| | 11 ᠰᠠᠷ᠎ᠠ ᠶᠢᠨ 7 ᠤ ᠣᠷᠣᠶ ᠶᠢᠨ 8 ᠴᠠᠭ ᠲᠤ᠂ ᠥᠪᠥᠷ ᠮᠣᠩᠭᠤᠯ ᠤᠨ ᠦᠨᠳᠦᠰᠦᠲᠡᠨ ᠤ ᠤᠷᠠᠯᠢᠭ ᠵᠦᠴᠦᠭᠡ ᠶᠢᠨ | ᠬᠦᠷᠢᠶᠡᠯᠡᠩ ᠤᠨ ᠳᠠᠭᠤᠤ ᠬᠥᠭᠵᠢᠮ ᠤᠨ ᠲᠢᠩᠬᠢᠮ ᠳᠤ ᠦᠩᠬᠡᠳᠦ ᠳ᠋ᠧᠩ ᠬᠢᠯᠠᠯᠵᠠᠵᠦ᠂ ᠦᠵᠡᠭᠴᠢᠳ ᠲᠠᠯᠠᠪᠠᠢ ᠲᠦᠬᠦᠷᠡᠩ ᠰᠠᠭᠤᠯᠴᠡᠵᠦ᠂ | ᠤᠷᠠᠨ ᠪᠦᠵᠢᠭ ᠤᠨ ᠸᠢᠳᠢᠣ᠋ ᠦᠵᠡᠭᠳᠡᠯ ᠴᠡᠭᠡᠨ ᠬᠦᠰᠢᠭᠡᠨᠡ ᠲᠡᠯᠭᠡᠭᠳᠡᠬᠦ ᠶᠢ ᠳᠠᠭᠠᠯᠳᠤᠨ᠂ ᠠᠩᠬᠠᠳᠤᠭᠠᠷ | ᠬᠤᠭᠤᠴᠠᠭᠠᠨ ᠤ ᠥᠪᠥᠷ ᠮᠣᠩᠭᠤᠯ ᠤᠨ ᠠᠷᠠᠳ ᠤᠨ ᠪᠥᠵᠢᠭ ᠤᠨ ᠤᠷᠤᠯᠳᠤᠭᠠᠨ ᠤ ᠱᠠᠩᠨᠠᠯ | ᠤᠯᠭᠤᠬᠤ ᠶᠤᠰᠤᠯᠠᠯ ᠦᠪᠡᠳᠡᠭᠰᠢ ᠶᠡᠬᠡᠪᠡᠷ ᠡᠬᠢᠯᠡᠯ᠎ᠡ᠃ ᠨᠢᠭᠡ ᠭᠠᠷᠠᠭ ᠤᠨ ᠬᠤᠭᠤᠴᠠᠭ᠎ᠠ ᠲᠠᠢ ᠶᠠᠪᠤᠭᠳᠠᠭᠰᠠᠨ | 6 ᠲᠠᠯᠠᠪᠠᠢ ᠠᠷᠠᠳ ᠤᠨ ᠪᠦᠵᠢᠭ ᠤᠨ ᠤᠷᠤᠯᠳᠤᠭᠠᠨ ᠤ ᠭᠤᠶᠢᠳᠠ ᠰᠠᠶᠢᠬᠠᠨ ᠲᠣᠭᠯᠠᠯᠲᠠ ᠶᠢ ᠤᠬᠤᠷ ᠸᠢᠳᠢᠣ᠋ ᠪᠠᠷ | ᠡᠷᠬᠢᠴᠡᠬᠦᠯᠤᠨ ᠳ᠋ᠦᠩᠨᠡᠵᠦ᠂ ᠠᠳᠡ ᠬᠤᠷᠠᠨ ᠴᠤᠭᠯᠠᠷᠠᠭᠰᠠᠨ ᠡᠯ᠎ᠠ ᠦᠨᠳᠦᠰᠦᠳᠡᠨ ᠤ | ᠪᠦᠵᠢᠭᠴᠢᠳ ᠬᠢᠨᠠᠭᠴᠢᠳ ᠠᠴᠠ ᠤᠷᠠᠯᠢᠭ ᠢᠶᠠᠷ ᠬᠠᠶᠢᠷ᠎ᠠ ᠰᠡᠳᠬᠢᠯᠭᠡ ᠪᠠᠨ ᠰᠤᠯᠢᠯᠴᠠᠨ᠂ ᠪᠥᠵᠢᠭ ᠢᠶᠠᠷ | ᠨᠥᠬᠦᠷᠯᠡᠯ ᠢᠶᠠᠨ ᠵᠤᠵᠠᠭᠠᠳᠬᠠᠨ᠂ ᠳᠤᠮᠳᠠᠳᠤ ᠶᠢᠨ ᠦᠨᠳᠦᠰᠦᠲᠡᠨ ᠤ ᠡᠶ᠎ᠡ ᠵᠤᠬᠢᠴᠠᠩᠭᠤᠢ | ᠠᠳᠠᠯᠢ ᠪᠤᠰᠤ ᠰᠣᠶᠣᠯ ᠢᠷᠭᠡᠨᠰᠢᠯ ᠢ ᠭᠠᠶᠢᠬᠠᠨ ᠱᠠᠭᠰᠢᠨ᠎ᠠ᠃ | ᠱᠠᠩᠨᠠᠯ ᠤᠯᠭᠤᠬᠤ ᠶᠤᠰᠤᠯᠠᠯ ᠨᠢ ︽ᠴᠡᠴᠡᠭᠳᠦ ᠳ᠋ᠧᠩᠯᠤ ᠪᠠᠨ ᠡᠯᠬᠦᠨ ᠴᠠᠭᠠᠨ ᠰᠠᠷ᠎ᠠ ᠪᠠᠨ ᠤᠭᠳᠤᠨᠠᠮ︾ ᠬᠡᠬᠦ ᠬᠠᠮᠳᠤ ᠶᠢᠨ | ᠪᠦᠵᠢᠭ ᠤᠨ ᠲᠤᠮᠳᠠ ᠬᠦᠰᠢᠬᠡ ᠪᠠᠨ ᠰᠡᠬᠦᠵᠦ᠂ ︽ᠮᠠᠯᠴᠢᠳ ᠤᠨ ᠪᠠᠶᠠᠰᠤᠯᠳᠤ ᠲᠠᠭᠤᠯᠠᠯ︾᠂ ︽ᠠᠶᠠᠭᠠᠨ ᠪᠦᠵᠢᠭ︾᠂ | ︽ᠬᠠᠶᠢᠷ᠎ᠠ ᠶᠢᠨ ᠲᠤᠪᠰᠢᠭᠤᠷ︾᠂ ︽ᠱᠠᠭ᠎ᠠ • ᠱᠠᠭ᠎ᠠ︾᠂ ︽ᠠᠨᠳᠠᠢ • ᠴᠤᠭ︾᠂ ︽ᠰᠢᠪᠠᠭᠤᠨ ᠰᠠᠷᠠᠯ︾᠂ | ︽ᠤᠰᠤ ᠪᠠᠷ ᠲᠤᠬᠯᠠᠭᠠ ᠦᠬᠢᠨ︾᠂ ︽ᠠᠬᠠᠨᠪᠠᠢ︾᠂ ︽ᠲᠡᠭᠦᠯᠢᠯᠳᠡ︾᠂ ︽ᠲᠢᠩᠨᠠ︾᠂ ︽ᠲᠤᠷᠭᠤᠳ | ᠨᠠᠶᠢᠷ︾ ᠵᠡᠷᠬᠡ ᠣᠷᠣᠨ ᠨᠤᠲᠤᠭ ᠤᠨ ᠣᠨᠴᠠᠯᠢᠭ ᠲᠠᠢ ᠭᠤᠶᠢᠳᠠ ᠰᠠᠶᠢᠬᠠᠨ ᠪᠦᠵᠢᠭ ᠤᠨ | ᠲᠤᠭᠯᠠᠯᠳᠡ ᠨᠤᠭᠤᠳ ᠦᠪᠤᠷ ᠮᠤᠩᠭᠤᠯ ᠤᠨ ᠲᠠᠯ᠎ᠠ ᠨᠤᠳᠤᠭ ᠤᠨ ᠭᠤᠶᠤ ᠦᠵᠡᠮᠵᠢ᠂ | ᠵᠢᠷᠭᠠᠯᠳᠤ ᠠᠮᠢᠳᠤᠷᠠᠯ ᠢ ᠲᠠᠶᠢᠰᠠᠨ᠎ᠠ ᠠᠮᠢᠳᠤᠯᠢᠭ ᠢᠯᠡᠷᠡᠭᠦᠯᠵᠦ᠂ ᠨᠢᠭᠡ ᠶᠤᠰᠤᠨ ᠤ ᠦᠪᠡᠳᠡᠭᠰᠢ | ᠤᠷᠠᠯᠢᠭ ᠤᠨ ᠳᠠᠶᠢᠯᠠᠯᠭ᠎ᠠ ᠪᠤᠯᠤᠯ᠎ᠠ᠂ ᠦᠵᠡᠭᠴᠢᠳ ᠦᠶ᠎ᠠ ᠦᠶ᠎ᠠ ᠠᠯᠠᠭ᠎ᠠ | ᠲᠠᠰᠢᠯᠳᠡ ᠪᠠᠷ ᠢᠶᠠᠨ ᠤᠷᠤᠯᠳᠤᠭᠠᠨ ᠳᠤ ᠤᠷᠤᠯᠴᠠᠭᠰᠡᠨ ᠪᠦᠵᠢᠭᠴᠢ | ᠪᠦᠬᠦᠨ ᠳᠡᠭᠡᠨ ᠪᠠᠶᠠᠷ ᠤᠨ ᠮᠡᠨᠳᠦ ᠲᠠᠪᠰᠢᠬᠦᠯᠦᠨᠡ᠃ ᠤᠷᠤᠯᠳᠤᠭᠠᠨ ᠢ ᠪᠥᠵᠢᠭ ᠤᠨ ᠰᠦᠯᠵᠢᠶ᠎ᠡ᠂ | ᠥᠪᠥᠷ ᠮᠣᠩᠭᠤᠯ ᠤᠨ ᠦᠨᠳᠦᠰᠦᠲᠡᠨ ᠤ ᠤᠷᠠᠯᠢᠭ ᠵᠦᠴᠦᠭᠡ ᠶᠢᠨ ᠬᠦᠷᠢᠶᠡᠯᠡᠩ ᠤᠨ ᠠᠯᠪᠠᠨ ᠤ ᠲᠠᠯ᠎ᠠ ᠶᠢᠨ ᠪᠤᠰᠢᠭᠤ ᠭᠠᠷ᠂ | ᠴᠤᠤᠷᠢᠶ᠎ᠠ ᠵᠡᠷᠭᠡ ᠵᠠᠭᠤᠴᠢᠯᠠᠭᠤᠷ ᠤᠨ ᠲᠠᠪᠴᠠᠩ ᠢᠶᠠᠷ ᠰᠢᠭᠤᠳ ᠨᠡᠪᠲᠡᠷᠡᠭᠦᠯᠵᠦ᠂ ᠥᠪᠥᠷ ᠮᠣᠩᠭᠤᠯ ᠤᠨ ᠪᠥᠵᠢᠭ ᠤᠨ | ᠤᠷᠠᠯᠢᠭ ᠢ ᠪᠦᠬᠦ ᠤᠯᠤᠰ ᠤᠨ ᠦᠵᠡᠭᠴᠢᠳ ᠤᠨ ᠬᠠᠷᠠᠭᠠᠨ ᠳᠤ ᠬᠦᠷᠭᠡᠵᠦ᠂ ᠥᠪᠥᠷ ᠮᠣᠩᠭᠤᠯ ᠤᠨ | ᠪᠥᠵᠢᠭ ᠤᠨ ᠤᠷᠠᠯᠢᠭ ᠢ ᠨᠠᠩ ᠶᠡᠭᠡ ᠬᠡᠪᠴᠢᠶ᠎ᠡ ᠪᠠᠷ ᠳᠡᠯᠭᠡᠷᠡᠭᠦᠯᠦᠨ ᠤᠯᠠᠮᠵᠢᠯᠠᠵᠦ᠂ ᠥᠪᠥᠷ | ᠮᠣᠩᠭᠤᠯ ᠤᠨ ᠪᠥᠵᠢᠭ ᠤᠨ ᠤᠷᠠᠯᠢᠭ ᠤᠨ ᠨᠥᠯᠥᠭᠡᠯᠡᠬᠦ ᠬᠦᠴᠦᠨ ᠢ ᠨᠡᠩ ᠦᠷᠭᠡᠨ ᠲᠡᠯᠭᠡᠷ ᠪᠤᠯᠭᠠᠵᠠᠢ᠃ | ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠪᠠᠳᠠᠷᠠᠭᠤᠯᠵᠦ᠂ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤ ᠴᠤᠭᠴᠠᠯᠠᠵᠦ᠂ ᠥᠪᠥᠷ ᠮᠣᠩᠭᠤᠯ ᠤᠨ ᠰᠢᠯᠢᠳᠡᠭ | ᠠᠷᠠᠳ ᠤᠨ ᠪᠥᠵᠢᠭ ᠤᠨ ᠤᠷᠠᠯᠢᠭ ᠢ ᠤᠯᠠᠮᠵᠢᠯᠠᠨ ᠬᠥᠭᠵᠢᠭᠦᠯᠵᠦ᠂ ᠤᠷᠤᠯᠳᠤᠭᠠᠨ ᠢᠶᠠᠷ ᠳᠠᠮᠵᠢᠨ | ᠬᠠᠮᠠᠭᠠᠯᠠᠯᠲᠠ ᠶᠢ ᠴᠢᠩᠭᠠᠳᠬᠠᠵᠤ᠂ ᠨᠠᠩ ᠣᠯᠠᠨ ᠨᠠᠩ ᠰᠢᠯᠢᠳᠡᠭ ᠪᠥᠵᠢᠭ ᠤᠨ | ᠪᠦᠲᠦᠭᠡᠯ ᠢ ᠵᠤᠬᠢᠶᠠᠨ ᠪᠦᠳᠦᠬᠡᠵᠦ᠂ ᠨᠡᠩ ᠤᠯᠠᠨ ᠪᠦᠵᠢᠭ ᠤᠨ ᠴᠢᠳᠠᠪᠤᠷᠢᠲᠠᠨ ᠢ ᠬᠥᠮᠦᠵᠢᠭᠦᠯᠬᠦ ᠪᠠ ᠢᠯᠡᠷᠡᠬᠦᠯᠵᠦ᠂ | ᠥᠪᠥᠷ ᠮᠣᠩᠭᠤᠯ ᠤᠨ ᠠᠷᠠᠳ ᠤᠨ ᠪᠥᠵᠢᠭ ᠢ ᠰᠢᠨ᠎ᠡ ᠠᠮᠢᠵᠢᠷᠠᠯ ᠤᠨ ᠬᠦᠴᠦᠨ ᠲᠠᠢ ᠪᠣᠯᠭᠠᠬᠤ ᠶᠢᠨ ᠲᠦᠯᠦᠬᠡ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠠᠴᠠ | ᠲᠤᠰ ᠬᠤᠭᠤᠴᠠᠭᠠᠨ ᠤ ᠤᠷᠤᠯᠳᠤᠭᠠᠨ ᠢ ᠭᠤᠤᠯᠯᠠᠨ ᠡᠷᠭᠢᠯᠡᠵᠦ᠂ ᠥᠪᠥᠷ ᠮᠣᠩᠭᠤᠯ ᠤᠨ ᠦᠨᠳᠦᠰᠦᠲᠡᠨ ᠤ ᠤᠷᠠᠯᠢᠭ | ᠵᠦᠴᠦᠭᠡ ᠶᠢᠨ ᠬᠦᠷᠢᠶᠡᠯᠡᠩ ᠠᠴᠠ ᠳᠠᠭᠠᠭᠠᠴᠢᠯᠠᠨ ᠡᠷᠭᠢᠯᠡᠭᠰᠡᠨ ᠪᠠᠶᠢᠨ᠎ᠠ᠃ | ︽ᠲᠤᠰ ᠤᠳᠠᠭᠠᠨ ᠤ ᠤᠷᠤᠯᠳᠤᠭᠠᠨ ᠳᠤ ᠮᠠᠨ ᠤ ᠤᠷᠤᠨ ᠤ 12 ᠠᠶᠢᠮᠠᠭ ᠬᠤᠲᠠ ᠂ ᠰᠢᠨᠵᠢᠶᠠᠩ᠂ ᠪᠡᠬᠡᠵᠢᠩ ᠤᠨ | ᠲᠤᠰᠬᠠᠶ ᠮᠡᠷᠭᠡᠵᠢᠯ ᠤᠨ ᠬᠦᠷᠢᠶᠡᠯᠡᠩ ᠪᠦᠯᠬᠦᠮ᠂ ᠤᠷᠠᠯᠢᠭ ᠤᠨ ᠳᠡᠭᠡᠳᠦ ᠰᠤᠷᠭᠠᠭᠤᠯᠢ᠂ ᠤᠯᠠᠭᠠᠨᠮᠥ᠋ᠴᠢᠷ ᠤᠨ | 57 ᠪᠦᠯᠬᠦᠮ ᠤᠨ ᠨᠡᠶᠢᠳᠡ 100 ᠭᠠᠷᠤᠢ ᠲᠤᠭᠯᠠᠯᠳᠡ ᠤᠷᠤᠯᠴᠠᠨ᠂ 11 ᠰᠠᠷ᠎ᠠ ᠶᠢᠨ 1 ᠤ ᠡᠳᠤᠷ ᠠᠴᠠ 6 ᠤ | ᠡᠳᠤᠷ ᠪᠤᠯᠳᠠᠯ᠎ᠠ ᠨᠡᠶᠢᠳᠡ 6 ᠡᠳᠤᠷ ᠤᠨ ᠮᠦᠷᠦ᠋ᠢᠴᠡᠬᠡᠨ ᠢᠶᠠᠷ ᠲᠠᠮᠵᠢᠨ ᠦᠨᠦᠳᠦᠷ ᠠᠮᠵᠢᠯᠳᠡ ᠲᠠᠢ | ᠦᠨᠳᠦᠷᠯᠡᠭᠰᠡᠨ ᠪᠠᠶᠢᠨ᠎ᠠ᠃ ᠤᠷᠤᠯᠳᠤᠭᠠᠨ ᠤ ᠪᠦᠳᠦᠬᠡᠯ ᠤᠳ ᠤᠯᠠᠮᠵᠢᠯᠠᠯᠳᠤ ᠠᠷᠠᠳ ᠤᠨ | ᠪᠦᠵᠢᠭ ᠤᠨ ᠰᠠᠭᠤᠷᠢᠨ ᠲᠡᠭᠡᠷ᠎ᠠ ᠰᠢᠨ᠎ᠡ ᠶᠢ ᠡᠬᠦᠳᠦᠭᠰᠡᠨ ᠤᠨᠴᠠᠯᠢᠭ ᠢᠯᠡ ᠲᠤᠳᠤᠷᠬᠠᠢ ᠪᠠᠶᠢᠵᠦ᠂ | ᠰᠢᠨ᠎ᠡ ᠳᠤᠮᠳᠠᠳᠤ ᠤᠯᠤᠰ ᠪᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ | ᠪᠠᠶᠢᠭᠤᠯᠤᠭᠳᠠᠭᠰᠠᠨ ᠠᠴᠠ ᠨᠠᠭᠠᠰᠢ ᠰᠢᠨ᠎ᠡ ᠪᠠᠷ ᠵᠤᠬᠢᠶᠠᠨ ᠪᠦᠳᠦᠬᠡᠭᠰᠡᠨ | ᠥᠪᠥᠷ ᠮᠣᠩᠭᠤᠯ ᠤᠨ ᠪᠥᠵᠢᠭ ᠤᠨ ᠬᠡᠪ ᠨᠠᠮᠪᠠ᠂ ᠣᠨᠴᠠᠯᠢᠭ ᠪᠠ ᠬᠥᠭ ᠠᠶᠠᠰ ᠢ ᠢᠯᠡᠷᠡᠭᠦᠯᠦᠭᠰᠡᠨ ᠪᠠᠶᠢᠨ᠎ᠠ᠃ | ᠬᠡᠳᠦ᠋ᠢᠪᠡᠷ ᠠᠩᠬᠠᠳᠤᠭᠠᠷ ᠬᠤᠭᠤᠴᠠᠭᠠᠨ ᠤ ᠤᠷᠤᠯᠳᠤᠭᠠᠨ ᠪᠣᠯᠪᠠᠴᠤ ᠴᠥᠭᠡᠨ ᠪᠤᠰᠤ ᠬᠢᠯᠠᠰ ᠴᠡᠭ ᠢ | ᠡᠬᠦᠳᠪᠡ᠄ ᠣᠷᠣᠯᠴᠠᠭᠰᠠᠨ ᠭᠠᠵᠠᠷ ᠣᠷᠣᠨ ᠨᠢ ᠣᠯᠠᠨ᠂ ᠰᠢᠯᠭᠠᠷᠠᠭᠤᠯᠬᠤ ᠺᠣᠮᠢᠰ ᠤᠨ ᠡᠩᠨᠡᠭᠡ ᠨᠢ ᠪᠦᠳᠦᠬᠦᠨ᠂ | ᠤᠷᠤᠯᠳᠤᠭᠠᠨ ᠳᠤ ᠣᠷᠣᠯᠴᠠᠭᠰᠠᠨ ᠪᠦᠲᠦᠭᠡᠯ ᠤᠨ ᠠᠭᠤᠯᠭ᠎ᠠ ᠨᠢ ᠥᠷᠭᠡᠨ ᠳᠡᠯᠭᠡᠷ᠂ | ᠲᠣᠭᠯᠠᠭᠴᠢ ᠶᠢᠨ ᠶᠡᠷᠦᠩᠬᠡᠶᠢᠯᠡᠭᠰᠡᠨ ᠴᠢᠳᠠᠪᠤᠷᠢ ᠦᠨᠳᠦᠷ᠂ ᠪᠥᠵᠢᠭ ᠤᠨ ᠨᠠᠶᠢᠷᠠᠭᠤᠯᠤᠨ | ᠤᠳᠤᠷᠢᠳᠤᠭᠠᠴᠢ ᠵᠠᠯᠠᠭᠤᠵᠢᠭᠰᠠᠨ᠂ ᠪᠦᠲᠦᠭᠡᠯ ᠤᠨ ᠢᠯᠡᠷᠡᠭᠦᠯᠬᠦ ᠬᠡᠪ ᠨᠠᠮᠪᠠ ᠪᠠ ᠲᠥᠷᠥᠯ | ᠵᠦᠶ᠋ᠯ ᠨᠢ ᠣᠯᠠᠨ ᠶᠠᠩᠵᠤ ᠶᠢᠨ ᠪᠠᠶᠢᠵᠦ᠂ ᠤᠨᠴᠠᠭᠠᠢᠢᠯᠠᠨ ᠦᠨᠳᠦᠰᠦᠨ ᠱᠠᠳᠤᠨ ᠤ | ᠤᠯᠠᠭᠠᠨᠮᠦ᠋ᠴᠢᠷ ᠤᠨ ᠪᠦᠯᠬᠦᠮ ᠤᠨ ᠲᠤᠭᠯᠠᠯᠳᠡ ᠨᠤᠭᠤᠳ ᠨᠢ ᠠᠷᠠᠳ ᠤᠨ | ᠠᠮᠢᠳᠤᠷᠠᠯ ᠳᠤ ᠰᠠᠭᠤᠷᠢᠯᠠᠵᠦ᠂ ᠨᠡᠬᠦᠳᠡᠯ ᠮᠠᠯᠵᠢᠯ ᠤᠨ ᠠᠵᠦ ᠠᠮᠢᠳᠤᠷᠠᠯ ᠢ ᠲᠤᠰᠬᠠᠬᠰᠡᠨ | ᠪᠦᠳᠦᠬᠡᠯ ᠤᠯᠠᠨ ᠬᠠᠷᠠᠭᠳᠠᠵᠦ᠂ ︿ᠲᠠᠯ᠎ᠠ ᠨᠤᠲᠤᠭ ᠤᠨ ᠬᠤᠪᠢᠰᠬᠠᠯᠲᠤ ᠤᠳᠬ᠎ᠠ ᠤᠷᠠᠯᠢᠭ ᠤᠨ | ᠬᠦᠩᠭᠡᠨ ᠮᠣᠷᠢᠲᠤ ᠴᠡᠷᠢᠭ﹀ ᠭᠡᠬᠦ ᠨᠡᠷ᠎ᠡ ᠠᠯᠳᠠᠷ ᠢᠶᠠᠨ ᠢᠮᠠᠬᠳᠡ ᠮᠠᠨᠳᠤᠭᠤᠯᠵᠦ ᠪᠠᠶᠢᠨ᠎ᠠ︾ ᠬᠡᠵᠦ | ᠤᠷᠤᠯᠳᠤᠭᠠᠨ ᠤ ᠬᠢᠨᠠᠭᠴᠢ᠂ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ | ᠨᠡᠶᠢᠬᠡᠮ ᠵᠦᠢ ᠵᠠᠩ ᠦᠢᠯᠡ ᠵᠦᠢ ᠶᠢᠨ ᠲᠡᠭᠡᠳᠦ ᠰᠤᠷᠭᠠᠭᠤᠯᠢ ᠶᠢᠨ ᠫᠷᠤᠹᠧᠰᠰᠤᠷ ᠵᠠᠭᠠᠷ ᠪᠠᠭᠰᠢ | ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠶᠠᠷᠢᠵᠤ ᠪᠠᠶᠢᠯ᠎ᠠ᠃ | ᠪᠣᠳᠠᠰ ᠤᠨ ᠪᠤᠰᠤ ᠰᠤᠶᠤᠯ ᠤᠨ ᠥᠪ ᠤᠨ ᠲᠥᠷᠥᠯ ᠵᠦᠶ᠋ᠯ ᠢ ᠪᠥᠵᠢᠭ ᠢᠶᠠᠷ ᠲᠠᠮᠵᠢᠭᠤᠯᠤᠨ ᠦᠵᠡᠭᠴᠢᠳ ᠲᠤ ᠲᠡᠯᠬᠡᠨ | ᠦᠵᠡᠬᠦᠯᠦᠭᠰᠡᠨ ᠪᠤᠯ ᠲᠤᠰ ᠤᠳᠠᠭᠠᠨ ᠤ ᠤᠷᠤᠯᠳᠤᠭᠠᠨ ᠤ ᠨᠢᠬᠡ ᠶᠡᠭᠡ ᠬᠢᠯᠠᠰ ᠴᠢᠭ ᠪᠤᠯᠤᠨ᠎ᠠ᠃ | ᠵᠢᠱᠢᠶᠡᠯᠡᠪᠡᠯ᠂ ︽ᠱᠠᠭ᠎ᠠ • ᠱᠠᠭ᠎ᠠ︾᠂ ︽ᠲᠡᠮᠡᠭᠡᠨ ᠪᠦ᠋ᠮᠪᠦᠭᠡ ᠶᠢᠨ ᠤᠷᠤᠯᠳᠤᠭᠠᠨ︾᠂ ︽ᠵᠠᠩᠭᠠᠷ︾ ᠵᠡᠷᠭᠡ | ᠪᠤᠳᠠᠰ ᠤᠨ ᠪᠤᠰᠤ ᠰᠤᠶᠤᠯ ᠤᠨ ᠦᠪ ᠤᠨ ᠲᠦᠯᠦᠭᠡᠯᠡᠬᠦ ᠴᠢᠨᠠᠷ ᠲᠠᠢ ᠪᠥᠵᠢᠭ ᠤᠳ ᠨᠢ ᠪᠢᠳᠡᠨ ᠳᠤ | ᠥᠪᠥᠷ ᠮᠣᠩᠭᠤᠯ ᠤᠨ ᠰᠢᠯᠢᠳᠡᠭ ᠰᠠᠶᠢᠨ ᠪᠥᠵᠢᠭ ᠤᠨ ᠰᠣᠶᠣᠯ ᠤᠨ ᠡᠬᠢ ᠪᠠᠶᠠᠯᠢᠭ ᠢ ᠢᠯᠡᠷᠡᠭᠦᠯᠬᠦ ᠶᠢᠨ ᠬᠠᠮᠳᠤ᠂ | ᠪᠣᠳᠠᠰ ᠤᠨ ᠪᠤᠰᠤ ᠰᠣᠶᠣᠯ ᠤᠨ ᠥᠪ ᠤᠨ ᠭᠦᠨ ᠵᠤᠵᠠᠭᠠᠨ ᠤᠤᠷ ᠲᠤᠨᠳᠠᠰᠤ ᠶᠢ ᠬᠠᠶᠢᠨ ᠰᠦᠪᠡᠭᠴᠢᠯᠡᠵᠦ᠂ | ᠪᠤᠳᠠᠰ ᠤᠨ ᠪᠤᠰᠤ ᠰᠣᠶᠣᠯ ᠤᠨ ᠥᠪ ᠤᠨ ᠷᠢᠳᠢ ᠰᠢᠳᠢ ᠶᠢ ᠣᠶᠢᠯᠠᠭᠠᠭᠤᠯᠵᠤ᠂ ᠪᠤᠳᠠᠰ ᠤᠨ ᠪᠤᠰᠤ ᠰᠤᠶᠤᠯ ᠤᠨ ᠦᠪ ᠢ | ᠤᠯᠠᠮᠵᠢᠯᠠᠨ ᠬᠠᠮᠠᠭᠠᠯᠠᠬᠤ ᠬᠦᠨᠳᠦ ᠡᠭᠦᠷᠭᠡ ᠶᠢ ᠤᠬᠠᠮᠰᠠᠷ ᠠᠴᠠ ᠪᠠᠨ ᠡᠭᠦᠷᠭᠡᠯᠡᠬᠦ ᠶᠢ | ᠰᠠᠨᠠᠭᠠᠴᠢᠯᠠᠭᠰᠠᠨ ᠪᠠᠶᠢᠨ᠎ᠠ᠃ ᠤᠷᠤᠯᠳᠤᠭᠠᠨ ᠤ ᠬᠢᠨᠠᠨ ᠰᠢᠯᠭᠠᠷᠠᠭᠤᠯᠬᠤ ᠺᠣᠮᠢᠰ ᠲᠤ | ᠤᠯᠤᠰ ᠤᠨ ᠳᠣᠲᠣᠭᠠᠳᠤ ᠶᠢᠨ ᠨᠡᠷᠡᠳᠦ ᠪᠥᠵᠢᠭ ᠤᠨ ᠤᠷᠠᠯᠢᠭᠴᠢᠨ᠂ ᠲᠤᠰᠬᠠᠶ ᠮᠡᠷᠭᠡᠵᠢᠯᠲᠡᠨ ᠡᠷᠳᠡᠮᠲᠡᠨ ᠢ ᠤᠷᠢᠵᠤ᠂ | ᠣᠷᠣᠯᠴᠠᠭᠰᠠᠨ ᠪᠦᠲᠦᠭᠡᠯ ᠤᠨ ᠲᠣᠭᠯᠠᠯᠲᠠ ᠪᠠ ᠶᠠᠰᠤ ᠴᠢᠨᠠᠷ ᠲᠤ ᠡᠷᠬᠡ ᠲᠡᠭᠰᠢ᠂ ᠢᠯᠡ ᠲᠤᠳᠤ᠂ ᠲᠥᠪ ᠭᠤᠤᠯᠴᠢ | ᠬᠢᠨᠠᠨ ᠲᠣᠭᠲᠠᠭᠠᠯᠲᠠ ᠬᠢᠯᠭᠡᠭᠰᠡᠨ ᠪᠤᠯᠬᠤᠷ ᠤᠷᠤᠯᠳᠤᠭᠠᠨ ᠤ ᠲᠦᠪ ᠭᠤᠤᠯᠴᠢ᠂ ᠡᠷᠭᠡ ᠲᠡᠭᠰᠢ᠂ ᠰᠢᠨᠵᠢᠯᠡᠬᠦ | ᠤᠬᠠᠭᠠᠨᠴᠢ ᠴᠢᠨᠠᠷ ᠢ ᠪᠠᠳᠤᠯᠠᠵᠤ ᠴᠢᠳᠠᠪᠠ᠃ | ᠤᠢᠢᠯᠠᠭᠠᠭᠰᠠᠨ ᠢᠶᠠᠷ᠂ ᠠᠩᠬᠠᠳᠤᠭᠠᠷ ᠬᠤᠭᠤᠴᠠᠭᠠᠨ ᠤ ᠦᠪᠦᠷ ᠮᠤᠩᠭᠤᠯ ᠤᠨ ᠠᠷᠠᠳ ᠤᠨ ᠪᠦᠵᠢᠭ ᠤᠨ ᠤᠷᠤᠯᠳᠤᠭᠠᠨ ᠢ | ᠲᠤᠰᠬᠠᠶ ᠮᠡᠷᠭᠡᠵᠢᠯ ᠪᠠ ᠲᠤᠰᠬᠠᠶ ᠮᠡᠷᠭᠡᠵᠢᠯ ᠤᠨ ᠪᠤᠰᠤ ᠭᠡᠬᠦ ᠬᠤᠶᠠᠷ ᠳᠤᠭᠤᠶᠢᠯᠠᠩ ᠬᠤᠪᠢᠶᠠᠵᠤ᠂ ᠲᠤᠰᠬᠠᠶ | ᠮᠡᠷᠭᠡᠵᠢᠯ ᠤᠨ ᠳᠤᠭᠤᠶᠢᠯᠠᠩ ᠳᠤ ᠬᠠᠮᠳᠤ ᠶᠢᠨ ᠪᠥᠵᠢᠭ᠂ ᠭᠤᠴᠣᠯᠠᠯ ᠪᠥᠵᠢᠭ᠂ ᠬᠤᠤᠰᠯᠠᠯ ᠪᠥᠵᠢᠭ᠂ | ᠭᠤᠷᠪᠠᠯᠠᠯ ᠪᠥᠵᠢᠭ ᠵᠡᠷᠭᠡ ᠵᠢᠷᠭᠤᠭᠠᠨ ᠲᠠᠯᠠᠪᠤᠷ ᠤᠷᠤᠯᠳᠤᠭᠠᠨ ᠲᠤᠬᠢᠷᠠᠭᠤᠯᠵᠦ᠂ ᠵᠣᠬᠢᠶᠠᠨ ᠪᠦᠲᠦᠭᠡᠯᠭᠡ ᠶᠢᠨ ᠱᠠᠩᠨᠠᠯ | ᠪᠠ ᠲᠣᠭᠯᠠᠯᠲᠠ ᠶᠢᠨ ᠱᠠᠩᠨᠠᠯ ᠬᠡᠬᠦ ᠬᠤᠶᠠᠷ ᠲᠦᠷᠦᠯ ᠬᠤᠪᠢᠶᠠᠨ᠂ ᠲᠤᠰ ᠲᠤᠰ ᠠᠯᠲᠠᠠ ᠱᠠᠩᠨᠠᠯ᠂ ᠮᠥᠩᠭᠦᠨ ᠱᠠᠩᠨᠠᠯ᠂ | ᠬᠦᠷᠡᠯ ᠱᠠᠩᠨᠠᠯ᠂ ᠰᠢᠯᠢᠳᠡᠭ ᠱᠠᠩᠨᠠᠯ ᠵᠡᠷᠭᠡ ᠤᠯᠠᠨ ᠱᠠᠩᠨᠠᠯ ᠢ ᠰᠢᠯᠭᠠᠷᠠᠭᠤᠯᠤᠭᠰᠠᠨ ᠪᠦᠭᠡᠳ ᠤᠯᠠᠮᠵᠢᠯᠠᠨ | ᠵᠠᠯᠭᠠᠮᠵᠢᠯᠠᠭᠰᠠᠨ ᠱᠠᠩᠨᠠᠯ᠂ ᠰᠢᠯᠢᠳᠡᠭ ᠲᠣᠭᠯᠠᠭᠴᠢ ᠶᠢᠨ ᠱᠠᠩᠨᠠᠯ᠂ ᠰᠢᠯᠢᠳᠡᠭ ᠠᠶ᠎ᠠ | ᠵᠣᠬᠢᠶᠠᠭᠰᠠᠨ ᠱᠠᠩᠨᠠᠯ᠂ ᠬᠤᠪᠴᠠᠰᠤ ᠵᠠᠰᠠᠯ ᠵᠢᠷᠤᠵᠤ ᠲᠥᠯᠥᠪᠯᠡᠭᠰᠡᠨ ᠱᠠᠩᠨᠠᠯ ᠪᠠ ᠰᠢᠯᠢᠳᠡᠭ ᠵᠣᠬᠢᠶᠠᠨ | ᠪᠠᠶᠢᠭᠤᠯᠤᠯᠲᠠ ᠶᠢᠨ ᠱᠠᠩᠨᠠᠯ ᠵᠡᠷᠭᠡ ᠶᠢ ᠰᠢᠯᠭᠠᠷᠠᠭᠤᠯᠤᠬᠰᠡᠨ ᠪᠠᠶᠢᠨ᠎ᠠ᠃ ᠲᠤᠰᠬᠠᠢ | ᠮᠡᠷᠭᠡᠵᠢᠯ ᠤᠨ ᠪᠤᠰᠤ ᠲᠤᠭᠤᠢᠢᠯᠠᠩ ᠳᠤ ᠲᠤᠭᠯᠠᠯᠳᠠ ᠪᠠ ᠵᠤᠬᠢᠶᠠᠨ ᠪᠦᠳᠦᠭᠡᠯᠭᠡ ᠶᠢᠨ ᠬᠤᠶᠠᠷ ᠲᠦᠷᠦᠯ ᠤᠨ ᠠᠯᠳᠠ᠂ ᠮᠦᠩᠬᠦ᠂ | ᠬᠦᠷᠡᠯ ᠱᠠᠩᠨᠠᠯ ᠢ ᠲᠤᠬᠢᠷᠠᠭᠤᠯᠵᠠᠢ᠃ ᠡᠴᠤᠰ ᠤᠨ ᠳ᠋ᠦᠩ ᠳᠤ᠂ ᠲᠤᠰᠬᠠᠶ ᠮᠡᠷᠭᠡᠵᠢᠯ ᠤᠨ ᠬᠠᠮᠳᠤ ᠶᠢᠨ ᠪᠦᠵᠢᠭ ᠤᠨ A | ᠲᠤᠭᠤᠢᠢᠯᠠᠩ ︵ᠬᠦᠷᠢᠶᠡᠯᠡᠩ ᠪᠦᠯᠬᠦᠮ᠂ ᠲᠡᠭᠡᠳᠦ ᠰᠤᠷᠭᠠᠭᠤᠯᠢ︶ ᠳᠤ ︽ᠰᠢᠪᠠᠭᠤᠨ ᠰᠠᠷᠠᠯ︾ | ᠂ ︽ᠷᠤᠮᠠᠨᠲ᠋ᠢᠭ ᠲᠠᠯ᠎ᠠ ᠨᠤᠳᠤᠭ︾ ᠵᠡᠷᠬᠡ ᠪᠦᠳᠦᠬᠡᠯ ᠵᠤᠬᠢᠶᠠᠨ ᠪᠦᠳᠦᠬᠡᠯᠬᠡ᠂ ᠲᠤᠭᠯᠠᠯᠳᠡ ᠶᠢᠨ ᠲᠦᠷᠦᠯ ᠤᠨ ᠠᠯᠳᠠᠨ | ᠱᠠᠩᠨᠠᠯ ᠢ ᠬᠦᠷᠳᠡᠵᠦ᠂ ᠲᠤᠰᠬᠠᠢ ᠮᠡᠷᠬᠡᠵᠢᠯ ᠤᠨ ᠬᠠᠮᠳᠤ ᠶᠢᠨ ᠪᠦᠵᠢᠭ ᠤᠨ B | ᠲᠤᠭᠤᠢᠢᠯᠠᠩ ︵ᠤᠯᠠᠭᠠᠨᠮᠦ᠋ᠴᠢᠷ︶ ᠳᠤ᠂ ︽ᠤᠯᠠᠮᠵᠢᠯᠠᠯ︾᠂ | ︽ᠪᠠᠭᠠᠷᠢᠨ ᠮᠤᠩᠭᠤᠯ ᠡᠮᠡᠭᠳᠡᠶᠢᠴᠤᠳ︾ ᠵᠡᠷᠬᠡ ᠲᠤᠭᠯᠠᠯᠳᠡ ᠨᠢ ᠵᠤᠬᠢᠶᠠᠨ ᠪᠦᠳᠦᠬᠡᠯᠬᠡ᠂ ᠲᠤᠭᠯᠠᠯᠳᠡ ᠶᠢᠨ | ᠲᠦᠷᠦᠯ ᠤᠨ ᠠᠯᠳᠡᠨ ᠱᠠᠩᠨᠠᠯ ᠢ ᠲᠤᠰᠴᠤ᠂ ︽ᠬᠤᠨ ᠭᠠᠯᠠᠭᠤ︾ ᠵᠡᠷᠬᠡ ᠪᠦᠳᠦᠬᠡᠯ ᠨᠢ ᠲᠤᠰᠬᠠᠢ | ᠮᠡᠷᠬᠡᠵᠢᠯ ᠤᠨ ᠲᠤᠭᠤᠢᠢᠯᠩ ᠤᠨ ᠰᠤᠷᠴᠤ ᠲᠤᠭᠯᠠᠬᠤ ᠬᠠᠮᠤᠭ ᠤᠨ ᠰᠢᠯᠢᠳᠡᠭ ᠲᠤᠭᠯᠠᠬᠴᠢ ᠶᠢᠨ | ᠱᠠᠩᠨᠠᠯ ᠢ ᠲᠤᠰᠤᠭᠰᠡᠨ ᠪᠠᠶᠢᠨ᠎ᠠ᠃ | ︽ᠲᠤᠰ ᠤᠳᠠᠭ᠎ᠠ ᠮᠠᠨ ᠤ ᠪᠦᠯᠬᠦᠮ ᠤᠨ ᠬᠢᠨ ᠤ ︿ᠰᠢᠪᠠᠭᠤᠨ ᠰᠠᠷᠠᠯ﹀ ᠬᠡᠬᠦ ᠬᠠᠮᠳᠤ ᠶᠢᠨ ᠪᠦᠵᠢᠭ ᠲᠤᠰᠬᠠᠢ | ᠮᠡᠷᠬᠡᠵᠢᠯ ᠤᠨ A ᠲᠤᠭᠤᠢᠢᠯᠠᠩ ︵ᠬᠦᠷᠢᠶᠡᠯᠡᠩ ᠪᠦᠯᠬᠦᠮ᠂ ᠲᠡᠭᠡᠳᠦ ᠰᠤᠷᠭᠠᠭᠤᠯᠢ︶ | ᠤᠨ ᠵᠤᠬᠢᠶᠠᠨ ᠪᠦᠳᠦᠬᠡᠯᠬᠡ᠂ ᠲᠤᠭᠯᠠᠯᠳᠡ᠂ ᠪᠦᠵᠢᠭ ᠤᠨ ᠠᠶ᠎ᠠ ᠨᠠᠶᠢᠷᠠᠭᠤᠯᠭ᠎ᠠ ᠶᠢᠨ ᠭᠤᠷᠪᠠᠨ ᠲᠦᠷᠦᠯ ᠤᠨ | ᠠᠯᠳᠡᠨ ᠮᠧᠳᠠᠯ ᠢ ᠲᠤᠰᠤᠭᠰᠡᠨ ᠳᠠᠭᠠᠨ ᠰᠡᠳᠬᠢᠯ ᠮᠠᠰᠢ ᠦᠨᠳᠦᠷ ᠪᠠᠶᠢᠨ᠎ᠠ᠃ ᠡᠶᠢᠮᠦ ᠦᠨᠳᠦᠷ ᠠᠮᠵᠢᠯᠳᠡ | ᠤᠯᠤᠨ᠎ᠠ ᠬᠡᠵᠦ ᠪᠤᠳᠤᠵᠦ ᠤᠯᠤᠬᠰᠡᠨ ᠦᠬᠡᠢ᠂ ᠲᠤᠰ ᠪᠦᠳᠦᠬᠡᠯ ᠮᠠᠨᠢ ᠦᠵᠡᠭᠴᠢ᠂ ᠬᠢᠨᠠᠭᠴᠢ ᠪᠠᠭᠰᠢ | ᠨᠠᠷ ᠲᠤ ᠲᠠᠭᠠᠯᠠᠬᠳᠠᠭᠰᠡᠨ ᠳᠤ ᠶᠡᠭᠡ ᠪᠠᠶᠠᠷᠳᠡᠢ ᠪᠠᠶᠢᠨ᠎ᠠ᠃ ᠲᠤᠰ ᠪᠦᠳᠦᠬᠡᠯ ᠢ ᠠᠩᠬ᠎ᠠ ᠰᠡᠳᠬᠢᠬᠦ ᠠᠴᠠ | ᠪᠡᠯᠡᠳᠬᠡᠯ ᠠᠵᠢᠯ ᠢ ᠬᠢᠬᠦ ᠳᠤ 2 ᠵᠢᠯ ᠤᠨ ᠴᠠᠭ ᠬᠡᠷᠡᠭᠰᠡᠵᠠᠢ᠂ ᠴᠤᠬᠤᠮ ᠶᠠᠮᠠᠷᠰᠢᠦ ᠬᠡᠯᠪᠡᠷᠢ ᠪᠠᠷ | ᠤᠯᠠᠨ ᠲᠦᠮᠡᠨ ᠳᠤ ᠬᠦᠷᠭᠡᠬᠦ ᠪᠢᠯᠡ︖ ᠭᠡᠭᠦ ᠲᠡᠭᠡᠷ᠎ᠠ ᠶᠡᠬᠡᠬᠡᠨ ᠬᠦᠴᠦ ᠵᠠᠷᠤᠴᠠᠭᠤᠯᠤᠬᠰᠠᠨ᠂ ᠮᠠᠨ ᠤ ᠪᠦᠬᠦ | ᠲᠤᠭᠯᠠᠭᠴᠢᠳ ᠴᠤ ᠮᠠᠰᠢ ᠰᠡᠳᠬᠢᠯ ᠲᠠᠯᠪᠢᠨ᠂ ᠴᠠᠭ ᠢ ᠠᠮᠵᠢᠨ ᠬᠠᠳᠠᠭᠤᠵᠢᠯᠳᠡᠢ | ᠪᠤᠯᠪᠠᠰᠤᠷᠠᠬᠰᠡᠨ ᠠᠴᠠ ᠡᠨᠡᠬᠦ ᠠᠮᠵᠢᠯᠳᠡ ᠶᠢ ᠤᠯᠤᠬᠰᠡᠨ ᠶᠤᠮ︾ ᠬᠡᠵᠦ ᠲᠤᠰ | ᠪᠦᠵᠢᠭ ᠤᠨ ᠨᠠᠶᠢᠷᠠᠭᠤᠯᠤᠨ ᠤᠳᠤᠷᠢᠳᠤᠭᠠᠴᠢ᠂ ᠤᠯᠤᠰ ᠤᠨ ᠨᠢᠬᠡᠳᠦᠬᠡᠷ ᠲᠡᠰ ᠤᠨ ᠨᠠᠶᠢᠷᠠᠭᠤᠯᠤᠨ ᠤᠳᠤᠷᠢᠳᠤᠭᠠᠴᠢ | ᠠᠯᠳᠠᠨᠪᠠᠭᠠᠨ᠎ᠠ ᠶᠠᠷᠢᠨ᠎ᠠ᠃ | ᠰᠤᠷᠴᠤ ᠲᠤᠭᠯᠠᠬᠤ ᠲᠤᠭᠤᠢᠢᠯᠠᠩ ᠲᠤᠬᠢᠷᠠᠭᠤᠯᠤᠬᠰᠡᠨ ᠨᠢ ᠤᠷᠤᠯᠳᠤᠭᠠᠨ ᠤ ᠪᠠᠰᠠ ᠨᠢᠬᠡᠨ ᠶᠡᠭᠡ ᠭᠢᠯᠠᠰ ᠴᠡᠭ ᠪᠤᠯᠤᠨ᠎ᠠ᠃ | ᠵᠢᠱᠢᠶᠡᠯᠡᠪᠡᠯ᠂ ᠠᠯᠳᠠᠷᠲᠤ ᠪᠥᠵᠢᠭᠴᠢᠨ ᠰᠡᠴᠡᠨᠲᠠᠷᠢᠬᠢ ᠶᠢᠨ ᠪᠦᠲᠦᠭᠡᠯ ︽ᠰᠡᠳᠬᠢᠯ ᠤᠨ ᠳᠠᠭᠤᠤ ᠪᠠᠨ ᠨᠠᠮ ᠳᠠᠭᠠᠨ ᠡᠷᠬᠦᠶ᠎ᠡ︾ | ᠂ ᠠᠯᠳᠠᠷᠲᠤ ᠪᠥᠵᠢᠭᠴᠢᠨ ᠵᠢᠶᠠ ᠽᠦᠸᠧ ᠭᠤᠸᠠᠩ ᠤᠨ ᠪᠦᠲᠦᠭᠡᠯ ︽ᠬᠤᠨ ᠭᠠᠯᠠᠭᠤ︾ ᠵᠡᠷᠭᠡ ᠰᠣᠩᠭᠤᠳᠠᠭ ᠪᠥᠵᠢᠭ ᠢ | ᠵᠠᠯᠠᠭᠤ ᠨᠢᠬᠡᠨ ᠦᠶ᠎ᠠ ᠶᠢᠨ ᠲᠣᠭᠯᠠᠭᠴᠢ ᠪᠠᠷ ᠰᠤᠷᠴᠤ ᠲᠣᠭᠯᠠᠭᠤᠯᠪᠠ᠂ ᠡᠨᠡ ᠨᠢ ᠮᠣᠩᠭᠤᠯ | ᠦᠨᠳᠦᠰᠦᠲᠡᠨ ᠤ ᠪᠥᠵᠢᠭ ᠢ ᠦᠶ᠎ᠠ ᠶᠢᠨ ᠦᠶ᠎ᠠ ᠤᠯᠠᠮᠵᠢᠯᠠᠨ ᠵᠠᠯᠭᠠᠮᠵᠢᠯᠠᠬᠤ᠂ ᠬᠥᠭᠵᠢᠭᠦᠯᠬᠦ ᠳᠤ | ᠠᠬᠢᠭᠤᠯᠬᠤ ᠦᠶ᠋ᠯᠡᠳᠦᠯ ᠦᠵᠡᠬᠦᠯᠬᠦ ᠨᠢ ᠲᠠᠮᠵᠢᠭ ᠦᠬᠡᠢ ᠶᠤᠮ᠃ | ︽2014 ᠤᠨ ᠳᠤ ᠪᠢ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠦ ᠰᠤᠷᠭᠠᠭᠤᠯᠢ ᠶᠢᠨ | ᠬᠠᠷᠢᠶᠠᠳᠤ ᠲᠤᠮᠳᠠᠳᠤ ᠵᠡᠷᠬᠡ ᠶᠢᠨ ᠲᠤᠰᠬᠠᠢ ᠮᠡᠷᠬᠡᠵᠢᠯ ᠤᠨ ᠰᠤᠷᠭᠠᠭᠤᠯᠢ ᠠᠴᠠ ᠲᠡᠬᠦᠰᠦᠭᠰᠡᠨ ᠤ | ᠲᠠᠷᠠᠭ᠎ᠠ ᠨᠤᠳᠤᠭ ᠲᠠᠭᠠᠨ ᠪᠤᠴᠠᠵᠦ᠂ ᠲᠦᠩᠯᠢᠶᠤᠤ ᠬᠤᠳᠠ ᠶᠢᠨ ᠦᠨᠳᠦᠰᠦᠳᠡᠨ ᠤ ᠲᠠᠭᠤᠤ ᠪᠦᠵᠢᠭ ᠤᠨ | ᠪᠦᠯᠬᠦᠮ ᠳᠤ ᠤᠳᠤ ᠪᠤᠯᠳᠠᠯ᠎ᠠ ᠪᠠᠨ ᠠᠵᠢᠯᠯᠠᠵᠦ ᠪᠤᠢ᠃ ᠲᠤᠰ ᠤᠳᠠᠭᠠᠨ ᠤ ᠠᠷᠠᠳ ᠤᠨ ᠪᠦᠵᠢᠭ ᠤᠨ | ᠤᠷᠤᠯᠳᠤᠭᠠᠨ ᠳᠤ ᠮᠠᠨ ᠤ ᠪᠦᠯᠬᠦᠮ ᠤᠨ ᠬᠢᠨ ︿ᠠᠨᠳᠡᠢ • ᠴᠤᠭ﹀ ᠬᠡᠬᠦ | ᠲᠤᠭᠯᠠᠯᠳᠡ ᠪᠠᠷ ᠢᠶᠠᠨ ᠲᠤᠰᠬᠠᠢ ᠮᠡᠷᠬᠡᠵᠢᠯ ᠤᠨ A ᠲᠤᠭᠤᠢᠢᠯᠠᠩ | ︵ᠬᠦᠷᠢᠶᠡᠯᠡᠩ ᠪᠦᠯᠬᠦᠮ︶ ᠤᠨ ᠵᠤᠬᠢᠶᠠᠨ ᠪᠦᠳᠦᠬᠡᠯᠬᠡ ᠪᠠ ᠲᠤᠭᠯᠠᠯᠳᠡ ᠶᠢᠨ ᠬᠤᠶᠠᠷ | ᠲᠦᠷᠦᠯ ᠤᠨ ᠮᠦᠩᠬᠦᠨ ᠱᠠᠩᠨᠠᠯ ᠢ ᠲᠤᠰᠤᠭᠰᠡᠨ ᠪᠠᠶᠢᠨ᠎ᠠ᠃ ᠡᠨᠡ ᠨᠢ ᠮᠠᠨ ᠤ ᠲᠤᠭᠯᠠᠭᠴᠢ ᠪᠦᠬᠦᠨ ᠤ | ᠬᠠᠮᠳᠤ ᠶᠢᠨ ᠴᠢᠷᠮᠠᠶᠢᠯᠭ᠎ᠠ ᠶᠤᠮ᠂ ᠡᠨᠡᠬᠦ ᠬᠢᠷᠢ ᠪᠦᠳᠦᠮᠵᠢ ᠳᠤ ᠮᠠᠰᠢ ᠬᠠᠨᠤᠮᠵᠢᠳᠡᠢ ᠪᠠᠶᠢᠨ᠎ᠠ᠃ ᠲᠤᠰ | ᠪᠦᠳᠦᠬᠡᠯ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠤ ᠢᠵᠠᠭᠤᠷ ᠤᠷᠠᠯᠢᠭ ᠪᠤᠯᠬᠤ ᠠᠨᠳᠠᠢ ᠪᠦᠵᠢᠭ ᠤᠨ ᠡᠬᠢ | ᠡᠬᠦᠰᠦᠯ ᠠᠴᠠ ᠰᠢᠨ᠎ᠠ ᠴᠠᠭ ᠦᠶ᠎ᠠ ᠶᠢᠨ ᠦᠷᠨᠢᠩᠬᠦᠢ ᠬᠦᠭᠵᠢᠯᠳᠡ ᠶᠢᠨ ᠵᠢᠮ ᠶᠤᠰᠤ ᠶᠢ ᠢᠯᠡᠷᠡᠬᠦᠯᠵᠦ᠂ | ᠠᠨᠳᠠᠢ ᠶᠢᠨ ︿ᠪᠤᠰᠬᠤ﹀ ᠬᠡᠬᠦ ᠤᠳᠬ᠎ᠠ ᠰᠠᠨᠠᠭ᠎ᠠ ᠪᠠᠷ ᠮᠤᠩᠭᠤᠯ ᠦᠨᠳᠦᠰᠦᠳᠡᠨ ᠤ ᠡᠷᠳᠡ ᠢᠵᠠᠭᠤᠷ ᠠᠴᠠ ᠡᠳᠦᠬᠡ | ᠬᠦᠷᠳᠡᠯᠡᠬᠢ ᠦᠷᠨᠢᠨ ᠬᠦᠭᠵᠢᠭᠰᠡᠨ ᠤᠶᠤᠨ ᠰᠠᠨᠠᠭᠠᠨ ᠤ ᠬᠦᠳᠡᠯᠬᠡᠬᠦ ᠬᠦᠴᠦᠨ ᠢ | ᠢᠯᠡᠳᠭᠡᠭᠰᠡᠨ ᠢᠶᠠᠷ ᠢᠶᠠᠨ ᠤᠨᠴᠠᠭᠠᠢ ᠪᠠᠶᠢᠵᠦ᠂ ᠠᠨᠳᠠᠢ ᠪᠦᠵᠢᠭ ᠤᠨ | ᠲᠠᠶᠢᠰᠠᠨ ᠤ ᠲᠤᠭᠯᠠᠯᠳᠡ ᠲᠤᠮᠳᠠ ᠮᠠᠰᠢ ᠴᠦᠬᠡᠨ ᠢᠯᠡᠷᠡᠳᠡᠭ ᠮᠠᠩᠨᠤᠭ ᠪᠦᠵᠢᠭ᠂ ᠬᠤᠩᠬᠤᠳᠤ | ᠲᠠᠰᠢᠭᠤᠷ ᠪᠦᠵᠢᠭ ᠵᠡᠷᠬᠡ ᠡᠷᠳᠡᠨ ᠤ ᠠᠨᠳᠡᠢ ᠪᠦᠵᠢᠭ ᠤᠨ ᠡᠯᠧᠮᠧᠨ᠋ᠲ ᠢ ᠠᠭᠤᠰᠬᠠᠬᠤ ᠶᠢᠨ ᠬᠠᠮᠳᠤ᠂ | ᠤᠯᠠᠨ ᠲᠦᠷᠦᠯ ᠤᠨ ᠠᠨᠳᠠᠢ ᠶᠢᠨ ᠲᠠᠭᠤᠤ ᠬᠦᠭᠵᠢᠮ ᠢ ᠬᠦᠨᠵᠡᠬᠡᠢ ᠠᠭᠤᠳᠠᠯᠵᠦ᠂ ᠪᠠᠰᠠ ᠬᠠᠮᠤᠭ ᠤᠨ ᠰᠤᠩᠭᠤᠳᠠᠭ | ᠠᠨᠳᠠᠢ ᠶᠢᠨ ᠲᠤᠮᠤᠭ ᠢ ᠰᠢᠯᠦᠭᠴᠢᠯᠡᠨ᠂ ᠭᠤᠧᠠᠵᠢᠭᠤᠯᠤᠨ ᠢᠯᠡᠷᠡᠬᠦᠯᠦᠭᠰᠡᠨ ᠠᠴᠠ ᠦᠵᠡᠭᠴᠢᠳ ᠲᠤ | ᠪᠠᠰᠠ ᠨᠢᠬᠡᠨ ᠰᠢᠨ᠎ᠠ ᠮᠠᠶ᠋ᠢᠭ ᠤᠨ ᠠᠨᠳᠠᠢ ᠪᠦᠵᠢᠭ ᠢ ᠰᠤᠷᠨᠢᠷᠬᠠᠭᠤᠯᠵᠤ ᠴᠢᠳᠠᠭᠰᠠᠨ ᠢᠶᠠᠷ ᠠᠨᠳᠠᠢ ᠪᠦᠵᠢᠭ ᠢ | ᠲᠠᠳᠠᠬᠤ ᠬᠦᠴᠦᠨ ᠲᠠᠢ ᠪᠤᠯᠭᠠᠬᠰᠡᠨ ᠪᠠᠶᠢᠯᠬᠦᠢ︾ ᠬᠡᠵᠦ ︽ᠠᠨᠳᠠᠢ • ᠴᠤᠭ︾ ᠪᠦᠵᠢᠭ ᠤᠨ | ᠲᠤᠭᠯᠠᠭᠴᠢ ᠠᠶᠤᠩᠭ᠎ᠠ ᠤᠷᠤᠯᠳᠤᠭᠠᠨ ᠳᠤ ᠤᠷᠤᠯᠴᠠᠬᠰᠡᠨ ᠪᠦᠳᠦᠬᠡᠯ ᠤᠨ ᠢᠶᠠᠨ ᠲᠤᠬᠠᠢ ᠲᠠᠨᠢᠯᠴᠠᠭᠤᠯᠤᠨ᠎ᠠ᠃ | | ᠠᠷᠠᠳ ᠤᠨ ᠪᠥᠵᠢᠭ ᠪᠣᠯ ᠦᠨᠳᠦᠰᠦᠲᠡᠨ ᠤ ᠰᠣᠶᠣᠯ ᠤᠨ ᠴᠢᠬᠤᠯᠠ ᠪᠦᠷᠢᠯᠳᠦᠬᠦᠨ ᠬᠡᠰᠡᠭ ᠮᠥᠨ᠂ ᠦᠨᠳᠦᠰᠦᠲᠡᠨ ᠤ | ᠰᠣᠶᠣᠯ ᠤᠨ ᠥᠷᠭᠡᠨ ᠳᠡᠯᠭᠡᠷ ᠤᠯᠠᠮᠵᠢᠯᠠᠯ ᠮᠥᠨ᠂ ᠲᠤᠰ ᠤᠳᠠᠭᠠᠨ ᠤ ᠤᠷᠤᠯᠳᠤᠭᠠᠨ ᠨᠢ ᠣᠳᠣ | ᠦᠶ᠎ᠡ ᠶᠢᠨ ᠮᠣᠩᠭᠤᠯ ᠪᠥᠵᠢᠭ ᠪᠠ ᠤᠯᠠᠮᠵᠢᠯᠠᠯᠲᠤ ᠠᠷᠠᠳ ᠤᠨ ᠪᠥᠵᠢᠭ ᠢ ᠤᠶᠠᠯᠳᠤᠭᠤᠯᠵᠤ᠂ ᠥᠪᠥᠷ | ᠮᠣᠩᠭᠤᠯ ᠤᠨ ᠠᠷᠠᠳ ᠤᠨ ᠪᠥᠵᠢᠭ ᠲᠤ ᠰᠢᠨ᠎ᠡ ᠲᠠᠪᠴᠠᠩ ᠪᠠᠶᠢᠭᠤᠯᠵᠤ᠂ ᠠᠷᠠᠳ ᠤᠨ ᠪᠦᠵᠢᠭ ᠤᠨ | ᠴᠤᠭ ᠵᠢᠪᠬᠤᠭ᠎ᠠ ᠪᠠᠷ ᠮᠠᠨ ᠤ ᠤᠷᠤᠨ ᠤ ᠠᠷᠠᠳ ᠤᠯᠠᠨ ᠤ ᠰᠠᠶᠢᠨ ᠰᠠᠶᠢᠬᠠᠨ ᠵᠤᠯ ᠵᠢᠷᠭᠠᠯᠳᠤ ᠠᠮᠢᠳᠤᠷᠠᠯ ᠢ | ᠲᠡᠯᠭᠡᠨ ᠦᠵᠡᠬᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤ | ᠴᠤᠭᠴᠠᠯᠠᠬᠤ ᠪᠠ ᠨᠡᠶᠢᠭᠡᠮ ᠵᠢᠷᠤᠮ ᠤᠨ ᠰᠣᠶᠣᠯ ᠤᠨ ᠬᠦᠴᠦᠷᠬᠡᠭ ᠤᠯᠤᠰ ᠤᠨ ᠪᠠᠶᠢᠭᠤᠯᠤᠯᠳᠠ ᠶᠢ | ᠲᠦᠯᠬᠢᠨ ᠠᠬᠢᠭᠤᠯᠬᠤ ᠳᠤ ᠢᠳᠡᠪᠬᠢᠳᠡᠢ ᠦᠢᠯᠡᠳᠦᠯ ᠦᠵᠡᠭᠦᠯᠦᠭᠰᠡᠨ ᠪᠠᠶᠢᠨ᠎ᠠ᠃ |
|