ᠵᠤᠯᠠ ᠶᠢᠨ ᠬᠤᠷᠢᠨ ᠲᠠᠪᠤᠨ
ᠨᠡᠶᠢᠲᠡᠯᠡᠭᠰᠡᠨ ᠴᠠᠭ᠄
2019/10/29

ᠮᠤᠩᠭᠤᠯᠴᠤᠳ ᠵᠢᠯ ᠪᠦᠷᠢ ᠶᠢᠨ ᠪᠢᠯᠢᠭ ᠤᠨ ᠤᠯᠠᠷᠢᠯ ᠤᠨ  ᠠᠷᠪᠠᠨ ᠰᠠᠷ᠎ᠠ ᠶᠢᠨ ᠬᠤᠷᠢᠨ ᠲᠠᠪᠤᠨ ᠢ ᠵᠤᠯᠠ ᠶᠢᠨ

ᠬᠤᠷᠢᠨ ᠲᠠᠪᠤᠨ ᠪᠤᠶᠤ ᠵᠤᠯᠠ ᠶᠢᠨ ᠪᠠᠶᠠᠷ ᠭᠡᠳᠡᠭ᠃

   ᠵᠤᠯᠠ ᠶᠢᠨ ᠬᠤᠷᠢᠨ ᠲᠠᠪᠤᠨ ᠤ ᠢᠷᠡᠯᠲᠡ ᠶᠢᠨ ᠳᠤᠬᠠᠢ ᠰᠢᠷ᠎ᠠ ᠶᠢᠨ ᠱᠠᠰᠢᠨ ᠤ ᠲᠠᠯ᠎ᠠ ᠠᠴᠠ ᠬᠡᠯᠡᠪᠡᠯ ᠰᠤᠶᠤᠨ

ᠭᠡᠶᠢᠭᠦᠯᠦᠭᠴᠢ ᠶᠡᠭᠡ ᠪᠢᠯᠢᠭ ᠤᠨ ᠬᠦᠮᠦᠨ ᠪᠤᠭᠳᠠ ᠽᠤᠩᠺᠠᠸ᠎ᠠ ᠤᠷᠴᠢᠯᠠᠩ ᠳᠤ ᠮᠡᠨᠳᠦᠯᠡᠵᠦ ᠮᠡᠯᠮᠠᠢ ᠬᠡᠶᠢᠭᠰᠡᠨ᠂

ᠵᠠᠩᠴᠢ ᠬᠠᠯᠠᠵᠤ᠂ ᠡᠭᠦᠯᠡ ᠳᠠᠯᠳᠠᠯᠠᠭᠰᠠᠨ ᠡᠳᠦᠷ ᠨᠢ ᠡᠪᠦᠯ ᠤᠨ ᠲᠡᠷᠢᠭᠦᠨ ᠰᠠᠷ᠎ᠠ ᠶᠢᠨ ᠪᠢᠯᠢᠭ ᠤᠨ ᠬᠤᠷᠢᠨ ᠲᠠᠪᠤᠨ

ᠭᠡᠳᠡᠭ᠂ ᠽᠤᠩᠺᠠᠸ᠎ᠠ ᠨᠢ1357 ᠤᠨ ᠮᠡᠨᠳᠦᠯᠡᠵᠦ᠂ 63 ᠨᠠᠰᠤ ᠰᠡᠭᠦᠳᠡᠷ ᠵᠤᠭᠤᠭᠯᠠᠭᠰᠠᠨ ᠡᠳᠦᠷ ᠢᠶᠠᠨ ᠪᠤᠶᠤ

ᠬᠤᠷᠢᠨ ᠲᠠᠪᠤᠨ ᠳᠤ ︽ᠰᠤᠩᠳᠤᠢ ᠶᠢᠨ ᠵᠦᠳ︾ ᠤᠨ ᠶᠢᠰᠦᠳᠦᠭᠡᠷ ᠪᠦᠯᠥᠭ ︽ᠵᠠᠯᠪᠢᠨ ᠤ ᠰᠡᠷᠡᠶᠢᠰᠤ ᠵᠢᠸᠠᠷ ᠵᠦᠷ

︾ ᠵᠠᠷᠯᠢᠭ ᠢ ᠤᠩᠰᠢᠭᠠᠳ ᠳᠠᠭᠠᠯᠠᠯ ᠲᠡᠭᠦᠰᠦᠭᠰᠡᠨ ᠭᠡᠳᠡᠭ᠃ ᠡᠨᠡ ᠨᠢ ︽ᠪᠢ ᠢᠯᠠᠭᠤᠭᠰᠠᠨ ᠪᠤᠷᠬᠠᠨ ᠤ ᠬᠦᠦ

ᠪᠤᠯᠵᠤ ᠲᠥᠷᠥᠯ᠎ᠠ︾ ᠭᠡᠰᠡᠨ ᠵᠠᠷᠯᠢᠭ ᠶᠤᠮ᠃ ᠲᠡᠷᠡ ᠴᠠᠭ ᠠᠴᠠ ᠬᠤᠶᠢᠰᠢ ᠵᠢᠯ ᠪᠦᠷᠢ ᠡᠨᠡ ᠡᠳᠦᠷ ᠢ ᠵᠤᠯᠠ ᠶᠢᠨ

ᠬᠤᠷᠢᠨ ᠲᠠᠪᠤᠨ ᠭᠡᠮᠡᠨ ᠲᠡᠮᠳᠡᠭᠯᠡᠵᠦ ︽ᠳ᠋ᠤᠩᠴᠢᠳ︾ ᠪᠤᠶᠤ ᠮᠢᠩᠭᠠᠨ ᠳᠠᠬᠢᠯ ᠤᠨ ᠵᠤᠯᠠ ᠬᠦᠵᠢ ᠡᠷᠭᠦᠵᠦ ᠶᠡᠭᠡ

ᠬᠤᠷᠠᠯ ᠢᠷᠦᠭᠡᠯ ᠬᠤᠷᠠᠬᠤ ᠪᠤᠯᠤᠭᠰᠠᠨ᠃

  ᠡᠨᠡ ᠡᠳᠦᠷ ᠰᠦᠰᠦᠭᠲᠡᠨ ᠤᠯᠠᠨ ᠲᠦᠮᠡᠨ ᠮᠠᠴᠠᠭ ᠪᠠᠷᠢᠵᠦ ︵ᠴᠠᠭᠠᠨ ᠬᠤᠭᠤᠯᠠ ᠢᠳᠡᠬᠦ︶ ᠵᠤᠯᠠ ᠡᠷᠭᠦᠵᠦ᠂

ᠠᠷᠪᠠᠨ ᠬᠠᠷ᠎ᠠ ᠨᠢᠭᠦᠯ ᠢ ᠳᠡᠪᠴᠢᠨ ᠪᠡᠶ᠎ᠡ᠂ ᠬᠡᠯᠡ᠂ ᠰᠡᠳᠬᠢᠯ ᠢᠶᠠᠨ ᠠᠷᠢᠭᠤᠰᠬᠠᠨ ᠪᠤᠶᠠᠨ ᠦᠢᠯᠡᠳᠦᠪᠡᠰᠦ ᠡᠷᠭᠦᠭᠰᠡᠨ

ᠨᠢᠭᠡ ᠵᠤᠯᠠ ᠮᠢᠩᠭ᠎ᠠ ᠪᠤᠯᠵᠤ᠂ ᠤᠩᠰᠢᠭᠰᠠᠨ ᠨᠢᠭᠡ ᠮᠠᠨᠢ ᠲᠦᠮᠡ ᠪᠤᠯᠵᠤ ᠠᠷᠪᠢᠴᠢᠳᠠᠭ ᠤᠴᠢᠷᠲᠠᠢ ᠶᠤᠮ᠃  ᠡᠨᠡ

ᠡᠳᠦᠷ ᠶᠡᠭᠡ ᠪᠤᠶᠠᠨ ᠬᠤᠷᠢᠶᠠᠨ᠎ᠠ ᠭᠡᠰᠡᠨ ᠦᠭᠡ᠃

  ᠡᠨᠡ ᠡᠳᠦᠷ ᠮᠤᠩᠭᠤᠯᠴᠤᠳ ᠨᠢᠭᠡ ᠵᠢᠯ ᠤᠨ ᠨᠢᠭᠦᠯ ᠬᠢᠯᠢᠨᠴᠡ ᠪᠠᠨ ᠵᠠᠯᠪᠡᠷᠢᠵᠦ᠂ ᠪᠤᠷᠬᠠᠨ ᠭᠦᠩᠭᠠᠷᠸ᠎ᠠ ᠳᠠᠭᠠᠨ

ᠵᠤᠯᠠ ᠬᠦᠵᠢ ᠡᠷᠭᠦᠨ ᠪᠤᠶᠠᠨ ᠢᠪᠡᠭᠡᠯ ᠬᠦᠰᠡᠨ ᠳᠠᠭᠠᠳᠬᠠᠳᠠᠭ ᠤᠴᠢᠷ ᠲᠠᠢ᠃ ᠮᠤᠩᠭᠤᠯᠴᠤᠳ ᠡᠪᠦᠯ ᠢᠳᠡᠬᠦ

ᠢᠳᠡᠰᠢ ᠪᠠᠨ ᠬᠤᠷᠢᠨ ᠲᠠᠪᠤᠨ ᠤ ᠡᠳᠦᠷ ᠤᠨ ᠡᠮᠦᠨ᠎ᠡ ᠳᠦᠭᠦᠭᠡᠷᠴᠦ ᠳᠠᠭᠤᠰᠬᠠᠭᠠᠳ ᠤᠯᠠᠨ ᠠᠮᠢᠲᠠᠨ ᠤ ᠠᠮᠢ

ᠳᠠᠰᠤᠯᠤᠭᠰᠠᠨ ᠨᠢᠭᠦᠯ ᠢᠶᠠᠨ ᠨᠠᠮᠠᠭᠴᠢᠯᠠᠵᠤ ᠵᠤᠯᠠ ᠶᠢᠨ ᠬᠤᠷᠢᠨ ᠲᠠᠪᠤᠨ ᠤ ᠬᠤᠷᠠᠯ ᠢ ᠲᠠᠭᠠᠨ ᠪᠠᠶᠠᠰᠴᠤ᠂ ᠡᠨᠡᠬᠦ

ᠦᠢᠯᠡ ᠠᠴᠠ ᠬᠤᠶᠢᠰᠢ ᠪᠠᠶᠢᠭᠠᠯᠢ ᠶᠢᠨ ᠠᠩ ᠠᠮᠢᠲᠠᠨ ᠢ ᠬᠥᠨᠥᠭᠡᠵᠦ ᠰᠦᠢᠳᠭᠡᠵᠦ ᠪᠤᠯᠳᠠᠭ ᠦᠭᠡᠢ ᠪᠦᠭᠡᠳ ᠡᠨᠡ

 ᠨᠢ ᠪᠠᠶᠢᠭᠠᠯᠢ ᠪᠠᠨ ᠬᠠᠮᠠᠭᠠᠯᠠᠬᠤ ᠨᠢᠭᠡᠨ ᠬᠡᠯᠪᠡᠷᠢ ᠪᠤᠯᠵᠤ ᠢᠷᠡᠵᠠᠢ᠃ ᠮᠤᠩᠭᠤᠯᠴᠤᠳ ᠵᠤᠯᠠ ᠡᠷᠭᠦᠭᠦ ᠳᠡᠭᠡᠨ ᠥᠨᠥ

ᠪᠠ ᠬᠤᠶᠢᠲᠤ ᠶᠢᠨ ᠪᠤᠶᠠᠨ᠂ ᠥᠭᠡᠳᠡ ᠪᠤᠯᠤᠭᠰᠠᠳ ᠤᠨ ᠪᠤᠶᠠᠨ ᠳᠤ ᠵᠤᠬᠢᠴᠠᠭᠤᠯᠬᠤ ᠶᠢᠨ ᠵᠡᠷᠭᠡᠴᠡᠭᠡ ᠮᠠᠯ

ᠮᠠᠭᠤᠯᠠᠬᠤ ᠳᠠᠭᠠᠨ ᠬᠦᠷᠲᠡᠯ᠎ᠡ ᠰᠠᠶᠢᠨ ᠲᠥᠷᠥᠯ ᠤᠯᠬᠤ ᠶᠢ ᠢᠷᠦᠭᠡᠵᠦ ᠵᠤᠯᠠ ᠡᠷᠭᠦᠳᠡᠭ ᠵᠠᠩᠰᠢᠯ ᠪᠤᠢ᠃ ᠵᠤᠯᠠ ᠶᠢᠨ

ᠭᠤᠤᠯ ᠤᠷᠢᠶᠠᠵᠦ ᠪᠤᠢ ᠦᠶ᠎ᠡ ᠳᠡᠭᠡᠨ ᠢᠵᠠᠭᠤᠷ ᠤᠨ ᠭᠤᠷᠪᠠᠨ ᠪᠤᠷᠬᠠᠨ ᠤ ᠵᠢᠷᠦᠬᠡᠨ ᠳᠠᠷᠨᠢ ᠪᠤᠶᠤ ︽ᠤᠮ ᠠᠷᠠ

ᠪᠠ ᠵᠠ ᠨᠠ ᠳ᠋ᠢ︾᠂ ︽ᠤᠮ ᠮᠠ ᠨᠢ ᠪᠠᠳ᠋ ᠮᠧ ᠬᠤᠮ︾᠂ ︽ᠤᠮ ᠪᠠᠽᠠᠷ ᠸᠠᠨᠢ ᠬᠤᠮ ᠫᠠᠳ︾ ᠲᠡᠷᠨᠢ ᠤᠳ

ᠪᠤᠯᠤᠨ ᠥᠪᠡᠷ ᠤᠨ ᠮᠡᠳᠡᠳᠡᠭ ᠲᠡᠷᠨᠢ ᠮᠡᠭᠵᠢᠮ ᠲᠡᠷᠢᠭᠦᠲᠡᠨ ᠢᠶᠠᠨ ᠤᠩᠰᠢᠵᠤ ᠪᠠᠶᠢᠪᠠᠯ ᠰᠠᠶᠢᠨ ᠭᠡᠳᠡᠭ᠃ ᠵᠤᠯᠠ

ᠡᠷᠭᠦᠭᠦ ᠳᠡᠭᠡᠨ ᠪᠠᠰᠠ ᠢᠳᠡᠰᠢᠨ ᠳᠤ ᠳᠦᠭᠦᠭᠡᠷᠦᠭᠰᠡᠨ ᠮᠠᠯ ᠤᠨ ᠢᠶᠠᠨ ᠪᠠᠷᠠᠭᠤᠨ ᠪᠥᠭᠡᠷᠡᠨ ᠤ ᠥᠭᠡᠬᠦ ᠶᠢ ᠬᠠᠶᠢᠯᠭᠠᠨ

ᠵᠤᠯᠠ ᠡᠷᠭᠦᠳᠡᠭ ᠵᠠᠩᠰᠢᠯ ᠪᠠᠰᠠ ᠪᠤᠢ᠃

 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号