᠲᠠᠭᠰᠡᠨ ᠠᠯᠬᠤᠮ ᠶᠠᠪᠤᠴᠠ  ᠪᠠᠷ ᠲᠠᠮᠵᠢᠨ ᠨᠠᠮ ᠎ ᠤᠨ ᠵᠤᠷᠢᠯᠲᠠ  ᠶᠢ ᠤᠯᠤᠰ  ᠤᠨ  ᠵᠤᠷᠢᠯᠲᠠ ᠪᠤᠯᠭᠠᠵᠤ᠂ ᠨᠠᠮ  ᠤᠨ  ᠵᠤᠬᠢᠶᠠᠨ ᠪᠠᠶᠢᠭᠤᠯᠤᠯᠲᠠ  ᠠᠴᠠ ᠲᠠᠨᠢᠯᠴᠠᠭᠤᠯᠤᠭᠰᠡᠨ ᠬᠦᠮᠤᠨ  ᠢ  ᠤᠳᠤᠷᠢᠳᠬᠤ ᠪᠠᠶᠢᠷᠢᠨ ᠳᠤ ᠰᠤᠩᠭᠤᠵᠤ ᠭᠠᠷᠭᠠᠨ᠎ᠠ  ᠃ ᠬᠤᠶᠠᠳᠤᠭᠠᠷ ᠲᠤ᠂ ᠵᠦᠪ ᠤᠨᠤᠪᠴᠢᠲᠠᠢ  ᠬᠦᠮᠤᠨ ᠬᠡᠷᠡᠭᠯᠡᠬᠦ ᠤᠳᠤᠷᠢᠳᠤᠮᠵᠢ  ᠶᠢ ᠪᠠᠷᠢᠮᠲᠠᠯᠠᠨ᠎ᠠ᠃ ᠬᠦᠮᠤᠨ ᠬᠡᠷᠡᠭᠯᠡᠬᠦ ᠵᠠᠩᠬᠢᠯᠠᠭ᠎ᠠ ᠨᠢ ᠤᠳᠤᠷᠢᠳᠤᠮᠵᠢ ᠳᠤ ᠪᠤᠢ᠃ ᠶᠠᠮᠠᠷ ᠬᠦᠮᠤᠨ  ᠢ ᠰᠤᠩᠭᠤᠵᠤ ᠶᠠᠮᠠᠷ ᠬᠦᠮᠤᠨ  ᠢ ᠬᠡᠷᠡᠭᠯᠡᠬᠦ ᠎ ᠨᠢ ᠬᠤᠭᠤᠴᠠᠭ᠎ᠠ ᠰᠤᠯᠢᠬᠤ ᠦᠷ᠎ᠡ ᠪᠦᠲᠤᠮᠵᠢ  ᠶᠢ ᠰᠢᠯᠭᠠᠨ ᠪᠠᠶᠢᠴᠠᠭᠠᠬᠤ  ᠶᠢᠨ ᠴᠢᠬᠤᠯᠨ ᠪᠠᠷᠢᠮᠵᠢᠶ᠎ᠠ ᠮᠦᠨ᠃  ᠰᠠᠶᠢᠨ ᠺᠠᠳ᠋ᠷ  ᠤᠨ ᠪᠠᠷᠢᠮᠵᠢᠶ᠎ᠠ  ᠶᠢ  ᠪᠠᠷᠢᠮᠲᠠᠯᠠᠨ᠎ᠠ᠂ ᠬᠤᠲᠠ  ᠶᠢᠨ ᠨᠠᠮ  ᠤᠨ ᠬᠤᠷᠢᠶᠠᠨ  ᠤ ᠭᠤᠤᠯ ᠠᠵᠢᠯ ᠪᠠ ᠪᠦᠬᠦ ᠬᠤᠲᠠ  ᠶᠢᠨ ᠬᠦᠭᠵᠢᠯᠲᠡ  ᠶᠢᠨ ᠶᠡᠭᠡ ᠪᠠᠶᠢᠳᠠᠯ ᠳᠤ ᠬᠠᠨᠳᠤᠭᠤᠯᠤᠨ ᠺᠠᠳ᠋ᠷ ᠲᠤᠬᠢᠷᠠᠭᠤᠯᠵᠤ᠂ ᠬᠦᠰᠡᠯᠠᠩ ᠢᠲᠡᠭᠡᠯ ᠪᠠᠲᠤ᠂ ᠨᠠᠮ ᠪᠠ ᠤᠯᠡᠨ ᠲᠦᠮᠡᠨ ᠳᠤ ᠦᠨᠡᠨᠴᠢ᠂ ︽ ᠭᠤᠷᠪᠡᠨ ᠴᠢᠩᠭ᠎ᠠ ᠭᠤᠷᠪᠠᠨ ᠪᠤᠲᠠᠲᠠᠢ︾ ᠎ ᠶᠢ ᠤᠬᠠᠮᠰᠠᠷ  ᠠᠴᠠ  ᠪᠠᠨ ᠦᠢᠯᠡᠳᠤᠯᠭᠡᠵᠢᠭᠦᠯᠬᠦ ᠺᠠᠳ᠋ᠷ  ᠢ ᠶᠡᠬᠡᠪᠡᠷ ᠰᠤᠩᠭᠤᠨ ᠲᠡᠪᠰᠢᠬᠦᠯᠤᠨ᠎ᠡ᠂ ᠦᠪᠡᠷ  ᠤᠨ ᠪᠡᠶ᠎ᠡ ᠎ ᠪᠠᠨ ᠴᠢᠩᠭ᠎ᠠ  ᠱᠠᠭᠠᠷᠳᠠᠵᠤ᠂  ᠦᠨᠡᠨᠬᠦ ᠠᠵᠢᠯ ᠬᠢᠳᠡᠭ᠂ ᠤᠪᠤᠷ ᠰᠤᠷᠲᠠᠯ ᠲᠦᠪ ᠺᠠᠳ᠋ᠷ  ᠢ ᠰᠤᠩᠭᠤᠨ ᠲᠡᠪᠰᠢᠬᠦᠯᠤᠨ᠎ᠡ᠂ ᠰᠢᠨ᠎ᠡ ᠬᠦᠭᠵᠢᠯᠲᠡ  ᠶᠢᠨ ᠤᠨᠤᠯᠵᠢᠬᠤᠨ  ᠢ ᠤᠬᠠᠮᠰᠠᠷ  ᠠᠴᠠ  ᠪᠠᠨ ᠨᠠᠶᠢᠳᠠᠪᠤᠷᠢᠵᠢᠭᠤᠯᠵᠤ᠂ ᠠᠵᠤ ᠠᠬᠤᠢ  ᠶᠢᠨ ᠬᠦᠭᠵᠢᠯᠲᠡ  ᠶᠢᠨ ᠰᠢᠨ᠎ᠡ ᠬᠡᠪ ᠪᠠᠶᠢᠳᠠᠯ ᠲᠠᠢ ᠵᠤᠬᠢᠴᠠᠵᠤ ᠲᠠᠶᠢᠯᠬᠦ ᠮᠦᠷᠲᠡᠭᠡᠨ ᠬᠦᠲᠤᠯᠤᠨ ᠲᠠᠭᠠᠭᠤᠯᠵᠤ ᠴᠢᠳᠠᠬᠤ᠂ ᠠᠵᠢᠯ  ᠤᠨ ᠲᠤᠮᠳᠠ ᠵᠤᠷᠢᠭᠲᠠᠢ  ᠪᠠᠷ ᠡᠭᠦᠷᠭᠡᠯᠡᠵᠤ᠂ ᠠᠵᠢᠯ  ᠤᠨ ᠦᠷ᠎ᠡ ᠪᠦᠲᠤᠮᠵᠢ ᠲᠤᠪᠤᠶᠢᠮ᠎ᠠ ᠺᠠᠳ᠋ᠷ  ᠢ ᠰᠤᠩᠭᠤᠨ ᠲᠡᠪᠰᠢᠬᠦᠯᠤᠨ᠎ᠡ᠂ ᠠᠷᠢᠭᠤᠨ ᠴᠢᠭᠡᠴᠢ  ᠪᠠᠷ ᠵᠠᠰᠠᠭ ᠪᠠᠷᠢᠵᠤ᠂ ᠤᠯᠡᠨ ᠲᠦᠮᠡᠨ ᠳᠤ ᠢᠲᠡᠭᠡᠯ ᠲᠠᠢ ᠺᠠᠳ᠋ᠷ  ᠢ ᠰᠤᠩᠭᠤᠨ ᠲᠡᠪᠰᠢᠬᠦᠯᠤᠨ᠎ᠡ᠂  ᠤᠳᠤᠬᠢ ᠲᠤᠰᠢᠶᠠᠯ  ᠎ ᠢᠶᠠᠨ ᠬᠦᠢᠴᠡᠳᠭᠡᠵᠤ ᠲᠠᠶᠢᠯᠬᠦ ᠦᠭᠡᠢ ᠺᠠᠳ᠋ᠷ  ᠢ ᠲᠤᠬᠢᠷᠠᠭᠤᠯᠬᠤ ᠡᠷᠴᠢᠮ  ᠢ ᠶᠡᠭᠡᠳᠭᠡᠨ᠂ ᠬᠦᠮᠤᠨ  ᠤ ᠴᠢᠨᠠᠷ  ᠢᠶᠠᠷ ᠮᠠᠭᠤ᠂ ᠤᠯᠡᠨ ᠲᠦᠮᠡᠨ  ᠤ ᠲᠤᠮᠳᠠ ᠨᠦᠯᠤᠭᠡ ᠮᠠᠭᠤᠲᠠᠢ᠂ ᠠᠵᠢᠯ  ᠤᠨ ᠦᠷ᠎ᠡ ᠪᠦᠲᠤᠮᠵᠢ ᠲᠤᠪᠤᠶᠢᠮ᠎ᠠ ᠪᠤᠰᠤ᠂ ᠡᠳᠤᠷ  ᠢ ᠠᠷᠭᠠᠴᠠᠨ ᠦᠩᠭᠡᠷᠡᠭᠦᠯᠵᠤ ᠪᠠᠶᠢᠭ᠎ᠠ ᠺᠠᠳ᠋ᠷ  ᠢ ᠡᠷᠬᠡᠪᠰᠢ ᠲᠤᠬᠢᠷᠠᠭᠤᠯᠬᠤ ᠪᠤᠶᠤ ᠤᠭᠲᠤ ᠬᠡᠷᠡᠭᠯᠡᠵᠤ ᠪᠤᠯᠬᠤ ᠦᠭᠡᠢ᠂ ᠴᠢᠳᠠᠪᠤᠷᠢ ᠲᠠᠢ  ᠶᠢ ᠨᠢ ᠲᠡᠪᠰᠢᠬᠦᠯᠵᠤ᠂ ᠶᠡᠷᠤᠮᠳᠡᠭ  ᠢ ᠨᠢ ᠪᠠᠭᠤᠯᠭᠠᠵᠤ᠂ ᠠᠳᠠᠭ  ᠢ ᠨᠢ   ᠰᠢᠭ᠍ᠰᠢᠵᠤ᠂ ᠪᠦᠬᠦ ᠬᠤᠲᠠ  ᠶᠢᠨ ᠬᠡᠪᠴᠢᠶᠠᠨ ᠎ ᠳᠤ ᠵᠤᠷᠢᠭᠲᠠᠢ  ᠪᠠᠷ ᠡᠭᠦᠷᠭᠡᠯᠡᠵᠤ ᠦᠢᠯᠡᠰ ᠪᠦᠲᠤᠭᠡᠬᠦ ᠤᠷᠴᠢᠨ ᠲᠤᠭᠤᠷᠢᠨ  ᠢ ᠪᠤᠢ ᠪᠤᠯᠭᠠᠨ᠎ᠠ᠃ ᠲᠠᠨᠢᠯᠴᠠᠭᠤᠯᠬᠤ ᠰᠢᠯᠭᠠᠨ ᠪᠠᠶᠢᠴᠠᠭᠠᠬᠤ ᠠᠷᠭ᠎ᠠ  ᠎ ᠶᠢ ᠰᠢᠨᠠᠳᠭᠡᠨ᠎ᠡ᠃ ᠰᠠᠨᠠᠯ  ᠢ ᠬᠦᠯᠢᠶᠠᠨ ᠠᠪᠴᠤ ᠰᠤᠨᠤᠰᠬᠤ ᠪᠠ ᠵᠤᠬᠢᠶᠠᠨ ᠪᠠᠶᠢᠭᠤᠯᠤᠯᠲᠠ  ᠶᠢᠨ ᠵᠤᠷᠢᠯᠲᠠ  ᠶᠢ ᠬᠠᠷᠢᠯᠴᠠᠨ  ᠤᠶᠠᠯᠳᠤᠭᠤᠯᠬᠤ᠂ ᠠᠷᠠᠳᠴᠢᠯᠠᠯ ᠪᠠ ᠲᠦᠪᠯᠡᠷᠡᠯ  ᠢ ᠬᠠᠷᠢᠯᠴᠠᠨ ᠨᠢᠭᠡᠳᠭᠡᠬᠦ᠂ ᠬᠤᠭᠤᠴᠠᠭ᠎ᠠ ᠰᠤᠯᠢᠬᠤ ᠰᠢᠯᠭᠠᠨ ᠪᠠᠶᠢᠴᠠᠭᠠᠯᠲᠠ ᠪᠠ  ᠶᠡᠷᠤᠳᠡ  ᠶᠢᠨ ᠢᠯᠡᠷᠡᠯ  ᠢ ᠬᠠᠷᠢᠯᠴᠠᠨ ᠬᠠᠷᠭᠤᠭᠤᠯᠬᠤ  ᠶᠢ ᠪᠠᠷᠢᠮᠲᠠᠯᠠᠨ᠂ ᠰᠢ ᠶᠢᠨ ᠫᠢᠡᠭ ᠶᠡᠷᠤᠩᠬᠡᠢ ᠱᠦᠵᠢ  ᠶᠢᠨ ᠲᠤᠷᠠᠳᠤᠭᠰᠡᠨ ︽ᠲᠠᠪᠤᠨ ᠲᠠᠯ᠎ᠠ  ᠶᠢ ᠠᠵᠢᠭᠯᠠᠨ ᠪᠠᠶᠢᠴᠠᠭᠠᠬᠤ ᠲᠠᠪᠤ  ᠶᠢ ᠦᠵᠡᠬᠦ︾ ︵ᠲᠡᠳᠡᠨ  ᠤ ᠴᠢᠬᠤᠯᠨ ᠶᠡᠭᠡ ᠬᠡᠷᠡᠭ ᠶᠠᠪᠤᠳᠠᠯ  ᠤᠨ ᠲᠤᠬᠠᠢ ᠪᠤᠳᠤᠯᠬᠢᠯᠠᠯ  ᠢ  ᠰᠢᠨᠵᠢᠯᠡᠨ ᠪᠠᠶᠢᠴᠠᠭᠠᠬᠤ  ᠠᠴᠠ  ᠦᠵᠡᠯᠲᠡ ᠲᠠᠨᠢᠯᠲᠠ  ᠶᠢ ᠨᠢ ᠦᠢᠯᠠᠭᠠᠵᠤ ᠲᠠᠶᠢᠯᠤᠨ᠎ᠡ᠂ ᠲᠡᠳᠡᠨ ᠎ ᠤ ᠤᠯᠡᠨ ᠲᠦᠮᠡᠨ  ᠎ ᠳᠤ ᠬᠠᠨᠳᠤᠬᠤ  ᠤᠪᠤᠷ  ᠢ  ᠰᠢᠨᠵᠢᠯᠠᠨ ᠪᠠᠶᠢᠴᠠᠭᠠᠬᠤ  ᠠᠴᠠ ᠵᠠᠩ ᠴᠢᠨᠠᠷ ᠬᠠᠶᠢᠷ᠎ᠠ ᠰᠡᠳᠬᠢᠯᠭᠡ  ᠎ ᠶᠢ ᠨᠢ ᠦᠢᠯᠠᠭᠠᠵᠤ ᠲᠠᠶᠢᠯᠤᠨ᠎ᠡ᠂  ᠲᠡᠳᠡᠨ  ᠤ ᠨᠡᠷ᠎ᠡ ᠠᠰᠢᠭ ᠲᠤ ᠬᠠᠨᠳᠤᠬᠤ ᠤᠪᠤᠷ  ᠢ ᠰᠢᠨᠵᠢᠯᠡᠨ ᠪᠠᠶᠢᠴᠠᠭᠠᠬᠤ  ᠠᠴᠠ ᠬᠢᠷᠢ ᠲᠦᠪᠰᠢᠨ  ᠎ ᠢ ᠨᠢ ᠦᠢᠯᠠᠭᠠᠵᠤ ᠲᠠᠶᠢᠯᠤᠨ᠎ᠡ᠂ ᠲᠡᠳᠡᠨ  ᠤ ᠬᠦᠮᠤᠨ ᠲᠠᠢ ᠬᠠᠷᠢᠯᠴᠠᠵᠤ  ᠶᠠᠪᠤᠳᠠᠯ ᠬᠦᠢᠴᠡᠳᠭᠡᠬᠦ ᠠᠷᠭ᠎ᠠ ᠮᠠᠶ᠋ᠢᠭ  ᠢ ᠰᠢᠨᠵᠢᠯᠡᠨ ᠪᠠᠶᠢᠴᠠᠭᠠᠬᠤ  ᠠᠴᠠ ᠶᠤᠰᠤ  ᠰᠤᠷᠲᠠᠬᠤᠨ ᠮᠦᠨ ᠴᠢᠨᠠᠷ  ᠢ ᠎ ᠨᠢ ᠦᠢᠯᠠᠭᠠᠵᠤ ᠲᠠᠶᠢᠯᠤᠨ᠎ᠡ᠂ ᠲᠡᠳᠡᠨ  ᠤ ᠪᠤᠳᠠᠯᠢᠶᠠᠨᠲᠠᠢ ᠠᠰᠠᠭᠤᠳᠠᠯ  ᠢ ᠰᠢᠢᠳᠪᠤᠷᠢᠯᠡᠬᠦ ᠴᠢᠳᠠᠪᠤᠷᠢ  ᠎ ᠶᠢ ᠰᠢᠨᠵᠢᠯᠡᠨ ᠪᠠᠶᠢᠴᠠᠭᠠᠬᠤ  ᠠᠴᠠ ᠶᠡᠷᠤᠩᠬᠡᠢ ᠴᠢᠨᠠᠷ  ᠴᠢᠨᠰᠠᠭ᠎ᠠ  ᠎ ᠶᠢ ᠨᠢ ᠦᠢᠯᠠᠭᠠᠵᠤ ᠲᠠᠶᠢᠯᠤᠨ᠎ᠡ  ︶  ᠬᠦᠮᠤᠨ ᠰᠤᠩᠭᠤᠬᠤ ᠱᠠᠭᠠᠷᠳᠠᠯᠭ᠎ᠠ  ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠶᠡᠷᠤᠩᠬᠡᠢ ᠵᠠᠳᠠᠯᠤᠨ ᠮᠠᠭᠠᠳᠯᠠᠯᠲᠠ  ᠶᠢ ᠴᠢᠩᠭᠠᠳᠬᠠᠨ᠎ᠠ᠂ ᠠᠷᠠᠳᠴᠢᠯᠠᠯ  ᠢᠶᠠᠷ ᠲᠠᠨᠢᠯᠴᠠᠭᠤᠯᠬᠤ ᠠᠷᠭ᠎ᠠ  ᠶᠢ ᠰᠠᠶᠢᠵᠢᠷᠠᠭᠤᠯᠤᠨ᠂ ︽ ᠨᠡᠶᠢᠳᠡᠮ ᠰᠤᠩᠭᠤᠬᠤ︾ ︽ᠨᠡᠶᠢᠳᠡᠮ ᠲᠠᠨᠢᠯᠴᠠᠭᠤᠯᠬᠤ︾ ᠠᠷᠭ᠎ᠠ  ᠶᠢ ᠠᠪᠴᠤ  ᠪᠤᠯᠬᠤ ᠦᠭᠡᠢ᠂ ᠺᠠᠳ᠋ᠷ ᠲᠠᠢ ᠦᠷᠭᠦᠯᠵᠢ ᠮᠦᠷᠲᠡᠭᠡᠨ ᠵᠠᠷᠴᠢᠮ ᠲᠠᠢ  ᠪᠠᠷ ᠬᠠᠷᠢᠯᠴᠠᠵᠤ᠂  ᠺᠠᠳ᠋ᠷ  ᠢ  ᠤᠯᠡᠨ ᠲᠠᠯ᠎ᠠ  ᠠᠴᠠ᠂ ᠤᠯᠡᠨ ᠲᠠᠪᠬᠤᠷᠭ᠎ᠠ  ᠠᠴᠠ ᠰᠢᠯᠭᠠᠨ ᠪᠠᠶᠢᠴᠠᠭᠠᠵᠤ᠂ ᠺᠠᠳ᠋ᠷ  ᠢ ᠪᠦᠬᠦ ᠲᠠᠯ᠎ᠠ  ᠪᠠᠷ᠂ ᠲᠠᠤᠬᠡᠲᠤ᠂ ᠬᠤᠪᠢᠰᠤᠩᠭᠤᠢ  ᠪᠠᠷ ᠦᠨᠡᠯᠡᠵᠤ᠂ ᠤᠨᠤᠪᠴᠢᠲᠠᠢ  ᠰᠢᠯᠭᠠᠨ ᠪᠠᠶᠢᠴᠠᠭᠠᠵᠤ᠂ ᠵᠦᠪ ᠰᠤᠩᠭᠤᠵᠤ ᠰᠠᠶᠢᠨ ᠺᠠᠳ᠋ᠷ ᠰᠤᠩᠭᠤᠨ᠎ᠡ᠃ ︽ᠠᠰᠠᠭᠤᠳᠠᠯ ᠲᠠᠢ ᠺᠠᠳ᠋ᠷ  ᠢ ᠲᠡᠪᠰᠢᠬᠦᠯᠤᠨ ᠬᠡᠷᠡᠭᠯᠡᠬᠦ︾  ᠎ ᠶᠢ ᠡᠷᠡᠰ  ᠰᠠᠷᠭᠡᠶᠢᠯᠡᠨ᠎ᠡ᠂ ︽〈 ᠠᠰᠠᠭᠤᠳᠠᠯ ᠲᠠᠢ ᠺᠠᠳ᠋ᠷ  ᠢ ᠲᠡᠪᠰᠢᠬᠦᠯᠤᠨ ᠬᠡᠷᠡᠭᠯᠡᠬᠦ 〉 ᠎ ᠶᠢ ᠰᠡᠷᠭᠡᠶᠢᠯᠡᠬᠦ ᠲᠤᠬᠠᠢ ᠰᠠᠨᠠᠯ︾ ᠎ ᠢ ᠴᠢᠩᠭ᠎ᠠ ᠬᠡᠷᠡᠭᠵᠢᠭᠦᠯᠤᠨ᠂᠂ ︽ᠲᠡᠪᠰᠢᠬᠦᠯᠤᠨ ᠬᠡᠷᠡᠭᠯᠡᠪᠡᠯ ᠡᠷᠬᠡᠪᠰᠢ ᠲᠦᠷᠪᠡ  ᠶᠢ ᠪᠠᠶᠢᠴᠠᠭᠠᠬᠤ︾ ︵ᠺᠠᠳ᠋ᠷ  ᠤᠨ ᠲᠠᠩᠰᠡ ᠡᠪᠬᠡᠮᠡᠯ  ᠢ ᠡᠷᠬᠡᠪᠰᠢ ᠬᠢᠨᠠᠬᠤ᠂ ᠬᠤᠪᠢ ᠬᠦᠮᠤᠨ ᠎ ᠤ ᠬᠤᠯᠪᠤᠭᠳᠠᠯ ᠪᠦᠬᠦᠢ ᠶᠠᠪᠤᠳᠠᠯ  ᠤᠨ ᠮᠡᠳᠡᠭᠦᠯᠤᠯᠲᠡ  ᠶᠢ ᠡᠷᠬᠡᠪᠰᠢ ᠬᠠᠷᠭᠤᠭᠤᠯᠬᠤ᠂ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ  ᠶᠢᠨ ᠰᠠᠨᠠᠯ  ᠢ ᠡᠷᠬᠡᠪᠰᠢ ᠰᠤᠨᠤᠰᠬᠤ᠂ ᠪᠤᠲᠠᠲᠠᠢ ᠬᠡᠷᠡᠭ  ᠤᠨ ᠰᠦᠪᠡᠭᠴᠢ ᠲᠠᠢ ᠵᠠᠬᠢᠳᠠᠯ ᠰᠤᠷᠪᠤᠯᠵᠢᠯᠠᠭ᠎ᠠ  ᠶᠢ ᠡᠷᠬᠡᠪᠰᠢ ᠪᠠᠶᠢᠴᠠᠭᠠᠬᠤ︶ ᠱᠠᠭᠠᠷᠳᠠᠯᠭ᠎ᠠ  ᠶᠢ ᠴᠢᠩᠭ᠎ᠠ ᠨᠠᠶᠢᠳᠠᠪᠤᠷᠢᠵᠢᠭᠤᠯᠵᠤ᠂ ᠰᠢᠯᠭᠠᠨ ᠪᠠᠶᠢᠴᠠᠭᠠᠯᠲᠠ  ᠶᠢᠨ ᠴᠢᠳᠠᠪᠬᠢ  ᠶᠢ ᠬᠦᠢᠴᠡᠳ ᠪᠠᠳᠠᠷᠠᠭᠤᠯᠤᠨ᠂ ᠬᠢᠨᠠᠮᠠᠭᠠᠢ ᠵᠠᠳᠠᠯᠤᠨ ᠰᠤᠳᠤᠯᠤᠵᠤ᠂ ᠤᠯᠡᠨ ᠲᠦᠮᠡᠨ  ᠤ ᠰᠠᠨᠠᠯ  ᠢ ᠬᠦᠨᠳᠤᠳᠭᠡᠨ ᠰᠤᠨᠤᠰᠴᠤ᠂ ᠬᠤᠯᠪᠤᠭᠳᠠᠯ ᠪᠦᠬᠦᠢ  ᠲᠠᠯ᠎ᠠ ᠎ ᠶᠢᠨ  ᠲᠤᠰᠬᠠᠯ  ᠢ ᠴᠠᠭ ᠲᠤᠬᠠᠢ ᠳᠤᠨᠢ ᠬᠠᠷᠭᠤᠭᠤᠯᠤᠨ ᠪᠠᠶᠢᠴᠠᠭᠠᠵᠤ ᠰᠢᠢᠳᠪᠤᠷᠢᠯᠡᠨ᠂ ᠠᠰᠠᠭᠤᠳᠠᠯ ᠲᠠᠢ ᠺᠠᠳ᠋ᠷ  ᠢ  ᠲᠠᠯᠪᠢᠵᠤ ᠪᠤᠯᠬᠤ ᠦᠭᠡᠢ ᠮᠦᠷᠲᠡᠭᠡᠨ ᠠᠰᠠᠭᠤᠳᠠᠯ ᠦᠭᠡᠢ ᠺᠠᠳ᠋ᠷ  ᠢ ᠰᠠᠭᠠᠳᠠᠭᠠᠵᠤ ᠪᠤᠯᠬᠤ ᠦᠭᠡᠢ︔ ᠵᠤᠷᠢᠭᠤᠳᠠ ᠬᠦᠳᠭᠡᠨ ᠵᠠᠭᠠᠯᠳᠤᠵᠤ᠂ ᠬᠦᠵᠢᠷᠳᠡᠨ  ᠬᠤᠤᠷᠯᠠᠵᠤ᠂ ᠴᠤᠤᠷᠬᠠᠯ  ᠲᠠᠷᠬᠠᠭᠠᠭᠰᠡᠳ  ᠢ ᠲᠠᠷᠤᠶᠢᠬᠠᠨ ᠬᠠᠷᠭᠤᠭᠤᠯᠤᠨ ᠪᠠᠶᠢᠴᠠᠭᠠᠵᠤ᠂ ᠴᠢᠩᠭ᠎ᠠ ᠰᠢᠳᠭᠡᠨ᠎ᠡ᠂ ᠠᠵᠢᠯ ᠨᠢ  ᠴᠢᠩᠭ᠎ᠠ ᠪᠤᠲᠠᠲᠠᠢ  ᠠᠴᠠ ᠪᠤᠯᠵᠤ ᠬᠦᠮᠤᠨ ᠬᠡᠷᠡᠭᠯᠡᠬᠦ ᠲᠠᠯ᠎ᠠ  ᠪᠠᠷ  ᠠᠯᠳᠠᠭ᠎ᠠ ᠭᠠᠷᠴᠤ᠂ ᠮᠠᠭᠤ ᠨᠦᠯᠤᠭᠡ ᠦᠵᠡᠭᠦᠯᠤᠭ᠍ᠰᠡᠨ ᠪᠤᠯ ᠬᠡᠳᠡᠷᠬᠦ ᠪᠠᠶᠢᠴᠠᠭᠠᠵᠤ ᠬᠠᠷᠢᠭᠤᠴᠠᠯᠭ᠎ᠠ ᠴᠢᠩᠭ᠎ᠠ ᠨᠡᠬᠡᠮᠵᠢᠯᠡᠨ᠎ᠡ᠃ ᠭᠤᠷᠪᠠᠳᠤᠭᠠᠷ ᠲᠤ᠂ ᠪᠠᠭ  ᠤᠨ ᠪᠦᠬᠦᠶᠢᠯᠨ ᠴᠤᠭᠴᠠ  ᠶᠢᠨ ᠴᠢᠳᠠᠪᠬᠢ  ᠶᠢ ᠬᠦᠴᠤᠯᠡᠨ ᠴᠢᠩᠭᠠᠳᠬᠠᠨ᠎ᠠ᠃ ᠪᠠᠭ ᠎ ᠤᠨ  ᠲᠠᠶᠢᠴᠢᠨ ᠬᠦᠴᠤ ᠬᠢᠷᠢ ᠵᠡᠷᠭᠡ ᠭᠡᠰᠡᠨ  ᠢ ᠬᠡᠮᠵᠢᠬᠦ ᠳᠤ ᠵᠠᠩᠬᠢᠯᠠᠭ᠎ᠠ ᠨᠢ ᠪᠦᠲᠤᠴᠡ ᠨᠢ ᠰᠢᠯᠢᠳᠡᠭ ᠡᠰᠡᠬᠦ᠂ ᠴᠢᠳᠡᠪᠬᠢ ᠨᠢ ᠴᠢᠩᠭ᠎ᠠ ᠡᠰᠡᠬᠦ  ᠶᠢ ᠦᠵᠡᠨ᠎ᠡ᠃  ᠬᠦᠴᠤᠨ ᠲᠡᠭᠦᠯᠳᠡᠷ ᠪᠦᠬᠦᠢ ᠤᠳᠤᠷᠢᠳᠬᠤ ᠪᠠᠭ  ᠤᠨ ᠵᠢᠩᠬᠢᠨᠢ ᠲᠤᠰᠢᠶᠠᠯᠲᠠ  ᠢ  ᠲᠤᠬᠢᠷᠠᠭᠤᠯᠤᠨ᠎ᠠ᠂   ᠦᠰᠤᠨ ᠪᠤᠶᠢᠵᠢᠭ᠍ᠰᠡᠨ ᠦᠩᠭᠡᠷᠡᠯᠲᠡ  ᠶᠢ ᠨᠢ  ᠴᠢᠬᠤᠯᠠᠴᠢᠯᠠᠨ ᠦᠵᠡᠵᠤ᠂ ᠵᠦᠢᠲᠠᠢ ᠲᠤᠬᠢᠷᠠᠯᠴᠠᠬᠤ  ᠶᠢ ᠠᠩᠬᠠᠷᠴᠤ᠂ ᠰᠠᠶᠢᠨ  ᠤ ᠲᠤᠮᠳᠠ  ᠠᠴᠠ  ᠰᠢᠯᠢᠳᠡᠭ  ᠢ ᠨᠢ᠂ ᠰᠢᠯᠢᠳᠡᠭ  ᠤᠨ ᠲᠤᠮᠳᠠ  ᠠᠴᠠ ᠤᠬᠢ  ᠶᠢ ᠨᠢ ᠰᠤᠩᠭᠤᠵᠤ᠂ ᠲᠡᠳᠡᠭᠡᠷ ᠤᠯᠤᠰ ᠲᠦᠷᠤ  ᠶᠢᠨ ᠴᠢᠨᠠᠷ ᠴᠢᠨᠰᠠᠭ᠎ᠠ ᠰᠠᠶᠢᠨ᠂ ᠪᠦᠬᠦ ᠲᠠᠯ᠎ᠠ  ᠶᠢ ᠡᠵᠡᠮᠳᠡᠵᠤ ᠲᠠᠶᠢᠯᠬᠦ᠂ ᠤᠯᠡᠨ ᠠᠵᠢᠯ  ᠤᠨ ᠪᠠᠶᠢᠷᠢᠨ  ᠎ ᠳᠤ ᠲᠠᠪᠲᠠᠨ ᠪᠤᠯᠪᠠᠰᠤᠷᠠᠵᠤ ᠦᠩᠭᠡᠷᠡᠭᠰᠡᠨ᠂ ᠪᠤᠲᠠᠲᠠᠢ ᠠᠵᠢᠯ ᠬᠢᠳᠡᠭ᠂ ᠪᠠᠭ  ᠢ   ᠠᠳᠬᠤᠵᠤ ᠡᠩᠨᠡᠭᠡ ᠲᠠᠭᠠᠭᠤᠯᠬᠤ ᠳᠤ ᠴᠢᠳᠠᠮᠠᠭᠠᠢ᠂ ᠲᠦᠪ ᠭᠤᠤᠯᠴᠢ᠂ ᠠᠭᠤᠵᠢᠭᠤ ᠪᠠᠭᠲᠠᠭᠠᠮᠵᠢᠲᠠᠢ᠂ ᠪᠡᠶ᠎ᠡ  ᠪᠠᠨ ᠴᠢᠩᠭ᠎ᠠ ᠱᠠᠭᠠᠷᠳᠠᠳᠠᠭ ᠰᠢᠯᠢᠳᠡᠭ ᠺᠠᠳ᠋ᠷ  ᠢ ᠪᠠᠭ  ᠤᠨ ᠵᠢᠩᠬᠢᠨᠢ ᠲᠤᠰᠢᠶᠠᠯᠲᠠᠨ  ᠤ ᠪᠠᠶᠢᠷᠢᠨ ᠳᠤ ᠦᠨᠡᠨᠬᠦ ᠰᠤᠩᠭᠤᠵᠤ ᠭᠠᠷᠭᠠᠨ᠎ᠠ᠃ ᠲᠡᠭᠡᠲᠤ ᠱᠠᠲᠤᠨ  ᠤ ᠰᠤᠩᠭᠤᠨ ᠲᠤᠬᠢᠷᠠᠭᠤᠯᠬᠤ ᠲᠦᠷᠤ  ᠶᠢᠨ ᠪᠤᠳᠤᠯᠭ᠎ᠠ  ᠶᠢ ᠨᠠᠶᠢᠳᠠᠪᠤᠷᠢᠵᠢᠭᠤᠯᠤᠨ᠂ ᠲᠤᠰᠢᠶᠠᠯ ᠴᠢᠳᠠᠪᠬᠢ  ᠶᠢᠨ ᠱᠠᠭᠠᠷᠳᠠᠯᠭ᠎ᠠ  ᠶᠢ ᠪᠦᠬᠦ ᠲᠠᠯ᠎ᠠ ᠎ ᠪᠠᠷ ᠡᠵᠡᠮᠳᠡᠨ᠂ ᠵᠠᠰᠠᠭ  ᠤᠨ ᠤᠷᠳᠤᠨ  ᠤ ᠵᠢᠩᠬᠢᠨᠢ ᠲᠤᠰᠢᠶᠠᠯᠲᠠᠨ  ᠢ ᠰᠤᠩᠭᠤᠬᠤ ᠳᠤ ᠭᠤᠤᠯᠳᠠᠭᠤ ᠰᠢᠨ᠎ᠡ ᠬᠦᠭᠵᠢᠯᠲᠡ  ᠶᠢᠨ ᠤᠨᠤᠯᠵᠢᠬᠤᠨ  ᠢ ᠡᠷᠡᠰ ᠲᠤᠤᠱᠯᠠᠭᠤᠯᠵᠤ᠂ ᠠᠵᠤ ᠠᠬᠤᠢ ᠨᠡᠶᠢᠭᠡᠮ  ᠤᠨ ᠬᠦᠭᠵᠢᠯᠲᠡ  ᠶᠢ ᠦᠢᠯᠠᠭᠠᠵᠤ᠂ ᠬᠠᠤᠯᠢ ᠶᠤᠰᠤᠭᠠᠷ ᠵᠠᠰᠠᠭ  ᠶᠠᠪᠤᠭᠤᠯᠬᠤ᠂ ᠦᠭᠡᠷᠡᠴᠢᠯᠡᠯᠲᠡ ᠨᠡᠭᠡᠭᠡᠯᠲᠡ ᠬᠢᠬᠦ᠂ ᠪᠦᠯᠬᠦᠮᠳᠡᠯ ᠰᠠᠶᠢᠲᠠᠢ  ᠺᠠᠳ᠋ᠷ  ᠢ ᠰᠤᠩᠭᠤᠨ᠎ᠠ︔ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ ᠪᠠ ᠤᠯᠤᠰ ᠲᠦᠷᠤ  ᠶᠢᠨ ᠵᠦᠪᠯᠡᠯᠭᠡᠨ  ᠤ ᠵᠢᠩᠬᠢᠨᠢ ᠲᠤᠰᠢᠶᠠᠯᠲᠡᠨ  ᠢ ᠰᠤᠩᠭᠤᠬᠤ ᠳᠤ ᠭᠤᠤᠯᠳᠠᠭᠤ ᠲᠤᠮᠳᠠᠳᠤ ᠤᠯᠤᠰ  ᠤᠨ ᠤᠨᠴᠠᠯᠢᠭ ᠪᠦᠬᠦᠢ ᠨᠡᠶᠢᠭᠡᠮ ᠵᠢᠷᠤᠮ  ᠤᠨ ᠤᠯᠤᠰ ᠲᠦᠷᠤ  ᠶᠢᠨ ᠬᠦᠭᠵᠢᠯᠲᠡ  ᠶᠢᠨ ᠵᠠᠮ  ᠢ ᠪᠠᠷᠢᠮᠲᠠᠯᠠᠨ᠂ ᠨᠠᠮ  ᠤᠨ ᠵᠤᠷᠢᠯᠲᠠ ᠪᠠ ᠰᠢᠢᠳᠪᠤᠷᠢᠲᠤ ᠪᠤᠳᠤᠯᠭ᠎ᠠ  ᠶᠢ  ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ ᠪᠠ ᠤᠯᠤᠰ ᠲᠦᠷᠤ  ᠶᠢᠨ ᠵᠦᠪᠯᠡᠯᠭᠡᠨ  ᠎ ᠤ  ᠠᠵᠢᠯ  ᠤᠨ ᠲᠤᠮᠳᠠ ᠴᠢᠳᠠᠮᠠᠭᠠᠢ  ᠪᠠᠷ  ᠲᠤᠤᠱᠯᠠᠭᠤᠯᠵᠤ ᠴᠢᠳᠠᠳᠠᠭ᠂  ᠠᠵᠢᠯ ᠎ ᠤᠨ ᠲᠤᠷᠰᠢᠯᠭ᠎ᠠ ᠪᠠᠶᠠᠯᠢᠭ᠂ ᠺᠠᠳ᠋ᠷ ᠤᠯᠡᠨ ᠲᠦᠮᠡᠨ  ᠤ ᠲᠤᠮᠳᠠ ᠨᠡᠯᠢᠶᠡᠳ ᠦᠨᠳᠤᠷ ᠨᠡᠷ᠎ᠡ ᠬᠦᠨᠳᠤ ᠲᠠᠢ ᠺᠠᠳ᠋ᠷ  ᠢ ᠰᠤᠩᠭᠤᠨ᠎ᠡ︔ ᠤᠳᠤᠷᠢᠳᠬᠤ ᠪᠠᠭ  ᠤᠨ ᠪᠦᠲᠤᠴᠡ  ᠶᠢ ᠰᠢᠯᠢᠳᠡᠭᠵᠢᠭᠦᠯᠤᠨ᠎ᠡ᠂ ᠡᠯ᠎ᠡ ᠵᠦᠢᠯ  ᠤᠨ ᠰᠢᠯᠢᠳᠡᠭ ᠴᠢᠳᠠᠪᠤᠷᠢᠲᠡᠨ  ᠤ ᠤᠳᠤᠷᠢᠳᠬᠤ ᠺᠠᠳ᠋ᠷ  ᠤᠨ ᠡᠩᠨᠡᠭᠡᠨ ᠳᠤ ᠤᠷᠤᠬᠤ ᠵᠠᠮ  ᠢ ᠢᠳᠡᠪᠬᠢᠲᠠᠢ ᠦᠷᠭᠡᠳᠭᠡᠨ᠂ ᠶᠡᠷᠤᠩᠬᠡᠢ ᠴᠢᠨᠡᠷ ᠴᠢᠨᠰᠠᠭ᠎ᠠ ᠰᠠᠶᠢᠨ᠂ ᠨᠡᠯᠢᠶᠡᠳ ᠦᠨᠳᠤᠷ ᠮᠡᠳᠡᠯᠭᠡ  ᠪᠠ ᠲᠤᠰᠬᠠᠢ ᠮᠡᠷᠭᠡᠵᠢᠯ  ᠤᠨ  ᠲᠦᠪᠰᠢᠨ ᠎ ᠲᠠᠢ ᠺᠠᠳ᠋ᠷ  ᠢ ᠰᠤᠩᠭᠤᠵᠤ᠂ ᠤᠳᠤᠷᠢᠳᠬᠤ ᠪᠠᠭ  ᠤᠨ ᠲᠤᠰᠬᠠᠶᠢᠵᠢᠭᠰᠡᠨ ᠬᠢᠷᠢ ᠬᠡᠮᠵᠢᠶ᠎ᠡ  ᠶᠢ ᠲᠡᠭᠡᠭᠰᠢᠯᠡᠭᠦᠯᠤᠨ᠂ ᠨᠢᠭᠡ ᠤᠳᠤᠷᠢᠳᠬᠤ ᠪᠠᠭ  ᠤᠨ ᠲᠤᠲᠤᠷ᠎ᠠ ᠨᠢᠭᠡᠯᠨ ᠲᠦᠷᠤᠯ  ᠤᠨ ᠺᠠᠳ᠋ᠷ ᠬᠡᠲᠤ ᠲᠦᠪᠯᠡᠷᠡᠬᠦ  ᠶᠢ ᠰᠡᠷᠭᠡᠶᠢᠯᠡᠨ᠎ᠡ᠃ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ᠂ ᠤᠯᠤᠰ ᠲᠦᠷᠤ  ᠶᠢᠨ ᠵᠦᠪᠯᠡᠯᠭᠡᠨ ᠎ ᠤ ᠪᠠᠭ  ᠤᠨ ᠠᠳᠠᠯᠢ ᠪᠤᠰᠤ ᠤᠨᠴᠠᠯᠢᠭ  ᠠᠴᠠ ᠡᠭᠦᠰᠴᠤ᠂ ᠨᠠᠮ  ᠤᠨ ᠪᠠᠶᠢᠭᠤᠯᠤᠯᠲᠠ᠂ ᠠᠵᠤ ᠠᠬᠤᠢ  ᠶᠢᠨ ᠬᠠᠮᠢᠶᠠᠷᠤᠯᠲᠠ᠂ ᠠᠵᠤ ᠦᠢᠯᠡᠰ  ᠤᠨ ᠬᠦᠭᠵᠢᠯᠲᠡ᠂ ᠬᠤᠲᠠ ᠪᠠᠯᠭᠠᠰᠤᠨ  ᠤ ᠪᠠᠶᠢᠭᠤᠯᠤᠯᠲᠠ᠂ ᠨᠡᠶᠢᠭᠡᠮ  ᠤᠨ ᠵᠠᠰᠠᠯᠲᠠ᠂ ᠠᠮᠢ ᠠᠬᠤᠢ  ᠶᠢᠨ ᠪᠤᠯᠪᠠᠰᠤᠨ  ᠤ ᠪᠦᠲᠤᠭᠡᠨ ᠪᠠᠶᠢᠭᠤᠯᠤᠯᠲᠠ ᠵᠡᠷᠭᠡ ᠠᠵᠢᠯ  ᠢ ᠦᠢᠯᠠᠭᠠᠳᠠᠭ ᠺᠠᠳ᠋ᠷ  ᠢ ᠲᠤᠬᠢᠷᠠᠭᠤᠯᠵᠤ᠂ ᠺᠠᠳ᠋ᠷ  ᠤᠨ ᠰᠠᠯᠠᠭ᠎ᠠ ᠮᠦᠴᠢᠷ ᠠᠯᠤᠰᠯᠠᠨ᠂ ᠠᠵᠢᠯ ᠲᠦᠷᠤᠯ ᠠᠯᠤᠰᠯᠠᠨ  ᠰᠤᠯᠢᠯᠴᠠᠬᠤ  ᠶᠢ ᠠᠬᠢᠭᠤᠯᠵᠤ᠂ ᠪᠠᠭ  ᠤᠨ ᠪᠦᠬᠦᠶᠢᠯᠨ ᠴᠤᠭᠴᠠ  ᠶᠢᠨ ᠴᠢᠳᠠᠪᠬᠢ ᠪᠤᠯᠤᠨ ᠨᠡᠶᠢᠯᠡᠮᠡᠯ ᠬᠦᠴᠤᠨ  ᠢ ᠦᠨᠡᠨᠬᠦ ᠴᠢᠩᠭᠠᠳᠬᠠᠵᠤ᠂ ᠤᠳᠤᠷᠢᠳᠬᠤ ᠪᠠᠭ  ᠤᠨ ᠪᠦᠲᠤᠭᠡᠨ ᠪᠠᠶᠢᠭᠤᠯᠤᠯᠲᠠ  ᠶᠢᠨ  ᠰᠢᠨᠵᠢᠯᠡᠬᠦ ᠤᠬᠠᠭᠠᠨᠴᠢ ᠬᠢᠷᠢ ᠲᠦᠪᠰᠢᠨ  ᠢ ᠪᠦᠬᠦ ᠲᠠᠯ᠎ᠠ  ᠪᠠᠷ ᠲᠡᠭᠡᠭᠰᠢᠯᠡᠬᠦᠯᠤᠨ᠎ᠡ᠃ ᠦᠢᠯᠡᠳᠤᠯᠭᠡ  ᠎ ᠪᠠᠷ ᠪᠠᠷᠢᠮᠵᠢᠶ᠎ᠠ  ᠪᠤᠯᠭᠠᠵᠤ᠂  ᠰᠤᠷᠤᠯᠴᠠᠵᠤ ᠦᠩᠭᠡᠷᠡᠭᠰᠡᠨ ᠡᠰᠡᠬᠦ᠂ ᠬᠢᠵᠤ ᠦᠩᠭᠡᠷᠡᠭᠰᠡᠨ ᠡᠰᠡᠬᠦ᠂  ᠬᠠᠮᠢᠶᠠᠷᠴᠤ ᠦᠩᠭᠡᠷᠡᠭᠰᠡᠨ ᠡᠰᠡᠬᠦ  ᠎ ᠶᠢ ᠯᠨ ᠦᠵᠡᠵᠤ ᠪᠤᠯᠬᠤ ᠦᠭᠡᠢ᠂ ᠲᠤᠰᠬᠠᠢ ᠮᠡᠷᠭᠡᠵᠢᠯ  ᠤᠨ ᠰᠤᠷᠤᠯᠴᠠᠭᠰᠡᠨ ᠨᠠᠮᠲᠠᠷ᠂ ᠲᠤᠰᠬᠠᠢ ᠮᠡᠷᠭᠡᠵᠢᠯ  ᠤᠨ ᠲᠤᠰᠢᠶᠠᠯ ᠎ ᠤᠨ ᠴᠤᠯᠨ ᠵᠡᠷᠭᠡ  ᠶᠢ  ᠲᠦᠬᠦᠮᠬᠡᠨ  ᠢᠶᠠᠷ ᠲᠤᠰᠬᠠᠶᠢᠵᠢᠯᠲᠡ ᠭᠡᠵᠤ ᠦᠵᠡᠵᠤ ᠪᠤᠯᠬᠤ ᠦᠭᠡᠢ᠂ ᠬᠠᠷᠢᠨ ᠺᠠᠳ᠋ᠷ  ᠤᠨ ᠠᠵᠢᠯᠯᠠᠭᠰᠡᠨ ᠨᠠᠮᠲᠠᠷ  ᠢ ᠬᠢᠨᠠᠮᠠᠭᠠᠢ ᠵᠠᠳᠠᠯᠤᠵᠤ᠂ ᠶᠡᠮᠡᠷ ᠠᠵᠢᠯ  ᠬᠢᠭᠰᠡᠨ᠂ ᠶᠡᠮᠡᠷ  ᠦᠢᠯᠡᠰ ᠪᠦᠲᠤᠭᠡᠭᠰᠡᠨ᠂ ᠬᠢᠷᠢ ᠵᠡᠷᠭᠡ ᠬᠢᠭᠰᠡᠨ᠂ ᠬᠠᠮᠢᠶᠠᠷᠤᠭᠰᠡᠨ ᠨᠢ ᠰᠠᠶᠢᠨ ᠮᠠᠭᠤ ᠡᠰᠡᠬᠦ  ᠶᠢ ᠦᠵᠡᠨ᠎ᠡ᠂  ᠲᠤᠰᠬᠠᠢ ᠮᠡᠷᠭᠡᠵᠢᠯ  ᠤᠨ ᠮᠡᠳᠡᠯᠭᠡ᠂ ᠲᠤᠰᠬᠠᠢ ᠮᠡᠷᠭᠡᠵᠢᠯ  ᠤᠨ ᠴᠢᠳᠠᠪᠤᠷᠢ᠂ ᠲᠤᠰᠬᠠᠢ ᠮᠡᠷᠭᠡᠵᠢᠯ  ᠤᠨ ᠰᠤᠷᠲᠠᠯ᠂ ᠲᠤᠰᠬᠠᠢ ᠮᠡᠷᠭᠡᠵᠢᠯ  ᠤᠨ ᠵᠤᠷᠢᠭ ᠰᠠᠨᠠᠭ᠎ᠠ  ᠶᠢᠨ ᠪᠤᠲᠠᠲᠠᠢ ᠢᠯᠡᠷᠡᠯ  ᠢ  ᠎ ᠨᠢ ᠦᠵᠡᠨ᠎ᠡ᠂ ᠪᠤᠲᠠᠲᠠᠢ ᠠᠵᠢᠯ  ᠤᠨ ᠬᠢᠷᠢ ᠪᠦᠲᠤᠮᠵᠢ  ᠪᠠ ᠡᠯ᠎ᠡ ᠲᠠᠯ᠎ᠠ ᠎ ᠶᠢᠨ ᠬᠢᠨ  ᠤ ᠦᠨᠡᠯᠡᠯᠲᠡ  ᠠᠴᠠ ᠨᠢᠭᠡ ᠺᠠᠳ᠋ᠷ  ᠤᠨ ᠦᠨᠡᠨᠬᠦ  ᠦᠢᠯᠠᠭᠠᠬᠤ ᠡᠰᠡᠬᠦ  ᠪᠠ ᠲᠤᠬᠠᠢ ᠮᠡᠷᠭᠡᠵᠢᠯ ᠲᠠᠢ ᠡᠰᠡᠬᠦ  ᠎ ᠶᠢ ᠦᠨᠡᠯᠡᠨ ᠲᠤᠭᠲᠠᠭᠠᠨ᠎ᠠ᠃ ᠨᠢᠭᠡᠳᠤᠯᠲᠠᠢ ᠲᠦᠯᠤᠪᠵᠢᠭᠦᠯᠵᠤ  ᠲᠤᠬᠢᠷᠠᠮᠵᠢᠲᠠᠢ ᠲᠤᠬᠢᠷᠠᠭᠤᠯᠤᠨ᠎ᠠ᠂   ᠠᠳᠠᠯᠢ ᠪᠤᠰᠤ ᠨᠠᠰᠤᠨ  ᠤ ᠺᠠᠳ᠋ᠷ  ᠢ ᠲᠤᠬᠢᠷᠠᠭᠤᠯᠬᠤ ᠬᠠᠷᠢᠴᠠᠯ  ᠢ ᠨᠢᠭᠡᠳᠤᠯᠲᠠᠢ ᠲᠦᠯᠤᠪᠯᠡᠵᠤ᠂᠂ ᠭᠠᠭᠴᠠᠬᠦ ᠨᠠᠰᠤ ᠎ ᠪᠠᠷ ᠬᠤᠪᠢᠶᠠᠷᠢᠯᠠᠨ ᠵᠠᠭᠠᠭᠯᠠᠵᠤ  ᠪᠤᠯᠬᠤ ᠦᠭᠡᠢ᠂ ᠤᠳᠤᠷᠢᠳᠬᠤ ᠪᠠᠭ  ᠤᠨ ᠪᠦᠷᠢᠯᠳᠤᠬᠦᠨ  ᠤ ᠲᠤᠰᠢᠶᠠᠯ ᠡᠭᠦᠷᠭᠡᠯᠡᠬᠦ ᠨᠠᠰᠤ  ᠶᠢ ᠱᠠᠲᠤ ᠱᠠᠲᠤ  ᠪᠠᠷ ᠬᠠᠰᠤᠬᠤ ᠪᠠ ︽ ᠨᠢᠭᠡᠯᠨ ᠪᠠᠷᠢᠮᠵᠢᠶ᠎ᠠ ᠪᠠᠷ ᠬᠢᠵᠠᠭᠠᠷᠯᠠᠵᠤ︾ ᠪᠤᠯᠬᠤ ᠦᠭᠡᠢ  ᠃ ᠲᠡᠳᠡᠭᠡᠷ ᠨᠠᠰᠤ  ᠪᠠᠷ ᠨᠡᠯᠢᠶᠡᠳ ᠶᠡᠭᠡ ᠪᠤᠯᠪᠠᠴᠤ ᠲᠤᠷᠰᠢᠯᠭ᠎ᠠ  ᠪᠠᠷ ᠪᠠᠶᠠᠯᠢᠭ᠂  ᠠᠵᠢᠯ ᠦᠢᠯᠡᠰᠴᠢ᠂ ᠠᠵᠢᠯ ᠳᠠᠭᠠᠨ ᠰᠠᠶᠢᠨ ᠺᠠᠳ᠋ᠷ  ᠤᠨ ᠦᠢᠯᠡᠳᠤᠯ  ᠢ ᠪᠠᠳᠠᠷᠠᠭᠤᠯᠬᠤ  ᠶᠢ  ᠠᠩᠬᠠᠷᠤᠨ᠎ᠠ᠃ ᠵᠠᠯᠠᠭᠤ ᠺᠠᠳ᠋ᠷ᠂ ᠡᠮᠡᠭᠲᠠᠢ ᠺᠠᠳ᠋ᠷ᠂ ᠴᠦᠬᠡᠨ ᠲᠤᠭᠠᠲᠤ ᠦᠨᠳᠤᠰᠤᠲᠡᠨ  ᠤ ᠺᠠᠳ᠋ᠷ᠂ ᠨᠠᠮ  ᠤᠨ ᠭᠠᠳᠠᠨᠠᠬᠢ ᠺᠠᠳ᠋ᠷ  ᠤᠨ ᠲᠤᠬᠢᠷᠠᠭᠤᠯᠤᠯᠲᠠ  ᠶᠢ ᠨᠢᠭᠡᠳᠤᠯᠲᠠᠢ ᠲᠦᠯᠤᠪᠯᠡᠵᠤ᠂ ᠠᠵᠢᠯ  ᠤᠨ ᠪᠤᠯᠪᠠᠰᠤᠷᠠᠩᠭᠤᠢ ᠬᠡᠮᠵᠢᠶ᠎ᠡ ᠪᠠ ᠠᠵᠢᠯ  ᠤᠨ  ᠪᠠᠶᠢᠷᠢ ᠲᠠᠢ ᠲᠤᠬᠢᠷᠠᠯᠴᠠᠬᠤ ᠡᠰᠡᠬᠦ  ᠶᠢ ᠬᠦᠢᠴᠡᠳ ᠪᠤᠳᠤᠯᠬᠢᠯᠠᠨ᠂ ᠤᠯᠤᠰ ᠲᠦᠷᠤ  ᠪᠠ ᠦᠢᠯᠡᠳᠤᠯᠭᠡ  ᠶᠢᠨ ᠲᠠᠯᠠᠷᠬᠢ ᠲᠠᠪᠳᠡᠨ ᠪᠤᠯᠪᠠᠰᠤᠷᠠᠭᠤᠯᠤᠯᠲᠠ  ᠶᠢ ᠴᠢᠬᠤᠯᠠᠴᠢᠯᠠᠨ᠂  ᠴᠢᠨᠠᠷ ᠴᠢᠨᠰᠠᠭ᠎ᠠ ᠪᠤᠯᠤᠨ ᠶᠠᠰᠤ ᠴᠢᠨᠠᠷ  ᠤᠨ ᠪᠤᠭᠤᠮᠳᠠ  ᠶᠢ ᠰᠠᠶᠢᠲᠤᠷ ᠠᠳᠬᠤᠵᠤ᠂ ᠶᠠᠰᠤ ᠴᠢᠨᠠᠷ  ᠢ ᠪᠠᠲᠤᠯᠠᠭᠰᠡᠨ ᠤᠷᠢᠳᠡᠯ ᠲᠤᠤᠷ᠎ᠠ  ᠲᠤᠬᠢᠷᠠᠭᠤᠯᠬᠤ ᠵᠤᠬᠢᠰᠲᠠᠢ  ᠶᠢ ᠨᠢ ᠪᠦᠬᠦᠨ  ᠢ ᠲᠤᠬᠢᠷᠠᠭᠤᠯᠵᠤ᠂ ᠦᠨᠡᠬᠡᠷ ᠪᠦᠷᠢᠨ ᠲᠤᠬᠢᠷᠠᠭᠤᠯᠵᠤ ᠲᠡᠶᠢᠯᠬᠦ ᠦᠭᠡᠢ ᠪᠤᠯ᠂ ᠤᠷᠤᠨ ᠲᠤᠭ᠎ᠠ  ᠶᠢ ᠨᠢ ᠦᠯᠡᠳᠡᠭᠡᠵᠤ  ᠬᠤᠭᠤᠴᠠᠭᠠᠨ ᠲᠤᠮᠳᠠ  ᠨᠦᠬᠦᠪᠤᠷᠢᠯᠡᠨ᠎ᠡ᠂ ᠲᠠᠩ  ᠭᠠᠭᠴᠠ ᠪᠦᠲᠤᠴᠡ  ᠶᠢᠨ ᠱᠠᠭᠠᠷᠳᠠᠯᠭ᠎ᠠ   ᠪᠠ ᠨᠠᠰᠤᠨ  ᠤ ᠱᠠᠭᠠᠷᠳᠠᠯᠭ᠎ᠠ  ᠶᠢ ᠬᠠᠩᠭᠠᠬᠤ  ᠶᠢᠨ ᠲᠦᠯᠤᠭᠡ   ᠪᠠᠷᠢᠮᠵᠢᠶ᠎ᠠ  ᠶᠢ ᠨᠢ ᠲᠤᠷᠤᠭᠰᠢᠯᠠᠭᠤᠯᠵᠤ ᠵᠠᠪᠠᠯ ᠲᠤᠬᠢᠷᠠᠭᠤᠯᠬᠤ ᠪᠢᠰᠢ᠃ ᠲᠦᠷᠪᠡᠳᠤᠭᠡᠷ ᠲᠤ᠂ ᠲᠦᠯᠤᠭᠡᠯᠡᠭᠴᠢ ᠭᠡᠰᠢᠭᠦᠨ  ᠢ ᠲᠤᠲᠤᠷᠠᠭᠤᠯᠬᠤ ᠪᠠ ᠶᠡᠭᠡ ᠬᠤᠷᠠᠯ  ᠤᠨ ᠰᠤᠩᠭᠤᠭᠤᠯᠢ  ᠶᠢᠨ ᠠᠵᠢᠯ  ᠢ ᠨᠢᠮᠪᠠᠢ ᠰᠠᠶᠢᠲᠤᠷ ᠬᠢᠨ᠎ᠠ᠃ ᠲᠦᠯᠤᠭᠡᠯᠡᠭᠴᠢ ᠭᠡᠰᠢᠭᠦᠨ  ᠢ ᠲᠤᠲᠤᠷᠠᠭᠤᠯᠬᠤ ᠪᠤᠯ ᠬᠤᠭᠤᠴᠠᠭ᠎ᠠ ᠰᠤᠯᠢᠬᠤ ᠠᠵᠢᠯ  ᠢ ᠰᠠᠶᠢᠲᠤᠷ ᠬᠢᠬᠦ  ᠶᠢᠨ ᠰᠠᠭᠤᠷᠢ  ᠂ᠶᠡᠭᠡ ᠬᠤᠷᠠᠯ  ᠤᠨ ᠰᠤᠩᠭᠤᠭᠤᠯᠢ  ᠶᠢ ᠰᠠᠶᠢᠲᠤᠷ ᠵᠤᠬᠢᠶᠠᠨ ᠪᠠᠶᠢᠭᠤᠯᠬᠤ ᠪᠤᠯ ᠵᠠᠩᠬᠢᠯᠠᠭ᠎ᠠ  ᠶᠢᠨ ᠭᠤᠭᠴᠤᠭ᠎ᠠ  ᠃ ᠲᠦᠯᠤᠭᠡᠯᠡᠭᠴᠢ᠂ ᠭᠡᠰᠢᠬᠦᠨ  ᠢ ᠲᠤᠲᠤᠷᠠᠭᠤᠯᠬᠤ ᠳᠤ ᠨᠠᠮ ᠎ ᠤᠨ ᠵᠤᠬᠢᠶᠠᠨ ᠪᠠᠶᠢᠭᠤᠯᠤᠯᠲᠠ  ᠠᠴᠠ ᠭᠤᠤᠯᠯᠠᠨ ᠵᠢᠯᠤᠭᠤᠳᠤᠨ᠎ᠠ᠂ ᠦᠨᠳᠤᠰᠤᠨ ᠬᠠᠤᠯᠢ ᠪᠠ ᠬᠠᠤᠯᠢ ᠴᠠᠭᠠᠵᠠ ᠳᠤ ᠲᠤᠭᠲᠠᠭᠰᠡᠨ ᠦᠨᠳᠤᠰᠤᠨ ᠨᠦᠬᠦᠴᠡᠯ  ᠢ ᠴᠢᠩᠭ᠎ᠠ ᠬᠡᠷᠡᠭᠵᠢᠭᠦᠯᠤᠨ᠂ ᠲᠠᠨᠢᠯᠴᠠᠭᠤᠯᠬᠤ᠂ ᠨᠡᠷ᠎ᠡ ᠲᠤᠷᠠᠳᠬᠤ᠂ ᠰᠢᠯᠭᠠᠨ  ᠪᠠᠶᠢᠴᠠᠭᠠᠬᠤ ᠵᠡᠷᠭᠡ ᠡᠯ᠎ᠡ ᠶᠠᠪᠤᠴᠠ ᠳᠤ ᠤᠯᠤᠰ ᠲᠦᠷᠤ  ᠶᠢᠨ ᠪᠤᠭᠤᠮᠲᠠ᠂ ᠴᠢᠨᠠᠷ ᠴᠢᠨᠰᠠᠭ᠎ᠠ  ᠶᠢᠨ ᠪᠤᠭᠤᠮᠲᠠ ᠪᠠ ᠪᠦᠲᠤᠴᠡ  ᠶᠢᠨ ᠪᠤᠭᠤᠮᠲᠠ  ᠶᠢ ᠰᠠᠶᠢᠲᠤᠷ  ᠠᠳᠬᠤᠨ᠎ᠠ᠃ ᠤᠯᠤᠰ ᠲᠦᠷᠤ  ᠶᠢᠨ ᠪᠤᠭᠤᠮᠲᠠ  ᠶᠢ ᠲᠡᠷᠢᠭᠦᠨ ᠳᠤ  ᠲᠠᠯᠪᠢᠵᠤ᠂ ᠤᠯᠤᠰ ᠲᠦᠷᠤ  ᠶᠢᠨ ᠰᠠᠬᠢᠯᠭ᠎ᠠ ᠪᠠᠲᠤ ᠪᠤᠯᠤᠨ‌ᠤᠯᠤᠰ ᠲᠦᠷᠤ  ᠶᠢᠨ ᠶᠤᠰᠤ ᠲᠦᠷᠢᠮ ᠎ ᠢ   ᠦᠯᠤ ᠰᠠᠬᠢᠬᠤ᠂  ᠪᠦᠯᠤᠭ᠍ᠯᠡᠨ  ᠰᠦᠯᠪᠡᠭᠡᠯᠳᠤᠬᠦ᠂   ᠨᠠᠮ ᠰᠦᠯᠪᠡᠭᠡ ᠪᠠᠶᠢᠭᠤᠯᠤᠨ ᠬᠤᠪᠢ  ᠶᠢᠨ ᠬᠡᠷᠡᠭ  ᠢ ᠦᠢᠯᠡᠳᠬᠦ᠂ ᠦᠩᠭᠡᠨ ᠲᠡᠭᠡᠷ᠎ᠡ  ᠎ ᠪᠠᠨ ᠲᠠᠭᠠᠵᠤ ᠲᠠᠯᠳᠠᠭᠤᠷ ᠵᠦᠷᠢᠴᠡᠬᠦ᠂  ᠦᠪᠡᠷ ᠦᠪᠡᠷ  ᠤᠨ ᠰᠠᠨᠠᠭ᠎ᠠ  ᠪᠠᠷ ᠎ ᠢᠶᠠᠨ ᠬᠢᠬᠦ᠂  ᠨᠠᠮ  ᠤᠨ ᠲᠦᠪ ᠬᠤᠷᠢᠶ᠎ᠠ  ᠶᠢ ᠲᠤᠷ᠎ᠠ  ᠪᠠᠷ ᠶᠠᠷᠢᠬᠤ ᠬᠦᠮᠤᠰ᠂ ᠤᠯᠤᠰ ᠪᠠ ᠠᠷᠠᠳ ᠲᠦᠮᠡᠨ  ᠤ ᠠᠰᠢᠭ ᠲᠤᠰᠡ  ᠶᠢ ᠬᠤᠬᠢᠷᠠᠭᠤᠯᠬᠤ᠂ ᠦᠨᠳᠤᠰᠤᠲᠡᠨ  ᠤ ᠪᠦᠯᠬᠦᠮᠳᠡᠯ  ᠢ ᠡᠪᠳᠡᠬᠦ᠂ ᠨᠡᠶᠢᠭᠡᠮ  ᠤᠨ ᠲᠤᠭᠲᠠᠭᠤᠨ  ᠢ  ᠨᠦᠯᠤᠭᠡᠯᠡᠬᠦ᠂ ᠦᠢᠯᠨ ᠠᠵᠢᠯᠯᠠᠭ᠎ᠠ ᠲᠦᠪ ᠪᠤᠰᠤ᠂ ᠶᠤᠰᠤ ᠰᠤᠷᠲᠠᠬᠤᠨ ᠲᠤᠷᠤᠶᠢᠲᠠᠬᠤ᠂ ᠬᠡᠬᠡᠯᠢ  ᠲᠦᠯᠬᠢᠬᠦ ᠪᠠ   ᠠᠪᠬᠤ᠂ ᠡᠷᠬᠡ ᠮᠦᠩᠭᠦᠨ  ᠠᠷᠠᠯᠵᠢᠶᠠᠯᠠᠬᠤ᠂  ᠬᠡᠬᠡᠯᠢ ᠲᠦᠯᠬᠢᠵᠤ ᠪᠢᠯᠧᠲ ᠲᠠᠲᠠᠬᠤ ᠵᠡᠷᠭᠡ ᠬᠠᠤᠯᠢ ᠪᠤᠰᠤ ᠠᠵᠢᠯᠯᠠᠭ᠎ᠠ ᠲᠠᠢ ᠬᠦᠮᠤᠰ  ᠎ ᠢ  ᠲᠠᠨᠢᠯᠴᠠᠭᠤᠯᠤᠨ ᠨᠠᠷ᠎ᠠ ᠲᠤᠷᠠᠳᠬᠤ ᠪᠠ ᠦᠷᠬᠦᠯᠵᠢᠯᠠᠨ ᠲᠦᠯᠤᠭᠡᠯᠡᠭᠴᠢ ᠭᠡᠰᠢᠬᠦᠨ ᠎ ᠢᠶᠠᠷ ᠨᠠᠷ᠎ᠠ ᠲᠤᠷᠠᠳᠴᠤ ᠪᠤᠯᠬᠤ ᠦᠭᠡᠢ᠃ ᠴᠢᠨᠠᠷ ᠴᠢᠨᠰᠠᠭ᠎ᠠ  ᠶᠢᠨ ᠪᠤᠭᠤᠮᠲᠠ  ᠶᠢ  ᠪᠠᠲᠤᠲᠠᠢ ᠠᠳᠬᠤᠵᠤ᠂ ᠠᠵᠢᠯ ᠵᠦᠪᠯᠡᠬᠦ ᠴᠢᠳᠠᠪᠤᠷᠢ ᠪᠠ ᠨᠠᠮ  ᠤᠨ ᠭᠡᠰᠢᠬᠦᠨ ᠤᠯᠡᠨ ᠲᠦᠮᠡᠨ ᠲᠠᠢ ᠬᠠᠷᠢᠯᠴᠠᠬᠤ ᠴᠢᠳᠠᠪᠤᠷᠢ ᠲᠠᠢ᠂ ᠶᠤᠰᠤ ᠰᠤᠷᠲᠠᠬᠤᠨ ᠨᠠᠶᠢᠭᠡᠮ  ᠤᠨ ᠲᠦᠷᠢ ᠲᠦᠷᠬᠦ ᠨᠡᠯᠢᠶᠡᠳ ᠰᠠᠶᠢᠨ᠂ ᠬᠤᠰᠢᠭᠤᠴᠢ ᠵᠢᠱᠢᠶᠡᠴᠢ ᠦᠢᠯᠡᠳᠤᠯ ᠬᠦᠢᠴᠡᠳ ᠪᠠᠳᠠᠷᠠᠭᠤᠯᠵᠤ ᠲᠠᠶᠢᠯᠬᠦ ᠬᠦᠮᠤᠰ  ᠢ ᠰᠤᠩᠭᠤᠵᠤ ᠲᠦᠯᠤᠭᠡᠯᠡᠭᠴᠢ ᠭᠡᠰᠢᠬᠦᠨ  ᠤ ᠵᠢᠱᠢᠭᠳᠡᠭᠴᠢ ᠪᠤᠯᠭᠠᠨ᠎ᠠ᠃ ᠪᠦᠲᠤᠴᠡ  ᠶᠢᠨ ᠪᠤᠭᠤᠮᠲᠠ  ᠶᠢ ᠰᠠᠶᠢᠲᠤᠷ ᠠᠳᠬᠤᠨ᠎ᠠ᠂ ᠲᠦᠯᠤᠭᠡᠯᠡᠭᠴᠢ ᠭᠡᠰᠢᠬᠦᠨ  ᠤ ᠪᠡᠶ᠎ᠡ  ᠶᠢᠨ ᠭᠠᠷᠤᠯ  ᠤᠨ ᠦᠨᠡᠨ ᠪᠤᠲᠠᠲᠠᠢ ᠴᠢᠨᠠᠷ ᠪᠠ ᠦᠷᠭᠡᠨ ᠲᠡᠯᠭᠡᠷᠡᠩᠬᠦᠢ ᠴᠢᠨᠠᠷ  ᠢ ᠪᠠᠷᠢᠮᠲᠠᠯᠠᠵᠤ᠂ ᠪᠡᠶ᠎ᠡ  ᠶᠢᠨ ᠭᠠᠷᠤᠯ  ᠦᠨᠡᠨ ᠪᠤᠲᠠᠲᠠᠢ ᠪᠢᠰᠢ᠂ ᠡᠰᠡᠭᠦᠯ᠎ᠡ ᠪᠡᠶ᠎ᠡ  ᠶᠢᠨ ᠭᠠᠷᠤᠯ  ᠢᠶᠠᠨ ᠦᠭᠡᠷᠡᠴᠢᠯᠡᠵᠤ ᠬᠢᠨᠠᠨ ᠪᠠᠶᠢᠴᠠᠭᠠᠯᠲᠠ  ᠠᠴᠠ  ᠵᠠᠶᠢᠯᠠᠰᠬᠢᠬᠦ  ᠎ ᠶᠢ ᠰᠡᠷᠭᠡᠶᠢᠯᠡᠨ᠂ ᠠᠵᠢᠯᠴᠢᠨ᠂ ᠮᠠᠯᠴᠢᠨ᠂ ᠲᠤᠰᠬᠠᠢ   ᠮᠡᠷᠭᠡᠵᠢᠯᠲᠡᠨ  ᠤ ᠤᠷᠤᠨ ᠲᠤᠭ᠎ᠠ  ᠶᠢ ᠡᠵᠡᠯᠡᠬᠦ  ᠠᠴᠠ ᠰᠡᠷᠭᠡᠶᠢᠯᠡᠵᠤ᠂ ᠪᠡᠶ᠎ᠡ  ᠶᠢᠨ ᠭᠠᠷᠤᠯ  ᠤᠨ ᠲᠠᠯ᠎ᠠ  ᠎ ᠪᠠᠷ ᠬᠤᠳᠠᠯ ᠬᠡᠯᠡᠵᠤ ᠬᠠᠭᠤᠷᠮᠠᠭ ᠵᠤᠬᠢᠶᠠᠬᠤ  ᠶᠢ ᠡᠷᠡᠰ ᠬᠢᠵᠠᠭᠠᠷᠯᠠᠵᠤ᠂ ᠲᠦᠯᠤᠭᠡᠯᠡᠭᠴᠢ ᠭᠡᠰᠢᠬᠦᠨ  ᠤ ᠶᠠᠰᠤ ᠴᠢᠨᠠᠷ  ᠢ ᠦᠨᠡᠨᠬᠦ ᠲᠡᠭᠡᠭᠰᠢᠯᠡᠬᠦᠯᠤᠨ᠎ᠡ᠃ ᠨᠠᠷᠢᠨ ᠨᠢᠮᠪᠠᠢ ᠵᠤᠬᠢᠶᠠᠨ ᠪᠠᠶᠢᠭᠤᠯᠵᠤ ᠰᠤᠩᠭᠤᠭᠤᠯᠢ  ᠶᠢᠨ ᠠᠵᠢᠯ  ᠢ ᠰᠠᠶᠢᠲᠤᠷ ᠬᠢᠨ᠎ᠠ᠂ ᠨᠢᠭ᠌ᠲᠡ ᠴᠢᠩᠭ᠎ᠠ ᠲᠦᠷᠢᠮᠵᠢᠭᠰᠡᠨ ᠠᠵᠢᠯ ᠎ ᠤᠨ ᠲᠦᠰᠤᠯ ᠪᠠ ᠰᠢᠨᠵᠢᠯᠡᠬᠦ ᠤᠬᠠᠭᠠᠨᠴᠢ ᠰᠤᠩᠭᠤᠭᠤᠯᠢ  ᠶᠢᠨ ᠠᠷᠭ᠎ᠠ  ᠶᠢ ᠰᠤᠳᠤᠯᠤᠨ ᠲᠤᠭᠲᠠᠭᠠᠵᠤ᠂ ᠬᠤᠭᠤᠴᠠᠭ᠎ᠠ ᠰᠤᠯᠢᠬᠤ ᠠᠵᠢᠯᠲᠡᠨ  ᠤ ᠶᠠᠪᠤᠳᠠᠯ  ᠤᠨ ᠲᠤᠬᠢᠷᠠᠭᠤᠯᠤᠯᠲᠠ  ᠶᠢᠨ ᠲᠦᠰᠤᠯ  ᠢ ᠲᠠᠶᠢᠯᠪᠤᠷᠢᠯᠠᠬᠤ ᠠᠵᠢᠯ ᠎ ᠢ ᠰᠠᠶᠢᠲᠤᠷ ᠬᠢᠵᠤ᠂ ᠵᠢᠱᠢᠭᠳᠡᠭᠰᠡᠳ  ᠢ ᠲᠠᠨᠢᠯᠴᠠᠭᠤᠯᠬᠤ ᠠᠷᠭ᠎ᠠ  ᠶᠢ ᠬᠠᠯᠠᠨ ᠰᠠᠶᠢᠵᠢᠷᠠᠭᠤᠯᠵᠤ᠂ ᠲᠠᠨᠢᠯᠴᠠᠭᠤᠯᠬᠤ ᠠᠭᠤᠯᠭ᠎ᠠ  ᠶᠢ ᠪᠦᠷᠢᠨᠰᠢᠬᠦᠯᠵᠤ᠂ ᠰᠤᠩᠭᠤᠭᠤᠯᠢ  ᠶᠢᠨ ᠠᠯᠬᠤᠮ ᠲᠠᠷᠠᠭᠠᠯᠠᠯ ᠪᠠ ᠪᠢᠯᠧᠲ ᠦᠭᠬᠦ ᠬᠡᠯᠪᠡᠷᠢ  ᠶᠢ ᠲᠡᠭᠦᠯᠳᠡᠷᠵᠢᠭᠦᠯᠤᠨ᠂ ᠤᠳᠤᠷᠢᠳᠬᠤ ᠪᠠᠭ  ᠤᠨ ᠪᠦᠲᠤᠭᠡᠨ ᠪᠠᠶᠢᠭᠤᠯᠤᠯᠲᠠ  ᠶᠢᠨ ᠲᠤᠬᠠᠢ ᠲᠡᠭᠡᠳᠤ ᠱᠠᠲᠤᠨ  ᠤ ᠴᠢᠭᠯᠡᠯᠲᠡ᠂ ᠲᠦᠷᠤ  ᠶᠢᠨ ᠪᠤᠳᠤᠯᠭ᠎ᠠ᠂ ᠱᠠᠭᠠᠷᠳᠠᠯᠭ᠎ᠠ  ᠶᠢ ᠲᠤᠲᠤᠷᠬᠠᠢ ᠶᠠᠷᠢᠵᠤ᠂ ᠠᠵᠢᠯᠲᠡᠨ  ᠤ ᠶᠠᠪᠤᠳᠠᠯ  ᠤᠨ ᠲᠤᠬᠢᠷᠠᠭᠤᠯᠤᠯᠲᠠ  ᠶᠢᠨ ᠲᠦᠰᠤᠯ  ᠤᠨ ᠪᠤᠢ ᠪᠤᠯᠤᠭᠰᠡᠨ ᠶᠠᠪᠤᠴᠠ  ᠶᠢ ᠲᠤᠲᠤᠷᠬᠠᠢ ᠶᠠᠷᠢᠵᠤ᠂ ᠨᠡᠷ᠎ᠡ ᠲᠤᠷᠠᠳᠬᠤ ᠰᠢᠯᠲᠠᠭᠠᠨ  ᠢ ᠲᠤᠲᠤᠷᠬᠠᠢ ᠶᠠᠷᠢᠵᠤ᠂ ᠲᠦᠯᠤᠭᠡᠯᠡᠭᠴᠢ ᠭᠡᠰᠢᠬᠦᠨ  ᠢ ᠵᠢᠯᠤᠭᠤᠳᠴᠤ ᠠᠷᠠᠳᠴᠢᠯᠠᠯ ᠪᠠ ᠲᠦᠪᠯᠡᠷᠡᠯ᠂ ᠡᠷᠬᠡ ᠪᠠ ᠬᠠᠷᠢᠭᠤᠴᠠᠯᠭ᠎ᠠ  ᠶᠢᠨ ᠬᠠᠷᠢᠴᠠᠭ᠎ᠠ  ᠶᠢ ᠵᠦᠪ  ᠢᠶᠠᠷ ᠰᠢᠢᠳᠪᠤᠷᠢᠯᠡᠵᠤ᠂ ᠠᠷᠠᠳᠴᠢᠯᠠᠯ  ᠤᠨ ᠡᠷᠬᠡ  ᠎ ᠪᠠᠨ ᠵᠦᠪ   ᠬᠡᠷᠡᠭᠵᠢᠭᠦᠯᠤᠨ᠎ᠡ᠃ ᠡᠯ᠎ᠡ ᠱᠠᠲᠤᠨ  ᠤ  ᠨᠠᠮ  ᠤᠨ ᠬᠤᠷᠢᠶ᠎ᠠ  ᠰᠤᠩᠭᠤᠭᠤᠯᠢ  ᠶᠢᠨ ᠠᠵᠢᠯ  ᠤᠨ ᠤᠳᠤᠷᠢᠳᠤᠯᠭ᠎ᠠ  ᠶᠢ ᠴᠢᠩᠭᠠᠳᠬᠠᠨ᠂ ᠰᠤᠩᠭᠤᠭᠤᠯᠢ  ᠶᠢᠨ ᠠᠵᠢᠯ  ᠤᠨ ᠲᠦᠰᠤᠯ  ᠤᠨ  ᠬᠡᠷᠡᠭᠵᠢᠭᠦᠯᠤᠭ᠍ᠳᠡᠬᠦ ᠶᠠᠪᠤᠴᠠ  ᠶᠢ ᠨᠢᠭᠲᠠ ᠠᠩᠬᠠᠷᠤᠨ᠂ ᠠᠰᠠᠭᠤᠳᠠᠯ ᠭᠠᠷᠤᠭᠰᠠᠭᠠᠷ ᠴᠠᠭ ᠲᠤᠬᠠᠢ ᠳᠤᠨᠢ ᠰᠤᠳᠤᠯᠤᠨ ᠰᠢᠢᠳᠪᠤᠷᠢᠯᠡᠵᠤ᠂ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠤᠯᠤᠰ ᠲᠦᠷᠤ  ᠶᠢᠨ ᠵᠦᠪᠯᠡᠯᠭᠡᠨ  ᠤ ᠬᠤᠷᠠᠯ  ᠤᠨ ᠬᠤᠭᠤᠴᠠᠭᠠᠨ ᠳᠤ ᠲᠦᠷ ᠴᠠᠭ  ᠤᠨ ᠨᠠᠮ  ᠤᠨ ᠵᠤᠬᠢᠶᠠᠨ ᠪᠠᠶᠢᠭᠤᠯᠤᠯᠲᠠ ᠪᠠᠶᠢᠭᠤᠯᠤᠨ᠂  ᠵᠦᠷᠢᠶᠡᠲᠤ ᠲᠤᠭᠠᠨ  ᠤ ᠵᠢᠱᠢᠭᠳᠡᠭᠰᠡᠳ  ᠤᠨ ᠨᠠᠷᠠᠰ ᠲᠤ  ᠵᠢᠯᠤᠭᠤᠳᠬᠤ ᠰᠠᠨᠠᠯ ᠭᠠᠷᠭᠠᠵᠤ᠂ ᠰᠤᠩᠭᠤᠭᠤᠯᠢ  ᠶᠢᠨ ᠠᠵᠢᠯ  ᠤᠨ ᠤᠳᠤᠷᠢᠳᠬᠤ ᠡᠷᠬᠡ ᠪᠤᠯᠤᠨ ᠰᠠᠨᠠᠭᠠᠴᠢᠯᠠᠭᠠᠲᠤ ᠡᠷᠬᠡ  ᠶᠢ ᠪᠠᠲᠤ ᠡᠵᠡᠮᠳᠡᠨ᠎ᠡ᠃ ᠭᠤᠷᠪᠠ᠂ ᠰᠠᠬᠢᠯᠭ᠎ᠠ ᠪᠠᠲᠤ  ᠶᠢ ᠴᠢᠩᠳᠠᠯᠠᠨ᠂ ᠬᠢᠨᠠᠯᠲᠠ ᠲᠠᠯᠪᠢᠬᠤ  ᠶᠢ ᠴᠢᠩᠭᠠᠳᠬᠠᠵᠤ᠂ ᠠᠷᠢᠭᠤᠨ ᠴᠢᠭᠡᠴᠢ ᠲᠦᠪ ᠭᠤᠤᠯᠴᠢ ᠬᠤᠭᠤᠴᠠᠭ᠎ᠠ ᠰᠤᠯᠢᠬᠤ ᠤᠷᠴᠢᠨ ᠲᠤᠭᠤᠷᠢᠨ  ᠢ ᠡᠭᠦᠳᠤᠨ᠎ᠡᠬᠤᠭᠤᠴᠠᠭ᠎ᠠ ᠰᠤᠯᠢᠬᠤ ᠠᠵᠢᠯ  ᠤᠨ ᠰᠤᠷᠲᠠᠯ  ᠢ  ᠴᠢᠩᠳᠠᠯᠠᠬᠤ ᠪᠤᠯ ᠬᠤᠭᠤᠴᠠᠭ᠎ᠠ ᠰᠤᠯᠢᠬᠤ ᠠᠵᠢᠯ ᠠᠮᠵᠢᠯᠲᠡ ᠤᠯᠬᠤ  ᠶᠢᠨ ᠴᠢᠬᠤᠯᠨ ᠪᠠᠲᠤᠯᠠᠭ᠎ᠠ᠂ ᠨᠠᠮ  ᠢ ᠪᠦᠬᠦ ᠲᠠᠯ᠎ᠠ  ᠪᠠᠷ ᠴᠢᠩᠭ᠎ᠠ ᠵᠠᠰᠠᠬᠤ  ᠶᠢᠨ ᠴᠢᠬᠤᠯᠨ ᠠᠭᠤᠯᠭ᠎ᠠ᠃ ᠡᠯ᠎ᠡ ᠱᠠᠲᠤᠨ  ᠤ ᠡᠯ᠎ᠡ ᠬᠤᠯᠪᠤᠭᠳᠠᠯ ᠪᠦᠬᠦᠢ ᠰᠠᠯᠠᠭ᠎ᠠ ᠮᠦᠴᠢᠷ  ᠡᠬᠢᠯᠡᠮᠡᠨᠵᠢᠨ ᠲᠠᠷᠤᠢ ᠶᠤᠰᠤ ᠲᠦᠷᠢᠮ   ᠪᠠᠶᠢᠭᠤᠯᠵᠤ᠂ ᠰᠠᠬᠢᠯᠭ᠎ᠠ ᠪᠠᠲᠤ  ᠶᠢ ᠴᠢᠩᠳᠠᠯᠠᠨ᠂ ᠬᠤᠭᠤᠴᠠᠭ᠎ᠠ ᠰᠤᠯᠢᠬᠤ ᠤᠪᠤᠷ ᠰᠤᠷᠲᠠᠯ  ᠢ ᠴᠢᠩᠭᠠᠳᠬᠠᠨ᠎ᠠ᠃ ᠨᠢᠭᠡ ᠳᠤ ᠰᠡᠷᠡᠮᠵᠢᠭᠦᠯᠤᠯ  ᠤᠨ ᠰᠤᠷᠭᠠᠨ ᠬᠦᠮᠤᠵᠢᠯ  ᠢ ᠴᠢᠩᠭᠠᠳᠬᠠᠨ᠎ᠠ᠃ ᠤᠷᠢᠳᠠᠪᠡᠷ  ᠰᠤᠷᠭᠠᠨ ᠬᠦᠮᠤᠵᠢᠬᠦᠯᠬᠦ᠂ ᠤᠷᠢᠳᠠᠪᠡᠷ ᠰᠡᠷᠡᠮᠵᠢᠯᠡᠬᠦᠯᠬᠦ᠂ ᠤᠷᠢᠳᠡᠪᠡᠷ ᠰᠡᠷᠭᠡᠶᠢᠯᠡᠬᠦ  ᠶᠢ ᠲᠤᠪᠤᠶᠢᠯᠭᠠᠨ᠂ ︽ᠲᠦᠷᠪᠡ  ᠶᠢ ᠡᠷᠬᠡᠪᠰᠢ ᠶᠠᠷᠢᠯᠴᠠᠬᠤ ᠲᠦᠷᠪᠡ  ᠶᠢ ᠡᠷᠬᠡᠪᠰᠢ   ᠪᠤᠯᠪᠠᠰᠤᠷᠠᠭᠤᠯᠬᠤ︾  ᠱᠠᠭᠠᠷᠳᠠᠯᠭ᠎ᠠ ᠶᠤᠰᠤᠭᠠᠷ᠂ ᠺᠠᠳ᠋ᠷ  ᠢ ᠰᠤᠩᠭᠤᠨ  ᠲᠡᠪᠰᠢᠬᠦᠯᠵᠤ ᠬᠡᠷᠡᠭᠯᠡᠬᠦ ᠪᠠ ᠬᠤᠭᠤᠴᠠᠭ᠎ᠠ ᠰᠤᠯᠢᠬᠤ ᠰᠤᠩᠭᠤᠭᠤᠯᠢ  ᠎ ᠶᠢᠨ ᠠᠵᠢᠯ  ᠤᠨ ᠲᠦᠷᠤ  ᠶᠢᠨ ᠪᠤᠳᠤᠯᠭ᠎ᠠ ᠬᠠᠤᠯᠢ ᠲᠦᠷᠢᠮ ᠎ ᠢ ᠬᠦᠨᠵᠡᠭᠡᠢ ᠰᠤᠷᠤᠯᠴᠠᠨ ᠤᠬᠠᠭᠤᠯᠵᠤ᠂ ︽ᠲᠤᠮᠳᠠᠳᠤ ᠤᠯᠤᠰ  ᠤᠨ ᠡᠪ ᠬᠠᠮᠲᠤ ᠨᠠᠮ  ᠤᠨ ᠰᠠᠬᠢᠯᠭ᠎ᠠ ᠪᠠᠲᠤ ᠎ ᠶᠢᠨ ᠰᠢᠳᠭᠡᠯ ᠦᠭᠬᠦ ᠲᠦᠷᠢᠮ︾᠂ ︽ ᠲᠤᠮᠳᠠᠳᠤ ᠤᠯᠤᠰ  ᠤᠨ ᠡᠪ ᠬᠠᠮᠲᠤ  ᠨᠠᠮ  ᠤᠨ ᠠᠷᠢᠭᠤᠨ ᠴᠢᠭᠡᠴᠢ ᠎ ᠪᠠᠷ ᠪᠡᠶ᠎ᠡ  ᠪᠠᠨ  ᠪᠠᠷᠢᠬᠤ  ᠪᠠᠷᠢᠮᠵᠢᠶ᠎ᠠ︾ ᠵᠡᠷᠭᠡ ᠨᠠᠮ  ᠤᠨ ᠲᠤᠲᠤᠭᠠᠳᠤᠬᠢ ᠬᠠᠤᠯᠢ ᠲᠦᠷᠢᠮ  ᠢ ᠰᠤᠷᠤᠯᠴᠠᠵᠤ᠂ ︽ ᠶᠢᠰᠤ  ᠶᠢ ᠡᠷᠡᠰ ᠴᠠᠭᠠᠵᠠᠯᠠᠬᠤ︾  ᠰᠠᠬᠢᠯᠭ᠎ᠠ ᠪᠠᠲᠤ  ᠶᠢᠨ ᠱᠠᠭᠠᠷᠳᠠᠯᠭ᠎ᠠ ᠪᠤᠯᠤᠨ ︽ᠶᠢᠰᠤ  ᠶᠢ ᠡᠷᠬᠡᠪᠰᠢ ᠰᠢᠳᠬᠡᠬᠦ︾ ᠲᠤᠭᠲᠠᠭᠠᠯ  ᠢ ᠰᠤᠷᠤᠯᠴᠠᠨ᠂ ︽ ᠬᠤᠶᠠᠷ  ᠹᠡᠯᠢᠮ ᠨᠢᠭᠡ ᠨᠤᠮ︾ ᠎ ᠢ ᠡᠷᠬᠡᠪᠰᠢ ᠦᠵᠡᠵᠤ ᠡᠷᠬᠡᠪᠰᠢ ᠰᠤᠷᠤᠯᠴᠠᠬᠤ ᠮᠠᠲ᠋ᠧᠷᠢᠶᠠᠯ  ᠪᠤᠯᠭᠠᠨ᠂  ᠬᠤᠷᠠᠯ ᠳᠤ ᠤᠷᠤᠯᠴᠠᠬᠤ  ᠬᠦᠮᠤᠰ  ᠢ ᠵᠤᠬᠢᠶᠠᠨ ᠪᠠᠶᠢᠭᠤᠯᠵᠤ ᠰᠠᠷᠡᠮᠵᠢᠬᠦᠯᠤᠯ  ᠤᠨ ᠹᠡᠯᠢᠮ ᠦᠵᠡᠬᠦᠯᠬᠦ  ᠶᠢ ᠰᠤᠩᠭᠤᠭᠤᠯᠢ  ᠠᠴᠠ ᠡᠮᠤᠨ᠎ᠡ ᠵᠠᠪᠠᠯ  ᠶᠠᠪᠤᠭᠳᠠᠭᠤᠯᠬᠤ ᠶᠠᠪᠤᠴᠠ ᠪᠤᠯᠭᠠᠵᠤ᠂ ᠡᠯ᠎ᠡ ᠱᠠᠲᠤᠨ  ᠤ ᠤᠳᠤᠷᠢᠳᠬᠤ ᠺᠠᠳ᠋ᠷ  ᠤᠨ ᠬᠦᠨᠳᠤᠳᠭᠡᠨ ᠵᠢᠷᠤᠬᠡᠰᠢᠬᠦ   ᠰᠡᠳᠬᠢᠯᠭᠡ ᠪᠠ ᠰᠠᠬᠢᠯᠭ᠎ᠠ ᠪᠠᠲᠤ  ᠶᠢᠨ ᠤᠬᠠᠮᠰᠠᠷ  ᠢ ᠦᠨᠡᠨᠬᠦ ᠴᠢᠩᠭᠠᠳᠬᠠᠨ᠎ᠠ᠃ ᠵᠦᠪ ᠲᠠᠯ᠎ᠠ  ᠶᠢᠨ ᠬᠦᠮᠤᠵᠢᠯ ᠪᠠ ᠨᠠᠵᠠᠭᠠᠢ  ᠲᠠᠯ᠎ᠠ ᠶᠢᠨ ᠰᠡᠷᠡᠮᠵᠢᠬᠦᠯᠤᠯ  ᠢ ᠬᠠᠷᠢᠯᠴᠠᠨ ᠤᠶᠠᠯᠳᠤᠭᠤᠯᠵᠤ᠂ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠬᠤᠭᠤᠴᠠᠭ᠎ᠠ ᠰᠤᠯᠢᠬᠤ ᠠᠵᠢᠯ  ᠤᠨ ᠲᠤᠬᠠᠢ ᠰᠠᠬᠢᠯᠭ᠎ᠠ ᠪᠠᠲᠤ ᠎ ᠶᠢᠨ ᠱᠠᠭᠠᠷᠳᠠᠯᠭ᠎ᠠ  ᠶᠢ ᠶᠡᠬᠡᠪᠡᠷ ᠤᠬᠠᠭᠤᠯᠤᠨ᠂ ᠤᠨᠴᠠᠭᠠᠶᠢᠯᠠᠨ ᠬᠤᠨᠠᠨ ᠡᠾᠸᠡᠭ ᠶᠠᠩ  ᠤᠨ  ᠰᠤᠩᠭᠤᠭᠤᠯᠢ  ᠶᠢ ᠡᠪᠳᠡᠭᠡᠭᠰᠡᠨ ᠬᠡᠷᠡᠭ᠂ ᠰᠧᠴᠤᠸᠡᠨ ᠨᠡᠨ ᠴᠦᠡᠭ  ᠤᠨ ᠬᠡᠬᠡᠯᠢ ᠲᠦᠯᠬᠢᠵᠤ ᠪᠢᠯᠧᠲ ᠲᠠᠲᠠᠭᠰᠡᠨ ᠬᠡᠷᠡᠭ᠂ ᠯᠢᠶᠤᠨᠢᠩ ᠎ ᠤᠨ ᠬᠡᠬᠡᠯᠢ ᠲᠦᠯᠬᠢᠵᠤ ᠪᠢᠯᠧᠲ ᠲᠠᠲᠠᠭᠰᠡᠨ ᠬᠡᠷᠡᠭ  ᠤᠨ ᠬᠦᠨ ᠰᠤᠷᠭᠠᠮᠵᠢ  ᠪᠠᠷ ᠴᠡᠭᠡᠷᠯᠡᠯ ᠪᠤᠯᠭᠠᠵᠤ᠂ ᠡᠯ᠎ᠡ ᠱᠠᠲᠤᠨ  ᠤ ᠤᠳᠤᠷᠢᠳᠬᠤ ᠺᠠᠳ᠋ᠷ  ᠢ ᠬᠦᠲᠤᠯᠤᠨ ᠵᠢᠯᠤᠭᠤᠳᠴᠤ ᠰᠠᠬᠢᠯᠭ᠎ᠠ ᠪᠠᠲᠤ  ᠶᠢ ᠢᠮᠠᠭᠲᠠ ᠴᠢᠩᠭ᠎ᠠ ᠵᠢᠷᠤᠮᠯᠠᠵᠤ᠂ ᠦᠨᠳᠤᠷ ᠲᠠᠷᠤᠯᠲᠠᠲᠤ  ᠱᠤᠭᠤᠮ ᠳᠤ ᠶᠠᠭᠠᠬᠢᠭᠰᠡᠨ ᠴᠤ ᠬᠠᠯᠳᠠᠵᠤ ᠪᠤᠯᠬᠤ ᠦᠭᠡᠢ᠂ ᠦᠪᠡᠷ  ᠤᠨ ᠠᠯᠤᠰ ᠢᠷᠡᠭᠡᠳᠤᠢ  ᠪᠠᠨ ᠶᠠᠭᠠᠬᠢᠭᠰᠡᠨ ᠴᠤ ᠬᠦᠨᠤᠭᠡᠵᠤ ᠪᠤᠯᠬᠤ ᠦᠭᠡᠢ᠃ ᠬᠤᠭᠤᠴᠠᠭ᠎ᠠ ᠰᠤᠯᠢᠬᠤ ᠰᠠᠬᠢᠯᠭ᠎ᠠ ᠪᠠᠲᠤ ᠎ ᠶᠢᠨ ᠬᠦᠮᠤᠵᠢᠯ  ᠢ ᠨᠠᠮ  ᠤᠨ ᠭᠠᠳᠠᠨᠠᠬᠢ ᠬᠦᠮᠤᠰ ᠲᠤ ᠦᠷᠭᠡᠳᠭᠡᠵᠤ᠂ ᠨᠠᠮ  ᠤᠨ ᠭᠠᠳᠠᠨᠠᠬᠢ ᠬᠦᠮᠤᠰ  ᠢ ᠵᠢᠯᠤᠭᠤᠳᠤᠨ ᠬᠤᠭᠤᠴᠠᠭ᠎ᠠ ᠰᠤᠯᠢᠬᠤ ᠳᠤ ᠵᠦᠪ ᠲᠠᠨᠢᠯᠲᠠ ᠲᠠᠢ ᠪᠠᠶᠢᠵᠤ᠂ ᠬᠠᠤᠯᠢ ᠲᠦᠷᠢᠮ ᠶᠤᠰᠤᠭᠠᠷ ᠬᠤᠭᠤᠴᠠᠭ᠎ᠠ ᠰᠤᠯᠢᠬᠤ ᠳᠤ ᠤᠷᠤᠯᠴᠠᠨ᠂ ᠨᠠᠶᠢᠭᠡᠮ ᠵᠢᠷᠤᠮ  ᠤᠨ  ᠠᠷᠠᠳᠴᠢᠯᠠᠭᠰᠡᠨ ᠤᠯᠤᠰ ᠲᠦᠷᠤ  ᠶᠢᠨ ᠪᠦᠲᠤᠭᠡᠨ ᠪᠠᠶᠢᠭᠤᠯᠤᠯᠲᠠ ᠳᠤ ᠢᠳᠡᠪᠬᠢᠲᠠᠢ  ᠮᠦᠷᠲᠡᠭᠡᠨ ᠲᠡᠭᠡᠲᠤ  ᠬᠡᠮᠵᠢᠶᠠᠨ  ᠤ ᠬᠠᠷᠢᠭᠤᠴᠠᠯᠭᠠᠲᠤ ᠤᠪᠤᠷ  ᠢᠶᠠᠷ ᠤᠷᠤᠯᠴᠠᠨ᠎ᠠ᠃ ᠬᠤᠶᠠᠷ ᠲᠤ  ᠬᠢᠨᠠᠨ ᠪᠠᠶᠢᠴᠠᠭᠠᠬᠤ  ᠪᠠᠨ ᠴᠢᠩᠭᠠᠳᠬᠠᠨ᠎ᠠ᠃ ᠬᠤᠲᠠ  ᠶᠢᠨ ᠨᠠᠮ  ᠤᠨ ᠬᠤᠷᠢᠶ᠎ᠠ ᠲᠤᠰᠬᠠᠶᠢᠯᠠᠨ4 ᠨᠡᠷ᠎ᠡ ᠬᠤᠲᠠ  ᠶᠢᠨ ᠨᠠᠮ  ᠤᠨ ᠬᠤᠷᠢᠶᠠᠨ  ᠤ ᠪᠠᠶᠢᠩᠭᠤ  ᠶᠢᠨ ᠭᠡᠰᠢᠬᠦᠨ᠂ 4 ᠱᠠᠯᠠᠪᠳᠠᠨ ᠪᠠᠶᠢᠴᠠᠭᠠᠵᠤ ᠵᠢᠯᠤᠭᠤᠳᠬᠤ ᠲᠤᠭᠤᠶᠢᠯᠠᠩ ᠲᠤᠮᠢᠯᠠᠵᠤ᠂ ᠰᠤᠮᠤ ᠪᠠᠯᠭᠠᠰᠤᠨ  ᠤ ᠬᠤᠭᠤᠴᠠᠭ᠎ᠠ ᠰᠤᠯᠢᠬᠤ  ᠠᠵᠢᠯ ᠳᠤ  ᠲᠤᠰ ᠲᠤᠰ ᠎ ᠳᠤᠨᠢ ᠵᠢᠯᠤᠭᠤᠳᠤᠯᠭ᠎ᠠ ᠪᠠᠶᠢᠴᠠᠭᠠᠯᠲᠠ ᠶᠠᠪᠤᠭᠤᠯᠵᠤ᠂ ᠵᠤᠷᠢᠯᠭ᠎ᠠ ᠨᠢ ᠲᠠᠷᠤᠢ ᠴᠢᠩᠭ᠎ᠠ ᠬᠢᠨᠠᠯᠲᠠ ᠲᠠᠯᠪᠢᠵᠤ ᠪᠠᠶᠢᠴᠠᠭᠠᠬᠤ  ᠶᠢ ᠰᠤᠩᠭᠤᠭᠤᠯᠢ  ᠶᠢᠨ ᠪᠦᠬᠦ ᠶᠠᠪᠤᠴᠠ  ᠪᠠ ᠡᠯ᠎ᠡ ᠲᠠᠯ᠎ᠠ ᠳᠤ  ᠲᠤᠤᠱᠯᠠᠭᠤᠯᠬᠤ  ᠶᠢᠨ ᠲᠦᠯᠤᠭᠡ ᠶᠤᠮ᠃ ᠬᠢᠨᠠᠯᠲᠠ ᠲᠠᠯᠪᠢᠬᠤ ᠠᠷᠭ᠎ᠠ ᠵᠠᠮ  ᠢ ᠰᠢᠯᠤᠭᠤᠳᠬᠠᠨ᠂ ᠵᠠᠬᠢᠳᠡᠯ ᠢᠷᠡᠬᠦ᠂ ᠤᠲᠠᠰᠤ ᠢᠷᠡᠬᠦ᠂ ᠰᠤᠷᠪᠤᠯᠵᠢᠯᠠᠭ᠎ᠠ ᠬᠢᠬᠦ᠂ ᠰᠦᠯᠵᠢᠶ᠎ᠡ  ᠪᠠᠷ ᠲᠤᠰᠬᠠᠬᠤ ︽ᠲᠦᠷᠪᠡ  ᠶᠢ ᠨᠢᠭᠡ ᠴᠤᠭᠴᠠᠵᠢᠭᠤᠯᠤᠭᠰᠡᠨ  ︾ ᠢᠯᠡᠴᠢᠯᠡᠨ ᠮᠡᠳᠡᠭᠦᠯᠬᠦ ᠲᠠᠪᠴᠠᠩ  ᠤᠨ ᠦᠢᠯᠡᠳᠤᠯ  ᠢ ᠬᠦᠢᠴᠡᠳ ᠪᠠᠳᠠᠷᠠᠭᠤᠯᠤᠨ᠂ ᠵᠤᠬᠢᠶᠠᠨ ᠪᠠᠶᠢᠭᠤᠯᠤᠯᠲᠠ  ᠠᠴᠠ ᠬᠢᠨᠠᠯᠲᠠ ᠲᠠᠯᠪᠢᠬᠤ᠂ ᠬᠠᠤᠯᠢ ᠴᠠᠭᠠᠵᠠ  ᠪᠠᠷ ᠬᠢᠨᠠᠯᠲᠠ ᠲᠠᠯᠪᠢᠬᠤ᠂ ᠶᠠᠷᠢᠶ᠎ᠡ ᠬᠡᠯᠡᠯᠴᠡᠭᠡ  ᠠᠴᠠ ᠬᠢᠨᠠᠯᠲᠠ ᠲᠠᠯᠪᠢᠬᠤ᠂ ᠤᠯᠡᠨ ᠲᠦᠮᠡᠨ  ᠠᠴᠠ  ᠬᠢᠨᠠᠯᠲᠠ ᠲᠠᠯᠪᠢᠬᠤ ᠵᠡᠷᠭᠡ ᠠᠷᠭ᠎ᠠ  ᠶᠢ ᠶᠡᠷᠤᠩᠬᠡᠶᠢᠯᠡᠨ ᠠᠰᠢᠭᠯᠠᠵᠤ᠂ ︽ ᠵᠢᠵᠢᠭ ᠪᠦᠯᠬᠦᠮ︾᠂ ᠡᠷᠬᠡ  ᠲᠤᠰᠢᠶᠠᠯᠲᠡᠨ ᠳᠤ ᠨᠠᠶᠢᠳᠠᠬᠤ᠂ ᠨᠤᠶᠠᠨ ᠦᠭᠬᠦ  ᠪᠠᠷ ᠠᠮᠠᠯᠠᠬᠤ᠂ ᠺᠠᠳ᠋ᠷ  ᠢ ᠰᠤᠩᠭᠤᠬᠤ ᠳᠤ  ᠪᠤᠭᠤᠮᠲᠠ  ᠠᠳᠬᠤᠭᠰᠡᠨ ᠨᠢ ᠴᠢᠩᠭ᠎ᠠ ᠪᠤᠰᠤ ᠵᠡᠷᠭᠡ ᠠᠰᠠᠭᠤᠳᠠᠯ  ᠢ ᠭᠤᠤᠳᠠᠯᠭ᠎ᠠ ᠲᠠᠢ ᠬᠢᠨᠠᠨ ᠪᠠᠶᠢᠴᠠᠭᠠᠵᠤ᠂  ᠲᠠᠶᠢᠰᠤᠩᠨᠠᠭᠴᠢ ᠡᠲᠡᠭᠡᠳ᠂ ᠬᠠᠷ᠎ᠠ  ᠪᠦᠯᠤᠭ᠍ᠲᠡᠨ᠂ ᠠᠶᠢᠮᠠᠭ ᠤᠭᠰᠠᠭ᠎ᠠ ᠪᠠ ᠱᠠᠰᠢᠨ ᠰᠤᠷᠲᠠᠬᠤᠨ  ᠤ ᠬᠦᠴᠤᠨ ᠰᠤᠩᠭᠤᠭᠤᠯᠢ  ᠶᠢ ᠬᠠᠷᠰᠢᠯᠠᠵᠤ ᠡᠪᠳᠡᠬᠦ  ᠵᠡᠷᠭᠡ ᠠᠰᠠᠭᠤᠳᠠᠯ ᠳᠤ  ᠭᠤᠤᠯᠳᠠᠯᠭ᠎ᠠ ᠲᠠᠢ ᠬᠢᠨᠠᠨ ᠪᠠᠶᠢᠴᠠᠭᠠᠯᠲᠠ ᠬᠢᠵᠤ᠂ ᠲᠦᠯᠤᠭᠡᠯᠡᠭᠴᠢ ᠰᠤᠩᠭᠤᠬᠤ ᠪᠠ ᠭᠡᠰᠢᠬᠦᠨ  ᠢ ᠨᠡᠷ᠎ᠡ ᠲᠤᠷᠠᠳᠬᠤ ᠶᠠᠪᠤᠴᠠ ᠳᠤ ᠡᠷᠬᠡ ᠮᠦᠩᠬᠦᠨ ᠠᠠᠷᠠᠯᠵᠢᠶᠠᠯᠠᠬᠤ᠂ ᠬᠤᠳᠠᠯ ᠬᠡᠯᠡᠵᠤ ᠬᠠᠭᠤᠷᠮᠠᠭᠯᠠᠨ ᠵᠤᠬᠢᠶᠠᠬᠤ ᠵᠡᠷᠭᠡ ᠦᠢᠯᠨ ᠠᠵᠢᠯᠯᠠᠭᠠᠨ ᠳᠤ ᠬᠢᠨᠠᠨ ᠪᠠᠶᠢᠴᠠᠭᠠᠯᠲᠠ ᠬᠢᠬᠦ  ᠶᠢ ᠴᠢᠩᠭᠠᠳᠬᠠᠨ᠎ᠠ᠂ ᠬᠤᠭᠤᠴᠠᠭ᠎ᠠ ᠰᠤᠯᠢᠬᠤ ᠰᠢᠯᠭᠠᠨ ᠪᠠᠶᠢᠴᠠᠭᠠᠬᠤ ᠲᠤᠭᠤᠶᠢᠯᠠᠩ  ᠤᠨ ᠰᠠᠬᠢᠯᠭ᠎ᠠ ᠲᠦᠷᠢᠮ  ᠢ ᠵᠢᠷᠤᠮᠯᠠᠭᠰᠡᠨ ᠪᠠᠶᠢᠳᠠᠯ ᠎ ᠳᠤ ᠬᠢᠨᠠᠨ ᠪᠠᠶᠢᠴᠠᠭᠠᠯᠲᠠ ᠬᠢᠬᠦ  ᠪᠠᠨ ᠴᠢᠩᠭᠠᠳᠬᠠᠨ᠂ ᠰᠤᠩᠭᠤᠭᠤᠯᠢ  ᠶᠢᠨ  ᠡᠮᠬᠢ ᠲᠠᠷᠠᠭᠠᠯᠠᠯ  ᠢ ᠡᠪᠳᠡᠵᠤ᠂ ᠰᠤᠩᠭᠤᠭᠤᠯᠢ  ᠶᠢᠨ ᠠᠵᠢᠯ  ᠢ ᠨᠦᠯᠤᠭᠡᠯᠡᠬᠦ ᠲᠦᠪ ᠪᠤᠰᠤ ᠰᠤᠷᠲᠠᠯ  ᠢ ᠡᠷᠡᠰ ᠰᠡᠷᠭᠡᠶᠢᠯᠡᠨ᠎ᠡ᠃ ᠭᠤᠷᠪᠡ ᠳᠤ ᠰᠠᠬᠢᠯᠭ᠎ᠠ ᠪᠠᠲᠤ  ᠠᠴᠠ ᠵᠦᠷᠢᠴᠡᠭᠰᠡᠨ ᠠᠰᠠᠭᠤᠳᠠᠯ  ᠢ ᠴᠢᠩᠭ᠎ᠠ ᠪᠠᠶᠢᠴᠠᠭᠠᠨ ᠰᠢᠳᠭᠡᠨ᠎ᠡ᠃ ᠡᠷᠲᠡᠬᠡᠨ ᠠᠳᠬᠤᠵᠤ ᠪᠠᠭ᠎ᠠ  ᠠᠴᠠ ᠠᠳᠬᠤᠨ᠂  ᠬᠡᠬᠡᠯᠢ ᠲᠦᠯᠬᠢᠵᠤ ᠪᠢᠯᠧᠲ ᠲᠠᠲᠠᠬᠤ᠂ ᠨᠢᠭᠤᠷ ᠬᠠᠶᠠᠬᠤ᠂  ᠨᠤᠶᠠᠨ ᠪᠤᠯᠬᠤ ᠎ ᠪᠠᠷ ᠬᠦᠶᠤᠬᠦ᠂ ᠨᠤᠶᠠᠨ ᠵᠩᠡ  ᠠᠷᠠᠯᠵᠢᠶᠠᠯᠠᠬᠤ᠂ ᠬᠤᠭᠤᠴᠠᠭ᠎ᠠ ᠰᠤᠯᠢᠬᠤ  ᠶᠢ ᠬᠠᠷᠰᠢᠯᠠᠬᠤ᠂ ᠰᠤᠩᠭᠤᠭᠤᠯᠢ  ᠶᠢ ᠡᠪᠳᠡᠬᠦ ᠵᠡᠷᠭᠡ ᠠᠵᠢᠯᠯᠠᠭ᠎ᠠ ᠪᠠᠶᠢᠭᠰᠠᠭᠠᠷ᠂ ᠨᠢᠭᠡ  ᠶᠢ ᠢᠯᠡᠷᠡᠭᠰᠡᠭᠡᠷ ᠨᠢᠭᠡ  ᠶᠢ ᠴᠢᠩᠭ᠎ᠠ ᠰᠢᠳᠭᠡᠵᠤ᠂ ︽ ᠤᠭᠲᠤ ᠠᠭᠤᠴᠢᠯᠠᠬᠤ  ᠦᠭᠡᠢ ᠤᠪᠤᠷ︾ ᠎ ᠢᠶᠠᠷ  ᠰᠤᠷᠲᠠᠯ  ᠢ ᠴᠡᠭᠴᠡᠯᠡᠵᠤ ᠰᠠᠬᠢᠯᠭ᠎ᠠ  ᠶᠢ ᠴᠢᠩᠳᠠᠯᠠᠨ᠎ᠠ᠃ ᠦᠳᠳᠤᠷ ᠲᠦᠷᠭᠡᠨ ᠪᠠᠶᠢᠴᠠᠭᠠᠨ ᠬᠠᠷᠭᠤᠭᠤᠯᠬᠤ ᠪᠠ  ᠮᠡᠳᠡᠭᠳᠡᠭᠦᠯᠵᠤ ᠨᠡᠶᠢᠲᠡᠯᠡᠬᠦ ᠲᠤᠭᠲᠠᠴᠠ  ᠶᠢ ᠪᠠᠶᠢᠭᠤᠯᠤᠨ ᠲᠡᠭᠦᠯᠳᠡᠷᠵᠢᠬᠦᠯᠵᠤ᠂ ᠠᠰᠠᠭᠤᠳᠠᠯ  ᠢ ᠤᠯᠵᠤ ᠮᠡᠳᠡᠭᠰᠡᠭᠡᠷ ᠦᠳᠳᠤᠷ ᠲᠦᠷᠭᠡᠨ ᠬᠠᠷᠢᠭᠤ ᠲᠤᠰᠬᠠᠵᠤ᠂  ᠲᠠᠷᠤᠢ ᠎ ᠳᠤᠨᠢ ᠰᠢᠢᠳᠪᠤᠷᠢᠯᠡᠵᠤ᠂ ᠬᠤᠭᠤᠴᠠᠭ᠎ᠠ ᠰᠤᠯᠢᠬᠤ ᠰᠠᠬᠢᠯᠭ᠎ᠠ ᠪᠠᠲᠤ  ᠶᠢ ᠵᠦᠷᠢᠴᠡᠭᠰᠡᠨ ᠬᠡᠷᠡᠭ ᠶᠠᠪᠤᠳᠠᠯ  ᠢ ᠴᠠᠭ ᠲᠠᠷᠤᠢ ᠳᠤᠨᠢ ᠮᠡᠳᠡᠭᠳᠡᠭᠦᠯᠵᠤ ᠨᠡᠶᠢᠲᠡᠯᠡᠨ᠂ ᠲᠦᠪ ᠪᠤᠰᠤ ᠰᠤᠷᠲᠠᠯ  ᠢ ᠴᠡᠭᠴᠡᠯᠡᠨ ᠵᠠᠰᠠᠬᠤ ᠦᠨᠳᠤᠷ ᠲᠠᠷᠤᠯᠲᠠᠲᠤ ᠬᠠᠨᠳᠤᠰᠢ  ᠶᠢ ᠦᠷᠬᠦᠯᠵᠢᠲᠡ ᠪᠠᠲᠤᠯᠠᠨ᠎ᠠ᠃ ᠬᠤᠭᠤᠴᠠᠭ᠎ᠠ ᠰᠤᠯᠢᠬᠤ ᠠᠵᠢᠯ  ᠤᠨ ᠰᠤᠷᠲᠠᠯ  ᠤᠨ ᠬᠠᠷᠢᠭᠤᠴᠠᠯᠭ᠎ᠠ ᠠᠰᠠᠭᠤᠬᠤ ᠲᠦᠷᠢᠮ  ᠢ ᠬᠢᠨᠠᠮᠠᠭᠠᠢ ᠨᠠᠶᠢᠳᠠᠪᠤᠷᠢᠵᠢᠭᠤᠯᠵᠤ᠂ ᠰᠤᠷᠲᠠᠯ ᠲᠦᠪ ᠪᠤᠰᠤ᠂ ᠰᠠᠬᠢᠯᠭ᠎ᠠ ᠪᠠᠲᠤ ᠰᠤᠯᠨ᠂ ᠵᠤᠬᠢᠶᠠᠨ ᠪᠠᠶᠢᠭᠤᠯᠤᠯᠲᠠ  ᠶᠢᠨ ᠪᠤᠰᠤ ᠠᠵᠢᠯᠯᠠᠭ᠎ᠠ  ᠭᠠᠷᠴᠤ᠂ ᠬᠢᠨᠠᠯᠲᠠ ᠲᠠᠯᠪᠢᠵᠤ ᠪᠠᠶᠢᠴᠠᠭᠠᠨ ᠰᠢᠳᠭᠡᠭᠰᠡᠨ ᠨᠢ  ᠬᠦᠴᠤᠨ ᠲᠡᠭᠦᠯᠳᠡᠷ ᠪᠤᠰᠤ  ᠠᠴᠠ ᠪᠤᠯᠵᠤ ᠮᠠᠭᠤ ᠨᠦᠯᠤᠭᠡ ᠦᠵᠡᠭᠦᠯᠤᠭ᠍ᠰᠡᠨ ᠪᠤᠯ᠂ ᠨᠠᠮ  ᠤᠨ ᠬᠤᠷᠢᠶ᠎ᠠ ᠪᠠ ᠬᠤᠯᠪᠤᠭᠳᠠᠯ ᠪᠦᠬᠦᠢ ᠰᠠᠯᠠᠭ᠎ᠠ ᠮᠦᠴᠢᠷ  ᠤᠨ ᠭᠤᠤᠯ ᠤᠳᠤᠷᠢᠳᠤᠯᠭ᠎ᠠ  ᠠᠴᠠ ᠬᠠᠷᠢᠭᠤᠴᠠᠯᠭ᠎ᠠ ᠴᠢᠩᠭ᠎ᠠ ᠨᠡᠬᠡᠮᠵᠢᠯᠠᠨ᠎ᠠ᠃ ᠲᠦᠷᠪᠡ᠂ ᠤᠳᠤᠷᠢᠳᠤᠯᠭ᠎ᠠ  ᠶᠢ ᠴᠢᠩᠭᠠᠳᠬᠠᠨ᠂ ᠬᠠᠷᠢᠭᠤᠴᠠᠯᠭ᠎ᠠ  ᠶᠢ ᠪᠤᠲᠠᠲᠠᠶᠢᠵᠢᠭᠤᠯᠵᠤ᠂ ᠬᠤᠭᠤᠴᠠᠭ᠎ᠠ ᠰᠤᠯᠢᠬᠤ ᠠᠵᠢᠯ ᠡᠮᠬᠢ ᠲᠢᠭᠯᠢᠮ ᠲᠠᠢ ᠡᠷᠡᠭᠦᠯ ᠲᠤᠭᠲᠠᠭᠤᠨ  ᠢᠶᠠᠷ ᠶᠠᠪᠤᠭᠳᠠᠬᠤ  ᠶᠢ ᠪᠠᠲᠤᠯᠠᠨ᠎ᠠ ᠲᠤᠰ ᠤᠳᠠᠭᠠᠨ  ᠤ ᠬᠤᠭᠤᠴᠠᠭ᠎ᠠ ᠰᠤᠯᠢᠬᠤ ᠨᠢ ᠬᠤᠲᠠ᠂ ᠰᠤᠮᠤ ᠪᠠᠯᠭᠠᠰᠤ ᠬᠤᠶᠠᠷ ᠱᠠᠲᠤᠨ  ᠤ ᠪᠠᠭ ᠲᠤ ᠬᠤᠯᠪᠤᠭᠳᠠᠨ᠎ᠠ᠂ ᠲᠦᠷᠤ  ᠶᠢᠨ ᠪᠤᠳᠤᠯᠭ᠎ᠠ  ᠶᠢᠨ ᠴᠢᠨᠠᠷ  ᠢᠶᠠᠷ ᠴᠢᠩᠭ᠎ᠠ᠂ ᠠᠵᠢᠯ  ᠤᠨ ᠬᠡᠮᠵᠢᠶ᠎ᠠ ᠶᠡᠭᠡ᠃ ᠪᠢᠳᠡ ᠡᠷᠬᠡᠪᠰᠢ ᠲᠡᠭᠡᠲᠤ ᠬᠡᠮᠵᠢᠶ᠎ᠡ  ᠪᠠᠷ ᠬᠦᠨᠳᠤᠳᠭᠡᠨ᠂ ᠨᠢᠭᠡᠳᠤᠯᠲᠠᠢ ᠲᠦᠯᠤᠪᠵᠢᠭᠦᠯᠵᠤ᠂ ᠠᠯᠬᠤᠮ ᠲᠠᠷᠠᠭᠠᠯᠠᠯ ᠲᠠᠢ  ᠪᠠᠷ ᠶᠠᠪᠤᠭᠳᠠᠭᠤᠯᠵᠤ᠂ ᠡᠨᠡᠬᠦ  ᠴᠢᠬᠤᠯᠨ ᠶᠡᠭᠡ ᠤᠯᠤᠰ ᠲᠦᠷᠤ  ᠶᠢᠨ ᠬᠠᠷᠢᠭᠤᠴᠠᠯᠭ᠎ᠠ  ᠶᠢ ᠦᠨᠡᠨᠬᠦ ᠲᠠᠭᠠᠭᠠᠨ ᠠᠪᠴᠤ᠂ ᠤᠷᠤᠭᠰᠢᠲᠠᠢ ᠶᠠᠪᠤᠭᠳᠠᠬᠤ  ᠶᠢ ᠪᠠᠲᠤᠯᠠᠨ᠎ᠠ᠃ ᠨᠢᠭᠡ ᠤᠳᠤᠷᠢᠳᠤᠯᠭ᠎ᠠ  ᠶᠢᠨ ᠬᠠᠷᠢᠭᠤᠴᠠᠯᠭ᠎ᠠ  ᠶᠢ ᠨᠠᠶᠢᠳᠠᠪᠤᠷᠢᠵᠢᠭᠤᠯᠤᠨ᠎ᠠ᠃ ᠬᠤᠲᠠ  ᠶᠢᠨ ᠨᠠᠮ  ᠤᠨ ᠬᠤᠷᠢᠶ᠎ᠠ ᠎ ᠠᠴᠠ ᠬᠤᠭᠤᠴᠠᠭ᠎ᠠ ᠰᠤᠯᠢᠬᠤ ᠠᠵᠢᠯ  ᠤᠨ ᠤᠳᠤᠷᠢᠳᠬᠤ ᠲᠤᠭᠤᠶᠢᠯᠠᠩ ᠪᠠᠶᠢᠭᠤᠯᠵᠤ᠂ ᠠᠯᠪᠠᠨ ᠭᠡᠷ  ᠢ ᠵᠤᠬᠢᠶᠠᠨ ᠪᠠᠶᠢᠭᠤᠯᠬᠤ ᠬᠡᠯᠲᠡᠰ ᠲᠤ ᠪᠠᠶᠢᠷᠢᠯᠠᠭᠤᠯᠤᠨ᠂ ᠬᠤᠭᠤᠴᠠᠭ᠎ᠠ ᠰᠤᠯᠢᠬᠤ ᠡᠳᠤᠷ ᠲᠤᠳᠤᠮ  ᠤᠨ ᠠᠵᠢᠯ  ᠢ ᠬᠠᠷᠢᠭᠤᠴᠠᠨ᠎ᠠ᠃ ᠡᠯ᠎ᠡ ᠰᠤᠮᠤ ᠪᠠᠯᠭᠠᠰᠤᠨ  ᠤ ᠨᠠᠮ  ᠤᠨ ᠬᠤᠷᠢᠶ᠎ᠠ  ᠴᠤ ᠬᠤᠯᠪᠤᠭᠳᠠᠯ ᠪᠦᠬᠦᠢ ᠤᠳᠤᠷᠢᠳᠬᠤ ᠪᠠᠶᠢᠭᠤᠯᠤᠮᠵᠢ ᠪᠠ ᠠᠵᠢᠯ  ᠤᠨ ᠪᠠᠶᠢᠭᠤᠯᠤᠮᠵᠢ ᠪᠠᠶᠢᠭᠤᠯᠤᠨ᠂ ᠲᠤᠰ ᠱᠠᠲᠤᠨ  ᠤ ᠬᠤᠭᠤᠴᠠᠭ᠎ᠠ ᠰᠤᠯᠢᠬᠤ ᠠᠵᠢᠯ  ᠢ ᠬᠢᠨᠠᠮᠠᠭᠠᠢ ᠵᠤᠬᠢᠶᠠᠨ ᠪᠠᠶᠢᠭᠤᠯᠵᠤ ᠬᠡᠷᠡᠭᠵᠢᠭᠦᠯᠤᠨ᠎ᠡ᠃ ᠬᠤᠲᠠ  ᠶᠢᠨ ᠨᠠᠮ  ᠤᠨ ᠬᠤᠷᠢᠶ᠎ᠠ ᠪᠠ ᠰᠤᠮᠤ ᠪᠠᠯᠭᠠᠰᠤᠨ  ᠤ ᠨᠠᠮ  ᠤᠨ ᠬᠤᠷᠢᠶ᠎ᠠ ᠨᠢ ᠭᠤᠤᠯ ᠴᠤᠭᠴᠠ  ᠶᠢᠨ ᠬᠠᠷᠢᠭᠤᠴᠠᠯᠭ᠎ᠠ  ᠶᠢ ᠡᠭᠦᠷᠭᠡᠯᠡᠵᠤ᠂ ᠬᠤᠭᠤᠴᠠᠭ᠎ᠠ ᠰᠤᠯᠢᠬᠤ ᠠᠵᠢᠯ ᠎ ᠤᠨ ᠲᠤᠮᠳᠠᠬᠢ ᠴᠢᠬᠤᠯᠨ ᠶᠡᠭᠡ ᠠᠰᠠᠭᠤᠳᠠᠯ  ᠢ ᠨᠡᠶᠢᠲᠡ  ᠪᠠᠷ ᠰᠤᠳᠤᠯᠤᠨ ᠲᠤᠭᠲᠠᠭᠠᠨ᠎ᠠ︔ ᠨᠠᠮ  ᠤᠨ ᠬᠤᠷᠢᠶᠠᠨ ᠎ ᠤ ᠱᠦᠵᠢ ︽ ᠨᠢᠭᠡᠳᠤᠭᠡᠷ  ᠬᠠᠷᠢᠭᠤᠴᠠᠯᠭ᠎ᠠ  ᠶᠢᠨ ᠬᠦᠮᠤᠨ︾ ᠎ ᠤ ᠬᠠᠷᠢᠭᠤᠴᠠᠯᠭ᠎ᠠ  ᠶᠢ ᠬᠦᠢᠴᠡᠳᠭᠡᠨ᠂ ᠤᠳᠤᠷᠢᠳᠬᠤ ᠬᠠᠷᠢᠭᠤᠴᠠᠯᠭ᠎ᠠ  ᠶᠢ ᠡᠭᠦᠷᠭᠡᠯᠡᠵᠤ᠂ ᠠᠵᠢᠯ  ᠤᠨ ᠴᠢᠭᠯᠡᠯ  ᠢ ᠰᠠᠶᠢᠲᠤᠷ ᠡᠵᠡᠮᠳᠡᠨ᠎ᠡ︔ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠤᠯᠤᠰ ᠲᠦᠷᠤ  ᠶᠢᠨ ᠵᠦᠪᠯᠡᠯᠭᠡᠨ  ᠤ ᠨᠠᠮ  ᠤᠨ ᠲᠤᠭᠤᠶᠢᠯᠠᠩ ᠨᠢ ᠨᠠᠮ ᠎ ᠤᠨ ᠬᠤᠷᠢᠶᠠᠨ  ᠤ ᠨᠢᠭᠡᠳᠤᠯᠲᠠᠢ ᠤᠳᠤᠷᠢᠳᠤᠯᠭ᠎ᠠ ᠲᠤᠤᠷ᠎ᠠ᠂ ᠢᠳᠡᠪᠬᠢᠲᠠᠢ ᠬᠦᠳᠡᠯᠤᠩᠬᠦᠢ  ᠪᠠᠷ ᠠᠵᠢᠯ  ᠢᠶᠠᠨ ᠰᠠᠶᠢᠲᠤᠷ ᠬᠢᠵᠤ᠂ ᠦᠢᠯᠡᠳᠤᠯ  ᠢᠶᠠᠨ ᠬᠦᠢᠴᠡᠳ ᠪᠠᠳᠠᠷᠠᠭᠤᠯᠤᠨ᠎ᠠ︔ ᠰᠠᠬᠢᠯᠭ᠎ᠠ ᠪᠠᠲᠤ ᠪᠠᠶᠢᠴᠠᠭᠠᠬᠤ ᠪᠠᠶᠢᠭᠤᠯᠭ᠎ᠠ ᠬᠢᠨᠠᠯᠲᠠ ᠲᠠᠯᠪᠢᠬᠤ ᠬᠠᠷᠢᠭᠤᠴᠠᠯᠭ᠎ᠠ  ᠶᠢ ᠨᠠᠶᠢᠳᠠᠪᠤᠷᠢᠵᠢᠭᠤᠯᠤᠨ᠂ ᠬᠢᠨᠠᠨ ᠪᠠᠶᠢᠴᠠᠭᠠᠬᠤ ᠪᠠ ᠰᠠᠬᠢᠯᠭ᠎ᠠ ᠪᠠᠲᠤ  ᠶᠢ ᠬᠡᠷᠡᠭᠵᠢᠭᠦᠯᠬᠦ ᠡᠷᠴᠢᠮ  ᠢ ᠶᠡᠭᠡᠳᠭᠡᠨ᠂ ᠬᠤᠭᠤᠴᠠᠭ᠎ᠠ ᠰᠤᠯᠢᠬᠤ ᠰᠠᠬᠢᠯᠭ᠎ᠠ ᠪᠠᠲᠤ  ᠠᠴᠠ ᠵᠦᠷᠢᠴᠡᠭᠰᠡᠨ ᠠᠰᠠᠭᠤᠳᠠᠯ ᠎ ᠢ ᠴᠢᠩᠭ᠎ᠠ ᠪᠠᠶᠢᠴᠠᠭᠠᠨ ᠰᠢᠳᠭᠡᠨ᠎ᠡ︔ ᠵᠤᠬᠢᠶᠠᠨ ᠪᠠᠶᠢᠭᠤᠯᠬᠤ ᠰᠠᠯᠠᠭ᠎ᠠ ᠮᠦᠴᠢᠷ ᠨᠢ ᠰᠢᠭᠤᠳ ᠬᠠᠷᠢᠭᠤᠴᠠᠯᠭ᠎ᠠ  ᠶᠢ ᠡᠭᠦᠷᠭᠡᠯᠡᠵᠤ᠂ ᠴᠢᠳᠡᠪᠬᠢ  ᠶᠢᠨ ᠦᠢᠯᠡᠳᠤᠯ  ᠢ ᠰᠠᠶᠢᠲᠤᠷ ᠪᠠᠳᠠᠷᠠᠭᠤᠯᠤᠨ᠂ ᠰᠢᠯᠭᠠᠨ ᠪᠠᠶᠢᠴᠠᠭᠠᠬᠤ ᠬᠠᠷᠢᠭᠤᠴᠠᠯᠭ᠎ᠠ ᠎ ᠶᠢ ᠬᠦᠢᠴᠡᠳᠭᠡᠨ᠂ ᠠᠵᠢᠯ  ᠤᠨ ᠵᠢᠯᠤᠭᠤᠳᠤᠯᠭ᠎ᠠ ᠶᠢ ᠴᠢᠬᠤᠯᠠᠴᠢᠯᠡᠨ᠂ ᠪᠤᠰᠤᠳ ᠰᠠᠯᠠᠭ᠎ᠠ ᠮᠦᠴᠢᠷ ᠲᠠᠢ ᠵᠤᠬᠢᠴᠠᠯᠳᠤᠨ ᠬᠠᠮᠵᠢᠯᠴᠠᠬᠤ  ᠶᠢ ᠴᠢᠩᠭᠠᠳᠬᠠᠨ᠂ ᠨᠠᠮ  ᠤᠨ ᠬᠤᠷᠢᠶᠠᠨ  ᠤ ᠰᠠᠶᠢᠨ ᠬᠠᠪᠰᠤᠷᠤᠭᠴᠢ ᠪᠤᠯᠤᠨ᠎ᠠ︔ ᠤᠬᠠᠭᠤᠯᠬᠤ᠂ ᠨᠢᠭᠡᠳᠤᠮᠡᠯ ᠹᠷᠤᠲ᠂ ᠤᠯᠤᠰ ᠲᠦᠷᠤ ᠬᠠᠤᠯᠢ ᠴᠠᠭᠠᠵᠠ ᠵᠡᠷᠭᠡ ᠰᠠᠯᠠᠭ᠎ᠠ ᠮᠦᠴᠢᠷ ᠲᠤᠰ ᠲᠤᠰ  ᠤᠨ ᠬᠠᠷᠢᠭᠤᠴᠠᠯᠭ᠎ᠠ  ᠪᠠᠨ ᠬᠦᠢᠴᠡᠳᠭᠡᠨ᠂ ᠨᠢᠭᠲᠠ ᠬᠠᠮᠵᠢᠯᠴᠠᠵᠤ᠂ ᠨᠡᠶᠢᠯᠡᠮᠡᠯ ᠬᠦᠴᠤᠨ ᠪᠤᠯᠵᠤ ᠪᠦᠷᠢᠯᠳᠤᠨ᠂ ᠬᠤᠭᠤᠴᠠᠭ᠎ᠠ ᠰᠤᠯᠢᠬᠤ ᠠᠵᠢᠯ  ᠢ ᠬᠠᠮᠲᠤ  ᠪᠠᠷ ᠰᠠᠶᠢᠲᠤᠷ ᠬᠢᠨ᠎ᠠ᠃ ᠬᠤᠶᠠᠷ ᠲᠤ ᠠᠵᠢᠯ  ᠢ ᠨᠢᠭᠡᠳᠤᠯᠲᠠᠢ ᠲᠦᠯᠤᠪᠵᠢᠭᠦᠯᠤᠨ ᠰᠠᠶᠢᠲᠤᠷ ᠬᠢᠨ᠎ᠠ᠃ ᠠᠵᠢᠯᠲᠠᠨ  ᠤ ᠲᠤᠬᠢᠷᠠᠭᠤᠯᠤᠯᠲᠠ ᠎ ᠶᠢ ᠨᠢᠭᠡᠳᠤᠯᠲᠠᠢ ᠲᠦᠯᠤᠪᠵᠢᠬᠦᠯᠵᠤ᠂ ᠲᠡᠭᠡᠲᠤ ᠲᠤᠤᠷ᠎ᠠ ᠱᠠᠲᠤ ᠪᠠ ᠠᠳᠠᠯᠢ ᠱᠠᠲᠤᠨ  ᠤ ᠤᠳᠤᠷᠢᠳᠬᠤ ᠪᠠᠭ  ᠤᠨ ᠲᠤᠬᠢᠷᠠᠭᠤᠯᠤᠯᠲᠠ  ᠶᠢ ᠨᠢᠭᠡᠳᠤᠯᠲᠠᠢ ᠪᠤᠳᠤᠯᠬᠢᠯᠠᠵᠤ᠂ ᠲᠡᠭᠡᠲᠤ ᠱᠠᠲᠤᠨ  ᠤ ᠤᠳᠤᠷᠢᠳᠬᠤ ᠪᠠᠭ ᠬᠤᠭᠤᠴᠠᠭ᠎ᠠ ᠰᠤᠯᠢᠭᠰᠡᠨ  ᠠᠴᠠ ᠪᠤᠯᠵᠤ ᠲᠤᠤᠷ᠎ᠠ ᠱᠠᠲᠤᠨ  ᠤ ᠤᠳᠤᠷᠢᠳᠬᠤ ᠪᠠᠭ ᠲᠠᠬᠢᠨ ᠲᠠᠪᠲᠠᠨ ᠰᠤᠯᠢᠭᠲᠠᠬᠤ  ᠠᠴᠠ ᠰᠡᠷᠭᠡᠶᠢᠯᠡᠵᠤ᠂ ᠲᠤᠰ ᠬᠤᠭᠤᠴᠠᠭᠠᠨ  ᠤ ᠤᠳᠤᠷᠢᠳᠬᠤ ᠪᠠᠭ ᠬᠠᠷᠢᠴᠠᠩᠭᠤᠢ ᠲᠤᠭᠲᠠᠭᠤᠨ ᠪᠠᠶᠢᠬᠤ  ᠶᠢ ᠪᠠᠲᠤᠯᠠᠨ᠎ᠠ᠃ ᠺᠠᠳ᠋ᠷ  ᠢ ᠲᠤᠬᠢᠷᠠᠭᠤᠯᠬᠤ ᠳᠠᠭᠠᠨ᠂ ᠡᠯ᠎ᠡ ᠲᠦᠷᠤᠯ  ᠤᠨ ᠺᠠᠳ᠋ᠷ  ᠤᠨ ᠡᠬᠢ ᠰᠤᠷᠪᠤᠯᠵᠢ  ᠶᠢ ᠰᠠᠶᠢᠲᠤᠷ ᠬᠡᠷᠡᠭᠯᠡᠵᠤ᠂  ᠪᠦᠬᠦ ᠲᠠᠯ᠎ᠠ ᠳᠤ ᠬᠠᠨᠳᠤᠭᠤᠯᠵᠤ᠂ ᠡᠯ᠎ᠡ ᠹᠷᠤᠨᠲ ᠡᠯ᠎ᠡ ᠬᠦᠷᠢᠶ᠎ᠠ ᠴᠠᠷᠠᠭᠠᠨ ᠳᠤ ᠬᠠᠨᠳᠤᠭᠤᠯᠵᠤ᠂ ᠨᠡᠩ ᠦᠷᠭᠡᠨ ᠬᠡᠪᠴᠢᠶᠡᠨ ᠲᠤᠲᠤᠷ᠎ᠠ  ᠠᠴᠠ ᠴᠢᠳᠠᠪᠤᠷᠢᠲᠠᠨ  ᠰᠤᠩᠭᠤᠨ᠎ᠡ᠃ ᠠᠵᠢᠯ  ᠢ ᠨᠢᠭᠡᠳᠤᠯᠲᠠᠢ ᠲᠤᠬᠢᠷᠠᠭᠤᠯᠵᠤ᠂ ᠬᠤᠭᠤᠴᠠᠭ᠎ᠠ ᠰᠤᠯᠢᠬᠤ ᠠᠵᠢᠯ  ᠢ ᠲᠦᠷᠤᠯ ᠵᠦᠢᠯ  ᠤᠨ ᠪᠦᠲᠤᠭᠡᠨ ᠪᠠᠶᠢᠭᠤᠯᠤᠯᠲᠠ᠂ ᠶᠠᠳᠠᠭᠤ  ᠠᠴᠠ ᠠᠩᠬᠢᠵᠢᠷᠠᠭᠤᠯᠵᠤ ᠪᠠᠬᠢᠯᠡᠯᠲᠡ ᠰᠢᠪᠲᠤᠯᠠᠬᠤ᠂ ᠵᠠᠬᠢᠳᠠᠯ ᠰᠤᠷᠪᠤᠯᠵᠢᠯᠠᠭ᠎ᠠ ᠲᠤᠭᠲᠠᠭᠤᠨ ᠪᠠᠶᠢᠯᠭᠠᠬᠤ  ᠠᠵᠢᠯ ᠲᠠᠢ  ᠤᠶᠠᠯᠳᠤᠭᠤᠯᠵᠤ᠂ ᠨᠠᠮ  ᠤᠨ ᠪᠠᠶᠢᠭᠤᠯᠤᠯᠲᠠ  ᠶᠢᠨ ᠡᠯ᠎ᠡ ᠲᠦᠷᠤᠯ  ᠤᠨ ᠠᠵᠢᠯ  ᠢ ᠴᠢᠩᠭᠠᠳᠬᠠᠬᠤ ᠲᠠᠢ ᠤᠶᠠᠯᠳᠤᠭᠤᠯᠵᠤ᠂ ᠲᠦᠪ  ᠤᠨ ᠦᠪᠡᠷᠲᠡᠭᠡᠨ ᠵᠠᠰᠠᠬᠤ ᠤᠷᠤᠨ  ᠎ ᠤ ︽ ᠡᠷᠬᠢᠨ ᠬᠠᠷᠠᠬᠤ︾ ᠎ ᠶᠢ ᠲᠤᠭᠤᠷᠢᠨ ᠪᠠᠶᠢᠴᠠᠭᠠᠵᠤ   ᠲᠤᠰᠬᠠᠭᠰᠡᠨ ᠰᠠᠨᠠᠯ  ᠢ ᠴᠡᠭᠴᠡᠯᠡᠨ ᠵᠠᠯᠠᠷᠠᠭᠤᠯᠬᠤ ᠠᠵᠢᠯ  ᠪᠠ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶᠠᠨ  ᠤ ᠰᠢᠯᠢ  ᠶᠢᠨ ᠭᠤᠤᠯ ᠠᠶᠢᠮᠠᠭ  ᠢ ᠲᠤᠭᠤᠷᠢᠨ ᠪᠠᠶᠢᠴᠠᠭᠠᠵᠤ ᠲᠤᠰᠬᠠᠭᠰᠡᠨ ᠰᠠᠨᠠᠯ  ᠢ ᠴᠡᠭᠴᠡᠯᠡᠨ ᠨᠡᠶᠢᠳᠠᠪᠤᠷᠢᠵᠢᠭᠤᠯᠬᠤ  ᠠᠵᠢᠯ ᠲᠠᠢ ᠤᠶᠠᠯᠳᠤᠭᠤᠯᠵᠤ᠂ ᠬᠤᠭᠤᠴᠠᠭ᠎ᠠ ᠰᠤᠯᠢᠬᠤ ᠠᠵᠢᠯ ᠲᠤᠭᠲᠠᠭᠤᠨ ᠶᠠᠪᠤᠭᠳᠠᠵᠤ᠂ ᠡᠳᠤᠷ ᠲᠤᠳᠤᠮ  ᠤᠨ ᠠᠵᠢᠯ ᠡᠮᠬᠢ ᠲᠠᠷᠠᠭᠠᠯᠠᠯ ᠲᠠᠢ ᠶᠠᠪᠤᠭᠳᠠᠬᠤ  ᠶᠢ ᠪᠠᠲᠤᠯᠠᠨ᠂ ᠬᠤᠶᠠᠷ ᠠᠵᠢᠯ  ᠢ ᠵᠡᠷᠭᠡᠪᠡᠷ ᠠᠬᠢᠭᠤᠯᠵᠤ᠂ ᠠᠯᠢ  ᠶᠢ ᠴᠤ ᠰᠠᠭᠠᠳᠠᠭᠠᠵᠤ ᠪᠤᠯᠬᠤ ᠦᠭᠡᠢ᠃ ᠭᠤᠷᠪᠠ ᠳᠤ  ᠦᠵᠡᠯ ᠰᠠᠨᠠᠭᠠᠨ  ᠤ ᠵᠢᠯᠤᠭᠤᠳᠤᠯᠭ᠎ᠠ  ᠶᠢ ᠴᠢᠩᠭᠠᠳᠬᠠᠨ᠎ᠠ᠃ ᠬᠤᠭᠤᠴᠠᠭ᠎ᠠ ᠰᠤᠯᠢᠬᠤ ᠠᠵᠢᠯ ᠺᠠᠳ᠋ᠷ ᠎ ᠤᠨ ᠲᠤᠰ ᠪᠡᠶ᠎ᠡ  ᠶᠢᠨ ᠠᠰᠢᠭ ᠲᠤᠰᠡ ᠲᠠᠢ ᠬᠤᠯᠪᠤᠭᠳᠠᠬᠤ ᠲᠤᠯᠨ ᠦᠵᠡᠯ  ᠰᠠᠨᠠᠭᠠᠨ  ᠤ ᠲᠠᠯ᠎ᠠ  ᠪᠠᠷ ᠬᠡᠯᠪᠡᠵᠡᠯ ᠭᠠᠷᠬᠤ  ᠎ ᠨᠢ  ᠶᠠᠷᠢᠶᠠᠨ ᠦᠭᠡᠢ ᠶᠤᠮ᠂  ᠡᠶᠢᠮᠤ ᠴᠠᠭ ᠦᠶ᠎ᠡ  ᠎ ᠳᠤ ᠤᠯᠡᠮ ᠦᠵᠡᠯ ᠰᠠᠨᠠᠭ᠎ᠠ ᠤᠯᠤᠰ ᠲᠦᠷᠤ  ᠶᠢᠨ ᠠᠵᠢᠯ  ᠢ ᠰᠠᠶᠢᠲᠤᠷ ᠬᠢᠬᠦ ᠴᠢᠬᠤᠯᠠᠲᠠᠢ᠃ ᠺᠠᠳ᠋ᠷ  ᠤᠨ ᠦᠵᠡᠯ ᠰᠠᠨᠠᠭᠠᠨ  ᠤ ᠪᠠᠶᠢᠳᠠᠯ  ᠢ ᠤᠨᠤᠪᠴᠢᠲᠠᠢ ᠡᠵᠡᠮᠳᠡᠵᠤ᠂  ᠨᠢᠭᠤᠷᠳᠡᠨ ᠶᠠᠷᠢᠯᠴᠠᠵᠤ ᠰᠡᠳᠬᠢᠯ  ᠢᠶᠠᠨ ᠰᠤᠯᠢᠯᠴᠠᠨ᠎ᠠ᠂ ᠲᠤᠬᠢᠷᠠᠭᠤᠯᠤᠯᠲᠠ ᠬᠢᠵᠤ ᠪᠠᠭᠤᠯᠭᠠᠭᠰᠡᠨ᠂    ᠠᠵᠢᠯ ᠎ ᠤᠨ ᠪᠠᠶᠢᠷᠢ  ᠎ ᠪᠠᠨ ᠡᠭᠡᠯᠵᠢᠵᠤ  ᠰᠤᠯᠢᠯᠴᠠᠭᠰᠡᠨ  ᠨᠦᠬᠦᠳ ᠪᠠ ᠨᠡᠷ᠎ᠡ ᠲᠤᠷᠠᠳᠤᠭᠤᠯᠤᠭᠰᠡᠨ ᠦᠭᠡᠢ ᠵᠤᠷᠢᠶᠡᠲᠤ ᠲᠤᠭᠠᠨ  ᠤ ᠰᠢᠯᠭᠠᠨ ᠪᠠᠶᠢᠴᠠᠭᠠᠬᠤ ᠡᠲᠡᠭᠡᠳ᠂ ᠵᠤᠷᠢᠶᠡᠲᠤ ᠲᠤᠭ᠎ᠠ  ᠪᠠᠷ  ᠰᠤᠩᠭᠤᠭᠤᠯᠢ ᠳᠤ ᠤᠷᠤᠯᠴᠠᠵᠤ  ᠭᠤᠭᠤᠵᠢᠭᠳᠠᠭᠰᠡᠨ ᠨᠦᠬᠦᠳ᠂ ᠢᠯᠠᠩᠭᠤᠶ᠎ᠠ ᠲᠦᠯᠤᠭᠡᠯᠡᠭᠴᠢ ᠨᠡᠷ᠎ᠡ ᠬᠤᠯᠪᠤᠭᠠᠯᠠᠨ ᠲᠤᠷᠠᠳᠤᠭᠰᠡᠨ ᠵᠢᠱᠢᠭᠳᠡᠭᠴᠢ ᠲᠠᠢ ᠨᠠᠮ  ᠤᠨ  ᠬᠤᠷᠢᠶ᠎ᠠ ᠪᠠ ᠵᠤᠬᠢᠶᠠᠨ ᠪᠠᠶᠢᠭᠤᠯᠬᠤ ᠰᠠᠯᠠᠭ᠎ᠠ ᠮᠦᠴᠢᠷ  ᠤᠨ ᠬᠠᠷᠢᠭᠤᠴᠠᠯᠭᠠᠲᠠᠨ  ᠨᠦᠬᠦᠳ ᠪᠡᠶᠡᠴᠢᠯᠡᠨ ᠶᠠᠷᠢᠯᠴᠠᠵᠤ᠂ ᠤᠯᠡᠨ  ᠢ ᠵᠢᠯᠤᠭᠤᠳᠴᠤ ᠨᠠᠮᠴᠢ ᠴᠢᠨᠠᠷ  ᠤᠨ ᠤᠬᠠᠮᠰᠠᠷ᠂ ᠶᠡᠭᠡ ᠲᠠᠯ᠎ᠠ  ᠶᠢᠨ ᠤᠬᠠᠮᠰᠠᠷ᠂ ᠵᠤᠬᠢᠶᠠᠨ ᠪᠠᠶᠢᠭᠤᠯᠤᠯᠲᠠ  ᠶᠢᠨ ᠤᠬᠠᠮᠰᠠᠷ  ᠢ ᠴᠢᠩᠭᠠᠳᠬᠠᠨ᠂ ᠵᠤᠬᠢᠶᠠᠨ ᠪᠠᠶᠢᠭᠤᠯᠤᠯᠲᠠ  ᠶᠢᠨ ᠲᠤᠬᠢᠷᠠᠭᠤᠯᠤᠯᠲᠠ  ᠶᠢ ᠤᠬᠠᠮᠰᠠᠷ  ᠠᠴᠠ  ᠪᠠᠨ ᠲᠠᠭᠠᠵᠤ᠂ ᠬᠤᠪᠢ ᠬᠦᠮᠤᠨ  ᠤ ᠲᠠᠪᠰᠢᠬᠦ ᠪᠠᠭᠤᠬᠤ  ᠦᠯᠡᠳᠡᠬᠦ ᠰᠢᠯᠵᠢᠬᠦ ᠳᠤ ᠵᠦᠪ  ᠢᠶᠠᠷ ᠬᠠᠨᠳᠤᠵᠤ᠂ ᠬᠤᠭᠤᠴᠠᠭ᠎ᠠ ᠰᠤᠯᠢᠬᠤ  ᠶᠢ ᠤᠬᠢ ᠰᠠᠶᠢᠨ ᠤᠯᠤᠰ ᠲᠦᠷᠤ  ᠶᠢᠨ ᠠᠮᠢ ᠠᠬᠤᠢ ᠪᠠ ᠵᠠᠰᠠᠭ ᠲᠤ ᠤᠷᠤᠯᠴᠠᠬᠤ ᠤᠷᠴᠢᠨ ᠲᠤᠭᠤᠷᠢᠨ  ᠢ ᠡᠭᠦᠳᠬᠦ‍ ᠨᠢᠬᠡ ᠤᠳᠠᠭᠠᠨ  ᠤ ᠠᠮᠢᠳᠤᠯᠢᠭ ᠦᠢᠯᠡᠳᠤᠯᠭᠡ ᠪᠤᠯᠭᠠᠨ᠎ᠠ᠃ ᠵᠦᠪ ᠶᠠᠷᠢᠶ᠎ᠠ ᠬᠡᠯᠡᠯᠴᠡᠭᠡᠨ  ᠤ ᠤᠳᠤᠷᠢᠳᠤᠮᠵᠢ  ᠶᠢ ᠪᠠᠷᠢᠮᠲᠠᠯᠠᠨ᠂ ᠵᠦᠪ ᠲᠠᠯ᠎ᠠ  ᠶᠢᠨ ᠤᠬᠠᠭᠤᠯᠭ᠎ᠠ ᠬᠦᠮᠤᠵᠢᠯ  ᠢ ᠴᠢᠩᠭᠠᠳᠬᠠᠨ᠂ ᠰᠦᠯᠵᠢᠶᠠᠨ  ᠤ ᠶᠠᠷᠢᠶ᠎ᠠ  ᠬᠡᠯᠡᠯᠴᠡᠭᠡᠨ  ᠤ ᠬᠢᠨᠠᠨ ᠡᠵᠡᠮᠳᠡᠯ ᠪᠠ ᠵᠢᠯᠤᠭᠤᠳᠤᠯᠭ᠎ᠠ  ᠎ ᠶᠢ  ᠴᠢᠩᠭᠠᠳᠬᠠᠨ᠂ ᠵᠤᠬᠢᠰ ᠦᠭᠡᠢ ᠤᠬᠠᠭᠤᠯᠭ᠎ᠠ  ᠶᠢ ᠰᠡᠷᠭᠡᠶᠢᠯᠡᠵᠤ᠂ ᠬᠤᠭᠤᠴᠠᠭ᠎ᠠ ᠰᠤᠯᠢᠬᠤ ᠠᠵᠢᠯ ᠳᠤ ᠰᠠᠶᠢᠨ ᠰᠠᠶᠢᠬᠠᠨ ᠶᠠᠷᠢᠶ᠎ᠠ ᠬᠡᠯᠡᠯᠴᠡᠭᠡᠨ  ᠤ ᠤᠷᠴᠢᠨ  ᠢ ᠡᠭᠦᠳᠤᠨ᠎ᠠ᠃  ᠨᠦᠬᠦᠳ ᠡ᠂ ᠲᠤᠰ ᠤᠳᠠᠭᠠᠨ  ᠤ ᠬᠤᠲᠠ᠂ ᠰᠤᠮᠤ ᠪᠠᠯᠭᠠᠰᠤᠨ  ᠤ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ᠂ ᠵᠠᠰᠠᠭ  ᠤᠨ ᠤᠷᠳᠤᠨ ᠪᠠ ᠬᠤᠲᠠ  ᠶᠢᠨ ᠤᠯᠤᠰ ᠲᠦᠷᠤ  ᠶᠢᠨ ᠵᠦᠪᠯᠡᠯᠭᠡᠨ  ᠤ ᠬᠤᠭᠤᠴᠠᠭ᠎ᠠ ᠰᠤᠯᠢᠬᠤ ᠠᠵᠢᠯ ᠨᠢ ᠪᠦᠬᠦ ᠬᠤᠲᠠ  ᠶᠢᠨ ᠦᠭᠡᠷᠡᠴᠢᠯᠡᠯᠲᠡ ᠬᠦᠭᠵᠢᠯᠲᠡ ᠲᠤᠭᠲᠠᠭᠤᠨ ᠪᠠᠶᠢᠳᠠᠯ ᠲᠠᠢ  ᠬᠤᠯᠪᠤᠭᠳᠠᠵᠤ᠂ ᠴᠢᠨᠡᠭᠡᠯᠢᠭ ᠨᠡᠶᠢᠭᠡᠮ  ᠢ ᠪᠦᠬᠦ ᠲᠠᠯ᠎ᠠ  ᠪᠠᠷ ᠪᠠᠶᠢᠭᠤᠯᠤᠨ ᠪᠡᠶᠡᠯᠡᠬᠦᠯᠬᠦ ᠲᠠᠢ ᠬᠤᠯᠪᠤᠭᠳᠠᠵᠤ ᠪᠠᠶᠢᠨ᠎ᠠ᠃ ᠪᠢᠳᠡ ᠡᠷᠬᠡᠪᠰᠢ ᠨᠠᠮ  ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ  ᠤ ᠨᠠᠮ  ᠤᠨ ᠬᠤᠷᠢᠶ᠎ᠠ ᠪᠠ ᠠᠶᠢᠮᠠᠭ  ᠤᠨ ᠨᠠᠮ  ᠤᠨ ᠬᠤᠷᠢᠶᠠᠨ  ᠤ ᠬᠤᠭᠤᠴᠠᠭ᠎ᠠ ᠰᠤᠯᠢᠬᠤ ᠠᠵᠢᠯ  ᠤᠨ ᠲᠤᠬᠠᠢ ᠪᠠᠶᠢᠷᠢᠯᠠᠭᠤᠯᠤᠯᠲᠠ ᠱᠠᠭᠠᠷᠳᠠᠯᠭ᠎ᠠ  ᠶᠢ ᠨᠠᠷᠢᠨ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ︽ᠲᠦᠷᠪᠡᠨ ᠤᠬᠠᠮᠰᠠᠷ︾ ᠎ ᠢ ᠦᠨᠡᠨᠬᠦ ᠴᠢᠩᠭᠠᠳᠬᠠᠨ᠂ ᠤᠯᠤᠰ ᠲᠦᠷᠤ  ᠶᠢᠨ ᠵᠤᠭᠰᠤᠴᠠ  ᠪᠠᠨ ᠬᠦᠴᠤᠯᠡᠨ ᠲᠡᠭᠡᠭᠰᠢᠯᠡᠬᠦᠯᠵᠤ᠂ ᠲᠡᠭᠡᠲᠤ  ᠬᠡᠮᠵᠢᠶᠡᠨ  ᠤ  ᠬᠠᠷᠢᠭᠤᠴᠠᠯᠭᠠᠲᠤ ᠵᠤᠷᠢᠭ ᠰᠠᠨᠠᠭ᠎ᠠ  ᠪᠠᠷ ᠡᠯ᠎ᠡ ᠲᠦᠷᠤᠯ  ᠤᠨ ᠠᠵᠢᠯ  ᠢ ᠰᠠᠶᠢᠲᠤᠷ ᠬᠢᠵᠤ᠂ ᠬᠤᠭᠤᠴᠠᠭ᠎ᠠ ᠰᠤᠯᠢᠬᠤ  ᠡᠭᠦᠷᠭᠡ  ᠶᠢ ᠦᠨᠳᠤᠷ ᠪᠠᠷᠢᠮᠵᠢᠶ᠎ᠠ ᠦᠨᠳᠤᠷ ᠶᠠᠰᠤ ᠴᠢᠨᠠᠷ  ᠢᠶᠠᠷ ᠪᠡᠶᠡᠯᠡᠬᠦᠯᠵᠤ᠂ ︽ᠦᠵᠡᠰᠭᠦᠯᠡᠩᠲᠤ ᠰᠠᠶᠢᠬᠠᠨ ᠦᠪᠤᠷ ᠮᠤᠩᠭᠤᠯ  ᠢ ᠪᠦᠲᠤᠭᠡᠨ ᠪᠠᠶᠢᠭᠤᠯᠵᠤ᠂   ᠠᠭᠤᠤ ᠶᠡᠭᠡ ᠲᠤᠮᠳᠠᠳᠤ  ᠶᠢᠨ ᠬᠦᠰᠡᠯ ᠵᠡᠭᠦᠳᠤ  ᠶᠢ  ᠬᠠᠮᠲᠤ ᠎ ᠪᠠᠷ  ᠲᠡᠷᠭᠡᠯᠰᠢᠬᠦᠯᠬᠦ︾᠎ ᠳᠤ ᠪᠠᠲᠤ ᠴᠢᠩᠭ᠎ᠠ ᠵᠤᠬᠢᠶᠠᠨ ᠪᠠᠶᠢᠭᠤᠯᠤᠯᠲᠠ  ᠶᠢᠨ ᠪᠠᠲᠤᠯᠠᠭ᠎ᠠ ᠬᠠᠩᠭᠠᠵᠤ᠂ ᠰᠢᠯᠢᠳᠡᠭ ᠦᠷ᠎ᠡ ᠪᠦᠲᠤᠮᠵᠢ  ᠪᠠᠷ ᠨᠠᠮ  ᠤᠨ ᠠᠷᠪᠠᠨ ᠶᠢᠰᠤᠳᠤᠭᠡᠷ ᠶᠡᠭᠡ ᠬᠤᠷᠠᠯ  ᠤᠨ ᠢᠯᠠᠯᠲᠠ ᠲᠠᠢ  ᠎ ᠪᠠᠷ ᠬᠤᠷᠠᠯᠳᠤᠬᠤ ᠎ ᠶᠢ ᠤᠭᠲᠤᠶ᠎ᠠ  ︕
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号