ᠭᠤᠳᠤᠯ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠦ ᠬᠤᠪᠴᠠᠰᠦ ᠵᠠᠰᠠᠯ ᠤᠨ ᠴᠢᠬᠤᠯᠠ ᠨᠢᠬᠡᠨ ᠵᠦᠢᠯ ᠪᠤᠯᠬᠤ ᠶᠤᠮ᠃ | ᠲᠡᠷᠡ ᠨᠢ ᠨᠡᠬᠦᠳᠡᠯᠴᠢᠨ ᠦᠨᠳᠦᠰᠦᠳᠡᠨ ᠤ ᠠᠵᠦ ᠠᠮᠢᠳᠤᠷᠠᠯ ᠳᠤ ᠮᠠᠰᠢ ᠰᠠᠶᠢᠨ ᠵᠤᠬᠢᠴᠠᠳᠠᠬ ᠠᠴᠠ ᠤᠷᠳᠦ ᠤᠳᠠᠭᠠᠨ | ᠲᠠᠤᠭᠡᠨ ᠠᠶᠠᠨ ᠢ ᠮᠤᠩᠭᠤᠯᠴᠤᠳ ᠲᠠᠢ ᠬᠠᠮᠳᠦ ᠲᠤᠭᠤᠯᠵᠦ ᠢᠷᠡᠭᠰᠡᠨ ᠶᠤᠮ᠃ ᠬᠡᠪᠡᠴᠦ ᠨᠡᠶᠢᠬᠡᠮ ᠠᠵᠦ | ᠠᠬᠤᠢ ᠶᠢᠨ ᠲᠦᠷᠬᠡᠨ ᠬᠤᠪᠢᠰᠤᠯᠳᠠ ᠲᠤᠮᠳᠠ ᠮᠤᠩᠭᠤᠯᠴᠤᠳ ᠤᠨ ᠦᠢᠯᠡᠳᠪᠦᠷᠢᠯᠡᠯ ᠤᠨ ᠠᠷᠭ᠎ᠠ | ᠮᠠᠶ᠋ᠢᠭ ᠲᠤ ᠶᠡᠬᠡᠬᠡᠨ ᠬᠤᠪᠢᠷᠠᠯᠳᠠ ᠭᠠᠷᠴᠦ᠂ ᠡᠬᠦᠨ ᠢ ᠲᠠᠭᠠᠯᠳᠤᠨ ᠮᠤᠩᠭᠤᠯ ᠭᠤᠳᠤᠯ ᠨᠢ | ᠠᠮᠢᠳᠤᠷᠠᠯ ᠳᠤ ᠦᠷᠬᠡᠨ ᠢᠶᠠᠷ ᠬᠡᠷᠡᠭᠯᠡᠭᠳᠡᠬᠦ ᠪᠠᠨ ᠪᠤᠯᠢᠵᠦ᠂ ᠤᠷᠠᠯᠠᠵᠦ ᠤᠶᠤᠬᠤ ᠠᠷᠭ᠎ᠠ | ᠮᠡᠷᠬᠡᠰᠢᠯ ᠪᠤᠯᠤᠨ ᠶᠤᠰᠦ ᠴᠡᠬᠡᠷ ᠴᠤ ᠮᠠᠷᠳᠠᠭᠳᠠᠨ ᠤᠷᠬᠢᠭᠳᠠᠬᠤ ᠳᠤ ᠬᠦᠷᠴᠡᠢ᠃ ᠵᠤᠬᠢᠶᠠᠬᠴᠢ ᠵᠠᠷᠤᠳ | ᠬᠤᠰᠢᠭᠤᠨ ᠤ ᠤᠷᠠᠨ ᠤᠶᠤᠳᠠᠯᠴᠢᠨ ᠰᠡᠷᠵᠢᠮᠡ ᠨᠠᠷ ᠢ ᠰᠤᠷᠪᠤᠯᠵᠢᠯᠠᠵᠦ᠂ ᠤᠯᠠᠮᠵᠢᠯᠠᠯᠳᠦ ᠭᠤᠳᠦᠯ ᠬᠢᠬᠦ ᠠᠷᠭ᠎ᠠ ᠲᠡᠮ | ᠪᠤᠯᠤᠨ ᠶᠤᠰᠦ ᠤᠴᠢᠷ ᠢ ᠲᠡᠮᠳᠡᠭᠯᠡᠭᠰᠡᠨ ᠶᠤᠮ᠃ ᠴᠠᠪᠤᠭ ᠬᠠᠳᠠᠭᠠᠬᠤ ᠦᠯᠢᠭᠡᠷ ᠠᠪᠬᠤ ᠪᠠ ᠡᠰᠭᠡᠵᠦ | ᠬᠠᠶᠢᠴᠢᠯᠠᠬᠤ ᠭᠤᠳᠤᠯ ᠤᠶᠤᠬᠤ ᠳᠤ ᠶᠠᠭᠤᠨ ᠤ ᠡᠮᠦᠨ᠎ᠡ ᠰᠠᠭᠠᠭ ᠤᠨ ᠭᠤᠯᠢᠷ ᠢᠶᠠᠷ | ᠰᠢᠩᠭᠡᠭᠡᠨ ᠰᠢᠭ ᠨᠠᠭᠠᠯᠳᠠ ᠴᠢᠨᠠᠵᠤ ᠭᠤᠳᠤᠯ ᠤᠨ ᠤᠯᠠ ᠵᠤᠯᠤᠭ ᠬᠢᠭᠦ ᠳᠤ ᠭᠡᠷᠡᠭᠯᠡᠬᠦ ᠴᠠᠪᠤᠭ ᠢᠶᠠᠨ ᠬᠠᠳᠠᠭᠠᠨ᠎ᠠ᠃ | ᠰᠠᠭᠠᠭ ᠤᠨ ᠭᠤᠯᠢᠷ ᠢᠶᠠᠷ ᠨᠠᠭᠠᠯᠳᠠ ᠬᠢᠪᠡᠯ ᠴᠠᠪᠤᠭ ᠨᠢ ᠵᠦᠭᠡᠯᠡᠨ ᠰᠢᠭ ᠭᠠᠷᠳᠠᠭ ᠭᠡᠳᠡᠭ᠃ ᠮᠠᠲ᠋ᠧᠷᠢᠶᠠᠯ ᠤᠨ ᠬᠤᠪᠢ ᠳᠤ | ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠦᠪᠦᠩ ᠨᠡᠭᠡᠮᠡᠯ ᠤᠨ ᠡᠳ᠋ ᠢ ᠰᠤᠩᠭᠤᠪᠠᠯ ᠨᠠᠭᠠᠯᠳᠤᠪᠤᠷᠢ ᠲᠠᠢ | ᠰᠠᠶᠢᠬᠠᠨ ᠪᠠᠶᠢᠳᠠᠭ᠃ ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠠᠭᠤᠴᠢᠨ ᠲᠡᠪᠡᠯ ᠦᠮᠦᠳᠦ ᠶᠢ | ᠬᠠᠨᠵᠠᠯᠠᠵᠤ ᠤᠬᠢᠶᠠᠭᠠᠳ ᠤᠶᠤᠳᠠᠯ ᠤᠨ ᠬᠦᠷᠪᠠᠶᠢᠭ᠍ᠰᠡᠨ ᠵᠠᠯᠭᠠᠭᠠᠰᠤ ᠶᠢ ᠴᠦᠮ ᠢ ᠬᠠᠶᠢᠴᠢᠯᠠᠵᠤ ᠬᠠᠶᠠᠨ᠂ | ᠤᠶᠤᠳᠠᠯ ᠤᠨ ᠦᠯᠡᠳᠡᠭᠳᠡᠯ ᠤᠳᠠᠰᠤ ᠶᠢ ᠴᠡᠪᠡᠷᠭᠡᠨ ᠲᠡᠬᠦᠵᠦ ᠴᠡᠪᠡᠷᠯᠡᠨ᠎ᠡ᠃ ᠠᠩᠬᠠᠨ ᠳᠠᠭᠠᠨ ᠡᠷᠡᠭᠳᠡᠢ ᠬᠦᠮᠦᠨ ᠭᠡᠭᠡᠷ᠎ᠡ | ᠭᠠᠳᠠᠨ᠎ᠠ ᠠᠮᠠᠷᠠᠬᠤ ᠳᠠᠭᠠᠨ ᠭᠤᠳᠤᠯ ᠢᠶᠠᠨ ᠲᠡᠷᠡᠯᠡᠵᠦ ᠤᠨᠳᠠᠳᠠᠭ ᠪᠤᠯᠬᠤᠷ ᠡᠷᠡᠭᠳᠡᠢ ᠬᠦᠮᠦᠨ ᠤ | ᠭᠤᠳᠤᠯ ᠤᠨ ᠴᠠᠪᠤᠭ ᠲᠤ ᠡᠮᠡᠭᠳᠡᠢ ᠬᠦᠮᠦᠨ ᠤ ᠦᠮᠦᠳᠦ ᠶᠢᠨ ᠪᠦᠰ ᠢ ᠭᠡᠷᠡᠭᠯᠡᠳᠡᠭ ᠦᠭᠡᠢ᠃ ᠴᠡᠪᠡᠷᠭᠡᠨ | ᠤᠬᠢᠶᠠᠭᠰᠠᠨ ᠲᠡᠪᠡᠯ ᠤᠨ ᠪᠦᠰ ᠢ ᠭᠡᠷᠡᠭᠯᠡᠳᠡᠭ᠃ ᠪᠦᠰ ᠢᠶᠠᠨ ᠭᠡᠳᠦᠨ ᠲᠠᠪᠬᠤᠷ ᠦᠵᠦᠬᠦᠷ | ᠢᠷᠮᠡᠭ ᠢ ᠨᠢ ᠶᠠᠭ ᠲᠠᠭ ᠲᠠᠭᠠᠷᠠᠭᠤᠯᠵᠤ ᠲᠡᠭᠰᠢ ᠰᠠᠶᠢᠬᠠᠨ ᠨᠠᠭᠠᠭᠰᠠᠨ ᠤ ᠲᠠᠷᠠᠭ᠎ᠠ ᠬᠠᠨ᠎ᠠ ᠪᠤᠶᠤ | ᠲᠡᠭᠰᠢᠭᠡᠨ ᠪᠠᠨᠵᠠᠨ ᠲᠡᠭᠡᠷ᠎ᠡ ᠨᠠᠭᠠᠯᠳᠤᠭᠤᠯᠵᠤ ᠬᠠᠳᠠᠭᠰᠠᠨ ᠤ ᠬᠤᠶᠢᠨ᠎ᠠ ᠰᠠᠶ᠋ᠢ ᠱᠠᠭᠠᠯᠵᠤ ᠠᠪᠤᠨ᠎ᠠ᠃ ᠶᠡᠷᠦ ᠳᠡᠭᠡᠨ ᠤᠯᠠ | ᠬᠢᠭᠦ ᠳᠤ ᠭᠡᠷᠡᠭᠯᠡᠬᠦ ᠴᠠᠪᠤᠭ ᠢ ᠭᠤᠷᠪᠠᠨ ᠲᠠᠪᠬᠤᠷ ᠢᠶᠠᠷ᠂ ᠵᠤᠯᠤᠭ ᠬᠢᠬᠦ ᠳᠤ ᠭᠡᠷᠡᠭᠯᠡᠬᠦ ᠴᠠᠪᠤᠭ ᠢ | ᠲᠦᠷᠪᠡ ᠠᠴᠠ ᠲᠠᠪᠤᠨ ᠲᠠᠪᠬᠤᠷ ᠢᠶᠠᠷ ᠲᠤᠰ ᠲᠤᠰ ᠬᠠᠳᠠᠭᠠᠨ᠎ᠠ᠃ ᠤᠯᠠ ᠨᠠᠭᠠᠬᠤ ᠴᠠᠪᠤᠭ | ᠬᠠᠳᠠᠭᠠᠬᠤ ᠳᠤ ᠶᠡᠷᠦ ᠨᠢ ᠴᠠᠭᠠᠨ ᠦᠩᠭᠡᠳᠡᠢ ᠪᠦᠰ ᠭᠡᠷᠡᠭᠯᠡᠵᠦ᠂ ᠵᠤᠯᠤᠭ ᠲᠦᠷᠡᠢ ᠶᠢᠨ ᠴᠠᠪᠤᠭ | ᠬᠠᠳᠠᠭᠠᠬᠤ ᠳᠤ ᠬᠠᠷ᠎ᠠ ᠪᠤᠯᠤᠨ ᠬᠦᠨ ᠬᠦᠭᠡ ᠦᠩᠭᠡ ᠲᠠᠢ ᠪᠦᠰ ᠢ ᠰᠤᠩᠭᠤᠳᠠᠭ᠃ ᠢᠩᠬᠢᠪᠡᠯ | ᠤᠯᠠ ᠵᠤᠯᠤᠭ ᠤᠨ ᠦᠩᠭᠡᠨ ᠲᠠᠪᠬᠤᠷᠭ᠎ᠠ ᠨᠢ ᠡᠯᠡᠭᠳᠡᠵᠦ ᠴᠤᠭᠤᠷᠤᠭᠰᠠᠨ ᠴᠤ ᠢᠯᠡᠷᠡᠵᠦ ᠭᠠᠷᠴᠤ ᠢᠷᠡᠬᠦ ᠲᠤᠳᠤᠷᠠᠬᠢ | ᠪᠦᠰ ᠤᠨ ᠦᠩᠭᠡ ᠨᠢ ᠦᠩᠭᠡᠯᠡᠭᠰᠡᠨ ᠭᠠᠳᠠᠷ ᠤᠨ ᠦᠩᠭᠡ ᠲᠠᠢ ᠬᠠᠷᠰᠢᠬᠤ ᠦᠭᠡᠢ ᠪᠠᠶᠢᠳᠠᠭ᠃ ᠶᠠᠭ | ᠠᠳᠠᠯᠢ ᠦᠩᠭᠡ ᠲᠠᠢ ᠪᠦᠰ ᠤᠯᠳᠠᠬᠤ ᠦᠭᠡᠢ ᠪᠤᠯ ᠵᠤᠯᠤᠭ ᠲᠦᠷᠡᠢ ᠶᠢᠨ ᠦᠩᠭᠡᠨ ᠲᠠᠯ᠎ᠠ ᠶᠢᠨ ᠲᠤᠤᠷ᠎ᠠ | ᠬᠤᠶᠠᠷ ᠲᠠᠪᠬᠤᠷ ᠪᠦᠰ ᠢ ᠦᠩᠭᠡᠯᠡᠬᠦ ᠪᠦᠰ ᠲᠠᠢ ᠪᠤᠳᠤᠭ ᠲᠠᠭᠠᠷᠠᠭᠤᠯᠵᠤ ᠬᠢᠨ᠎ᠡ᠃ ᠭᠤᠳᠤᠯ ᠤᠨ ᠦᠯᠢᠭᠡᠷ | ᠬᠢᠬᠦ ᠳᠤ ᠤᠷᠢᠳᠠᠪᠠᠷ ᠭᠤᠳᠤᠯ ᠡᠮᠦᠰᠬᠦ ᠡᠵᠡᠨ ᠤ ᠬᠢᠨᠢ ᠬᠦᠯ ᠤᠨ ᠶᠡᠭᠡ ᠪᠠᠭ᠎ᠠ ᠶᠢ ᠭᠡᠮᠵᠢᠵᠦ᠂ | ᠭᠡᠮᠵᠢᠶ᠎ᠡ ᠳᠡᠭᠡᠨ ᠵᠤᠬᠢᠴᠠᠭᠤᠯᠤᠨ ᠤᠯᠠ ᠶᠢᠨ ᠦᠯᠢᠭᠡᠷ ᠢ ᠬᠠᠶᠢᠴᠢᠯᠠᠵᠤ᠂ | ᠲᠠᠷᠠᠭ᠎ᠠ ᠳᠤ ᠨᠢ ᠭᠤᠳᠤᠯ ᠤᠨ ᠤᠯᠠ ᠶᠢᠨ ᠦᠯᠢᠭᠡᠷ ᠤᠨ ᠶᠡᠭᠡ ᠪᠠᠭ᠎ᠠ ᠳᠤ ᠶᠠᠭ | ᠰᠠᠶᠢᠬᠠᠨ ᠲᠠᠭᠠᠷᠠᠭᠤᠯᠤᠨ ᠵᠤᠬᠢᠴᠠᠭᠤᠯᠵᠤ ᠵᠤᠯᠤᠭ ᠪᠤᠯᠤᠨ ᠲᠦᠷᠡᠢ ᠶᠢᠨ ᠦᠯᠢᠭᠡᠷ ᠭᠡᠪ ᠢ ᠲᠤᠰ | ᠲᠤᠰ ᠲᠤ ᠨᠢ ᠴᠠᠭᠠᠰᠤ ᠪᠠᠷ ᠬᠠᠶᠢᠴᠢᠯᠠᠠ ᠠᠪᠤᠨ᠎ᠠ᠃ ᠭᠤᠳᠤᠯ ᠤᠨ ᠤᠯᠠ ᠶᠢᠨ ᠦᠯᠢᠭᠡᠷ ᠠᠪᠬᠤ ᠳᠤ | ᠡᠪᠤᠯ ᠵᠤᠨ ᠤ ᠬᠢ ᠢᠯᠭᠠᠭ᠎ᠠ ᠲᠠᠢ᠃ ᠵᠤᠨ ᠤ ᠭᠤᠳᠤᠯ ᠤᠨ ᠦᠯᠢᠭᠡᠷ ᠪᠤᠯ ᠪᠠᠷᠤᠭ ᠬᠦᠯ ᠠᠴᠠ ᠨᠢ ᠬᠤᠷᠤᠭᠤ ᠢᠯᠡᠬᠦᠦ ᠶᠡᠭᠡ ᠠᠪᠴᠤ᠂ | ᠡᠪᠤᠯ ᠤᠨ ᠭᠤᠳᠤᠯ ᠢ ᠪᠤᠯ ᠬᠤᠶᠠᠷ ᠬᠤᠷᠤᠭᠤ ᠭᠠᠷᠤᠢ ᠶᠡᠭᠡ ᠠᠪᠳᠠᠭ᠃ ᠡᠬᠦᠨ ᠳᠤ ᠶᠠᠭ ᠲᠤᠭᠳᠠᠭᠰᠠᠨ ᠭᠡᠮᠵᠢᠶ᠎ᠡ ᠭᠡᠵᠦ ᠦᠭᠡᠢ᠃ | ᠢᠩᠬᠢᠭᠡᠳ ᠰᠠᠶ᠋ᠢ ᠤᠯᠠ ᠵᠤᠯᠤᠭ ᠤᠨ ᠦᠯᠢᠭᠡᠷ ᠭᠡᠪ ᠢᠶᠠᠨ ᠬᠠᠳᠠᠭᠠᠭᠰᠠᠨ ᠴᠠᠪᠤᠭ ᠲᠤ ᠪᠠᠨ ᠰᠢᠳᠡᠵᠦ ᠤᠶᠤᠭᠠᠳ | ᠬᠦᠪᠡᠭᠡ ᠶᠢ ᠨᠢ ᠲᠠᠭᠠᠭᠤᠯᠵᠤ ᠲᠡᠭᠰᠢ ᠰᠠᠶᠢᠬᠠᠨ ᠬᠠᠶᠢᠴᠢᠯᠠᠨ᠎ᠠ᠃ ᠤᠯᠠ ᠶᠢ | ᠬᠠᠶᠢᠴᠢᠯᠠᠬᠤ ᠳᠤ ᠴᠠᠪᠤᠭ ᠢᠶᠠᠨ ᠦᠯᠢᠭᠡᠷ ᠭᠡᠪ ᠤᠨ ᠶᠤᠰᠤᠭᠠᠷ ᠨᠢᠭᠡ ᠨᠢᠭᠡ | ᠲᠠᠪᠬᠤᠷ ᠢᠶᠠᠷ ᠲᠠᠷᠠᠭ᠎ᠠ ᠲᠠᠷᠠᠭᠠᠯᠠᠨ ᠬᠠᠷᠢᠯᠴᠠᠨ ᠯᠠᠪᠳᠠᠭᠤᠨ ᠰᠢᠳᠡᠵᠦ ᠲᠤᠭᠳᠠᠭᠠᠭᠠᠳ | ᠨᠡᠶᠢᠳᠡ ᠲᠤᠯᠤᠭᠠᠨ ᠲᠠᠪᠬᠤᠷ ᠢ ᠲᠡᠩᠴᠠᠬᠦᠦ ᠪᠠᠷ ᠬᠠᠶᠢᠴᠢᠯᠠᠵᠤ ᠠᠪᠤᠨ᠎ᠠ᠃ ᠭᠡᠬᠦ ᠳᠡᠭᠡᠨ ᠴᠠᠪᠤᠭ ᠢ ᠢᠯᠡᠬᠦᠦ | ᠲᠤᠳᠠᠭᠤ ᠬᠠᠶᠢᠴᠢᠯᠠᠵᠤ ᠤᠭᠳᠤ ᠪᠤᠯᠬᠤ ᠦᠭᠡᠢ᠂ ᠵᠠᠪᠠᠯ ᠲᠡᠭᠰᠢᠭᠡᠨ ᠬᠠᠶᠢᠴᠢᠯᠠᠬᠤ ᠭᠡᠷᠡᠭᠳᠡᠢ᠃ ᠲᠤᠯᠤᠭᠠᠨ | ᠲᠠᠪᠬᠤᠷ ᠤᠯᠠ ᠶᠢᠨ ᠴᠠᠪᠤᠭ ᠢ ᠬᠠᠶᠢᠴᠢᠯᠠᠵᠤ ᠪᠠᠷᠠᠭᠰᠠᠨ ᠤ ᠰᠡᠬᠦᠯᠡᠷ ᠭᠡᠦᠭᠡᠨ ᠤᠯᠠ ᠪᠤᠯᠤᠨ ᠬᠠᠳᠠᠯᠭ᠎ᠠ | ᠤᠯᠠ ᠶᠢ ᠨᠦᠬᠦᠭᠡ ᠲᠤᠯᠤᠭᠠᠨ ᠲᠠᠪᠬᠤᠷ ᠴᠠᠪᠤᠭ ᠠᠴᠠ ᠵᠢᠭᠠᠬᠠᠨ ᠶᠡᠭᠡ ᠰᠢᠭ ᠬᠠᠶᠢᠴᠢᠯᠠᠵᠤ ᠡᠰᠭᠡᠨ᠎ᠡ᠃ | ᠤᠯᠠ ᠵᠤᠯᠤᠭ ᠨᠠᠭᠠᠬᠤ ᠪᠠ ᠤᠯᠠ ᠰᠢᠷᠢᠬᠦ ᠬᠤᠶᠠᠷ ᠤᠯᠠ ᠶᠢᠨ ᠴᠠᠪᠤᠭ ᠢ ᠪᠦᠬᠦᠳᠡ ᠶᠢ ᠬᠠᠶᠢᠴᠢᠯᠠᠵᠤ ᠡᠰᠭᠡᠵᠦ ᠪᠠᠷᠠᠪᠠᠯ᠂ | ᠴᠠᠭᠠᠨ ᠪᠦᠰ ᠢ ᠵᠢᠰᠢᠬᠦᠦ ᠪᠠᠷ ᠬᠤᠷᠤᠭᠤ ᠢᠯᠡᠬᠦᠦ ᠦᠷᠭᠡᠨ ᠵᠦᠰᠦᠵᠦ ᠴᠠᠪᠤᠭ ᠤᠨ ᠢᠷᠮᠡᠭ ᠤᠨ ᠴᠠᠭᠠᠨ ᠪᠦᠰ ᠢᠶᠠᠨ | ᠪᠠᠭ᠎ᠠ ᠴᠢᠩᠭᠠᠭᠠᠰᠬᠢᠵᠦ ᠪᠠᠶᠢᠭᠠᠳ ᠨᠠᠭᠠᠪᠠᠯ ᠨᠠᠭᠠᠯᠳᠤᠪᠤᠷᠢ ᠲᠠᠢ ᠰᠠᠶᠢᠬᠠᠨ ᠪᠤᠯᠳᠠᠭ᠃ ᠭᠡᠦᠭᠡᠨ ᠤᠯᠠ ᠶᠢ | ᠤᠳᠤ ᠪᠠᠷᠤᠭ ᠯᠡ ᠪᠦᠷ ᠨᠤᠭᠤᠭᠠᠨ ᠦᠭᠡᠳᠡᠩ ᠢᠶᠠᠷ ᠴᠢᠮᠬᠢᠨ ᠨᠠᠭᠠᠵᠤ ᠪᠤᠢ᠃ ᠭᠡᠦᠭᠡᠨ ᠤᠯᠠ ᠠᠴᠠ ᠪᠤᠰᠤᠳ | ᠤᠯᠠ ᠶᠢ ᠪᠦᠷ ᠴᠠᠭᠠᠨ ᠪᠦᠰ ᠢᠶᠠᠷ ᠴᠢᠮᠬᠢᠳᠡᠭ᠃ ᠬᠠᠳᠠᠯᠭ᠎ᠠ ᠤᠯᠠ ᠶᠢ ᠴᠠᠭᠠᠨ ᠪᠦᠰ ᠢᠶᠠᠷ᠂ ᠭᠡᠦᠭᠡᠨ | ᠤᠯᠠ ᠶᠢ ᠨᠤᠭᠤᠭᠠᠨ ᠦᠭᠡᠳᠡᠩ ᠢᠶᠠᠷ ᠴᠢᠮᠬᠢᠬᠦ ᠳᠤ ᠴᠠᠭᠠᠨ ᠪᠦᠰ ᠨᠢ ᠦᠭᠡᠳᠡᠩ ᠠᠴᠠ ᠨᠢᠮᠭᠡᠨ ᠪᠤᠯᠬᠤᠷ | ᠬᠠᠳᠠᠯᠭ᠎ᠠ ᠤᠯᠠ ᠨᠢ ᠠᠶᠠᠨᠳᠠᠭᠠᠨ ᠭᠡᠦᠭᠡᠨ ᠤᠯᠠ ᠠᠴᠠ ᠦᠯᠦ ᠮᠡᠳᠡᠭᠳᠡᠮ᠎ᠡ ᠪᠠᠭ᠎ᠠ ᠬᠠᠷᠠᠭᠳᠠᠳᠠᠭ᠃ | ᠴᠢᠮᠬᠢᠵᠦ ᠪᠠᠷᠠᠭᠰᠠᠨ ᠤᠯᠠ ᠶᠢᠨ ᠴᠠᠪᠤᠭ ᠤᠳ ᠢ ᠬᠤᠭᠤᠷᠤᠨᠳᠦ ᠨᠢ ᠨᠠᠭᠠᠯᠳᠤᠭᠤᠯᠬᠤ ᠳᠠᠭᠠᠨ | ᠴᠠᠪᠤᠭ ᠤᠳ ᠤᠨ ᠵᠠᠪᠰᠠᠷ ᠲᠤ ᠭᠤᠷᠪᠠᠨ ᠲᠠᠪᠬᠤᠷ ᠤᠨ ᠴᠠᠪᠤᠭ ᠢ ᠨᠢᠭᠡ ᠨᠢᠭᠡ ᠲᠠᠪᠬᠤᠷ ᠨᠡᠮᠡᠵᠦ ᠨᠠᠭᠠᠳᠠᠭ᠃ | ᠭᠡᠦᠭᠡᠨ ᠤᠯᠠ ᠶᠢᠨ ᠲᠤᠤᠭᠤᠷ ᠪᠤᠯ ᠬᠤᠶᠠᠷ ᠠᠴᠠ ᠭᠤᠷᠪᠠᠨ ᠲᠠᠪᠬᠤᠷ ᠴᠠᠪᠤᠭ ᠨᠡᠮᠡᠵᠦ ᠨᠠᠭᠠᠬᠤ ᠳᠠᠭᠠᠨ ᠨᠢᠭᠡ | ᠲᠠᠪᠬᠤᠷ ᠢ ᠨᠢ ᠪᠠᠭ᠎ᠠ ᠲᠤᠳᠤᠭᠰᠢ ᠪᠠᠨ ᠰᠢᠭ᠋ ᠨᠠᠭᠠᠪᠠᠯ ︵ᠪᠤᠰᠤᠳ ᠠᠴᠠ ᠪᠠᠨ ᠪᠠᠭ᠎ᠠ | ᠲᠤᠳᠠᠭᠤ ᠰᠢᠭ᠋︶ ᠢᠯᠡᠬᠦᠦ ᠵᠤᠬᠢᠷᠠᠳᠠᠭ᠃ ᠵᠠᠷᠢᠮ ᠬᠦᠮᠦᠨ ᠬᠠᠳᠠᠯᠭ᠎ᠠ ᠤᠯᠠ ᠶᠢ ᠴᠠᠪᠤᠭ ᠢᠶᠠᠷ ᠬᠢᠳᠡᠭ ᠦᠭᠡᠢ᠂ | ᠭᠡᠦᠭᠡᠨ ᠤᠯᠠ ᠪᠠᠨ ᠨᠠᠭᠠᠵᠤ ᠴᠢᠮᠬᠢᠭᠡᠳ ᠪᠠᠷᠠᠭᠰᠠᠨ ᠬᠤᠶᠢᠨ᠎ᠠ ᠴᠢᠮᠬᠢᠶᠡᠷᠢ ᠪᠠᠷ ᠭᠡᠷᠡᠭᠯᠡᠳᠡᠭ ᠴᠠᠭᠠᠨ ᠵᠤᠷᠪᠤᠰ ᠪᠦᠰ ᠢᠶᠠᠨ | ᠬᠤᠶᠠᠷ ᠲᠠᠪᠬᠤᠷᠯᠠᠭᠠᠳ ᠭᠡᠦᠭᠡᠨ ᠤᠯᠠ ᠶᠢᠨ ᠲᠡᠭᠡᠷ᠎ᠡ ᠭᠡᠦᠭᠡᠨ ᠤᠯᠠ ᠠᠴᠠ ᠮᠡᠳᠡᠭᠳᠡᠮ᠎ᠡ ᠲᠤᠳᠠᠭᠤ | ᠬᠠᠪᠰᠤᠷᠴᠤ ᠨᠠᠭᠠᠭᠠᠳ ᠲᠤᠮᠳᠠ ᠨᠢ ᠭᠠᠷᠤᠭᠰᠠᠨ ᠬᠤᠳᠤᠭᠤᠷ ᠲᠤᠳᠤᠷ᠎ᠠ ᠨᠢ ᠰᠤᠯᠠ ᠴᠠᠪᠤᠭ ᠨᠠᠭᠠᠵᠤ ᠲᠦᠬᠦᠷᠭᠡᠳᠡᠭ᠃ | ᠬᠠᠳᠠᠯᠭ᠎ᠠ ᠤᠯᠠ ᠬᠢᠭᠡᠳ ᠭᠡᠦᠭᠡᠨ ᠤᠯᠠ ᠠᠴᠠ ᠤᠨᠳᠤᠤ ᠲᠡᠭᠰᠢᠯᠡᠨ ᠨᠠᠭᠠᠭᠰᠠᠨ ᠭᠡᠰᠡᠭ ᠢ ᠲᠤᠮᠳᠠ ᠤᠯᠠ ᠭᠡᠳᠡᠭ᠃ | ᠲᠤᠮᠳᠠ ᠤᠯᠠ ᠶᠢ ᠵᠠᠪᠠᠯ ᠲᠤᠯᠤᠭᠠᠨ ᠲᠠᠪᠬᠤᠷ ᠨᠠᠭᠠᠬᠤ ᠲᠤᠭᠳᠠᠭᠠᠯ ᠲᠠᠢ ᠪᠢᠰᠢ ᠵᠠᠷᠢᠮ ᠳᠠᠭᠠᠨ 4 — 5 | ᠲᠠᠪᠬᠤᠷ ᠴᠤ ᠨᠠᠭᠠᠳᠠᠭ᠃ ᠤᠯᠠᠩᠬᠢ ᠳᠠᠭᠠᠨ ᠵᠠᠰᠠᠯ ᠳᠤ ᠡᠮᠦᠰᠬᠦ ᠭᠤᠳᠤᠯ ᠤᠨ ᠤᠯᠠ ᠶᠢ ᠢᠯᠡᠬᠦᠦ | ᠲᠠᠪᠬᠤᠷᠯᠠᠵᠤ ᠨᠠᠭᠠᠳᠠᠭ᠃ ᠬᠠᠮᠤᠭ ᠤᠨ ᠲᠤᠤᠷ᠎ᠠ ᠨᠢ ᠤᠷᠤᠳᠠᠭ ᠤᠯᠠ ᠶᠢ ᠠᠷᠤ ᠤᠯᠠ ᠭᠡᠳᠡᠭ᠃ | ᠠᠷᠤ ᠤᠯᠠ ᠶᠢᠨ ᠲᠡᠭᠡᠷ᠎ᠡ ᠨᠢᠭᠡ ᠲᠠᠪᠬᠤᠷ ᠴᠠᠪᠤᠭ ᠨᠡᠮᠡᠵᠦ ᠨᠠᠭᠠᠭᠠᠳ ᠦᠪᠴᠢ ᠴᠠᠭᠠᠨ ᠢᠶᠠᠷ ᠪᠦᠷᠬᠦᠭᠡᠵᠦ ᠨᠠᠭᠠᠨ᠎ᠠ᠃ | ᠡᠬᠦᠨ ᠢ ᠤᠯᠠ ᠶᠢᠨ ᠦᠩᠭᠡ ᠲᠠᠷᠤᠨ᠎ᠠ ᠭᠡᠳᠡᠭ᠃ ᠨᠠᠭᠠᠵᠤ ᠭᠠᠷᠭᠠᠭᠰᠠᠨ ᠤᠯᠠ ᠪᠠᠨ ᠲᠡᠷᠡ ᠪᠤᠶᠤ | ᠲᠤᠭᠤᠰᠬ᠎ᠠ ᠮᠡᠳᠦ ᠶᠢᠨ ᠬᠦᠨᠳᠦ ᠰᠢᠭ ᠶᠠᠭᠤᠮ᠎ᠠ ᠪᠠᠷ ᠲᠠᠷᠤᠵᠤ ᠭᠡᠳᠦᠨ ᠬᠤᠪᠢ ᠬᠠᠳᠠᠭᠰᠠᠨ ᠤ ᠲᠠᠷᠠᠭ᠎ᠠ | ᠭᠠᠷᠭᠠᠵᠤ ᠲᠠᠬᠢᠨ ᠲᠡᠭᠰᠢᠯᠡᠨ ᠵᠠᠰᠠᠨ᠎ᠠ᠃ ᠨᠠᠭᠠᠵᠤ ᠬᠠᠳᠠᠭᠠᠭᠰᠠᠨ ᠤᠯᠠ ᠶᠢ ᠰᠢᠷᠢᠵᠦ | ᠤᠶᠤᠬᠤ ᠳᠤ ᠰᠢᠯᠵᠢᠬᠦ ᠠᠴᠠ ᠨᠢ ᠰᠡᠷᠭᠡᠶᠢᠯᠡᠭᠡᠳ ᠤᠷᠢᠳᠠᠪᠠᠷ ᠬᠤᠯᠠ ᠬᠤᠯᠠ ᠲᠤᠭᠤᠷᠢᠭᠤᠯᠵᠤ ᠨᠢᠭᠡ ᠮᠦᠷ᠂ | ᠲᠤᠮᠳᠠᠭᠤᠷ ᠨᠢ ᠨᠢᠭᠡ ᠮᠦᠷ ᠰᠢᠳᠡᠵᠦ ᠤᠶᠤᠬᠰᠠᠨ ᠬᠤᠶᠢᠨ᠎ᠠ ᠨᠢᠭᠳᠠ ᠰᠢᠭ᠋ ᠨᠢᠭᠡ ᠠᠴᠠ ᠬᠤᠶᠠᠷ ᠮᠦᠷ ᠲᠤᠭᠤᠷᠢᠭᠤᠯᠵᠤ ᠤᠶᠤᠨ᠎ᠠ᠃ | ᠲᠤᠭᠤᠷᠢᠭᠤᠯᠵᠤ ᠪᠠᠷᠠᠭᠰᠠᠨ ᠤ ᠲᠠᠷᠠᠭ᠎ᠠ ᠰᠢᠳᠡᠭᠡᠷᠢ ᠪᠠᠨ ᠠᠪᠴᠤ ᠬᠠᠶᠠᠭᠠᠳ ᠲᠠᠮᠤᠵᠤ ᠪᠡᠯᠡᠳᠭᠡᠭᠰᠡᠨ ᠤᠯᠤᠰᠤᠨ | ᠤᠳᠠᠰᠤ ᠪᠠᠷ ᠰᠢᠷᠢᠨ᠎ᠡ᠃ ᠪᠤᠰᠤᠳ ᠭᠤᠯᠭᠤᠮᠠᠳᠠᠭᠠᠢ ᠮᠠᠲ᠋ᠧᠷᠢᠶᠠᠯ ᠢᠶᠠᠷ ᠲᠠᠮᠤᠭᠰᠠᠨ ᠤᠳᠠᠰᠤ ᠪᠠᠷ | ᠰᠢᠷᠢᠵᠦ ᠪᠤᠯᠳᠠᠭ ᠦᠭᠡᠢ᠃ ᠵᠤᠯᠤᠭ ᠪᠤᠯᠤᠨ ᠲᠦᠷᠡᠢ ᠶᠢᠨ ᠦᠯᠢᠭᠡᠷ ᠢᠶᠠᠨ ᠴᠠᠪᠤᠭ ᠲᠠᠭᠠᠨ ᠰᠢᠳᠡᠵᠦ | ᠤᠶᠤᠭᠠᠳ ᠬᠠᠶᠢᠴᠢᠯᠠᠵᠤ ᠠᠪᠤᠭᠰᠠᠨ ᠬᠤᠶᠢᠨ᠎ᠠ ᠦᠩᠭᠡ ᠲᠠᠷᠤᠬᠤ ᠠᠴᠠ ᠪᠠᠨ ᠡᠮᠦᠨ᠎ᠡ ᠨᠠᠭᠠᠳᠤ ᠵᠠᠬ᠎ᠠ ᠳᠠᠭᠠᠨ | ᠭᠤᠷᠪᠠ ᠠᠴᠠ ᠲᠦᠷᠪᠡᠨ ᠲᠠᠪᠬᠤᠷ ᠲᠠᠷᠤᠤ ︵ᠡᠯᠡᠭᠳᠡᠭᠰᠡᠨ ᠢᠶᠠᠷ ᠪᠠᠭ᠎ᠠ ᠰᠢᠭ᠋᠂ ᠪᠠᠬᠢ ᠰᠢᠭ ᠪᠦᠰ᠂ | ᠪᠠᠰᠠ ︽ᠲᠠᠷ ᠲᠠᠢ ᠰᠢᠭ᠋ ᠪᠦᠰ︾ ᠭᠡᠳᠡᠭ︶ ᠲᠠᠢ ᠴᠢᠨᠡᠭᠡ ᠴᠠᠪᠤᠭ ᠬᠠᠳᠠᠭᠠᠬᠤ ᠳᠤ ᠭᠡᠷᠡᠭᠯᠡᠬᠦ ᠰᠤᠯᠠ ᠪᠦᠰ — | ᠴᠠᠪᠤᠭ ᠤᠨ ᠪᠦᠰ ᠨᠠᠭᠠᠭᠠᠳ ᠦᠩᠭᠡ ᠲᠠᠷᠤᠨ᠎ᠠ᠃ ᠢᠩᠬᠢᠵᠦ ᠨᠠᠭᠠᠬᠤ ᠪᠦᠰ ᠢ ᠵᠤᠯᠤᠭ ᠤᠨ | ᠲᠠᠪᠬᠤᠴᠠᠭ᠎ᠠ ᠭᠡᠳᠡᠭ᠃ ᠵᠤᠯᠤᠭ ᠤᠨ ᠲᠠᠪᠬᠤᠴᠠᠭ᠎ᠠ ᠨᠠᠭᠠᠬᠤ ᠳᠠᠭᠠᠨ ᠬᠠᠪᠴᠢᠶᠠᠷᠢ ᠪᠤᠯᠤᠨ | ᠪᠤᠭᠤᠮ᠎ᠠ ᠶᠢᠨ ᠭᠡᠰᠡᠭ ᠲᠤ ᠰᠠᠪᠬ᠎ᠠ ᠶᠢᠨ ᠬᠢᠷᠢ ᠭᠠᠵᠠᠷ ᠦᠯᠡᠳᠡᠭᠡᠨ᠎ᠡ᠃ ᠲᠡᠭᠡᠪᠡᠯ ᠬᠤᠵᠢᠮ ᠨᠢ | ᠵᠤᠯᠤᠭ ᠬᠠᠪᠴᠢᠵᠦ ᠪᠤᠭᠤᠮᠠᠯᠠᠬᠤ ᠳᠤ ᠵᠤᠬᠢᠮᠵᠢᠳᠠᠢ ᠪᠤᠯᠳᠠᠭ᠃ ᠭᠤᠳᠤᠯ ᠤᠨ ᠵᠤᠯᠤᠭ ᠢ ᠶᠡᠷᠦ ᠳᠡᠭᠡᠨ ᠲᠤᠳᠤᠯᠠᠳᠠᠭ ᠦᠭᠡᠢ᠃ | ᠭᠤᠳᠤᠯ ᠤᠨ ᠦᠩᠭᠡ ᠶᠢ ᠪᠠᠷᠤᠭ ᠯᠡ ᠦᠭᠡᠳᠡᠩ ᠢᠶᠠᠷ ᠲᠠᠷᠤᠨ᠎ᠠ᠃ ᠡᠷᠳᠡ ᠳᠡᠭᠡᠨ ᠮᠠᠲ᠋ᠧᠷᠢᠶᠠᠯ ᠬᠤᠪᠤᠷ | ᠪᠠᠶᠢᠬᠤ ᠳᠤ ᠠᠷᠭ᠎ᠠ ᠦᠭᠡᠢ ᠳᠡᠭᠡᠨ ᠪᠦᠰ ᠢᠶᠠᠷ ᠴᠤ ᠦᠩᠭᠡ ᠲᠠᠷᠤᠳᠠᠭ ᠪᠠᠶᠢᠵᠠᠢ᠃ ᠦᠩᠭᠡ ᠲᠠᠷᠤᠵᠤ ᠪᠠᠷᠠᠪᠠᠯ ᠵᠤᠯᠤᠭ | ᠲᠦᠷᠡᠢ ᠶᠢᠨ ᠪᠦᠬᠦ ᠬᠦᠪᠡᠭᠡ ᠶᠢ ᠬᠦᠪᠦᠷᠢᠳᠦᠨ ᠤᠶᠤᠨ᠎ᠠ᠃ ᠭᠡ ᠤᠭᠠᠯᠵᠠ ᠪᠠᠨ ᠪᠠᠭᠤᠯᠭᠠᠵᠤ | ᠵᠢᠷᠤᠬᠤ ᠮᠤᠩᠭᠤᠯ ᠭᠤᠳᠤᠯ ᠤᠨ ᠵᠤᠯᠤᠭ ᠲᠦᠷᠡᠢ ᠳᠤ ᠢᠯᠠᠩᠭᠤᠶ᠎ᠠ ᠵᠤᠯᠤᠭ ᠲᠡᠭᠡᠷ᠎ᠡ ᠦᠪᠴᠢ ᠳᠤ ᠨᠢ ᠴᠡᠴᠡᠭ ᠨᠠᠪᠴᠢ᠂ | ᠠᠮᠢᠳᠠᠨ ᠪᠤᠶᠤ ᠡᠯᠳᠡᠪ ᠰᠠᠶᠢᠬᠠᠨ ᠭᠡ ᠤᠭᠠᠯᠵᠠ ᠪᠠᠷ ᠤᠷᠠᠯᠠᠳᠠᠭ᠃ ᠭᠡ ᠤᠭᠠᠯᠵᠠ ᠪᠠᠷ ᠤᠷᠠᠯᠠᠬᠤ ᠡᠨᠡ | ᠤᠳᠬ᠎ᠠ ᠠᠴᠠ ᠨᠢ ᠭᠡᠯᠡᠪᠡᠯ ᠮᠤᠩᠭᠤᠯ ᠭᠤᠳᠤᠯ ᠤᠷᠠᠯᠠᠵᠤ ᠬᠢᠬᠦ ᠠᠵᠢᠯ ᠨᠢ ᠲᠡᠷᠡ | ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠠᠵᠢᠯ᠃ ᠮᠤᠩᠭᠤᠯ ᠭᠤᠳᠤᠯ ᠨᠢ | ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠪᠦᠳᠦᠭᠡᠭᠳᠡᠬᠦᠨ ᠪᠤᠯᠬᠤ ᠶᠤᠮ᠃ ᠵᠠᠷᠤᠳ | ᠮᠤᠩᠭᠤᠯᠴᠤᠳ ᠮᠠᠨᠢ ᠡᠨᠡ ᠬᠦ ᠦᠨᠳᠦᠰᠦᠳᠡᠨ ᠤ ᠰᠤᠶᠤᠯ ᠤᠷᠠᠯᠢᠭ ᠢᠶᠠᠨ ᠦᠨᠦᠳᠦᠷ ᠪᠤᠯᠳᠠᠯ᠎ᠠ ᠬᠠᠳᠠᠭᠠᠯᠠᠵᠤ᠂ | ᠬᠠᠮᠠᠭᠠᠯᠠᠵᠤ᠂ ᠤᠯᠠᠮᠵᠢᠯᠠᠵᠤ᠂ ᠵᠠᠯᠭᠠᠮᠵᠢᠯᠠᠵᠤ ᠢᠷᠡᠭᠰᠡᠨ ᠨᠢ ᠤᠯᠵᠠᠷᠬᠠᠭᠤᠰᠢᠳᠠᠢ᠃ ᠭᠤᠳᠤᠯ ᠤᠨ ᠵᠤᠯᠤᠭ ᠲᠦᠷᠡᠢ | ᠲᠡᠭᠡᠷ᠎ᠡ ᠭᠡ ᠤᠭᠠᠯᠵᠠ ᠤᠷᠠᠯᠠᠬᠤ ᠳᠤ ᠤᠷᠢᠳᠠᠪᠠᠷ ᠵᠤᠯᠤᠭ ᠲᠦᠷᠡᠢ ᠶᠢᠨ ᠦᠯᠢᠭᠡᠷ ᠬᠡᠪ ᠪᠤᠯᠬᠤ | ᠴᠠᠭᠠᠰᠤᠨ ᠲᠡᠭᠡᠷ᠎ᠡ ᠭᠡ ᠤᠭᠠᠯᠵᠠ ᠪᠠᠨ ᠤᠷᠠᠯᠠᠨ ᠵᠢᠷᠤᠨ᠎ᠠ᠃ ᠠᠩᠬᠠᠨ ᠳᠠᠭᠠᠨ ᠪᠤᠯ ᠴᠠᠭᠠᠰᠤᠨ | ᠦᠯᠢᠭᠡᠷ ᠲᠠᠬᠢ ᠵᠢᠷᠤᠭ ᠲᠡᠭᠡᠷ᠎ᠡ ᠪᠠᠨ ᠣᠤ ᠶᠢᠨ ᠪᠢᠷ ᠤᠨ ᠭᠡᠮᠭᠡᠳᠡᠭ ᠢ ᠵᠢᠵᠢᠭ ᠰᠠᠪᠠᠨ ᠳᠤ | ᠵᠢᠭᠤᠷᠠᠭᠠᠳ ᠵᠡᠬᠦᠦ ᠶᠢᠨ ᠰᠦᠪᠡᠨ ᠲᠠᠯ᠎ᠠ ᠶᠢ ᠣᠤ ᠶᠢᠨ ᠪᠢᠷ ᠤᠨ ᠭᠡᠮᠭᠡᠳᠡᠭ ᠤᠨ ᠵᠢᠭᠤᠷᠠᠮᠠᠯ ᠳᠤ | ᠲᠦᠷᠢᠵᠦ ᠠᠪᠤᠭᠠᠳ ᠭᠡ ᠤᠭᠠᠯᠵᠠ ᠶᠢᠨ ᠵᠢᠷᠤᠭᠠᠰᠤ ᠲᠠᠭᠠᠭᠤᠯᠵᠤ ᠲᠤᠷᠰᠢ ᠳᠤ ᠨᠢ ᠲᠦᠷᠬᠢᠨ᠎ᠡ᠃ ᠨᠢᠭᠡ | ᠤᠳᠠᠭ᠎ᠠ ᠲᠦᠷᠬᠢᠵᠦ ᠪᠠᠷᠠᠪᠠᠯ ᠲᠡᠬᠦᠨ ᠢᠶᠠᠨ ᠵᠤᠯᠤᠭ ᠪᠤᠶᠤ ᠲᠦᠷᠡᠢ ᠶᠢᠨ ᠦᠩᠭᠡᠨ ᠲᠡᠭᠡᠷ᠎ᠡ ᠲᠡᠭᠰᠢᠭᠡᠨ | ᠨᠠᠭᠠᠯᠳᠤᠭᠤᠯᠵᠤ ᠲᠠᠷᠤᠪᠠᠯ ᠵᠤᠯᠤᠭ ᠪᠤᠶᠤ ᠲᠦᠷᠡᠢ ᠶᠢᠨ ᠦᠩᠭᠡᠨ ᠲᠠᠯ᠎ᠠ ᠳᠤ ᠣᠤ ᠶᠢᠨ | ᠪᠢᠷ ᠤᠨ ᠴᠠᠭᠠᠨ ᠦᠩᠭᠡᠳᠡᠢ ᠭᠡ ᠵᠢᠷᠤᠭ ᠭᠠᠷᠳᠠᠭ᠃ ᠤᠳᠤ ᠪᠤᠯ ᠤᠯᠠᠭᠠᠨ ᠪᠤᠶᠤ ᠬᠦᠭᠡ ᠪᠤᠳᠤᠭᠳᠠᠢ | ᠲᠠᠷᠤᠮᠯᠠᠬᠤ ᠴᠠᠭᠠᠰᠤ ᠶᠢ ᠵᠤᠯᠤᠭ ᠪᠤᠯᠤᠨ ᠲᠦᠷᠡᠢ ᠶᠢᠨ ᠦᠩᠭᠡᠨ ᠲᠡᠭᠡᠷ᠎ᠡ ᠪᠠᠨ ᠴᠢᠩᠭ᠎ᠠ ᠲᠠᠷᠤᠵᠤ | ᠲᠡᠭᠡᠷ᠎ᠡ ᠠᠴᠠ ᠨᠢ ᠴᠠᠭᠠᠰᠤᠨ ᠦᠯᠢᠭᠡᠷ ᠢᠶᠠᠨ ᠲᠠᠭᠠᠷᠠᠭᠤᠯᠵᠤ ᠲᠠᠷᠤᠵᠤ ᠵᠢᠷᠤᠵᠤ ᠪᠠᠶᠢᠨ᠎ᠠ᠃ | ᠨᠢᠭᠡ ᠤᠳᠠᠭ᠎ᠠ ᠲᠠᠷᠤᠵᠤ ᠵᠢᠷᠤᠪᠠᠯ ᠵᠤᠯᠤᠭ ᠪᠤᠯᠤᠨ ᠲᠦᠷᠡᠢ ᠶᠢᠨ ᠦᠩᠭᠡᠨ ᠲᠠᠯ᠎ᠠ ᠳᠤ ᠤᠯᠠᠭᠠᠨ ᠪᠤᠶᠤ ᠬᠦᠭᠡ ᠪᠤᠳᠤᠭᠳᠤ | ᠭᠡ ᠤᠭᠠᠯᠵᠠᠨ ᠵᠢᠷᠤᠭ ᠰᠠᠭᠤᠳᠠᠭ᠃ ᠲᠡᠬᠦᠨ ᠢᠶᠠᠨ ᠨᠡᠩ ᠲᠤᠳᠤ ᠪᠤᠯᠭᠠᠬᠤ ᠶᠢᠨ ᠲᠦᠯᠦᠭᠡ ᠲᠡᠭᠡᠷ᠎ᠡ ᠠᠴᠠ ᠨᠢ | ᠮᠦᠩᠬᠦᠨ ᠦᠩᠭᠡᠳᠡᠢ ᠴᠠᠭᠠᠨ ᠪᠢᠷ ᠢᠶᠠᠷ ᠲᠠᠬᠢᠨ ᠲᠤᠳᠤᠷᠠᠭᠤᠯᠤᠨ ᠲᠠᠷᠤᠵᠤ ᠵᠢᠷᠤᠪᠠᠯ ᠭᠡ ᠤᠭᠠᠯᠵᠠ ᠨᠢ | ᠮᠠᠰᠢ ᠲᠤᠳᠤᠷᠬᠠᠢ ᠪᠤᠯᠴᠢᠬᠠᠳᠠᠭ᠃ ᠨᠦᠬᠦᠭᠡ ᠲᠠᠯ᠎ᠠ ᠶᠢᠨ ᠵᠤᠯᠤᠭ ᠲᠦᠷᠡᠢ ᠲᠡᠭᠡᠷ᠎ᠡ ᠰᠢᠯᠵᠢᠬᠦᠯᠬᠦ ᠳᠤ ᠪᠠᠨ | ᠤᠭ ᠤᠨ ᠵᠢᠷᠤᠭᠰᠠᠨ ᠵᠢᠷᠤᠭ ᠢᠶᠠᠨ ᠠᠪᠠᠴᠢᠵᠤ ᠲᠠᠭᠠᠷᠠᠭᠤᠯᠤᠭᠠᠳ ᠬᠦᠨᠳᠦ ᠰᠢᠭ ᠯᠤᠩᠬᠤ ᠰᠢᠭ᠋ ᠶᠠᠭᠤᠮ᠎ᠠ ᠪᠠᠷ | ᠴᠢᠩᠭ᠎ᠠ ᠴᠢᠩᠭ᠎ᠠ ᠲᠠᠷᠤᠪᠠᠯ ᠪᠤᠳᠤᠭ ᠨᠢ ᠤᠷᠤᠴᠢᠬᠠᠳᠠᠭ᠃ ᠭᠡᠬᠦ ᠳᠡᠭᠡᠨ᠂ ᠢᠩᠬᠢᠵᠦ ᠣᠤ ᠶᠢᠨ ᠪᠢᠷ ᠤᠨ | ᠨᠤᠨᠳᠠᠭ ᠪᠤᠶᠤ ᠲᠠᠷᠤᠮᠯᠠᠬᠤ ᠴᠠᠭᠠᠰᠤ ᠪᠠᠷ ᠭᠡ ᠵᠢᠷᠤᠭ ᠰᠢᠯᠵᠢᠬᠦᠯᠬᠦ ᠨᠢ ᠰᠢᠬᠯᠠᠬᠤ᠂ ᠲᠤᠭᠤᠴᠠᠬᠤ᠂ | ᠤᠷᠢᠶᠠᠮᠠᠯ ᠤᠷᠢᠶᠠᠬᠤ᠂ ᠬᠠᠳᠬᠤᠮᠠᠯ ᠬᠠᠳᠬᠤᠬᠤ ᠳᠤ ᠯᠡ ᠲᠤᠬᠢᠷᠠᠳᠠᠭ ᠠᠵᠢᠯ ᠤᠨ ᠶᠠᠪᠤᠴᠠ ᠪᠤᠯᠤᠨ᠎ᠠ᠃ | ᠨᠠᠭᠠᠮᠠᠯ ᠪᠤᠯᠤᠨ ᠰᠡᠶᠢᠯᠦᠮᠠᠯ ᠤᠷᠠᠯᠢᠭ ᠨᠢ ᠤᠨᠳᠤᠤ ᠤᠴᠢᠷ᠃ ᠨᠠᠭᠠᠮᠠᠯ ᠪᠤᠯᠤᠨ ᠰᠡᠶᠢᠯᠦᠮᠠᠯ ᠢ ᠤᠷᠠᠯᠠᠬᠤ ᠳᠤ ᠭᠡ | ᠤᠭᠠᠯᠵᠠ ᠪᠠᠨ ᠲᠦᠷᠪᠡᠨ ᠲᠠᠪᠬᠤᠷ ᠴᠠᠭᠠᠰᠤ ᠪᠠᠷ ᠲᠠᠪᠬᠤᠷᠯᠠᠨ ᠬᠠᠶᠢᠴᠢᠯᠠᠵᠤ ᠠᠪᠤᠭᠠᠳ ᠵᠤᠯᠤᠭ | ᠲᠦᠷᠡᠢ ᠶᠢᠨ ᠦᠯᠢᠭᠡᠷ ᠵᠢᠷᠤᠭ ᠲᠡᠭᠡᠷ᠎ᠡ ᠪᠠᠨ ᠨᠢᠭᠡ ᠨᠢᠭᠡ ᠪᠠᠷ ᠵᠤᠬᠢᠴᠠᠭᠤᠯᠤᠨ ᠨᠠᠭᠠᠵᠤ ᠲᠠᠭᠠᠷᠠᠭᠤᠯᠤᠨ᠎ᠠ᠃ | ᠡᠷᠡᠭᠳᠡᠢ ᠬᠦᠮᠦᠨ ᠤ ᠭᠤᠳᠤᠯ ᠤᠨ ᠵᠤᠯᠤᠭ ᠲᠦᠷᠡᠢ ᠲᠡᠭᠡᠷ᠎ᠡ ᠪᠤᠯ ᠤᠯᠠᠩᠬᠢ ᠳᠠᠭᠠᠨ ᠤᠷᠢᠶᠠᠮᠠᠯ᠂ ᠰᠢᠬᠯᠠᠬᠤ᠂ ᠲᠤᠭᠤᠴᠠᠬᠤ᠂ | ᠰᠡᠶᠢᠯᠦᠮᠠᠯ ᠵᠡᠷᠭᠡ ᠤᠷᠠᠯᠠᠯ ᠤᠨ ᠠᠷᠭ᠎ᠠ ᠶᠢ ᠭᠡᠷᠡᠭᠯᠡᠳᠡᠭ᠃ ᠡᠷᠡᠭᠳᠡᠢ ᠬᠦᠮᠦᠨ ᠤ ᠭᠤᠳᠤᠯ ᠳᠤ ᠨᠠᠭᠠᠮᠠᠯ ᠪᠤᠯᠤᠨ | ᠬᠠᠳᠬᠤᠮᠠᠯ ᠢ ᠪᠠᠷᠤᠭ ᠭᠡᠷᠡᠭᠯᠡᠳᠡᠭ ᠦᠭᠡᠢ᠃ ᠭᠡ ᠤᠭᠠᠯᠵᠠ ᠪᠠᠨ ᠬᠠᠳᠬᠤᠮᠠᠯ᠂ ᠨᠠᠭᠠᠮᠠᠯ᠂ ᠤᠷᠢᠶᠠᠮᠠᠯ᠂ | ᠰᠡᠶᠢᠮᠦᠯᠠᠯ ᠵᠡᠷᠭᠡ ᠤᠯᠠᠨ ᠭᠡᠯᠪᠡᠷᠢ ᠪᠠᠷ ᠤᠷᠠᠯᠠᠵᠤ ᠤᠶᠤᠬᠤ ᠶᠠᠪᠤᠴᠠ ᠨᠢ ᠭᠤᠳᠤᠯ ᠤᠶᠤᠳᠠᠯ ᠤᠨ ᠬᠠᠮᠤᠭ ᠤᠨ ᠶᠡᠭᠡ ᠤᠷ᠎ᠠ | ᠡᠷᠳᠡᠮ ᠰᠢᠯᠭᠠᠬᠤ ᠶᠠᠪᠤᠴᠠ ᠪᠤᠯᠬᠤ ᠶᠤᠮ᠃ ᠡᠳᠡᠭᠡᠷ ᠤᠷᠠᠯᠢᠭ ᠢ ᠤᠷᠠᠯᠠᠬᠤ ᠳᠤ ᠴᠦᠮ ᠭᠤᠳᠤᠯ ᠤᠨ ᠬᠤᠩᠰᠢᠶᠠᠷ | ᠲᠠᠯ᠎ᠠ ᠠᠴᠠ ᠡᠬᠢᠯᠡᠨ᠎ᠡ᠃ ᠵᠠᠷᠤᠳ ᠨᠤᠳᠤᠭ ᠲᠤ ᠭᠤᠳᠤᠯ ᠢ ᠠᠵᠢᠯ ᠬᠦᠳᠡᠯᠮᠦᠷᠢ ᠬᠢᠬᠦ ᠳᠤ | ᠡᠮᠦᠰᠬᠦ ᠠᠵᠢᠯ ᠤᠨ ᠭᠤᠳᠤᠯ ᠬᠢᠭᠡᠳ ᠨᠠᠶᠢᠷ ᠬᠤᠷᠢᠮ ᠳᠤ ᠡᠮᠦᠰᠬᠦ ᠵᠠᠰᠠᠯ ᠤᠨ ᠭᠤᠳᠤᠯ ᠭᠡᠵᠦ ᠬᠤᠶᠠᠷ | ᠵᠦᠢᠯ ᠢᠶᠠᠷ ᠢᠯᠭᠠᠵᠤ ᠬᠢᠳᠡᠭ᠃ ᠠᠵᠢᠯ ᠤᠨ ᠭᠤᠳᠤᠯ ᠢ ᠪᠤᠯ ᠠᠮᠠᠷᠬᠠᠨ ᠡᠯᠡᠭᠳᠡᠳᠡᠭ ᠦᠭᠡᠢ ᠪᠦᠭᠡ | ᠡᠳ᠋ ᠢᠶᠠᠷ ᠦᠩᠭᠡᠯᠡᠨ ᠬᠢᠬᠦ ᠶᠢ ᠡᠷᠬᠢᠮᠯᠡᠬᠦ ᠪᠦᠭᠡᠳ ᠪᠠᠬᠢ ᠵᠤᠵᠠᠭᠠᠨ ᠤᠶᠤᠬᠤ ᠶᠢ ᠴᠢᠬᠤᠯᠠᠴᠢᠯᠠᠨ᠎ᠠ᠃ | ᠠᠵᠢᠯ ᠤᠨ ᠭᠤᠳᠤᠯ ᠲᠡᠭᠡᠷ᠎ᠡ ᠤᠯᠠᠩᠬᠢ ᠳᠠᠭᠠᠨ ᠰᠢᠬᠯᠠᠬᠤ᠂ ᠲᠤᠭᠤᠴᠠᠬᠤ᠂ ᠤᠷᠢᠶᠠᠬᠤ ᠵᠡᠷᠭᠡ ᠤᠶᠤᠳᠠᠯ ᠤᠳ ᠢ ᠤᠶᠤᠳᠠᠭ᠃ | ᠵᠠᠰᠠᠯ ᠤᠨ ᠭᠤᠳᠤᠯ ᠢ ᠪᠤᠯ ᠠᠯᠢ ᠪᠤᠯᠬᠤ ᠪᠠᠷ ᠭᠤᠶᠤᠯᠠᠵᠤ ᠤᠷᠠᠯᠠᠬᠤ ᠶᠢ ᠴᠢᠬᠤᠯᠠᠴᠢᠯᠠᠨ᠎ᠠ᠃ ᠡᠮᠡᠭᠳᠡᠢ ᠬᠦᠮᠦᠨ ᠤ ᠵᠠᠰᠠᠯ ᠤᠨ | ᠭᠤᠳᠤᠯ ᠢ ᠪᠤᠯ ᠨᠠᠭᠠᠮᠠᠯ ᠪᠤᠶᠤ ᠬᠠᠳᠬᠤᠮᠠᠯ ᠤᠷᠠᠯᠠᠯ ᠢᠶᠠᠷ ᠤᠷᠠᠯᠠᠳᠠᠭ᠃ ᠬᠠᠳᠬᠤᠮᠠᠯ ᠪᠤᠯ ᠲᠡᠭᠡᠷ᠎ᠡ ᠭᠡᠯᠡᠭᠰᠡᠨ ᠮᠡᠳᠦ ᠪᠠᠷ | ᠭᠡ ᠤᠭᠠᠯᠵᠠ ᠪᠠᠨ ᠵᠤᠯᠤᠭ ᠲᠦᠷᠡᠢ ᠲᠡᠭᠡᠷ᠎ᠡ ᠪᠠᠨ ᠰᠢᠯᠵᠢᠬᠦᠯᠵᠦ ᠪᠠᠭᠤᠯᠭᠠᠵᠤ ᠵᠢᠷᠤᠭᠠᠳ ᠬᠠᠳᠬᠤᠨ᠎ᠠ᠃ ᠨᠠᠭᠠᠮᠠᠯ ᠨᠢ | ᠬᠠᠳᠬᠤᠮᠠᠯ ᠠᠴᠠ ᠨᠡᠩ ᠢᠯᠡᠬᠦᠦ ᠪᠤᠳᠤᠯᠢᠶᠠᠨᠳᠠᠢ᠃ ᠭᠤᠳᠤᠯ ᠪᠤᠭᠤᠮᠠᠯᠠᠬᠤ ᠬᠠᠪᠴᠢᠬᠤ ᠪᠠ ᠭᠤᠳᠤᠯ ᠬᠦᠷᠪᠡᠬᠦᠯᠬᠦ | ᠵᠤᠯᠤᠭ ᠲᠦᠷᠡᠢ ᠨᠦᠭᠦᠳ ᠢᠶᠠᠨ ᠤᠷᠠᠯᠠᠵᠤ ᠤᠶᠤᠵᠤ ᠪᠠᠷᠠᠭᠰᠠᠨ ᠤ ᠬᠤᠶᠢᠨ᠎ᠠ ᠵᠤᠯᠤᠭ ᠲᠦᠷᠡᠢ ᠶᠢ ᠬᠤᠶᠠᠷ ᠬᠤᠶᠠᠷ ᠢᠶᠠᠷ ᠨᠢ | ᠦᠩᠭᠡ ᠶᠢᠨ ᠲᠠᠯ᠎ᠠ ᠪᠠᠷ ᠨᠢ ᠬᠠᠪᠰᠤᠷᠴᠤ ᠪᠠᠶᠢᠭᠠᠳ ᠬᠤᠯᠪᠤᠵᠤ ᠤᠶᠤᠨ᠎ᠠ᠃ ᠡᠬᠦᠨ ᠢ ᠭᠤᠳᠤᠯ ᠪᠤᠭᠤᠮᠠᠯᠠᠬᠤ ᠭᠡᠳᠡᠭ᠃ | ᠪᠤᠭᠤᠮᠠᠯᠠᠬᠤ ᠳᠠᠭᠠᠨ ᠵᠤᠯᠤᠭ ᠲᠦᠷᠡᠢ ᠬᠤᠶᠠᠷ ᠤᠨ ᠵᠠᠪᠰᠠᠷ ᠲᠤ ᠨᠢ ᠲᠠᠰᠤᠮ | ᠬᠢᠵᠦ ᠨᠡᠶᠢᠯᠡᠬᠦᠯᠵᠦ ᠤᠶᠤᠨ᠎ᠠ᠃ ᠲᠠᠰᠤᠮ ᠤᠨ ᠲᠤᠭ᠎ᠠ ᠨᠢ 1 — 3 ᠪᠦᠷ ᠪᠠᠶᠢᠵᠤ ᠪᠤᠯᠤᠨ᠎ᠠ᠃ ᠡᠬᠦᠨ ᠢᠶᠠᠨ | ᠨᠢᠭᠡ ᠪᠠᠷ ᠪᠤᠭᠤᠮᠠᠯᠠᠬᠤ᠂ ᠬᠤᠶᠠᠷ ᠢᠶᠠᠷ ᠪᠤᠭᠤᠮᠠᠯᠠᠬᠤ᠂ ᠭᠤᠷᠪᠠ ᠪᠠᠷ ᠪᠤᠭᠤᠮᠠᠯᠠᠬᠤ ᠭᠡᠵᠦ ᠲᠤᠰᠪᠤᠷᠢ ᠨᠡᠷᠡᠯᠡᠳᠡᠭ᠃ | ᠭᠤᠳᠤᠯ ᠪᠤᠭᠤᠮᠠᠯᠠᠬᠤ ᠳᠠᠭᠠᠨ ᠬᠤᠩᠰᠢᠶᠠᠷ ᠤᠨ ᠲᠠᠯ᠎ᠠ ᠠᠴᠠ ᠡᠬᠢᠯᠡᠵᠦ ᠤᠶᠤᠨ᠎ᠠ᠃ ᠲᠠᠰᠤᠮ ᠢ ᠬᠤᠳᠠᠯᠳᠤᠭᠠᠨ ᠤ | ᠭᠠᠵᠠᠷ ᠠᠴᠠ ᠠᠪᠳᠠᠭ᠃ ᠬᠤᠳᠠᠯᠳᠤᠭᠠᠨ ᠤ ᠭᠠᠵᠠᠷ ᠠᠴᠠ ᠤᠯᠳᠠᠬᠤ ᠦᠭᠡᠢ ᠪᠠᠶᠢᠳᠠᠯ ᠲᠤᠤᠷ᠎ᠠ | ᠡᠯᠵᠢᠭᠡᠨ ᠠᠷᠠᠰᠤ ᠶᠢ ᠡᠯᠳᠡᠵᠦ ᠪᠤᠯᠪᠠᠰᠤᠷᠠᠭᠤᠯᠤᠭᠠᠳ ᠬᠠᠷ᠎ᠠ ᠪᠤᠳᠤᠭ ᠤᠷᠤᠭᠤᠯᠵᠤ ᠵᠠᠷᠤᠳᠠᠭ᠃ ᠭᠤᠳᠤᠯ | ᠪᠤᠭᠤᠮᠠᠯᠠᠬᠤ ᠳᠤ ᠨᠡᠪᠳᠡᠭᠡᠯᠡᠬᠦ ᠤᠶᠤᠳᠠᠯ ᠢᠶᠠᠷ ᠤᠶᠤᠳᠠᠭ᠃ ᠪᠤᠭᠤᠮᠠᠯᠠᠵᠤ ᠪᠠᠷᠠᠭᠰᠠᠨ ᠤ ᠲᠠᠷᠠᠭ᠎ᠠ ᠨᠡᠶᠢᠳᠡ ᠲᠦᠷᠪᠡᠨ ᠭᠡᠰᠡᠭ | ᠪᠤᠯᠤᠭᠰᠠᠨ ᠵᠤᠯᠤᠭ ᠲᠦᠷᠡᠢ ᠶᠢᠨ ᠨᠠᠶᠢᠯᠡᠪᠦᠷᠢ ᠪᠠᠨ ᠬᠤᠶᠠᠷ ᠬᠤᠶᠠᠷ ᠢᠶᠠᠷ ᠨᠢ ᠵᠠᠯᠭᠠᠵᠤ ᠨᠡᠶᠢᠯᠡᠬᠦᠯᠵᠦ | ᠤᠶᠤᠬᠤ ᠳᠤ ᠪᠠᠨ ᠪᠤᠷᠪᠢ ᠲᠦᠷᠡᠢ ᠶᠢᠨ ᠭᠡᠰᠡᠭ ᠲᠤ ᠤᠯᠠᠩᠬᠢ ᠳᠠᠭᠠᠨ ᠭᠤᠷᠪᠠ ᠭᠤᠷᠪᠠᠨ | ᠲᠠᠰᠤᠮ ᠬᠢᠵᠦ ᠤᠶᠤᠨ᠎ᠠ᠃ ᠢᠩᠬᠢᠵᠦ ᠤᠶᠤᠬᠤ ᠶᠢ ᠭᠤᠳᠤᠯ ᠬᠠᠪᠴᠢᠬᠤ ᠭᠡᠳᠡᠭ᠃ ᠭᠤᠷᠪᠠ ᠪᠠᠷ ᠪᠤᠭᠤᠮᠠᠯᠠᠭᠠᠳ | ᠭᠤᠷᠪᠠ ᠪᠠᠷ ᠬᠠᠪᠴᠢᠬᠰᠠᠨ ᠭᠤᠳᠤᠯ ᠢ ᠦᠪᠴᠢ ᠭᠤᠷᠪᠠᠨ ᠬᠠᠪᠴᠢᠶᠠᠷᠢ ᠲᠠᠢ ᠭᠤᠳᠤᠯ ᠭᠡᠳᠡᠭ᠃ ᠭᠤᠳᠤᠯ ᠬᠠᠪᠴᠢᠬᠤ ᠳᠤ | ᠤᠯᠠᠯᠠᠬᠤ ᠤᠶᠤᠳᠠᠯ ᠢᠶᠠᠷ ᠤᠶᠤᠳᠠᠭ᠃ ᠲᠠᠰᠤᠮ ᠢᠶᠠᠨ ᠬᠠᠪᠴᠢᠭᠤᠯᠬᠤ ᠳᠤ ᠪᠠᠨ ᠲᠠᠰᠤᠮ ᠤᠳ ᠤᠨ | ᠵᠠᠪᠰᠠᠷ ᠲᠤ ᠨᠢ ᠨᠢᠭᠡ ᠤᠯᠤᠰᠤᠨ ᠤᠳᠠᠰᠤ ᠶᠢ ᠲᠡᠭᠰᠢᠭᠡᠨ ᠰᠠᠶᠢᠬᠠᠨ ᠬᠠᠪᠴᠢᠭᠤᠯᠤᠨ᠎ᠠ᠃ | ᠤᠯᠠᠨ ᠲᠠᠰᠤᠮ ᠬᠠᠪᠴᠢᠭᠤᠯᠵᠤ ᠤᠶᠤᠬᠤ ᠳᠤ ᠪᠠᠨ ᠲᠠᠰᠤᠮ ᠤᠳ ᠤᠨ ᠦᠷᠭᠡᠨ ᠨᠠᠷᠢᠨ ᠢ ᠲᠦᠢᠯ ᠤᠨ ᠰᠠᠶᠢᠬᠠᠨ | ᠲᠡᠭᠰᠢᠯᠡᠵᠦ ᠤᠶᠤᠬᠤ ᠭᠡᠷᠡᠭᠳᠡᠢ ᠪᠤᠯᠬᠤᠷ ᠤᠷᠢᠳᠠᠪᠠᠷ ᠬᠤᠯᠠ ᠬᠤᠯᠠ ᠰᠢᠳᠡᠵᠦ ᠲᠤᠭᠳᠠᠭᠠᠭᠠᠳ | ᠲᠠᠷᠠᠭ᠎ᠠ ᠳᠤ ᠨᠢ ᠰᠠᠶ᠋ᠢ ᠨᠢᠭᠳᠠᠯᠠᠵᠤ ᠤᠶᠤᠨ᠎ᠠ᠃ ᠭᠤᠳᠤᠯ ᠪᠤᠭᠤᠮᠠᠯᠠᠬᠤ ᠪᠤᠶᠤ | ᠬᠠᠪᠴᠢᠬᠤ ᠳᠤ ᠭᠤᠳᠤᠯ ᠤᠨ ᠵᠤᠯᠤᠭ ᠲᠦᠷᠡᠢ ᠶᠢᠨ ᠦᠩᠭᠡᠨ ᠲᠠᠯ᠎ᠠ ᠶᠢ ᠨᠢ ᠬᠠᠪᠰᠤᠷᠴᠤ ᠤᠯᠤᠰᠤᠨ | ᠤᠳᠠᠰᠤ ᠪᠠᠷ ᠤᠶᠤᠳᠠᠭ ᠪᠤᠯᠬᠤᠷ ᠮᠠᠰᠢ ᠬᠠᠳᠠᠭᠤ ᠪᠠᠶᠢᠳᠠᠭ᠃ ᠭᠤᠳᠤᠯ ᠬᠠᠪᠴᠢᠬᠤ ᠳᠤ ᠪᠠᠨ ᠪᠤᠭᠤᠮ᠎ᠠ ᠶᠢᠨ ᠭᠡᠰᠡᠭ ᠲᠠᠬᠢ | ᠲᠠᠰᠤᠮ ᠤᠳ ᠢ ᠮᠠᠰᠢ ᠬᠢᠴᠢᠶᠡᠵᠦ ᠲᠠᠪ ᠲᠡᠭᠰᠢᠭᠡᠨ ᠵᠤᠯᠭᠠᠭᠤᠯᠬᠤ ᠭᠡᠷᠡᠭᠳᠡᠢ᠃ ᠰᠠᠯᠠᠩ ᠡᠮᠡᠭᠳᠡᠢ | ᠪᠤᠯ ᠲᠠᠰᠤᠮ ᠤᠳ ᠢ ᠲᠡᠭᠡᠭᠰᠢ ᠲᠤᠷᠤᠭᠰᠢ ᠵᠦᠷᠢᠬᠦᠯᠴᠢᠭᠡᠳᠡᠭ ᠪᠤᠯᠬᠤ ᠪᠠᠷ ᠦᠵᠡᠬᠦ ᠳᠤ ᠮᠠᠭᠤᠬᠠᠢ ᠪᠤᠯᠳᠠᠭ᠃ | ᠭᠤᠳᠤᠯ ᠤᠨ ᠬᠤᠩᠰᠢᠶᠠᠷ ᠲᠠᠯ᠎ᠠ ᠶᠢ ᠤᠷᠢᠳᠠᠪᠠᠷ ᠬᠠᠪᠴᠢᠵᠤ ᠲᠠᠷᠠᠭ᠎ᠠ ᠳᠤ ᠨᠢ ᠰᠠᠶ᠋ᠢ ᠪᠤᠷᠪᠢ ᠶᠢᠨ | ᠲᠠᠯ᠎ᠠ ᠶᠢ ᠨᠢ ᠬᠠᠪᠴᠢᠨ᠎ᠠ᠃ ᠭᠤᠳᠤᠯ ᠢᠶᠠᠨ ᠪᠤᠭᠤᠮᠠᠯᠠᠵᠤ᠂ ᠬᠠᠪᠴᠢᠵᠤ ᠪᠠᠷᠠᠪᠠᠯ | ᠪᠤᠭᠤᠮ᠎ᠠ ᠪᠤᠯᠤᠨ ᠬᠠᠪᠴᠢᠶᠠᠷᠢ ᠶᠢᠨ ᠤᠶᠤᠳᠠᠯ ᠤᠨ ᠭᠡᠰᠡᠭ ᠢ ᠴᠢᠬᠢᠭᠳᠡᠭᠡᠵᠦ ᠭᠤᠳᠤᠯ ᠢᠶᠠᠨ ᠬᠦᠷᠪᠡᠬᠦᠯᠦᠨᠠ᠃ | ᠭᠤᠳᠤᠯ ᠬᠦᠷᠪᠡᠬᠦᠯᠬᠦ ᠪᠤᠯ ᠮᠠᠰᠢ ᠶᠡᠭᠡ ᠬᠦᠴᠦ ᠴᠢᠳᠠᠯ ᠭᠡᠷᠡᠭᠰᠡᠳᠡᠭ ᠠᠵᠢᠯ ᠪᠤᠯᠤᠨ᠎ᠠ᠃ ᠬᠦᠴᠦ ᠴᠢᠳᠠᠯ ᠮᠠᠭᠤ ᠡᠮᠡᠭᠳᠡᠢ | ᠬᠦᠮᠦᠨ ᠬᠦᠷᠪᠡᠬᠦᠯᠵᠦ ᠲᠡᠶᠢᠯᠳᠡᠭ ᠠᠵᠤ ᠪᠢᠰᠢ ᠤᠴᠢᠷ ᠠᠴᠠ ᠤᠯᠠᠩᠬᠢ ᠳᠠᠭᠠᠨ ᠡᠷᠡᠭᠳᠡᠢ ᠬᠦᠮᠦᠨ ᠢᠶᠠᠷ ᠭᠤᠳᠤᠯ | ᠬᠦᠷᠪᠡᠬᠦᠯᠬᠦ ᠠᠵᠢᠯ ᠢ ᠬᠢᠯᠭᠡᠳᠡᠭ᠃ ᠢᠯᠠᠩᠭᠤᠶ᠎ᠡ ᠡᠷᠡᠭᠳᠡᠢ ᠬᠦᠮᠦᠨ ᠤ ᠠᠵᠢᠯ ᠤᠨ ᠭᠤᠳᠤᠯ ᠨᠡᠩ ᠵᠤᠵᠠᠭᠠᠨ ᠪᠦᠭᠡᠳ | ᠬᠠᠳᠠᠭᠤ ᠪᠠᠬᠢ ᠪᠠᠶᠢᠳᠠᠭ ᠪᠤᠯᠬᠤᠷ ᠬᠦᠴᠦ ᠴᠢᠳᠠᠯ ᠮᠠᠭᠤᠳᠠᠢ ᠡᠮᠡᠭᠳᠡᠢ ᠬᠦᠮᠦᠨ ᠬᠦᠢᠴᠡᠳᠭᠡᠵᠦ ᠲᠡᠶᠢᠯᠳᠡᠭ ᠦᠬᠡᠢ᠃ | ᠭᠤᠳᠤᠯ ᠢᠶᠠᠨ ᠬᠦᠷᠪᠡᠬᠦᠯᠦᠭᠰᠡᠨ ᠤ ᠬᠤᠶᠢᠨ᠎ᠠ ᠬᠠᠪᠴᠢᠶᠠᠷᠢ ᠪᠤᠯᠤᠨ ᠪᠤᠭᠤᠮ᠎ᠠ ᠶᠢᠨ ᠴᠢᠬᠢᠭᠳᠡᠭᠡᠭᠰᠡᠨ ᠭᠡᠰᠡᠭ ᠤᠨ ᠤᠶᠤᠳᠠᠯ ᠢ | ᠬᠤᠶᠠᠷ ᠲᠡᠶᠢᠰᠢ ᠲᠡᠯᠭᠡᠨ ᠢᠷᠠᠵᠤ ᠰᠦᠭᠡ ᠶᠢᠨ ᠲᠤᠬᠤ ᠪᠠᠷ ᠲᠡᠭᠰᠢᠷᠡᠳᠡᠯᠡ ᠲᠡᠮᠳᠡᠢ ᠰᠠᠶᠢᠬᠠᠨ ᠵᠠᠨᠴᠢᠨ᠎ᠠ᠃ | ᠲᠡᠭᠰᠢ ᠰᠠᠶᠢᠬᠠᠨ ᠪᠤᠯᠭᠠᠵᠤ ᠲᠡᠶᠢᠯᠬᠦ ᠦᠭᠡᠢ ᠪᠤᠯ ᠬᠦᠮᠦᠨ ᠤ ᠬᠦᠯ ᠢ ᠡᠪᠡᠳᠭᠡᠨᠠ᠃ ᠭᠡᠳᠦ ᠬᠦᠴᠦᠳᠡᠢ | ᠵᠠᠨᠴᠢᠪᠠᠯ ᠭᠤᠳᠤᠯ ᠤᠨ ᠦᠩᠭᠡ ᠡᠯᠡᠭᠳᠡᠴᠢᠭᠡᠬᠦ ᠪᠤᠶᠤ ᠤᠶᠤᠭᠰᠠᠨ ᠤᠳᠠᠰᠤ ᠨᠢ | ᠲᠠᠰᠤᠷᠠᠴᠢᠬᠠᠬᠤ ᠠᠴᠠ ᠬᠢᠴᠢᠶᠡᠬᠦ ᠭᠡᠷᠡᠭᠳᠡᠢ᠃ ᠭᠤᠳᠤᠯ ᠤᠨ ᠲᠡᠭᠡᠷ᠎ᠡ ᠲᠦᠷᠡᠢ ᠶᠢᠨ | ᠲᠡᠭᠡᠷ᠎ᠡ ᠬᠦᠪᠡᠭᠡ ᠶᠢ ᠤᠯᠠᠩᠬᠢ ᠳᠤ ᠪᠠᠨ ᠬᠤᠷᠭᠤᠢ ᠪᠤᠶᠤ ᠪᠦᠭᠡ ᠵᠤᠵᠠᠭᠠᠯᠢᠭ ᠪᠦᠰ ᠢᠶᠠᠷ ᠴᠢᠮᠬᠢᠵᠦ | ᠬᠦᠪᠡᠭᠡᠯᠡᠵᠦ ᠤᠶᠤᠨ᠎ᠠ᠃ ᠭᠡᠬᠦ ᠳᠡᠭᠡᠨ᠂ ᠦᠩᠭᠡ ᠪᠤᠳᠤᠭ ᠵᠤᠬᠢᠴᠠᠭᠤᠯᠤᠨ ᠭᠤᠶᠤ ᠰᠠᠶᠢᠬᠠᠨ | ᠪᠤᠯᠭᠠᠬᠤ ᠶᠢ ᠮᠠᠰᠢ ᠠᠩᠬᠠᠷᠴᠤ ᠤᠯᠠᠭᠠᠨ᠂ ᠨᠤᠭᠤᠭᠠᠨ᠂ ᠶᠠᠭᠠᠨ ᠮᠡᠳᠦ ᠶᠢᠨ ᠢᠯᠠ ᠲᠠᠢ | ᠦᠩᠭᠡ ᠶᠢᠨ ᠪᠦᠰ ᠪᠤᠶᠤ ᠬᠤᠷᠭᠤᠢ ᠶᠢ ᠰᠤᠩᠭᠤᠨ᠎ᠠ᠃ ᠲᠦᠷᠡᠢ ᠶᠢᠨ ᠬᠦᠪᠡᠭᠡ ᠳᠤ ᠰᠠᠶᠢᠯᠪᠤᠷᠢ ᠤᠶᠤᠬᠤ | ᠬᠦᠮᠦᠰ ᠴᠤ ᠪᠤᠢ᠃ ᠭᠤᠳᠤᠯ ᠢᠶᠠᠨ ᠬᠦᠷᠪᠡᠬᠦᠯᠵᠦ ᠬᠠᠪᠴᠢᠶᠠᠷᠢ ᠪᠤᠯᠤᠨ ᠪᠤᠭᠤᠮ᠎ᠠ ᠶᠢᠨ ᠤᠶᠤᠳᠠᠯ ᠤᠨ ᠭᠡᠰᠡᠭ ᠢ | ᠲᠡᠭᠰᠢᠯᠡᠵᠦ ᠪᠠᠷᠠᠭᠰᠠᠨ ᠬᠤᠶᠢᠨ᠎ᠠ ᠤᠯᠠᠯᠠᠬᠤ ᠪᠠᠷ ᠪᠡᠯᠡᠳᠭᠡᠨ᠎ᠡ᠃ ᠭᠤᠳᠤᠯ ᠤᠯᠠᠯᠠᠬᠤ | ᠶᠠᠪᠤᠴᠠ ᠭᠤᠳᠤᠯ ᠤᠯᠠᠯᠠᠬᠤ ᠳᠤ ᠬᠤᠶᠠᠷ ᠦᠵᠦᠬᠦᠷ ᠲᠠᠢ ᠲᠠᠮᠤᠭᠰᠠᠨ ᠤᠨᠴᠠᠭᠠᠢ ᠰᠠᠶᠢᠨ ᠤᠯᠤᠰᠤᠨ | ᠤᠳᠠᠰᠤ᠂ ᠭᠤᠷᠪᠠᠯᠵᠢᠨ ᠰᠢᠪᠦᠭᠡ ᠶᠢ ᠪᠡᠯᠡᠳᠭᠡᠵᠦ ᠵᠤᠯᠤᠭ ᠢᠶᠠᠨ ᠤᠯᠠᠯᠠᠬᠤ ᠭᠡᠰᠡᠭ ᠢᠶᠠᠷ ᠨᠢ ᠴᠢᠬᠢᠭᠳᠡᠭᠡᠵᠦ ᠲᠤᠳᠤᠭᠰᠢ | ᠤᠯᠠᠯᠠᠬᠤ ᠭᠡᠮᠵᠢᠶ᠎ᠡ ᠪᠠᠨ ᠦᠵᠡᠵᠦ ᠨᠤᠭᠤᠯᠤᠭᠠᠳ ᠯᠠᠪᠳᠠᠭᠤᠨ ᠮᠦᠷ ᠤᠷᠤᠭᠤᠯᠤᠨ᠎ᠠ᠃ ᠲᠠᠷᠠᠭ᠎ᠠ ᠳᠤ ᠨᠢ | ᠭᠤᠳᠤᠯ ᠤᠨ ᠵᠤᠯᠤᠭ ᠤᠨ ᠬᠤᠩᠰᠢᠶᠠᠷ ᠤᠨ ᠲᠠᠯ᠎ᠠ ᠶᠢ ᠤᠯᠠ ᠵᠤᠯᠤᠭ ᠤᠨ ᠭᠤᠤᠯ ᠳᠤ ᠨᠢ ᠲᠠᠭᠠᠷᠠᠭᠤᠯᠵᠤ | ᠠᠰᠯᠠᠭᠤᠯᠵᠤ ᠪᠠᠶᠢᠭᠠᠳ ᠲᠤᠪᠬᠢᠵᠦ ᠲᠤᠭᠳᠠᠭᠠᠨ᠎ᠠ᠃ ᠲᠡᠭᠡᠭᠡᠳ ᠪᠤᠷᠪᠢ ᠶᠢᠨ ᠲᠠᠯ᠎ᠠ ᠠᠴᠠ ᠡᠬᠢᠯᠡᠵᠦ | ᠤᠯᠠᠯᠠᠨᠠ᠃ ᠭᠤᠳᠤᠯ ᠤᠯᠠᠯᠠᠬᠤ ᠳᠤ ᠤᠳᠠᠰᠤᠨ ᠤ ᠦᠵᠦᠬᠦᠷ ᠲᠤ ᠵᠡᠬᠦᠦ ᠰᠦᠪᠡᠯᠡᠳᠡᠭ ᠦᠭᠡᠢ᠃ ᠤᠷᠢᠳᠠᠪᠠᠷ | ᠰᠢᠪᠦᠭᠡ ᠶᠢᠨ ᠨᠦᠭᠡ ᠪᠠᠷ ᠭᠠᠳᠠᠨ᠎ᠠ ᠲᠠᠯ᠎ᠠ ᠠᠴᠠ ᠨᠢ ᠨᠢᠭᠡ ᠤᠳᠠᠰᠤᠨ ᠰᠦᠪᠡᠭᠴᠢ ᠪᠠᠨ | ᠲᠤᠳᠤᠭᠰᠢ ᠲᠠᠳᠠᠵᠤ ᠤᠷᠤᠭᠤᠯᠤᠭᠠᠳ ᠭᠠᠳᠠᠨ᠎ᠠ ᠲᠤᠳᠤᠨᠠᠬᠢ ᠤᠳᠠᠰᠤᠨ ᠤ ᠭᠡᠮᠵᠢᠶ᠎ᠡ ᠶᠢ ᠲᠡᠩᠴᠡᠬᠦᠤ | ᠪᠤᠯᠭᠠᠵᠤ ᠲᠠᠳᠠᠨ᠎ᠠ᠃ ᠲᠠᠬᠢᠨ ᠭᠠᠳᠠᠨ᠎ᠠ ᠦᠯᠡᠳᠡᠭᠰᠡᠨ ᠤᠳᠠᠰᠤ ᠶᠢ ᠤᠷᠤᠭᠰᠢᠯᠡᠵᠦ ᠬᠠᠳᠬᠤᠭᠰᠠᠨ | ᠰᠢᠪᠦᠭᠡ ᠶᠢᠨ ᠨᠦᠭᠡ ᠪᠠᠷ ᠲᠤᠳᠤᠭᠰᠢ ᠭᠠᠷᠭᠠᠭᠠᠳ᠂ ᠲᠤᠳᠤᠷ ᠲᠠᠯ᠎ᠠ ᠠᠴᠠ ᠨᠢ ᠵᠤᠬᠢᠬᠤ | ᠤᠷᠳᠤ ᠪᠠᠷ ᠴᠢᠩᠭᠠᠭᠠᠵᠤ ᠭᠠᠷᠭᠠᠨ ᠤᠳᠠᠰᠤᠨ ᠤ ᠡᠷᠴᠢᠮ ᠢ ᠨᠢᠭᠡ ᠭᠡᠰᠡᠭ ᠲᠤ ᠨᠢ ᠰᠤᠯᠠᠯᠠᠵᠤ ᠨᠦᠬᠦᠭᠡ | ᠲᠤᠳᠤᠷ ᠲᠠᠯ᠎ᠠ ᠳᠠᠬᠢ ᠤᠳᠠᠰᠤᠨ ᠰᠦᠪᠡᠭᠴᠢ ᠪᠠᠨ ᠰᠤᠯᠠᠳᠬᠠᠭᠰᠠᠨ ᠡᠷᠴᠢᠮ ᠤᠨ ᠵᠠᠪᠰᠠᠷ ᠲᠤ ᠬᠠᠪᠴᠢᠭᠤᠯᠤᠭᠠᠳ ᠭᠠᠳᠠᠨ᠎ᠠ | ᠲᠠᠯ᠎ᠠ ᠶᠢᠨ ᠤᠳᠠᠰᠤ ᠪᠠᠨ ᠭᠡᠳᠡᠷᠬᠦ ᠪᠠᠨ ᠲᠠᠳᠠᠪᠠᠯ ᠰᠠᠶ᠋ᠢ ᠶᠢᠨ ᠲᠤᠳᠤᠷ ᠲᠠᠯ᠎ᠠ ᠳᠤ | ᠬᠠᠪᠴᠢᠭᠤᠯᠤᠭᠳᠠᠭᠰᠠᠨ ᠤᠳᠠᠰᠤᠨ ᠰᠦᠪᠡᠭᠴᠢ ᠭᠡᠳᠡᠷᠬᠦ ᠲᠠᠳᠠᠭᠰᠠᠨ ᠤᠳᠠᠰᠤ ᠶᠢ | ᠲᠠᠭᠠᠵᠤ ᠭᠤᠳᠤᠯ ᠤᠨ ᠭᠠᠳᠠᠨ᠎ᠠ ᠲᠠᠯ᠎ᠠ ᠳᠤ ᠭᠠᠷᠴᠤ ᠢᠷᠡᠳᠡᠭ᠃ ᠲᠡᠭᠡᠭᠰᠡᠨ ᠤ ᠬᠤᠶᠢᠨ᠎ᠠ ᠭᠠᠳᠠᠨ᠎ᠠ | ᠲᠤᠳᠤᠨᠠᠬᠢ ᠬᠤᠶᠠᠷ ᠰᠦᠪᠡᠭᠴᠢ ᠶᠢ ᠡᠰᠡᠷᠬᠦ ᠪᠠᠷ ᠵᠡᠷᠭᠡ ᠳᠤ ᠨᠢ ᠬᠤᠶᠠᠷ ᠲᠡᠶᠢᠰᠢ ᠴᠢᠩᠭᠠᠭᠠᠵᠤ ᠴᠢᠩᠭᠠᠯᠠᠳᠠᠭ᠃ | ᠡᠨᠡ ᠮᠡᠳᠦ ᠪᠠᠷ ᠲᠠᠬᠢᠨ ᠲᠠᠪᠳᠠᠨ ᠬᠦᠢᠴᠡᠳᠭᠡᠵᠦ ᠬᠢᠨ᠎ᠡ᠃ ᠭᠤᠳᠤᠯ ᠭᠡᠯᠪᠢᠬᠦ ᠪᠠ ᠤᠶᠢᠮᠦᠰᠦ ᠤᠶᠤᠬᠤ | ᠤᠯᠠᠯᠠᠵᠤ ᠪᠠᠷᠠᠭᠰᠠᠨ ᠤ ᠲᠠᠷᠠᠭ᠎ᠠ ᠭᠤᠳᠤᠯ ᠢᠶᠠᠨ ᠴᠢᠬᠢᠭ ᠲᠠᠢ ᠪᠠᠶᠢᠬᠤ ᠶᠢ ᠵᠠᠪᠳᠤᠭᠤᠯᠤᠨ ᠬᠠᠭᠠᠰ ᠭᠤᠳᠤᠯ | ᠬᠤᠮᠠᠭ ᠬᠢᠵᠦ ᠲᠤᠰᠬᠠᠶᠢᠯᠠᠨ ᠪᠡᠯᠡᠳᠭᠡᠭᠰᠡᠨ ᠬᠡᠯᠪᠢᠬᠦᠷ ᠮᠤᠳᠤ ᠪᠠᠷ ᠨᠦᠳᠦᠵᠦ ᠭᠤᠳᠤᠯ ᠢᠶᠠᠨ ᠶᠠᠩᠵᠤ ᠤᠷᠤᠭᠤᠯᠵᠤ ᠭᠡᠯᠪᠢᠨᠡ᠃ | ᠡᠪᠤᠯ ᠤᠨ ᠭᠤᠳᠤᠯ ᠳᠤ ᠪᠤᠯ ᠢᠰᠡᠭᠡᠢ ᠤᠶᠢᠮᠤᠰᠤ ᠬᠢᠬᠦ ᠪᠤᠶᠤ ᠬᠦᠪᠦᠩ ᠲᠠᠢ ᠤᠶᠢᠮᠤᠰᠤ ᠤᠶᠤᠵᠤ ᠬᠢᠨ᠎ᠡ᠃ ᠢᠰᠡᠭᠡᠢ | ᠤᠶᠢᠮᠦᠰᠦ ᠶᠢ ᠪᠤᠯ ᠦᠪᠡᠷ ᠢᠶᠠᠨ ᠦᠯᠢᠭᠡᠷ ᠭᠡᠪ ᠤᠨ ᠶᠠᠩᠵᠤ ᠪᠠᠷ ᠢᠶᠠᠨ ᠬᠢᠭᠡᠳ ᠭᠠᠷᠭᠠᠴᠢᠬᠠᠳᠠᠭ᠃ | ᠬᠦᠪᠦᠩ ᠲᠠᠢ ᠤᠶᠢᠮᠦᠰᠦ ᠶᠢ ᠪᠤᠯ ᠦᠯᠢᠭᠡᠷ ᠬᠡᠪ ᠤᠨ ᠶᠤᠰᠤᠭᠠᠷ ᠤᠯᠠ ᠪᠤᠯᠤᠨ ᠲᠦᠷᠡᠢ ᠶᠢ ᠨᠢ ᠡᠰᠭᠡᠵᠦ ᠠᠪᠤᠭᠠᠳ | ᠬᠦᠪᠦᠩ ᠲᠠᠯᠪᠢᠵᠦ ᠤᠶᠤᠵᠤ ᠪᠦᠳᠦᠭᠡᠨ᠎ᠡ᠃ ᠵᠠᠷᠢᠮ ᠳᠠᠭᠠᠨ ᠢᠰᠡᠭᠡᠢ ᠪᠤᠶᠤ ᠬᠦᠪᠦᠩ ᠤᠶᠢᠮᠦᠰᠦ ᠶᠢ ᠭᠤᠳᠤᠯ ᠤᠨ | ᠲᠦᠷᠡᠢ ᠠᠴᠠ ᠲᠡᠭᠡᠭᠰᠢ ᠬᠤᠶᠠᠷ ᠬᠤᠷᠤᠭᠤ ᠭᠠᠷᠭᠠᠵᠤ ᠤᠶᠢᠮᠦᠰᠦᠨ ᠲᠦᠷᠡᠢ ᠪᠠᠨ ᠬᠤᠷᠭᠤᠢ ᠪᠠᠷ ᠴᠢᠮᠡᠵᠦ ᠤᠶᠤᠳᠠᠭ᠃ | ᠢᠩᠬᠢᠵᠦ ᠴᠢᠮᠡᠭᠰᠡᠨ ᠭᠡᠰᠡᠭ ᠢ ᠤᠶᠢᠮᠦᠰᠦᠨ ᠤᠮᠤᠭ ᠭᠡᠳᠡᠭ᠃ ᠬᠠᠮᠢᠶ᠎ᠠ ᠪᠦᠬᠦᠢ ᠬᠤᠯᠪᠤᠭᠠᠰᠦ᠄ | ᠮᠤᠩᠭᠤᠯ ᠭᠤᠳᠤᠯ ᠤᠨ ᠳᠦᠷᠤᠯ ᠵᠦᠢᠯ ᠪᠤᠯᠤᠨ ᠬᠤᠯᠪᠤᠭᠳᠠᠬᠤ ᠨᠡᠷᠡᠶᠢᠳᠤᠯ ᠤᠳ | ᠮᠤᠩᠭᠤᠯ ᠭᠤᠳᠤᠯ ᠤᠨ ᠲᠦᠷᠦᠯ ᠵᠦᠢᠯ | ᠮᠤᠩᠭᠤᠯ ᠭᠤᠳᠤᠯ ᠢ ᠶᠡᠷᠦᠩᠬᠡᠢ ᠳᠤᠨᠢ ᠠᠷᠠᠰᠤᠨ ᠭᠤᠳᠤᠯ᠂ ᠢᠰᠡᠬᠡᠢ ᠭᠤᠳᠤᠯ᠂ ᠪᠦᠰ ᠭᠤᠳᠤᠯ ᠬᠡᠵᠦ ᠭᠤᠷᠪᠡ ᠬᠤᠪᠢᠶᠡᠳᠠᠬ᠃ | ᠬᠡᠯᠪᠡᠷᠢ ᠪᠠᠶᠢᠳᠠᠯ ᠢᠶᠠᠷ ᠨᠢ ᠪᠠᠰᠠ ᠰᠦᠬᠦᠬᠡᠢ ᠭᠤᠳᠤᠯ᠂ ᠦᠭᠡᠳᠡᠩ ᠭᠤᠳᠤᠯ᠂ ᠰᠤᠭᠰᠤᠯ ᠭᠤᠳᠤᠯ᠂ ᠪᠤᠶᠢᠳᠤᠬ᠂ | ᠰᠦᠪᠦᠬᠡᠷ ᠭᠤᠳᠤᠯ᠂ ᠪᠠᠶᠢᠪᠠᠭ᠂ ᠲᠡᠯᠳᠧ᠂ ᠦᠨᠳᠡᠬᠡᠨ ᠬᠠᠮᠠᠷᠳᠦ ᠭᠤᠳᠤᠯ ᠬᠡᠵᠦ ᠢᠯᠭᠠᠳᠠᠭ᠃ ᠮᠤᠩᠭᠤᠯ | ᠭᠤᠳᠤᠯ ᠤᠨ ᠶᠡᠷᠦᠩᠬᠡᠢ ᠤᠨᠴᠠᠯᠢᠬ ᠬᠡᠪᠡᠯ ᠲᠦᠷᠡᠢ ᠦᠨᠳᠦᠷ ᠪᠠᠶᠢᠳᠠᠭ᠃ ᠦᠨᠳᠦᠷ ᠲᠦᠷᠡᠢ ᠲᠠᠢ ᠭᠤᠳᠤᠯ ᠡᠮᠦᠰᠪᠡᠯ ᠮᠤᠷᠢ | ᠤᠨᠤᠬᠤ ᠳᠤ ᠲᠦᠷᠦᠬᠡᠨ ᠰᠤᠷ ᠲᠤ ᠱᠠᠭ᠎ᠠ ᠭᠤᠯᠭᠤᠬᠤ ᠦᠬᠡᠢ ᠪᠠᠶᠢᠳᠠᠭ᠃ ᠠᠷᠠᠰᠤᠨ ᠭᠤᠳᠤᠯ ᠢ ᠪᠠᠰᠠ ᠪᠤᠯᠠᠭᠠᠷᠢ ᠭᠤᠳᠤᠯ᠂ | ᠰᠢᠷᠢ ᠭᠤᠳᠤᠯ᠂ ᠬᠦᠮ ᠭᠤᠳᠤᠯ᠂ ᠲᠡᠭᠳᠡᠢ ᠭᠤᠳᠤᠯ᠂ ᠪᠠᠭᠠᠷᠳᠠᠭ ᠭᠤᠳᠤᠯ ᠬᠡᠵᠦ ᠢᠯᠭᠠᠨ᠎ᠠ᠃ ᠠᠷᠠᠰᠤᠨ ᠭᠤᠳᠤᠯ ᠤᠨ | ᠤᠯᠨ ᠵᠤᠯᠤᠭ᠂ ᠲᠦᠷᠡᠢ ᠶᠢ ᠦᠬᠡᠷ ᠤᠨ ᠠᠷᠠᠰᠦ ᠪᠠᠷ ᠬᠢᠳᠡᠭ᠃ ᠮᠤᠷᠢᠨ ᠠᠷᠠᠰᠦ᠂ ᠢᠮᠠᠭᠠᠨ ᠠᠷᠠᠰᠦ ᠪᠠᠷ ᠤᠶᠤᠳᠠᠭ | ᠴᠤ ᠪᠤᠢ᠃ ᠠᠷᠠᠰᠤᠨ ᠭᠤᠳᠤᠯ ᠪᠤᠯ ᠮᠠᠯᠴᠢᠳ ᠤᠨ ᠵᠤᠨ ᠡᠪᠦᠯ ᠬᠡᠰᠡᠨ ᠦᠬᠡᠢ᠂ ᠬᠦᠭᠰᠢᠨ ᠵᠠᠯᠠᠭᠤ ᠬᠡᠰᠡᠨ ᠦᠬᠡᠢ ᠴᠦᠮ ᠡᠮᠦᠰᠳᠡᠭ᠃ | ᠪᠠᠭᠠᠷᠳᠠᠭ ᠭᠤᠳᠤᠯ ᠪᠤᠯ ᠠᠳᠤᠭᠤ ᠶᠢᠨ ᠰᠢᠷᠢ ᠪᠠᠷ ᠬᠢᠭᠰᠡᠨ ᠭᠤᠳᠤᠯ ᠮᠦᠨ᠃ ᠶᠡᠷᠦ ᠳᠡᠭᠡᠨ ᠪᠦᠰᠡᠳᠡᠶᠢᠴᠤᠳ ᠬᠡᠬᠡᠷ᠎ᠠ | ᠬᠦᠳᠡᠭᠡ ᠠᠵᠢᠯ ᠳᠤ ᠶᠠᠪᠤᠬᠤ ᠳᠤ ᠡᠮᠦᠰᠳᠡᠭ᠃ ᠲᠡᠷᠡ ᠨᠢ ᠲᠤᠯᠠᠭᠠᠨ᠂ ᠬᠦᠩᠬᠡᠨ ᠪᠦᠬᠡᠳ ᠬᠦᠯ ᠳᠤ | ᠲᠤᠬᠢᠳᠠᠢ ᠪᠠᠶᠢᠳᠠᠭ᠃ ᠢᠰᠡᠬᠡᠢ ᠭᠤᠳᠤᠯ ᠳᠤ ᠤᠶᠤᠮᠠᠯ ᠪᠠ ᠪᠤᠯᠭᠤᠮᠠᠯ ᠭᠤᠳᠤᠯ ᠬᠡᠬᠦ ᠬᠤᠶᠡᠷ | ᠵᠦᠢᠯ ᠪᠤᠢ᠃ ᠤᠶᠤᠮᠠᠯ ᠢᠰᠡᠬᠡᠢ ᠭᠤᠳᠤᠯ ᠢ ᠶᠡᠷᠦ ᠳᠡᠭᠡᠨ ᠠᠷᠠᠰᠤᠨ ᠭᠤᠳᠤᠯ ᠤᠨ ᠵᠤᠯᠤᠬ ᠲᠠᠢ ᠬᠠᠮᠳᠤᠷᠠᠭᠤᠯᠤᠨ | ᠤᠶᠤᠳᠠᠭ ᠨᠢ ᠤᠯᠠᠨ ᠪᠤᠢ᠃ ᠢᠰᠡᠬᠡᠢ ᠭᠤᠳᠤᠯ ᠢ ᠡᠪᠦᠯ ᠡᠮᠦᠰᠬᠦ ᠳᠤ ᠲᠤᠯᠠᠭᠠᠨ ᠮᠦᠷᠳᠡᠬᠡᠨ | ᠬᠦᠡᠭᠬᠡᠨ ᠪᠠᠶᠢᠳᠠᠭ᠃ ᠢᠰᠡᠬᠡᠢ ᠪᠠᠷ ᠰᠢᠭᠤᠳ ᠵᠤᠯᠠᠵᠦ ᠪᠤᠯᠭᠤᠬᠰᠠᠨ ᠭᠤᠳᠤᠯ ᠢ ᠪᠤᠶᠢᠳᠤᠭ ᠬᠡᠵᠦ ᠨᠡᠷᠡᠯᠡᠨ᠎ᠠ᠃ | ᠲᠤᠮᠦ ᠬᠦᠮᠦᠨ ᠪᠤᠶᠢᠳᠤᠬ ᠡᠮᠦᠰᠬᠦ ᠨᠢ ᠶᠡᠭᠡ ᠬᠤᠪᠤᠷ᠂ ᠬᠠᠷᠢᠨ ᠬᠡᠤᠭᠡᠳ ᠢᠯᠡᠩᠭᠤᠶ᠎ᠠ ᠨᠢᠯᠬ᠎ᠠ ᠬᠡᠤᠭᠡᠳ ᠲᠤ ᠡᠮᠦᠰᠬᠡᠬᠦ ᠨᠢ | ᠤᠯᠠᠨ᠃ ᠪᠤᠶᠢᠳᠤᠭ ᠤᠨ ᠲᠦᠷᠡᠢ ᠶᠢ ᠪᠦᠴᠡ ᠪᠠᠷ ᠪᠦᠴᠡᠯᠠᠨ ᠤᠶᠠᠨ᠎ᠠ᠃ ᠪᠦᠰ ᠭᠤᠳᠤᠯ ᠢ ᠦᠬᠡᠳᠡᠩ ᠭᠤᠳᠤᠯ᠂ | ᠤᠷᠢᠶᠡᠮᠡᠯ ᠭᠤᠳᠤᠯ᠂ ᠬᠠᠳᠬᠤᠮᠠᠯ ᠭᠤᠳᠤᠯ᠂ ᠰᠢᠷᠢᠮᠡᠯ ᠭᠤᠳᠤᠯ ᠬᠡᠬᠦ ᠮᠡᠳᠦ ᠪᠠᠷ ᠢᠯᠭᠠᠵᠦ ᠨᠠᠷᠠᠯᠠᠨ᠎ᠠ᠃ | ᠪᠦᠰ ᠭᠤᠳᠤᠯ ᠪᠤᠯ ᠲᠦᠷᠡᠢ᠂ ᠵᠤᠯᠤᠬ᠂ ᠤᠯᠠ᠂ ᠬᠠᠪᠴᠢᠶᠡᠷᠢ᠂ ᠬᠤᠨᠭ᠍ᠰᠢᠶᠡᠷ ᠵᠡᠷᠬᠡ ᠪᠠᠷ ᠪᠦᠷᠢᠯᠳᠦᠨ᠎ᠠ᠃ ᠲᠦᠷᠡᠢ᠂ ᠵᠤᠯᠠᠭ᠂ | ᠤᠯᠠ ᠶᠢ ᠤᠯᠠᠨ ᠲᠠᠪᠬᠤᠷ ᠪᠦᠰ ᠢᠶᠠᠷ ᠨᠠᠭᠠᠵᠦ᠂ ᠭᠠᠳᠠᠷᠯᠠᠵᠦ ᠲᠤᠳᠤᠷᠯᠠᠭᠠᠳ ᠤᠶᠤᠵᠦ ᠪᠦᠳᠦᠬᠡᠳᠡᠭ᠃ ᠭᠤᠳᠤᠯ | ᠤᠶᠤᠬᠤ ᠳᠤ ᠬᠡᠷᠡᠭᠯᠡᠬᠦ ᠵᠦᠢᠯ ᠮᠤᠩᠭᠤᠯ ᠭᠤᠳᠤᠯ ᠤᠶᠤᠬᠤ ᠳᠤ ᠭᠤᠤᠯᠳᠠᠭᠤ ᠲᠠᠪᠤᠨ ᠬᠤᠰᠢᠭᠤ ᠮᠠᠯ ᠤᠨ ᠠᠷᠠᠰᠤ ᠶᠢ | ᠢᠳᠡᠭᠡᠯᠡᠨ ᠡᠯᠳᠡᠵᠤ ᠪᠤᠯᠪᠠᠰᠤᠷᠠᠭᠤᠯᠤᠨ ᠬᠢᠭᠰᠡᠨ ᠪᠤᠯᠢᠭᠠᠷᠢ᠂ ᠰᠢᠷᠢ᠂ ᠰᠠᠷᠢᠰᠤ᠂ ᠢᠯᠡᠭᠡ᠂ ᠰᠤᠷ ᠪᠠ | ᠪᠤᠳᠠ ᠮᠠᠯ ᠤᠨ ᠰᠢᠷᠪᠤᠰᠤ ᠶᠢ ᠬᠡᠷᠡᠭᠯᠡᠨ᠎ᠡ᠃ ᠪᠠᠰᠠ ᠨᠠᠷᠢᠨ ᠳᠠᠰᠮᠠ ᠰᠤᠷ᠂ ᠬᠢᠯᠭᠠᠰᠤ᠂ ᠤᠯᠤᠰᠤ᠂ ᠳᠦᠷᠡᠰᠤ᠂ ᠮᠢᠨᠳᠠᠰᠤ | ᠵᠡᠷᠭᠡ ᠶᠢ ᠬᠡᠷᠡᠭᠯᠡᠨ᠎ᠡ᠃ ᠭᠤᠳᠤᠯ ᠤᠨ ᠡᠯ᠎ᠡ ᠭᠡᠰᠡᠭ ᠤᠨ ᠨᠡᠷᠡᠶᠢᠳᠤᠯ ᠳᠦᠷᠡᠢ᠄ ᠭᠤᠳᠤᠯ ᠤᠨ ᠵᠤᠯᠤᠭ ᠤᠨ | ᠳᠡᠭᠡᠷ᠎ᠡ ᠵᠠᠯᠭᠠᠬᠤ ᠭᠡᠰᠡᠭ ᠢ ᠳᠦᠷᠡᠢ ᠭᠡᠨ᠎ᠡ᠃ ᠵᠤᠯᠤᠭ᠄ ᠭᠤᠳᠤᠯ ᠤᠨ ᠳᠦᠷᠡᠢ ᠶᠢᠨ ᠳᠤᠤᠷ᠎ᠠ | ᠵᠠᠯᠭᠠᠬᠤ ᠭᠡᠰᠡᠭ ᠢ ᠵᠤᠯᠤᠭ ᠭᠡᠨ᠎ᠡ᠃ ᠬᠠᠪᠴᠢᠶᠠᠷᠢ᠄ ᠭᠤᠳᠤᠯ ᠤᠨ ᠳᠦᠷᠡᠢ ᠪᠤᠯᠤᠨ ᠵᠤᠯᠤᠭ᠂ | ᠳᠦᠷᠡᠢ ᠪᠤᠯᠤᠨ ᠳᠦᠷᠡᠢ ᠶᠢᠨ ᠵᠠᠯᠭᠠᠬᠤ ᠭᠡᠰᠡᠭ ᠲᠤ ᠬᠠᠪᠴᠢᠭᠤᠯᠵᠤ ᠤᠶᠤᠬᠤ ᠭᠤᠷᠪᠠᠨ ᠮᠦᠷ ᠬᠠᠪᠳᠠᠭᠠᠢᠢᠯᠠᠵᠤ | ᠵᠤᠰᠦᠭᠰᠡᠨ ᠰᠠᠷᠢᠰᠤ ᠶᠢ ᠬᠠᠪᠴᠢᠶᠠᠷᠢ ᠭᠡᠵᠤ ᠭᠡᠯᠡᠨ᠎ᠡ᠃ ᠵᠠᠤᠵᠠᠢ᠄ ᠭᠤᠳᠤᠯ ᠤᠨ ᠦᠰᠤᠭᠡᠢ ᠶᠢᠨ | ᠳᠤᠳᠤᠷ᠎ᠠ ᠲᠠᠯ᠎ᠠ ᠳᠤ ᠤᠶᠤᠬᠤ ᠰᠢᠷᠢ ᠶᠢ ᠬᠡᠯᠡᠨ᠎ᠡ᠃ ᠭᠤᠳᠤᠯ ᠤᠨ ᠳᠦᠷᠡᠶᠢᠪᠴᠢ᠄ ᠭᠤᠳᠤᠯ ᠤᠨ ᠳᠦᠷᠡᠢ ᠶᠢᠨ | ᠬᠦᠪᠡᠭᠡᠨ ᠳᠤ ᠳᠡᠭᠡᠭᠰᠢ ᠢᠯᠡᠬᠦᠤ ᠭᠠᠷᠭᠠᠵᠤ ᠤᠶᠤᠬᠤ ᠪᠠ ᠦᠢᠮᠤᠰᠤᠨ ᠤ ᠳᠦᠷᠡᠢ ᠳᠤ ᠬᠠᠳᠠᠬᠤ | ᠬᠦᠪᠡᠭᠡ ᠶᠢ ᠬᠡᠯᠡᠨ᠎ᠡ᠃ ᠭᠤᠳᠤᠯ ᠤᠨ ᠤᠯᠠ ᠶᠢᠨ ᠨᠡᠷᠡᠶᠢᠳᠤᠯ ᠶᠡᠭᠡ ᠤᠯᠠ ᠭᠡᠳᠡᠭ ᠨᠢ | ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠪᠠᠷ ᠳᠠᠪᠬᠤᠷᠯᠠᠭᠰᠡᠨ ᠪᠠᠭ᠎ᠠ ᠤᠯᠠ ᠶᠢᠨ | ᠳᠤᠤᠷ᠎ᠠ ᠳᠠᠪᠬᠤᠷᠯᠠᠬᠤ ᠭᠡᠰᠡᠭ ᠢ ᠶᠡᠭᠡ ᠤᠯᠠ ᠭᠡᠨ᠎ᠡ᠃ ᠪᠠᠭ᠎ᠠ ᠤᠯᠠ ᠭᠡᠳᠡᠭ ᠨᠢ ᠶᠡᠭᠡ ᠤᠯᠠ ᠠᠴᠠ ᠪᠠᠭ᠎ᠠ ᠨᠢᠮᠭᠡᠨ ᠪᠤᠶᠤ | ᠠᠳᠠᠯᠢ ᠵᠤᠵᠠᠭᠠᠨ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠶᠢᠨ | ᠭᠡᠰᠡᠭ ᠢ ᠪᠠᠭ᠎ᠠ ᠤᠯᠠ ᠭᠡᠨ᠎ᠡ᠃ ᠪᠠᠭ᠎ᠠ ᠤᠯᠠ ᠶᠢᠨ ᠬᠦᠪᠡᠭᠡ ᠭᠡᠳᠡᠭ ᠨᠢ ᠪᠠᠭ᠎ᠠ ᠤᠯᠠ ᠶᠢᠨ | ᠬᠦᠪᠡᠭᠡ ᠶᠢ ᠳᠤᠭᠤᠷᠢᠭᠤᠯᠤᠨ ᠬᠦᠪᠡᠭᠡᠯᠡᠵᠤ ᠤᠶᠤᠭᠰᠡᠨ ᠰᠢᠷᠢ ᠪᠤᠶᠤ ᠰᠠᠷᠢᠰᠤ ᠶᠢ ᠬᠡᠯᠡᠨ᠎ᠡ᠃ | ᠭᠤᠳᠤᠯ ᠤᠨ ᠤᠯᠠ ᠭᠡᠳᠡᠭ ᠨᠢ ᠶᠡᠭᠡ ᠤᠯᠠ ᠶᠢᠨ ᠳᠡᠭᠡᠷ᠎ᠡ ᠨᠢ ᠪᠠᠭ᠎ᠠ ᠤᠯᠠ ᠪᠠᠨ ᠳᠠᠪᠬᠤᠷᠯᠠᠵᠤ | ᠨᠠᠭᠠᠭᠠᠳ ᠰᠢᠷᠢᠭᠰᠡᠨ ᠭᠡᠰᠡᠭ ᠢ ᠭᠤᠳᠤᠯ ᠤᠨ ᠤᠯᠠ ᠭᠡᠨ᠎ᠡ᠃ ᠭᠤᠳᠤᠯ ᠤᠶᠤᠬᠤ ᠬᠡᠷᠡᠭᠰᠡᠯ ᠵᠦᠰᠤᠬᠦᠷ᠂ | ᠰᠡᠶᠢᠯᠤᠬᠦᠷ᠂ ᠵᠡᠬᠦᠤ᠂ ᠳᠠᠪᠠᠨᠡ᠂ ᠪᠠᠬᠢ ᠦᠢᠯᠡ ᠶᠢᠨ ᠬᠠᠶᠢᠴᠢ᠂ ᠭᠠᠨᠭ᠌ ᠰᠢᠪᠦᠭᠡ᠂ ᠵᠤᠭᠤᠳᠠᠭ ᠵᠡᠷᠭᠡ ᠶᠢᠨ ᠪᠠᠭᠠᠵᠢ ᠶᠢ ᠬᠡᠷᠡᠭᠯᠡᠨ᠎ᠡ᠃ | ᠪᠠᠰᠠ ᠠᠶᠢᠯ ᠪᠦᠷᠢ ᠳᠤ ᠶᠡᠭᠡ ᠪᠠᠭ᠎ᠠ ᠬᠦᠮᠤᠨ ᠤ ᠡᠮᠤᠰᠬᠦ ᠬᠤᠪᠴᠠᠰᠤ ᠬᠤᠨᠠᠷ᠂ ᠭᠤᠳᠤᠯ ᠤᠨ ᠡᠯ᠎ᠡ ᠭᠡᠰᠡᠭ ᠤᠨ ᠤᠯᠠᠨ | ᠬᠡᠯᠪᠡᠷᠢ ᠶᠢᠨ ᠦᠯᠢᠭᠡᠷ ᠵᠬᠠᠪᠤᠷ ᠵᠡᠷᠭᠡ ᠵᠦᠢᠯ ᠢ ᠳᠡᠭᠡᠳᠤᠰ ᠠᠴᠠ ᠪᠠᠨ ᠤᠯᠠᠮᠵᠢᠯᠠᠨ | ᠦᠯᠡᠳᠡᠭᠡᠭᠰᠡᠨ ᠪᠠᠶᠢᠳᠠᠭ ᠶᠤᠮ᠃ |