ᠤᠪᠤᠭ᠎ᠠ — ᠮᠤᠩᠭᠤᠯ ᠨᠤᠳᠤᠭ ᠤᠨ ᠴᠢᠮᠡᠭ | ᠤᠪᠤᠭ᠎ᠠ — ᠮᠤᠩᠭᠤᠯ ᠬᠦᠮᠦᠨ ᠤ ᠬᠡᠶᠢᠮᠤᠷᠢ | ᠮᠤᠩᠭᠤᠯ ᠤᠷᠤᠨ ᠳᠤ ᠠᠭᠤᠯᠠ ᠶᠢᠨ ᠤᠪᠤᠭ᠎ᠠ᠂ ᠬᠦᠳᠦᠯ ᠤᠨ ᠤᠪᠤᠭ᠎ᠠ᠂ ᠰᠡᠴᠢ ᠶᠢᠨ ᠤᠪᠥᠭ᠎ᠠ᠂ ᠲᠠᠯ᠎ᠠ | ᠶᠢᠨ ᠤᠪᠤᠭ᠎ᠠ᠂ ᠯᠤᠤᠰ ᠤᠨ ᠤᠪᠤᠭ᠎ᠠ᠂᠂᠂ ᠭᠡᠳ ᠤᠪᠤᠭ᠎ᠠ ᠶᠡᠷᠦ ᠠᠴᠠ ᠳᠤᠲᠠᠬᠤ ᠦᠭᠡᠢ᠂ ᠤᠯᠠᠨ ᠤᠯᠠᠨ | ᠤᠪᠥᠭ᠎ᠠ ᠠᠴᠠ ᠪᠠᠨ ᠮᠤᠩᠭᠤᠯᠴᠤᠳ ᠬᠡᠵᠢᠶᠡᠳᠠ ᠬᠠᠰᠢᠷᠠᠳᠠᠭ ᠦᠭᠡᠢ᠃ ᠤᠪᠥᠭ᠎ᠠ᠂ ᠮᠤᠩᠭᠤᠯᠴᠤᠳ ᠤᠨ ᠬᠡᠶᠢᠮᠤᠷᠢ | ᠰᠦᠯᠳᠡ ᠶᠢ ᠰᠡᠷᠭᠦᠭᠡᠨ ᠭᠡᠰᠢᠭ ᠪᠤᠶᠠᠨ ᠤ ᠳᠠᠯᠠᠯᠭ᠎ᠠ ᠪᠤᠯᠳᠠᠭ᠃ ᠮᠤᠩᠭᠤᠯᠴᠤᠳ᠂ ᠤᠪᠤᠭ᠎ᠠ ᠤᠶᠢᠷᠠᠳᠬᠤ ᠠᠶᠠᠰ | ᠢᠶᠠᠷ ᠤᠨᠤᠭ᠎ᠠ ᠬᠦᠯᠦᠭ ᠠᠴᠠ ᠪᠠᠨ ᠪᠠᠭᠤᠵᠤ᠂ ᠠᠶᠠᠯᠠᠵᠤ ᠵᠤᠷᠴᠢᠭᠠ ᠭᠡᠷᠡᠭ ᠶᠠᠪᠤᠳᠠᠯ ᠤᠨ ᠦᠯᠵᠡᠢ ᠪᠦᠲᠦᠮᠵᠢᠲᠡᠢ | ᠪᠤᠯᠬᠤ᠂ ᠠᠮᠤᠭᠤᠯᠠᠩ ᠲᠠᠶᠢᠪᠤᠭᠤ ᠭᠦᠮᠦᠨ ᠠᠷᠠᠳ ᠤᠨ ᠦᠭᠡᠳᠡ ᠪᠠᠶᠠᠰᠬᠤᠯᠠᠩ ᠲᠠᠢ ᠪᠠᠶᠢᠬᠤ ᠶᠢ ᠰᠡᠳᠬᠢᠯ ᠤᠨ | ᠳᠤᠲᠤᠷ᠎ᠠ ᠪᠠᠨ ᠳᠠᠭᠠᠳᠬᠠᠵᠤ᠂ ᠵᠠᠮ ᠳᠤ ᠲᠠᠭᠠᠷᠠᠯᠳᠤᠭᠰᠠᠨ ᠴᠢᠯᠠᠭᠤ ᠶᠢ ᠲᠡᠭᠦᠵᠦ ᠤᠪᠤᠭᠠᠨ ᠳᠤ ᠪᠠᠨ ᠡᠷᠭᠦᠳᠡᠭ | ᠵᠠᠩᠰᠢᠯ ᠲᠠᠢ᠃ | ᠮᠤᠩᠭᠤᠯᠴᠤᠳ᠄ ︿ᠨᠢᠭᠡ ᠴᠢᠯᠠᠭᠤ ᠨᠢᠭᠡ ᠬᠤᠨᠢ ᠶᠢ ᠲᠦᠯᠦᠭᠡᠯᠡᠳᠡᠭ ᠶᠤᠮ᠂ ᠤᠪᠤᠭ᠎ᠠ ᠰᠡᠴᠢ ᠳᠤ ᠪᠠᠨ | ᠭᠤᠷᠪᠠᠨ ᠬᠤᠨᠢ ᠡᠷᠭᠦᠭᠡᠷᠡᠢ﹀ ᠭᠡᠵᠤ ᠬᠡᠤᠭᠡᠳ ᠲᠡᠭᠦᠦ ᠨᠠᠷ ᠲᠤ ᠪᠠᠨ ᠰᠤᠷᠭᠠᠮᠵᠢᠯᠠᠨ᠂ ᠠᠪᠴᠦ ᠶᠠᠪᠤᠭ᠎ᠠ ᠠᠷᠢᠬᠢ | ᠠᠴᠠ ᠪᠠᠨ ᠭᠤᠷᠪᠠ ᠭᠤᠷᠪᠠ ᠪᠠᠷ ᠶᠢᠰᠦ ᠡᠷᠭᠦᠬᠦ᠂ ᠭᠠᠨᠵᠤᠭᠠᠯᠠᠵᠤ ᠲᠦᠭᠦᠷᠦᠭᠡ ᠴᠠᠭᠠᠨ ᠢᠳᠡᠭᠡᠨ᠂ ᠤᠯᠠᠭᠠᠨ | ᠢᠳᠡᠭᠡᠨ᠂ ᠪᠤᠷᠤ ᠢᠳᠡᠭᠡᠨ ᠤ ᠪᠠᠨ ᠲᠡᠭᠡᠵᠢ ᠠᠴᠠ ᠨᠠᠮᠠᠨᠴᠢᠯᠠᠨ ᠨᠠᠮᠠᠨᠴᠢᠯᠠᠨ ᠰᠠᠴᠤᠳᠠᠭ ᠮᠦᠷᠳᠡᠭᠡᠨ ᠬᠠᠷᠮᠠᠨ | ᠬᠠᠪᠳᠠᠭ᠎ᠠ ᠳᠠᠬᠢ ᠵᠠᠶᠢᠷ ᠮᠦᠡᠭᠬᠦ ᠠᠴᠠ ᠪᠠᠨ ᠬᠠᠷᠠᠮᠨᠠᠵᠤ ᠬᠠᠪᠴᠢᠯ ᠦᠭᠡᠢ ᠪᠠᠷ ᠤᠪᠤᠭᠠᠨ ᠳᠤ ᠪᠠᠨ ᠡᠷᠭᠦᠳᠡᠭ | ᠵᠠᠩᠰᠢᠯ ᠲᠠᠢ ᠬᠦᠨᠳᠦᠳᠬᠡᠯᠳᠤ ᠠᠷᠠᠳ ᠲᠦᠮᠡᠨ ᠶᠤᠮᠰᠠᠨ᠃ ᠲᠡᠭᠡᠬᠦ ᠠᠴᠠ ᠯᠡ ᠤᠪᠤᠭᠠᠨ ᠤ ᠤᠶᠢᠷ᠎ᠠ ᠲᠤᠭᠤᠷᠢᠨ ᠤ | ᠴᠢᠯᠠᠭᠤ ᠴᠡᠪᠡᠷᠯᠡᠭᠳᠡᠵᠤ᠂ ᠤᠨᠤᠭ᠎ᠠ ᠮᠤᠷᠢ ᠶᠢᠨ ᠬᠦᠯ ᠳᠤ᠂ ᠲᠡᠷᠭᠡ ᠬᠦᠰᠭᠡ ᠶᠢᠨ ᠵᠠᠮ ᠳᠤ ᠬᠠᠷᠰᠢ ᠰᠠᠭᠠᠳ | ᠠᠷᠢᠯᠭᠠᠭᠳᠠᠵᠤ᠂ ᠶᠠᠪᠤᠳᠠᠯ ᠮᠦᠷ ᠤᠷᠤᠭᠰᠢᠳᠠᠢ ᠪᠤᠯᠳᠠᠭ ᠢᠶᠠᠷ ᠢᠶᠠᠨ ᠮᠤᠩᠭᠤᠯᠴᠤᠳ ᠤᠪᠤᠭ᠎ᠠ ᠪᠠᠷ ᠢᠶᠠᠨ ᠰᠡᠳᠬᠢᠯ | ᠢᠶᠠᠨ ᠵᠠᠰᠠᠭᠰᠠᠨ ᠢᠶᠠᠷ ᠦᠯᠦ ᠪᠠᠷᠠᠨ ᠢᠳᠡᠭᠡᠯ ᠢᠶᠠᠨ ᠴᠦ ᠵᠠᠰᠠᠭᠰᠠᠨ ᠪᠠᠶᠢᠳᠠᠭ ᠶᠤᠮᠰᠠᠨ᠃ ᠪᠠᠭ᠎ᠠ ᠪᠠᠶᠢᠬᠤ ᠳᠤ᠂ | ᠪᠦᠳᠦᠭᠦᠨ ᠪᠦᠳᠦᠭᠦᠨ ᠲᠠᠷᠭᠤᠨ ᠲᠠᠷᠭᠤᠨ ︿ᠬᠤᠨᠢ﹀ ᠶᠢ ᠤᠪᠤᠭᠠᠨ ᠳᠤ ᠪᠠᠨ ᠡᠷᠭᠦᠬᠦ ᠪᠠᠷ ᠴᠢᠳᠠᠯ ᠠᠴᠠ ᠪᠠᠨ | ᠬᠡᠳᠦᠶᠢᠳᠦᠭᠰᠡᠨ ᠴᠢᠯᠠᠭᠤ ᠶᠢ ᠠᠯᠤᠰ ᠠᠴᠠ ᠲᠡᠪᠡᠷᠢᠵᠤ ᠬᠠᠮᠠᠷ ᠲᠤ ᠪᠠᠨ ᠬᠦᠯᠦᠰᠦ ᠪᠤᠷᠵᠠᠶᠢᠯᠭᠠᠨ ᠲᠠᠪᠬᠢᠯᠳᠤᠵᠤ | ᠪᠠᠶᠢᠭᠰᠠᠨ ᠨᠢ ᠦᠨᠦ ᠪᠤᠳᠤᠬᠤ ᠳᠤ ᠨᠢᠭᠡ ᠶᠤᠰᠤᠨ ᠤ ᠵᠢᠷᠭᠠᠯ ᠪᠤᠯᠵᠤ ᠬᠤᠴᠦᠷᠴᠠᠢ᠃ ᠠᠬᠠᠮᠠᠳᠴᠤᠤᠯ ᠢᠡᠭᠬᠢᠵᠤ | ᠯᠡ ᠵᠠᠯᠠᠭᠤ ᠪᠠᠭᠠᠴᠤᠤᠯ ᠢᠶᠠᠨ ᠤᠬᠠᠭᠠᠯᠢᠭ ᠢᠶᠠᠷ ᠬᠦᠷᠪᠡᠵᠢᠨ ᠲᠤᠷᠪᠢᠵᠢᠭᠤᠯᠵᠤ ᠤᠷᠮᠠᠰᠢᠭᠤᠯᠤᠨ ᠦᠰᠭᠡᠵᠤ | ᠪᠠᠶᠢᠭᠰᠠᠨ ᠠᠵᠤᠭᠤ᠃ ᠬᠦᠮᠦᠨ ᠠᠷᠠᠳ ᠤᠨ ᠢᠶᠠᠨ ᠬᠦᠴᠦ ᠴᠢᠳᠠᠯ ᠢ ᠨᠢ ᠲᠤᠷᠪᠢᠵᠢᠭᠤᠯᠵᠤ᠂ ᠬᠦᠮᠦᠨ ᠮᠦᠰᠦ ᠶᠢ | ᠨᠢ ᠬᠦᠮᠦᠵᠢᠭᠦᠯᠬᠦ ᠳᠤ ᠤᠪᠤᠭ᠎ᠠ ᠤᠨᠴᠠ ᠶᠢᠨ ᠭᠠᠪᠢᠶ᠎ᠠ ᠲᠠᠢ᠃ ᠮᠤᠩᠭᠤᠯᠴᠤᠳ ᠵᠤᠨ ᠪᠤᠯᠤᠭᠰᠠᠭᠠᠷ ᠯᠡ ᠤᠪᠤᠭ᠎ᠠ | ᠪᠠᠨ ᠲᠠᠬᠢᠵᠤ᠂ ᠬᠤᠷ᠎ᠠ ᠪᠤᠷᠤᠭᠠᠨ ᠬᠦᠰᠡᠵᠤ ᠦᠡᠭᠰᠢᠭ ᠲᠠᠪᠠᠯᠢᠭ ᠵᠢᠯ ᠪᠤᠯᠬᠤ ᠶᠢ ᠪᠡᠯᠭᠡᠰᠢᠶᠡᠨ ᠰᠢᠪᠰᠢᠵᠤ᠂ ᠮᠠᠯ | ᠰᠦᠷᠦᠭ ᠤᠨ ᠨᠤᠭᠤᠭ᠎ᠠ ᠴᠠᠳᠴᠦ ᠲᠠᠷᠢᠶ᠎ᠠ ᠲᠦᠮᠦᠰᠦ ᠶᠢᠨ ᠦᠷᠡᠯᠡᠵᠤ ᠨᠡᠬᠢᠶᠠᠯᠭᠰᠠᠨ ᠦᠯᠵᠡᠢ ᠪᠠᠶᠠᠷ ᠢᠶᠠᠨ | ᠪᠡᠯᠭᠡᠳᠡᠨ ᠨᠠᠶᠢᠷ ᠨᠠᠭᠠᠳᠤᠮ ᠤᠨ ᠡᠳᠦᠷ ᠪᠤᠯᠵᠤᠵᠤ ᠬᠤᠯᠡ ᠤᠶᠢᠷ᠎ᠠ ᠶᠢᠨ ᠠᠬᠠᠰ ᠵᠠᠬᠠᠰ᠂ ᠠᠷᠠᠳ ᠮᠡᠯᠴᠢᠳ ᠪᠠ | ᠦᠷᠭᠡᠨ ᠤᠯᠠᠨ ᠳᠤ ᠪᠠᠨ ᠨᠠᠶᠢᠷ ᠨᠠᠭᠠᠳᠤᠮ ᠤᠨ ᠵᠠᠷ ᠲᠠᠷᠬᠠᠭᠠᠨ᠂ ᠮᠠᠰᠢ ᠢᠳᠡᠪᠬᠢᠳᠡᠢ ᠬᠦᠷ ᠬᠦᠭᠵᠢᠶᠡᠨ ᠲᠠᠢ | ᠵᠤᠬᠢᠶᠠᠨ ᠪᠠᠶᠢᠭᠤᠯᠤᠯᠴᠠᠳᠠᠭ ᠨᠠᠨᠳᠢᠨ ᠤᠳᠤᠮᠰᠢᠯ ᠲᠠᠢ ᠠᠷᠠᠳ ᠲᠦᠮᠡᠨ ᠪᠠᠶᠢᠭ᠎ᠠ᠃ ᠮᠤᠩᠭᠤᠯᠴᠤᠳ ᠤᠪᠤᠭᠠᠨ | ᠲᠠᠬᠢᠯᠭ᠎ᠠ ᠪᠠᠨ ᠪᠠᠶᠠᠷᠬᠠᠨ ᠰᠤᠷᠳᠤᠭᠠᠯᠠᠬᠤ ᠶᠢᠨ ᠲᠦᠯᠦᠭᠡ ᠪᠢᠰᠢ᠂ ᠢᠳᠡᠵᠤ ᠤᠤᠭᠤᠬᠤ ᠡᠷᠬᠢᠮᠰᠦᠭᠯᠡᠨ | ᠴᠡᠩᠬᠡᠯᠳᠦᠬᠦ ᠶᠢᠨ ᠤᠴᠢᠷ ᠲᠤ ᠪᠤᠰᠤ᠂ ᠬᠠᠷᠢᠨ ︿ᠡᠷ᠎ᠡ ᠶᠢᠨ ᠭᠤᠷᠪᠠᠨ ᠨᠠᠭᠠᠳᠤᠮ﹀ ᠢᠶᠠᠷ ᠬᠦᠴᠦ ᠴᠢᠳᠠᠯ ᠢᠶᠠᠨ | ᠰᠤᠷᠢᠯᠴᠠᠵᠤ ᠤᠬᠠᠭ᠎ᠠ ᠲᠠᠮᠢᠷ ᠢᠶᠠᠨ ᠰᠢᠯᠭᠠᠨ ᠰᠡᠯᠪᠢᠵᠤ ᠰᠤᠷᠠᠭ ᠮᠡᠳᠡᠭᠡᠯᠡᠯ ᠤᠯᠤᠯᠴᠠᠵᠤ ᠠᠵᠤ ᠠᠮᠢᠳᠤᠷᠠᠯ ᠢᠶᠠᠨ | ᠦᠭᠡᠳᠡ ᠲᠠᠳᠠᠵᠤ ᠠᠩᠭ᠎ᠠ ᠪᠠᠭᠠᠴᠤᠤᠯ ᠢᠶᠠᠨ ᠲᠤᠳᠤᠷᠯᠢᠭ ᠰᠤᠷᠭᠠᠬᠤ ᠪᠠᠷ ᠮᠠᠷᠡᠶᠢᠨ ᠵᠢᠳᠭᠦᠳᠡᠭ ᠤᠬᠠᠭᠠᠯᠢᠭ | ᠠᠷᠠᠳ ᠲᠦᠮᠡᠨ ᠪᠠᠶᠢᠭ᠎ᠠ᠃ | ᠮᠤᠩᠭᠤᠯᠴᠤᠳ ᠤᠪᠤᠭ᠎ᠠ ᠶᠢᠨ ᠬᠠᠵᠠᠭᠤ ᠪᠠᠷ ᠵᠠᠮ ᠦᠡᠭᠭᠡᠷᠡᠬᠦ ᠳᠤ ᠪᠠᠨ ᠡᠷᠬᠢᠮ ᠶᠡᠬᠡᠰ᠂ ᠡᠭᠡᠯ ᠲᠤᠤᠷᠠᠳᠤ | ᠭᠡᠵᠤ ᠢᠯᠭᠠᠯ ᠦᠭᠡᠢ ᠪᠠᠷ ᠴᠢᠯᠠᠭᠤ ᠨᠡᠮᠡᠬᠦ ᠪᠠᠨ ᠬᠡᠵᠢᠶᠡᠳᠡ ᠮᠠᠷᠳᠠᠳᠠᠭ ᠦᠭᠡᠢ ᠤᠯᠠᠮᠵᠢᠯᠠᠯ ᠲᠠᠢ᠃ ᠶᠠᠮᠠᠷ ᠶᠠᠭᠠᠷᠠᠤ | ᠴᠦ ᠪᠤᠯᠤᠭ᠂ ᠶᠠᠮᠠᠷ ᠭᠡᠴᠡᠭᠦᠦ ᠴᠦ ᠪᠠᠶᠢᠭ᠂ ᠵᠠᠪᠠᠯ ᠤᠨᠤᠭ᠎ᠠ ᠬᠦᠰᠭᠡ ᠠᠴᠠ ᠪᠠᠨ ᠪᠠᠭᠤᠵᠤ᠂ ᠢᠳᠡᠭᠡᠨ ᠤ ᠲᠡᠭᠡᠵᠢ | ᠠᠪᠤᠭᠰᠠᠨ ᠦᠭᠡᠢ ᠪᠠᠶᠢᠭᠰᠠᠨ ᠴᠦ ᠤᠶᠢᠷ᠎ᠠ ᠤᠷᠴᠢᠮ ᠤᠨ ᠴᠢᠯᠠᠭᠤᠨ ᠠᠴᠠ ᠭᠤᠷᠪᠠ ᠡᠷᠭᠦᠬᠦ ᠶᠢ ᠵᠢᠷᠤᠮᠯᠠᠭᠰᠠᠭᠠᠷ | ᠢᠷᠡᠵᠡᠢ᠃ ᠠᠳᠠᠯᠢᠬᠠᠨ ᠶᠠᠪᠤᠳᠠᠯ ᠢᠶᠠᠷ ᠶᠠᠪᠤᠭᠰᠠᠨ ᠬᠤᠶᠠᠷ ᠵᠠᠯᠠᠭᠤ ᠶᠢᠨ ᠨᠢᠭᠡ ᠨᠢ ᠤᠪᠤᠭᠠᠨ ᠳᠤ ᠪᠠᠨ ᠴᠢᠯᠠᠭᠤ | ᠨᠡᠮᠡᠨ ᠵᠠᠯᠪᠠᠷᠢᠭᠠᠳ ᠭᠠᠷᠬᠤ ᠳᠤ᠂ ᠨᠦᠭᠦᠭᠡ ᠨᠢ ᠰᠡᠩᠭᠢᠨᠡᠳᠡᠯᠡ ᠲᠠᠪᠬᠢᠭᠤᠯᠤᠭᠠᠳ ᠴᠠᠭᠠᠨ᠎ᠠ ᠨᠢ ᠭᠠᠷᠤᠭᠠᠳ ᠬᠦᠷᠳᠦ | ᠪᠠᠨ ᠬᠠᠭᠠᠯᠴᠢᠬᠠᠭᠠᠳ ᠭᠠᠰᠠᠯᠵᠤ ᠰᠠᠭᠤᠬᠤ ᠲᠠᠢ ᠤᠯᠠᠨ ᠬᠠᠷᠭᠤᠳᠠᠭ ᠨᠢ ᠤᠪᠤᠭ᠎ᠠ ᠳᠤ ᠪᠠᠨ ᠵᠠᠯᠪᠢᠷᠠᠭᠰᠠᠨ ᠢ ᠨᠢ | ᠲᠤᠰᠠᠯᠠᠭᠠᠳ᠂ ᠤᠶᠢᠰᠢᠶᠠᠭᠰᠠᠨ ᠦᠭᠡᠢ ᠪᠠᠷ ᠵᠠᠯᠠᠷᠠᠭᠰᠠᠨ ᠢ ᠨᠢ ᠬᠤᠤᠷᠯᠠᠭᠰᠠᠨ ᠶᠠᠪᠤᠳᠠᠯ ᠤᠭᠳᠤ ᠪᠢᠰᠢ᠂ ᠬᠠᠷᠢᠨ | ᠦᠪᠡᠷ ᠦᠪᠡᠷ ᠤᠨ ᠰᠡᠳᠬᠢᠯ ᠢᠶᠠᠨ ᠲᠤᠭᠳᠠᠭᠤᠨ ᠪᠤᠯᠭᠠᠵᠤ᠂ ᠦᠢᠯᠡ ᠶᠠᠪᠤᠳᠠᠯ ᠢᠶᠠᠨ ᠭᠡᠷᠰᠡᠭᠦᠦ ᠪᠤᠯᠭᠤᠮᠵᠢᠳᠠᠢ | ᠪᠠᠶᠢᠯᠭᠠᠵᠤ ᠴᠢᠳᠠᠭᠰᠠᠨ ᠡᠰᠡᠬᠦ ᠲᠠᠢ ᠬᠤᠯᠪᠤᠭᠳᠠᠬᠤ ᠨᠠᠷᠢᠨ ᠵᠦᠢᠯᠡᠰ ᠪᠤᠯᠤᠯᠳᠠᠢ᠃ ᠵᠠᠯᠠᠭᠤ ᠪᠠᠭᠠᠴᠤᠤᠯ ᠮᠢᠨᠢ᠂ | ᠬᠤᠶᠠᠷᠬᠠᠨ ᠮᠢᠨᠦ᠋ᠲ ᠪᠠᠨ ᠵᠠᠷᠤᠴᠠᠭᠤᠯᠤᠨ ᠪᠠᠶᠢᠵᠤ ᠤᠪᠤᠭᠠᠨ ᠳᠤ ᠪᠠᠨ ᠴᠢᠯᠠᠭᠤ ᠨᠡᠮᠡᠵᠤ ᠢᠷᠦᠭᠡᠯ ᠵᠦᠡᠭᠨᠡᠯ ᠢᠶᠠᠨ | ᠡᠷᠭᠦᠵᠤ ᠭᠠᠷᠤᠭᠠᠷᠠᠢ᠃ ᠬᠡᠶᠢᠮᠤᠷᠢ ᠴᠢᠨᠢ ᠰᠡᠷᠭᠦᠬᠦ ᠶᠤᠮ᠂ ᠬᠡᠰᠢᠭ ᠪᠤᠶᠠᠨ ᠴᠢᠨᠢ ᠪᠠᠳᠠᠷᠠᠬᠤ ᠶᠤᠮ ᠰᠢᠤ᠃ | ᠮᠤᠩᠭᠤᠯ ᠨᠤᠳᠤᠭ ᠤᠨ ᠤᠪᠤᠭ᠎ᠠ ᠨᠢ ᠤᠷᠤᠨ ᠨᠤᠳᠤᠭ ᠤᠨ ᠵᠠᠭᠠᠭ ᠬᠢᠯᠢ ᠴᠦ ᠪᠤᠯᠬᠤ ᠶᠤᠮ᠃ ᠵᠠᠷᠢᠮ | ᠤᠪᠤᠭ᠎ᠠ ᠨᠢ ᠤᠨ ᠵᠢᠯ ᠢ ᠤᠯᠠᠨ ᠲᠤᠭᠤᠯᠵᠤ ᠲᠤᠮᠤ ᠦᠷᠳᠡᠭᠡᠨ ᠰᠦᠷᠯᠢᠭ ᠪᠤᠯᠤᠭᠰᠠᠨ ᠪᠠᠶᠢᠳᠠᠭ᠃ᠤᠪᠤᠭ᠎ᠠ | ᠪᠤᠯᠭᠠᠨ ᠤ ᠰᠢᠳᠦᠭᠡᠨ ᠨᠢ ᠠᠳᠠᠯᠢ ᠦᠭᠡᠢ᠂ ᠰᠠᠩ ᠤᠨ ᠢᠷᠤᠭᠡᠯ ᠨᠢ ᠠᠳᠠᠯᠢ ᠦᠭᠡᠢ᠂ ᠲᠠᠬᠢᠯᠭ᠎ᠠ ᠶᠢᠨ ᠵᠠᠩ | ᠵᠢᠷᠤᠮᠰᠢᠯ ᠨᠢ ᠴᠦ ᠠᠳᠠᠯᠢ ᠦᠭᠡᠢ ᠪᠠᠶᠢᠳᠠᠭ ᠴᠦ ᠬᠠᠮᠢᠭ᠎ᠠ ᠠᠴᠠ ᠬᠡᠨ ᠢᠷᠡᠭᠰᠡᠨ ᠴᠦ ᠡᠷᠭᠦᠯᠳᠡ ᠡᠷᠭᠦᠵᠤ ᠰᠢᠪᠰᠢᠨ | ᠲᠠᠭᠠᠳᠬᠠᠵᠤ ᠮᠦᠷᠭᠦᠨ ᠲᠡᠭᠡᠳᠦᠯᠡᠬᠦ ᠨᠢ ᠠᠳᠠᠯᠢᠬᠠᠨ ᠪᠠᠶᠢᠳᠠᠭ᠃ ᠵᠠᠷᠢᠮ ᠡᠷᠳᠡᠨ ᠤ ᠤᠪᠤᠭᠠᠨ ᠤ ᠱᠦᠡᠭ ᠨᠢ ᠮᠤᠷᠢ | ᠤᠨᠤᠭᠰᠠᠨ ᠡᠷᠢᠯ ᠤᠨ ᠬᠦᠮᠦᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠴᠠᠭᠠᠨ ᠡᠷᠢᠶᠡᠨ ᠮᠤᠭᠠᠢ ᠴᠦ | ᠪᠠᠶᠢᠳᠠᠭ᠃ ᠵᠠᠷᠢᠮ ᠤᠪᠤᠭᠠᠨ ᠤ ᠱᠦᠡᠭ ᠨᠢ ᠬᠠᠭᠠᠨ ᠶᠡᠬᠡᠰ᠂ ᠨᠤᠶᠠᠳ ᠭᠡᠭᠡᠳ ᠤᠨ ᠬᠠᠶᠢᠷᠠᠯᠠᠯ ᠵᠡᠷᠭᠡᠯᠡᠯ ᠤᠨ ᠡᠳ᠋ | ᠠᠭᠤᠷᠰᠤᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠮᠠᠨᠢ ᠲᠠᠷᠨᠢ ᠶᠢᠨ ᠦᠰᠦᠭ ᠲᠠᠢ ᠡᠳ᠋ ᠦᠯᠦᠭ ᠪᠠᠶᠢᠳᠠᠭ | ᠂ ᠵᠠᠷᠢᠮ ᠤᠪᠤᠭᠠᠨ ᠤ ᠱᠦᠡᠭ ᠨᠢ ᠬᠢᠯᠢ ᠵᠠᠭᠠᠭ ᠢᠶᠠᠨ ᠲᠤᠳᠤᠷᠬᠠᠶᠢᠯᠠᠭᠰᠠᠨ ᠢᠯᠵᠠᠷᠠᠵᠤ ᠰᠦᠢᠳᠦᠳᠡᠭ ᠦᠭᠡᠢ | ᠨᠡᠭᠦᠷᠡᠰᠦ ᠴᠦ ᠪᠠᠶᠢᠳᠠᠭ᠃ ᠮᠤᠩᠭᠤᠯ ᠤᠷᠤᠨ ᠨᠢ ᠶᠡᠷᠦᠩᠬᠡᠢ ᠳᠤ ᠪᠠᠨ ᠴᠢᠭᠤᠯᠭᠠᠨ ᠤ ᠵᠠᠭᠠᠭ᠂ ᠬᠤᠰᠢᠭᠤᠨ | ᠵᠠᠭᠠᠭ ᠪᠤᠶᠤ ᠠᠶᠢᠯ ᠨᠤᠳᠤᠭ ᠤᠨ ᠵᠠᠭᠠᠭ ᠢᠶᠠᠨ ᠠᠭᠤᠯᠠᠨ ᠤᠷᠤᠢ᠂ ᠭᠤᠤᠯ ᠢᠶᠠᠷ ᠬᠡᠮᠵᠢᠶᠡᠯᠡᠭᠰᠡᠭᠡᠷ ᠢᠷᠡᠭᠰᠡᠨ ᠶᠤᠮ | ᠃ ᠵᠢᠱᠢᠶᠡᠯᠡᠬᠦ ᠳᠤ᠂ ᠮᠠᠩᠬᠠᠳᠤ ᠶᠢᠨ ᠤᠷᠤᠢ ᠶᠢᠨ ᠤᠪᠤᠭᠠᠨ ᠠᠴᠠ ᠵᠡᠭᠦᠨᠳᠡᠬᠢ ᠨᠢ ᠮᠢᠨᠤ ᠪᠡᠯᠴᠢᠭᠡᠷ᠂ ᠪᠠᠷᠠᠭᠤᠨᠳᠡᠬᠢ | ᠨᠢ ᠮᠢᠳᠤᠭ ᠤᠨ ᠪᠡᠯᠴᠢᠭᠡᠷ ᠭᠡᠬᠦ᠂ ᠠᠷᠵᠠᠭᠠᠷ ᠤᠨ ᠲᠠᠪᠠᠭᠠᠨ ᠤᠪᠤᠭᠠᠨ ᠠᠴᠠ ᠨᠠᠭᠠᠰᠢᠬᠢ ᠨᠢ ᠮᠠᠨ ᠤ ᠬᠤᠰᠢᠭᠤᠨ ᠤ | ᠭᠠᠵᠠᠷ᠂ ᠴᠠᠭᠠᠰᠢᠬᠢ ᠨᠢ ᠵᠡᠭᠦᠨ ᠪᠠᠭᠠᠷᠢᠨ ᠤ ᠭᠠᠵᠠᠷ ᠭᠡᠬᠦ᠂ ᠰᠢᠷ᠎ᠡ ᠮᠦᠷᠡᠨ ᠤ ᠡᠮᠤᠨ᠎ᠡ ᠬᠦᠪᠡᠭᠡ ᠨᠢ ᠵᠢᠷᠢᠮ ᠤᠨ | ᠨᠤᠳᠤᠭ᠂ ᠬᠤᠶᠢᠨᠠᠬᠢ ᠬᠦᠪᠡᠭᠡᠨᠢ ᠵᠤᠤ ᠤᠳᠠ ᠶᠢᠨ ᠨᠤᠳᠤᠭ ᠭᠡᠬᠦ ᠮᠡᠳᠦ ᠪᠠᠷ ᠬᠢᠯᠢ ᠵᠠᠭᠠᠭ ᠢᠶᠠᠨ ᠢᠯᠭᠠᠬᠤ ᠳᠤ | ᠪᠠᠨ ᠠᠭᠤᠯᠠ ᠦᠭᠡᠢ ᠲᠡᠯᠡᠷᠬᠠᠭ ᠭᠠᠵᠠᠷ᠂ ᠭᠤᠤᠯ ᠦᠭᠡᠢ ᠭᠤᠪᠢᠯᠢᠭ ᠴᠦᠯ ᠨᠤᠳᠤᠭ ᠲᠤ ᠪᠠᠨ ᠤᠪᠤᠭ᠎ᠠ ᠪᠤᠰᠬᠠᠨ | ᠨᠡᠷᠡᠰᠢᠭᠦᠯᠦᠨ ᠴᠤᠯᠠᠯᠠᠵᠤ᠂ ᠠᠯᠳᠠᠷᠰᠢᠭᠤᠯᠤᠨ ᠲᠡᠭᠡᠳᠦᠯᠡᠳᠡᠭ ᠲᠡᠯᠭᠡᠷ ᠤᠬᠠᠭᠠᠨ ᠲᠠᠢ ᠲᠡᠭᠷᠢᠯᠢᠭ ᠠᠷᠠᠳ ᠲᠦᠮᠡᠨ | ᠰᠢᠤ ᠳ᠋ᠠ᠃ ᠵᠢᠱᠢᠶᠠᠯᠠᠪᠠᠯ᠂ ᠲᠦᠭᠦᠷᠡᠩ ᠤᠪᠤᠭᠠᠨ ᠤ ᠬᠤᠶᠢᠭᠤᠷᠬᠢ ᠬᠠᠳᠤᠯᠠᠩ ᠴᠠᠬᠢᠭᠤᠷᠳᠤ ᠭᠠᠴᠠᠭᠠᠨ ᠤ᠂ | ᠤᠷᠢᠳᠤᠭᠤᠷᠬᠢ ᠬᠠᠳᠤᠯᠠᠩ ᠴᠠᠶᠢᠳᠠᠮ ᠭᠠᠴᠠᠭᠠᠨ ᠤ ᠬᠢ ᠭᠡᠵᠤ ᠨᠠᠷᠢᠨ ᠢᠯᠭᠠᠳᠠᠭ ᠪᠠᠶᠢᠵᠠᠢ᠃ ᠤᠯᠠᠮᠵᠢᠯᠠᠯ ᠶᠠᠷᠢᠶᠠᠨ | ᠳᠤ᠂ ᠴᠢᠩᠬᠢᠰ ᠬᠠᠭᠠᠨ ᠤ ᠲᠦᠷᠪᠡᠨ ᠬᠦᠯᠦᠭ ᠤᠨ ᠨᠢᠭᠡ ᠪᠤᠯᠬᠤ ᠮᠤᠬᠤᠯᠠᠢ ᠦᠪᠡᠷ ᠤᠨ ᠭᠡᠭᠦᠷ ᠴᠢᠨᠳᠠᠷ ᠢᠶᠠᠨ | ᠲᠤᠳᠤᠷ ᠤᠷᠤᠨ ᠢ ᠭᠠᠷᠤᠭᠰᠠᠭᠠᠷ ᠨᠤᠳᠤᠭᠯᠠᠭᠤᠯᠵᠤ᠂ ᠬᠢᠳᠡᠳ ᠮᠤᠩᠭᠤᠯ ᠤᠨ ᠬᠢᠯᠢ ᠶᠢᠨ ᠵᠠᠭᠠᠭ ᠪᠤᠯᠭᠠᠭᠰᠠᠨ | ᠭᠡᠳᠡᠭ᠃ ᠤᠳᠤ ᠪᠤᠳᠤᠬᠤ ᠳᠤ ᠵᠡᠭᠦᠨ ᠭᠠᠷ ᠤᠨ ᠲᠦᠮᠡᠨ ᠤ ᠨᠤᠶᠠᠨ᠂ ᠤᠯᠤᠰ ᠤᠨ ᠲᠠᠶᠢᠰᠢ ᠭᠤᠸ᠎ᠠ ᠸᠠᠩ | ᠮᠤᠬᠤᠯᠠᠢ ᠶᠠᠭᠠᠬᠢᠭᠰᠠᠨ ᠶᠡᠭᠡ ᠠᠯᠤᠰ ᠤᠨ ᠪᠤᠳᠤᠯᠭᠠᠳᠤ ᠴᠢᠭᠡᠴᠢ ᠮᠡᠷᠭᠡᠨ ᠪᠠᠳᠤ ᠵᠢᠷᠤᠮᠳᠤ ᠬᠦᠮᠦᠨ ᠪᠤᠯᠬᠤ | ᠠᠵᠠᠢ᠃ | ᠮᠤᠩᠭᠤᠯ ᠨᠤᠳᠤᠭ ᠤᠨ ᠤᠪᠤᠭ᠎ᠠ ᠨᠢ ᠮᠠᠯᠵᠢᠬᠤ ᠠᠮᠢᠳᠤᠷᠠᠯ ᠤᠨ ᠪᠡᠯᠭᠡ ᠲᠡᠮᠳᠡᠭ ᠶᠤᠮ᠃ ᠮᠤᠩᠭᠤᠯᠴᠤᠳ | ᠠᠭᠤᠯᠠ ᠠᠳᠡᠭᠦᠷᠡᠬᠦ ᠠᠴᠠ ᠪᠢᠰᠢ᠂ ᠤᠪᠤᠭ᠎ᠠ ᠠᠳᠡᠭᠦᠷᠡᠬᠦ ᠶᠤᠰᠤ ᠦᠭᠡᠢ᠃ ᠪᠦᠷᠭᠦᠭᠡᠰᠦᠳᠡᠢ ᠲᠠᠢ ᠬᠠᠨ ᠠᠭᠤᠯᠠ | ᠶᠢᠨ ᠵᠠᠭᠦᠨ ᠤᠷᠤᠢ ᠶᠢ ᠨᠢ ᠭᠤᠤᠯ ᠤᠷᠤᠢ ᠭᠡᠵᠤ᠂ ᠵᠢᠩᠬᠢᠨᠢ ᠤᠷᠤᠢ ᠶᠢ ᠶᠢ ᠨᠢ ᠠᠳᠡᠭᠦᠷᠡᠬᠦ ᠤᠴᠢᠷ ᠭᠠᠷᠬᠤ | ᠲᠤᠬᠢᠶᠠᠯᠳᠤᠯ ᠪᠠᠶᠢᠳᠠᠭ ᠠᠴᠠ ᠪᠢᠰᠢ᠂ ᠬᠠᠷᠢᠨ ᠮᠡᠶᠢᠷᠡᠨ ᠤᠪᠤᠭ᠎ᠠ ᠶᠢ ᠭᠡᠭᠡᠨ ᠤᠪᠤᠭ᠎ᠠ ᠭᠡᠵᠤ ᠰᠤᠯᠢᠭᠠᠶᠢᠳᠠᠭᠤᠯᠵᠤ | ᠲᠠᠭᠤᠳᠠᠬᠤ ᠤᠴᠢᠷ ᠭᠡᠵᠢᠶᠡᠳᠡ ᠬᠠᠷᠭᠤᠳᠠᠭ ᠦᠭᠡᠢ᠃ ᠤᠴᠢᠷ ᠨᠢ ᠠᠭᠤᠯᠠᠨ ᠳᠤ ᠵᠢᠯ ᠪᠦᠷᠢ ᠤᠴᠢᠳᠠᠭ ᠦᠭᠡᠢ ᠴᠦ | ᠤᠪᠤᠭᠠᠨ ᠳᠤ ᠪᠠᠨ ᠵᠢᠯ ᠪᠦᠷᠢ ᠤᠴᠢᠵᠤ ᠡᠷᠭᠦᠴᠡ ᠲᠡᠶᠢᠯᠭᠠ ᠪᠠᠨ ᠶᠠᠪᠤᠭᠤᠯᠳᠠᠭ ᠠᠴᠠ ᠪᠤᠯᠵᠠᠢ᠃ ᠲᠡᠭᠡᠬᠦ ᠠᠴᠠ | ᠮᠠᠯ ᠠᠳᠤᠭᠤᠨ ᠤ ᠡᠷᠢᠯ ᠤᠨ ᠬᠦᠮᠦᠰ ᠲᠤ ᠰᠤᠷᠠᠭ ᠲᠤᠭᠤᠯᠭᠠᠬᠤ ᠳᠤ ᠪᠠᠨ ᠲᠠᠯᠠᠨ ᠬᠠᠷ᠎ᠠ ᠶᠢᠨ ᠡᠩᠭᠡᠷ ᠲᠤ ᠭᠡᠵᠤ | ᠪᠦᠳᠦᠭᠦᠪᠴᠢᠯᠡᠨ ᠵᠢᠭᠠᠵᠤ ᠦᠭᠳᠡᠭ ᠦᠭᠡᠢ᠂ ᠬᠠᠷᠢᠨ ᠵᠢᠷᠤᠬᠡᠨ ᠤᠪᠤᠭᠠᠨ ᠤ ᠵᠡᠭᠦᠨ ᠰᠤᠭᠤ ᠪᠠᠷ᠂ ᠪᠠᠶᠠᠨ ᠰᠢᠯᠢ | ᠶᠢᠨ ᠤᠪᠤᠭᠠᠨ ᠤ ᠪᠠᠷᠠᠭᠤᠨ ᠲᠡᠪᠰᠡᠭ ᠢᠶᠠᠷ᠂᠂᠂ ᠭᠡᠬᠦ ᠮᠡᠳᠦ ᠪᠠᠷ ᠤᠨᠤᠪᠴᠢᠯᠠᠨ ᠰᠤᠨᠤᠷᠳᠠᠭᠤᠯᠳᠠᠭ ᠲᠤᠩᠭᠠᠯᠠᠭ | ᠤᠬᠠᠭᠠᠨᠳᠤ ᠠᠷᠠᠳ ᠲᠦᠮᠡᠨ ᠠᠵᠠᠢ᠃ ᠵᠢᠯ ᠪᠦᠷᠢ ᠰᠦᠷᠦᠭ ᠤᠨ ᠰᠤᠳᠤᠨ ᠠᠴᠠ ᠪᠠᠨ ᠰᠤᠩᠭᠤᠵᠤ ᠡᠳ᠋ᠯᠡᠨ᠂ | ᠪᠦᠭᠦᠯᠢ ᠰᠢᠭᠦᠰᠦ ᠪᠤᠶᠤ ᠤᠭᠤᠴᠠ ᠡᠪᠴᠢᠭᠦᠦ ᠪᠠᠷ ᠢᠶᠠᠨ ᠤᠪᠤᠭ᠎ᠠ ᠪᠠᠨ ᠲᠠᠬᠢᠵᠤ᠂ ᠤᠰᠤᠨ ᠤ ᠲᠤᠩᠭᠠᠯᠠᠭ᠂ | ᠡᠪᠡᠰᠤᠨ ᠤ ᠰᠤᠷᠭᠤᠭ ᠢ ᠦᠵᠡᠵᠤ ᠨᠠᠶᠢᠷ ᠨᠠᠭᠠᠳᠤᠮ ᠡᠭᠦᠰᠭᠡᠨ ᠦᠳᠡᠯᠤᠭᠡ ᠨᠠᠰᠤᠳᠠᠳ ᠢᠶᠠᠨ ᠪᠠᠶᠠᠰᠬᠠᠨ᠂ | ᠦᠰᠪᠤᠷᠢ ᠪᠠᠭᠠᠴᠤᠳ ᠠᠴᠠ ᠤᠷᠮᠠᠰᠢᠭᠤᠯᠤᠨ᠂ ᠦᠪᠡᠷ ᠵᠠᠭᠤᠷ᠎ᠠ ᠪᠠᠨ ᠡᠪ ᠪᠦᠯᠬᠦᠮᠳᠡᠯ ᠢᠶᠠᠨ ᠪᠠᠳᠤᠳᠬᠠᠵᠤ | ᠶᠠᠪᠤᠳᠠᠭ ᠪᠢᠯᠢᠭᠦᠨ ᠤᠶᠤᠨᠳᠤ ᠠᠷᠠᠳ ᠲᠦᠮᠡᠨ ᠪᠠᠶᠢᠭ᠎ᠠ᠃ | ᠮᠤᠩᠭᠤᠯᠴᠤᠳ᠂ ᠬᠤᠷ᠎ᠠ ᠲᠤᠨᠤᠳᠠᠰᠤ ᠶᠢᠨ ᠲᠡᠩᠴᠡᠭᠦᠨ ᠡᠶᠡᠪᠡᠷᠭᠦᠦ ᠶᠢ ᠤᠪᠤᠭᠠᠨ ᠳᠤ ᠪᠠᠨ | ᠰᠦᠰᠦᠭᠯᠡᠵᠤ᠂ ᠬᠦᠮᠦᠨ ᠠᠷᠠᠳ ᠤᠨ ᠢᠶᠠᠨ ᠠᠵᠠ ᠵᠢᠷᠭᠠᠯᠠᠩ ᠶᠢ ᠤᠪᠤᠭᠠᠨ ᠳᠤ ᠪᠠᠨ ᠰᠦᠵᠢᠭᠯᠡᠵᠤ᠂ ᠬᠠᠳᠤᠯᠠᠩ | ᠪᠡᠯᠴᠢᠭᠡᠷ ᠤᠨ ᠢᠶᠠᠨ ᠦᠡᠭ ᠰᠢᠮᠡᠯᠢᠭ ᠢ ᠤᠪᠤᠭᠠᠨ ᠳᠤ ᠪᠠᠨ ᠲᠠᠭᠠᠳᠬᠠᠵᠤ᠂ ᠮᠡᠯ ᠰᠦᠷᠦᠭ ᠤᠨ ᠢᠶᠠᠨ ᠦᠶᠤᠭ᠌ | ᠲᠠᠷᠭᠤ ᠲᠠᠢ ᠶᠢ ᠤᠪᠤᠭᠠᠨ ᠳᠤ ᠪᠠᠨ ᠵᠠᠯᠪᠢᠷᠠᠵᠤ᠂ ᠠᠳᠠᠯ ᠦᠢᠯᠡᠰ ᠢᠶᠠᠨ ᠪᠤᠰᠬᠠᠵᠤ ᠠᠯᠳᠠᠨ ᠲᠡᠯᠡᠬᠡᠢ ᠳᠤ ᠠᠯᠳᠠᠷ | ᠵᠢᠳᠬᠦᠯ ᠢᠶᠠᠨ ᠲᠠᠭᠤᠷᠢᠰᠤᠭᠤᠯᠵᠤ ᠶᠠᠪᠤᠭᠰᠠᠨ ᠠᠭᠤᠤ ᠶᠡᠭᠡ ᠠᠷᠠᠳ ᠲᠦᠮᠡᠨ ᠶᠤᠮᠰᠠᠨ᠃ | ᠮᠤᠩᠭᠤᠯ ᠨᠤᠳᠤᠭ ᠤᠨ ᠤᠪᠤᠭ᠎ᠠ ᠨᠢ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢᠨ ᠪᠡᠯᠭᠡᠳᠡᠯ | ᠪᠤᠯᠬᠤ ᠶᠤᠮ᠃ ᠮᠤᠩᠭᠤᠯᠴᠤᠳ᠄ ︿ᠤᠪᠤᠭ᠎ᠠ ᠲᠠᠢ ᠠᠭᠤᠯᠠᠨ ᠳᠤ ᠢᠮᠠᠭ᠎ᠠ ᠪᠠᠨ ᠪᠤᠤ ᠬᠠᠷᠢᠭᠤᠯ᠂ ᠮᠤᠳᠤ ᠲᠦᠯᠡᠭᠡ | ᠶᠢ ᠤᠭᠳᠤᠯᠵᠤ ᠰᠦᠢᠳᠬᠡᠬᠦ ᠶᠢ ᠬᠡᠷᠰᠡᠭᠦᠯ ᠭᠡᠵᠤ ᠬᠢᠴᠢᠶᠡᠨ ᠰᠡᠷᠡᠮᠵᠢᠯᠡᠭᠦᠯᠳᠡᠭ ᠨᠢ ᠡᠭᠦᠷᠢᠳᠡ ᠶᠢᠨ ᠵᠤᠷᠰᠢᠯ ᠶᠤᠮ᠃ | ᠤᠡᠭᠭᠤᠨ ᠪᠠᠶᠢᠭᠠᠯᠢ ᠯᠠ ᠰᠠᠶ᠋ᠢ ᠤᠨᠳᠤᠷᠤᠯᠭ᠎ᠠ ᠠᠮᠢᠳᠤᠷᠠᠯᠭ᠎ᠠ ᠳᠤ ᠠᠴᠢ ᠲᠤᠰᠠ ᠪᠠᠨ ᠦᠭᠳᠡᠭ ᠢ ᠡᠷᠳᠡᠨ ᠠᠴᠠ | ᠮᠡᠳᠡᠵᠤ ᠲᠠᠨᠢᠭᠰᠠᠨ ᠨᠢ ᠮᠡᠨ ᠤ ᠡᠪᠦᠭᠡ ᠲᠡᠭᠡᠳᠦᠰ ᠪᠤᠯᠬᠤ ᠶᠤᠮ᠃ ᠲᠡᠯᠡᠬᠡᠢ ᠨᠡᠶᠢᠳᠡ ᠪᠠᠷ ᠢᠶᠠᠨ ᠰᠠᠨᠠᠭᠠᠨ ᠳᠤ ᠴᠦ | ᠦᠭᠡᠢ ᠪᠠᠶᠢᠬᠤ ᠳᠤ᠂ ᠮᠤᠩᠭᠤᠯᠴᠤᠳ ᠠᠭᠤᠯᠠ ᠪᠠᠨ ᠲᠠᠷᠬᠠᠯᠠᠵᠤ᠂ ᠤᠰᠤ ᠪᠤᠯᠠᠭ ᠢᠶᠠᠨ ᠠᠷᠢᠭᠤᠯᠠᠨ ᠲᠠᠬᠢᠳᠠᠭ | ᠭᠡᠭᠡᠨ ᠪᠢᠯᠢᠭᠳᠦ ᠨᠡᠭᠦᠳᠡᠯᠴᠢᠨ ᠠᠷᠠᠳ ᠲᠦᠮᠡᠨ ᠪᠤᠯᠬᠤ ᠶᠤᠮᠰᠠᠨ᠃ | ᠮᠤᠩᠭᠤᠯᠴᠤᠳ ᠤᠪᠤᠭ᠎ᠠ ᠪᠠᠷ ᠢᠶᠠᠨ ᠰᠡᠳᠬᠢᠴᠡ ᠶᠢᠨ ᠵᠠᠰᠠᠯ ᠪᠤᠯᠭᠠᠳᠠᠭ ᠢᠶᠠᠷ ᠦᠯᠦ ᠪᠠᠷᠠᠨ ᠪᠢᠰᠢᠷᠠᠯ | ᠬᠦᠨᠳᠦᠳᠬᠡᠯ ᠤᠨ ᠵᠠᠰᠠᠯ ᠪᠤᠯᠭᠠᠵᠤ ᠪᠠᠶᠢᠵᠠᠢ᠃ ᠬᠤᠯᠠ ᠶᠠᠪᠤᠭᠠᠳ ᠢᠷᠡᠭᠰᠡᠨ ᠬᠦᠦ ᠳᠤ ᠪᠠᠨ᠄ ︿ᠬᠦᠦ ᠮᠢᠨᠢ᠂ | ᠵᠢᠭᠠᠬᠠᠨ ᠠᠮᠤᠰᠬᠢᠭᠠᠳ ᠤᠪᠤᠭ᠎ᠠ ᠳᠤ ᠪᠠᠨ ᠤᠴᠢᠵᠤ ᠮᠦᠷᠭᠦᠨ᠂ ᠤᠯᠵᠤ ᠠᠯᠳᠠᠭᠰᠠᠨ ᠢᠶᠠᠨ ᠤᠴᠢᠷᠯᠠᠨ | ᠲᠠᠭᠠᠳᠬᠠᠵᠤ ᠢᠷᠡᠭᠡᠷᠡᠢ﹀ ᠭᠡᠵᠤ ᠶᠠᠪᠤᠭᠤᠯᠳᠠᠭ ᠲᠠᠳᠬᠠᠯ ᠲᠠᠢ᠃ ᠦᠷ᠎ᠡ ᠭᠡᠤᠭᠡᠳ ᠨᠢ ᠤᠪᠤᠭᠠᠨ ᠳᠤ ᠪᠠᠨ ᠴᠢᠯᠠᠭᠤ | ᠨᠡᠮᠡᠵᠤ᠂ ᠠᠪᠤ ᠡᠵᠢ ᠳᠤ ᠪᠠᠨ ᠬᠡᠯᠡᠭᠰᠡᠨ ᠦᠭᠡᠢ ᠰᠡᠳᠬᠢᠯ ᠤᠨ ᠦᠭᠡ ᠪᠠᠨ᠂ ᠠᠬ᠎ᠠ ᠠᠭ᠎ᠠ ᠳᠤ ᠪᠠᠨ ᠶᠠᠷᠢᠭᠰᠠᠨ | ᠦᠭᠡᠢ ᠠᠯᠳᠠᠭ᠎ᠠ ᠤᠨᠤᠭ᠎ᠠ ᠪᠠᠨ ᠰᠡᠳᠬᠢᠯ ᠢᠶᠠᠨ ᠠᠭᠤᠵᠢᠷᠠᠳᠠᠯ᠎ᠠ ᠲᠡᠯᠭᠡᠵᠤ ᠠᠵᠤ ᠠᠮᠢᠳᠤᠷᠠᠯ᠂ ᠠᠵᠢᠯ ᠦᠢᠯᠡᠰ | ᠤᠨ ᠢᠶᠠᠨ ᠡᠷᠭᠢᠴᠡᠭᠦᠯᠦᠯ ᠲᠤᠷᠰᠢᠯᠭ᠎ᠠ ᠢᠶᠠᠨ ᠳ᠋ᠦᠡᠭᠨᠡᠨ ᠬᠤᠷᠢᠶᠠᠩᠭᠤᠶᠢᠯᠠᠵᠤ᠂ ᠰᠡᠳᠬᠢᠯ ᠤᠨ ᠴᠢᠯᠡᠭᠡ ᠪᠠᠨ | ᠠᠯᠳᠠᠷᠠᠭᠠᠵᠤ ᠰᠠᠨᠠᠭᠠᠨ ᠤ ᠭᠬᠢᠷ ᠢᠶᠠᠨ ᠴᠡᠪᠡᠷᠯᠡᠵᠤ ᠴᠤᠭ ᠰᠦᠯᠳᠡ ᠲᠠᠢ ᠪᠤᠴᠠᠵᠤ ᠬᠠᠷᠢᠳᠠᠭ ᠲᠠᠯᠳᠠ ᠲᠠᠮᠢᠷᠯᠢᠭ | ᠪᠤᠷᠬᠠᠨᠰᠠᠭ ᠠᠷᠠᠳ ᠲᠦᠮᠡᠨ ᠶᠤᠮᠰᠠᠨ᠃ | ᠮᠤᠩᠭᠤᠯ ᠨᠤᠳᠤᠭ ᠤᠨ ᠤᠪᠤᠭ᠎ᠠ ᠨᠢ ᠮᠤᠩᠭᠤᠯ ᠰᠤᠶᠤᠯ ᠤᠨ ᠤᠬᠢ ᠲᠠᠯᠠᠰᠳᠤ ᠪᠤᠯᠬᠤ ᠶᠤᠮ᠃ ᠮᠤᠩᠭᠤᠯ | ᠨᠤᠳᠤᠭ ᠤᠨ ᠤᠪᠤᠭ᠎ᠠ ᠨᠢ ᠮᠤᠩᠭᠤᠯᠴᠤᠳ ᠤᠨ ᠠᠯᠳᠠᠨ ᠮᠤᠳᠤᠷ ᠢᠶᠠᠷ ᠴᠤᠭᠴᠠᠯᠠᠭᠳᠠᠵᠤ ᠠᠯᠠᠭᠠᠨ ᠤ ᠬᠦᠯᠦᠰᠦ ᠨᠢ | ᠰᠢᠩᠭᠡᠭᠰᠡᠨ ᠠᠯᠳᠠᠨ ᠠᠭᠤᠯᠠ ᠠᠴᠠ ᠴᠦ ᠦᠨ᠎ᠡ ᠴᠠᠨ᠎ᠠ ᠲᠠᠢ ᠠᠭᠤᠤ ᠰᠤᠶᠤᠯ ᠤᠨ ᠮᠢᠨᠢ ᠤᠬᠢ ᠲᠠᠯᠠᠰᠳᠤ ᠶᠢᠨ | ᠨᠢᠭᠡᠨ ᠪᠤᠯᠬᠤ ᠶᠢ ᠠᠳᠡ ᠤᠨᠴᠠᠭᠠᠶᠢᠷᠠᠭᠤᠯᠤᠨ ᠲᠡᠮᠳᠡᠭᠯᠡᠶ᠎ᠡ᠃ ᠮᠤᠩᠭᠤᠯ ᠬᠦᠮᠦᠨ ᠤᠪᠤᠭ᠎ᠠ ᠲᠠᠢ ᠪᠠᠶᠢᠳᠠᠭ ᠠᠴᠠ | ᠬᠡᠶᠢᠮᠤᠷᠢ ᠲᠠᠢ ᠪᠠᠶᠢᠳᠠᠭ᠂ ᠤᠪᠤᠭ᠎ᠠ ᠪᠠᠨ ᠲᠡᠭᠡᠳᠦᠯᠡᠳᠡᠭ ᠠᠴᠠ ᠤᠳᠤ ᠶᠢᠨ ᠴᠠᠮᠪᠤᠯᠢᠩ ᠳᠤ ᠤᠳᠤ ᠴᠤᠭᠯᠢᠭ | ᠪᠠᠶᠢᠭᠰᠠᠨ᠂ ᠪᠠᠶᠢᠭᠰᠠᠭᠠᠷ ᠢᠷᠡᠭᠰᠡᠨ ᠮᠦᠷᠳᠡᠭᠡᠨ ᠢᠷᠡᠭᠡᠳᠦᠢ ᠳᠤ ᠴᠦ ᠪᠠᠶᠢᠬᠤ ᠪᠤᠯᠤᠨ᠎ᠠ ᠭᠡᠳᠡᠭ ᠲᠤ ᠢᠳᠡᠭᠡᠯ ᠲᠠᠢ | ᠪᠠᠶᠢᠭᠠᠷᠠᠢ᠃ ᠨᠡᠭᠦᠳᠡᠯ ᠮᠠᠯᠵᠢᠯ ᠤᠨ ᠰᠤᠶᠤᠯ ᠳᠤ ᠤᠪᠤᠭ᠎ᠠ ᠤᠷᠤᠨ ᠪᠠᠶᠢᠷᠢ ᠪᠠᠨ ᠪᠠᠳᠤ ᠰᠠᠬᠢᠭᠰᠠᠨ ᠬᠠᠷᠠᠭᠤᠯ ᠤᠨ | ᠪᠠᠶᠢᠯᠳᠤᠭᠴᠢ ᠶᠢᠨ ᠶᠤᠰᠤᠭᠠᠷ ᠦᠢᠯᠡᠳᠦᠯ ᠦᠵᠡᠭᠦᠯᠵᠤ᠂ ᠤᠪᠤᠭ᠎ᠠ ᠪᠠᠨ ᠦᠵᠡᠭᠡᠳ ᠤᠮᠤᠭ ᠵᠤᠷᠢᠭ ᠨᠢ | ᠬᠦᠪᠴᠢᠯᠡᠭᠳᠡᠭᠰᠡᠨ᠂ ᠤᠯᠵᠠ ᠤᠷᠤᠴᠠ ᠨᠢ ᠨᠡᠮᠡᠭᠳᠡᠭᠰᠡᠨ ᠢ ᠠᠯᠢ ᠶᠢ ᠨᠢ ᠲᠤᠷᠠᠰᠤᠨ ᠲᠤᠭᠠᠴᠢᠭᠠᠳ ᠪᠠᠷᠠᠬᠤ ᠪᠤᠢ᠃ | ᠤᠪᠤᠭ᠎ᠠ ᠳᠤ ᠪᠠᠨ ᠬᠤᠷᠭᠤᠳᠠᠭᠠᠳ ᠤᠯᠠᠨ ᠤᠯᠠᠨ ᠮᠤᠩᠭᠤᠯᠴᠤᠳ ᠦᠪᠡᠷ ᠤᠨ ᠤᠤᠭᠤᠭᠰᠠᠨ ᠤᠰᠤ ᠤᠨᠠᠭᠰᠠᠨ | ᠨᠤᠳᠤᠭ ᠢᠶᠠᠨ ᠤᠷᠬᠢᠵᠤ ᠲᠦᠪᠳᠡᠯ ᠰᠠᠭᠤᠷᠢᠰᠢᠵᠤ ᠬᠠᠯᠬᠠᠭ᠎ᠠ ᠬᠡᠷᠡᠮ ᠪᠤᠯᠵᠤ ᠮᠤᠩᠭᠤᠯ ᠰᠤᠶᠤᠯ ᠤᠨ | ᠬᠠᠶᠢᠯᠤᠭᠳᠠᠯ ᠢ ᠬᠤᠷᠢᠭᠯᠠᠵᠤ ᠮᠤᠩᠭᠤᠯ ᠠᠮᠢᠳᠤᠷᠠᠯ ᠤᠨ ᠦᠭᠡᠷᠡᠳᠦᠯ ᠢ ᠤᠳᠠᠭᠠᠰᠢᠷᠠᠭᠤᠯᠵᠤ ᠶᠠᠪᠤᠭᠰᠠᠨ ᠢ ᠡᠷᠳᠡᠮᠳᠡᠨ | ᠮᠡᠷᠭᠡᠳ ᠠᠨᠳᠤᠯ ᠦᠭᠡᠢ ᠮᠡᠳᠡᠬᠦ ᠪᠠᠷ ᠦᠯᠦ ᠪᠠᠷᠠᠮ ᠦᠶ᠎ᠡ ᠶᠢᠨ ᠦᠶ᠎ᠡ ᠳᠤ ᠪᠠᠨ ᠦᠪᠯᠡᠭᠦᠯᠵᠤ ᠦᠭᠭᠦᠭᠰᠡᠨ | ᠦᠨᠦᠳᠦᠷ ᠤᠨ ᠪᠤᠰᠤᠭ᠎ᠠ ᠰᠤᠶᠤᠯ ᠮᠠᠨᠢ ᠬᠡᠷᠡᠴᠢ ᠪᠤᠯᠵᠤ ᠦᠨᠢᠳᠡ ᠰᠦᠨᠳᠡᠷᠯᠡᠵᠤ ᠪᠠᠶᠢᠨᠠᠮ ᠃ | ᠂᠂᠂᠂ ᠂᠂᠂᠂ | ᠮᠤᠩᠭᠤᠯ ᠨᠤᠳᠤᠭ ᠤᠨ ᠤᠪᠤᠭᠠᠨ ᠳᠤ ᠪᠠᠨ ᠴᠢᠯᠠᠭᠤ ᠨᠡᠮᠡᠬᠦ ᠪᠠᠨ ᠮᠠᠷᠳᠠᠳᠠᠭ ᠦᠭᠡᠢ ᠰᠢᠭ᠋ ᠢᠶᠠᠷ ᠮᠤᠩᠭᠤᠯ | ᠰᠤᠶᠤᠯ ᠤᠨ ᠤᠪᠤᠭᠠᠨ ᠳᠤ ᠪᠠᠨ ᠰᠤᠳᠤᠷ ᠨᠡᠮᠡᠬᠦ ᠪᠠᠨ ᠪᠢᠳᠡᠭᠡᠢ ᠮᠠᠷᠳᠠᠶ᠎ᠠ᠂ ᠪᠢᠳᠡ ᠪᠦᠭᠦᠳᠡᠭᠡᠷ ᠢᠶᠠᠨ︕ | ᠤᠪᠤᠭ᠎ᠠ — ᠮᠤᠩᠭᠤᠯ ᠤᠷᠤᠨ ᠤ ᠰᠦᠯᠳᠠ᠃ | ᠤᠪᠤᠭ᠎ᠠ — ᠮᠤᠩᠭᠤᠯ ᠬᠦᠮᠦᠨ ᠤ ᠰᠢᠳᠦᠭᠡᠨ᠃ | |