3 ᠳ᠋ᠤᠭᠠᠷ ᠰᠠᠷ᠎ᠠ ᠶᠢᠨ 7 ᠤ ᠡᠳᠤᠷ᠂ ᠭᠤᠷᠪᠠᠨ ᠪᠦᠯᠦᠭᠳᠦ ᠪᠠᠷᠢᠮᠳᠠᠳᠤ ᠹᠢᠯᠢᠮ ︽ᠦᠨᠢ ᠮᠦᠡᠭᠭᠡ ᠶᠢᠨ | ᠤᠯᠠᠭᠠᠨᠮᠦ᠋ᠴᠢᠷ︾ ᠢ ᠰᠡᠬᠦᠳᠡᠷᠯᠡᠨ ᠦᠢᠯᠡᠳᠬᠦ ᠠᠵᠢᠯ ᠤᠨ ᠡᠬᠢᠯᠡᠯᠳᠡ ᠶᠢᠨ ᠶᠤᠰᠤᠯᠠᠯ ᠰᠢᠯᠢ ᠶᠢᠨ ᠬᠤᠳᠠ ᠳᠤ | ᠶᠠᠪᠤᠬᠳᠠᠪᠠ᠃ ᠡᠨᠡᠬᠦ ᠹᠢᠯᠢᠮ ᠳᠤ ᠳᠠᠯ᠎ᠠ ᠨᠤᠳᠤᠬ ᠲᠤ ᠦᠨᠳᠦᠰᠦ ᠬᠠᠳᠬᠤᠵᠦ᠂ ᠦᠷᠡᠯᠡᠨ ᠳᠡᠯᠭᠡᠷᠡᠭᠰᠡᠨ | ᠤᠯᠠᠭᠠᠨᠮᠦ᠋ᠴᠢᠷ ᠤᠨ ᠤᠯᠠ ᠮᠦᠷ ᠢ ᠳᠡᠮᠳᠡᠭᠯᠡᠵᠦ᠂ ᠤᠯᠠᠭᠠᠨᠮᠦ᠋ᠴᠢᠷ ᠤᠨ 60 ᠵᠢᠯ ᠤᠨ ᠳᠤᠷᠰᠢᠬᠢ ᠭᠡᠷᠡᠯ | ᠬᠢᠯᠪᠠᠭ᠎ᠠ ᠶᠢ ᠤᠯᠠᠨ ᠳᠤ ᠳᠤᠯᠢᠯᠠᠭᠤᠯᠬᠤ ᠪᠤᠯᠤᠨ᠎ᠠ᠃ ᠦᠪᠡᠷᠳᠡᠭᠡᠨ ᠵᠠᠰᠠᠬᠤ ᠤᠷᠤᠨ ᠤ ᠰᠤᠨᠢᠨ ᠮᠡᠳᠡᠭᠡ ᠭᠡᠪᠯᠡᠯ | ᠷᠠᠳᠢᠤ᠋ ᠲᠧᠯᠸᠢᠰ ᠳᠤᠪᠴᠢᠶᠠᠨ ᠤ ᠨᠠᠮ ᠤᠨ ᠤᠳᠤᠷᠢᠳᠬᠤ ᠳᠤᠭᠤᠢᠢᠯᠠᠩ ᠤᠨ ᠱᠦᠵᠢ᠂ ᠳᠤᠪᠴᠢᠶᠠᠨ ᠳᠠᠷᠤᠭ᠎ᠠ | ᠵᠢᠶᠠᠩ ᠪᠦᠸᠧ ᠶᠠᠨ᠂ ᠠᠶᠢᠮᠠᠬ ᠤᠨ ᠨᠠᠮ ᠤᠨ ᠬᠤᠷᠢᠶ᠎ᠠ ᠶᠢᠨ ᠱᠦᠵᠢ ᠯᠦᠸᠧ ᠬᠤᠣ ᠽᠠᠢ ᠡᠬᠢᠯᠡᠯᠳᠡ ᠶᠢᠨ | ᠶᠤᠰᠤᠯᠠᠯ ᠳᠤ ᠤᠷᠤᠯᠴᠠᠵᠦ᠂ ᠰᠡᠬᠦᠳᠡᠷᠯᠡᠬᠦ ᠮᠠᠰᠢᠨ ᠤ ᠬᠦᠰᠢᠭᠡ ᠶᠢ ᠰᠡᠭᠦᠪᠡ᠃ | ᠤᠯᠠᠭᠠᠨᠮᠦ᠋ᠴᠢᠷ ᠪᠤᠯ ᠮᠠᠨ ᠤ ᠤᠯᠤᠰ ᠤᠨ ᠨᠡᠶᠢᠭᠡᠮ ᠵᠢᠷᠤᠮᠳᠦ ᠰᠤᠶᠤᠯ ᠤᠨ ᠹᠷᠤᠨᠲ ᠤᠨ ᠨᠢᠭᠡᠨ ᠳᠤᠬ | ᠪᠠᠶᠢᠵᠦ ᠂ ᠦᠪᠦᠷ ᠮᠤᠩᠭᠤᠯ ᠤᠨ ᠰᠤᠶᠤᠯ ᠤᠨ ᠨᠡᠷᠡᠳᠦ ᠳᠡᠮᠳᠡᠭ ᠶᠤᠮ᠃ ᠦᠪᠦᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠪᠠᠶᠢᠭᠤᠯᠤᠬᠳᠠᠬᠰᠠᠨ 70 ᠵᠢᠯ ᠤᠨ ᠤᠢ᠂ ᠤᠯᠠᠭᠠᠨᠮᠦ᠋ᠴᠢᠷ ᠪᠠᠶᠢᠭᠤᠯᠤᠬᠳᠠᠬᠰᠠᠨ 60 ᠵᠢᠯ ᠤᠨ | ᠤᠢ ᠶᠢ ᠤᠬᠳᠤᠬᠤ ᠪᠠᠶᠠᠷᠳᠦ ᠮᠦᠴᠡ ᠳᠤ᠂ ᠮᠠᠨ ᠤ ᠠᠶᠢᠮᠠᠬ ᠪᠦᠬᠦ ᠤᠯᠤᠰ ᠤᠨ ᠠᠩᠬᠠᠳᠠᠬᠴᠢ ᠤᠯᠠᠭᠠᠨᠮᠦ᠋ᠴᠢᠷ | ᠮᠡᠨᠳᠦᠯᠡᠭᠰᠡᠨ ᠨᠤᠳᠤᠬ ᠪᠤᠯᠤᠬᠰᠠᠨ ᠤ ᠬᠤᠪᠢ ᠳᠤ ︽ᠦᠨᠢ ᠮᠦᠡᠭᠭᠡ ᠶᠢᠨ ᠤᠯᠠᠭᠠᠨᠮᠦ᠋ᠴᠢᠷ︾ ᠭᠡᠬᠦ ᠪᠠᠷᠢᠮᠳᠠᠳᠦ | ᠹᠢᠯᠢᠮ ᠢ ᠰᠡᠭᠦᠳᠡᠷᠯᠡᠨ ᠦᠢᠯᠡᠳᠴᠦ᠂ ᠤᠯᠠᠭᠠᠨᠮᠦ᠋ᠴᠢᠷ ᠤᠨ 60 ᠵᠢᠯ ᠤᠨ ᠬᠢᠯᠠᠯᠵᠠᠮ᠎ᠠ ᠠᠮᠵᠢᠯᠳᠡ ᠶᠢ ᠡᠷᠬᠢᠴᠡᠭᠦᠯᠦᠨ | ᠂ ᠬᠦᠮᠦᠰ ᠤᠨ ᠤᠷᠮ᠎ᠠ ᠵᠤᠷᠢᠬ ᠢ ᠬᠦᠪᠴᠢᠯᠡᠬᠦ ᠨᠢ ᠴᠢᠬᠤᠯᠠ ᠠᠴᠢ ᠬᠤᠯᠪᠤᠬᠳᠠᠯ ᠲᠠᠢ᠃ ᠦᠢᠯᠠᠭᠠᠬᠰᠠᠨ ᠢᠶᠠᠷ ᠳᠤᠰ | ᠹᠢᠯᠢᠮ ᠢ ᠪᠡᠭᠡᠵᠢᠩ ᠤᠨ ᠲᠢᠶᠠᠨ ᠵᠢᠤᠢ ᠳ᠋ᠢ ᠾᠧ ᠰᠤᠶᠤᠯ ᠳᠠᠮᠵᠢᠭᠤᠯᠭ᠎ᠠ ᠶᠢᠨ ᠺᠤᠮᠫᠠᠨᠢ ᠠᠴᠠ ᠳᠠᠭᠠᠭᠠᠨ ᠰᠡᠭᠦᠳᠡᠷᠯᠡᠨ | ᠦᠢᠯᠡᠳᠴᠦ᠂ ᠳᠦᠪ ᠤᠨ ᠲᠧᠯᠸᠢᠰ ᠤᠨ ︽ᠰᠦᠪᠡᠭᠴᠢᠯᠡᠯᠳᠡ᠂ ᠢᠯᠠᠷᠡᠭᠦᠯᠦᠯᠳᠡ︾ ᠫᠷᠦᠭᠷᠠᠮ ᠳᠤ ᠨᠠᠪᠳᠡᠷᠡᠭᠦᠯᠬᠦ | ᠪᠤᠯᠤᠨ᠎ᠠ᠃ | |