| ᠢᠳᠡᠭᠡᠨ ᠤᠮᠳᠠᠭᠠᠨ ᠤ ᠳᠠᠳᠬᠠᠯ ᠠᠴᠠ ᠪᠤᠯᠤᠭᠰᠠᠨ ᠠᠶᠤᠯ | ᠤᠯᠠᠭᠠᠨ ᠬᠤᠭᠤᠯᠠᠢ ᠶᠢᠨ ᠦᠮᠡᠨ ᠪᠤᠯ ᠢᠳᠡᠭᠡᠨ ᠤᠮᠳᠠᠭᠠᠨ ᠲᠠᠢ ᠨᠢᠬᠳᠠ ᠬᠤᠯᠪᠤᠭ᠎ᠠ ᠲᠠᠢ ᠪᠠᠶᠢᠳᠠᠭ ᠨᠢᠭᠡ ᠵᠦᠢᠯ ᠤᠨ ᠬᠠᠪᠤᠳᠠᠷ ᠪᠤᠯᠤᠨ᠎ᠠ᠃ | ᠤᠳᠤᠮᠯᠠᠯ ᠤᠨ ᠭᠧᠨ ᠲᠠᠢ ᠬᠤᠯᠪᠤᠭ᠎ᠠ ᠲᠠᠢ ᠪᠠᠶᠢᠳᠠᠭ ᠠᠴᠠ ᠭᠠᠳᠠᠨ᠎ᠠ᠂ 90% ᠤᠷᠴᠢᠮ ᠤᠨ ᠤᠯᠠᠭᠠᠨ ᠬᠤᠭᠤᠯᠠᠢ ᠶᠢᠨ ᠦᠮᠡᠨ ᠳᠤ | ᠨᠡᠷᠪᠡᠭᠳᠡᠭᠰᠡᠳ ᠨᠢ ᠡᠷᠡᠭᠦᠯ ᠪᠤᠰᠤ ᠢᠳᠡᠭᠡᠨ ᠤᠮᠳᠠᠭᠠᠨ ᠤ ᠳᠠᠳᠬᠠᠯ ᠲᠠᠢ ᠪᠠᠶᠢᠨ᠎ᠠ ᠭᠡᠵᠦ | ᠡᠮᠴᠢᠯᠡᠭᠡᠨ ᠤ ᠰᠤᠳᠤᠯᠭᠠᠨ ᠳᠤ ᠳᠤᠰᠬᠠᠬᠰᠠᠨ ᠪᠠᠶᠢᠨ᠎ᠠ᠃ ᠮᠠᠨ ᠤ ᠤᠯᠤᠰ ᠤᠨ ᠰᠠᠭᠤᠭᠠᠯᠢ ᠠᠷᠠᠳ ᠤᠨ | ᠰᠠᠨᠠᠭᠠᠨ ᠳᠠᠭᠠᠨ ᠠᠪᠳᠠᠭ ᠦᠭᠡᠢ ᠵᠠᠷᠢᠮ ᠢᠳᠡᠭᠡᠨ ᠤ ᠳᠠᠳᠬᠠᠯ ᠠᠴᠠ ᠳᠤᠷᠠᠳᠪᠠᠯ᠄ | ᠱᠤᠷᠪᠤᠭ᠄ ᠳᠠᠪᠤᠰᠤᠯᠠᠭᠰᠠᠨ᠂ ᠤᠳᠤᠭᠰᠠᠨ᠂ ᠰᠢᠷᠠᠭᠰᠠᠨ ᠢᠳᠡᠭᠡᠨ ᠢᠳᠡᠬᠦ ᠳᠤᠷᠠᠳᠠᠢ | ᠳᠠᠪᠤᠰᠤᠯᠠᠬᠤ ᠨᠢ ᠢᠳᠡᠭᠡᠨ ᠤ ᠳᠤᠳᠠᠭᠤ ᠠᠽᠦᠲ ᠬᠦᠴᠢᠯ ᠤᠨ ᠳᠠᠪᠤᠰᠤ ᠶᠢᠨ ᠠᠭᠤᠯᠤᠭᠳᠠᠴᠠ ᠶᠢ ᠢᠯᠡᠷᠭᠡᠢ ᠨᠡᠮᠡᠭᠳᠡᠭᠦᠯᠳᠡᠭ᠂ | ᠤᠨᠴᠠᠭᠠᠢᠢᠯᠠᠨ ᠳᠠᠪᠤᠰᠤ ᠪᠠᠭ᠎ᠠ ᠬᠢᠵᠦ ᠪᠤᠶᠤ 20 ᠭᠷᠡᠳᠦ᠋ᠰ ᠠᠴᠠ ᠦᠨᠳᠦᠷ ᠳᠤᠯᠠᠭᠠᠨ ᠳᠤ ᠢᠰᠭᠡᠬᠦ ᠳᠤ | ᠢᠳᠡᠰᠢᠨ ᠨᠤᠭᠤᠭ᠎ᠠ ᠳᠠᠬᠢ ᠳᠤᠳᠠᠭᠤ ᠠᠽᠤᠲ ᠬᠦᠴᠢᠯ ᠤᠨ ᠳᠠᠪᠤᠰᠤ ᠶᠢᠨ ᠠᠭᠤᠯᠤᠭᠳᠠᠴᠠ ᠨᠡᠮᠡᠭᠳᠡᠵᠦ᠂ ᠳᠤᠳᠠᠭᠤ ᠠᠽᠤᠲ ᠬᠦᠴᠢᠯ ᠤᠨ | ᠳᠠᠪᠤᠰᠤ ᠶᠢᠨ ᠠᠭᠤᠯᠤᠭᠳᠠᠴᠠ ᠦᠨᠳᠦᠷ ᠪᠤᠯᠬᠤ ᠳᠤᠳᠤᠮ ᠦᠮᠡᠨ ᠡᠭᠦᠰᠭᠡᠬᠦ ᠠᠶᠤᠯ ᠨᠢ ᠤᠯᠠᠮ ᠶᠡᠭᠡ ᠪᠠᠶᠢᠳᠠᠭ᠃ | | ᠤᠯᠠᠭᠠᠨ ᠬᠤᠭᠤᠯᠠᠢ ᠶᠢᠨ ᠦᠮᠡᠨ ᠤᠯᠠᠨ ᠡᠭᠦᠰᠳᠡᠭ ᠭᠠᠵᠠᠷ ᠤᠷᠤᠨ ᠤ ᠰᠠᠭᠤᠭᠠᠯᠢ ᠠᠷᠠᠳ ᠨᠢ ᠵᠢᠶᠡᠩ ᠤᠨ ᠵᠦᠢᠯ᠂ ᠵᠢᠶᠠᠩ ᠲᠠᠢ | ᠨᠤᠭᠤᠭ᠎ᠠ ᠵᠡᠷᠭᠡ ᠳᠠᠪᠤᠰᠤᠯᠠᠵᠤ ᠢᠰᠭᠡᠭᠰᠡᠨ ᠢᠳᠡᠭᠡᠨ ᠢᠯᠡᠭᠦᠦ ᠢᠳᠡᠳᠡᠭ ᠳᠠᠳᠬᠠᠯ ᠲᠠᠢ ᠪᠠᠶᠢᠨ᠎ᠠ ᠭᠡᠳᠡᠭ ᠢ | ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ ᠡᠭᠦᠨ ᠠᠴᠠ ᠭᠠᠳᠠᠨ᠎ᠠ ᠱᠤᠷᠤᠯᠭ᠎ᠠ᠂ ᠤᠳᠤᠭᠰᠠᠨ ᠢᠳᠡᠭᠡᠨ᠂ | ᠳᠤᠰᠤᠨ ᠳᠤ ᠪᠤᠴᠠᠯᠭᠠᠭᠰᠠᠨ ᠢᠳᠡᠭᠡᠨ ᠳᠤ ᠴᠤ ᠳᠤᠳᠠᠭᠤ ᠠᠽᠤᠲ ᠬᠦᠴᠢᠯ ᠤᠨ ᠡᠯᠪᠡᠭ ᠠᠭᠤᠯᠤᠭᠳᠠᠳᠠᠭ᠃ | | | | | ᠬᠠᠯᠠᠭᠤᠨ᠄ ᠬᠠᠯᠠᠭᠤᠨ ᠳᠤᠨᠢ ᠢᠳᠡᠵᠦ ᠤᠤᠭᠤᠬᠤ ᠳᠤᠷᠠᠳᠠᠢ | ᠳᠤᠮᠳᠠᠳᠤ ᠤᠯᠤᠰ ᠤᠨ ᠬᠦᠮᠦᠨ ᠬᠤᠭᠤᠯᠠ ᠪᠠᠨ ᠬᠠᠯᠠᠭᠤᠨ ᠳᠤᠨᠢ ᠢᠳᠡᠬᠦ ᠳᠠᠳᠬᠠᠯ ᠲᠠᠢ ᠪᠠᠶᠢᠳᠠᠭ᠃ | ᠤᠯᠠᠭᠠᠨ ᠬᠤᠭᠤᠯᠠᠢ ᠶᠢᠨ ᠰᠠᠯᠢᠰᠦᠳᠦ ᠪᠦᠷᠭᠦᠪᠴᠢ ᠶᠢᠨ ᠬᠡᠪ ᠤᠨ ᠬᠠᠯᠠᠭᠤᠨ ᠢ ᠳᠠᠭᠠᠭᠠᠬᠤ ᠬᠡᠮᠵᠢᠶ᠎ᠠ ᠨᠢ 40 — 50 ᠼᠧᠯᠰ ᠤᠨ | ᠭᠷᠡᠳᠦ᠋ᠰ ᠪᠠᠶᠢᠳᠠᠭ᠂ ᠡᠨᠡ ᠬᠦ ᠭᠡᠪᠴᠢᠶ᠎ᠠ ᠠᠴᠠ ᠭᠡᠳᠦᠷᠡᠪᠡᠯ ᠤᠯᠠᠭᠠᠨ ᠬᠤᠭᠤᠯᠠᠢ ᠶᠢᠨ ᠰᠠᠯᠢᠰᠤᠳᠤ ᠪᠦᠷᠭᠦᠪᠴᠢ ᠶᠢ | ᠭᠡᠮᠳᠦᠭᠡᠵᠦ ᠰᠢᠷᠬᠠᠯᠠᠯ ᠵᠡᠷᠭᠡ ᠶᠢ ᠡᠭᠦᠰᠭᠡᠳᠡᠭ᠃ ᠰᠠᠯᠢᠰᠤᠳᠤ ᠪᠦᠷᠭᠦᠪᠴᠢ ᠶᠢᠨ ᠬᠠᠯᠢᠰᠦ ᠨᠢ ᠳᠠᠬᠢᠵᠤ ᠤᠷᠭᠤᠬᠤ | ᠪᠠ ᠦᠪᠡᠷ ᠢ ᠪᠠᠨ ᠵᠠᠰᠠᠨ ᠰᠡᠯᠪᠢᠬᠦ ᠴᠢᠳᠠᠪᠬᠢ ᠲᠠᠢ ᠪᠠᠶᠢᠳᠠᠭ ᠪᠤᠯᠪᠠᠴᠤ ᠤᠷᠳᠤ ᠬᠤᠭᠤᠴᠠᠭ᠎ᠠ ᠪᠠᠷ ᠪᠠᠶᠢᠨ ᠳᠠᠬᠢᠨ ᠰᠡᠳᠡᠯᠳᠡ | ᠦᠭᠭᠦᠭᠡᠳ ᠪᠠᠶᠢᠪᠠᠯ ᠰᠠᠯᠢᠰᠤᠳᠤ ᠪᠦᠷᠭᠦᠪᠴᠢ ᠳᠤ ᠤᠳᠠᠭᠠᠨ ᠴᠢᠨᠠᠷᠳᠠᠢ ᠬᠤᠬᠢᠷᠠᠭᠤᠯᠤᠯ ᠤᠴᠠᠷᠠᠭᠤᠯᠵᠤ ᠦᠮᠡᠨ ᠡᠭᠦᠰᠭᠡᠬᠦ | ᠠᠶᠤᠯ ᠲᠠᠢ ᠪᠠᠶᠢᠳᠠᠭ᠃ | ᠬᠤᠷᠳᠤᠨ᠄ ᠬᠤᠭᠤᠯᠠ ᠪᠠᠨ ᠬᠤᠷᠳᠤᠨ ᠢᠳᠡᠳᠡᠭ | ᠬᠤᠭᠤᠯᠠ ᠪᠠᠨ ᠰᠠᠶᠢᠨ ᠵᠠᠵᠢᠯᠬᠤ ᠦᠭᠡᠢ ᠬᠤᠷᠳᠤᠨ ᠢᠳᠡᠬᠦ ᠪᠠᠷ ᠪᠦᠬᠦᠯᠢ ᠬᠠᠭ᠋ᠤᠤᠯᠢ ᠢᠳᠡᠭᠡᠨ ᠨᠢ ᠤᠯᠠᠭᠠᠨ ᠬᠤᠭᠤᠯᠠᠢ ᠶᠢᠨ ᠰᠠᠯᠢᠰᠦᠳᠦ | ᠪᠦᠷᠬᠦᠪᠴᠢ ᠶᠢᠨ ᠬᠠᠯᠢᠰᠦ ᠶᠢ ᠭᠡᠮᠳᠦᠭᠡᠵᠦ᠂ ᠳᠦᠷᠭᠡᠨ ᠴᠢᠨᠠᠷᠳᠠᠢ ᠦᠷᠪᠢᠰᠦᠯ ᠡᠭᠦᠰᠭᠡᠳᠡᠭ ᠪᠠ | ᠤᠳᠠᠭᠠᠨ ᠳᠠᠭᠠᠨ ᠤᠵᠢᠬ ᠴᠢᠨᠠᠷᠳᠠᠢ ᠦᠷᠪᠢᠰᠦᠯ ᠪᠤᠯᠵᠤ᠂ ᠴᠢᠨᠠᠬᠰᠢᠳᠠ ᠪᠠᠨ ᠦᠮᠡᠨ ᠤ ᠠᠶᠤᠯ ᠢ ᠪᠤᠢ ᠪᠤᠯᠭᠠᠳᠠᠭ᠃ | | ᠠᠷᠢᠬᠢ᠄ ᠦᠨᠳᠦᠷ ᠭᠷᠡᠳᠦ᠋ᠰ ᠤᠨ ᠠᠷᠢᠬᠢ ᠤᠤᠭᠤᠬᠤ ᠳᠤᠷᠠᠳᠠᠢ | ᠠᠷᠢᠬᠢ ᠤᠤᠭᠤᠬᠤ ᠪᠤᠯ ᠳᠤᠮᠳᠠᠳᠤ ᠤᠯᠤᠰ ᠤᠨ ᠢᠳᠡᠭᠡᠨ ᠤᠮᠳᠠᠭᠠᠨ ᠤ ᠰᠤᠶᠤᠯ ᠪᠠ ᠳᠠᠳᠬᠠᠯ ᠤᠨ ᠤᠨᠴᠠᠯᠢᠬ ᠪᠤᠯᠤᠨ᠎ᠠ᠂ ᠳᠡᠭᠡᠭᠡᠳ | ᠦᠨᠳᠦᠷ ᠭᠷᠡᠳᠦ᠋ᠰ ᠤᠨ ᠠᠷᠢᠬᠢ ᠤᠤᠭᠤᠬᠤ ᠳᠤᠷᠠᠳᠠᠢ ᠨᠢ ᠢᠯᠡᠭᠦᠦ ᠪᠠᠶᠢᠳᠠᠭ᠃ | ᠰᠫᠢᠷᠲ ᠨᠢ ᠤᠯᠠᠭᠠᠨ ᠬᠤᠭᠤᠯᠠᠢ ᠶᠢᠨ ᠰᠠᠯᠢᠰᠦᠳᠦ ᠪᠦᠷᠭᠦᠪᠴᠢ ᠳᠤ ᠰᠡᠳᠡᠯᠳᠡ ᠦᠭᠳᠡᠭ᠂ ᠳᠡᠷᠡᠴᠢᠯᠡᠨ 60 ᠭᠷᠡᠳᠦ᠋ᠰ ᠠᠴᠠ ᠳᠠᠪᠠᠭᠰᠠᠨ | ᠬᠠᠷ᠎ᠠ ᠠᠷᠢᠬᠢᠨ ᠤ ᠬᠤᠬᠢᠷᠠᠭᠤᠯᠤᠯ ᠨᠢ ᠤᠨᠴᠠᠭᠠᠢ ᠶᠡᠭᠡ ᠭᠡᠳᠡᠭ ᠢ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ | | | | | | ᠰᠧᠧᠳᠧᠨ ᠤ ᠰᠤᠳᠤᠯᠭᠠᠳᠠᠳ᠂ 45 ᠨᠠᠰᠤᠨ ᠠᠴᠠ ᠳᠡᠭᠡᠭᠰᠢᠬᠢ ᠡᠷᠡᠭᠳᠡᠶᠢᠴᠤᠳ ᠠᠷᠢᠬᠢ ᠪᠠᠭ᠎ᠠ ᠤᠤᠭᠤᠬᠤ ᠪᠤᠶᠤ ᠠᠷᠢᠬᠢ ᠤᠤᠭᠤᠬᠤ | ᠦᠭᠡᠢ ᠪᠤᠯ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠬᠦ ᠠᠶᠤᠯ ᠨᠢ ᠬᠠᠭᠠᠰ ᠢᠶᠠᠷ ᠪᠠᠭᠤᠷᠠᠬᠤ ᠪᠤᠯᠤᠯᠴᠠᠭ᠎ᠠ ᠲᠠᠢ ᠭᠡᠳᠡᠭ ᠢ | ᠰᠤᠳᠤᠯᠭᠠᠨ ᠢᠶᠠᠷ ᠢᠯᠡᠷᠡᠭᠦᠯᠦᠭᠰᠡᠨ ᠪᠠᠶᠢᠨ᠎ᠠ᠃ | ᠭᠤᠱᠤᠭᠤᠨ᠄ ᠬᠦᠯᠦᠰᠦ ᠴᠢᠬᠢᠭᠯᠡᠵᠤ ᠪᠡᠶ᠎ᠡ ᠳᠠᠯᠪᠢᠭᠤᠷᠠᠨᠠ | ᠡᠨᠡᠳᠭᠡᠭ ᠤᠨ ᠬᠢᠨ ᠤ ᠰᠤᠳᠤᠯᠵᠤ ᠢᠯᠡᠷᠡᠭᠦᠯᠦᠭᠰᠡᠨ ᠢᠶᠠᠷ᠂ ᠯᠠᠵᠤᠤ ᠶᠢᠨ ᠨᠤᠨᠳᠠᠭ ᠨᠢ ᠤᠯᠠᠭᠠᠨ ᠬᠤᠭᠤᠯᠠᠢ ᠶᠢᠨ ᠦᠮᠡᠨ ᠤ ᠠᠶᠤᠯ ᠢ 1 — | 2 ᠳᠠᠬᠢᠨ ᠨᠡᠮᠡᠭᠳᠡᠭᠦᠯᠳᠡᠭ᠃ ᠯᠠᠵᠤᠤ ᠢᠳᠡᠬᠦ ᠳᠤᠷᠠᠳᠠᠢ ᠰᠧᠴᠤᠸᠠᠨ ᠤ ᠬᠤᠶᠢᠳᠤ ᠭᠡᠰᠡᠭ ᠪᠤᠯ ᠮᠠᠨ ᠤ ᠤᠯᠤᠰ ᠤᠨ ᠤᠯᠠᠭᠠᠨ ᠬᠤᠭᠤᠯᠠᠢ ᠶᠢᠨ | ᠦᠮᠡᠨ ᠤᠯᠠᠨ ᠡᠭᠦᠰᠳᠡᠭ ᠭᠠᠵᠠᠷ ᠤᠷᠤᠨ ᠤ ᠨᠢᠭᠡ ᠪᠤᠯᠤᠨ᠎ᠠ᠃ | ᠬᠠᠳᠠᠭᠤ᠄ ᠬᠠᠳᠠᠭᠤ ᠬᠡᠦᠷᠰᠢᠮᠡᠯ ᠢᠳᠡᠭᠡᠨ ᠳᠤ ᠳᠤᠷᠠᠳᠠᠢ | ᠬᠠᠭᠠᠷᠢᠬᠰᠠᠨ ᠪᠤᠭᠤᠷᠰᠤᠭ ᠮᠡᠳᠦ ᠶᠢᠨ ᠬᠠᠳᠠᠭᠤ ᠬᠡᠦᠷᠰᠢᠮᠡᠯ ᠢᠳᠡᠭᠡᠨ ᠢᠳᠡᠬᠦ ᠳᠡᠭᠡᠨ ᠬᠦᠢᠴᠡᠳ ᠰᠠᠶᠢᠨ ᠵᠠᠵᠢᠯᠬᠤ ᠦᠭᠡᠢ ᠪᠤᠯ ᠮᠦᠨ | ᠤᠯᠠᠭᠠᠨ ᠬᠤᠭᠤᠯᠠᠢ ᠶᠢᠨ ᠰᠠᠯᠢᠰᠦᠳᠦ ᠪᠦᠷᠭᠦᠪᠴᠢ ᠶᠢ ᠬᠤᠬᠢᠷᠠᠭᠤᠯᠳᠠᠭ᠃ | | | | | | | | 65 ᠭᠷᠡᠳᠦ᠋ᠰ ᠠᠴᠠ ᠬᠠᠯᠠᠭᠤᠨ ᠤᠰᠤ ᠤᠤᠭᠤᠪᠠᠯ ᠦᠮᠠᠨ ᠡᠭᠦᠰᠭᠡᠨ᠎ᠠ | ᠤᠯᠠᠭᠠᠨ ᠬᠤᠭᠤᠯᠠᠢ ᠶᠢᠨ ᠰᠠᠯᠢᠰᠦᠳᠦ ᠪᠦᠷᠬᠦᠪᠴᠢ ᠶᠢᠨ ᠬᠠᠯᠠᠭᠤᠨ ᠢ ᠳᠠᠭᠠᠭᠠᠬᠤ ᠬᠡᠮᠵᠢᠶ᠎ᠠ ᠨᠢ 40 — 50 ᠭᠷᠡᠳᠦ᠋ᠰ ᠪᠠᠶᠢᠵᠤ᠂ | 65 ᠭᠷᠡᠳᠦ᠋ᠰ ᠢ ᠳᠠᠪᠠᠪᠠᠯ ᠬᠤᠤᠷ ᠬᠦᠨᠦᠭᠡᠯ ᠨᠢ ᠤᠯᠠᠮ ᠢᠯᠡᠭᠦᠦ ᠪᠠᠶᠢᠵᠤ᠂ ᠤᠯᠠᠭᠠᠨ ᠬᠤᠭᠤᠯᠠᠢ ᠶᠢᠨ ᠰᠠᠯᠢᠰᠦᠳᠦ ᠪᠦᠷᠭᠦᠪᠴᠢ ᠶᠢᠨ ᠰᠢᠷᠬᠠᠯᠠᠯ | ᠢᠯᠵᠢᠷᠡᠯ ᠵᠡᠷᠭᠡ ᠡᠪᠡᠳᠴᠢᠨ ᠤ ᠢᠯᠡᠷᠡᠯ ᠡᠭᠦᠰᠳᠡᠭ᠃ | ᠳᠡᠯᠡᠭᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠬᠠᠷᠢᠶᠠᠳᠤ ᠤᠯᠠᠨ ᠤᠯᠤᠰ ᠤᠨ ᠦᠮᠡᠨ ᠤ ᠰᠤᠳᠤᠯᠭᠠᠨ ᠤ ᠵᠤᠬᠢᠶᠠᠨ | ᠪᠠᠶᠢᠭᠤᠯᠤᠯᠳᠠ IARC ᠶᠢᠨ ᠬᠢᠨ ᠮᠡᠳᠡᠭᠦᠯᠦᠯᠳᠡ ᠨᠡᠶᠢᠳᠡᠯᠡᠵᠦ᠂ 65 ᠭᠷᠡᠳᠦ᠋ᠰ ᠠᠴᠠ ᠬᠠᠯᠠᠭᠤᠨ | ᠤᠮᠳᠠᠭᠠᠨ ᠤᠤᠭᠤᠬᠤ ᠨᠢ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠭᠦ ᠠᠶᠤᠯ ᠢ ᠨᠡᠮᠡᠭᠳᠡᠭᠦᠯᠵᠦ ᠮᠡᠳᠡᠨ᠎ᠠ ᠭᠡᠵᠦ | ᠰᠡᠷᠡᠮᠵᠢᠯᠡᠭᠦᠯᠦᠭᠰᠡᠨ ᠪᠠᠶᠢᠨ᠎ᠠ᠃ | ᠡᠩ ᠤᠨ ᠦᠶ᠎ᠠ ᠳᠡᠭᠡᠨ 65 ᠭᠷᠡᠳᠦ᠋ᠰ ᠠᠴᠠ ᠬᠠᠯᠠᠭᠤᠨ ᠴᠠᠢ ᠪᠤᠶᠤ ᠺᠤᠹᠧ ᠤᠤᠭᠤᠳᠠᠭ ᠬᠦᠮᠦᠨ ᠳᠤ᠂ ᠵᠠᠯᠬᠢᠬᠤ ᠳᠤ ᠬᠦᠴᠢᠷᠳᠡᠬᠦ᠂ | ᠤᠷᠳᠤ ᠬᠤᠭᠤᠴᠠᠭ᠎ᠠ ᠪᠠᠷ ᠰᠢᠩᠭᠡᠭᠡᠯᠳᠡ ᠮᠠᠭᠤᠳᠠᠢ ᠪᠠᠶᠢᠬᠤ ᠪᠤᠶᠤ ᠰᠢᠷ᠎ᠡ ᠬᠤᠰᠤᠬᠤ᠂ ᠬᠤᠭᠤᠯᠠ ᠪᠠᠨ ᠢᠳᠡᠵᠦ ᠳᠠᠭᠤᠰᠤᠮᠠᠭᠴᠠ ᠢᠳᠡᠰᠢ | ᠬᠠᠷᠭᠤᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ ᠳᠠᠷᠦ᠋ᠢᠬᠠᠨ ᠡᠮᠴᠢ ᠳᠤ ᠤᠴᠢᠬᠤ ᠭᠡᠷᠡᠭᠳᠡᠢ ᠭᠡᠵᠦ ᠳᠤᠰᠬᠠᠢ | ᠮᠡᠷᠭᠡᠵᠢᠯᠳᠡᠳ ᠰᠠᠨᠠᠭᠤᠯᠵᠤ ᠪᠠᠶᠢᠨ᠎ᠠ᠃ | | | | | | | 65 ᠭᠷᠡᠳᠦ᠋ᠰ ᠢ ᠶᠠᠭᠠᠬᠢᠵᠤ ᠮᠠᠭᠠᠳᠯᠠᠬᠤ ᠪᠤᠢ︖ | ᠬᠠᠯᠠᠭᠤᠨ ᠳᠤᠭᠤᠭᠠᠨ ᠤ ᠱᠦᠯᠦᠨ ᠤ ᠬᠠᠯᠠᠭᠤᠨ ᠨᠢ 120 ᠭᠷᠡᠳᠦ᠋ᠰ ᠬᠦᠷᠳᠡᠭ᠂ ᠰᠠᠶ᠋ᠢ ᠪᠦᠷᠢᠭᠰᠡᠨ ᠴᠠᠢ 80 — 90 ᠭᠷᠡᠳᠦ᠋ᠰ᠂ | ᠪᠠᠩᠰᠢ᠂ ᠮᠢᠨᠳᠤᠤᠷ ᠢ ᠳᠤᠭᠤᠭᠠᠨ ᠠᠴᠠ ᠭᠠᠷᠭᠠᠬᠤ ᠦᠶ᠎ᠡ ᠳᠤ 70 — 80 ᠭᠷᠡᠳᠦ᠋ᠰ ᠪᠠᠶᠢᠳᠠᠭ᠃ 65 ᠭᠷᠡᠳᠦ᠋ᠰ ᠤᠨ ᠤᠰᠤ ᠶᠢ | ᠤᠷᠤᠭᠤᠯ ᠢᠶᠠᠨ ᠳᠦᠷᠦᠭᠦ ᠶᠢᠨ ᠳᠡᠳᠦᠢ ᠳᠤ ᠠᠮᠰᠠᠵᠤ ᠪᠤᠯᠳᠠᠭ᠂ ᠵᠠᠯᠬᠢᠬᠤ ᠳᠤ ᠬᠦᠴᠢᠷᠳᠠᠢ ᠪᠠᠶᠢᠳᠠᠭ᠃ | ᠳᠠᠮᠠᠬᠢ ᠳᠠᠳᠠᠵᠤ ᠠᠷᠢᠬᠢ ᠤᠤᠭᠤᠳᠠᠭ ᠬᠦᠮᠦᠨ ᠦᠷᠭᠦᠯᠵᠢ ᠬᠠᠯᠠᠭᠤᠨ ᠴᠠᠢ ᠤᠤᠭᠤᠬᠤ ᠨᠢ ᠨᠡᠩ ᠠᠶᠤᠯ ᠲᠠᠢ | ᠪᠡᠭᠡᠵᠢᠩ ᠶᠡᠭᠡ ᠰᠤᠷᠭᠠᠭᠤᠯᠢ ᠶᠢᠨ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠳᠡᠭᠡᠳᠦ ᠰᠤᠷᠭᠠᠭᠤᠯᠢ ᠶᠢᠨ ᠬᠢᠨ ᠤ ᠬᠢᠭᠰᠡᠨ | ᠰᠤᠳᠤᠯᠭᠠᠨ ᠳᠤ ᠳᠤᠰᠬᠠᠭᠰᠠᠨ ᠢᠶᠠᠷ᠂ ᠳᠠᠮᠠᠬᠢ ᠳᠠᠳᠠᠬᠤ ᠠᠷᠢᠬᠢ ᠤᠤᠭᠤᠬᠤ ᠳᠠᠳᠬᠠᠯ ᠲᠠᠢ ᠬᠦᠮᠦᠨ ᠬᠡᠷᠪᠡ | ᠦᠷᠭᠦᠯᠵᠢ 65 ᠭᠷᠡᠳᠦ᠋ᠰ ᠠᠴᠠ ᠬᠠᠯᠠᠭᠤᠨ ᠴᠠᠢ ᠤᠤᠭᠤᠳᠠᠭ ᠲᠤ ᠬᠦᠷᠪᠡᠯ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠬᠦ ᠠᠶᠤᠯ ᠨᠢ 5 | ᠳᠠᠬᠢᠨ ᠢᠶᠠᠷ ᠨᠡᠮᠡᠭᠳᠡᠳᠡᠭ ᠭᠡᠵᠡᠢ᠃ | | | | | | ᠳᠤᠰ ᠰᠤᠳᠤᠯᠭᠠᠨ ᠳᠤ᠂ ᠰᠤᠳᠤᠯᠤᠭᠠᠴᠢᠳ 45 ᠳᠦᠮᠡᠨ 30 — 79 ᠨᠠᠰᠤᠨ ᠤ ᠳᠤᠮᠳᠠᠳᠤ ᠤᠯᠤᠰ ᠤᠨ ᠨᠠᠰᠤᠨ ᠳᠤ | ᠬᠦᠷᠦᠭᠰᠡᠳ ᠲᠤ ᠳᠤᠮᠳᠠᠴᠢ ᠪᠠᠷ 9.2 ᠵᠢᠯ ᠤᠨ ᠬᠤᠭᠤᠴᠠᠭ᠎ᠠ ᠲᠠᠢ ᠮᠦᠷᠳᠡᠨ ᠪᠠᠶᠢᠴᠠᠭᠠᠯᠳᠠ ᠬᠢᠵᠦ᠂ | ᠪᠠᠶᠢᠴᠠᠭᠠᠨ ᠪᠦᠷᠢᠳᠭᠡᠭᠰᠡᠨ ᠳᠤᠭ᠎ᠠ ᠪᠠᠷᠢᠮᠳᠠ ᠳᠠᠭᠠᠨ ᠵᠠᠳᠠᠯᠤᠯᠳᠠ ᠬᠢᠭᠰᠡᠨ ᠢᠶᠠᠷ᠂ ᠪᠠᠶᠢᠴᠠᠭᠠᠯᠳᠠ ᠶᠢᠨ | ᠬᠤᠭᠤᠴᠠᠭᠠᠨ ᠳᠤ ᠨᠡᠶᠢᠳᠡ 1731 ᠬᠦᠮᠦᠨ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠭᠰᠡᠨ ᠨᠢ | ᠤᠨᠤᠰᠢᠯᠠᠬᠳᠠᠵᠠᠢ᠃ ᠳᠡᠭᠡᠭᠡᠳ ᠬᠠᠯᠠᠭᠤᠨ ᠴᠠᠢ ᠨᠢ ᠤᠯᠠᠭᠠᠨ ᠬᠤᠭᠤᠯᠠᠢ ᠶᠢ ᠳᠦᠯᠡᠵᠦ ᠰᠢᠷᠬᠠᠳᠤᠭᠤᠯᠳᠠᠭ ᠢᠶᠠᠷ ᠢᠶᠠᠨ ᠦᠮᠡᠨ ᠡᠭᠦᠰᠭᠡᠬᠦ ᠠᠶᠤᠯ ᠢ | ᠨᠡᠮᠡᠭᠳᠡᠭᠦᠯᠳᠡᠭ ᠤᠨ ᠳᠡᠭᠡᠷ᠎ᠡ᠂ ᠬᠠᠯᠠᠭᠤᠨ ᠴᠠᠢ ᠨᠢ ᠤᠯᠠᠭᠠᠨ ᠬᠤᠭᠤᠯᠠᠢ ᠶᠢᠨ ᠰᠫᠢᠷᠲ ᠪᠠ | ᠨᠢᠺᠤᠲ᠋ᠢᠨ ᠤ ᠬᠤᠤᠷᠳᠤ ᠡᠳ᠋ ᠢ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠳᠠᠭ ᠪᠤᠯᠬᠤᠷ ᠳᠠᠮᠠᠬᠢ ᠳᠠᠳᠠᠵᠤ ᠠᠷᠢᠬᠢ ᠤᠤᠭᠤᠬᠤ ᠶᠢᠨ ᠳᠡᠭᠡᠷ᠎ᠡ | ᠬᠠᠯᠠᠭᠤᠨ ᠴᠠᠢ ᠤᠤᠭᠤᠪᠠᠯ ᠤᠯᠠᠮ ᠠᠮᠠᠷᠬᠠᠨ ᠦᠮᠡᠨ ᠳᠤ ᠨᠡᠷᠪᠡᠭᠳᠡᠬᠦ ᠠᠶᠤᠯ ᠲᠠᠢ ᠪᠤᠯᠳᠠᠭ ᠭᠡᠵᠦ ᠰᠤᠳᠤᠯᠤᠭᠠᠴᠢᠳ | ᠳ᠋ᠦᠩᠨᠡᠭᠰᠡᠨ ᠪᠠᠶᠢᠨ᠎ᠠ᠃ | 40 ᠭᠷᠡᠳᠦ᠋ᠰ ᠤᠨ ᠪᠦᠯᠢᠶᠡᠨ ᠤᠰᠤ ᠨᠢ ᠤᠤᠭᠤᠬᠤ ᠳᠤ ᠶᠠᠬ ᠳᠤᠬᠢᠷᠠᠮᠵᠢᠳᠠᠢ ᠪᠠᠶᠢᠳᠠᠭ | ᠬᠠᠯᠠᠭᠤᠨ ᠤᠰᠤ ᠤᠤᠭᠤᠨ᠎ᠠ ᠭᠡᠳᠡᠭ ᠪᠤᠯᠪᠠᠴᠤ ᠬᠠᠯᠠᠭᠤᠨ ᠨᠢ ᠭᠡᠳᠦ ᠦᠨᠳᠦᠷ ᠪᠠᠶᠢᠵᠤ ᠪᠤᠯᠬᠤ ᠦᠭᠡᠢ᠂ 40 ᠭᠷᠠᠳᠦ᠋ᠰ | ᠤᠷᠴᠢᠮ ᠤᠨ ᠪᠤᠴᠠᠯᠭᠠᠭᠰᠠᠨ ᠤᠰᠤ ᠤᠤᠭᠤᠬᠤ ᠨᠢ ᠬᠠᠮᠤᠭ ᠤᠨ ᠳᠤᠬᠢᠷᠠᠮᠵᠢᠳᠠᠢ᠂ ᠳᠡᠷᠡ ᠨᠢ ᠤᠯᠠᠭᠠᠨ ᠬᠤᠭᠤᠯᠠᠢ | ᠬᠤᠳᠤᠭᠤᠳᠤ ᠭᠡᠳᠡᠰᠦᠨ ᠳᠤ ᠰᠡᠳᠡᠯᠳᠡ ᠦᠭᠬᠦ ᠦᠭᠡᠢ ᠮᠦᠷᠳᠡᠭᠡᠨ ᠴᠢᠰᠦᠨ ᠰᠤᠳᠠᠯ ᠠᠪᠴᠢᠬᠤ ᠪᠠᠶᠢᠳᠠᠯ ᠡᠭᠦᠰᠭᠡᠳᠡᠭ ᠦᠭᠡᠢ᠃ | | ᠪᠠᠶᠢᠨ ᠳᠠᠬᠢᠨ ᠪᠤᠴᠠᠯᠭᠠᠭᠰᠠᠨ ᠤᠰᠤ ᠶᠢ ᠤᠤᠭᠤᠬᠤ ᠦᠭᠡᠢ ᠪᠠᠶᠢᠵᠤ᠂ ᠬᠤᠤᠷᠳᠠᠢ ᠳᠤᠳᠠᠭᠤ ᠠᠽᠤᠲ ᠬᠦᠴᠢᠯ ᠤᠨ ᠳᠠᠪᠤᠰᠤ ᠠᠴᠠ ᠵᠠᠶᠢᠯᠠᠰᠬᠢᠨ᠂ | ᠴᠡᠪᠡᠷ ᠤᠰᠤᠨ ᠤ ᠮᠠᠰᠢᠨ ᠭᠡᠷᠡᠭᠯᠡᠭᠰᠡᠨ ᠴᠤ ︽ᠬᠡᠵᠢᠶ᠎ᠠ ᠤᠤᠭᠤᠪᠠᠯ ᠭᠡᠳᠦᠢ ᠳᠤ ᠪᠤᠴᠠᠯᠭᠠᠪᠠᠯ︾ ᠵᠤᠬᠢᠨ᠎ᠠ᠃ | ᠡᠩ ᠤᠨ ᠪᠠᠶᠢᠳᠠᠯ ᠳᠤ ᠡᠷᠡᠭᠦᠯ ᠬᠦᠮᠦᠨ ᠨᠢᠭᠡ ᠡᠳᠦᠷ ᠨᠠᠭᠠᠳᠤ ᠵᠠᠬ᠎ᠠ ᠨᠢ 1200 ᠮᠢᠯᠢᠯᠢᠲᠷ ᠤᠰᠤ ᠤᠤᠭᠤᠬᠤ ᠭᠡᠷᠡᠭ ᠲᠠᠢ ᠪᠠᠶᠢᠳᠠᠭ᠂ | ᠬᠠᠷᠢᠨ ᠰᠢᠬᠢᠷ ᠰᠢᠵᠢᠩ ᠡᠪᠡᠳᠴᠢᠳᠡᠨ ᠪᠠ ᠪᠦᠭᠡᠷ᠎ᠡ ᠶᠢᠨ ᠴᠢᠳᠠᠪᠬᠢ ᠳᠤᠷᠦ᠋ᠢᠳᠠᠭᠰᠠᠨ ᠡᠪᠡᠳᠴᠢᠳᠠᠨ ᠡᠪᠡᠳᠴᠢᠨ ᠤ ᠪᠠᠶᠢᠳᠠᠯ ᠢᠶᠠᠨ | ᠦᠨᠳᠦᠰᠦᠯᠡᠨ ᠤᠤᠭᠤᠬᠤ ᠤᠰᠤᠨ ᠤ ᠪᠠᠨ ᠬᠡᠮᠵᠢᠶ᠎ᠠ ᠶᠢ ᠳᠤᠭᠳᠠᠭᠠᠬᠤ ᠭᠡᠷᠡᠭᠳᠡᠢ᠃ | | | ᠠᠶᠤᠯ ᠤᠨ ᠰᠡᠷᠡᠮᠵᠢ ᠶᠢᠨ ᠳᠤᠬᠢᠶ᠎ᠠ ᠶᠢ ᠠᠩᠬᠠᠷ | ᠠᠩᠬᠠᠨ ᠤ ᠱᠠᠳᠤᠨ ᠤ ᠤᠯᠠᠭᠠᠨ ᠬᠤᠭᠤᠯᠠᠢ ᠶᠢᠨ ᠦᠮᠡᠨ ᠤ 90% ᠨᠢ ᠮᠡᠰᠡ ᠵᠠᠰᠠᠯ ᠬᠢᠭᠰᠡᠨ ᠤ ᠳᠠᠷᠠᠭ᠎ᠠ ᠵᠠᠰᠠᠪᠤᠷᠢ ᠠᠪᠬᠤ | ᠦᠷ᠎ᠡ ᠳ᠋ᠦᠩ ᠨᠢ ᠨᠡᠯᠢᠶᠡᠳ ᠰᠠᠶᠢᠨ ᠪᠠᠶᠢᠳᠠᠭ᠃ ᠢᠢᠮᠦ ᠠᠴᠠ ᠳᠡᠭᠡᠷ᠎ᠡ ᠳᠤᠷᠠᠳᠤᠭᠰᠠᠨ ᠮᠡᠳᠦ ᠶᠢᠨ ᠡᠷᠡᠭᠦᠯ ᠪᠤᠰᠤ ᠠᠮᠢᠳᠤᠷᠠᠯ ᠤᠨ | ᠳᠠᠳᠬᠠᠯ ᠲᠠᠢ ᠬᠦᠮᠦᠰ ᠪᠠ ᠤᠯᠠᠭᠠᠨ ᠬᠤᠭᠤᠯᠠᠢ ᠶᠢᠨ ᠦᠮᠡᠨ ᠤ ᠭᠡᠷ ᠪᠦᠯᠢ ᠶᠢᠨ ᠳᠡᠦᠬᠡ ᠲᠠᠢ ᠬᠦᠮᠦᠰ ᠵᠠᠷᠢᠮ ᠠᠶᠤᠯ ᠤᠨ ᠳᠤᠬᠢᠶᠡ | ᠢᠯᠡᠷᠡᠬᠦ ᠳᠤ ᠰᠡᠷᠡᠮᠵᠢᠳᠠᠢ ᠪᠠᠶᠢᠬᠤ ᠭᠡᠷᠡᠭᠳᠡᠢ᠃ | ᠬᠤᠭᠤᠯᠠᠢ ᠳᠡᠭᠡᠷ᠎ᠡ ᠵᠠᠩᠭᠢᠷᠠᠬᠤ | ᠳᠦᠷᠦᠭᠦᠦ ᠨᠢᠭᠡ ᠠᠮᠠ ᠬᠤᠭᠤᠯᠠ ᠶᠢ ᠵᠠᠯᠭᠢᠬᠤ ᠦᠶ᠎ᠡ ᠳᠤ ᠬᠤᠭᠤᠯᠠᠢ ᠳᠡᠭᠡᠷ᠎ᠡ ᠵᠠᠩᠭᠢᠷᠠᠬᠤ ᠪᠠᠶᠢᠳᠠᠯ ᠭᠠᠷᠤᠬᠰᠠᠨ ᠢᠶᠠᠨ ᠠᠶᠠᠨᠳᠠᠭᠠᠨ ᠨᠠᠮᠳᠠᠵᠤ᠂ | ᠭᠡᠰᠡᠭ ᠬᠤᠭᠤᠴᠠᠭ᠎ᠠ ᠦᠩᠭᠡᠷᠡᠭᠡᠳ ᠳᠠᠬᠢᠨ ᠢᠢᠮᠦ ᠪᠠᠶᠢᠳᠠᠯ ᠭᠠᠷᠬᠤ ᠳᠤ ᠬᠤᠭᠤᠯᠠᠢ ᠶᠢᠨ ᠦᠷᠪᠢᠰᠦᠯ ᠪᠠᠶᠢᠬᠤ ᠭᠡᠵᠦ ᠬᠠᠶᠢᠬᠤᠷᠬᠤ ᠦᠭᠡᠢ | ᠦᠩᠭᠡᠷᠡᠬᠦ ᠶᠠᠪᠤᠳᠠᠯ ᠭᠠᠷᠳᠠᠭ᠃ ᠭᠡᠳᠡᠯ᠎ᠠ ᠢᠢᠮᠦᠷᠬᠦᠦ ᠵᠠᠩᠭᠢᠷᠠᠬᠤ ᠢᠯᠡᠷᠡᠯ ᠪᠤᠯ ᠤᠯᠠᠭᠠᠨ ᠬᠤᠭᠤᠯᠠᠢ ᠶᠢᠨ ᠦᠮᠡᠨ ᠤ ᠠᠩᠬᠠᠨ ᠤ ᠱᠠᠳᠤᠨ ᠤ | ᠬᠠᠮᠤᠭ ᠤᠨ ᠤᠯᠠᠨ ᠳᠤᠭᠢᠶᠠᠯᠳᠤᠳᠠᠭ ᠢᠯᠡᠷᠡᠯ ᠤᠨ ᠨᠢᠭᠡ ᠪᠤᠯᠤᠨ᠎ᠠ ᠭᠡᠳᠡᠭ ᠢ ᠮᠡᠳᠡᠬᠦ ᠭᠡᠷᠡᠭᠳᠡᠢ᠃ | ᠠᠩᠬᠠᠷᠬᠤ ᠴᠢᠬᠤᠯᠠᠳᠠᠢ ᠨᠢ᠂ ᠤᠯᠠᠭᠠᠨ ᠬᠤᠭᠤᠯᠠᠢ ᠶᠢᠨ ᠦᠮᠡᠨ ᠪᠠ ᠤᠵᠢᠬ ᠴᠢᠨᠠᠷᠳᠠᠢ ᠬᠤᠭᠤᠯᠠᠢ ᠶᠢᠨ ᠦᠷᠪᠢᠰᠦᠯ ᠨᠢ ᠪᠦᠷ | ᠵᠠᠩᠭᠢᠷᠠᠬᠤ ᠢᠯᠡᠷᠡᠯ ᠲᠠᠢ ᠪᠠᠶᠢᠳᠠᠭ᠂ ᠭᠡᠬᠦ ᠳᠡᠭᠡᠨ ᠤᠯᠠᠭᠠᠨ ᠬᠤᠭᠤᠯᠠᠢ ᠶᠢᠨ ᠦᠮᠡᠨ ᠠᠴᠠ ᠪᠤᠯᠤᠭᠰᠠᠨ | ᠵᠠᠯᠭᠢᠬᠤ ᠳᠤ ᠬᠦᠴᠢᠷᠳᠠᠬᠦ ᠪᠠᠶᠢᠳᠠᠯ ᠨᠢ ᠢᠳᠡᠭᠡᠨ ᠤ ᠦᠳᠭᠡᠨ ᠠᠴᠠ ᠰᠢᠩᠭᠡᠨ ᠪᠤᠯᠬᠤ ᠴᠢᠭᠯᠡᠯ ᠢᠶᠠᠷ ᠤᠯᠠᠮ | ᠬᠦᠴᠢᠷᠳᠡᠬᠦ ᠪᠠᠶᠢᠳᠠᠯ ᠲᠠᠢ ᠪᠠᠶᠢᠵᠤ᠂ ᠬᠤᠭᠤᠯᠠᠢ ᠶᠢᠨ ᠦᠷᠪᠢᠰᠦᠯ ᠨᠢ ᠶᠡᠷᠦᠳᠡᠭᠡᠨ ᠰᠢᠯᠦᠰᠦ ᠪᠠᠨ ᠵᠠᠯᠬᠢᠬᠤ ᠳᠤ | ᠴᠤ ᠡᠪᠡᠳᠬᠦ ᠪᠠᠶᠢᠳᠠᠯ ᠲᠠᠢ ᠪᠠᠶᠢᠳᠠᠭ᠃ | ᠴᠡᠭᠡᠵᠢ ᠡᠪᠬᠦ᠋ᠢᠷᠡᠬᠦ | ᠬᠡᠷᠪᠡ ᠡᠪᠴᠢᠭᠦᠨ ᠤ ᠠᠷᠤ ᠳᠤ ᠪᠦᠭᠯᠡᠷᠡᠬᠦ ᠪᠤᠶᠤ ᠡᠪᠡᠳᠬᠦ ᠪᠠᠶᠢᠳᠠᠯ ᠭᠠᠷᠴᠤ᠂ ᠳᠠᠰᠤᠯᠳᠠᠭᠰᠠᠨ ᠰᠢᠨᠵᠢ ᠲᠠᠢ ᠪᠤᠶᠤ ᠶᠠᠳᠠᠷᠠᠭᠰᠠᠨ ᠵᠢᠴᠢ | ᠬᠤᠭᠤᠯᠠ ᠬᠤᠷᠳᠤᠨ ᠢᠳᠡᠬᠦ ᠦᠶ᠎ᠠ ᠳᠤ ᠪᠦᠭᠯᠡᠷᠡᠬᠦ ᠡᠪᠡᠳᠬᠦ ᠨᠢ ᠬᠦᠨᠳᠦᠷᠡᠬᠦ ᠪᠠᠶᠢᠳᠠᠯ ᠭᠠᠷᠪᠠᠯ ᠪᠠᠶᠢᠴᠠᠭᠠᠯᠳᠠ ᠬᠢᠬᠦ ᠠᠴᠠ | ᠳᠠᠳᠠᠭᠠᠯᠵᠠᠵᠤ ᠪᠤᠯᠬᠤ ᠦᠭᠡᠢ᠃ | ᠭᠡᠭᠡᠷᠡᠬᠦ ᠵᠡᠷᠭᠡ ᠶᠢᠨ ᠬᠤᠳᠤᠭᠤᠳᠤᠨ ᠡᠪᠡᠳᠴᠢᠨ ᠤ ᠢᠯᠡᠷᠡᠯ ᠭᠠᠷᠬᠤ | ᠬᠤᠳᠤᠭᠤᠳᠤ ᠲᠠᠢ ᠤᠢᠢᠷᠠᠳᠤᠭᠰᠠᠨ ᠭᠡᠰᠡᠭ ᠤᠨ ᠤᠯᠠᠭᠠᠨ ᠬᠤᠭᠤᠯᠠᠢ ᠶᠢᠨ ᠦᠮᠡᠨ ᠳᠤ ᠭᠡᠭᠡᠷᠡᠬᠦ᠂ ᠰᠢᠩᠭᠡᠭᠡᠯᠳᠡ ᠮᠠᠭᠤᠳᠠᠬᠤ ᠵᠡᠷᠭᠡ | ᠬᠤᠳᠤᠭᠤᠳᠤᠨ ᠡᠪᠡᠳᠴᠢᠨ ᠤ ᠢᠯᠡᠷᠡᠯ ᠭᠠᠷᠳᠠᠭ᠃ | ᠵᠠᠯᠬᠢᠵᠤ ᠳᠡᠶᠢᠯᠦᠭᠰᠡᠨ ᠦᠭᠡᠢ ᠮᠡᠳᠦ ᠳᠦᠷᠦᠭᠳᠡᠯ ᠲᠠᠢ ᠪᠠᠶᠢᠬᠤ | ᠬᠤᠭᠤᠯᠠ ᠪᠠᠨ ᠵᠠᠯᠭᠢᠴᠢᠬᠠᠭᠰᠠᠨ ᠪᠠᠶᠢᠬᠤ ᠳᠤ ᠵᠠᠯᠭᠢᠵᠤ ᠤᠷᠤᠭᠤᠯᠵᠤ ᠳᠡᠶᠢᠯᠦᠭᠰᠡᠨ ᠦᠭᠡᠢ ᠮᠡᠳᠦ ᠰᠠᠨᠠᠭᠳᠠᠭᠠᠳ ᠪᠠᠶᠢᠬᠤ᠃ | ᠬᠤᠭᠤᠯᠠᠢ ᠳᠡᠭᠡᠷ᠎ᠡ ᠶᠠᠭᠤᠮ᠎ᠠ ᠳᠤᠷᠤᠬᠰᠠᠨ ᠪᠠᠶᠢᠳᠠᠯ ᠭᠠᠷᠬᠤ | ᠵᠠᠯᠬᠢᠬᠤ ᠳᠤ ᠡᠪᠭᠦ᠋ᠢᠷᠡᠬᠦ ᠪᠤᠶᠤ ᠬᠤᠭᠤᠯᠠᠢ ᠳᠡᠭᠡᠷ᠎ᠡ ᠶᠠᠭᠤᠮ᠎ᠠ ᠳᠤᠷᠤᠭᠰᠠᠨ ᠪᠠᠶᠢᠳᠠᠯ ᠭᠠᠷᠴᠤ᠂ ᠨᠠᠭᠠᠰᠢ ᠪᠠᠨ ᠴᠤ ᠦᠭᠡᠢ ᠴᠠᠭᠠᠰᠢ ᠪᠠᠨ | ᠴᠤ ᠦᠭᠡᠢ ᠪᠠᠶᠢᠳᠠᠯ ᠢᠯᠡᠷᠡᠬᠦ᠃ | | | | | |