| | | | 1. ᠴᠤᠺᠤᠯᠠᠳ᠋ | ᠴᠤᠺᠤᠯᠠᠳ᠋ ᠢ ᠬᠠᠳᠠᠭᠠᠯᠠᠬᠤ ᠬᠠᠮᠤᠭ ᠤᠨ ᠳᠤᠬᠢᠷᠠᠮᠵᠢᠳᠠᠢ ᠳᠤᠯᠠᠭᠠᠨ ᠨᠢ 5 — 18 ᠭᠷᠡᠳᠦ᠋ᠰ᠃ ᠴᠤᠺᠤᠯᠠᠳ᠋ ᠢ ᠬᠦᠯᠳᠡᠭᠡᠭᠦᠷ ᠲᠤ | ᠬᠢᠭᠡᠳ ᠭᠠᠷᠭᠠᠪᠠᠯ᠂ ᠦᠩᠭᠡᠨ ᠳᠠᠯ᠎ᠠ ᠨᠢ ᠴᠠᠩᠳᠤᠵᠤ᠂ ᠦᠨᠦᠷ ᠠᠮᠳᠠ ᠨᠢ ᠮᠠᠭᠤᠳᠠᠳᠠᠭ ᠢᠶᠠᠷ ᠪᠠᠷᠠᠬᠤ ᠦᠭᠡᠢ ᠪᠠᠺᠲ᠋ᠧᠷᠢ | ᠦᠷᠡᠵᠢᠬᠦ ᠪᠤᠯᠤᠮᠵᠢ ᠶᠢ ᠪᠤᠢ ᠪᠤᠯᠭᠠᠳᠠᠭ᠃ | ᠭᠡᠪᠡᠴᠦ ᠰᠦᠯᠢᠶᠤᠤ ᠤᠭᠤᠳᠠᠨ ᠳᠤ ᠰᠠᠶᠢᠨ ᠪᠢᠳᠡᠭᠦᠮᠵᠢᠯᠡᠭᠡᠳ ᠬᠦᠯᠳᠡᠭᠡᠭᠦᠷ ᠤᠨ ᠬᠦᠢᠳᠡᠨ ᠢᠶᠠᠷ ᠬᠠᠳᠠᠭᠠᠯᠠᠬᠤ ᠳᠠᠰᠤᠯᠭᠠᠨ ᠳᠤ ᠬᠠᠳᠠᠭᠠᠯᠠᠵᠤ ᠪᠤᠯᠤᠨ᠎ᠠ᠃ | ᠭᠠᠷᠭᠠᠵᠤ ᠢᠷᠡᠭᠰᠡᠨ ᠤ ᠳᠠᠷᠠᠭ᠎ᠠ ᠳᠠᠷᠦ᠋ᠢᠬᠠᠨ ᠵᠠᠳᠠᠯᠵᠤ᠂ ᠬᠡᠪ ᠤᠨ ᠳᠤᠯᠠᠭᠠᠨ ᠳᠤ ᠬᠦᠷᠦᠭᠰᠡᠨ ᠤ ᠳᠠᠷᠠᠭ᠎ᠠ ᠢᠳᠡᠨ᠎ᠠ᠃ | | | | | | 2. ᠡᠮ ᠤᠨ ᠮᠠᠲ᠋ᠧᠷᠢᠶᠠᠯ | ᠡᠮ ᠤᠨ ᠮᠠᠲ᠋ᠧᠷᠢᠶᠠᠯ ᠢ ᠬᠦᠯᠳᠡᠭᠡᠭᠦᠷ ᠲᠤ ᠬᠠᠳᠠᠭᠠᠯᠠᠬᠤ ᠨᠢ ᠳᠤᠬᠢᠷᠠᠮᠵᠢ ᠦᠭᠡᠢ᠃ ᠪᠤᠰᠤᠳ ᠢᠳᠡᠭᠡᠨ ᠤ ᠵᠦᠢᠯ ᠲᠠᠢ ᠴᠤᠭ ᠤᠳᠠᠭᠠᠨ | ᠬᠠᠳᠠᠭᠠᠯᠠᠪᠠᠯ ᠡᠮ ᠤᠨ ᠮᠠᠲ᠋ᠧᠷᠢᠶᠠᠯ ᠳᠤ ᠪᠠᠺᠲ᠋ᠧᠷᠢ ᠤᠷᠤᠬᠤ᠂ ᠴᠢᠬᠢᠭᠳᠦᠬᠦ ᠮᠡᠳᠦ ᠪᠠᠷ ᠴᠢᠨᠠᠷ ᠢ ᠨᠢ | ᠠᠯᠳᠠᠭᠤᠯᠵᠤ ᠮᠡᠳᠡᠨ᠎ᠠ᠃ | ᠬᠡᠷᠪᠡ ᠤᠷᠬᠤᠳᠠᠢ ᠮᠡᠳᠦ ᠶᠢᠨ ᠦᠨᠡᠳᠦ ᠡᠮ ᠤᠨ ᠮᠠᠲ᠋ᠧᠷᠢᠶᠠᠯ ᠢ ᠤᠳᠠᠭᠠᠨ ᠬᠠᠳᠠᠭᠠᠯᠠᠬᠤ ᠴᠢᠬᠤᠯᠡᠳᠠᠢ ᠪᠤᠯ ᠴᠡᠪᠡᠷ ᠰᠢᠯ ᠯᠤᠩᠬᠤᠨ ᠳᠤ ᠬᠢᠵᠦ᠂ | ᠳᠡᠭᠡᠷ᠎ᠡ ᠨᠢ ᠰᠢᠷᠠᠯᠠᠳᠠᠯ᠎ᠠ ᠬᠠᠭᠤᠷᠤᠭᠰᠠᠨ ᠬᠤᠨᠤᠭ ᠪᠤᠳᠠᠭ᠎ᠠ ᠬᠢᠵᠦ ᠰᠠᠯᠬᠢ ᠨᠡᠪᠳᠡᠷᠡᠳᠡᠭ ᠰᠡᠷᠢᠭᠦᠨ ᠰᠡᠭᠦᠳᠡᠷ ᠭᠠᠵᠠᠷ ᠬᠠᠳᠠᠭᠠᠯᠠᠪᠠᠯ ᠵᠤᠬᠢᠨ᠎ᠠ᠃ | | | | | 3. ᠳᠦᠪᠡᠳ ᠬᠠᠰᠢ | ᠳᠦᠪᠡᠳ ᠬᠠᠰᠢ ᠶᠢ ᠬᠦᠯᠳᠡᠭᠡᠵᠦ ᠪᠤᠯᠬᠤ ᠦᠭᠡᠢ᠂ ᠬᠦᠯᠳᠡᠭᠡᠪᠡᠯ ᠴᠦᠪᠦᠷᠢᠭᠦᠦ᠂ ᠬᠠᠷ᠎ᠠ ᠳᠤᠯᠪᠤ ᠭᠠᠷᠴᠤ ᠵᠦᠭᠡᠯᠡᠷᠡᠵᠦ ᠬᠠᠭᠠᠷᠠᠨ ᠦᠨᠦᠷ | ᠠᠮᠳᠠ ᠨᠢ ᠬᠤᠪᠢᠷᠠᠳᠠᠭ ᠪᠠ ᠠᠮᠠᠷᠬᠠᠨ ᠢᠯᠵᠢᠷᠡᠳᠡᠭ᠃ | | | | | | 4. ᠦᠷᠭᠡᠰᠦᠳᠦ ᠬᠡᠮᠬᠡ᠂ ᠴᠢᠨᠵᠤᠤ | ᠵᠦᠭᠡᠯᠡᠷᠡᠵᠦ ᠬᠠᠷᠠᠯᠠᠨ ᠦᠨᠦᠷ ᠠᠮᠳᠠ ᠨᠢ ᠬᠤᠪᠢᠷᠠᠨ᠎ᠠ᠃ | ᠦᠷᠭᠡᠰᠦᠳᠦ ᠬᠡᠮᠭᠡ ᠨᠢ 10 — 12 ᠭᠷᠡᠳᠦ᠋ᠰ᠂ ᠴᠢᠨᠵᠤᠤ ᠨᠢ 7 — 8 ᠭᠷᠡᠳᠦ᠋ᠰ ᠲᠤ ᠬᠠᠳᠠᠭᠠᠯᠠᠬᠤ ᠳᠤ ᠳᠤᠬᠢᠷᠠᠮᠵᠢᠳᠠᠢ ᠪᠠᠶᠢᠳᠠᠭ | ᠪᠦᠭᠡᠳ ᠤᠳᠠᠭᠠᠨ ᠬᠠᠳᠠᠭᠠᠯᠠᠵᠤ ᠪᠤᠯᠳᠠᠭ ᠦᠭᠡᠢ᠃ | | | | | | 5. ᠪᠠᠨᠠᠨᠠ᠂ ᠪᠡᠷᠴᠢᠭᠡᠷ ᠯᠤᠤ ᠶᠢᠨ ᠨᠢᠳᠤ ᠵᠡᠷᠭᠡ ᠬᠠᠯᠠᠭᠤᠨ ᠪᠦᠰᠡ ᠶᠢᠨ ᠵᠢᠮᠢᠰ | ᠪᠠᠨᠠᠨᠠ ᠶᠢ 12 ᠭᠷᠡᠳᠦ᠋ᠰ ᠠᠴᠠ ᠳᠤᠤᠷ᠎ᠠ ᠳᠤᠯᠠᠭᠠᠨ ᠳᠤ ᠬᠠᠳᠠᠭᠠᠯᠠᠪᠠᠯ᠂ ᠳᠡᠮᠡᠢ ᠤᠳᠠᠬᠤ ᠦᠭᠡᠢ ᠬᠠᠷᠠᠯᠠᠵᠤ ᠢᠯᠵᠢᠷᠡᠳᠡᠭ᠃ ᠪᠤᠰᠤᠳ | ᠵᠦᠢᠯ ᠤᠨ ᠬᠠᠯᠠᠭᠤᠨ ᠪᠦᠰᠡ ᠶᠢᠨ ᠵᠢᠮᠢᠰ ᠴᠤ ᠠᠳᠠᠯᠢᠬᠠᠨ ᠠᠮᠠᠷᠬᠠᠨ ᠬᠠᠷᠠᠯᠠᠵᠤ᠂ ᠰᠢᠮ᠎ᠠ ᠳᠡᠵᠢᠭᠡᠯ ᠨᠢ ᠠᠯᠳᠠᠭᠳᠠᠨ ᠢᠯᠵᠢᠷᠡᠨ᠎ᠠ᠃ | | | | | | 6. ᠰᠠᠷᠢᠮᠰᠠᠭ ᠪᠠ ᠪᠦᠭᠡᠷᠡᠩᠬᠡᠢ ᠰᠤᠩᠭᠢᠨ᠎ᠠ | ᠰᠠᠷᠢᠮᠰᠠᠭ ᠢ ᠬᠦᠯᠳᠡᠭᠡᠭᠦᠷ ᠲᠤ ᠳᠠᠯᠪᠢᠪᠠᠯ ᠠᠮᠠᠷᠬᠠᠨ ᠢᠯᠵᠢᠷᠡᠵᠦ ᠬᠦᠭᠡᠴᠦᠷᠡᠳᠡᠭ᠃ ᠳᠡᠭᠡᠬᠦ ᠳᠡᠭᠡᠨ ᠬᠠᠯᠢᠰᠦ ᠳᠡᠭᠡᠷ᠎ᠡ ᠨᠢ ᠮᠡᠳᠡᠭᠳᠡᠳᠡᠭ ᠦᠭᠡᠢ᠂ | ᠬᠦᠯᠳᠡᠭᠡᠭᠦᠷ ᠲᠡᠭᠡᠨ ᠢᠯᠵᠢᠷᠡᠭᠰᠡᠨ ᠶᠠᠭᠤᠮ᠎ᠠ ᠤᠳᠠᠭᠠᠨ ᠬᠠᠳᠠᠭᠠᠯᠠᠵᠤ᠂ ᠪᠠᠺᠲ᠋ᠧᠷᠢ ︽ᠳᠡᠵᠢᠭᠡᠬᠦ︾ ᠠᠶᠤᠯ ᠠᠪᠴᠢᠷᠠᠳᠠᠭ᠃ ᠪᠦᠭᠡᠷᠡᠩᠬᠡᠢ | ᠰᠤᠩᠭᠢᠨ᠎ᠠ ᠶᠢ ᠴᠤ ᠬᠦᠯᠳᠡᠭᠡᠭᠦᠷ ᠲᠤ ᠬᠢᠪᠠᠯ ᠠᠮᠠᠷᠬᠠᠨ ᠢᠯᠵᠢᠷᠡᠵᠦ ᠬᠦᠭᠡᠴᠦᠷᠡᠳᠡᠭ᠃ | | | | | | | |