11 ᠳ᠋ᠤᠭᠡᠷ ᠰᠠᠷ᠎ᠠ ᠶᠢᠨ 25 ᠤ ᠡᠳᠦᠷ᠂ ᠰᠢᠯᠢ ᠶᠢᠨ ᠬᠤᠲᠠ ᠶᠢᠨ ᠮᠤᠩᠭᠤᠯ ᠦᠨᠳᠦᠰᠦᠲᠡᠨ ᠤ | ᠬᠤᠶᠠᠳᠤᠭᠠᠷ ᠪᠠᠭ᠎ᠠ ᠰᠤᠷᠭᠠᠭᠤᠯᠢ ᠶᠢᠨ ︽ᠮᠤᠷᠢᠲᠠᠢ ᠮᠤᠩᠭᠤᠯ ᠤᠨ ᠮᠤᠷᠠᠯ ᠲᠠᠢ ᠬᠡᠤᠬᠡᠳ︾ ᠰᠢᠷᠢᠰ ᠠᠵᠢᠯᠯᠠᠭᠠᠨ ᠤ | ᠭᠤᠷᠪᠠᠳᠤᠭᠠᠷ ᠤᠳᠠᠭᠠᠨ ᠤ ︽ᠤᠨᠠᠭᠠᠨ ᠦᠤᠷᠰᠡᠭᠡ︾ ᠰᠢᠯᠦᠭ ᠤᠨ ᠤᠷᠤᠯᠳᠤᠭᠠᠨ ᠶᠠᠪᠤᠭᠳᠠᠯᠡ᠃ | ᠰᠤᠷᠤᠭᠴᠢᠤᠨ ᠤᠨ ᠮᠤᠩᠭᠤᠯ ᠭᠡᠯᠡᠡ ᠤ ᠭᠢᠷᠢ ᠭᠡᠮᠵᠢᠶ᠎ᠡ ᠶᠢ ᠲᠡᠭᠡᠭᠰᠢᠯᠡᠭᠦᠯᠦᠡ᠂ ᠬᠡᠤᠬᠡᠳ ᠳᠡᠭᠦᠦ ᠨᠠᠷ ᠲᠤ ᠪᠠᠨ | ᠮᠤᠩᠭᠤᠯ ᠢᠷᠠᠭᠤ ᠨᠠᠶᠢᠷᠠᠭ ᠤᠨ ᠪᠠᠶᠠᠯᠢᠭ ᠢ ᠳᠠᠨᠢᠭᠤᠯᠤᠨ᠂ ᠮᠤᠩᠭᠤᠯ ᠰᠤᠶᠤᠯ ᠢᠶᠠᠨ ᠪᠠᠭ᠋ᠠᠷᠬᠠᠭᠤᠯᠵᠤ ᠶᠠᠪᠤᠬᠤ ᠶᠢᠨ | ᠡᠭᠦᠳᠡᠨ ᠠᠴᠠ ᠡᠨᠡ ᠤᠳᠠᠭᠠᠨ ᠤ ᠰᠢᠯᠦᠭ ᠤᠨ ᠤᠷᠤᠯᠳᠤᠭᠠᠨ ᠢ ᠶᠠᠪᠤᠬᠳᠠᠭᠤᠯᠵᠥ᠂ ᠰᠢᠯᠦᠭ ᠤᠨ | ᠤᠷᠤᠯᠳᠤᠭᠠᠨ ᠳᠤᠨᠢ ᠨᠢᠭᠡ ᠠᠴᠠ ᠭᠤᠷᠪᠠᠳᠤᠭᠠᠷ ᠤᠨ ᠤ ᠬᠢᠨ ᠠᠩᠬᠢ ᠨᠢᠭᠡᠴᠡ ᠪᠠᠷ ᠢᠶᠠᠨ ᠤᠷᠤᠯᠴᠠᠭᠰᠠᠨ ᠢᠶᠠᠷ | ᠪᠠᠷᠠᠬᠤ ᠦᠭᠡᠢ᠂ ᠰᠢᠯᠦᠭ ᠳᠠᠭᠤᠤ ᠳᠤ ᠪᠠᠨ ᠠᠪᠢᠶᠠᠰ ᠲᠠᠢ ᠬᠡᠤᠬᠡᠳ ᠳᠡᠭᠦᠦ ᠨᠠᠷ ᠴᠤ ᠬᠤᠪᠢ ᠬᠦᠮᠦᠨ ᠤ | ᠰᠢᠯᠦᠭ ᠤᠨ ᠤᠷᠤᠯᠳᠤᠭᠠᠨ ᠳᠤ ᠢᠳᠡᠪᠬᠢᠲᠠᠢ ᠤᠷᠤᠯᠴᠠᠵᠤ᠂ ᠤᠷ᠎ᠡ ᠠᠪᠢᠶᠠᠰ ᠢᠶᠠᠨ ᠭᠠᠶᠢᠬᠠᠭᠤᠯᠵᠤ ᠪᠠᠶᠢᠯ᠎ᠠ᠃ | ᠭᠡᠷ ᠤᠨ ᠠᠬᠠᠮᠠᠳ ᠪᠤᠯᠤᠳᠪᠠᠭᠠᠲᠤᠷ ᠠᠴᠠ᠄ ︽ᠰᠤᠷᠭᠠᠭᠤᠯᠢ ᠶᠢᠨ ᠶᠠᠪᠤᠭᠳᠠᠭᠤᠯᠤᠭᠰᠠᠨ ᠰᠢᠯᠦᠭ ᠤᠨ | ᠤᠷᠤᠯᠳᠤᠭᠠᠨ ᠨᠢ ᠬᠡᠤᠬᠡᠳ ᠤᠳ ᠢᠶᠠᠨ ᠬᠠᠷᠠᠬᠠᠠ ᠪᠠᠭ᠎ᠠ ᠠᠴᠠ ᠨᠢ ᠮᠤᠩᠭᠤᠯ ᠰᠤᠶᠤᠯ᠂ ᠮᠤᠩᠭᠤᠯ ᠢᠷᠠᠭᠤ | ᠨᠠᠶᠢᠷᠠᠭ ᠲᠤ ᠪᠠᠬ᠎ᠠ ᠲᠠᠢ ᠪᠤᠯᠭᠠᠵᠤ ᠪᠠᠶᠢᠬᠤ ᠳᠤ ᠨᠢ ᠮᠠᠰᠢ ᠪᠠᠶᠠᠷᠯᠠᠵᠤ ᠪᠠᠶᠢᠨ᠎ᠠ᠂ ᠡᠨᠡ ᠨᠢ ᠬᠡᠤᠬᠡᠳ ᠤᠳ ᠤᠨ ᠮᠢᠨᠢ | ᠬᠤᠶᠢᠰᠢᠳᠠ ᠶᠢᠨ ᠬᠦᠮᠦᠵᠢᠯ ᠳᠤ ᠶᠡᠬᠡᠬᠡᠨ ᠨᠦᠯᠦᠭᠡ ᠲᠠᠢ ᠪᠠᠶᠢᠬ᠎ᠠ︾ ᠭᠡᠵᠦ ᠪᠠᠶᠢᠯ᠎ᠠ᠃ ᠰᠤᠷᠭᠠᠭᠤᠯᠢ ᠠᠴᠠ ᠡᠨᠡ | ᠤᠳᠠᠭᠠᠨ ᠤ ︽ᠤᠨᠠᠭᠠᠨ ᠦᠤᠷᠰᠡᠭᠡ︾ ᠰᠢᠯᠦᠭ ᠤᠨ ᠤᠷᠤᠯᠳᠤᠭᠠᠨ ᠤ ᠳᠡᠰ ᠳ᠋ᠤᠭᠠᠷ ᠢᠶᠠᠨ ᠮᠠᠰᠢ ᠤᠳᠬ᠎ᠠ | ᠠᠭᠤᠯᠭ᠎ᠠ ᠲᠠᠢ ᠪᠠᠷ ᠠᠩᠭᠢ ᠨᠢᠭᠡᠴᠡ ᠶᠢᠨ ᠲᠤᠭᠤᠢᠢᠯᠠᠩ ᠨᠢ ︽ᠤᠨᠠᠭᠠᠨ ᠲᠡᠭᠦᠯᠢᠭᠡ︾᠂ ︽ᠤᠨᠠᠭᠠᠨ | ᠳᠤᠪᠳᠤᠯᠤᠭ᠎ᠠ︾ ︽ᠤᠨᠠᠭᠠᠨ ᠵᠢᠷᠤᠭ᠎ᠠ︾ ︽ᠤᠨᠠᠭᠠᠨ ᠰᠠᠶᠢᠪᠤᠷ︾ ︽ᠤᠨᠠᠭᠠᠨ ᠬᠠᠳᠠᠷᠢᠭ᠎ᠠ︾ ᠬᠡᠮᠡᠨ ᠳᠠᠪᠤᠨ | ᠳᠡᠰ ᠲᠤ ᠱᠠᠩᠨᠠᠵᠥ᠂ ᠬᠤᠪᠢ ᠬᠦᠮᠦᠨ ᠤ ᠳᠤᠭᠤᠢᠢᠯᠠᠩ ᠢ ᠨᠢ ︽ᠤᠷᠤᠰᠤᠮ᠎ᠠ ᠤᠶᠠᠩᠭᠠᠯᠠᠭᠴᠢ︾᠂ ︽ᠴᠤᠭᠯᠢᠭ | ᠤᠶᠠᠩᠭᠠᠯᠠᠭᠴᠢ︾ ︽ᠠᠪᠢᠶᠠᠰᠯᠢᠭ ᠤᠶᠠᠩᠭᠠᠯᠠᠭᠴᠢ︾᠂ ︽ᠨᠠᠮᠪᠠᠯᠢᠭ ᠤᠶᠠᠩᠭᠠᠯᠠᠭᠴᠢ︾᠂ ︽ ᠬᠡᠶᠢᠮᠦᠷᠢᠯᠢᠭ | ᠤᠶᠠᠩᠭᠠᠯᠠᠭᠴᠢ︾ ᠬᠡᠮᠡᠨ ᠱᠠᠩᠨᠠᠭᠰᠠᠨ ᠪᠠᠶᠢᠨ᠎ᠠ᠃ | |