ᠶᠠᠰᠤ ᠭᠡᠬᠦ ᠪᠠᠷ ᠨᠢᠭᠡ ᠦᠶ᠎ᠠ ᠬᠠᠶᠠᠭᠳᠠᠮᠠᠯ ᠤᠨ ᠳᠤᠭᠠᠨ ᠳᠤ ᠤᠷᠤᠭᠠᠳ ᠶᠠᠪᠤᠵᠦ ᠪᠠᠶᠢᠭᠰᠠᠨ ᠵᠦᠢᠯ ᠭᠡᠳᠡᠭ ᠢ ᠳᠠ | ᠪᠢᠳᠡ ᠠᠨᠳᠠᠬᠤ ᠦᠭᠡᠢ᠃ ᠶᠠᠭ ᠶᠤᠰᠤᠨ ᠳᠠᠭᠠᠨ ᠶᠠᠮᠠᠷᠴᠤ ᠬᠠᠶᠠᠭᠳᠠᠮᠠᠯ ᠦᠭᠡᠢ ᠮᠠᠯᠵᠢᠬᠤ ᠦᠢᠯᠡᠳᠪᠤᠷᠢᠯᠡᠯ ᠤᠨ | ᠤᠭ ᠤᠨᠴᠠᠯᠢᠭ ᠢ ᠮᠦᠷᠳᠡᠬᠦ ᠶᠤᠮ ᠪᠤᠯ ᠶᠠᠰᠤ ᠮᠤᠩᠭᠤᠯᠴᠤᠳ ᠤᠨ ᠠᠮᠢᠳᠤᠷᠠᠯ ᠳᠤᠮᠳᠠ ᠮᠠᠰᠢ ᠴᠢᠬᠤᠯᠠ ᠦᠢᠯᠡᠳᠦᠯ | ᠭᠡᠷᠡᠭᠴᠡᠭᠡ ᠪᠠᠨ ᠪᠠᠳᠠᠷᠠᠭᠤᠯᠵᠦ ᠪᠠᠶᠢᠭᠰᠠᠨ ᠶᠤᠮᠰᠠᠨ᠃ ᠲᠠᠮᠢᠷ ᠳᠡᠩᠭᠡᠭᠡ ᠮᠠᠭᠤᠳᠠᠭᠰᠠᠨ ᠬᠦᠮᠦᠨ ᠳᠡᠭᠡᠨ ᠶᠠᠰᠤᠨ ᠤ | ᠱᠦᠯᠦ ᠤᠤᠭᠤᠯᠭᠠᠬᠤ ᠳᠤ ᠭᠠᠶᠢᠬᠠᠮᠰᠢᠭᠳᠠᠢ ᠦᠷ᠎ᠡ ᠳ᠋ᠦᠡᠭ ᠲᠠᠢ ᠪᠠᠶᠢᠳᠠᠭ ᠢ ᠰᠢᠨ᠎ᠠ ᠴᠠᠭ ᠤᠨ ᠵᠠᠯᠠᠭᠤᠴᠤᠳ ᠮᠡᠳᠡᠬᠦ | ᠦᠭᠡᠢ ᠭᠡᠬᠦ ᠠᠴᠠ ᠪᠢᠰᠢ᠂ ᠠᠬᠠᠮᠠᠳ ᠤᠳ ᠪᠤᠯ ᠰᠠᠶᠢᠨ ᠮᠡᠳᠡᠬᠦ ᠨᠢ ᠮᠡᠳᠡᠭᠡᠵᠢ᠃ ᠬᠦᠭᠰᠢᠨ ᠨᠠᠰᠤᠳᠠᠢ ᠬᠦᠮᠦᠰ ᠪᠤᠶᠤ | ᠬᠦᠯ ᠬᠦᠨᠳᠦ ᠪᠦᠰᠡᠬᠦ᠋ᠢᠴᠤᠳ᠂ ᠴᠢᠨᠠᠭᠰᠢᠯᠠᠪᠠᠯ ᠶᠠᠰᠤᠨ ᠤ ᠪᠠᠷᠳᠠᠯ ᠬᠤᠭᠤᠷᠠᠯ ᠲᠠᠢ ᠬᠦᠮᠦᠰ ᠲᠤ ᠶᠠᠰᠤᠨ ᠤ | ᠱᠦᠯᠦ ᠤᠤᠭᠤᠯᠭᠠᠪᠠᠯ ᠬᠦᠴᠦ ᠳᠠᠮᠢᠷ ᠨᠦᠬᠦᠵᠦ᠂ ᠴᠤᠭ ᠵᠤᠯᠪᠤᠭ᠎ᠠ ᠨᠢ ᠪᠠᠳᠠᠷᠠᠳᠠᠭ ᠪᠢᠯᠡ᠃ ᠮᠤᠩᠭᠤᠯ ᠠᠨᠠᠭᠠᠬᠤ | ᠤᠬᠠᠭᠠᠨ ᠳᠤ ᠴᠤ ᠶᠠᠰᠤᠨ ᠤ ᠱᠦᠯᠦ ᠶᠢᠨ ᠬᠦᠯᠭᠡ ᠲᠠᠢ ᠡᠮ ᠢ ᠤᠳᠤ ᠳᠤ ᠬᠦᠷᠳᠡᠯ᠎ᠡ ᠭᠡᠷᠡᠭᠯᠡᠭᠰᠡᠭᠡᠷ ᠪᠠᠶᠢᠭ᠎ᠠ | ᠶᠤᠮᠰᠠᠨ᠃ ᠡᠬᠦᠨ ᠠᠴᠠ ᠭᠠᠳᠠᠨ᠎ᠠ ᠶᠠᠰᠤ ᠪᠠᠷ ᠬᠢᠳᠤᠭᠠᠨ ᠤ ᠬᠤᠢ ᠬᠢᠬᠦ᠂ ᠴᠢᠳᠤᠷ ᠤᠨ ᠴᠢᠭᠳᠠ᠂ ᠶᠠᠰᠤᠨ ᠰᠠᠪᠬ᠎ᠠ | ᠬᠢᠬᠦ ᠵᠡᠷᠭᠡ ᠤᠯᠠᠨ ᠳᠠᠯ᠎ᠠ ᠳᠤ ᠠᠰᠢᠭᠯᠠᠵᠦ ᠪᠠᠶᠢᠭᠰᠠᠨ ᠪᠢᠯᠡ᠃ ᠬᠦᠳᠡᠭᠡ ᠨᠤᠲᠤᠭ ᠢᠶᠠᠷ ᠰᠤᠷᠪᠤᠯᠵᠢᠯᠠᠵᠦ | ᠶᠠᠪᠤᠬᠤ ᠳᠤ ᠨᠢᠭᠡ ᠮᠠᠯᠴᠢᠨ᠄ ︽ᠡᠨᠡ ᠶᠠᠭᠤᠨ ᠤ ᠳᠤᠰᠤ ᠪᠤᠢ︖︾ ᠭᠡᠵᠦ ᠨᠠᠳᠠ ᠠᠴᠠ ᠠᠰᠠᠭᠤᠯ᠎ᠠ᠃ ︽ᠰᠢᠷ᠎ᠠ | ᠳᠤᠰᠤ ᠪᠠᠶᠢᠨ᠎ᠠ ᠰᠢᠳᠡ︾ ᠭᠡᠬᠦ ᠳᠤ᠄ ︽ᠪᠢ ᠪᠠᠰᠠ ᠠᠨᠳᠠᠭᠤᠷᠠᠭᠠᠳ ᠪᠠᠶᠢᠳᠠᠭ ᠶᠤᠮ ᠴᠢᠨᠢ ᠳᠠ ᠠᠨᠳᠠᠭᠤᠷᠠᠬᠤ ᠨᠢ | ᠳᠦᠮᠡᠨ ᠵᠦᠪ︾ ᠭᠡᠰᠡᠨ ᠪᠢᠯᠡ᠃ ᠳᠡᠷᠡ ᠶᠠᠰᠤᠨ ᠤ ᠳᠤᠰᠤ ᠪᠠᠶᠢᠭᠰᠠᠨ ᠠᠵᠢ᠃ ᠰᠢᠷ᠎ᠠ ᠳᠤᠰᠤ ᠰᠢᠭ᠋ ᠨᠤᠯ ᠰᠢᠷ᠎ᠠ | ᠦᠡᠭᠭᠡ ᠲᠠᠢ᠃ ᠠᠮᠳᠠ ᠨᠢ ᠠᠷᠠᠢ ᠵᠢᠭᠠᠬᠠᠨ ᠤᠨᠳᠤᠤ ᠠᠴᠠ ᠪᠢᠰᠢ ᠦᠭᠡᠷ᠎ᠡ ᠶᠠᠮᠠᠷᠴᠤ ᠢᠯᠭᠠᠭ᠎ᠠ ᠦᠭᠡᠢ ᠪᠠᠶᠢᠪᠠ᠃ | ︽ᠡᠬᠦᠨ ᠢᠶᠠᠷ ᠳᠤᠰᠤᠨ ᠤᠷᠢᠶᠠᠮᠠᠭ ᠬᠢᠭᠡᠳ ᠢᠳᠡᠬᠦ ᠶᠤᠮ ᠪᠤᠯ ᠴᠢᠬᠢ ᠶᠢ ᠴᠢᠨᠢ ᠤᠭᠳᠤᠯᠤᠭᠰᠠᠨ ᠴᠤ ᠮᠡᠳᠡᠬᠦ | ᠦᠭᠡᠢ︾ ᠭᠡᠰᠡᠨ ᠮᠠᠯᠴᠢᠨ ᠤ ᠶᠠᠷᠢᠶ᠎ᠠ ᠶᠠᠰᠤᠨ ᠤ ᠳᠤᠰᠤᠨ ᠤ ᠦᠨ᠎ᠡ ᠴᠠᠨ᠎ᠠ᠂ ᠤᠬᠢ ᠰᠢᠮ᠎ᠡ ᠶᠢ ᠪᠤᠳᠤᠯ ᠳᠤ | ᠮᠦᠡᠭᠭᠡᠷᠡᠬᠦᠯᠵᠦ ᠦᠯᠡᠳᠡᠭᠡᠵᠡᠢ᠃ ᠨᠡᠶᠢᠭᠡᠮ ᠤᠨ ᠬᠦᠭᠵᠢᠯᠳᠡ᠂ ᠳᠡᠤᠬᠡ ᠶᠢᠨ ᠰᠢᠯᠳᠠᠭᠠᠨ ᠵᠢᠴᠢ ᠠᠮᠢᠳᠤᠷᠠᠯ ᠤᠨ | ᠭᠡᠷᠡᠭᠯᠡᠭᠡᠨ ᠳᠤ ᠠᠰᠢᠭᠯᠠᠬᠤ ᠦᠭᠡᠢ ᠪᠤᠯᠤᠭᠰᠠᠨ ᠵᠡᠷᠭᠡ ᠳᠠᠯ᠎ᠠ ᠳᠠᠯ᠎ᠠ ᠶᠢᠨ ᠰᠢᠯᠳᠠᠭᠠᠨ ᠢᠶᠠᠷ ᠶᠠᠰᠤ ᠪᠠᠰᠠ ᠨᠢᠭᠡ ᠦᠶ᠎ᠡ | ᠬᠠᠶᠠᠭᠳᠠᠮᠠᠯ ᠤᠨ ᠳᠤᠭᠠᠨ ᠳᠤ ᠤᠷᠤᠵᠦ᠂ ᠤᠨ ᠴᠠᠭ ᠤᠨ ᠳᠤᠮᠳᠠ ᠤᠷᠤᠰᠢᠯ ᠤᠨ ᠦᠨ᠎ᠡ ᠦᠷᠳᠡᠭ ᠢᠶᠠᠨ | ᠠᠯᠳᠠᠬᠤ ᠳᠤ ᠬᠦᠷᠴᠤ᠂ ᠪᠠᠷᠤᠭ ᠯᠡ ᠬᠠ ᠭᠤᠶ᠎ᠡ ᠶᠢᠨ ᠶᠠᠰᠤ ᠶᠢ ᠴᠤ ᠢᠯᠭᠠᠬᠤ ᠦᠭᠡᠢ ᠬᠡᠮᠵᠢᠶᠡᠨ ᠳᠤ ᠬᠦᠷᠦᠭᠰᠡᠨ | ᠶᠤᠮ᠃ ᠦᠪᠡᠷ ᠤᠨ ᠢᠶᠠᠨ ᠶᠠᠭᠤᠮ᠎ᠠ ᠶᠢ ᠦᠪᠡᠷ ᠢᠶᠠᠨ ᠢᠡᠭᠬᠢᠵᠦ ᠭᠡᠭᠡᠵᠦ ᠤᠷᠬᠢᠵᠦ ᠪᠠᠶᠢᠬᠤ ᠬᠦᠮᠦᠰ ᠪᠠᠶᠢᠨ᠎ᠠ | ᠭᠡᠬᠦ ᠳᠤ ᠳᠡᠬᠦᠨ ᠤ ᠦᠨ᠎ᠠ ᠴᠠᠨ᠎ᠠ ᠶᠢ ᠮᠡᠳᠡᠷᠡᠵᠦ᠂ ᠪᠦᠷ ᠶᠡᠭᠡ ᠪᠠᠷ ᠳᠡᠭᠡᠳᠦᠯᠡᠨ ᠠᠰᠢᠭᠯᠠᠵᠦ ᠪᠠᠶᠢᠬᠤ ᠬᠦᠮᠦᠨ ᠴᠤ | ᠪᠠᠶᠢᠳᠠᠭ ᠶᠤᠮ ᠪᠠᠶᠢᠨ᠎ᠠ᠃ ᠳᠡᠳᠡ ᠪᠤᠯ ᠴᠠᠭ ᠳᠦᠷᠦ ᠶᠢᠨ ᠬᠦᠭᠵᠢᠯᠳᠡ ᠶᠢᠨ ᠤᠨᠴᠠᠯᠢᠭ ᠢ ᠠᠳᠬᠤᠵᠦ ᠴᠢᠳᠠᠭᠰᠠᠨ | ᠬᠦᠮᠦᠰ᠃ ᠵᠠᠬ᠎ᠠ ᠳᠡᠯᠭᠡᠬᠦᠷ ᠤᠨ ᠠᠵᠤ ᠠᠬᠤᠢ ᠶᠢᠨ ᠬᠦᠭᠵᠢᠯᠳᠡ ᠶᠢᠨ ᠠᠶᠢᠵᠠᠮ ᠢ ᠳᠠᠭᠠᠭᠠᠳ ᠰᠤᠶᠤᠯ | ᠵᠤᠭᠠᠴᠠᠯ ᠢᠶᠠᠷ ᠭᠠᠵᠠᠷ ᠤᠷᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢ ᠳᠦᠯᠬᠢᠨ ᠠᠬᠢᠭᠤᠯᠬᠤ ᠳᠦᠷᠦ ᠶᠢᠨ | ᠪᠤᠳᠤᠯᠭ᠎ᠠ ᠶᠢᠨ ᠬᠦᠭ ᠠᠶᠠᠰ ᠲᠤ ᠦᠪᠡᠷ ᠤᠨ ᠢᠶᠠᠨ ᠠᠶᠠᠯᠭᠤ ᠶᠢ ᠨᠡᠮᠡᠵᠦ ᠦᠭᠴᠦ ᠴᠢᠳᠠᠭᠰᠠᠨ ᠬᠦᠮᠦᠰ ᠪᠢᠯᠡ᠃ | ᠰᠤᠶᠤᠯ ᠵᠤᠭᠠᠴᠠᠯ ᠤᠨ ᠬᠦᠭᠵᠢᠯᠳᠡ ᠲᠠᠢ ᠵᠤᠬᠢᠴᠠᠭᠤᠯᠤᠨ ᠶᠠᠰᠤᠨ ᠤᠷᠠᠯᠠᠯ ᠢ ᠬᠦᠭᠵᠢᠬᠦᠯᠦᠭᠰᠡᠨ ᠢᠶᠠᠷ ᠶᠠᠰᠤ | ᠳᠠᠬᠢᠭᠠᠳ ᠯᠡ ᠦᠪᠡᠷ ᠤᠨ ᠦᠨ᠎ᠡ ᠦᠷᠳᠡᠭ ᠢᠶᠠᠨ ᠤᠯᠤᠭᠰᠠᠨ ᠪᠤᠶᠤ ᠤᠭ ᠤᠨ ᠬᠢ ᠠᠴᠠ ᠪᠠᠨ ᠴᠤ ᠦᠨᠡᠳᠡᠢ | ᠳᠦᠪᠰᠢᠨ ᠳᠤ ᠬᠦᠷᠦᠭᠰᠡᠨ ᠳ᠋ᠡᠭ᠃ | ᠳᠠᠪᠤᠨ ᠬᠤᠰᠢᠭᠤ ᠮᠠᠯ ᠤᠨ ᠢᠶᠠᠨ ᠠᠰᠢᠭ ᠰᠢᠮ᠎ᠠ ᠶᠢ ᠳᠠᠩᠰᠤᠭᠯᠠᠨ ᠡᠳ᠋ᠯᠡᠵᠦ ᠢᠷᠡᠭᠰᠡᠨ ᠮᠤᠩᠭᠤᠯᠴᠤᠳ ᠮᠠᠯ ᠤᠨ | ᠮᠢᠬ᠎ᠠ ᠪᠠᠨ ᠡᠳ᠋ᠰᠢᠬᠦᠯᠦᠨ ᠪᠤᠯᠪᠠᠰᠤᠷᠠᠭᠤᠯᠤᠭᠠᠳ ᠠᠮᠢᠳᠤᠷᠠᠯ ᠤᠨ ᠭᠡᠷᠡᠭᠴᠡᠭᠡ ᠪᠠᠨ ᠬᠠᠨᠭ᠍ᠭᠠᠵᠦ ᠢᠷᠡᠭᠰᠡᠨ | ᠤᠯᠠᠮᠵᠢᠯᠠᠯ ᠲᠠᠢ᠃ ᠳᠡᠷᠡ ᠳᠤᠮᠳᠠ ᠶᠠᠰᠤ ᠶᠠᠭᠠᠬᠢᠯᠳᠠ ᠴᠤ ᠦᠭᠡᠢ ᠭᠠᠷᠴᠤ ᠢᠷᠡᠨ᠎ᠡ᠃ ᠳᠡᠬᠦᠨ ᠤ ᠦᠨ᠎ᠡ | ᠴᠠᠨ᠎ᠠ ᠶᠢ ᠮᠡᠳᠡᠷᠡᠵᠦ᠂ ᠨᠡᠩ ᠴᠢᠨᠠᠭᠰᠢᠯᠠᠨ ᠰᠤᠶᠤᠯ ᠤᠷᠠᠯᠢᠭ᠂ ᠰᠤᠶᠤᠯ ᠵᠤᠭᠠᠴᠠᠯ ᠲᠠᠢ ᠬᠤᠯᠪᠤᠭᠳᠠᠭᠤᠯᠤᠨ | ᠬᠦᠭᠵᠢᠬᠦᠯᠬᠦ ᠤᠷ᠎ᠠ ᠤᠬᠠᠭᠠᠨ ᠪᠠᠰᠠᠯᠠ ᠮᠠᠩᠯᠠᠢ ᠤᠬᠠᠭᠠᠨ ᠭᠡᠭᠳᠡᠭᠰᠡᠨ ᠮᠠᠯᠴᠢᠨ ᠤᠬᠠᠭᠠᠨ ᠠᠴᠠ ᠰᠠᠯᠵᠦ ᠴᠢᠳᠠᠰᠢ | ᠦᠭᠡᠢ᠃ ᠮᠠᠨᠳᠤᠬᠤ ᠭᠡᠭᠴᠢ ᠰᠦᠨᠢᠳ ᠪᠠᠷᠠᠭᠤᠨ ᠬᠤᠰᠢᠭᠤ ᠪᠠᠷ ᠨᠤᠲᠤᠭᠳᠠᠢ ᠨᠢᠭᠡᠨ ᠭᠠᠷ ᠤᠷᠠᠯᠢᠭᠴᠢᠨ ᠪᠤᠢ᠃ | ᠳᠡᠷᠡ ᠳᠡᠮᠡᠭᠡᠨ ᠤ ᠪᠤᠭᠳᠤᠰ ᠪᠤᠯᠤᠨ ᠬᠦᠵᠦᠬᠦᠨ ᠤ ᠶᠠᠰᠤ ᠪᠠᠷ ᠰᠠᠷ᠎ᠠ ᠭᠠᠷᠤᠢ ᠶᠢᠨ ᠬᠤᠭᠤᠴᠠᠭᠠᠨ ᠳᠤ ᠯᠤᠤ | ᠤᠷᠠᠯᠠᠭᠠᠳ 30 ᠳᠦᠮᠡᠨ ᠳᠦᠬᠦᠷᠢᠭ ᠢᠶᠠᠷ ᠬᠤᠳᠠᠯᠳᠤᠵᠦ ᠪᠠᠶᠢᠭᠰᠠᠨ ᠭᠡᠪᠡᠯ ᠳᠠ ᠪᠦᠬᠦᠨ ᠭᠠᠶᠢᠬᠠᠬᠤ ᠪᠠᠶᠢᠬ᠎ᠠ᠃ | ᠶᠠᠰᠤ ᠶᠢ ᠶᠠᠨᠳᠠᠰᠢ ᠦᠭᠡᠢ ᠦᠨ᠎ᠡ ᠳᠤ ᠬᠦᠷᠭᠡᠭᠰᠡᠨ ᠨᠢ ᠡᠨᠡ ᠨᠢᠭᠡ ᠯᠡ ᠪᠦᠳᠦᠭᠡᠭᠳᠡᠬᠦᠨ ᠪᠢᠰᠢ᠂ ᠦᠭᠡᠷ ᠤᠨ | ᠳᠠᠯᠤᠨ ᠳᠡᠭᠡᠷ᠎ᠡ ᠰᠡᠶᠢᠯᠪᠤᠷᠢᠯᠡᠭᠰᠡᠨ ᠶᠠᠰᠤᠨ ᠤᠷᠠᠯᠠᠯ ᠤᠨ ᠪᠦᠳᠦᠭᠡᠭᠳᠡᠬᠦᠨ ᠢᠶᠠᠨ ᠤᠯᠠᠩᠬᠢ ᠳᠠᠭᠠᠨ 1000 ᠭᠠᠷᠤᠢ | ᠳᠦᠬᠦᠷᠢᠭ ᠢᠶᠠᠷ ᠬᠤᠳᠠᠯᠳᠤᠳᠠᠭ ᠠᠵᠢ᠃ ᠮᠠᠨᠳᠤᠬᠤ ᠪᠠᠰᠠ ᠨᠢᠭᠡ ᠬᠤᠨᠢᠨ ᠤ ᠳᠤᠯᠤᠭᠠᠢ ᠠᠴᠠ ᠡᠬᠢᠯᠡᠭᠡᠳ | ᠰᠡᠬᠦᠯ ᠳᠤᠨᠢ ᠭᠦᠷᠳᠡᠯᠡᠭᠢ ᠪᠦᠬᠦ ᠶᠠᠰᠤ ᠪᠠᠷ ᠭᠠᠷ ᠤᠷᠠᠯᠠᠯ ᠤᠨ ᠪᠦᠳᠦᠭᠡᠭᠳᠡᠬᠦᠨ ᠤᠷᠠᠯᠠᠭᠠᠳ 6000 | ᠳᠦᠬᠦᠷᠢᠭ ᠢᠶᠠᠷ ᠬᠤᠳᠠᠯᠳᠤᠵᠦ ᠪᠠᠶᠢᠭᠰᠠᠨ ᠳᠡᠤᠬᠡ ᠲᠠᠢ ᠠᠵᠢ᠃ ᠡᠨᠡ ᠪᠦᠳᠦᠭᠡᠭᠳᠡᠬᠦᠨ ᠢ ᠬᠢᠬᠦ ᠳᠤ ᠮᠠᠨᠳᠤᠬᠤ | ᠬᠤᠶᠠᠷ ᠵᠢᠯ ᠭᠠᠷᠤᠢ ᠶᠢᠨ ᠴᠠᠭ ᠬᠡᠷᠡᠭᠰᠡᠭᠰᠡᠨ ᠭᠡᠳᠡᠭ᠃ ᠪᠦᠬᠦ ᠶᠠᠰᠤ ᠶᠢ ᠴᠤᠭᠯᠠᠭᠤᠯᠬᠤ ᠭᠡᠳᠡᠭ ᠴᠠᠭ ᠤᠷᠤᠬᠤ | ᠠᠵᠢᠯ᠃ ᠭᠡᠬᠦ ᠳᠡᠭᠡᠨ ᠮᠠᠨᠳᠤᠬᠤ ᠶᠠᠭᠤ ᠭᠡᠵᠦ ᠵᠠᠪᠠᠯ ᠮᠠᠯ ᠤᠨ ᠪᠦᠬᠦᠯᠢ ᠪᠦᠳᠦᠨ ᠶᠠᠰᠤ ᠶᠢ ᠤᠷᠠᠯᠠᠬᠤ ᠭᠡᠰᠡᠨ ᠶᠤᠮ | ᠪᠤᠢ ᠭᠡᠪᠡᠯ ᠪᠠᠰᠠᠯᠠ ᠨᠦᠬᠦᠭᠡ ᠰᠤᠶᠤᠯ ᠳᠡᠤᠬᠡ ᠪᠠᠨ ᠪᠦᠷᠢᠨ ᠪᠦᠳᠦᠨ ᠢᠶᠠᠷ ᠨᠢ ᠠᠪᠴᠤ ᠦᠯᠡᠳᠡᠬᠦ ᠭᠡᠰᠡᠨ | ᠵᠤᠷᠢᠯᠳᠠ ᠶᠢᠨ ᠢᠶᠠᠨ ᠳᠦᠯᠦᠭᠡ ᠪᠠᠶᠢᠯ᠎ᠠ᠃ ᠮᠠᠯ ᠤᠨ ᠶᠠᠰᠤ ᠪᠠᠨ ᠴᠤ ᠪᠦᠷᠢᠨ ᠪᠦᠳᠦᠨ ᠨᠡᠷᠡᠯᠡᠵᠦ ᠴᠢᠳᠠᠬᠤ ᠦᠭᠡᠢ | ᠪᠤᠯᠤᠭᠰᠠᠨ ᠨᠢ ᠶᠠᠰᠤ ᠬᠠᠶᠠᠭᠳᠠᠮᠠᠯ ᠤᠨ ᠳᠤᠭᠠᠨ ᠳᠤ ᠤᠷᠤᠬᠤ ᠶᠢ ᠳᠠᠭᠠᠯᠳᠤᠭᠠᠳ ᠭᠠᠷᠴᠤ ᠢᠷᠡᠭᠰᠡᠨ ᠨᠡᠩ ᠳᠤᠮᠤ | ᠠᠶᠤᠮᠰᠢᠭ ᠪᠢᠯᠡ᠃ ᠶᠠᠰᠤᠨ ᠤᠷᠠᠯᠠᠯ ᠬᠢᠬᠦ ᠶᠢᠨ ᠯᠡ ᠳᠦᠯᠦᠭᠡ ᠪᠢᠰᠢ᠂ ᠶᠠᠰᠤ ᠲᠠᠢ ᠬᠤᠯᠪᠤᠭ᠎ᠠ ᠲᠠᠢ ᠰᠤᠶᠤᠯ | ᠳᠡᠤᠬᠡ᠂ ᠵᠠᠩ ᠵᠠᠩᠰᠢᠯ᠂ ᠴᠡᠭᠡᠷ ᠶᠤᠰᠤᠨ ᠢ ᠤᠯᠠᠮᠵᠢᠯᠠᠬᠤ ᠯᠡ ᠭᠡᠵᠦ ᠴᠢᠷᠮᠠᠶᠢᠭᠰᠠᠭᠠᠷ ᠯᠡ ᠪᠠᠶᠢᠬᠤ ᠨᠢ ᠪᠠᠰᠠ ᠨᠢᠭᠡ | ᠳᠠᠯ᠎ᠠ ᠶᠢᠨ ᠦᠨ᠎ᠠ ᠴᠠᠨ᠎ᠠ ᠪᠢᠯᠡ᠃ ᠬᠤᠨᠢᠨ ᠤ ᠪᠦᠬᠦ᠋ᠢᠯᠡ ᠶᠠᠰᠤ ᠶᠢ ᠤᠷᠠᠯᠠᠬᠤ ᠭᠡᠰᠡᠨ ᠳᠡᠭᠡᠨ ᠬᠦᠷᠴᠦ ᠳᠡᠷᠡᠪᠡᠷ | ᠰᠡᠬᠦᠯ ᠤᠨ ᠦᠶ᠎ᠡ ᠶᠢᠨ ᠶᠠᠰᠤᠨ ᠳᠤ ᠬᠦᠷᠳᠡᠯ᠎ᠡ ᠭᠤᠴᠤ ᠤᠷᠠᠯᠠᠭᠰᠠᠨ ᠪᠠᠶᠢᠪᠠ᠃ ᠳᠡᠬᠦᠨ ᠤ ᠶᠠᠰᠤᠨ ᠤᠷᠠᠯᠠᠯ ᠤᠨ | ᠪᠤᠰᠤᠳ ᠠᠴᠠ ᠢᠯᠭᠠᠭᠳᠠᠬᠤ ᠨᠢᠭᠡᠨ ᠤᠨᠴᠠᠯᠢᠭ ᠭᠡᠪᠡᠯ ᠶᠠᠰᠤᠨ ᠤ ᠤᠭ ᠳᠦᠷᠰᠦ ᠬᠡᠯᠪᠡᠷᠢ ᠶᠢ ᠬᠤᠪᠢᠷᠠᠭᠠᠬᠤ ᠦᠭᠡᠢ | ᠰᠠᠭᠤᠷᠢᠨ ᠳᠡᠭᠡᠷ᠎ᠡ ᠤᠷᠠᠯᠠᠳᠠᠭ ᠠᠵᠢ᠃ ᠡᠨᠡ ᠨᠢ ᠶᠠᠰᠤᠨ ᠤ ᠤᠤᠭᠠᠯ ᠳᠦᠯᠦᠪ ᠢ ᠠᠯᠳᠠᠭᠳᠠᠭᠤᠯᠬᠤ ᠦᠭᠡᠢ ᠬᠡᠰᠡᠨ | ᠪᠠᠷᠢᠮᠳᠠᠯᠠᠯ ᠶᠤᠮ᠃ ᠮᠠᠨᠳᠤᠬᠤ ᠠᠷᠪᠠᠭᠠᠳ ᠵᠢᠯ ᠬᠠᠳᠠᠭᠠᠯᠠᠭᠰᠠᠨ ᠠᠷᠬᠢᠯ ᠠᠳᠠᠨ ᠳᠡᠮᠡᠭᠡᠨ ᠤ ᠳᠠᠯᠤᠨ ᠤ ᠳᠡᠭᠰᠢ ᠳᠠᠯ᠎ᠠ | ᠳᠡᠭᠡᠷ᠎ᠡ ᠨᠢ ᠳᠠᠯᠠᠨ ᠤᠷᠤᠯᠳᠤᠭᠠᠨ ᠮᠤᠷᠢ ᠰᠡᠶᠢᠯᠪᠤᠷᠢᠯᠡᠭᠰᠡᠨ ᠪᠠᠶᠢᠳᠠᠭ᠃ ᠳᠠᠯᠤᠨ ᠤ ᠨᠢᠭᠡᠯᠡ ᠳᠠᠯ᠎ᠠ ᠳᠡᠭᠡᠷ᠎ᠡ ᠳᠠᠯᠠᠨ | ᠤᠷᠤᠯᠳᠤᠭᠠᠨ ᠮᠤᠷᠢ ᠶᠢ ᠪᠠᠭᠳᠠᠭᠠᠵᠦ ᠵᠢᠷᠤᠬᠤ ᠭᠡᠳᠡᠭ ᠶᠡᠭᠡ ᠤᠬᠠᠭᠠᠨ ᠶᠤᠮᠰᠠᠨ᠃ ᠡᠨᠡᠭᠡᠨ ᠬᠤᠷᠤᠮ ᠳᠤ ︽ | ᠬᠤᠷᠤᠭᠤ ᠳᠠᠷᠤᠮ᠎ᠠ ᠵᠠᠢ ᠳᠤ ᠮᠢᠩᠭᠠᠨ ᠵᠠᠭᠠᠨ︾ ᠭᠡᠬᠦ ᠨᠡᠷᠡᠳᠦ ᠵᠤᠬᠢᠶᠠᠯ ᠤᠨ ᠮᠦᠷ ᠤᠳ ᠨᠢᠳᠦᠨ ᠳᠤ ᠳᠤᠳᠤᠷᠠᠵᠦ᠂ | ᠳᠡᠷᠡ ᠠᠭᠤᠤ ᠰᠡᠳᠬᠢᠮᠵᠢ ᠡᠨᠡ ᠳᠠᠯᠤᠨ ᠶᠠᠰᠤᠨ ᠤ ᠰᠡᠶᠢᠯᠦᠮᠡᠯ ᠳᠤ ᠠᠳᠠᠯᠢᠬᠠᠨ ᠶᠠᠪᠤᠵᠦ ᠪᠠᠶᠢᠬᠤ ᠶᠢ ᠮᠡᠳᠡᠷᠡᠪᠡ᠃ | ᠳᠡᠭᠡᠬᠦ ᠮᠦᠷᠳᠡᠭᠡᠨ ᠪᠦᠬᠦᠳᠡ ᠨᠢᠭᠡᠯᠡ ᠬᠡᠯᠪᠡᠷᠢ ᠶᠢᠨ ᠵᠢᠷᠤᠭ ᠪᠢᠰᠢ᠂ ᠳᠡᠪᠡᠯ ᠭᠤᠳᠤᠯ ᠲᠠᠢ ᠤᠨᠤᠭᠠᠴᠢᠨ ᠬᠡᠤᠬᠡᠳ | ᠤᠷᠤᠯᠳᠤᠭᠠᠨ ᠮᠤᠷᠢ ᠤᠨᠤᠭᠠᠳ ᠳᠠᠪᠬᠢᠵᠦ ᠪᠠᠶᠢᠬᠤ ᠪᠠᠷ ᠵᠢᠷᠤᠭᠰᠠᠨ ᠪᠦᠭᠡᠳ ᠤᠷᠤᠯᠳᠤᠭᠠᠨ ᠮᠤᠷᠢᠨ ᠤ ᠳᠠᠪᠬᠢᠳᠠᠭ᠂ | ᠡᠪᠭᠡᠷᠡᠳᠡᠭ᠂ ᠰᠤᠨᠤᠳᠠᠭ᠂ ᠬᠠᠷᠠᠶᠢᠳᠠᠭ᠂ ᠬᠠᠳᠠᠷᠢᠳᠠᠭ ᠁ ᠤᠯᠠᠨ ᠳᠦᠷᠰᠦ ᠪᠠᠶᠢᠳᠠᠯ ᠢ ᠬᠠᠷᠠᠭᠤᠯᠬᠤ ᠶᠢ | ᠬᠢᠴᠢᠶᠡᠵᠡᠢ᠃ ᠡᠨᠡ ᠬᠡᠴᠢᠨᠡᠨ ᠨᠠᠷᠢᠨ ᠰᠢᠷᠢᠨ ᠬᠦᠳᠡᠯᠮᠦᠷᠢ ᠠᠵᠢ᠃ ᠳᠡᠷᠡᠪᠡᠷ ᠡᠨᠡᠬᠦ ᠪᠦᠳᠦᠭᠡᠯ ᠢᠶᠠᠨ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠳᠠᠯᠠᠨ ᠵᠢᠯ ᠤᠨ ᠤᠢ ᠳᠤ ᠵᠤᠷᠢᠭᠤᠯᠵᠦ | ᠪᠠᠯᠡᠳᠭᠡᠭᠰᠡᠨ ᠪᠦᠭᠡᠳ ᠳᠠᠯᠤᠨ ᠤ ᠳᠡᠭᠡᠷᠡᠬᠢ ᠬᠦᠳᠦᠬᠦᠷ ᠢ ᠤᠪᠤᠭ᠎ᠠ ᠪᠤᠯᠭᠠᠨ ᠤᠷᠠᠯᠠᠵᠦ᠂ ᠰᠠᠩ ᠤᠨ ᠤᠳᠤᠭ᠎ᠠ | ᠤᠭᠤᠬᠢᠭᠤᠯᠵᠦ ᠪᠠᠶᠢᠬᠤ ᠪᠠᠷ ᠵᠢᠷᠤᠵᠠᠢ᠃ ᠳᠠᠯᠤᠨ ᠤ ᠬᠦᠵᠦᠬᠦᠨ ᠳᠡᠭᠡᠷ᠎ᠡ ᠳᠡᠭᠡᠳᠦ ᠳᠦᠷᠪᠡ ᠶᠢᠨ ᠪᠦᠭᠡ | ᠪᠠᠷᠢᠯᠳᠤᠵᠦ ᠪᠠᠶᠢᠬᠤ ᠵᠢᠷᠤᠭ ᠲᠠᠢ᠂ ᠳᠠᠯᠤᠨ ᠤ ᠳᠤᠭᠤᠭᠠᠨ ᠳᠤᠳᠤᠷ᠎ᠠ ᠨᠢ ᠨᠤᠮᠤ ᠰᠤᠮᠤ ᠬᠠᠷᠪᠤᠵᠦ ᠪᠠᠶᠢᠬᠤ | ᠵᠢᠷᠤᠭ ᠲᠠᠢ᠃ ᠮᠤᠩᠭᠤᠯᠴᠤᠳ ᠤᠨ ᠤᠯᠠᠮᠵᠢᠯᠠᠯᠳᠦ ᠤᠪᠤᠭᠠᠨ ᠳᠠᠬᠢᠯᠭ᠎ᠠ᠂ ᠡᠷ᠎ᠡ ᠶᠢᠨ ᠭᠤᠷᠪᠠᠨ ᠨᠠᠭᠠᠳᠤᠮ | ᠭᠠᠭᠴᠠᠬᠠᠨ ᠳᠠᠯᠤᠨ ᠳᠡᠭᠡᠷ᠎ᠡ ᠢᠡᠭᠬᠢᠵᠦ ᠤᠷᠠᠯᠢᠭ ᠤᠨ ᠠᠮᠢ ᠨᠠᠰᠤ ᠪᠠᠨ ᠤᠯᠵᠠᠢ᠃ ᠳᠠᠯᠤᠨ ᠤ ᠠᠮᠤᠰᠤᠨ ︵ᠠᠷᠤ | ᠳᠠᠯ᠎ᠠ︶ ᠳᠤ ᠬᠡᠶᠢᠮᠦᠷᠢ ᠳᠠᠯᠠᠯᠤᠭᠰᠠᠨ 70 ᠵᠢᠯ ᠭᠡᠬᠦ ᠪᠤᠰᠤᠭ᠎ᠠ ᠦᠰᠦᠭ ᠤᠨ ᠳᠤᠤᠭᠤᠷ ᠰᠠᠩ ᠤᠨ ᠤᠳᠤᠭ᠎ᠠ | ᠰᠤᠭᠤᠨᠠᠭᠯᠠᠨ᠂ ᠡᠬᠦᠯᠨ ᠪᠤᠯᠤᠨ ᠡᠪᠭᠡᠷᠡᠯᠳᠦᠭᠡᠳ᠂ ᠡᠬᠦᠯᠡᠨ ᠳᠤᠯᠤᠭᠠᠢ ᠳᠤ ᠰᠠᠮᠪᠠᠢ ᠬᠠᠳᠠᠭ ᠳᠡᠯᠭᠡᠵᠦ ᠪᠠᠷᠢᠭᠰᠠᠨ | ᠵᠢᠷᠤᠭ ᠲᠠᠢ᠃ ᠠᠯᠳᠠᠨ ᠨᠠᠷᠠ ᠠᠭᠠᠷ ᠳᠡᠭᠷᠢ ᠳᠡᠭᠡᠨ ᠬᠡᠷᠡᠯᠳᠦᠵᠦ᠂ ᠬᠦᠪᠤᠡᠭ ᠴᠠᠭᠠᠨ ᠡᠬᠦᠯᠡ ᠨᠢ ᠬᠦᠪᠪᠦᠭᠡᠳ᠂ | ᠬᠦᠳᠡᠭᠡ ᠳᠠᠯ᠎ᠠ ᠳᠠᠭᠠᠨ ᠠᠳᠤᠭᠤ ᠮᠠᠯ ᠨᠢ ᠪᠡᠯᠴᠢᠭᠰᠡᠨ᠂ ᠳᠠᠨᠠᠨ ᠴᠠᠭᠠᠨ ᠮᠤᠩᠭᠤᠯ ᠭᠡᠷ᠂ ᠠᠷᠠᠯᠳᠦ ᠳᠡᠷᠭᠡ᠂ ᠠᠷᠤᠭ | ᠰᠠᠪᠠᠷ ᠁ ᠭᠠᠭᠴᠠᠬᠠᠨ ᠳᠠᠯᠤᠨ ᠳᠡᠭᠡᠷ᠎ᠡ ᠮᠤᠩᠭᠤᠯ ᠠᠮᠢᠳᠤᠷᠠᠯ ᠤᠨ ᠪᠦᠬᠦ᠋ᠢᠯᠡ ᠵᠢᠷᠤᠭ ᠰᠡᠶᠢᠯᠦᠭᠡᠰᠦᠳᠠᠢ᠃ | ᠪᠠᠰᠠ ᠦᠨᠳᠦᠷ ᠳᠠᠷᠤᠯᠳᠠᠳᠤ ᠴᠠᠬᠢᠯᠭᠠᠨ᠂ ᠦᠷᠭᠡᠨ ᠵᠠᠮ᠂ ᠮᠠᠰᠢᠨ ᠮᠧᠬᠠᠨᠢᠭ᠂ ᠨᠢᠰᠭᠡᠯ ᠳᠤ ᠬᠦᠷᠳᠡᠯ᠎ᠡ ᠵᠢᠷᠤᠭᠯᠠᠨ | ᠪᠦᠳᠦᠭᠡᠭᠰᠡᠨ ᠢᠶᠠᠷ ᠢᠶᠠᠨ ᠰᠢᠨ᠎ᠡ ᠬᠦᠳᠡᠭᠡ ᠳᠤᠰᠬᠤᠨ ᠤ ᠦᠡᠭᠭᠡ ᠳᠦᠷᠬᠦ ᠠᠳᠡ ᠳᠤᠳᠤᠷᠬᠠᠢ ᠬᠠᠷᠠᠭᠳᠠᠨ᠎ᠠ ᠠᠵᠢ᠃ | ᠭᠠᠭᠴᠠᠬᠠᠨ ᠳᠠᠯᠤᠨ ᠳᠡᠭᠡᠷ᠎ᠡ ᠳᠠᠯᠠᠨ ᠵᠢᠯ ᠤᠨ ᠳᠡᠤᠬᠡ ᠪᠢᠴᠢᠭᠯᠡᠭᠳᠡᠭᠰᠡᠨ ᠪᠠᠶᠢᠨ᠎ᠠ ᠭᠡᠳᠡᠭ ᠠᠭᠤᠤ ᠳᠤᠮᠤ ᠪᠠᠭᠳᠠᠭᠠᠮᠵᠢ | ᠂ ᠠᠳᠠᠪᠠᠰᠢ ᠭᠠᠶᠢᠬᠠᠮᠰᠢᠭᠳᠤ ᠤᠬᠠᠭᠠᠨ ᠪᠠᠶᠢᠯᠬᠦᠢ ᠶᠠᠭᠠᠬᠢᠬᠤᠪ᠃ ᠳᠡᠷᠡ ᠳᠠᠯᠤᠨ ᠤᠷᠠᠯᠠᠯ ᠢᠶᠠᠷ ᠢᠶᠠᠨ ᠳᠠᠯᠠᠨ | ᠵᠢᠯ ᠤᠨ ᠬᠦᠭᠵᠢᠯᠳᠡ ᠬᠤᠪᠢᠷᠠᠯᠳᠠ᠂ ᠤᠨᠴᠠᠭᠠᠢᠢᠯᠠᠨ ᠦᠭᠡᠷᠡᠴᠢᠯᠡᠯᠳᠡ ᠨᠡᠭᠡᠭᠡᠯᠳᠡ ᠶᠢᠨ ᠦᠡᠭᠭᠡ ᠬᠢᠯᠪᠠᠭ᠎ᠠ ᠶᠢ | ᠬᠠᠷᠠᠭᠤᠯᠵᠦ ᠴᠢᠳᠠᠭᠰᠠᠨ ᠢᠶᠠᠷ ᠢᠶᠠᠨ ᠦᠵᠡᠭᠰᠡᠨ ᠪᠦᠬᠦᠳᠡ ᠶᠢ ᠭᠠᠶᠢᠬᠠᠰᠢᠷᠠᠭᠤᠯᠵᠦ ᠴᠢᠳᠠᠭᠰᠠᠨ ᠪᠠᠶᠢᠳᠠᠭ ᠪᠢᠯᠡ᠃ | ᠳᠡᠬᠦᠨ ᠤ ᠡᠨᠡᠬᠦ ︽ᠬᠡᠶᠢᠮᠦᠷᠢ ᠳᠠᠯᠠᠯᠤᠭᠰᠠᠨ 70 ᠵᠢᠯ︾ ᠭᠡᠬᠦ ᠪᠦᠳᠦᠭᠡᠯ 10 ᠳᠦᠮᠡᠨ ᠳᠦᠬᠦᠷᠢᠭ ᠤᠨ ᠦᠨᠳᠦᠷ | ᠦᠨ᠎ᠡ ᠳᠤ ᠬᠦᠷᠴᠠᠢ᠃ ᠴᠠᠭ ᠦᠶ᠎ᠡ ᠶᠢᠨ ᠳᠡᠤᠬᠡ ᠱᠠᠰᠳᠢᠷ ᠢ ᠭᠠᠶᠢᠬᠠᠯᠳᠠᠢ ᠳᠡᠮᠳᠡᠭᠯᠡᠭᠰᠡᠨ ᠡᠨᠡ ᠳᠤᠮᠤ ᠤᠬᠠᠭᠠᠨ | ᠦᠭᠡᠷ᠎ᠡ ᠶᠠᠮᠠᠷ ᠨᠢᠭᠡᠨ ᠳᠤᠮᠤ ᠮᠡᠷᠭᠡᠵᠢᠯᠳᠡᠨ ᠤ ᠬᠢ ᠪᠢᠰᠢ᠂ ᠬᠠᠷᠢᠨ ᠮᠠᠯᠴᠢᠨ ᠤ ᠦᠷ᠎ᠠ ᠬᠤᠶᠢᠴᠢ ᠶᠢᠨ ᠰᠤᠤ | ᠤᠬᠠᠭᠠᠨ ᠪᠠᠶᠢᠯ᠎ᠠ᠃ ᠮᠠᠨᠳᠤᠬᠤ 2011 ᠤᠨ ᠳᠤ ᠰᠦᠨᠢᠳ ᠶᠠᠰᠤᠨ ᠤᠷᠠᠯᠠᠯ ᠤᠨ ᠬᠤᠷᠰᠢᠶᠠᠵᠢᠯ ᠢ ᠪᠠᠶᠢᠭᠤᠯᠵᠦ᠂ | ᠤᠷᠢᠳ ᠬᠤᠵᠢᠳ ᠳᠠᠪᠢᠭᠠᠳ ᠶᠠᠰᠤᠨ ᠤᠷᠠᠯᠠᠯ ᠳᠤ ᠳᠤᠷ᠎ᠠ ᠪᠠᠭ᠋ᠠᠳᠠᠢ ᠬᠦᠮᠦᠰ ᠲᠤ ᠪᠤᠯᠪᠠᠰᠤᠷᠠᠯ ᠬᠦᠷᠳᠡᠭᠡᠭᠰᠡᠨ | ᠪᠦᠭᠡᠳ 2013 ᠤᠨ ᠠᠴᠠ ᠡᠬᠢᠯᠡᠨ ᠬᠤᠰᠢᠭᠤᠨ ᠤ ᠪᠠᠨ ᠮᠤᠩᠭᠤᠯ ᠳᠤᠮᠳᠠᠳᠤ ᠰᠤᠷᠭᠠᠭᠤᠯᠢ ᠶᠢᠨ | ᠰᠤᠷᠤᠭᠴᠢᠳ ᠲᠤ ᠶᠠᠰᠤᠨ ᠤᠷᠠᠯᠠᠯ ᠤᠨ ᠬᠢᠴᠢᠶᠡᠯ ᠵᠢᠭᠠᠬᠤ ᠪᠤᠯᠵᠠᠢ᠃ ᠡᠨᠡ ᠪᠤᠯ ᠳᠡᠬᠦᠨ ᠤ ᠶᠠᠰᠤᠨ ᠤᠷᠠᠯᠠᠯ ᠤᠨ | ᠰᠤᠶᠤᠯ ᠢ ᠬᠤᠶᠢᠴᠢ ᠦᠶ᠎ᠠ ᠶᠢᠨ ᠬᠢᠨ ᠳᠡᠭᠡᠨ ᠤᠯᠠᠮᠵᠢᠯᠠᠬᠤ ᠭᠡᠰᠡᠨ ᠰᠠᠨᠠᠭ᠎ᠠ᠂ ᠮᠦᠨᠴᠦ ᠠᠶᠢᠮᠠᠭ ᠤᠨ ᠳᠡᠰ ᠤᠨ | ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠶᠢᠨ ᠡᠬᠦᠷᠭᠡ ᠬᠠᠷᠢᠭᠤᠴᠠᠯᠭ᠎ᠠ ᠨᠢ ᠪᠢᠯᠡ᠃ | ᠰᠢᠯᠢ ᠶᠢᠨ ᠭᠤᠤᠯ ᠨᠤᠲᠤᠭ ᠲᠤ ᠮᠠᠨᠳᠤᠬᠤ ᠠᠴᠠ ᠦᠭᠡᠷ᠎ᠡ ᠶᠠᠰᠤᠨ ᠤᠷᠠᠯᠠᠯ ᠤᠨ ᠦᠢᠯᠡᠰ ᠤᠨ ᠵᠠᠮ ᠢᠶᠠᠷ ᠵᠠᠮᠨᠠᠵᠦ | ᠶᠠᠪᠤᠭ᠎ᠠ ᠬᠦᠮᠦᠰ ᠴᠤ ᠤᠯᠠᠨ ᠪᠤᠢ᠃ ᠬᠦᠪᠡᠭᠡᠳᠦ ᠰᠢᠷ᠎ᠠ ᠬᠤᠰᠢᠭᠤᠨ ᠤ ᠤᠶᠦᠨᠪᠢᠯᠢᠭ᠂ ᠠᠪᠠᠭ᠎ᠠ ᠬᠤᠰᠢᠭᠤᠨ ᠤ | ᠡᠷᠳᠡᠨᠢᠪᠠᠭᠠᠳᠤᠷ᠂ ᠰᠦᠨᠢᠳ ᠵᠡᠬᠦᠨ ᠬᠤᠰᠢᠭᠤᠨ ᠤ ᠳᠤᠷᠠᠰᠬᠠᠯᠳᠦ ᠵᠡᠷᠭᠡ ᠵᠠᠯᠠᠭᠤ ᠤᠷᠠᠨ ᠪᠦᠳᠦᠭᠡᠯᠴᠢᠳ ᠴᠤ | ᠶᠠᠰᠤᠨ ᠤᠷᠠᠯᠠᠯ ᠤᠨ ᠴᠠᠷᠠᠭᠠᠨ ᠳᠤ ᠨᠢᠭᠡ ᠶᠤᠰᠤᠨ ᠤ ᠪᠠᠶᠢᠷᠢ ᠰᠠᠭᠤᠷᠢ ᠪᠠᠨ ᠤᠯᠵᠦ ᠶᠠᠪᠤᠭ᠎ᠠ ᠬᠦᠮᠦᠰ ᠪᠢᠯᠡ᠃ | ᠵᠠᠯᠠᠭᠤ ᠶᠠᠰᠤᠨ ᠰᠠᠶᠢᠯᠦᠮᠡᠯᠴᠢᠨ ᠤᠶᠦᠨᠪᠢᠯᠢᠭ ᠠᠷᠪᠠᠭᠠᠳ ᠳᠡᠮᠡᠭᠡᠨ ᠤ ᠴᠢᠮᠦᠭᠡᠨ ᠶᠠᠰᠤ ᠪᠠᠷ ᠴᠤᠯ ᠶᠠᠰᠤᠨ ᠡᠮᠡᠭᠡᠯ | ᠬᠢᠭᠰᠡᠨ ᠨᠢ ᠠᠷᠪᠠᠨ ᠳᠦᠮᠡᠨ ᠳᠦᠬᠦᠷᠢᠭ ᠤᠨ ᠶᠡᠭᠡ ᠦᠨ᠎ᠡ ᠳᠤ ᠬᠦᠷᠴᠦ ᠪᠢᠯᠡ᠃ ᠳᠡᠮᠡᠭᠡ ᠬᠤᠪᠤᠷᠳᠠᠭᠰᠠᠨ ᠴᠠᠬᠠᠷ | ᠨᠤᠲᠤᠭ ᠲᠤ ᠠᠷᠪᠠᠭᠠᠳ ᠳᠡᠮᠡᠭᠡᠨ ᠤ ᠴᠢᠮᠦᠭᠡᠨ ᠤ ᠶᠠᠰᠤ ᠶᠢ ᠴᠤᠭᠯᠠᠭᠤᠯᠬᠤ ᠭᠡᠳᠡᠭ ᠴᠤ ᠪᠠᠰᠠ ᠨᠢᠭᠡ ᠶᠤᠰᠤᠨ ᠤ | ᠶᠡᠭᠡ ᠬᠦᠳᠡᠯᠮᠦᠷᠢ ᠪᠠᠶᠢᠭᠰᠠᠨ ᠶᠤᠮᠰᠠᠨ᠃ ᠳᠠᠬᠢᠪᠠᠯ ᠶᠠᠰᠤᠨ ᠤᠷᠠᠯᠠᠯ ᠭᠡᠳᠡᠭ ᠦᠭᠡᠷ᠎ᠡ ᠨᠢᠭᠡ ᠳᠦᠷᠦᠯ ᠤᠨ ᠭᠠᠷ | ᠤᠷᠠᠯᠠᠯ ᠲᠠᠢ ᠳᠠᠭᠠᠷᠠᠬᠤ ᠦᠭᠡᠢ ᠨᠢᠭᠡ ᠤᠨᠴᠠᠯᠢᠭ ᠪᠠᠶᠢᠳᠠᠭ ᠨᠢ ᠤᠭ ᠮᠠᠲ᠋ᠧᠷᠢᠶᠡᠯ ᠤᠨ ᠳᠦᠷᠰᠦ ᠪᠠᠶᠢᠳᠠᠯ ᠢ | ᠬᠤᠪᠢᠷᠠᠭᠤᠯᠬᠤ ᠶᠢᠨ ᠪᠤᠯᠤᠯᠴᠠᠭ᠎ᠠ ᠦᠭᠡᠢ ᠪᠠᠶᠢᠵᠦ᠂ ᠵᠦᠪᠭᠡᠨ ᠳᠡᠬᠦᠨ ᠤ ᠤᠨᠴᠠᠯᠢᠭ ᠲᠤᠨᠢ ᠳᠤᠬᠢᠷᠠᠭᠤᠯᠤᠨ | ᠠᠵᠢᠯᠯᠠᠬᠤ ᠭᠡᠷᠡᠭᠳᠡᠢ ᠪᠠᠶᠢᠳᠠᠭ᠃ ᠳᠡᠭᠡᠬᠦ ᠮᠦᠷᠳᠡᠭᠡᠨ ᠠᠪ ᠠᠳᠠᠯᠢᠬᠠᠨ ᠵᠢᠰᠦ ᠲᠠᠢ ᠬᠦᠮᠦᠨ ᠪᠠᠶᠢᠳᠠᠭ ᠦᠭᠡᠢ ᠰᠢᠭ | ᠠᠪ ᠠᠳᠠᠯᠢᠬᠠᠨ ᠬᠡᠯᠪᠡᠷᠢ ᠳᠦᠷᠰᠦ ᠲᠠᠢ ᠶᠠᠰᠤ ᠴᠤ ᠪᠠᠶᠢᠳᠠᠭ ᠦᠭᠡᠢ ᠨᠢ ᠨᠢᠭᠡ ᠶᠤᠰᠤᠨ ᠤ ᠬᠦᠴᠢᠷᠳᠡᠯ ᠶᠤᠮᠰᠠᠨ᠃ | ᠵᠦᠪᠭᠡᠨ ᠱᠠᠭ᠎ᠠ ᠪᠠᠷ ᠠᠪᠴᠤ ᠵᠢᠱᠢᠶᠡᠯᠡᠬᠦ ᠳᠤ ᠴᠤ ᠠᠪ ᠠᠳᠠᠯᠢᠬᠠᠨ ᠬᠤᠶᠠᠷ ᠱᠠᠭ᠎ᠠ ᠤᠯᠳᠠᠳᠠᠭ ᠦᠭᠡᠢ ᠶᠢ ᠱᠠᠭ᠎ᠠ | ᠳᠤᠭᠯᠠᠭᠠᠮ ᠨᠠᠭᠠᠳᠴᠤ ᠦᠰᠦᠭᠰᠡᠨ ᠮᠤᠩᠭᠤᠯ ᠬᠦᠮᠦᠰ ᠪᠦᠷ ᠮᠡᠳᠡᠬᠦ ᠯᠡ ᠶᠤᠰᠤᠳᠠᠢ᠃ ᠳᠡᠶᠢᠮᠦ ᠪᠤᠯᠬᠤᠷ ᠠᠷᠪᠠᠭᠠᠳ | ᠳᠡᠮᠡᠭᠡᠨ ᠤ ᠴᠢᠮᠦᠭᠡᠨ ᠶᠠᠰᠤᠨ ᠳᠤ ᠠᠳᠠᠯᠢᠬᠠᠨ ᠶᠠᠰᠤ ᠨᠢᠭᠡᠴᠦ ᠪᠠᠶᠢᠭ᠎ᠠ ᠦᠭᠡᠢ ᠨᠢ ᠤᠶᠦᠨᠪᠢᠯᠢᠭ ᠲᠤ ᠨᠢᠭᠡ | ᠶᠤᠰᠤᠨ ᠤ ᠬᠦᠴᠢᠷᠳᠡᠯ ᠪᠤᠯᠵᠦ ᠪᠠᠶᠢᠪᠠ᠃ ᠭᠡᠬᠦ ᠳᠡᠭᠡᠨ ᠶᠠᠭᠤ ᠨᠢᠭᠡ ᠶᠢ ᠬᠢᠵᠦ ᠪᠦᠳᠦᠭᠡᠶ᠎ᠡ ᠭᠡᠳᠡᠭ ᠪᠤᠳᠤᠯ | ᠤᠷᠭᠤᠭᠰᠠᠨ ᠴᠠᠭ ᠠᠴᠠ ᠪᠦᠬᠦ ᠶᠠᠭᠤᠮ᠎ᠠ ᠠᠶᠠᠨᠳᠠᠭᠠᠨ ᠪᠦᠷᠢᠯᠳᠦᠨ ᠳᠤᠭᠳᠠᠳᠠᠭ ᠨᠢ ᠵᠢᠮ᠎ᠠ ᠪᠢᠯᠡ᠃ ᠬᠤᠶᠠᠷ ᠵᠢᠯ | ᠭᠠᠷᠤᠢ ᠶᠢᠨ ᠴᠠᠭ ᠬᠤᠭᠤᠴᠠᠭ᠎ᠠ ᠳᠡᠬᠦᠨ ᠤ ᠬᠢᠵᠦ ᠪᠦᠳᠦᠭᠡᠬᠦ ᠭᠡᠰᠡᠨ ᠤᠷᠠᠨ ᠰᠡᠳᠬᠢᠮᠵᠢ ᠳᠤ ᠪᠤᠯᠤᠮᠵᠢ ᠶᠢᠨ | ᠵᠦᠢᠯᠡᠰ ᠢ ᠨᠢ ᠪᠦᠷᠢᠯᠳᠦᠬᠦᠯᠵᠦ ᠦᠭᠴᠠᠢ᠃ ᠳᠡᠷᠡ ᠡᠨᠡ ᠡᠮᠡᠭᠡᠯ ᠢ ᠭᠤᠤᠯ ᠨᠢ ᠳᠠᠯᠪᠢᠯᠭ᠎ᠠ ᠵᠠᠰᠠᠯ ᠳᠤ ᠵᠤᠷᠢᠭᠤᠯᠵᠦ | ᠬᠢᠭᠰᠡᠨ ᠪᠦᠭᠡᠳ ᠶᠠᠰᠤ ᠪᠠᠷ ᠬᠢᠭᠰᠡᠨ ᠡᠮᠡᠭᠡᠯ ᠪᠠᠶᠢᠳᠠᠭ ᠦᠭᠡᠢ ᠬᠤᠭᠤᠰᠤᠨ ᠢ ᠨᠦᠬᠦᠬᠦ ᠵᠤᠷᠢᠯᠭ᠎ᠠ ᠲᠠᠢ ᠪᠠᠶᠢᠭᠰᠠᠨ | ᠠᠵᠢ᠃ ᠭᠡᠬᠦ ᠳᠡᠭᠡᠨ ᠵᠦᠭᠡᠷ ᠯᠡ ᠶᠠᠰᠤ ᠶᠢ ᠬᠤᠭᠤᠷᠤᠨᠳᠦ ᠨᠢ ᠵᠦᠢᠵᠦ ᠨᠠᠭᠠᠭᠠᠳ ᠬᠢᠭᠰᠡᠨ ᠪᠢᠰᠢ᠂ ᠬᠠᠷᠢᠨ ᠶᠠᠰᠤ | ᠪᠤᠯᠭᠠᠨ ᠳᠡᠭᠡᠷ᠎ᠡ ᠨᠢ ᠲᠦᠷᠪᠡᠨ ᠬᠦᠴᠦᠳᠡᠨ ᠪᠤᠶᠤ ᠮᠤᠩᠭᠤᠯ ᠠᠮᠢᠳᠤᠷᠠᠯ ᠲᠠᠢ ᠬᠠᠮᠢᠶ᠎ᠠ ᠪᠦᠬᠦᠢ ᠠᠯᠢ ᠤᠯᠠᠨ ᠵᠢᠷᠤᠭ | ᠰᠡᠶᠢᠯᠪᠤᠷᠢ ᠲᠠᠢ ᠪᠠᠶᠢᠳᠠᠭ ᠢᠶᠠᠷ ᠤᠷᠠᠨ ᠰᠡᠳᠬᠢᠮᠵᠢ ᠶᠢᠨ ᠬᠢᠨᠢ ᠦᠨ᠎ᠡ ᠦᠷᠳᠡᠭ ᠢ ᠦᠨᠳᠦᠷᠳᠦᠭᠡᠵᠡᠢ᠃ 2017 | ᠤᠨ ᠳᠤ ᠨᠢᠭᠡ ᠮᠦᠽᠸᠢ ᠤᠶᠦᠨᠪᠢᠯᠢᠭ ᠠᠴᠠ ᠭᠤᠷᠪᠠᠨ ᠪᠦᠳᠦᠭᠡᠯ ᠢ ᠨᠢ 13 ᠳᠦᠮᠡ 8000 ᠳᠦᠬᠦᠷᠢᠭ ᠢᠶᠠᠷ | ᠬᠤᠳᠠᠯᠳᠤᠨ ᠠᠪᠤᠭᠰᠠᠨ ᠠᠵᠢ᠃ ᠡᠨᠡ ᠭᠤᠷᠪᠠᠨ ᠪᠦᠳᠦᠭᠡᠯ ᠨᠢ ᠬᠤᠷᠢᠨ ᠳᠠᠯᠤ ᠶᠢᠨ ᠶᠠᠰᠤᠨ ᠳᠡᠭᠡᠷ᠎ᠡ ᠪᠦᠬᠦᠯᠢ | ᠪᠦᠳᠦᠨ ᠠᠳᠤᠭᠤᠨ ᠰᠤᠶᠤᠯ ᠢ ᠬᠠᠷᠠᠭᠤᠯᠤᠭᠰᠠᠨ ᠨᠢᠭᠡ ᠢᠵᠢ ᠪᠦᠳᠦᠭᠡᠯ᠂ ᠮᠤᠷᠢᠨ ᠬᠤᠭᠤᠷ ᠤᠨ ᠡᠬᠦᠰᠦᠯ | ᠳᠤᠮᠤᠭ ᠢᠶᠠᠷ ᠰᠡᠳᠦᠪᠯᠡᠵᠦ ᠠᠳᠤᠭᠤᠨ ᠤ ᠶᠠᠰᠤ ᠪᠠᠷ ᠬᠢᠭᠰᠡᠨ ᠮᠤᠷᠢᠨ ᠬᠤᠭᠤᠷ᠂ ᠤᠰᠤᠨ ᠲᠠᠬᠢ ᠶᠢᠨ ᠳᠤᠯᠤᠭᠠᠢ | ᠳᠡᠭᠡᠷ᠎ᠡ ᠪᠦᠭᠡ ᠶᠢᠨ ᠰᠤᠶᠤᠯ ᠢ ᠰᠡᠶᠢᠯᠪᠤᠷᠢᠯᠡᠵᠦ ᠬᠠᠷᠠᠭᠤᠯᠤᠭᠰᠠᠨ ︽ᠮᠦᠡᠭᠭᠡ ᠳᠡᠭᠷᠢ ᠶᠢᠨ ᠡᠯᠴᠢ︾ ᠬᠡᠮᠡᠬᠦ | ᠪᠦᠳᠦᠭᠡᠯ ᠵᠡᠷᠭᠡ ᠪᠠᠶᠢᠯ᠎ᠠ᠃ ᠰᠤᠶᠤᠯ ᠤᠨ ᠦᠨ᠎ᠡ ᠦᠷᠳᠡᠭ᠂ ᠬᠦᠴᠦ ᠬᠦᠳᠡᠯᠮᠦᠷᠢ᠂ ᠤᠷ᠎ᠠ ᠤᠬᠠᠭᠠᠨ ᠤ | ᠵᠠᠷᠤᠴᠠᠭᠤᠯᠤᠯᠳᠠ ᠪᠦᠬᠦ ᠵᠦᠢᠯ ᠤᠷᠠᠨ ᠪᠦᠳᠦᠭᠡᠯ ᠤᠨ ᠦᠨ᠎ᠠ ᠴᠠᠨ᠎ᠠ ᠶᠢ ᠳᠤᠳᠤᠷᠬᠠᠢᠢᠯᠠᠳᠠᠭ ᠢ ᠤᠶᠦᠨᠪᠢᠯᠢᠭ | ᠢᠡᠭᠬᠢᠵᠦ ᠶᠠᠰᠤᠨ ᠤᠷᠠᠯᠠᠯ ᠢᠶᠠᠷ ᠢᠶᠠᠨ ᠬᠠᠷᠠᠭᠤᠯᠵᠦ ᠴᠢᠳᠠᠵᠠᠢ᠃ ᠭᠡᠭᠡᠭᠳᠡᠮᠡᠯ ᠶᠠᠰᠤ ᠶᠢ ᠭᠡᠯᠡᠵᠦ ᠤᠷᠠᠯᠠᠭᠠᠳ | ᠤᠷᠠᠯᠢᠭ ᠤᠨ ᠪᠦᠳᠦᠭᠡᠯ ᠪᠤᠯᠭᠠᠵᠦ᠂ ᠶᠠᠰᠤᠨ ᠤ ᠦᠨ᠎ᠡ ᠦᠷᠳᠡᠭ ᠢ ᠰᠡᠳᠬᠢᠰᠢ ᠦᠭᠡᠢ ᠦᠨᠳᠦᠷ ᠲᠤ ᠬᠦᠷᠭᠡᠭᠰᠡᠨ | ᠬᠦᠮᠦᠨ ᠤ ᠳᠤᠳᠤᠷ᠎ᠠ ᠤᠶᠦᠨᠪᠢᠯᠢᠭ ᠳᠤᠷᠠᠳᠤᠭᠳᠠᠯ ᠦᠭᠡᠢ ᠦᠡᠭᠭᠡᠷᠡᠵᠦ ᠪᠤᠯᠬᠤ ᠦᠭᠡᠢ ᠨᠢ ᠡ᠃ | |