ᠤᠳᠤ ᠥᠶ᠎ᠠ ᠶᠢᠨ ᠮᠤᠩᠭᠤᠯ ᠲᠤᠭᠤᠵᠢᠰ ᠤᠨ ᠤᠨᠴᠠᠯᠢᠭ ᠢ ᠰᠢᠨᠵᠢᠯᠡᠬᠦ ᠨᠢ
ᠨᠡᠶᠢᠲᠡᠯᠡᠭᠰᠡᠨ ᠴᠠᠭ᠄
2019/10/30

ᠮᠤᠩᠭᠤᠯ ᠦᠨᠳᠦᠰᠦᠳᠡᠨ ᠤ ᠤᠳᠤ ᠦᠶ᠎ᠡ ᠶᠢᠨ ᠤᠷᠠᠨ ᠵᠤᠬᠢᠶᠠᠯ ᠤᠨ ᠲᠡᠤᠬᠡᠨ ᠳᠤ ᠤᠳᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ

ᠵᠤᠬᠢᠶᠠᠯ ︵ᠲᠤᠷᠤᠬᠰᠢ ᠲᠤᠭᠤᠵᠢᠰ ᠤᠨ ᠵᠤᠬᠢᠶᠠᠯ ᠬᠡᠵᠤ ᠲᠦᠭᠦᠮᠴᠢᠯᠡᠨ᠎ᠠ︶ ᠤᠨ ᠵᠤᠬᠢᠶᠠᠨ ᠪᠦᠳᠦᠬᠡᠯᠬᠡ 20

ᠳ᠋ᠤᠭᠠᠷ ᠵᠠᠭᠤᠨ ᠤ ᠲᠠᠪᠢ᠂ ᠵᠢᠷᠠᠠᠭᠤᠨ ᠤᠨ ᠠᠴᠠ ᠡᠬᠢᠯᠡᠵᠦ᠂ ᠠ᠊ · ᠤᠤᠽᠠᠷ᠂ ᠮ᠊ · ᠠᠰᠠᠷ᠂ ᠬᠡᠷᠡᠯᠴᠤᠬᠳᠤ᠂

ᠬᠤ · ᠪᠠᠳᠠᠢ ᠵᠡᠷᠬᠡ ᠨᠡᠷᠡᠲᠦ ᠵᠤᠬᠢᠶᠠᠯᠴᠢᠳ ᠤᠨ ᠵᠤᠬᠢᠶᠠᠯ ᠪᠦᠲᠦᠭᠡᠯ ︽ᠦᠨᠢᠷ ᠴᠡᠴᠡᠭ︾᠂ ︽ᠴᠤᠯᠮᠤᠨ︾ ᠮᠡᠳᠤ ᠶᠢᠨ

ᠤᠷᠠᠨ ᠵᠤᠬᠢᠶᠠᠯ ᠤᠨ ᠰᠡᠳᠬᠦᠯ ᠳᠤ ᠨᠡᠶᠢᠳᠡᠯᠡᠭᠳᠡᠨ ᠤᠩᠰᠢᠬᠴᠢᠳ ᠲᠤ ᠲᠠᠨᠢᠬᠳᠠᠵᠦ ᠪᠠᠶᠢᠯ᠎ᠠ᠃ 20 ᠳ᠋ᠤᠭᠠᠷ ᠵᠠᠭᠤᠨ ᠤ ᠨᠠᠶᠠ᠂

ᠶᠡᠷᠡᠬᠡᠳ ᠤᠨ ᠳᠤ᠂ ᠲᠤᠭᠤᠵᠢᠰ ᠤᠨ ᠵᠤᠬᠢᠶᠠᠯ ᠤᠨ ᠵᠤᠬᠢᠶᠠᠨ ᠪᠦᠳᠦᠬᠡᠯᠬᠡ ᠤᠯᠠᠮ ᠪᠤᠯᠪᠠᠰᠤᠷᠠᠩᠭᠤᠢ ᠪᠤᠯᠵᠦ᠂ ᠨᠢᠭᠡ

ᠪᠦᠯᠦᠭ ᠰᠢᠨ᠎ᠠ ᠵᠤᠬᠢᠶᠠᠯᠴᠢᠳ ᠪᠠ ᠰᠢᠨ᠎ᠡ ᠪᠦᠳᠦᠬᠡᠯ ᠤᠳ ᠢᠯᠡᠷᠡᠵᠠᠢ᠃ ᠯᠢᠭᠳᠡᠨ᠂ ᠪᠠᠳᠪᠠ᠂ ᠰᠠᠶᠢᠨᠪᠠᠶᠠᠷ᠂ ᠪᠦᠷᠢᠨᠳᠡᠬᠦᠰ᠂ ᠠᠶᠤᠩᠭ᠎ᠠ᠂

ᠮᠡᠨᠳᠤᠮᠤᠢ ᠵᠡᠷᠬᠡ ᠵᠤᠬᠢᠶᠠᠯᠴᠢᠳ ᠪᠤᠯ ᠲᠤᠰ ᠱᠠᠲᠦ ᠦᠶ᠎ᠡ ᠶᠢᠨ ᠲᠦᠯᠦᠬᠡᠯᠡᠬᠦ ᠴᠢᠨᠠᠷ ᠲᠠᠢ ᠵᠤᠬᠢᠶᠠᠯᠴᠢᠳ ᠪᠤᠯᠤᠨ᠎ᠠ᠃ ᠨᠡᠩ ᠴᠦ 21 ᠳ᠋ᠤᠭᠡᠷ

ᠵᠠᠭᠤᠨ ᠳᠤ ᠲᠠᠪᠰᠢᠨ ᠤᠷᠤᠬᠰᠠᠨ ᠠᠴᠠ ᠨᠠᠭᠠᠰᠢ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠨᠢ

ᠬᠦᠭᠵᠢᠯᠳᠡ ᠶᠢᠨ ᠰᠢᠨ᠎ᠡ ᠲᠦᠷᠢ ᠲᠦᠷᠬᠦ ᠪᠠᠷ ᠢᠶᠠᠨ ᠤᠡᠭᠰᠢᠬᠴᠢ ᠤᠯᠠᠨ ᠤ ᠠᠩᠬᠠᠷᠤᠯ ᠢ ᠲᠠᠳᠠᠬᠰᠠᠨ

ᠪᠦᠬᠡᠳ ᠲᠤᠭᠤᠵᠢᠰ ᠤᠨ ᠵᠤᠬᠢᠶᠠᠯ ᠤᠨ ᠲᠡᠬᠦᠪᠦᠷᠢ ᠨᠡᠯᠢᠶᠡᠳ ᠤᠯᠠᠨ ᠬᠡᠪᠯᠡᠭᠳᠡᠵᠡᠢ᠃

   ᠤᠶᠢᠷ᠎ᠠ ᠶᠢᠨ ᠬᠡᠳᠤᠨ ᠵᠢᠯ ᠳᠤ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠤᠷᠠᠨ ᠵᠤᠬᠢᠶᠠᠯ ᠤᠨ ᠤᠷᠴᠢᠭᠤᠯᠭ᠎ᠠ ᠶᠢᠨ

ᠬᠦᠭᠵᠢᠯᠳᠡ ᠶᠢ ᠲᠠᠭᠠᠯᠳᠤᠨ᠂ ᠮᠤᠩᠭᠤᠯ ᠲᠤᠭᠤᠵᠢᠰ ᠤᠨ ᠪᠦᠳᠦᠬᠡᠯ ᠬᠢᠳᠡᠳ ᠬᠡᠯᠡ ᠪᠠᠷ ᠲᠠᠮᠵᠢᠨ᠂ ᠠᠩᠭ᠍ᠯᠢ᠂

ᠹᠷᠠᠨᠼᠢ᠂ ᠭᠧᠷᠮᠨᠨ᠂ ᠶᠠᠫᠤᠨ ᠵᠡᠷᠬᠡ ᠬᠡᠯᠡ ᠪᠠᠷ ᠤᠷᠴᠢᠭᠤᠯᠤᠬᠳᠠᠨ᠂ ᠲᠡᠯᠡᠬᠡᠢ ᠨᠡᠶᠢᠳᠡ ᠶᠢᠨ ᠤᠩᠰᠢᠬᠴᠢᠳ ᠤᠨ ᠠᠩᠬᠠᠷᠤᠯ ᠢ ᠲᠠᠲᠠᠭᠰᠠᠭᠠᠷ

ᠢᠷᠡᠭᠰᠡᠨ ᠶᠤᠮ᠃

   ᠮᠤᠩᠭᠤᠯ ᠤᠷᠠᠨ ᠵᠤᠬᠢᠶᠠᠯ ᠤᠨ ᠦᠪ ᠪᠠᠶᠠᠨ ᠰᠤᠶᠤᠯ ᠤᠨ ᠰᠠᠩ ᠤᠨ ᠨᠢᠬᠡᠨ ᠰᠤᠪᠤᠳ ᠪᠤᠯᠤᠬᠰᠠᠨ ᠤ ᠬᠤᠪᠢ ᠳᠤ᠂ ᠮᠤᠩᠭᠤᠯ

ᠲᠤᠭᠤᠵᠢᠰ ᠨᠢ ᠮᠤᠩᠭᠤᠯ ᠠᠮᠢᠲᠤᠷᠠᠯ ᠢ ᠬᠠᠷᠠᠭᠤᠯᠤᠨ᠂ ᠮᠤᠩᠭᠤᠯ ᠰᠤᠶᠤᠯ ᠢ ᠲᠡᠯᠡᠭᠡᠢ ᠳᠤ ᠭᠠᠶᠢᠬᠠᠭᠤᠯᠤᠨ᠂

ᠮᠤᠩᠭᠤᠯ ᠤᠡᠭᠰᠢᠭᠴᠢᠳ ᠤᠨ ᠰᠡᠳᠬᠢᠯ ᠤᠨ ᠬᠡᠬᠡᠪᠴᠢ ᠪᠤᠯᠵᠠᠢ᠃ ᠮᠤᠩᠭᠤᠯ ᠦᠨᠲᠦᠰᠦᠳᠡᠨ ᠤ ᠤᠲᠤ ᠦᠶ᠎ᠡ ᠶᠢᠨ

ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠤᠨ ᠰᠡᠳᠤᠪ ᠤᠨ ᠬᠦᠷᠢᠶ᠎ᠠ ᠬᠡᠪᠴᠢᠶ᠎ᠡ ᠨᠢ ᠦᠷᠬᠡᠨ᠂ ᠬᠡᠯᠡ ᠬᠡᠯᠡᠯᠬᠡ ᠨᠢ

ᠦᠨᠳᠦᠰᠦᠳᠡᠨ ᠤ ᠦᠨᠦᠷ ᠠᠮᠲᠠ ᠲᠠᠢ᠂ ᠬᠦᠤᠷᠨᠢᠯ ᠤᠨ ᠠᠷᠭ᠎ᠠ ᠨᠢ ᠰᠢᠨ᠎ᠠ ᠰᠡᠪᠡᠬᠦᠨ ᠪᠠᠶᠢᠲᠠᠭ ᠢᠶᠠᠷ ᠢᠶᠠᠨ

ᠤᠡᠭᠰᠢᠬᠴᠢᠳ ᠤᠨ ᠠᠩᠬᠠᠷᠤᠯ ᠢ ᠲᠠᠲᠠᠵᠦ᠂ ᠤᠷᠠᠨ ᠵᠤᠬᠢᠶᠠᠯ ᠰᠤᠲᠤᠯᠤᠬᠴᠢᠳ ᠤᠨ ᠰᠤᠲᠤᠯᠭᠠᠨ ᠤ ᠰᠡᠲᠦᠪ

ᠪᠤᠯᠤᠬᠰᠠᠭᠠᠷ ᠢᠷᠡᠵᠡᠢ᠃

        ᠲᠤᠭᠤᠵᠢᠰ ᠤᠨ ᠰᠡᠳᠤᠪ ᠤᠨ ᠤᠯᠠᠨ ᠶᠠᠩᠵᠦᠳᠤ ᠰᠢᠨᠵᠢ

   ᠰᠢᠨ᠎ᠠ ᠲᠤᠮᠳᠠᠳᠤ ᠤᠯᠤᠰ ᠪᠠᠶᠢᠭᠤᠯᠤᠬᠳᠠᠬᠰᠠᠨ ᠠᠴᠠ ᠨᠠᠭᠠᠰᠢ᠂ ᠮᠤᠩᠭᠤᠯ ᠦᠨᠲᠦᠰᠦᠳᠡᠨ ᠤ ᠲᠦᠷᠦᠯᠬᠢ ᠬᠡᠯᠡᠨ ᠤ ᠲᠤᠭᠤᠵᠢᠰ ᠤᠨ

ᠵᠤᠬᠢᠶᠠᠯ ᠤᠨ ᠵᠤᠬᠢᠶᠠᠨ ᠪᠦᠳᠦᠬᠡᠯᠬᠡ ᠢᠯᠡᠳᠳᠡ ᠠᠮᠵᠢᠯᠳᠠ ᠤᠯᠵᠦ᠂ ᠠᠮᠢ ᠠᠬᠤᠢ ᠤᠷᠴᠢᠨ ᠲᠤᠭᠤᠷᠢᠨ ᠤ

ᠰᠡᠲᠦᠪ ᠪᠦᠬᠦᠢ ᠲᠤᠭᠤᠵᠢᠰ᠂ ᠦᠭᠡᠷᠡᠴᠢᠯᠡᠯᠳᠡ ᠨᠡᠭᠡᠭᠡᠯᠳᠡ᠂ ᠲᠡᠤᠬᠡ ᠶᠢᠨ ᠦᠨᠡᠨ ᠭᠡᠷᠡᠭ ᠢᠶᠠᠷ ᠰᠡᠳᠤᠪᠯᠡᠭᠰᠡᠨ᠂ ᠤᠷᠤᠨ

ᠨᠤᠲᠤᠭ ᠤᠨ ᠤᠨᠴᠠᠯᠢᠭ ᠲᠠᠢ ᠲᠤᠭᠤᠵᠢᠰ ᠤᠨ ᠵᠤᠬᠢᠶᠠᠯ ᠮᠠᠰᠢ ᠤᠯᠠᠨ ᠢᠯᠡᠷᠡᠵᠠᠢ᠃

   ᠠᠮᠢ ᠠᠬᠤᠢ ᠤᠷᠴᠢᠨ ᠲᠤᠭᠤᠷᠢᠨ ᠤ ᠠᠰᠠᠭᠤᠲᠠᠯ ᠢ ᠬᠦᠨᠳᠡᠭᠰᠡᠨ ᠲᠤᠭᠤᠵᠢᠰ ᠤᠨ ᠪᠦᠳᠦᠬᠡᠯ ᠨᠢ ᠮᠤᠩᠭᠤᠯᠴᠤᠳ ᠤᠨ ᠠᠮᠢ ᠠᠬᠤᠢ ᠶᠢᠨ

ᠰᠤᠶᠤᠯ ᠢ ᠤᠯᠠᠮᠵᠢᠯᠠᠨ᠂ ᠨᠡᠶᠢᠬᠡᠮ ᠠᠬᠤᠢ ᠶᠢᠨ ᠬᠦᠭᠵᠢᠯᠳᠡ᠂ ᠠᠵᠦ ᠦᠢᠯᠡᠳᠪᠦᠷᠢᠵᠢᠯᠳᠡ ᠶᠢᠨ ᠠᠬᠢᠴᠠ ᠶᠢ ᠲᠠᠭᠠᠯᠳᠤᠨ

ᠢᠯᠡᠷᠡᠭᠰᠡᠨ ᠠᠮᠢ ᠠᠬᠤᠢ ᠶᠢᠨ ᠮᠠᠭᠤᠳᠠᠯ᠂ ᠭᠠᠵᠠᠷ ᠰᠢᠷᠤᠢ ᠶᠢᠨ ᠡᠯᠡᠰᠤᠷᠭᠡᠭᠵᠢᠯ ᠵᠡᠷᠭᠡ ᠠᠰᠠᠭᠤᠲᠠᠯ ᠤᠨ ᠰᠢᠯᠳᠠᠭᠠᠨ᠂

ᠦᠷ᠎ᠠ ᠨᠦᠯᠦᠭᠡ ᠶᠢ ᠲᠤᠭᠠᠴᠢᠬᠤ ᠶᠢᠨ ᠲᠠᠭᠠᠤ ᠠᠮᠢ ᠠᠬᠤᠢ ᠤᠷᠴᠢᠨ ᠲᠤᠭᠤᠷᠢᠨ ᠢᠶᠠᠨ ᠬᠠᠮᠠᠭᠠᠯᠠᠨ᠂ ᠬᠦᠮᠦᠨ ᠪᠠ ᠪᠠᠶᠢᠭᠠᠯᠢ ᠶᠢᠨ ᠡᠶ᠎ᠡ

ᠵᠤᠬᠢᠴᠠᠩᠭᠤᠢ ᠬᠠᠮᠲᠦ ᠪᠠᠷ ᠬᠦᠭᠵᠢᠬᠦ ᠦᠵᠡᠯᠳᠡ ᠶᠢ ᠲᠤᠭᠤᠵᠢᠰ ᠤᠨ ᠬᠡᠯᠡ ᠪᠠᠷ ᠲᠤᠷᠠᠲᠤᠨ ᠭᠠᠷᠭᠠᠭᠰᠠᠨ ᠪᠠᠶᠢᠨ᠎ᠠ᠃

ᠵᠢᠱᠢᠶᠡᠯᠡᠪᠡᠯ᠂ ᠮᠠᠨᠳᠤᠮᠤᠢ ᠶᠢᠨ ︽ᠢᠮᠠᠭᠠᠳᠤ ᠭᠤᠸᠠᠢ︾᠂ ︽ᠪᠤᠭᠤᠷᠤᠯ ᠰᠢᠳᠦᠬᠡᠨ︾᠂ ᠠᠶᠤᠩᠭ᠎ᠠ ᠶᠢᠨ ︽ᠲᠠᠭᠤᠳᠤ ᠭᠤᠪᠢ︾᠂

︽ᠰᠢᠷ᠎ᠠ ᠲᠠᠯ᠎ᠠ ᠶᠢᠨ ᠡᠬᠢ︾᠂ ᠤ᠊ · ᠪᠤᠶ᠋ᠬᠠᠦ᠋ᠯᠵᠡᠢ ᠶᠢᠨ ︽ᠢᠳᠡᠭᠡᠯᠳᠤ ᠮᠤᠳᠤᠨ ᠤ ᠦᠷ᠎ᠠ︾᠂ ︽ᠤᠷᠤᠭ ᠤᠨ ᠲᠠᠷᠢᠶ᠎ᠠ︾

ᠵᠡᠷᠬᠡ ᠪᠦᠳᠦᠬᠡᠯ ᠳᠤ ᠠᠳᠠᠯᠢ ᠪᠤᠰᠤ ᠬᠠᠷᠠᠭ᠎ᠠ ᠠᠴᠠ ᠠᠮᠢ ᠠᠬᠤᠢ ᠶᠢᠨ ᠠᠰᠠᠭᠤᠳᠠᠯ ᠢ ᠲᠤᠰᠬᠠᠵᠦ᠂ ᠬᠦᠮᠦᠰ ᠲᠤ ᠦᠵᠡᠯ

ᠰᠠᠨᠠᠭᠠᠨ ᠤ ᠰᠡᠩᠬᠡᠷᠡᠬᠦᠯᠤᠯ ᠣᠯᠭᠤᠬᠤ ᠪᠠᠷ ᠬᠠᠷᠠᠯᠳᠠ ᠪᠠᠨ ᠪᠤᠯᠭᠠᠵᠠᠢ᠃

   ︽ᠤᠷᠤᠨ ᠨᠤᠳᠤᠭ ᠤᠨ ᠲᠤᠭᠤᠵᠢᠰ ᠪᠤᠯ ᠬᠦᠳᠡᠭᠡ ᠲᠤᠰᠬᠤᠨ ᠤ ᠠᠮᠢᠳᠤᠷᠠᠯ ᠢᠶᠠᠷ ᠰᠡᠳᠤᠪ ᠪᠤᠯᠭᠠᠬᠰᠠᠨ᠂ ᠤᠷᠤᠨ ᠨᠤᠳᠤᠭ ᠤᠨ

ᠤᠨᠴᠠᠯᠢᠭ ᠲᠠᠢ ᠨᠢᠭᠡ ᠪᠦᠯᠦᠭ ᠲᠤᠭᠤᠵᠢᠰ ᠤᠨ ᠪᠦᠳᠦᠬᠡᠯ ᠢ ᠬᠡᠯᠡᠵᠦ ᠪᠠᠶᠢᠨ᠎ᠠ︾᠃ ᠮᠤᠩᠭᠤᠯ ᠤᠷᠤᠨ

ᠨᠤᠳᠤᠭ ᠤᠨ ᠲᠤᠭᠤᠵᠢᠰ ᠲᠤ ᠬᠤᠷᠴᠢᠨ᠂ ᠤᠷᠳᠤᠰ᠂ ᠤᠶᠢᠷᠠᠳ ᠤᠨ ᠲᠤᠭᠤᠵᠢᠰ ᠨᠢ ᠲᠤᠭᠤᠵᠢᠰ ᠤᠨ ᠰᠡᠳᠤᠪ᠂ ᠬᠡᠯᠡ

ᠬᠡᠯᠡᠯᠬᠡ᠂ ᠪᠢᠴᠢᠯᠬᠡ ᠶᠢᠨ ᠠᠷᠭ᠎ᠠ ᠪᠠᠷᠢᠯ ᠤᠨ ᠲᠠᠯ᠎ᠠ ᠪᠠᠷ ᠪᠦᠷ ᠦᠪᠡᠷ ᠦᠪᠡᠷ ᠤᠨ ᠢᠶᠠᠨ ᠤᠨᠴᠠᠯᠢᠭ ᠲᠠᠢ᠃ ᠪᠤᠲᠠᠲᠠᠶᠢᠴᠢᠯᠠᠨ ᠶᠠᠷᠢᠪᠠᠯ᠄

ᠬᠤᠷᠴᠢᠨ ᠨᠤᠲᠤᠭ ᠲᠠᠢ ᠵᠤᠬᠢᠶᠠᠯᠴᠢ ᠪᠠᠳᠪᠠ ᠶᠢᠨ ︽ᠬᠠᠷᠢᠬᠤ ᠬᠡᠷᠡᠯ︾᠂ ᠪᠦᠬᠡᠳᠡᠯᠬᠡᠷ ᠤᠨ ︽ᠴᠡᠩᠬᠡᠷᠯᠡᠨ ᠬᠠᠷᠠᠬᠳᠠᠬᠤ

ᠬᠦᠬᠡᠮᠳᠦᠭ ᠠᠭᠤᠯᠠᠰ︾᠂ ᠪᠠᠳᠤᠮᠦ᠋ᠩᠭᠡ ᠪᠠ ᠣᠶᠤᠨ ᠤ ︽ᠮᠤᠩᠭᠤᠯᠵᠢᠨ ᠠᠪᠤ︾ ᠵᠡᠷᠭᠡ ᠪᠦᠳᠦᠬᠡᠯ ᠨᠢ

ᠬᠤᠷᠴᠢᠨ ᠮᠤᠩᠭᠤᠯᠴᠤᠳ ᠤᠨ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠮᠢᠳᠤᠷᠠᠯ ᠤᠨ ᠬᠡᠯᠪᠡᠷᠢ᠂ ᠵᠠᠩ ᠵᠠᠩᠰᠢᠯ ᠪᠠ ᠲᠡᠤᠬᠡ

ᠰᠤᠶᠤᠯ ᠢ ᠠᠮᠢᠳᠤᠯᠢᠭ ᠢᠶᠠᠷ ᠲᠤᠰᠬᠠᠵᠠᠢ᠃

   ᠦᠬᠡᠷᠡᠴᠢᠯᠡᠯᠳᠡ ᠨᠡᠭᠡᠭᠡᠯᠳᠡ ᠬᠢᠭᠰᠡᠨ ᠠᠴᠠ ᠨᠠᠭᠠᠰᠢ᠂ ᠠᠵᠤ ᠠᠬᠤᠢ ᠪᠠ ᠰᠤᠶᠤᠯ ᠤᠨ ᠦᠭᠡᠷᠡᠴᠢᠯᠡᠯᠳᠡ ᠶᠢ ᠬᠡᠷᠡᠭᠵᠢᠬᠦᠯᠬᠦ ᠶᠠᠪᠤᠴᠠ ᠳᠤ

ᠢᠯᠡᠷᠡᠭᠰᠡᠨ ᠲᠤᠪᠤᠶᠢᠮ᠎ᠠ ᠠᠰᠠᠭᠤᠳᠠᠯ ᠪᠠ ᠦᠬᠡᠷᠡᠴᠢᠯᠡᠯᠳᠡ ᠶᠢᠨ ᠠᠮᠵᠢᠯᠳᠠ ᠶᠢ ᠲᠤᠰᠬᠠᠬᠰᠠᠨ ᠲᠤᠭᠤᠵᠢᠰ ᠤᠨ

ᠵᠤᠬᠢᠶᠠᠯ ᠴᠦ ᠮᠤᠩᠭᠤᠯ ᠲᠤᠭᠤᠵᠢᠰ ᠤᠨ ᠲᠤᠲᠤᠷ᠎ᠠ ᠪᠠᠰᠠ ᠮᠠᠰᠢ ᠶᠡᠭᠡ ᠬᠤᠪᠢ ᠶᠢᠨ ᠵᠢᠩ ᠢ ᠡᠵᠡᠯᠡᠳᠡᠭ ᠪᠠᠶᠢᠨ᠎ᠠ᠃

ᠡᠬᠦᠨ ᠳᠤ᠄ ᠵᠠ᠊ · ᠬᠡᠰᠢᠭᠳᠦ ᠶᠢᠨ ︽ᠤᠭᠠᠯᠵᠠᠨ ᠬᠡ ᠲᠠᠢ ᠡᠮᠡᠭᠡᠯ︾᠂ ᠬᠤ · ᠪᠠᠳᠠᠢ ᠶᠢᠨ

︽ᠴᠢᠳᠠᠯᠳᠤ ᠶᠢᠨ ᠤᠴᠠᠷᠠᠯ︾᠂ ᠦᠯᠵᠡᠶᠢᠪᠦᠷᠢᠨ ᠤ ︽ᠡᠷᠢᠶᠡᠨ ᠳᠠᠬᠢ ᠡᠳᠤᠷ ᠬᠤᠨᠤᠭ ᠤᠳ︾ ᠵᠡᠷᠭᠡ

ᠲᠤᠭᠤᠵᠢᠰ ᠤᠨ ᠪᠦᠳᠦᠬᠡᠯ ᠨᠢ ᠠᠳᠠᠯᠢ ᠪᠤᠰᠤ ᠬᠠᠷᠠᠭᠠᠰᠦ ᠠᠴᠠ᠂ ᠠᠳᠠᠯᠢ ᠪᠤᠰᠤ ᠤᠷᠠᠯᠢᠭ ᠤᠨ ᠢᠯᠡᠷᠡᠬᠦᠯᠬᠦ ᠠᠷᠭ᠎ᠠ ᠪᠠᠷᠢᠯ ᠢᠶᠠᠷ

ᠦᠭᠡᠷᠡᠴᠢᠯᠡᠯᠳᠡ ᠨᠡᠭᠡᠭᠡᠯᠳᠡ ᠬᠢᠬᠦ ᠶᠠᠪᠤᠴᠠ ᠳᠠᠬᠢ ᠠᠮᠢᠳᠤᠷᠠᠯ ᠤᠨ ᠬᠤᠪᠢᠷᠠᠯᠳᠠ ᠶᠢ ᠬᠠᠷᠠᠭᠤᠯᠵᠠᠢ᠃

   ᠲᠡᠤᠬᠡᠨ ᠰᠡᠳᠤᠪᠳᠤ ᠲᠤᠭᠤᠵᠢᠰ ᠨᠢ ᠦᠨᠳᠦᠰᠦᠳᠡᠨ ᠤ ᠲᠡᠤᠬᠡᠳᠤ ᠬᠦᠮᠦᠨ᠂ ᠲᠡᠤᠬᠡᠳᠤ ᠤᠴᠢᠷ ᠠᠴᠠ ᠰᠡᠳᠦᠪᠯᠡᠵᠦ᠂

ᠦᠨᠳᠦᠰᠦᠳᠡᠨ ᠤ ᠪᠠᠨ ᠤᠯᠠᠮᠵᠢᠯᠠᠯᠳᠤ ᠲᠡᠤᠬᠡ ᠰᠤᠶᠤᠯ ᠤᠨ ᠦᠨ᠎ᠡ ᠦᠷᠳᠡᠭ ᠢ ᠲᠠᠬᠢᠨ

ᠢᠯᠡᠷᠡᠬᠦᠯᠬᠦ ᠶᠢ ᠵᠤᠷᠢᠬᠰᠠᠨ ᠪᠠᠶᠢᠨ᠎ᠠ᠃ ᠮ᠊ · ᠬᠠᠰᠪᠠᠭᠠᠨ᠎ᠠ ᠶᠢᠨ ︽ᠵᠠᠰᠠᠭ ᠤᠨ ᠬᠤᠳᠤᠭᠤᠷ︾

᠂ ᠴ᠊ · ᠪᠦᠬᠡᠳᠡᠯᠬᠡᠷ ᠤᠨ ︽ᠮᠢᠳᠡᠨ ᠬᠠᠳᠤᠨ︾᠂ ᠬᠡᠷᠡᠯᠳᠦ ᠶᠢᠨ ︽ᠨᠠᠷᠠᠨ ᠰᠠᠷᠠᠨ ᠮᠤᠳᠤ︾ ᠵᠡᠷᠬᠡ ᠷᠤᠮᠠᠨ ᠨᠢ ᠲᠡᠤᠬᠡ ᠶᠢᠨ

ᠲᠤᠬᠠᠢ ᠡᠷᠬᠢᠴᠡᠬᠦᠯᠤᠯ ᠪᠠ ᠲᠤᠷᠠᠰᠤᠮᠵᠢ ᠪᠠᠷ ᠲᠠᠮᠵᠢᠨ᠂ ᠦᠩᠭᠡᠷᠡᠭᠰᠡᠨ ᠲᠡᠤᠬᠡᠨ ᠳᠤ ᠲᠠᠶᠢᠯᠪᠤᠷᠢᠯᠠᠯ ᠬᠢᠭᠰᠡᠨ ᠪᠠᠶᠢᠨ᠎ᠠ᠃

   ᠡᠬᠦᠨ ᠠᠴᠠ ᠭᠠᠳᠠᠨ᠎ᠠ᠂ ᠤᠲᠤ ᠦᠶ᠎ᠡ ᠶᠢᠨ ᠮᠤᠩᠭᠤᠯ ᠲᠤᠭᠤᠵᠢᠰ ᠤᠨ ᠪᠦᠲᠦᠭᠡᠯ ᠳᠤ᠂ ᠬᠤᠪᠢᠰᠬᠠᠯᠳᠤ ᠦᠵᠡᠯ ᠤᠨ ᠲᠤᠭᠤᠵᠢᠰ᠂

ᠨᠡᠶᠢᠭᠡᠮ ᠵᠢᠷᠤᠮ ᠤᠨ ᠪᠦᠳᠦᠬᠡᠨ ᠪᠠᠶᠢᠭᠤᠯᠤᠯᠳᠡ ᠶᠢᠨ ᠰᠡᠲᠦᠪᠲᠦ ᠲᠤᠭᠤᠵᠢᠰ᠂ ᠰᠤᠶᠤᠯ ᠤᠨ ᠲᠤᠬᠠᠢ ᠪᠤᠳᠤᠯᠭᠠᠰᠢᠷᠠᠯ ᠤᠨ

ᠲᠤᠭᠤᠵᠢᠰ ᠵᠡᠷᠬᠡ ᠪᠤᠢ᠃ ᠨᠡᠶᠢᠭᠡᠮ ᠤᠨ ᠬᠦᠭᠵᠢᠯᠳᠡ᠂ ᠠᠵᠦ ᠠᠬᠤᠢ ᠶᠢᠨ ᠬᠦᠭᠵᠢᠯᠳᠡ ᠶᠢ ᠲᠠᠭᠠᠯᠳᠤᠨ᠂ ᠲᠦᠷᠦᠯᠬᠢ

ᠬᠡᠯᠡᠨ ᠤ ᠲᠤᠭᠤᠵᠢᠰ ᠤᠨ ᠰᠡᠳᠤᠪ ᠠᠭᠠᠵᠢᠮ ᠢᠶᠠᠷ ᠦᠷᠭᠡᠵᠢᠨ᠂ ᠨᠡᠶᠢᠬᠡᠮ ᠠᠮᠢᠲᠤᠷᠠᠯ ᠤᠨ ᠲᠠᠯ᠎ᠠ ᠪᠦᠷᠢ ᠶᠢ ᠲᠤᠰᠬᠠᠨ᠂

ᠲᠤᠭᠤᠵᠢᠰ ᠤᠨ ᠵᠤᠬᠢᠶᠠᠯ ᠤᠨ ᠠᠭᠤᠯᠭ᠎ᠠ ᠪᠠ ᠬᠡᠯᠪᠡᠷᠢ ᠶᠢᠨ ᠰᠢᠨ᠎ᠡ ᠶᠢ ᠡᠬᠦᠳᠴᠡᠢ᠃

        ᠲᠤᠭᠤᠵᠢᠰ ᠤᠨ ᠬᠡᠯᠡ ᠬᠡᠯᠡᠯᠬᠡ ᠶᠢᠨ ᠤᠷᠠᠯᠢᠭ ᠰᠢᠨᠵᠢ

   ᠲᠤᠭᠤᠵᠢᠰ ᠤᠨ ᠵᠤᠬᠢᠶᠠᠯ ᠪᠤᠯ ᠤᠷᠠᠨ ᠵᠤᠬᠢᠶᠠᠯ ᠤᠨ ᠨᠢᠬᠡᠨ ᠲᠠᠯᠠᠰᠲᠦ᠂ ᠦᠨᠲᠦᠰᠦᠳᠡᠨ ᠤ ᠰᠤᠶᠤᠯ ᠤᠨ ᠨᠢᠬᠡᠨ ᠴᠢᠬᠤᠯᠠ ᠠᠴᠢᠶᠠᠯᠠᠪᠦᠷᠢ

ᠪᠤᠯᠬᠤ ᠶᠤᠮ᠃ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠳᠤ

ᠦᠨᠲᠦᠰᠦᠳᠡᠨ ᠤ ᠰᠤᠶᠤᠯ ᠤᠨ ᠠᠭᠤᠯᠭ᠎ᠠ ᠶᠢ ᠤᠨᠤᠪᠴᠢᠳᠠᠢ ᠢᠯᠡᠳᠬᠡᠵᠦ᠂ ᠦᠨᠳᠦᠰᠦᠳᠡᠨ ᠤ ᠤᠷᠠᠨ

ᠵᠤᠬᠢᠶᠠᠯ ᠤᠨ ᠬᠡᠯᠡᠨ ᠤ ᠦᠪᠡᠷᠮᠢᠴᠠ ᠴᠢᠨᠠᠷ ᠢ ᠬᠦᠢᠴᠡᠳ ᠢᠯᠡᠷᠡᠬᠦᠯᠵᠠᠢ᠃ ᠲᠤᠬᠠᠢᠢᠯᠠᠪᠠᠯ᠂ ᠮᠤᠩᠭᠤᠯ

ᠦᠨᠲᠦᠰᠦᠳᠡᠨ ᠤ ᠤᠳᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠳᠤ ᠮᠠᠰᠢ ᠤᠯᠠᠨ

ᠦᠨᠳᠦᠰᠦᠳᠡᠨ ᠤ ᠤᠨᠴᠠᠯᠢᠭ ᠲᠠᠢ ᠬᠦᠮᠦᠨ ᠤ ᠨᠠᠷ᠎ᠠ᠂ ᠭᠠᠵᠠᠷ ᠤᠨ ᠨᠠᠷ᠎ᠡ ᠢᠯᠡᠷᠡᠭᠰᠡᠨ ᠢᠶᠠᠷ ᠪᠠᠷᠠᠬᠤ ᠦᠬᠡᠢ᠂

ᠮᠤᠩᠭᠤᠯᠴᠤᠳ ᠤᠨ ᠡᠳᠤᠷ ᠲᠤᠳᠤᠮ ᠤᠨ ᠠᠮᠢᠳᠤᠷᠠᠯ ᠤᠶᠢᠯᠡᠳᠪᠦᠷᠢᠯᠡᠯ ᠤᠨ ᠬᠡᠯᠪᠡᠷᠢ᠂ ᠱᠠᠰᠢᠨ ᠰᠢᠳᠦᠯᠬᠡ᠂

ᠦᠷᠳᠡᠭ ᠤᠨ ᠦᠵᠡᠯᠳᠡ ᠶᠢ ᠬᠠᠷᠠᠭᠤᠯᠤᠬᠰᠠᠨ ᠦᠭᠡᠰ ᠢ ᠬᠡᠷᠡᠭᠯᠡᠵᠦ ᠵᠤᠬᠢᠶᠠᠯ ᠤᠨ ᠦᠨᠳᠦᠰᠦᠳᠡᠨ ᠤ ᠤᠨᠴᠠᠯᠢᠭ ᠢ ᠤᠯᠠᠮ

ᠨᠢᠬᠡ ᠠᠯᠬᠤᠮ ᠲᠤᠪᠤᠶᠢᠯᠭᠠᠪᠠ᠃ ᠪᠤᠲᠠᠲᠠᠢ ᠵᠢᠱᠢᠶ᠎ᠡ ᠠᠴᠠ ᠬᠡᠲᠦ ᠲᠠᠲᠠᠶ᠎ᠠ᠄

   ︽ᠠᠢ︕ ᠲᠡᠬᠦᠨ ᠢ ᠤᠯᠤᠰ ᠤᠳ ︿ᠱᠠᠬᠳᠠᠷ ᠰᠤᠯᠢᠶᠠᠳᠤ﹀ ᠶᠢ ᠤᠯᠠᠨ ᠤᠩᠰᠢᠬᠰᠠᠨ ᠠᠴᠠ ᠲᠡᠶᠢᠮᠤ ᠪᠤᠯᠪᠠ ᠭᠡᠵᠡᠬᠡᠳᠡᠭ᠃︾

︵ᠯᠢᠭᠳᠡᠨ ᠤ ︽ᠤᠯᠠᠨ ᠦᠭᠡᠳᠤ ᠶᠢᠨ ᠬᠤᠪᠢ ᠵᠠᠶᠠᠭ᠎ᠠ︾ ᠠᠴᠠ︶

   ︽ᠲᠡᠳᠡ ᠯᠠᠪ ᠠᠯᠠᠯᠳᠤᠵᠦ ᠪᠠᠶᠢᠭ᠎ᠠ ᠪᠠᠶᠢᠯᠬᠦᠢ︕ ᠭᠤᠷᠪᠠᠨ ᠨᠠᠰᠤᠳᠠᠢ ᠭᠤᠨᠠᠭᠠᠨ ᠤᠯᠠᠭᠠᠨ᠂ ᠠᠷᠪᠠᠨ ᠬᠤᠶᠠᠷ ᠲᠤᠯᠤᠭᠠᠢ ᠲᠠᠢ ᠠᠷᠵᠠᠭ

ᠬᠠᠷ᠎ᠠ ᠮᠠᠩᠭᠤᠰ᠃︾ ︵ᠰᠠᠶᠢᠨᠪᠠᠶᠠᠷ ᠤᠨ ︽ᠲᠤᠮᠳᠠ ᠨᠠᠰᠤ ᠮᠠᠨᠳᠤᠳᠤᠭᠠᠢ︾ ᠠᠴᠠ︶

   ᠡᠨᠡ ᠬᠤᠶᠠᠷ ᠵᠢᠱᠢᠶ᠎ᠡ ᠨᠢ ᠤᠲᠤ ᠦᠶ᠎ᠡ ᠶᠢᠨ ᠲᠤᠭᠤᠵᠢᠰ ᠤᠨ ᠵᠤᠬᠢᠶᠠᠯ ᠤᠨ ᠲᠤᠳᠤᠷᠠᠬᠢ ᠬᠡᠯᠡᠴᠡ ᠦᠬᠡ᠂ ᠲᠤᠮᠤᠭ᠂ ᠰᠤᠶᠤᠯ ᠤᠨ ᠲᠦᠷᠢ᠂

ᠵᠠᠩ ᠲᠠᠳᠬᠠᠯ ᠵᠡᠷᠭᠡ ᠦᠨᠳᠦᠰᠦᠳᠡᠨ ᠤ ᠰᠤᠶᠤᠯ ᠤᠨ ᠤᠨᠴᠠᠯᠢᠭ ᠢ ᠢᠯᠡᠷᠡᠬᠦᠯᠵᠦ ᠴᠢᠲᠠᠬᠰᠠᠨ ᠢᠶᠠᠷ ᠦᠯᠦ ᠪᠠᠷᠠᠮ ᠲᠦᠷᠦᠯᠬᠢ ᠬᠡᠯᠡᠨ ᠤ

ᠭᠤᠸ᠎ᠠ ᠰᠠᠶᠢᠬᠠᠨ ᠢ ᠭᠠᠶᠢᠬᠠᠭᠤᠯᠵᠦ ᠴᠢᠳᠠᠵᠠᠢ᠃

   ᠤᠷᠠᠨ ᠨᠠᠶᠢᠷᠠᠭᠤᠯᠭ᠎ᠠ ᠶᠢᠨ ᠬᠤᠪᠢ ᠳᠤ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ

ᠵᠤᠬᠢᠶᠠᠯ ᠳᠤ ᠦᠨᠳᠦᠰᠦᠳᠡᠨ ᠤ ᠤᠨᠴᠠᠯᠢᠭ ᠲᠠᠢ ᠵᠦᠢᠷᠯᠠᠯ᠂ ᠬᠦᠮᠦᠨᠴᠢᠯᠡᠯ᠂ ᠲᠠᠪᠠᠭᠤᠯᠤᠯ ᠪᠠ

ᠬᠤᠤᠰᠯᠠᠭᠤᠯᠤᠯ ᠤᠨ ᠠᠷᠭ᠎ᠠ ᠶᠢ ᠬᠡᠷᠡᠭᠯᠡᠭᠰᠡᠨ ᠠᠴᠠ ᠬᠡᠯᠡ ᠬᠡᠯᠡᠯᠬᠡ ᠨᠢ ᠠᠮᠢᠳᠤ ᠲᠦᠷᠰᠦᠯᠢᠭ᠂

ᠤᠩᠰᠢᠬᠴᠢᠳ ᠲᠤ ᠬᠦᠨᠵᠡᠭᠡᠢ ᠲᠦᠷᠦᠭᠳᠡᠯ ᠥᠭᠴᠦ ᠴᠢᠳᠠᠬᠰᠠᠨ ᠪᠠᠶᠢᠨ᠎ᠠ᠃ ᠮᠤᠩᠭᠤᠯ ᠦᠨᠳᠦᠰᠦᠳᠡᠨ ᠤ

ᠡᠳᠤᠷ ᠲᠤᠳᠤᠮ ᠤᠨ ᠠᠮᠢᠳᠤᠷᠠᠯ ᠲᠠᠢ ᠨᠢᠬᠳᠠ ᠬᠠᠷᠢᠴᠠᠭ᠎ᠠ ᠲᠠᠢ ︽ᠨᠤᠬᠠᠢ᠂ ᠮᠤᠷᠢ᠂ ᠲᠡᠮᠡᠭᠡ︾ ᠵᠡᠷᠭᠡ ᠠᠮᠢᠳᠠᠨ ᠲᠠᠢ

ᠬᠤᠯᠪᠤᠬᠳᠠᠬᠰᠠᠨ ᠤᠷᠠᠨ ᠨᠠᠶᠢᠷᠠᠭᠤᠯᠭ᠎ᠠ ᠶᠢᠨ ᠠᠷᠭ᠎ᠠ ᠶᠢ ᠴᠦ ᠤᠯᠠᠨ ᠭᠡᠷᠡᠭᠯᠡᠵᠡᠢ᠃ ᠵᠢᠱᠢᠶᠡᠯᠡᠪᠡᠯ᠄

︽ᠡᠨᠡ ︿ᠠᠵᠢᠷᠭᠠᠨ ᠬᠠᠷ᠎ᠠ﹀ ᠬᠦᠦ ᠬᠤᠵᠢᠮ ᠰᠢᠨᠳᠠᠰᠤ ᠲᠠᠢ ᠡᠷ᠎ᠡ ᠪᠤᠯᠬᠤ ᠨᠢ ᠡ︖ ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ

ᠪᠤᠯᠬᠤ ᠤᠨᠠᠭᠠᠨ ᠠᠴᠠ ᠪᠠᠨ ᠭᠡᠳᠡᠭ ᠤᠷᠦ ᠲᠠᠢ ᠦᠭᠡ ᠁︾ ︵ᠮᠦᠩᠭᠡ ᠶᠢᠨ ︽ᠬᠠᠠ ᠮᠤᠨᠠ ᠶᠢᠨ ᠰᠡᠬᠦᠷᠡᠰᠤ︾

 ᠠᠴᠠ︶ ︽ᠲᠠ ᠨᠠᠷ ᠤᠨ ᠭᠠᠷ ᠢ ᠴᠢᠨᠢ ᠭᠠᠨᠵᠤᠭ᠎ᠠ ᠳᠤ᠂ ᠬᠥᠯ ᠢ ᠴᠢᠨᠢ ᠲᠦᠷᠦᠬᠡ ᠳᠤ ᠬᠦᠷᠬᠡᠭᠰᠡᠨ ᠶᠤᠮ᠃︾ ︵ᠬᠤ ·

ᠪᠠᠳᠠᠢ ᠶᠢᠨ ︽ᠨᠢᠯᠬ᠎ᠠ ᠴᠡᠴᠡᠭ︾ ᠠᠴᠠ︶

        ᠲᠤᠭᠤᠵᠢᠰ ᠤᠨ ᠬᠦᠤᠷᠨᠢᠯ ᠤᠨ ᠰᠢᠨ᠎ᠡ ᠰᠡᠪᠡᠬᠦᠨ ᠰᠢᠨᠵᠢ

   ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠤᠯᠬᠢ ᠬᠡᠯᠡᠨ ᠤ ᠲᠤᠭᠤᠵᠢᠰ ᠤᠨ ᠵᠤᠬᠢᠶᠠᠯᠴᠢᠳ᠂ ᠬᠢᠳᠡᠳ ᠲᠤᠭᠤᠵᠢᠰ ᠪᠤᠯᠤᠨ

ᠭᠠᠳᠠᠭᠠᠳᠤ ᠶᠢᠨ ᠲᠤᠭᠤᠵᠢᠰ ᠤᠨ ᠬᠠᠮᠢᠶ᠎ᠠ ᠪᠦᠬᠦᠢ ᠮᠠᠲ᠋ᠧᠷᠢᠶᠡᠯ ᠢ ᠯᠠᠪᠯᠠᠵᠦ᠂ ᠲᠤᠭᠤᠵᠢᠰ ᠤᠨ ᠵᠤᠬᠢᠶᠠᠯ ᠤᠨ

ᠬᠦᠤᠷᠨᠢᠯ ᠤᠨ ᠠᠷᠭ᠎ᠠ ᠳᠠᠭᠠᠨ ᠰᠢᠨᠡᠴᠢᠯᠡᠯᠳᠡ ᠬᠢᠭᠰᠡᠨ ᠪᠠᠶᠢᠨ᠎ᠠ᠃

   ᠬᠦᠦᠷᠨᠢᠭᠴᠢ ᠶᠢᠨ ᠬᠠᠷᠠᠭᠠᠰᠦ ᠠᠴᠠ᠂ ᠲᠤᠭᠤᠵᠢᠰ ᠤᠨ ᠵᠤᠬᠢᠶᠠᠯ ᠤᠨ ᠬᠦᠦᠷᠨᠢᠬᠦ ᠠᠷᠭ᠎ᠠ ᠶᠢ ᠪᠦᠬᠦ ᠲᠠᠯ᠎ᠠ ᠠᠴᠠ ᠬᠦᠤᠷᠨᠢᠬᠦ᠂

ᠭᠤᠷᠪᠠᠳᠤᠭᠠᠷ ᠪᠡᠶ᠎ᠡ ᠶᠢᠨ ᠵᠤᠬᠰᠤᠯᠳᠠ ᠠᠴᠠ ᠬᠦᠤᠷᠨᠢᠬᠦ᠂ ᠲᠤᠭᠤᠵᠢᠰ ᠤᠨ ᠭᠤᠤᠯ ᠪᠠᠭᠠᠲᠤᠷ ᠠᠴᠠ ᠬᠦᠦᠷᠨᠢᠬᠦ

ᠭᠡᠵᠦ ᠬᠤᠪᠢᠶᠠᠵᠦ ᠪᠤᠯᠲᠠᠭ᠃ ᠵᠢᠱᠢᠶᠡᠯᠡᠪᠡᠯ᠄ ᠭᠠ᠊ · ᠰᠢᠷᠡᠪᠵᠠᠮᠰᠤ ᠶᠢᠨ ︽ᠬᠦᠮᠦᠨ ᠶᠠᠰᠤᠳᠤ ᠬᠠᠳᠠ︾ ᠳᠤ

ᠵᠠᠷᠢᠮ ᠳᠠᠭᠠᠨ ᠵᠤᠬᠢᠶᠠᠬᠴᠢ ᠠᠴᠠ᠂ ᠵᠠᠷᠢᠮ ᠳᠠᠭᠠᠨ ᠵᠤᠬᠢᠶᠠᠯ ᠤᠨ ᠭᠤᠤᠯ ᠪᠠᠭᠠᠳᠤᠷ ᠠᠴᠠ ᠵᠤᠬᠢᠶᠠᠯ ᠤᠨ

ᠤᠶᠢᠯᠡ ᠶᠠᠪᠤᠳᠠᠯ ᠳᠠᠭᠠᠨ ᠲᠤᠭᠠᠴᠢᠯᠲᠠ ᠬᠢᠭᠰᠡᠨ ᠪᠠᠶᠢᠨ᠎ᠠ᠃ ᠪᠠᠳᠪᠠ ᠶᠢᠨ ︽ᠬᠠᠷᠢᠬᠤ ᠬᠡᠷᠡᠯ︾ ᠳᠤ ᠵᠤᠬᠢᠶᠠᠯ ᠤᠨ

ᠪᠠᠭᠠᠳᠤᠷ ᠤᠯᠠᠭᠠᠳᠠᠢ ᠶᠢᠨ ᠡᠷᠬᠢᠴᠡᠬᠦᠯᠤᠯ ᠢᠶᠠᠷ ᠲᠡᠬᠦᠨ ᠤ ᠨᠢᠭᠡ ᠨᠠᠰᠤᠨ ᠤ ᠦᠡᠭᠭᠡᠷᠡᠯᠳᠡ ᠶᠢ ᠡᠷᠬᠢᠴᠡᠬᠦᠯᠦᠭᠰᠡᠨ ᠪᠠᠶᠢᠨ᠎ᠠ᠃

   ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠴᠠᠭ ᠲᠤᠬᠳᠠᠮᠠᠯ ᠪᠢᠰᠢ᠂ ᠡᠶᠢᠮᠦ ᠠᠴᠠ ᠤᠴᠢᠷ ᠶᠠᠪᠤᠳᠠᠯ ᠤᠨ ᠡᠬᠦᠰᠦᠭᠰᠡᠨ ᠲᠠᠰ

ᠲᠠᠷᠠᠭᠠᠯᠠᠯ ᠢᠶᠠᠷ ᠲᠤᠭᠠᠴᠢᠬᠤ ᠪᠢᠰᠢ᠂ ᠬᠠᠷᠢᠨ ᠵᠤᠬᠢᠶᠠᠯ ᠤᠨ ᠪᠠᠭᠠᠳᠤᠷ ᠤᠨ ᠰᠡᠳᠬᠢᠯ ᠤᠨ

ᠬᠦᠳᠡᠯᠬᠡᠬᠡᠨ ᠤ ᠯᠣᠬᠢᠭ ᠪᠤᠶᠤ ᠲᠡᠬᠦᠨ ᠤ ᠲᠦᠷᠰᠦᠯᠡᠨ ᠪᠤᠳᠤᠬᠤ ᠯᠣᠬᠢᠭ ᠤᠨ ᠲᠠᠷᠠᠭᠠᠯᠠᠯ ᠢᠶᠠᠷ ᠤᠴᠢᠷ

ᠶᠠᠪᠤᠳᠠᠯ ᠳᠠᠭᠠᠨ ᠲᠤᠭᠠᠴᠢᠯᠳᠠ ᠬᠢᠳᠡᠭ᠃ ᠵᠢᠱᠢᠶᠡᠯᠡᠪᠡᠯ᠄ ᠮᠠᠨᠳᠤᠮᠤᠢ ᠶᠢᠨ ︽ᠰᠢᠳᠦᠬᠡᠨ ᠭᠠᠯ︾

ᠪᠠ ︽ᠭᠤᠪᠢ ᠶᠢᠨ ᠬᠦᠨ ᠳᠤ︾ ᠬᠡᠬᠦ ᠲᠤᠭᠤᠵᠢᠰ ᠲᠤ᠂ ᠵᠤᠬᠢᠶᠠᠯ ᠤᠨ ᠪᠠᠭᠠᠳᠤᠷ ᠤᠨ ᠰᠡᠳᠬᠢᠯ ᠤᠨ ᠬᠦᠳᠡᠯᠬᠡᠬᠡᠨ ᠤ ᠴᠠᠭ ᠢᠶᠠᠷ ᠵᠠᠬᠪᠤᠷ

ᠪᠤᠯᠭᠠᠨ᠂ ᠵᠤᠬᠢᠶᠠᠯ ᠤᠨ ᠪᠠᠭᠠᠳᠤᠷ ᠤᠨ ᠲᠦᠷᠰᠦᠯᠡᠨ ᠪᠤᠳᠤᠯᠳᠠ ᠪᠠ ᠡᠷᠬᠢᠴᠡᠬᠦᠯᠤᠯ ᠤᠨ ᠲᠤᠮᠳᠠ ᠵᠤᠬᠢᠶᠠᠯ ᠤᠨ ᠤᠶᠢᠯᠡ ᠶᠠᠪᠤᠳᠠᠯ ᠢᠶᠠᠨ ᠬᠦᠭᠵᠢᠭᠦᠯᠵᠡᠢ᠃

   ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠬᠡᠯᠡᠯᠬᠡ ᠰᠢᠬᠦᠮᠵᠢ ᠴᠢᠨᠠᠷ ᠪᠠ ᠪᠡᠯᠭᠡᠳᠡᠯ ᠰᠢᠨᠵᠢ ᠲᠠᠢ᠃ ᠮᠠᠨᠳᠤᠮᠤᠢ ᠶᠢᠨ ︽ᠲᠦᠷᠪᠡᠨ

ᠴᠢᠬᠢᠳᠤ ᠴᠢᠨ᠋ᠸ᠎ᠠ ᠪᠠ ᠠᠩᠴᠢᠨ︾ ᠳᠤ ᠵᠤᠬᠢᠶᠠᠯ ᠤᠨ ᠪᠠᠭᠠᠳᠤᠷ ᠪᠠᠯᠳᠠᠨ ᠤ ᠬᠡᠯᠡᠯᠬᠡ ᠪᠠᠷ ᠬᠦᠮᠦᠨ ᠲᠦᠷᠦᠯᠬᠢᠳᠡᠨ ᠤ ᠬᠦᠢᠳᠡᠮᠰᠦᠭ᠂

ᠬᠤᠪᠢᠨᠴᠢᠷ ᠪᠠ ᠰᠢᠨᠤᠬᠠᠢ ᠴᠢᠨᠠᠷ ᠢ ᠰᠢᠬᠦᠮᠵᠢᠯᠡᠭᠰᠡᠨ ᠪᠢᠯᠡ᠃

   ᠨᠠᠷᠢᠪᠴᠢᠯᠠᠨ ᠰᠢᠨᠵᠢᠯᠡᠪᠡᠯ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠤᠨ ᠬᠡᠯᠡ

ᠬᠡᠯᠡᠯᠬᠡ ᠠᠮᠢᠳᠤᠯᠢᠭ ᠤᠶᠢᠯᠠᠭᠠᠮᠵᠢᠳᠡᠢ᠂ ᠦᠨᠳᠦᠰᠦᠳᠡᠨ ᠤ ᠤᠨᠴᠠᠯᠢᠭ ᠲᠠᠢ᠂ ᠲᠢᠭ ᠨᠠᠶᠢᠷᠠᠭᠤᠯᠭ᠎ᠠ ᠪᠠ ᠬᠦᠤᠷᠨᠢᠯ ᠤᠨ

ᠠᠷᠭ᠎ᠠ ᠶᠢᠨ ᠬᠤᠪᠢ ᠳᠤ᠂ ᠲᠡᠤᠬᠡᠨ ᠵᠤᠬᠢᠶᠠᠯ ᠤᠨ ᠬᠡᠪ ᠨᠠᠮᠪᠠ ᠶᠢ ᠤᠯᠠᠮᠵᠢᠯᠠᠬᠤ ᠪᠠ ᠰᠢᠨᠡᠴᠢᠯᠡᠵᠦ᠂ ᠭᠤᠸ᠎ᠠ

ᠲᠠᠭᠠᠰᠢᠶᠡᠯ ᠤᠨ ᠨᠦᠯᠦᠭᠡ ᠪᠠᠨ ᠨᠡᠮᠡᠭᠳᠡᠭᠦᠯᠦᠭᠰᠡᠨ ᠭᠡᠵᠦ ᠦᠵᠡᠵᠦ ᠪᠤᠯᠤᠨ᠎ᠠ᠃ ᠮᠤᠩᠭᠤᠯ

ᠦᠨᠳᠦᠰᠦᠳᠡᠨ ᠤ ᠤᠷᠠᠨ ᠵᠤᠬᠢᠶᠠᠯ ᠤᠨ ᠵᠤᠬᠢᠶᠠᠨ ᠪᠦᠲᠦᠬᠡᠯᠬᠡ ᠶᠢᠨ ᠬᠢᠷᠢ ᠲᠦᠪᠰᠢᠨ ᠢᠶᠠᠨ ᠨᠡᠩ ᠦᠨᠳᠤᠷ

ᠲᠦᠪᠰᠢᠨ ᠳᠤ ᠬᠦᠷᠬᠡᠬᠦ ᠶᠢᠨ ᠲᠦᠯᠦᠭᠡ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠲᠤᠭᠤᠵᠢᠰ ᠤᠨ

ᠵᠤᠬᠢᠶᠠᠯ ᠤᠨ ᠵᠤᠬᠢᠶᠠᠨ ᠪᠦᠲᠦᠭᠡᠯᠭᠡ ᠨᠢ ᠡᠷᠭᠡᠪᠰᠢ᠂ ᠦᠨᠳᠦᠰᠦᠳᠡᠨ ᠤ ᠤᠯᠠᠮᠵᠢᠯᠠᠯᠳᠤ ᠰᠤᠶᠤᠯ ᠲᠡᠭᠡᠷ᠎ᠠ ᠪᠠᠨ

ᠬᠥᠯ ᠲᠤᠬᠳᠠᠨ᠂ ᠪᠢᠴᠢᠯᠬᠡ ᠶᠢᠨ ᠠᠷᠭ᠎ᠠ ᠳᠠᠭᠠᠨ ᠰᠢᠨᠡᠴᠢᠯᠡᠯᠳᠡ ᠬᠢᠵᠦ᠂ ᠵᠤᠬᠢᠶᠠᠯ ᠪᠦᠳᠦᠬᠡᠯ ᠤᠨ ᠤᠯᠠᠨ ᠶᠠᠩᠵᠦᠳᠤ ᠰᠢᠨᠵᠢ ᠶᠢ ᠬᠦᠨᠳᠦᠳᠬᠡᠨ᠂

ᠴᠠᠭ ᠦᠶ᠎ᠡ ᠶᠢᠨ ᠪᠠᠶᠢᠳᠠᠯ ᠤᠷᠤᠭᠤ ᠠᠩᠬᠠᠷᠤᠯ ᠢᠶᠠᠨ ᠬᠠᠨᠳᠤᠭᠤᠯᠤᠬᠰᠠᠨ ᠪᠠᠶᠢᠬᠤ ᠭᠡᠷᠡᠭᠳᠡᠢ᠃

 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号