| ᠮᠤᠩᠭᠤᠯ ᠦᠨᠳᠦᠰᠦᠳᠡᠨ ᠤ ᠤᠳᠤ ᠦᠶ᠎ᠡ ᠶᠢᠨ ᠤᠷᠠᠨ ᠵᠤᠬᠢᠶᠠᠯ ᠤᠨ ᠲᠡᠤᠬᠡᠨ ᠳᠤ ᠤᠳᠤ ᠦᠶ᠎ᠡ ᠶᠢᠨ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ︵ᠲᠤᠷᠤᠬᠰᠢ ᠲᠤᠭᠤᠵᠢᠰ ᠤᠨ ᠵᠤᠬᠢᠶᠠᠯ ᠬᠡᠵᠤ ᠲᠦᠭᠦᠮᠴᠢᠯᠡᠨ᠎ᠠ︶ ᠤᠨ ᠵᠤᠬᠢᠶᠠᠨ | ᠪᠦᠳᠦᠬᠡᠯᠬᠡ 20 ᠳ᠋ᠤᠭᠠᠷ ᠵᠠᠭᠤᠨ ᠤ ᠲᠠᠪᠢ᠂ ᠵᠢᠷᠠᠠᠭᠤᠨ ᠤᠨ ᠠᠴᠠ ᠡᠬᠢᠯᠡᠵᠦ᠂ ᠠ᠊ · ᠤᠤᠽᠠᠷ᠂ | ᠮ᠊ · ᠠᠰᠠᠷ᠂ ᠬᠡᠷᠡᠯᠴᠤᠬᠳᠤ᠂ ᠬᠤ · ᠪᠠᠳᠠᠢ ᠵᠡᠷᠬᠡ ᠨᠡᠷᠡᠲᠦ ᠵᠤᠬᠢᠶᠠᠯᠴᠢᠳ ᠤᠨ ᠵᠤᠬᠢᠶᠠᠯ ᠪᠦᠲᠦᠭᠡᠯ ︽ᠦᠨᠢᠷ | ᠴᠡᠴᠡᠭ︾᠂ ︽ᠴᠤᠯᠮᠤᠨ︾ ᠮᠡᠳᠤ ᠶᠢᠨ ᠤᠷᠠᠨ ᠵᠤᠬᠢᠶᠠᠯ ᠤᠨ ᠰᠡᠳᠬᠦᠯ ᠳᠤ ᠨᠡᠶᠢᠳᠡᠯᠡᠭᠳᠡᠨ | ᠤᠩᠰᠢᠬᠴᠢᠳ ᠲᠤ ᠲᠠᠨᠢᠬᠳᠠᠵᠦ ᠪᠠᠶᠢᠯ᠎ᠠ᠃ 20 ᠳ᠋ᠤᠭᠠᠷ ᠵᠠᠭᠤᠨ ᠤ ᠨᠠᠶᠠ᠂ ᠶᠡᠷᠡᠬᠡᠳ ᠤᠨ ᠳᠤ᠂ | ᠲᠤᠭᠤᠵᠢᠰ ᠤᠨ ᠵᠤᠬᠢᠶᠠᠯ ᠤᠨ ᠵᠤᠬᠢᠶᠠᠨ ᠪᠦᠳᠦᠬᠡᠯᠬᠡ ᠤᠯᠠᠮ ᠪᠤᠯᠪᠠᠰᠤᠷᠠᠩᠭᠤᠢ ᠪᠤᠯᠵᠦ᠂ ᠨᠢᠭᠡ ᠪᠦᠯᠦᠭ ᠰᠢᠨ᠎ᠠ | ᠵᠤᠬᠢᠶᠠᠯᠴᠢᠳ ᠪᠠ ᠰᠢᠨ᠎ᠡ ᠪᠦᠳᠦᠬᠡᠯ ᠤᠳ ᠢᠯᠡᠷᠡᠵᠠᠢ᠃ ᠯᠢᠭᠳᠡᠨ᠂ ᠪᠠᠳᠪᠠ᠂ ᠰᠠᠶᠢᠨᠪᠠᠶᠠᠷ᠂ ᠪᠦᠷᠢᠨᠳᠡᠬᠦᠰ᠂ | ᠠᠶᠤᠩᠭ᠎ᠠ᠂ ᠮᠡᠨᠳᠤᠮᠤᠢ ᠵᠡᠷᠬᠡ ᠵᠤᠬᠢᠶᠠᠯᠴᠢᠳ ᠪᠤᠯ ᠲᠤᠰ ᠱᠠᠲᠦ ᠦᠶ᠎ᠡ ᠶᠢᠨ ᠲᠦᠯᠦᠬᠡᠯᠡᠬᠦ ᠴᠢᠨᠠᠷ ᠲᠠᠢ ᠵᠤᠬᠢᠶᠠᠯᠴᠢᠳ ᠪᠤᠯᠤᠨ᠎ᠠ᠃ | ᠨᠡᠩ ᠴᠦ 21 ᠳ᠋ᠤᠭᠡᠷ ᠵᠠᠭᠤᠨ ᠳᠤ ᠲᠠᠪᠰᠢᠨ ᠤᠷᠤᠬᠰᠠᠨ ᠠᠴᠠ ᠨᠠᠭᠠᠰᠢ᠂ ᠮᠤᠩᠭᠤᠯ ᠦᠨᠳᠦᠰᠦᠳᠡᠨ ᠤ ᠲᠦᠷᠦᠯᠬᠢ | ᠬᠡᠯᠡᠨ ᠤ ᠲᠤᠭᠤᠵᠢᠰ ᠤᠨ ᠵᠤᠬᠢᠶᠠᠯ ᠨᠢ ᠬᠦᠭᠵᠢᠯᠳᠡ ᠶᠢᠨ ᠰᠢᠨ᠎ᠡ ᠲᠦᠷᠢ ᠲᠦᠷᠬᠦ ᠪᠠᠷ ᠢᠶᠠᠨ ᠤᠡᠭᠰᠢᠬᠴᠢ | ᠤᠯᠠᠨ ᠤ ᠠᠩᠬᠠᠷᠤᠯ ᠢ ᠲᠠᠳᠠᠬᠰᠠᠨ ᠪᠦᠬᠡᠳ ᠲᠤᠭᠤᠵᠢᠰ ᠤᠨ ᠵᠤᠬᠢᠶᠠᠯ ᠤᠨ ᠲᠡᠬᠦᠪᠦᠷᠢ ᠨᠡᠯᠢᠶᠡᠳ ᠤᠯᠠᠨ ᠬᠡᠪᠯᠡᠭᠳᠡᠵᠡᠢ᠃ | | ᠤᠶᠢᠷ᠎ᠠ ᠶᠢᠨ ᠬᠡᠳᠤᠨ ᠵᠢᠯ ᠳᠤ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠤᠷᠠᠨ ᠵᠤᠬᠢᠶᠠᠯ ᠤᠨ | ᠤᠷᠴᠢᠭᠤᠯᠭ᠎ᠠ ᠶᠢᠨ ᠬᠦᠭᠵᠢᠯᠳᠡ ᠶᠢ ᠲᠠᠭᠠᠯᠳᠤᠨ᠂ ᠮᠤᠩᠭᠤᠯ ᠲᠤᠭᠤᠵᠢᠰ ᠤᠨ ᠪᠦᠳᠦᠬᠡᠯ | ᠬᠢᠳᠡᠳ ᠬᠡᠯᠡ ᠪᠠᠷ ᠲᠠᠮᠵᠢᠨ᠂ ᠠᠩᠭ᠍ᠯᠢ᠂ ᠹᠷᠠᠨᠼᠢ᠂ ᠭᠧᠷᠮᠨᠨ᠂ ᠶᠠᠫᠤᠨ ᠵᠡᠷᠬᠡ ᠬᠡᠯᠡ ᠪᠠᠷ ᠤᠷᠴᠢᠭᠤᠯᠤᠬᠳᠠᠨ᠂ ᠲᠡᠯᠡᠬᠡᠢ | ᠨᠡᠶᠢᠳᠡ ᠶᠢᠨ ᠤᠩᠰᠢᠬᠴᠢᠳ ᠤᠨ ᠠᠩᠬᠠᠷᠤᠯ ᠢ ᠲᠠᠲᠠᠭᠰᠠᠭᠠᠷ ᠢᠷᠡᠭᠰᠡᠨ ᠶᠤᠮ᠃ | ᠮᠤᠩᠭᠤᠯ ᠤᠷᠠᠨ ᠵᠤᠬᠢᠶᠠᠯ ᠤᠨ ᠦᠪ ᠪᠠᠶᠠᠨ ᠰᠤᠶᠤᠯ ᠤᠨ ᠰᠠᠩ ᠤᠨ ᠨᠢᠬᠡᠨ ᠰᠤᠪᠤᠳ ᠪᠤᠯᠤᠬᠰᠠᠨ ᠤ ᠬᠤᠪᠢ ᠳᠤ᠂ | ᠮᠤᠩᠭᠤᠯ ᠲᠤᠭᠤᠵᠢᠰ ᠨᠢ ᠮᠤᠩᠭᠤᠯ ᠠᠮᠢᠲᠤᠷᠠᠯ ᠢ ᠬᠠᠷᠠᠭᠤᠯᠤᠨ᠂ ᠮᠤᠩᠭᠤᠯ ᠰᠤᠶᠤᠯ ᠢ ᠲᠡᠯᠡᠭᠡᠢ ᠳᠤ ᠭᠠᠶᠢᠬᠠᠭᠤᠯᠤᠨ᠂ | ᠮᠤᠩᠭᠤᠯ ᠤᠡᠭᠰᠢᠭᠴᠢᠳ ᠤᠨ ᠰᠡᠳᠬᠢᠯ ᠤᠨ ᠬᠡᠬᠡᠪᠴᠢ ᠪᠤᠯᠵᠠᠢ᠃ ᠮᠤᠩᠭᠤᠯ ᠦᠨᠲᠦᠰᠦᠳᠡᠨ ᠤ ᠤᠲᠤ ᠦᠶ᠎ᠡ ᠶᠢᠨ | ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠤᠨ ᠰᠡᠳᠤᠪ ᠤᠨ ᠬᠦᠷᠢᠶ᠎ᠠ ᠬᠡᠪᠴᠢᠶ᠎ᠡ ᠨᠢ ᠦᠷᠬᠡᠨ᠂ ᠬᠡᠯᠡ | ᠬᠡᠯᠡᠯᠬᠡ ᠨᠢ ᠦᠨᠳᠦᠰᠦᠳᠡᠨ ᠤ ᠦᠨᠦᠷ ᠠᠮᠲᠠ ᠲᠠᠢ᠂ ᠬᠦᠤᠷᠨᠢᠯ ᠤᠨ ᠠᠷᠭ᠎ᠠ ᠨᠢ ᠰᠢᠨ᠎ᠠ | ᠰᠡᠪᠡᠬᠦᠨ ᠪᠠᠶᠢᠲᠠᠭ ᠢᠶᠠᠷ ᠢᠶᠠᠨ ᠤᠡᠭᠰᠢᠬᠴᠢᠳ ᠤᠨ ᠠᠩᠬᠠᠷᠤᠯ ᠢ ᠲᠠᠲᠠᠵᠦ᠂ ᠤᠷᠠᠨ ᠵᠤᠬᠢᠶᠠᠯ | ᠰᠤᠲᠤᠯᠤᠬᠴᠢᠳ ᠤᠨ ᠰᠤᠲᠤᠯᠭᠠᠨ ᠤ ᠰᠡᠲᠦᠪ ᠪᠤᠯᠤᠬᠰᠠᠭᠠᠷ ᠢᠷᠡᠵᠡᠢ᠃ | | | ᠲᠤᠭᠤᠵᠢᠰ ᠤᠨ ᠰᠡᠳᠤᠪ ᠤᠨ ᠤᠯᠠᠨ ᠶᠠᠩᠵᠦᠳᠤ ᠰᠢᠨᠵᠢ | ᠰᠢᠨ᠎ᠠ ᠲᠤᠮᠳᠠᠳᠤ ᠤᠯᠤᠰ ᠪᠠᠶᠢᠭᠤᠯᠤᠬᠳᠠᠬᠰᠠᠨ ᠠᠴᠠ ᠨᠠᠭᠠᠰᠢ᠂ ᠮᠤᠩᠭᠤᠯ ᠦᠨᠲᠦᠰᠦᠳᠡᠨ ᠤ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ᠤᠨ ᠵᠤᠬᠢᠶᠠᠨ ᠪᠦᠳᠦᠬᠡᠯᠬᠡ ᠢᠯᠡᠳᠳᠡ ᠠᠮᠵᠢᠯᠳᠠ ᠤᠯᠵᠦ᠂ ᠠᠮᠢ ᠠᠬᠤᠢ | ᠤᠷᠴᠢᠨ ᠲᠤᠭᠤᠷᠢᠨ ᠤ ᠰᠡᠲᠦᠪ ᠪᠦᠬᠦᠢ ᠲᠤᠭᠤᠵᠢᠰ᠂ ᠦᠭᠡᠷᠡᠴᠢᠯᠡᠯᠳᠡ ᠨᠡᠭᠡᠭᠡᠯᠳᠡ᠂ ᠲᠡᠤᠬᠡ ᠶᠢᠨ ᠦᠨᠡᠨ ᠭᠡᠷᠡᠭ ᠢᠶᠠᠷ ᠰᠡᠳᠤᠪᠯᠡᠭᠰᠡᠨ᠂ | ᠤᠷᠤᠨ ᠨᠤᠲᠤᠭ ᠤᠨ ᠤᠨᠴᠠᠯᠢᠭ ᠲᠠᠢ ᠲᠤᠭᠤᠵᠢᠰ ᠤᠨ ᠵᠤᠬᠢᠶᠠᠯ ᠮᠠᠰᠢ ᠤᠯᠠᠨ ᠢᠯᠡᠷᠡᠵᠠᠢ᠃ | ᠠᠮᠢ ᠠᠬᠤᠢ ᠤᠷᠴᠢᠨ ᠲᠤᠭᠤᠷᠢᠨ ᠤ ᠠᠰᠠᠭᠤᠲᠠᠯ ᠢ ᠬᠦᠨᠳᠡᠭᠰᠡᠨ ᠲᠤᠭᠤᠵᠢᠰ ᠤᠨ ᠪᠦᠳᠦᠬᠡᠯ ᠨᠢ ᠮᠤᠩᠭᠤᠯᠴᠤᠳ ᠤᠨ | ᠠᠮᠢ ᠠᠬᠤᠢ ᠶᠢᠨ ᠰᠤᠶᠤᠯ ᠢ ᠤᠯᠠᠮᠵᠢᠯᠠᠨ᠂ ᠨᠡᠶᠢᠬᠡᠮ ᠠᠬᠤᠢ ᠶᠢᠨ ᠬᠦᠭᠵᠢᠯᠳᠡ᠂ ᠠᠵᠦ ᠦᠢᠯᠡᠳᠪᠦᠷᠢᠵᠢᠯᠳᠡ ᠶᠢᠨ | ᠠᠬᠢᠴᠠ ᠶᠢ ᠲᠠᠭᠠᠯᠳᠤᠨ ᠢᠯᠡᠷᠡᠭᠰᠡᠨ ᠠᠮᠢ ᠠᠬᠤᠢ ᠶᠢᠨ ᠮᠠᠭᠤᠳᠠᠯ᠂ ᠭᠠᠵᠠᠷ ᠰᠢᠷᠤᠢ ᠶᠢᠨ | ᠡᠯᠡᠰᠤᠷᠭᠡᠭᠵᠢᠯ ᠵᠡᠷᠭᠡ ᠠᠰᠠᠭᠤᠲᠠᠯ ᠤᠨ ᠰᠢᠯᠳᠠᠭᠠᠨ᠂ ᠦᠷ᠎ᠠ ᠨᠦᠯᠦᠭᠡ ᠶᠢ | ᠲᠤᠭᠠᠴᠢᠬᠤ ᠶᠢᠨ ᠲᠠᠭᠠᠤ ᠠᠮᠢ ᠠᠬᠤᠢ ᠤᠷᠴᠢᠨ ᠲᠤᠭᠤᠷᠢᠨ ᠢᠶᠠᠨ ᠬᠠᠮᠠᠭᠠᠯᠠᠨ᠂ ᠬᠦᠮᠦᠨ | ᠪᠠ ᠪᠠᠶᠢᠭᠠᠯᠢ ᠶᠢᠨ ᠡᠶ᠎ᠡ ᠵᠤᠬᠢᠴᠠᠩᠭᠤᠢ ᠬᠠᠮᠲᠦ ᠪᠠᠷ ᠬᠦᠭᠵᠢᠬᠦ ᠦᠵᠡᠯᠳᠡ ᠶᠢ ᠲᠤᠭᠤᠵᠢᠰ ᠤᠨ ᠬᠡᠯᠡ ᠪᠠᠷ ᠲᠤᠷᠠᠲᠤᠨ | ᠭᠠᠷᠭᠠᠭᠰᠠᠨ ᠪᠠᠶᠢᠨ᠎ᠠ᠃ ᠵᠢᠱᠢᠶᠡᠯᠡᠪᠡᠯ᠂ ᠮᠠᠨᠳᠤᠮᠤᠢ ᠶᠢᠨ ︽ᠢᠮᠠᠭᠠᠳᠤ ᠭᠤᠸᠠᠢ︾᠂ ︽ᠪᠤᠭᠤᠷᠤᠯ | ᠰᠢᠳᠦᠬᠡᠨ︾᠂ ᠠᠶᠤᠩᠭ᠎ᠠ ᠶᠢᠨ ︽ᠲᠠᠭᠤᠳᠤ ᠭᠤᠪᠢ︾᠂ ︽ᠰᠢᠷ᠎ᠠ ᠲᠠᠯ᠎ᠠ ᠶᠢᠨ ᠡᠬᠢ︾᠂ ᠤ᠊ · | ᠪᠤᠶ᠋ᠬᠠᠦ᠋ᠯᠵᠡᠢ ᠶᠢᠨ ︽ᠢᠳᠡᠭᠡᠯᠳᠤ ᠮᠤᠳᠤᠨ ᠤ ᠦᠷ᠎ᠠ︾᠂ ︽ᠤᠷᠤᠭ ᠤᠨ | ᠲᠠᠷᠢᠶ᠎ᠠ︾ ᠵᠡᠷᠬᠡ ᠪᠦᠳᠦᠬᠡᠯ ᠳᠤ ᠠᠳᠠᠯᠢ ᠪᠤᠰᠤ ᠬᠠᠷᠠᠭ᠎ᠠ ᠠᠴᠠ ᠠᠮᠢ ᠠᠬᠤᠢ ᠶᠢᠨ ᠠᠰᠠᠭᠤᠳᠠᠯ ᠢ ᠲᠤᠰᠬᠠᠵᠦ᠂ | ᠬᠦᠮᠦᠰ ᠲᠤ ᠦᠵᠡᠯ ᠰᠠᠨᠠᠭᠠᠨ ᠤ ᠰᠡᠩᠬᠡᠷᠡᠬᠦᠯᠤᠯ ᠣᠯᠭᠤᠬᠤ ᠪᠠᠷ ᠬᠠᠷᠠᠯᠳᠠ ᠪᠠᠨ ᠪᠤᠯᠭᠠᠵᠠᠢ᠃ | ︽ᠤᠷᠤᠨ ᠨᠤᠳᠤᠭ ᠤᠨ ᠲᠤᠭᠤᠵᠢᠰ ᠪᠤᠯ ᠬᠦᠳᠡᠭᠡ ᠲᠤᠰᠬᠤᠨ ᠤ ᠠᠮᠢᠳᠤᠷᠠᠯ ᠢᠶᠠᠷ ᠰᠡᠳᠤᠪ ᠪᠤᠯᠭᠠᠬᠰᠠᠨ᠂ ᠤᠷᠤᠨ | ᠨᠤᠳᠤᠭ ᠤᠨ ᠤᠨᠴᠠᠯᠢᠭ ᠲᠠᠢ ᠨᠢᠭᠡ ᠪᠦᠯᠦᠭ ᠲᠤᠭᠤᠵᠢᠰ ᠤᠨ ᠪᠦᠳᠦᠬᠡᠯ ᠢ ᠬᠡᠯᠡᠵᠦ ᠪᠠᠶᠢᠨ᠎ᠠ︾᠃ | ᠮᠤᠩᠭᠤᠯ ᠤᠷᠤᠨ ᠨᠤᠳᠤᠭ ᠤᠨ ᠲᠤᠭᠤᠵᠢᠰ ᠲᠤ ᠬᠤᠷᠴᠢᠨ᠂ ᠤᠷᠳᠤᠰ᠂ ᠤᠶᠢᠷᠠᠳ ᠤᠨ ᠲᠤᠭᠤᠵᠢᠰ ᠨᠢ | ᠲᠤᠭᠤᠵᠢᠰ ᠤᠨ ᠰᠡᠳᠤᠪ᠂ ᠬᠡᠯᠡ ᠬᠡᠯᠡᠯᠬᠡ᠂ ᠪᠢᠴᠢᠯᠬᠡ ᠶᠢᠨ ᠠᠷᠭ᠎ᠠ ᠪᠠᠷᠢᠯ ᠤᠨ ᠲᠠᠯ᠎ᠠ ᠪᠠᠷ ᠪᠦᠷ | ᠦᠪᠡᠷ ᠦᠪᠡᠷ ᠤᠨ ᠢᠶᠠᠨ ᠤᠨᠴᠠᠯᠢᠭ ᠲᠠᠢ᠃ ᠪᠤᠲᠠᠲᠠᠶᠢᠴᠢᠯᠠᠨ ᠶᠠᠷᠢᠪᠠᠯ᠄ ᠬᠤᠷᠴᠢᠨ ᠨᠤᠲᠤᠭ ᠲᠠᠢ ᠵᠤᠬᠢᠶᠠᠯᠴᠢ | ᠪᠠᠳᠪᠠ ᠶᠢᠨ ︽ᠬᠠᠷᠢᠬᠤ ᠬᠡᠷᠡᠯ︾᠂ ᠪᠦᠬᠡᠳᠡᠯᠬᠡᠷ ᠤᠨ ︽ᠴᠡᠩᠬᠡᠷᠯᠡᠨ ᠬᠠᠷᠠᠬᠳᠠᠬᠤ ᠬᠦᠬᠡᠮᠳᠦᠭ | ᠠᠭᠤᠯᠠᠰ︾᠂ ᠪᠠᠳᠤᠮᠦ᠋ᠩᠭᠡ ᠪᠠ ᠣᠶᠤᠨ ᠤ ︽ᠮᠤᠩᠭᠤᠯᠵᠢᠨ ᠠᠪᠤ︾ ᠵᠡᠷᠭᠡ ᠪᠦᠳᠦᠬᠡᠯ ᠨᠢ ᠬᠤᠷᠴᠢᠨ | ᠮᠤᠩᠭᠤᠯᠴᠤᠳ ᠤᠨ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠮᠢᠳᠤᠷᠠᠯ ᠤᠨ ᠬᠡᠯᠪᠡᠷᠢ᠂ ᠵᠠᠩ | ᠵᠠᠩᠰᠢᠯ ᠪᠠ ᠲᠡᠤᠬᠡ ᠰᠤᠶᠤᠯ ᠢ ᠠᠮᠢᠳᠤᠯᠢᠭ ᠢᠶᠠᠷ ᠲᠤᠰᠬᠠᠵᠠᠢ᠃ | ᠦᠬᠡᠷᠡᠴᠢᠯᠡᠯᠳᠡ ᠨᠡᠭᠡᠭᠡᠯᠳᠡ ᠬᠢᠭᠰᠡᠨ ᠠᠴᠠ ᠨᠠᠭᠠᠰᠢ᠂ ᠠᠵᠤ ᠠᠬᠤᠢ ᠪᠠ ᠰᠤᠶᠤᠯ ᠤᠨ ᠦᠭᠡᠷᠡᠴᠢᠯᠡᠯᠳᠡ ᠶᠢ | ᠬᠡᠷᠡᠭᠵᠢᠬᠦᠯᠬᠦ ᠶᠠᠪᠤᠴᠠ ᠳᠤ ᠢᠯᠡᠷᠡᠭᠰᠡᠨ ᠲᠤᠪᠤᠶᠢᠮ᠎ᠠ ᠠᠰᠠᠭᠤᠳᠠᠯ ᠪᠠ | ᠦᠬᠡᠷᠡᠴᠢᠯᠡᠯᠳᠡ ᠶᠢᠨ ᠠᠮᠵᠢᠯᠳᠠ ᠶᠢ ᠲᠤᠰᠬᠠᠬᠰᠠᠨ ᠲᠤᠭᠤᠵᠢᠰ ᠤᠨ ᠵᠤᠬᠢᠶᠠᠯ ᠴᠦ | ᠮᠤᠩᠭᠤᠯ ᠲᠤᠭᠤᠵᠢᠰ ᠤᠨ ᠲᠤᠲᠤᠷ᠎ᠠ ᠪᠠᠰᠠ ᠮᠠᠰᠢ ᠶᠡᠭᠡ ᠬᠤᠪᠢ ᠶᠢᠨ ᠵᠢᠩ ᠢ ᠡᠵᠡᠯᠡᠳᠡᠭ ᠪᠠᠶᠢᠨ᠎ᠠ᠃ ᠡᠬᠦᠨ ᠳᠤ᠄ ᠵᠠ᠊ · | ᠬᠡᠰᠢᠭᠳᠦ ᠶᠢᠨ ︽ᠤᠭᠠᠯᠵᠠᠨ ᠬᠡ ᠲᠠᠢ ᠡᠮᠡᠭᠡᠯ︾᠂ ᠬᠤ · ᠪᠠᠳᠠᠢ ᠶᠢᠨ ︽ᠴᠢᠳᠠᠯᠳᠤ ᠶᠢᠨ ᠤᠴᠠᠷᠠᠯ︾᠂ | ᠦᠯᠵᠡᠶᠢᠪᠦᠷᠢᠨ ᠤ ︽ᠡᠷᠢᠶᠡᠨ ᠳᠠᠬᠢ ᠡᠳᠤᠷ ᠬᠤᠨᠤᠭ ᠤᠳ︾ ᠵᠡᠷᠭᠡ ᠲᠤᠭᠤᠵᠢᠰ ᠤᠨ | ᠪᠦᠳᠦᠬᠡᠯ ᠨᠢ ᠠᠳᠠᠯᠢ ᠪᠤᠰᠤ ᠬᠠᠷᠠᠭᠠᠰᠦ ᠠᠴᠠ᠂ ᠠᠳᠠᠯᠢ ᠪᠤᠰᠤ ᠤᠷᠠᠯᠢᠭ ᠤᠨ ᠢᠯᠡᠷᠡᠬᠦᠯᠬᠦ ᠠᠷᠭ᠎ᠠ | ᠪᠠᠷᠢᠯ ᠢᠶᠠᠷ ᠦᠭᠡᠷᠡᠴᠢᠯᠡᠯᠳᠡ ᠨᠡᠭᠡᠭᠡᠯᠳᠡ ᠬᠢᠬᠦ ᠶᠠᠪᠤᠴᠠ ᠳᠠᠬᠢ ᠠᠮᠢᠳᠤᠷᠠᠯ ᠤᠨ ᠬᠤᠪᠢᠷᠠᠯᠳᠠ ᠶᠢ ᠬᠠᠷᠠᠭᠤᠯᠵᠠᠢ᠃ | ᠲᠡᠤᠬᠡᠨ ᠰᠡᠳᠤᠪᠳᠤ ᠲᠤᠭᠤᠵᠢᠰ ᠨᠢ ᠦᠨᠳᠦᠰᠦᠳᠡᠨ ᠤ ᠲᠡᠤᠬᠡᠳᠤ ᠬᠦᠮᠦᠨ᠂ ᠲᠡᠤᠬᠡᠳᠤ ᠤᠴᠢᠷ ᠠᠴᠠ ᠰᠡᠳᠦᠪᠯᠡᠵᠦ᠂ | ᠦᠨᠳᠦᠰᠦᠳᠡᠨ ᠤ ᠪᠠᠨ ᠤᠯᠠᠮᠵᠢᠯᠠᠯᠳᠤ ᠲᠡᠤᠬᠡ ᠰᠤᠶᠤᠯ ᠤᠨ ᠦᠨ᠎ᠡ ᠦᠷᠳᠡᠭ ᠢ | ᠲᠠᠬᠢᠨ ᠢᠯᠡᠷᠡᠬᠦᠯᠬᠦ ᠶᠢ ᠵᠤᠷᠢᠬᠰᠠᠨ ᠪᠠᠶᠢᠨ᠎ᠠ᠃ ᠮ᠊ · ᠬᠠᠰᠪᠠᠭᠠᠨ᠎ᠠ ᠶᠢᠨ ︽ᠵᠠᠰᠠᠭ ᠤᠨ ᠬᠤᠳᠤᠭᠤᠷ︾᠂ | ᠴ᠊ · ᠪᠦᠬᠡᠳᠡᠯᠬᠡᠷ ᠤᠨ ︽ᠮᠢᠳᠡᠨ ᠬᠠᠳᠤᠨ︾᠂ ᠬᠡᠷᠡᠯᠳᠦ ᠶᠢᠨ ︽ᠨᠠᠷᠠᠨ ᠰᠠᠷᠠᠨ ᠮᠤᠳᠤ︾ ᠵᠡᠷᠬᠡ ᠷᠤᠮᠠᠨ ᠨᠢ | ᠲᠡᠤᠬᠡ ᠶᠢᠨ ᠲᠤᠬᠠᠢ ᠡᠷᠬᠢᠴᠡᠬᠦᠯᠤᠯ ᠪᠠ ᠲᠤᠷᠠᠰᠤᠮᠵᠢ ᠪᠠᠷ ᠲᠠᠮᠵᠢᠨ᠂ ᠦᠩᠭᠡᠷᠡᠭᠰᠡᠨ ᠲᠡᠤᠬᠡᠨ ᠳᠤ | ᠲᠠᠶᠢᠯᠪᠤᠷᠢᠯᠠᠯ ᠬᠢᠭᠰᠡᠨ ᠪᠠᠶᠢᠨ᠎ᠠ᠃ | ᠡᠬᠦᠨ ᠠᠴᠠ ᠭᠠᠳᠠᠨ᠎ᠠ᠂ ᠤᠲᠤ ᠦᠶ᠎ᠡ ᠶᠢᠨ ᠮᠤᠩᠭᠤᠯ ᠲᠤᠭᠤᠵᠢᠰ ᠤᠨ ᠪᠦᠲᠦᠭᠡᠯ ᠳᠤ᠂ ᠬᠤᠪᠢᠰᠬᠠᠯᠳᠤ ᠦᠵᠡᠯ ᠤᠨ ᠲᠤᠭᠤᠵᠢᠰ᠂ | ᠨᠡᠶᠢᠭᠡᠮ ᠵᠢᠷᠤᠮ ᠤᠨ ᠪᠦᠳᠦᠬᠡᠨ ᠪᠠᠶᠢᠭᠤᠯᠤᠯᠳᠡ ᠶᠢᠨ ᠰᠡᠲᠦᠪᠲᠦ ᠲᠤᠭᠤᠵᠢᠰ᠂ ᠰᠤᠶᠤᠯ ᠤᠨ ᠲᠤᠬᠠᠢ ᠪᠤᠳᠤᠯᠭᠠᠰᠢᠷᠠᠯ ᠤᠨ | ᠲᠤᠭᠤᠵᠢᠰ ᠵᠡᠷᠬᠡ ᠪᠤᠢ᠃ ᠨᠡᠶᠢᠭᠡᠮ ᠤᠨ ᠬᠦᠭᠵᠢᠯᠳᠡ᠂ ᠠᠵᠦ ᠠᠬᠤᠢ ᠶᠢᠨ ᠬᠦᠭᠵᠢᠯᠳᠡ ᠶᠢ ᠲᠠᠭᠠᠯᠳᠤᠨ᠂ | ᠲᠦᠷᠦᠯᠬᠢ ᠬᠡᠯᠡᠨ ᠤ ᠲᠤᠭᠤᠵᠢᠰ ᠤᠨ ᠰᠡᠳᠤᠪ ᠠᠭᠠᠵᠢᠮ ᠢᠶᠠᠷ ᠦᠷᠭᠡᠵᠢᠨ᠂ ᠨᠡᠶᠢᠬᠡᠮ ᠠᠮᠢᠲᠤᠷᠠᠯ ᠤᠨ | ᠲᠠᠯ᠎ᠠ ᠪᠦᠷᠢ ᠶᠢ ᠲᠤᠰᠬᠠᠨ᠂ ᠲᠤᠭᠤᠵᠢᠰ ᠤᠨ ᠵᠤᠬᠢᠶᠠᠯ ᠤᠨ ᠠᠭᠤᠯᠭ᠎ᠠ ᠪᠠ ᠬᠡᠯᠪᠡᠷᠢ ᠶᠢᠨ ᠰᠢᠨ᠎ᠡ ᠶᠢ ᠡᠬᠦᠳᠴᠡᠢ᠃ | | | | ᠲᠤᠭᠤᠵᠢᠰ ᠤᠨ ᠬᠡᠯᠡ ᠬᠡᠯᠡᠯᠬᠡ ᠶᠢᠨ ᠤᠷᠠᠯᠢᠭ ᠰᠢᠨᠵᠢ | ᠲᠤᠭᠤᠵᠢᠰ ᠤᠨ ᠵᠤᠬᠢᠶᠠᠯ ᠪᠤᠯ ᠤᠷᠠᠨ ᠵᠤᠬᠢᠶᠠᠯ ᠤᠨ ᠨᠢᠬᠡᠨ ᠲᠠᠯᠠᠰᠲᠦ᠂ ᠦᠨᠲᠦᠰᠦᠳᠡᠨ ᠤ ᠰᠤᠶᠤᠯ ᠤᠨ ᠨᠢᠬᠡᠨ | ᠴᠢᠬᠤᠯᠠ ᠠᠴᠢᠶᠠᠯᠠᠪᠦᠷᠢ ᠪᠤᠯᠬᠤ ᠶᠤᠮ᠃ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ | ᠬᠡᠯᠡᠨ ᠤ ᠲᠤᠭᠤᠵᠢᠰ ᠤᠨ ᠵᠤᠬᠢᠶᠠᠯ ᠳᠤ ᠦᠨᠲᠦᠰᠦᠳᠡᠨ ᠤ ᠰᠤᠶᠤᠯ ᠤᠨ ᠠᠭᠤᠯᠭ᠎ᠠ ᠶᠢ ᠤᠨᠤᠪᠴᠢᠳᠠᠢ ᠢᠯᠡᠳᠬᠡᠵᠦ᠂ | ᠦᠨᠳᠦᠰᠦᠳᠡᠨ ᠤ ᠤᠷᠠᠨ ᠵᠤᠬᠢᠶᠠᠯ ᠤᠨ ᠬᠡᠯᠡᠨ ᠤ ᠦᠪᠡᠷᠮᠢᠴᠠ ᠴᠢᠨᠠᠷ ᠢ ᠬᠦᠢᠴᠡᠳ ᠢᠯᠡᠷᠡᠬᠦᠯᠵᠠᠢ᠃ ᠲᠤᠬᠠᠢᠢᠯᠠᠪᠠᠯ᠂ | ᠮᠤᠩᠭᠤᠯ ᠦᠨᠲᠦᠰᠦᠳᠡᠨ ᠤ ᠤᠳᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠳᠤ ᠮᠠᠰᠢ | ᠤᠯᠠᠨ ᠦᠨᠳᠦᠰᠦᠳᠡᠨ ᠤ ᠤᠨᠴᠠᠯᠢᠭ ᠲᠠᠢ ᠬᠦᠮᠦᠨ ᠤ ᠨᠠᠷᠠ᠂ ᠭᠠᠵᠠᠷ ᠤᠨ ᠨᠠᠷ᠎ᠡ ᠢᠯᠡᠷᠡᠭᠰᠡᠨ ᠢᠶᠠᠷ ᠪᠠᠷᠠᠬᠤ ᠦᠬᠡᠢ᠂ | ᠮᠤᠩᠭᠤᠯᠴᠤᠳ ᠤᠨ ᠡᠳᠤᠷ ᠲᠤᠳᠤᠮ ᠤᠨ ᠠᠮᠢᠳᠤᠷᠠᠯ ᠤᠶᠢᠯᠡᠳᠪᠦᠷᠢᠯᠡᠯ ᠤᠨ ᠬᠡᠯᠪᠡᠷᠢ᠂ ᠱᠠᠰᠢᠨ ᠰᠢᠳᠦᠯᠬᠡ᠂ ᠦᠷᠳᠡᠭ ᠤᠨ | ᠦᠵᠡᠯᠳᠡ ᠶᠢ ᠬᠠᠷᠠᠭᠤᠯᠤᠬᠰᠠᠨ ᠦᠭᠡᠰ ᠢ ᠬᠡᠷᠡᠭᠯᠡᠵᠦ ᠵᠤᠬᠢᠶᠠᠯ ᠤᠨ ᠦᠨᠳᠦᠰᠦᠳᠡᠨ ᠤ ᠤᠨᠴᠠᠯᠢᠭ ᠢ ᠤᠯᠠᠮ ᠨᠢᠬᠡ ᠠᠯᠬᠤᠮ | ᠲᠤᠪᠤᠶᠢᠯᠭᠠᠪᠠ᠃ ᠪᠤᠲᠠᠲᠠᠢ ᠵᠢᠱᠢᠶ᠎ᠡ ᠠᠴᠠ ᠬᠡᠲᠦ ᠲᠠᠲᠠᠶ᠎ᠠ᠄ | ︽ᠠᠢ︕ ᠲᠡᠬᠦᠨ ᠢ ᠤᠯᠤᠰ ᠤᠳ ︿ᠱᠠᠬᠳᠠᠷ ᠰᠤᠯᠢᠶᠠᠳᠤ﹀ ᠶᠢ ᠤᠯᠠᠨ ᠤᠩᠰᠢᠬᠰᠠᠨ ᠠᠴᠠ ᠲᠡᠶᠢᠮᠤ ᠪᠤᠯᠪᠠ ᠭᠡᠵᠡᠬᠡᠳᠡᠭ᠃ | ︾ ︵ᠯᠢᠭᠳᠡᠨ ᠤ ︽ᠤᠯᠠᠨ ᠦᠭᠡᠳᠤ ᠶᠢᠨ ᠬᠤᠪᠢ ᠵᠠᠶᠠᠭ᠎ᠠ︾ ᠠᠴᠠ︶ | ︽ᠲᠡᠳᠡ ᠯᠠᠪ ᠠᠯᠠᠯᠳᠤᠵᠦ ᠪᠠᠶᠢᠭ᠎ᠠ ᠪᠠᠶᠢᠯᠬᠦᠢ︕ ᠭᠤᠷᠪᠠᠨ ᠨᠠᠰᠤᠳᠠᠢ ᠭᠤᠨᠠᠭᠠᠨ ᠤᠯᠠᠭᠠᠨ᠂ ᠠᠷᠪᠠᠨ ᠬᠤᠶᠠᠷ | ᠲᠤᠯᠤᠭᠠᠢ ᠲᠠᠢ ᠠᠷᠵᠠᠭ ᠬᠠᠷ᠎ᠠ ᠮᠠᠩᠭᠤᠰ᠃︾ ︵ᠰᠠᠶᠢᠨᠪᠠᠶᠠᠷ ᠤᠨ ︽ᠲᠤᠮᠳᠠ ᠨᠠᠰᠤ | ᠮᠠᠨᠳᠤᠳᠤᠭᠠᠢ︾ ᠠᠴᠠ︶ | ᠡᠨᠡ ᠬᠤᠶᠠᠷ ᠵᠢᠱᠢᠶ᠎ᠡ ᠨᠢ ᠤᠲᠤ ᠦᠶ᠎ᠡ ᠶᠢᠨ ᠲᠤᠭᠤᠵᠢᠰ ᠤᠨ ᠵᠤᠬᠢᠶᠠᠯ ᠤᠨ ᠲᠤᠳᠤᠷᠠᠬᠢ ᠬᠡᠯᠡᠴᠡ ᠦᠬᠡ᠂ ᠲᠤᠮᠤᠭ᠂ | ᠰᠤᠶᠤᠯ ᠤᠨ ᠲᠦᠷᠢ᠂ ᠵᠠᠩ ᠲᠠᠳᠬᠠᠯ ᠵᠡᠷᠭᠡ ᠦᠨᠳᠦᠰᠦᠳᠡᠨ ᠤ ᠰᠤᠶᠤᠯ ᠤᠨ ᠤᠨᠴᠠᠯᠢᠭ ᠢ ᠢᠯᠡᠷᠡᠬᠦᠯᠵᠦ ᠴᠢᠲᠠᠬᠰᠠᠨ ᠢᠶᠠᠷ | ᠦᠯᠦ ᠪᠠᠷᠠᠮ ᠲᠦᠷᠦᠯᠬᠢ ᠬᠡᠯᠡᠨ ᠤ ᠭᠤᠸ᠎ᠠ ᠰᠠᠶᠢᠬᠠᠨ ᠢ ᠭᠠᠶᠢᠬᠠᠭᠤᠯᠵᠦ ᠴᠢᠳᠠᠵᠠᠢ᠃ | ᠤᠷᠠᠨ ᠨᠠᠶᠢᠷᠠᠭᠤᠯᠭ᠎ᠠ ᠶᠢᠨ ᠬᠤᠪᠢ ᠳᠤ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ᠳᠤ ᠦᠨᠳᠦᠰᠦᠳᠡᠨ ᠤ ᠤᠨᠴᠠᠯᠢᠭ ᠲᠠᠢ ᠵᠦᠢᠷᠯᠠᠯ᠂ ᠬᠦᠮᠦᠨᠴᠢᠯᠡᠯ᠂ | ᠲᠠᠪᠠᠭᠤᠯᠤᠯ ᠪᠠ ᠬᠤᠤᠰᠯᠠᠭᠤᠯᠤᠯ ᠤᠨ ᠠᠷᠭ᠎ᠠ ᠶᠢ ᠬᠡᠷᠡᠭᠯᠡᠭᠰᠡᠨ ᠠᠴᠠ ᠬᠡᠯᠡ ᠬᠡᠯᠡᠯᠬᠡ ᠨᠢ ᠠᠮᠢᠳᠤ ᠲᠦᠷᠰᠦᠯᠢᠭ᠂ | ᠤᠩᠰᠢᠬᠴᠢᠳ ᠲᠤ ᠬᠦᠨᠵᠡᠭᠡᠢ ᠲᠦᠷᠦᠭᠳᠡᠯ ᠥᠭᠴᠦ ᠴᠢᠳᠠᠬᠰᠠᠨ ᠪᠠᠶᠢᠨ᠎ᠠ᠃ ᠮᠤᠩᠭᠤᠯ ᠦᠨᠳᠦᠰᠦᠳᠡᠨ ᠤ ᠡᠳᠤᠷ | ᠲᠤᠳᠤᠮ ᠤᠨ ᠠᠮᠢᠳᠤᠷᠠᠯ ᠲᠠᠢ ᠨᠢᠬᠳᠠ ᠬᠠᠷᠢᠴᠠᠭ᠎ᠠ ᠲᠠᠢ ︽ᠨᠤᠬᠠᠢ᠂ ᠮᠤᠷᠢ᠂ ᠲᠡᠮᠡᠭᠡ︾ ᠵᠡᠷᠭᠡ | ᠠᠮᠢᠳᠠᠨ ᠲᠠᠢ ᠬᠤᠯᠪᠤᠬᠳᠠᠬᠰᠠᠨ ᠤᠷᠠᠨ ᠨᠠᠶᠢᠷᠠᠭᠤᠯᠭ᠎ᠠ ᠶᠢᠨ ᠠᠷᠭ᠎ᠠ ᠶᠢ ᠴᠦ ᠤᠯᠠᠨ ᠭᠡᠷᠡᠭᠯᠡᠵᠡᠢ᠃ | ᠵᠢᠱᠢᠶᠡᠯᠡᠪᠡᠯ᠄ ︽ᠡᠨᠡ ︿ᠠᠵᠢᠷᠭᠠᠨ ᠬᠠᠷ᠎ᠠ﹀ ᠬᠦᠦ ᠬᠤᠵᠢᠮ ᠰᠢᠨᠳᠠᠰᠤ ᠲᠠᠢ ᠡᠷ᠎ᠡ ᠪᠤᠯᠬᠤ ᠨᠢ ᠡ︖ ᠬᠦᠮᠦᠨ | ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ ᠭᠡᠳᠡᠭ ᠤᠷᠦ ᠲᠠᠢ ᠦᠭᠡ ᠁︾ | ︵ᠮᠦᠩᠭᠡ ᠶᠢᠨ ︽ᠬᠠᠠ ᠮᠤᠨᠠ ᠶᠢᠨ ᠰᠡᠬᠦᠷᠡᠰᠤ︾ ᠠᠴᠠ︶ ︽ᠲᠠ ᠨᠠᠷ ᠤᠨ ᠭᠠᠷ ᠢ ᠴᠢᠨᠢ | ᠭᠠᠨᠵᠤᠭ᠎ᠠ ᠳᠤ᠂ ᠬᠥᠯ ᠢ ᠴᠢᠨᠢ ᠲᠦᠷᠦᠬᠡ ᠳᠤ ᠬᠦᠷᠬᠡᠭᠰᠡᠨ ᠶᠤᠮ᠃︾ ︵ᠬᠤ · ᠪᠠᠳᠠᠢ ᠶᠢᠨ ︽ᠨᠢᠯᠬ᠎ᠠ ᠴᠡᠴᠡᠭ︾ | ᠠᠴᠠ︶ | | | ᠲᠤᠭᠤᠵᠢᠰ ᠤᠨ ᠬᠦᠤᠷᠨᠢᠯ ᠤᠨ ᠰᠢᠨ᠎ᠡ ᠰᠡᠪᠡᠬᠦᠨ ᠰᠢᠨᠵᠢ | ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠤᠯᠬᠢ ᠬᠡᠯᠡᠨ ᠤ ᠲᠤᠭᠤᠵᠢᠰ ᠤᠨ ᠵᠤᠬᠢᠶᠠᠯᠴᠢᠳ᠂ ᠬᠢᠳᠡᠳ | ᠲᠤᠭᠤᠵᠢᠰ ᠪᠤᠯᠤᠨ ᠭᠠᠳᠠᠭᠠᠳᠤ ᠶᠢᠨ ᠲᠤᠭᠤᠵᠢᠰ ᠤᠨ ᠬᠠᠮᠢᠶ᠎ᠠ ᠪᠦᠬᠦᠢ ᠮᠠᠲ᠋ᠧᠷᠢᠶᠡᠯ ᠢ ᠯᠠᠪᠯᠠᠵᠦ᠂ | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠠᠷᠭ᠎ᠠ ᠳᠠᠭᠠᠨ ᠰᠢᠨᠡᠴᠢᠯᠡᠯᠳᠡ ᠬᠢᠭᠰᠡᠨ ᠪᠠᠶᠢᠨ᠎ᠠ᠃ | ᠬᠦᠦᠷᠨᠢᠭᠴᠢ ᠶᠢᠨ ᠬᠠᠷᠠᠭᠠᠰᠦ ᠠᠴᠠ᠂ ᠲᠤᠭᠤᠵᠢᠰ ᠤᠨ ᠵᠤᠬᠢᠶᠠᠯ ᠤᠨ ᠬᠦᠦᠷᠨᠢᠬᠦ ᠠᠷᠭ᠎ᠠ ᠶᠢ ᠪᠦᠬᠦ ᠲᠠᠯ᠎ᠠ ᠠᠴᠠ ᠬᠦᠤᠷᠨᠢᠬᠦ᠂ | ᠭᠤᠷᠪᠠᠳᠤᠭᠠᠷ ᠪᠡᠶ᠎ᠡ ᠶᠢᠨ ᠵᠤᠬᠰᠤᠯᠳᠠ ᠠᠴᠠ ᠬᠦᠤᠷᠨᠢᠬᠦ᠂ ᠲᠤᠭᠤᠵᠢᠰ ᠤᠨ ᠭᠤᠤᠯ ᠪᠠᠭᠠᠲᠤᠷ ᠠᠴᠠ ᠬᠦᠦᠷᠨᠢᠬᠦ ᠭᠡᠵᠦ | ᠬᠤᠪᠢᠶᠠᠵᠦ ᠪᠤᠯᠲᠠᠭ᠃ ᠵᠢᠱᠢᠶᠡᠯᠡᠪᠡᠯ᠄ ᠭᠠ᠊ · ᠰᠢᠷᠡᠪᠵᠠᠮᠰᠤ ᠶᠢᠨ ︽ᠬᠦᠮᠦᠨ ᠶᠠᠰᠤᠳᠤ ᠬᠠᠳᠠ︾ | ᠳᠤ ᠵᠠᠷᠢᠮ ᠳᠠᠭᠠᠨ ᠵᠤᠬᠢᠶᠠᠬᠴᠢ ᠠᠴᠠ᠂ ᠵᠠᠷᠢᠮ ᠳᠠᠭᠠᠨ ᠵᠤᠬᠢᠶᠠᠯ ᠤᠨ ᠭᠤᠤᠯ ᠪᠠᠭᠠᠳᠤᠷ ᠠᠴᠠ ᠵᠤᠬᠢᠶᠠᠯ ᠤᠨ ᠤᠶᠢᠯᠡ | ᠶᠠᠪᠤᠳᠠᠯ ᠳᠠᠭᠠᠨ ᠲᠤᠭᠠᠴᠢᠯᠲᠠ ᠬᠢᠭᠰᠡᠨ ᠪᠠᠶᠢᠨ᠎ᠠ᠃ ᠪᠠᠳᠪᠠ ᠶᠢᠨ ︽ᠬᠠᠷᠢᠬᠤ ᠬᠡᠷᠡᠯ︾ | ᠳᠤ ᠵᠤᠬᠢᠶᠠᠯ ᠤᠨ ᠪᠠᠭᠠᠳᠤᠷ ᠤᠯᠠᠭᠠᠳᠠᠢ ᠶᠢᠨ ᠡᠷᠬᠢᠴᠡᠬᠦᠯᠤᠯ ᠢᠶᠠᠷ ᠲᠡᠬᠦᠨ ᠤ ᠨᠢᠭᠡ ᠨᠠᠰᠤᠨ ᠤ ᠦᠡᠭᠭᠡᠷᠡᠯᠳᠡ ᠶᠢ | ᠡᠷᠬᠢᠴᠡᠬᠦᠯᠦᠭᠰᠡᠨ ᠪᠠᠶᠢᠨ᠎ᠠ᠃ | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠴᠠᠭ ᠲᠤᠬᠳᠠᠮᠠᠯ ᠪᠢᠰᠢ᠂ ᠡᠶᠢᠮᠦ ᠠᠴᠠ ᠤᠴᠢᠷ ᠶᠠᠪᠤᠳᠠᠯ ᠤᠨ | ᠡᠬᠦᠰᠦᠭᠰᠡᠨ ᠲᠠᠰ ᠲᠠᠷᠠᠭᠠᠯᠠᠯ ᠢᠶᠠᠷ ᠲᠤᠭᠠᠴᠢᠬᠤ ᠪᠢᠰᠢ᠂ ᠬᠠᠷᠢᠨ ᠵᠤᠬᠢᠶᠠᠯ ᠤᠨ ᠪᠠᠭᠠᠳᠤᠷ ᠤᠨ | ᠰᠡᠳᠬᠢᠯ ᠤᠨ ᠬᠦᠳᠡᠯᠬᠡᠬᠡᠨ ᠤ ᠯᠣᠬᠢᠭ ᠪᠤᠶᠤ ᠲᠡᠬᠦᠨ ᠤ ᠲᠦᠷᠰᠦᠯᠡᠨ ᠪᠤᠳᠤᠬᠤ ᠯᠣᠬᠢᠭ ᠤᠨ | ᠲᠠᠷᠠᠭᠠᠯᠠᠯ ᠢᠶᠠᠷ ᠤᠴᠢᠷ ᠶᠠᠪᠤᠳᠠᠯ ᠳᠠᠭᠠᠨ ᠲᠤᠭᠠᠴᠢᠯᠳᠠ ᠬᠢᠳᠡᠭ᠃ ᠵᠢᠱᠢᠶᠡᠯᠡᠪᠡᠯ᠄ | ᠮᠠᠨᠳᠤᠮᠤᠢ ᠶᠢᠨ ︽ᠰᠢᠳᠦᠬᠡᠨ ᠭᠠᠯ︾ ᠪᠠ ︽ᠭᠤᠪᠢ ᠶᠢᠨ ᠬᠦᠨ ᠳᠤ︾ ᠬᠡᠬᠦ ᠲᠤᠭᠤᠵᠢᠰ ᠲᠤ᠂ | ᠵᠤᠬᠢᠶᠠᠯ ᠤᠨ ᠪᠠᠭᠠᠳᠤᠷ ᠤᠨ ᠰᠡᠳᠬᠢᠯ ᠤᠨ ᠬᠦᠳᠡᠯᠬᠡᠬᠡᠨ ᠤ ᠴᠠᠭ ᠢᠶᠠᠷ ᠵᠠᠬᠪᠤᠷ ᠪᠤᠯᠭᠠᠨ᠂ ᠵᠤᠬᠢᠶᠠᠯ ᠤᠨ ᠪᠠᠭᠠᠳᠤᠷ ᠤᠨ | ᠲᠦᠷᠰᠦᠯᠡᠨ ᠪᠤᠳᠤᠯᠳᠠ ᠪᠠ ᠡᠷᠬᠢᠴᠡᠬᠦᠯᠤᠯ ᠤᠨ ᠲᠤᠮᠳᠠ ᠵᠤᠬᠢᠶᠠᠯ ᠤᠨ ᠤᠶᠢᠯᠡ ᠶᠠᠪᠤᠳᠠᠯ ᠢᠶᠠᠨ ᠬᠦᠭᠵᠢᠭᠦᠯᠵᠡᠢ᠃ | | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠬᠡᠯᠡᠯᠬᠡ ᠰᠢᠬᠦᠮᠵᠢ ᠴᠢᠨᠠᠷ ᠪᠠ ᠪᠡᠯᠭᠡᠳᠡᠯ ᠰᠢᠨᠵᠢ ᠲᠠᠢ᠃ ᠮᠠᠨᠳᠤᠮᠤᠢ ᠶᠢᠨ | ︽ᠲᠦᠷᠪᠡᠨ ᠴᠢᠬᠢᠳᠤ ᠴᠢᠨ᠋ᠸ᠎ᠠ ᠪᠠ ᠠᠩᠴᠢᠨ︾ ᠳᠤ ᠵᠤᠬᠢᠶᠠᠯ ᠤᠨ ᠪᠠᠭᠠᠳᠤᠷ ᠪᠠᠯᠳᠠᠨ ᠤ ᠬᠡᠯᠡᠯᠬᠡ ᠪᠠᠷ ᠬᠦᠮᠦᠨ | ᠲᠦᠷᠦᠯᠬᠢᠳᠡᠨ ᠤ ᠬᠦᠢᠳᠡᠮᠰᠦᠭ᠂ ᠬᠤᠪᠢᠨᠴᠢᠷ ᠪᠠ ᠰᠢᠨᠤᠬᠠᠢ ᠴᠢᠨᠠᠷ ᠢ ᠰᠢᠬᠦᠮᠵᠢᠯᠡᠭᠰᠡᠨ ᠪᠢᠯᠡ᠃ | | ᠨᠠᠷᠢᠪᠴᠢᠯᠠᠨ ᠰᠢᠨᠵᠢᠯᠡᠪᠡᠯ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ | ᠵᠤᠬᠢᠶᠠᠯ ᠤᠨ ᠬᠡᠯᠡ ᠬᠡᠯᠡᠯᠬᠡ ᠠᠮᠢᠳᠤᠯᠢᠭ ᠤᠶᠢᠯᠠᠭᠠᠮᠵᠢᠳᠡᠢ᠂ ᠦᠨᠳᠦᠰᠦᠳᠡᠨ ᠤ ᠤᠨᠴᠠᠯᠢᠭ ᠲᠠᠢ᠂ | ᠲᠢᠭ ᠨᠠᠶᠢᠷᠠᠭᠤᠯᠭ᠎ᠠ ᠪᠠ ᠬᠦᠤᠷᠨᠢᠯ ᠤᠨ ᠠᠷᠭ᠎ᠠ ᠶᠢᠨ ᠬᠤᠪᠢ ᠳᠤ᠂ ᠲᠡᠤᠬᠡᠨ ᠵᠤᠬᠢᠶᠠᠯ ᠤᠨ ᠬᠡᠪ ᠨᠠᠮᠪᠠ ᠶᠢ ᠤᠯᠠᠮᠵᠢᠯᠠᠬᠤ | ᠪᠠ ᠰᠢᠨᠡᠴᠢᠯᠡᠵᠦ᠂ ᠭᠤᠸ᠎ᠠ ᠲᠠᠭᠠᠰᠢᠶᠡᠯ ᠤᠨ ᠨᠦᠯᠦᠭᠡ ᠪᠠᠨ ᠨᠡᠮᠡᠭᠳᠡᠭᠦᠯᠦᠭᠰᠡᠨ ᠭᠡᠵᠦ ᠦᠵᠡᠵᠦ ᠪᠤᠯᠤᠨ᠎ᠠ᠃ ᠮᠤᠩᠭᠤᠯ | ᠦᠨᠳᠦᠰᠦᠳᠡᠨ ᠤ ᠤᠷᠠᠨ ᠵᠤᠬᠢᠶᠠᠯ ᠤᠨ ᠵᠤᠬᠢᠶᠠᠨ ᠪᠦᠲᠦᠬᠡᠯᠬᠡ ᠶᠢᠨ ᠬᠢᠷᠢ ᠲᠦᠪᠰᠢᠨ ᠢᠶᠠᠨ ᠨᠡᠩ | ᠦᠨᠳᠤᠷ ᠲᠦᠪᠰᠢᠨ ᠳᠤ ᠬᠦᠷᠬᠡᠬᠦ ᠶᠢᠨ ᠲᠦᠯᠦᠭᠡ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠲᠤᠭᠤᠵᠢᠰ ᠤᠨ | ᠵᠤᠬᠢᠶᠠᠯ ᠤᠨ ᠵᠤᠬᠢᠶᠠᠨ ᠪᠦᠲᠦᠭᠡᠯᠭᠡ ᠨᠢ ᠡᠷᠭᠡᠪᠰᠢ᠂ ᠦᠨᠳᠦᠰᠦᠳᠡᠨ ᠤ ᠤᠯᠠᠮᠵᠢᠯᠠᠯᠳᠤ ᠰᠤᠶᠤᠯ | ᠲᠡᠭᠡᠷ᠎ᠠ ᠪᠠᠨ ᠬᠥᠯ ᠲᠤᠬᠳᠠᠨ᠂ ᠪᠢᠴᠢᠯᠬᠡ ᠶᠢᠨ ᠠᠷᠭ᠎ᠠ ᠳᠠᠭᠠᠨ ᠰᠢᠨᠡᠴᠢᠯᠡᠯᠳᠡ ᠬᠢᠵᠦ᠂ | ᠵᠤᠬᠢᠶᠠᠯ ᠪᠦᠳᠦᠬᠡᠯ ᠤᠨ ᠤᠯᠠᠨ ᠶᠠᠩᠵᠦᠳᠤ ᠰᠢᠨᠵᠢ ᠶᠢ ᠬᠦᠨᠳᠦᠳᠬᠡᠨ᠂ ᠴᠠᠭ ᠦᠶ᠎ᠡ ᠶᠢᠨ ᠪᠠᠶᠢᠳᠠᠯ | ᠤᠷᠤᠭᠤ ᠠᠩᠬᠠᠷᠤᠯ ᠢᠶᠠᠨ ᠬᠠᠨᠳᠤᠭᠤᠯᠤᠬᠰᠠᠨ ᠪᠠᠶᠢᠬᠤ ᠭᠡᠷᠡᠭᠳᠡᠢ᠃ |