ᠠᠭᠤᠯᠠ ᠨᠢ ᠴᠡᠩᠭᠡᠷ᠂ ᠤᠰᠤ ᠨᠢ ᠲᠤᠩᠭᠠᠯᠠᠭ᠂ ᠪᠡᠯᠴᠢᠭᠡᠷ ᠨᠢ ᠰᠢᠮᠡᠯᠢᠭ᠂ ᠲᠡᠨᠢᠭᠡᠷ ᠭᠤᠪᠢ ᠨᠤᠳᠤᠭ ᠲᠤ ᠮᠢᠨᠢ ᠠᠩ ᠬᠦᠷᠦᠭᠡᠰᠦ᠂ | ᠠᠷᠢᠶᠠᠳᠠᠨ ᠵᠢᠬᠦᠷᠳᠡᠨ ᠤᠯᠠᠨ ᠲᠤᠭ᠎ᠠ ᠪᠠᠷ ᠢᠳᠡᠭᠡᠰᠢᠨ ᠨᠤᠳᠤᠭᠯᠠᠵᠤ᠂ ᠨᠡᠬᠦᠳᠡᠯ ᠰᠤᠶᠤᠯ ᠲᠠᠢ ᠤᠷᠠᠳᠴᠤᠳ ᠤᠨ ᠠᠵᠤ | ᠠᠮᠢᠳᠤᠷᠠᠯ ᠳᠤ ᠠᠭᠤᠰᠤᠭᠳᠠᠨ ᠰᠢᠩᠭᠡᠭᠡᠳ ᠤᠷᠠᠳᠴᠤᠳ ᠤᠨ ᠠᠩ ᠤᠨ ᠰᠤᠶᠤᠯ ᠢ ᠡᠬᠦᠳᠴᠡᠢ᠃ | ᠠᠩ ᠤᠨ ᠰᠤᠶᠤᠯ ᠨᠢ ᠮᠠᠨ ᠤ ᠨᠡᠬᠦᠳᠡᠯᠴᠢᠨ ᠮᠤᠩᠭᠤᠯᠴᠤᠳ ᠤᠨ ᠦᠶ᠎ᠡ ᠲᠠᠮᠵᠢᠵᠤ ᠢᠷᠡᠭᠰᠡᠨ ᠪᠠᠶᠢᠭᠠᠯᠢ | ᠤᠷᠴᠢᠨ ᠲᠠᠢ ᠪᠠᠨ ᠵᠤᠬᠢᠴᠠᠨ ᠠᠮᠢᠳᠤᠷᠠᠬᠤ ᠦᠪᠡᠷᠮᠢᠴᠡ ᠰᠠᠶᠢᠬᠠᠨ ᠰᠤᠶᠤᠯ ᠪᠤᠯᠬᠤ ᠶᠤᠮ᠃ | ᠲᠠᠪᠤᠨ ᠬᠤᠰᠢᠭᠤ ᠮᠠᠯ ᠢᠶᠠᠷ ᠠᠵᠤ ᠠᠮᠢᠳᠤᠷᠠᠯ ᠤᠨ ᠰᠠᠭᠤᠷᠢ ᠪᠤᠯᠭᠠᠭᠰᠠᠨ ᠮᠠᠨ ᠤ ᠤᠷᠠᠳᠴᠤᠳ ᠭᠡᠳᠦᠶᠢᠪᠡᠷ | ᠠᠩᠴᠢᠨ ᠤᠭᠰᠠᠭᠠᠳᠠᠨ ᠪᠢᠰᠢ ᠴᠦ ᠨᠡᠬᠦᠳᠡᠯ ᠰᠤᠶᠤᠯ ᠳᠤ ᠪᠠᠨ ᠵᠤᠬᠢᠴᠠᠭᠰᠠᠨ ᠠᠩ ᠤᠨ ᠰᠤᠶᠤᠯ ᠲᠠᠢ | ᠤᠭᠰᠠᠭᠠᠳᠠᠨ ᠪᠤᠯᠬᠤ ᠶᠤᠮ᠃ ᠤᠷᠠᠳᠴᠤᠳ ᠶᠡᠭᠡ ᠲᠦᠯᠦᠪ ᠬᠠᠪᠬ᠎ᠠ᠂ ᠭᠠᠯᠳᠤ ᠫᠤᠤ ᠪᠠᠷ ᠠᠩ | ᠬᠦᠷᠦᠭᠡ ᠬᠢᠵᠦ ᠠᠵᠤ ᠠᠮᠢᠳᠤᠷᠠᠯ ᠳᠤ ᠪᠠᠨ ᠲᠤᠰᠠ ᠢᠪᠡᠭᠡᠰᠦ ᠪᠤᠯᠭᠠᠭᠰᠠᠭᠠᠷ ᠢᠷᠡᠵᠡᠢ᠃ ᠲᠠᠯᠠᠭᠠᠳ | ᠤᠨ ᠤ ᠡᠬᠢ ᠪᠠᠷ ᠲᠦᠷᠭᠡᠨ ᠫᠤᠤ᠂ ᠲᠡᠷᠭᠡ ᠤᠨᠤᠭ᠎ᠠ ᠤᠷᠠᠳ ᠨᠤᠳᠤᠭ ᠲᠤ ᠢᠪᠡᠷᠡᠨ ᠤᠷᠤᠭᠰᠠᠨ ᠪᠠ | ᠬᠦᠮᠦᠰ ᠤᠨ ᠠᠯᠠᠯᠭ᠎ᠠ ᠬᠢᠳᠤᠯᠭ᠎ᠠ ᠶᠢᠨ ᠰᠢᠷᠦᠬᠦᠨ ᠲᠠᠭᠠᠷᠢᠯᠳᠠ ᠠᠴᠠ ᠪᠤᠯᠵᠤ ᠠᠷᠢᠶᠠᠳᠠᠨ ᠬᠦᠷᠦᠭᠡᠰᠦ | ᠲᠦᠷᠭᠡᠨ ᠬᠤᠷᠳᠤᠴᠠ ᠪᠠᠷ ᠴᠦᠭᠡᠷᠡᠵᠦ᠂ ᠰᠢᠨ᠎ᠡ ᠵᠠᠭᠤᠨ ᠪᠤᠯᠬᠤ ᠳᠤ ᠬᠠᠯᠵᠠᠨ ᠲᠤᠷᠤᠭᠤ᠂ ᠰᠢᠯᠦᠬᠦᠰᠦ᠂ ᠲᠠᠷᠪᠠᠭ᠎ᠠ᠂ | ᠤᠯᠠᠭᠠᠨ ᠢᠮᠠᠭ᠎ᠠ᠂ ᠠᠷᠭᠠᠯᠢ ᠁ ᠮᠡᠳᠦ ᠶᠢᠨ ᠠᠩ ᠠᠮᠢᠳᠠᠨ ᠦᠨᠳᠦᠰᠦ ᠲᠠᠰᠤᠷᠠᠭᠰᠠᠨ ᠪᠠᠶᠢᠳᠠᠯ ᠳᠤ ᠤᠷᠤᠵᠤ᠂ | ᠪᠢᠳᠡᠨ ᠤ ᠦᠷ᠎ᠡ ᠬᠤᠶᠢᠴᠢᠰ ᠠᠷᠢᠶᠠᠳᠠᠨ ᠬᠦᠷᠦᠭᠡᠰᠦ ᠶᠢ ᠦᠰᠴᠦ ᠲᠦᠷᠦᠭᠰᠡᠨ ᠨᠤᠳᠤᠭ | ᠤᠰᠤᠨ ᠠᠴᠠ ᠪᠠᠨ ᠪᠤᠰᠤ ᠲᠧᠯᠸᠢᠰ ᠠᠴᠠ ᠬᠠᠮᠢᠭᠠᠨ᠎ᠠ ᠴᠠᠭᠠᠨ᠎ᠠ ᠭᠠᠭᠴᠠ ᠨᠢᠬᠡ ᠬᠠᠷᠠᠬᠤ | ᠲᠡᠳᠦᠢ ᠪᠤᠯᠵᠠᠢ᠃ ᠠᠪᠤ ᠮᠢᠨᠢ ︽ᠰᠦᠷᠦᠭ ᠢᠶᠠᠷ ᠮᠠᠯ ᠲᠠᠢ ᠴᠦ ᠪᠠᠷᠢᠮᠳᠠ ᠪᠠᠷ ᠮᠢᠬ᠎ᠠ ᠢᠳᠡᠵᠦ ᠪᠠᠶᠢᠭᠰᠠᠨ | ᠶᠡᠭᠡ ᠲᠤᠭᠤᠭᠠᠨ ᠤ ᠦᠶ᠎ᠡ ᠳᠤ᠂ ᠠᠪᠤ ᠡᠵᠢ᠂ ᠦᠨᠦᠴᠢᠨ ᠨᠢᠯᠵᠠᠷᠠᠢ ᠭᠡᠦᠭᠡᠳ ᠤᠳ ᠲᠤ ᠪᠠᠨ ᠬᠠᠷ᠎ᠠ ᠤᠰᠤ ᠲᠠᠢ ᠪᠤᠳᠠᠭ᠎ᠠ | ᠢᠳᠡᠬᠦᠯᠬᠦ ᠦᠭᠡᠢ ᠶᠢᠨ ᠡᠷᠭᠡᠨ ᠳᠤ ᠵᠡᠭᠡᠷ᠎ᠡ᠂ ᠠᠷᠭᠠᠯᠢ ᠠᠯᠠᠳᠠᠭ ᠪᠠᠶᠢᠯ᠎ᠠ᠃ ᠨᠠᠮ᠎ᠠ ᠶᠢ ᠠᠯᠠᠬᠤ ᠶᠢᠨ | ᠤᠳᠤᠨ ᠳᠤ ᠲᠦᠷᠦᠭᠰᠡᠨ ᠶᠠᠷᠭᠠᠴᠢᠨ ᠭᠡᠵᠤ ᠭᠡᠯᠡᠭᠰᠡᠨ ᠴᠦ ᠪᠤᠯᠤᠨ᠎ᠠ᠃ ᠭᠡᠯᠡ ᠴᠦ ᠤᠷᠠᠳ ᠨᠤᠳᠤᠭ ᠤᠨ | ᠮᠢᠨᠢ ᠠᠩ ᠠᠮᠢᠳᠠᠨ ᠢ ᠬᠤᠶᠠᠷ᠂ ᠭᠤᠷᠪᠠᠭ᠋ᠠᠨ ᠬᠠᠷ᠎ᠠ ᠬᠠᠪᠬ᠎ᠠ ᠲᠠᠢ ︿ᠬᠠᠷ᠎ᠠ ᠬᠦᠦ﹀ ᠪᠢ ᠠᠯᠠᠭᠠᠳ ᠪᠠᠷᠠᠬᠤ | ᠶᠤᠮ ᠪᠢᠰᠢ ᠬᠠᠷᠢᠨ ᠲᠦᠷᠭᠡᠨ ᠫᠤᠤ᠂ ᠵᠢᠶᠧᠹᠠᠩ ᠲᠡᠷᠭᠡ᠂ ᠴᠠᠯᠢᠩ ᠪᠠᠭ᠎ᠠ ᠲᠠᠢ ᠭᠠᠨᠪᠦ᠋ ᠭᠤᠷᠪᠠ ᠯᠠ ᠪᠠᠷᠠᠭᠰᠠᠨ ᠳ᠋ᠠ︾ | ᠭᠡᠵᠤ ᠦᠪᠡᠷ ᠢ ᠪᠠᠨ ᠴᠠᠭᠠᠪᠦᠷᠢᠯᠠᠭᠠᠳ᠂ ᠠᠩ ᠬᠦᠷᠦᠭᠡᠨ ᠤ ᠲᠤᠬᠠᠢ ᠨᠡᠯᠢᠶᠡᠳ ᠵᠦᠢᠯ ᠢ ᠲᠡᠮᠳᠡᠭᠯᠡᠨ | ᠠᠪᠴᠢᠷᠠᠵᠤ ᠦᠭᠬᠦ ᠳᠤ ᠪᠠᠨ ︽ᠬᠠᠪᠬ᠎ᠠ ᠶᠢ ᠭᠠᠵᠠᠷ ᠲᠤ ᠵᠡᠬᠦᠬᠦ ︵ᠪᠤᠯᠠᠬᠤ︶ ᠠᠮᠠᠷᠬᠠᠨ ᠴᠦ | ᠴᠠᠭᠠᠰᠤᠨ ᠳᠤ ᠵᠡᠬᠦᠬᠦ ᠭᠡᠴᠡᠬᠦᠦ ᠯᠠ ᠶᠤᠮ ᠪᠠᠶᠢᠨ᠎ᠠ︾ ᠭᠡᠪᠡ᠃ ᠠᠪᠤ ᠮᠢᠨᠢ ᠭᠠᠵᠠᠷ ᠲᠤ | ᠬᠠᠪᠬ᠎ᠠ ᠵᠡᠬᠦᠵᠦ ᠵᠡᠬᠡᠷ᠎ᠡ ᠬᠦᠷᠦᠭᠡᠰᠦ ᠪᠠᠷᠢᠨ ᠠᠩ ᠤᠨ ᠰᠤᠶᠤᠯ ᠢ ᠪᠦᠳᠦᠭᠡᠵᠦ ᠶᠠᠪᠤᠭᠰᠠᠨ ᠪᠤᠯ ᠪᠢ | ᠴᠠᠭᠠᠰᠤᠨ ᠳᠤ ᠬᠠᠪᠬ᠎ᠠ ᠵᠡᠬᠦᠵᠦ ᠤᠷᠠᠳᠴᠤᠳ ᠤᠨ ᠢᠶᠠᠨ ᠠᠩ ᠤᠨ ᠰᠤᠶᠤᠯ ᠢ ᠲᠡᠮᠳᠡᠭᠯᠡᠨ | ᠬᠤᠶᠢᠴᠢ ᠦᠶ᠎ᠡ ᠶᠢᠨ ᠬᠢᠨ ᠳᠤ ᠪᠠᠭ᠎ᠠ ᠴᠦ ᠭᠡᠰᠡᠨ ᠤᠶᠢᠯᠠᠭᠠᠭᠤᠯᠬᠤ ᠶᠢ ᠵᠤᠷᠢᠯ᠎ᠠ᠃
| | | ᠪᠢ ᠠᠪᠤ ᠶᠢᠨ ᠪᠠᠷᠢᠭᠰᠠᠨ ᠵᠡᠭᠡᠷ᠎ᠡ᠂ ᠠᠷᠭᠠᠯᠢ ᠶᠢᠨ ᠮᠢᠬ᠎ᠠ ᠶᠢ ᠢᠳᠡᠵᠦ ᠦᠰᠦᠭᠰᠡᠨ ᠴᠦ ᠦᠪᠡᠷᠳᠡᠭᠡᠨ ᠠᠩᠨᠠᠵᠤ | ᠪᠠᠶᠢᠭᠰᠠᠨ ᠦᠭᠡᠢ ᠪᠤᠯᠬᠤᠷ ᠵᠦᠪᠭᠡᠨ ᠠᠪᠤ ᠶᠢᠨ ᠶᠠᠷᠢᠭᠰᠠᠨ᠂ ᠪᠢᠴᠢᠵᠦ ᠲᠡᠮᠳᠡᠭᠯᠡᠭᠰᠡᠨ ᠵᠦᠢᠯ ᠳᠤ ᠰᠠᠭᠤᠷᠢᠯᠠᠨ᠂ | ᠴᠠᠭᠠᠰᠤᠨ ᠳᠤ ᠬᠠᠪᠬ᠎ᠠ ᠵᠡᠬᠦᠵᠦ ᠡᠬᠢᠯᠡᠯ᠎ᠡ᠃ ᠮᠢᠨᠦ ᠵᠡᠬᠦᠭᠰᠡᠨ ᠬᠠᠪᠬᠠᠨ ᠳᠤ ᠤᠯᠠᠨ ᠰᠠᠶᠢᠬᠠᠨ ︽ᠤᠭᠤᠨᠤ︾ ᠤᠷᠤᠬᠤ | ᠪᠤᠯᠳᠤᠭᠠᠢ︕ ᠤᠷᠠᠳᠴᠤᠳ ᠵᠡᠭᠡᠷ᠎ᠡ᠂ ᠠᠷᠭᠠᠯᠢ᠂ ᠬᠤᠯᠠᠨ᠂ ᠶᠠᠩᠬᠢᠷ᠂ ᠤᠯᠠᠭᠠᠨ ᠢᠮᠠᠭ᠎ᠠ᠂ ᠦᠨᠡᠭᠡ᠂ ᠴᠢᠨ᠋ᠸ᠎ᠠ᠂ ᠲᠠᠦᠯᠠᠢ᠂ | ᠮᠠᠩᠬᠢᠰᠦ ︵ᠬᠠᠯᠵᠠᠨ ᠲᠤᠷᠤᠭᠤ︶᠂ ᠲᠠᠷᠪᠠᠭ᠎ᠠ ᠁ ᠵᠡᠷᠭᠡ ᠠᠩ ᠠᠮᠢᠳᠠᠨ ᠢ ᠭᠠᠯ ᠫᠤᠤ ᠪᠠᠷ ᠫᠤᠤᠳᠠᠬᠤ ᠪᠤᠶᠤ | ᠬᠠᠪᠬᠠᠳᠠᠵᠤ ᠠᠩᠨᠠᠳᠠᠭ ᠪᠠᠶᠢᠵᠠᠢ᠃ ᠵᠡᠭᠡᠷ᠎ᠡ ᠮᠠᠨ ᠤ ᠤᠷᠠᠳ ᠭᠤᠪᠢ ᠨᠤᠳᠤᠭ ᠲᠤ | ᠤᠯᠠᠨ ᠲᠤᠭ᠎ᠠ ᠪᠠᠷ ᠰᠦᠷᠦᠭᠯᠡᠨ ᠠᠮᠢᠳᠤᠷᠠᠳᠠᠭ ᠵᠡᠭᠡᠷ᠎ᠡ ᠨᠢ ᠵᠤ᠂ ᠭᠤᠪᠢ᠂ ᠰᠢᠯᠢ ᠁ ᠶᠠᠮᠠᠷ ᠴᠦ ᠭᠠᠵᠠᠷ ᠪᠦᠷ | ᠢᠳᠡᠭᠡᠰᠢᠨ ᠨᠤᠳᠤᠭᠰᠢᠳᠠᠭ ᠴᠦ ᠶᠡᠭᠡ ᠦᠨᠳᠦᠷ᠂ ᠡᠭᠴᠠ ᠪᠤᠰᠤᠭ᠎ᠠ᠂ ᠴᠠᠪᠴᠢᠮ᠎ᠠ ᠬᠠᠳᠠᠨ ᠳᠤ | ᠢᠳᠡᠭᠡᠰᠢᠪᠦᠷᠢ ᠮᠠᠭᠤᠳᠠᠢ ᠪᠠᠶᠢᠳᠠᠭ᠃ ᠵᠡᠭᠡᠷ᠎ᠡ ᠶᠢ ᠨᠠᠰᠤ ᠵᠢᠯ ᠢᠶᠠᠷ ᠨᠢ ᠨᠢᠬᠡ | ᠨᠠᠰᠤᠳᠠᠢ ᠶᠢ ᠨᠢ ᠢᠨᠵᠠᠭ᠎ᠠ᠂ ᠬᠤᠶᠠᠷ ᠨᠠᠰᠤᠳᠠᠢ ᠡᠷ᠎ᠡ ᠶᠢ ᠨᠢ ᠰᠤᠶᠤᠭᠠᠬᠠᠢ᠂ ᠡᠮ᠎ᠡ ᠶᠢ ᠨᠢ | ᠰᠡᠷᠳᠡᠭᠴᠢᠨ ᠭᠡᠳᠡᠭ᠃ ᠭᠤᠷᠪᠠᠨ ᠨᠠᠰᠤ ᠬᠦᠷᠪᠡᠯ ᠶᠡᠭᠡ ᠲᠦᠯᠦᠪ ᠡᠷ᠎ᠡ ᠶᠢ ᠨᠢ ᠤᠭᠤᠨᠤ᠂ ᠡᠮ᠎ᠡ ᠶᠢ ᠨᠢ ᠰᠢᠷᠠᠭᠴᠢᠨ ᠭᠡᠨ᠎ᠡ᠃ | ᠬᠦᠭᠰᠢᠨ ᠪᠦᠳᠦᠬᠦᠨ ᠪᠤᠷᠤ ᠶᠢᠨ ᠤᠭᠤᠨᠤ ᠶᠢ ᠴᠠᠭᠠᠨ ᠲᠤᠯᠤᠭᠠᠶᠢᠳᠤ ᠭᠡᠵᠤ ᠨᠡᠷᠡᠯᠡᠬᠦ ᠨᠢ ᠴᠦ ᠪᠤᠢ᠃ ᠵᠡᠭᠡᠷ᠎ᠡ ᠶᠢ | ᠴᠠᠭᠠᠨ ᠤ ᠵᠡᠭᠡᠷ᠎ᠡ ᠪᠠ ᠪᠤᠷᠤ ᠶᠢᠨ ᠵᠡᠭᠡᠷ᠎ᠡ ᠭᠡᠵᠤ ᠬᠤᠶᠠᠷ ᠠᠩᠬᠢᠯᠠᠨ᠎ᠠ᠃ ᠵᠡᠭᠡᠷ᠎ᠡ ᠨᠠᠷᠢᠨ ᠤᠷᠳᠤ ᠰᠢᠯᠪᠢ ᠲᠠᠢ᠃ | ᠵᠡᠭᠡᠷ᠎ᠡ ᠶᠢᠨ ᠨᠠᠷᠢᠨ ᠰᠢᠯᠪᠢ ᠶᠢᠨ ᠲᠤᠳᠤᠷ ᠲᠠᠯ᠎ᠠ ᠳᠤ ᠪᠠᠶᠢᠳᠠᠭ ᠰᠢᠳᠦᠨ ᠤ ᠴᠢᠭᠴᠢᠯᠡᠬᠦᠷ ᠰᠢᠭ ᠬᠤᠶᠠᠷ ᠨᠠᠷᠢᠬᠠᠨ | ᠶᠠᠰᠤ ᠶᠢ ᠵᠡᠭᠡᠷ᠎ᠡ ᠶᠢᠨ ᠰᠢᠯᠪᠢᠨ ᠤ ᠰᠢᠪᠡᠨᠡᠬᠦᠷ ᠭᠡᠳᠡᠭ᠃ ᠵᠡᠭᠡᠷ᠎ᠡ ᠶᠢᠨ ᠰᠢᠯᠪᠢᠨ ᠤ ᠲᠦᠬᠦᠬᠡᠢ | ᠴᠢᠮᠦᠭᠡ ᠪᠠᠷ ᠭᠠᠯᠳᠤ ᠫᠤᠤ ᠲᠤᠰᠤᠯᠠᠵᠤ ᠪᠤᠯᠤᠨ᠎ᠠ᠃ ᠪᠤᠷᠤ ᠶᠢᠨ ᠵᠡᠭᠡᠷ᠎ᠡ ᠨᠢ ᠬᠤᠨᠢ ᠰᠢᠭ᠋ ᠦᠮᠡᠬᠢ ᠲᠠᠢ᠃ | ᠪᠤᠷᠤ ᠶᠢᠨ ᠵᠡᠭᠡᠷ᠎ᠡ ᠶᠢᠨ ᠦᠮᠡᠬᠢ ᠶᠢ ᠪᠠᠰᠠ ᠲᠠᠭᠰᠢᠯᠳᠠ ᠶᠢᠨ ᠤᠭᠤᠳᠠ ᠭᠡᠨ᠎ᠡ᠃ ᠪᠤᠷᠤ ᠶᠢᠨ ᠵᠡᠭᠡᠷ᠎ᠡ ᠶᠢ ᠭᠤᠷᠪᠠᠨ | ᠲᠠᠭᠰᠢᠯᠳᠠ ᠲᠠᠢ ᠠᠮᠢᠳᠠᠨ ᠭᠡᠳᠡᠭ᠃ ᠪᠤᠷᠤᠪᠳᠤᠷ ᠦᠩᠭᠡ ᠲᠠᠢ ᠪᠤᠷᠤ ᠶᠢᠨ ᠵᠡᠭᠡᠷ᠎ᠡ ᠨᠢ | ᠡᠬᠢᠯᠡᠩᠬᠦᠳᠡ ᠲᠠᠭᠰᠢᠵᠤ ᠬᠦᠳᠡᠯᠦᠭᠡᠳ ᠴᠠᠰᠢ ᠪᠠᠨ ᠲᠠᠪᠬᠢᠴᠢᠬᠠᠨᠠ᠃ ᠪᠤᠷᠤ ᠶᠢᠨ ᠵᠡᠭᠡᠷ᠎ᠡ | ᠬᠠᠪᠬ᠎ᠠ ᠠᠪᠤᠮᠠᠭᠴᠠ ᠠᠰᠬᠠᠨ ᠲᠠᠪᠬᠢᠨ᠎ᠠ᠃ ᠬᠤᠨᠢᠨ ᠤ ᠲᠦᠷᠦᠯ ᠳᠤ ᠪᠠᠭᠳᠠᠳᠠᠭ ᠪᠤᠷᠤ ᠶᠢᠨ ᠵᠡᠭᠡᠷ᠎ᠡ ᠶᠢᠨ | ᠮᠢᠬ᠎ᠠ ᠨᠢ ᠠᠮᠳᠠᠳᠠᠢ ᠮᠦᠷᠳᠡᠭᠡᠨ ᠬᠤᠨᠳᠤᠯᠠᠢ ᠶᠢᠨ ᠮᠢᠬ᠎ᠠ ᠨᠢ ᠠᠷᠪᠢᠨ᠃ ᠴᠠᠭᠠᠨ ᠤ ᠵᠡᠭᠡᠷ᠎ᠡ | ᠲᠠᠭᠰᠢᠬᠤ ᠦᠭᠡᠢ᠃ ᠬᠠᠪᠬ᠎ᠠ ᠠᠪᠤᠮᠠᠭᠴᠠ ᠲᠤᠭᠤᠶᠢᠯᠳᠠᠨ ᠲᠠᠪᠬᠢᠨ᠎ᠠ᠃ ᠴᠠᠭᠠᠨ ᠤ ᠵᠡᠭᠡᠷ᠎ᠡ ᠶᠢᠨ ᠪᠦᠬᠦ | ᠪᠡᠶ᠎ᠡ ᠶᠢᠨ ᠮᠢᠬ᠎ᠠ ᠨᠢ ᠲᠡᠩᠴᠡᠭᠦᠭᠡᠨ᠃ ᠨᠠᠰᠤ ᠬᠦᠢᠴᠡᠭᠰᠡᠨ ᠴᠠᠭᠠᠨ ᠤ ᠠᠷᠭᠢᠯ ᠤᠭᠤᠨᠤ ᠶᠢ | ᠴᠠᠭᠠᠨ ᠤ ᠬᠦᠭᠡ ᠪᠠᠭᠠᠯᠤᠤᠷ ᠭᠡᠳᠡᠭ᠃ ᠬᠠᠪᠤᠷ ᠤᠨ ᠲᠠᠷᠴᠠᠭ ᠴᠠᠭ ᠲᠤ ᠴᠠᠭᠠᠨ ᠤ ᠤᠭᠤᠨᠤ ᠶᠢᠨ | ᠨᠢᠷᠤᠭᠤ ᠨᠢ ᠭᠤᠤᠷᠳᠠᠨᠠ ︵ᠦᠳᠦ ᠲᠠᠢ ᠪᠠᠶᠢᠳᠠᠭ︶ ᠃ ᠬᠤᠯᠠᠨ ᠬᠤᠯᠠᠨ ᠤ ᠲᠡᠯ | ᠰᠡᠬᠦᠯ ᠨᠢ ᠬᠠᠷ᠎ᠠ᠂ ᠬᠤᠸᠠ ᠬᠤᠩᠭᠤᠷ ᠵᠢᠰᠤᠮ ᠲᠠᠢ᠃ ᠲᠦᠷᠪᠡᠨ ᠬᠤᠷᠤᠭᠤ ᠰᠢᠬᠠᠮ ᠦᠨᠳᠦᠷ ᠲᠡᠯ ᠲᠠᠢ᠂ | ᠰᠡᠬᠦᠯ ᠨᠢ ᠰᠢᠩᠬᠡᠨ᠂ ᠴᠢᠬᠢ ᠨᠢ ᠠᠳᠤᠭᠤᠨ ᠤ ᠴᠢᠬᠢ ᠠᠴᠠ ᠦᠨᠳᠦᠷ᠃ ᠬᠤᠷᠳᠤᠨ ᠲᠠᠪᠬᠢᠨ᠎ᠠ᠃ ᠬᠤᠯᠠᠨ ᠢ ᠨᠠᠰᠤ | ᠵᠢᠯ ᠢᠶᠠᠷ ᠨᠢ ᠶᠡᠭᠡ ᠲᠦᠯᠦᠪ ᠤᠨᠠᠭ᠎ᠠ᠂ ᠲᠠᠭ᠎ᠠ᠂ ᠬᠡᠬᠦᠦ᠂ ᠠᠵᠢᠷᠭ᠎ᠠ ᠁ ᠭᠡᠵᠤ ᠨᠡᠷᠡᠯᠡᠨ᠎ᠡ᠃ | ᠮᠢᠬ᠎ᠠ ᠨᠢ ᠵᠠᠭᠠᠷ ᠲᠠᠢ᠃ ᠬᠦᠬᠡᠬᠡᠵᠦ ᠬᠦᠯᠦᠷᠡᠭᠡᠭᠰᠡᠨ ᠬᠤᠯᠠᠨ ᠤ ᠮᠢᠬᠠᠨ ᠠᠴᠠ ᠵᠠᠭᠠᠷ ᠠᠮᠳᠠᠭᠳᠠᠬᠤ ᠦᠭᠡᠢ᠃ | ᠪᠤᠷᠴᠠᠯᠠᠵᠤ ᠬᠠᠳᠠᠭᠠᠭᠰᠠᠨ ᠲᠠᠷᠭᠤᠨ ᠬᠤᠯᠠᠨ ᠤ ᠮᠢᠬ᠎ᠠ ᠭᠤᠴᠤ ᠠᠮᠳᠠᠳᠠᠢ᠂ ᠲᠤᠰᠤᠯᠢᠭ ᠪᠠᠶᠢᠵᠤ | ᠠᠮᠠᠷᠬᠠᠨ ᠬᠤᠭᠤᠯᠠᠭᠳᠠᠳᠠᠭ ᠦᠭᠡᠢ᠃ ᠠᠷᠭᠠᠯᠢ ᠠᠷᠭᠠᠯᠢ ᠬᠦᠷᠡᠩ ᠪᠤᠷᠤᠪᠳᠤᠷ ᠦᠩᠭᠡ ᠲᠠᠢ᠃ | ᠨᠠᠮᠬᠠᠨ ᠬᠢᠷ᠎ᠠ᠂ ᠦᠨᠳᠦᠷ ᠠᠭᠤᠯᠠ ᠶᠢᠨ ᠪᠡᠯ ᠰᠢᠯᠢ ᠪᠠᠷ ᠪᠡᠯᠴᠢᠭᠡᠷᠯᠡᠨ ᠨᠤᠳᠤᠭᠯᠠᠨᠠ᠃ ᠤᠷᠠᠳᠴᠤᠳ ᠠᠷᠭᠠᠯᠢ ᠶᠢ | ᠬᠤᠨᠢᠨ ᠤ ᠲᠦᠷᠦᠯ ᠤᠨ ᠠᠮᠢᠳᠠᠨ ᠳᠤ ᠬᠠᠷᠢᠶᠠᠯᠠᠭᠤᠯᠤᠨ ᠨᠠᠰᠤ ᠵᠢᠯ ᠢᠶᠠᠷ ᠨᠢ ᠬᠤᠷᠠᠭ᠎ᠠ᠂ ᠲᠦᠯᠦᠬᠡ᠂ | ᠡᠮ᠎ᠡ ᠬᠤᠨᠢ᠂ ᠤᠭᠠᠯᠵᠠ ᠭᠡᠵᠤ ᠨᠡᠷᠡᠯᠡᠨ᠎ᠡ᠃ ᠬᠡᠬᠦ ᠳᠤ ᠪᠠᠨ ᠭᠤᠷᠪᠠ ᠠᠴᠠ ᠲᠦᠷᠪᠡᠨ ᠨᠠᠰᠤᠨ ᠤ ᠡᠷ᠎ᠡ ᠶᠢ ᠨᠢ | ᠰᠢᠷ᠎ᠠ ᠡᠪᠡᠷ ᠭᠡᠵᠤ᠂ ᠲᠠᠪᠤ ᠠᠴᠠ ᠲᠡᠭᠡᠭᠰᠢ ᠨᠠᠰᠤ ᠲᠠᠢ ᠡᠷ᠎ᠡ ᠶᠢ ᠨᠢ ᠤᠭᠠᠯᠵᠠ ᠭᠡᠨ᠎ᠡ᠃ ᠡᠮ᠎ᠡ ᠶᠢ ᠨᠢ ᠡᠮ᠎ᠡ | ᠬᠤᠨᠢ ᠭᠡᠳᠡᠭ᠃ ᠠᠷᠭᠠᠯᠢ ᠭᠡᠳᠡᠭ ᠨᠢ ᠶᠡᠭᠡ ᠲᠦᠯᠦᠪ ᠶᠡᠷᠦᠩᠬᠡᠢ ᠨᠡᠷᠡᠶᠢᠳᠦᠯ ᠨᠢ ᠪᠤᠯᠵᠤ ᠪᠠᠶᠢᠳᠠᠭ᠃ ᠠᠷᠭᠠᠯᠢ ᠶᠢᠨ | ᠤᠭᠠᠯᠵᠠ ᠲᠠᠩᠬᠠᠭᠠᠷ ᠲᠤᠮᠤ ᠲᠤᠭᠤᠷᠢᠭ ᠡᠪᠡᠷ ᠲᠠᠢ᠃ ᠡᠮ᠎ᠡ ᠬᠤᠨᠢ ᠨᠢ ᠨᠠᠷᠢᠬᠠᠨ ᠲᠤᠭᠤᠷᠢᠭ ᠡᠪᠡᠷ ᠲᠠᠢ᠃ | ᠠᠷᠭᠠᠯᠢ ᠶᠢᠨ ᠤᠭᠠᠯᠵᠠ ᠬᠦᠭᠰᠢᠷᠡᠵᠦ ᠪᠦᠳᠦᠬᠦᠷᠡᠪᠡᠯ ᠨᠢᠷᠤᠭᠤᠨ ᠳᠤ ᠨᠢ ᠴᠠᠭᠠᠨ ᠦᠰᠦ | ᠤᠷᠭᠤᠵᠤ ᠲᠤᠬᠤᠮ ᠠᠯᠠᠭ ᠪᠤᠯᠤᠨ᠎ᠠ᠃ ᠠᠷᠬᠢᠯ ᠪᠦᠳᠦᠬᠦᠨ ᠤᠭᠠᠯᠵᠠ ᠶᠢ ᠲᠤᠬᠤᠮ ᠠᠯᠭ ᠭᠡᠳᠡᠭ᠃ ᠤᠷᠢᠳᠦ | ᠮᠠᠨ ᠤ ᠤᠷᠠᠳ ᠤᠨ ᠬᠤᠶᠢᠳᠤ ᠬᠤᠰᠢᠭᠤᠨ ᠤ ᠭᠡᠪᠴᠢᠶᠡᠨ ᠳᠤ ᠠᠷᠭᠠᠯᠢ ᠤᠭᠠᠯᠵᠠ ᠨᠡᠶᠢᠳᠡᠮ ᠲᠠᠷᠬᠠᠨ ᠨᠤᠳᠤᠭᠯᠠᠳᠠᠭ ᠴᠦ | ᠬᠤᠶᠠᠭ ᠲᠤᠭᠤᠯᠠᠭ᠎ᠠ ᠶᠢᠨ ᠬᠢᠷ᠎ᠠ᠂ ᠵᠠᠭᠠᠯ ᠤᠨ ᠤᠪᠤᠭ᠎ᠠ᠂ ᠪᠤᠩᠬᠤᠨ ᠴᠠᠬᠢᠷ᠂ ᠶᠡᠭᠡ ᠪᠠᠭ᠎ᠠ ᠪᠢᠳᠡᠬᠦᠦ᠂ | ᠬᠠᠩᠭᠠᠢ ᠨᠡᠬᠦᠴᠡ᠂ ᠪᠠᠶᠠᠨ ᠨᠢᠷᠤᠭᠤᠨ ᠤ ᠤᠷᠤᠢ᠂ ᠪᠠᠶᠠᠨ ᠬᠤᠰᠢᠭᠤᠨ ᠤ ᠬᠢᠷ᠎ᠠ᠂ ᠪᠤᠷᠪᠢ ᠶᠢᠨ ᠬᠢᠷ᠎ᠠ᠂ | ᠬᠦᠪ ᠤᠨ ᠤᠪᠤᠭ᠎ᠠ᠂ ᠴᠡᠪᠴᠢᠷ ᠤᠨ ᠡᠷᠢᠶᠡᠯᠵᠢ᠂ ᠬᠠᠪᠴᠠᠭᠠᠢ ᠶᠢᠨ ᠤᠪᠤᠭ᠎ᠠ ᠁ ᠪᠠᠷ ᠭᠤᠤᠯᠳᠠᠢ ᠰᠦᠷᠦᠭᠯᠡᠨ | ᠨᠤᠳᠤᠭᠰᠢᠳᠠᠭ ᠪᠠᠶᠢᠯ᠎ᠠ᠃ ᠬᠠᠪᠬ᠎ᠠ ᠪᠠᠷ ᠬᠦᠷᠦᠭᠡᠯᠡᠬᠦ ᠤᠷᠠᠳ ᠭᠤᠪᠢ ᠨᠤᠳᠤᠭ ᠲᠤ ᠠᠶᠢᠯ ᠠᠮᠢᠳᠠᠨ | ᠴᠦᠬᠡᠨ ᠠᠩ ᠬᠦᠷᠦᠭᠡᠰᠦ ᠡᠯᠪᠡᠭ᠃ ᠴᠦᠬᠡᠨ ᠬᠡᠳᠦᠨ ᠡᠪᠦᠭᠡᠴᠦᠦᠯ ᠭᠠᠯᠳᠤ ᠫᠤᠤ ᠡᠭᠦᠷᠬᠦ ᠶᠢ ᠭᠠᠷᠭᠠᠪᠠᠯ | ᠤᠯᠠᠩᠬᠢ ᠬᠦᠮᠦᠨ ᠬᠠᠪᠬ᠎ᠠ ᠵᠡᠬᠦᠵᠦ ᠬᠦᠷᠦᠭᠡᠯᠡᠨ᠎ᠡ᠃ ᠬᠠᠪᠬ᠎ᠠ ᠪᠠᠷ ᠬᠦᠷᠦᠭᠡᠯᠡᠬᠦ ᠳᠤ ᠬᠠᠮᠢᠭ᠎ᠠ ᠪᠤᠯ ᠬᠠᠮᠢᠭ᠎ᠠ | ᠬᠠᠪᠬ᠎ᠠ ᠵᠡᠬᠦᠭᠡᠳ ᠵᠡᠭᠡᠷ᠎ᠡ ᠬᠦᠷᠦᠭᠡᠰᠦ ᠪᠠᠷᠢᠴᠢᠬᠠᠬᠤ ᠪᠢᠰᠢ᠃ ᠬᠠᠷᠢᠨ ᠭᠠᠵᠠᠷ ᠤᠨ ᠪᠠᠶᠢᠴᠠ᠂ ᠵᠡᠭᠡᠷ᠎ᠡ | ᠬᠦᠷᠦᠭᠡᠰᠦᠨ ᠤ ᠬᠦᠶᠦᠳᠡᠯ ᠴᠤᠪᠤᠭ᠎ᠠ᠂ ᠤᠭᠤᠨᠤ ᠶᠢᠨ ᠪᠠᠭᠠᠳᠠᠯ᠂ ᠨᠠᠭᠤᠷ ᠵᠠᠳᠠᠭᠠᠢ ᠶᠢᠨ ᠬᠦᠪᠡᠭᠡ᠂ | ᠴᠠᠰᠤᠨ ᠤ ᠲᠠᠬᠤ᠂ ᠰᠡᠭ ᠰᠡᠪᠡᠰᠦᠨ ᠤ ᠦᠨᠦᠷ᠂ ᠡᠪᠡᠰᠦ ᠤᠷᠭᠤᠮᠠᠯ ᠁ ᠵᠡᠷᠭᠡ ᠳᠤ ᠬᠠᠪᠬ᠎ᠠ ᠵᠡᠬᠦᠵᠦ ᠵᠡᠭᠡᠷ᠎ᠡ | ᠬᠦᠷᠦᠭᠡᠰᠦ ᠪᠠᠷᠢᠨ᠎ᠠ᠃ ᠵᠡᠬᠡᠷ᠎ᠡ ᠬᠦᠷᠦᠭᠡᠰᠦ ᠶᠢ ᠬᠠᠪᠬ᠎ᠠ ᠪᠠᠷ ᠪᠠᠷᠢᠬᠤ ᠶᠢ ᠬᠠᠪᠬ᠎ᠠ ᠵᠡᠬᠦᠵᠦ | ᠬᠦᠷᠦᠭᠡᠯᠡᠨ᠎ᠡ ᠭᠡᠨ᠎ᠡ᠃ ᠬᠠᠪᠬ᠎ᠠ ᠵᠡᠬᠦᠬᠦ ᠶᠢ ᠬᠠᠪᠬ᠎ᠠ ᠪᠤᠯᠠᠨ᠎ᠠ ᠭᠡᠵᠤ ᠶᠠᠷᠢᠬᠤ ᠨᠢ ᠴᠦ ᠪᠤᠢ᠃ | ᠬᠠᠪᠬ᠎ᠠ ᠨᠢ ᠬᠠᠪᠬ᠎ᠠ᠂ ᠤᠯᠠᠪᠴᠢ ᠬᠤᠶᠠᠷ ᠠᠴᠠ ᠪᠦᠷᠢᠯᠳᠦᠨ᠎ᠡ᠃ ᠬᠠᠪᠬ᠎ᠠ ᠨᠢ ᠬᠠᠪᠬᠠᠨ ᠤ ᠭᠠᠷ᠂ ᠴᠢᠮᠴᠢ᠂ ᠴᠢᠮᠴᠢ ᠶᠢᠨ ᠬᠠᠳᠠᠭᠠᠰᠤ᠂ | ᠬᠤᠴᠠ᠂ ᠲᠠᠪᠠᠭ ᠵᠡᠷᠭᠡ ᠪᠠᠷ ᠪᠦᠷᠢᠯᠳᠦᠵᠦ᠂ ᠤᠯᠠᠪᠴᠢ ᠨᠢ ᠬᠦᠨᠳᠡᠯᠢ᠂ ᠲᠡᠪᠬᠢ ︵ᠱᠦᠷᠭᠡ︶᠂ ᠲᠡᠪᠬᠢᠨ ᠤ ᠤᠭᠤᠰᠤᠷ᠂ | ᠲᠡᠪᠬᠢᠨ ᠤ ᠡᠷᠭᠡᠶᠢᠪᠴᠢ ᠵᠡᠷᠭᠡ ᠪᠠᠷ ᠪᠦᠷᠢᠯᠳᠦᠳᠡᠭ᠃ ᠬᠤᠶᠠᠷ ᠲᠠᠪᠬᠤᠷ ᠪᠦᠰ ᠢ ᠭᠤᠤᠯ ᠳᠤ ᠨᠢ ᠬᠤᠮᠪᠤᠭᠤᠷ ᠲᠤᠭᠤᠢ | ᠬᠡᠯᠪᠡᠷᠢ ᠲᠠᠢ ᠰᠢᠷᠢᠵᠦ ᠲᠡᠮᠦᠷ ᠤᠳᠠᠰᠤ ᠪᠤᠶᠤ ᠰᠤᠬᠠᠢ ᠪᠠᠷ ᠭᠦᠷᠢᠶᠡᠯᠡᠨ ᠤᠶᠤᠭᠰᠠᠨ ᠬᠠᠪᠬ᠎ᠠ | ᠪᠤᠰᠬᠤ ᠳᠤ ᠴᠢᠬᠤᠯᠠ ᠦᠢᠯᠡᠳᠦᠯ ᠪᠦᠬᠦᠢ ᠪᠦᠰ ᠲᠡᠪᠢᠰᠭᠡᠷ ᠢ ᠬᠠᠪᠬᠠᠨ ᠤ ᠤᠯᠠᠪᠴᠢ ᠭᠡᠳᠡᠭ᠃ ᠤᠯᠠᠪᠴᠢᠨ ᠤ ᠭᠠᠳᠠᠭᠤᠷᠬᠢ | ᠴᠠᠭᠠᠷᠢᠭ ᠢ ᠤᠯᠠᠪᠴᠢᠨ ᠤ ᠬᠦᠷᠢᠶ᠎ᠠ ᠬᠡᠨ᠎ᠡ᠃ ᠬᠤᠶᠠᠷ ᠬᠤᠷᠤᠭᠤ ᠭᠠᠷᠤᠶᠢᠬᠠᠨ ᠰᠤᠬᠠᠢ ᠶᠢ ᠬᠤᠶᠠᠷ | ᠦᠵᠦᠬᠦᠷ ᠲᠤ ᠨᠢ ᠭᠡᠷᠴᠢᠶᠡᠰᠦ ᠭᠠᠷᠭᠠᠨ ᠵᠤᠷᠭᠤᠵᠤ ᠤᠯᠠᠪᠴᠢᠨ ᠤ ᠬᠦᠨᠳᠡᠯᠢ ᠬᠢᠨ᠎ᠡ᠃ | ᠬᠦᠨᠳᠡᠯᠢ ᠶᠢ ᠬᠤᠶᠠᠷ ᠦᠵᠦᠬᠦᠷ ᠲᠤ ᠨᠢ ᠵᠤᠷᠭᠤᠭᠰᠠᠨ ᠭᠡᠷᠴᠢᠯᠡᠭᠡᠰᠦ ᠪᠠᠷ ᠨᠢ ᠤᠯᠠᠪᠴᠢᠨ ᠤ | ᠲᠤᠮᠳᠠ ᠭᠡᠰᠡᠭ ᠲᠤ ᠤᠶᠤᠵᠤ ᠪᠦᠭᠡᠯᠡᠨᠡ᠃ ᠰᠤᠬᠠᠢ ᠵᠡᠷᠭᠡ ᠶᠢᠨ ᠪᠦᠬᠡ ᠮᠤᠳᠤ ᠪᠠᠷ ᠲᠡᠪᠬᠢ ᠵᠤᠷᠭᠤᠨᠠ᠃ | ᠲᠡᠪᠭᠢᠨ ᠤ ᠤᠷᠳᠤ ᠤᠬᠤᠷ ᠨᠢ ᠬᠠᠪᠬᠠᠨ ᠤ ᠶᠡᠭᠡ ᠪᠠᠭ᠎ᠠ ᠪᠠᠷ ᠲᠤᠭᠳᠠᠭᠠᠭᠳᠠᠨ᠎ᠠ᠃ ᠲᠡᠪᠬᠢᠨ ᠤ ᠨᠢᠬᠡ | ᠦᠵᠦᠬᠦᠷ ᠢ ᠨᠢ ᠨᠠᠷᠢᠪᠳᠤᠷ ᠬᠠᠪᠳᠠᠭᠠᠢ᠂ ᠨᠦᠬᠦᠭᠡ ᠦᠵᠦᠬᠦᠷ ᠢ ᠨᠢ ᠲᠦᠷᠪᠡᠯᠵᠢᠨ ᠰᠢᠭ ᠵᠤᠷᠭᠤᠵᠦ᠂ | ᠲᠤᠮᠳᠠ ᠨᠢ ᠭᠡᠷᠴᠢᠶᠡᠰᠦ ᠭᠠᠷᠭᠠᠨ᠎ᠠ᠃ ᠰᠢᠯᠢ ᠵᠤᠭᠳᠤᠷ ᠤᠨ ᠬᠢᠯᠭᠠᠰᠤ ᠪᠠᠷ ᠲᠤᠬᠤᠢ ᠤᠷᠳᠤ ᠨᠠᠷᠢᠬᠠᠨ ᠰᠢᠳᠠᠮ ᠲᠠᠮᠤᠵᠤ | ᠨᠠᠷᠢᠨ ᠦᠵᠦᠬᠦᠷ ᠢ ᠨᠢ ᠲᠡᠪᠬᠢᠨ ᠤ ᠲᠤᠮᠳᠠᠬᠢ ᠭᠡᠷᠴᠢᠶᠡᠰᠦᠨ ᠳᠤ ᠤᠶᠤᠵᠤ ᠪᠦᠬᠡᠯᠡᠨ ᠲᠡᠪᠬᠢᠨ ᠤ ᠤᠭᠤᠰᠤᠷ | ᠭᠡᠵᠤ ᠨᠡᠷᠡᠯᠡᠨ᠎ᠡ᠃ ᠲᠡᠪᠬᠢᠨ ᠤ ᠤᠭᠤᠰᠤᠷ ᠬᠢᠬᠦ ᠰᠢᠳᠠᠮ ᠤᠨ ᠨᠠᠷᠢᠨ ᠦᠵᠦᠬᠦᠷ ᠢ ᠲᠡᠪᠬᠢᠨ ᠤ ᠭᠡᠷᠴᠢᠶᠡᠰᠦᠨ ᠳᠤ | ᠤᠷᠢᠶᠠᠨ ᠵᠠᠩᠬᠢᠳᠴᠦ᠂ ᠦᠵᠦᠬᠦᠷ ᠢ ᠨᠢ ᠰᠦᠪᠡᠭᠴᠢ ᠭᠠᠷᠭᠠᠨ ᠲᠡᠪᠡᠨᠡᠨ ᠳᠤ ᠰᠦᠪᠡᠯᠡᠵᠤ ᠭᠡᠷᠴᠢᠶᠡᠰᠦ ᠶᠢ ᠤᠷᠢᠶᠠᠭᠰᠠᠨ | ᠤᠶᠤᠭᠠᠰᠤ ᠪᠠᠨ ᠪᠦᠬᠡᠯᠡᠵᠦ ᠤᠶᠤᠪᠠᠯ ᠦᠵᠡᠮᠦᠷᠢ ᠲᠠᠢ ᠮᠦᠷᠳᠡᠭᠡᠨ ᠪᠦᠭᠡ ᠪᠠᠶᠢᠳᠠᠭ᠃ ᠠᠩ | ᠠᠮᠢᠳᠠᠨ ᠬᠠᠪᠬᠠᠨ ᠳᠤ ᠤᠷᠤᠵᠤ ᠬᠠᠪᠬ᠎ᠠ ᠪᠤᠰᠬᠠᠭᠰᠠᠨ ᠤ ᠲᠠᠷᠠᠭ᠎ᠠ ᠶᠠᠮᠠᠷ ᠶᠡᠭᠡ ᠰᠠᠯᠬᠢ ᠰᠢᠭᠤᠷᠭᠠᠨ | ᠪᠤᠰᠤᠭᠰᠠᠨ ᠴᠦ ᠲᠡᠪᠬᠢᠨ ᠤ ᠤᠭᠤᠰᠤᠷ ᠪᠤᠯᠠᠭᠳᠠᠳᠠᠭ ᠦᠭᠡᠢ ᠲᠤᠯᠠ ᠠᠩᠴᠢᠳ ᠲᠡᠪᠭᠢᠨ ᠤ | ᠤᠭᠤᠰᠤᠷ ᠢᠶᠠᠨ ᠦᠵᠡᠭᠡᠳ ᠬᠠᠪᠬ᠎ᠠ ᠪᠤᠰᠤᠭᠰᠠᠨ ᠢ ᠮᠡᠳᠡᠨ᠎ᠡ᠃ ᠲᠡᠪᠬᠢᠨ ᠤ ᠤᠭᠤᠰᠤᠷ ᠤᠨ | ᠨᠦᠬᠦᠭᠡ ᠦᠵᠦᠬᠦᠷ ᠢ ᠤᠯᠠᠪᠴᠢᠨ ᠤ ᠬᠦᠷᠢᠶ᠎ᠠ ᠳᠤ ᠰᠦᠬᠦᠮ ᠤᠷᠳᠤ ᠭᠤᠭᠴᠤᠭ᠎ᠠ ᠭᠠᠷᠭᠠᠨ ᠤᠶᠤᠵᠤ | ᠪᠦᠬᠡᠯᠡᠨ ᠤᠯᠠᠪᠴᠢᠨ ᠤ ᠡᠷᠭᠡᠶᠢᠪᠴᠢ ᠭᠡᠵᠤ ᠨᠡᠷᠡᠯᠡᠨ᠎ᠡ᠃ ᠬᠠᠪᠬ᠎ᠠ ᠵᠡᠬᠦᠬᠦ ᠳᠤ ᠤᠷᠢᠳᠠᠪᠠᠷ ᠵᠡᠬᠦᠬᠦ | ᠭᠠᠵᠠᠷ ᠢᠶᠠᠨ ᠰᠤᠩᠭᠤᠨ ᠬᠠᠪᠬᠠᠨ ᠤ ᠪᠠᠨ ᠶᠡᠭᠡ ᠪᠠᠭ᠎ᠠ ᠶᠢᠨ ᠭᠡᠮᠵᠢᠶ᠎ᠡ ᠪᠠᠷ ᠭᠤᠷᠪᠠ ᠲᠦᠷᠪᠡᠨ | ᠬᠤᠷᠤᠭᠤ ᠬᠦᠨ ᠨᠦᠬᠡ ᠮᠠᠯᠳᠠᠵᠤ ᠲᠤᠮᠳᠠ ᠨᠢ ᠵᠢᠭᠠᠬᠠᠨ ᠬᠤᠩᠬᠤᠶᠢᠯᠠᠭᠠᠳ ᠤᠯᠠᠪᠴᠢ ᠪᠠᠨ ᠲᠠᠯᠪᠢᠨ᠎ᠠ᠃ | ᠬᠠᠪᠬ᠎ᠠ ᠪᠠᠨ ᠬᠢᠰᠬᠢᠨ ᠠᠩᠭᠠᠶᠢᠯᠭᠠᠵᠤ ᠤᠯᠠᠪᠴᠢᠨ ᠲᠡᠭᠡᠷ᠎ᠡ ᠪᠠᠨ ᠬᠦᠨᠳᠡᠶᠢᠬᠡᠨ ᠲᠡᠯᠪᠢᠭᠠᠳ | ᠲᠡᠪᠬᠢᠨ ᠤ ᠨᠠᠷᠢᠨ ᠬᠠᠪᠳᠠᠭᠠᠢ ᠦᠵᠦᠬᠦᠷ ᠢ ᠬᠠᠪᠬᠠᠨ ᠤ ᠲᠠᠪᠠᠭ ᠪᠠ ᠬᠤᠴᠠᠨ ᠤ ᠭᠠᠳᠠᠭᠤᠷ | ᠲᠠᠪᠠᠭᠤᠯᠤᠨ ᠤᠯᠠᠪᠴᠢᠨ ᠤ ᠬᠦᠨᠳᠡᠯᠢ ᠳᠤ ᠮᠦᠴᠢᠳᠭᠡᠨ ᠲᠡᠪᠬᠡᠯᠡᠵᠦ᠂ ᠨᠦᠬᠦᠭᠡ ᠦᠵᠦᠬᠦᠷ ᠢ ᠨᠢ | ᠡᠷᠭᠡᠶᠢᠪᠴᠢ ᠳᠤ ᠬᠦᠨᠳᠡᠶᠢᠭᠡᠨ ᠲᠡᠪᠭᠡᠳᠡᠵᠦ ᠲᠤᠷᠭᠤᠨ᠎ᠠ᠃ ᠬᠠᠪᠬᠠᠨ ᠤ ᠨᠦᠬᠡ ᠶᠢ | ᠬᠠᠪᠬᠠᠨ ᠤ ᠦᠯᠢᠢ ᠭᠡᠳᠡᠭ᠃ ᠬᠠᠪᠬᠠᠨ ᠤ ᠦᠯᠢᠢ ᠮᠠᠯᠳᠠᠬᠤ ᠳᠤ ᠭᠠᠷᠤᠭᠰᠠᠨ ᠰᠢᠷᠤᠢ ᠶᠢ ᠬᠤᠯᠠᠬᠠᠨ | ᠬᠤᠷᠮᠤᠶᠢᠯᠠᠵᠤ ᠠᠪᠠᠴᠢᠨ ᠬᠠᠶᠠᠭᠠᠳ ᠤᠷᠤᠨ ᠳᠤ ᠨᠢ ᠰᠢᠨ᠎ᠠ ᠰᠢᠷᠦᠢ ᠠᠪᠴᠢᠷᠠᠵᠤ | ᠬᠠᠪᠬ᠎ᠠ ᠪᠠᠨ ᠨᠢᠮᠭᠡᠭᠡᠨ ᠪᠤᠯᠠᠨ᠎ᠠ᠃ ᠭᠡᠳᠦᠷᠭᠡᠢ ᠵᠤᠵᠠᠭᠠᠨ ᠪᠤᠯᠠᠪᠠᠯ ᠬᠠᠪᠬ᠎ᠠ ᠪᠤᠰᠬᠤ ᠦᠭᠡᠢ᠂ | ᠭᠡᠳᠦᠷᠭᠡᠢ ᠨᠢᠮᠬᠡᠨ ᠪᠤᠯᠠᠪᠠᠯ ᠰᠠᠯᠬᠢᠨ ᠳᠤ ᠬᠠᠪᠬ᠎ᠠ ᠭᠡᠷᠵᠡᠶᠢᠨ ᠭᠠᠷᠴᠤ ᠢᠷᠡᠨ᠎ᠡ᠃ ᠢᠢᠮᠦ ᠠᠴᠠ | ᠭᠠᠵᠠᠷ ᠤᠨ ᠪᠠᠶᠢᠴᠠ ᠰᠠᠯᠬᠢᠨ ᠤ ᠪᠠᠶᠢᠳᠠᠯ ᠳᠤ ᠵᠤᠬᠢᠴᠠᠭᠤᠯᠤᠨ ᠰᠢᠷᠤᠢ ᠦᠷᠦᠵᠦ ᠬᠠᠪᠬ᠎ᠠ ᠵᠡᠬᠦᠳᠡᠭ᠃ | ᠬᠠᠪᠬ᠎ᠠ ᠶᠢ ᠬᠢᠰᠬᠢᠵᠦ ᠠᠩᠭᠠᠶᠢᠯᠭᠠᠬᠤ ᠳᠤ ᠲᠠᠪᠠᠭ ᠪᠠ ᠬᠤᠴᠠ ᠨᠢ ᠵᠠᠢ ᠵᠠᠪᠰᠠᠷ ᠦᠭᠡᠢ ᠰᠠᠶᠢᠬᠠᠨ | ᠨᠠᠶᠢᠯᠠᠵᠤ ᠪᠠᠶᠢᠪᠠᠯ ︽ᠰᠠᠶᠢᠬᠠᠨ ᠬᠢᠷᠠᠳᠠᠭ ᠬᠠᠪᠬ᠎ᠠ︾ ᠭᠡᠵᠤ ᠨᠡᠷᠡᠯᠡᠨ᠎ᠡ᠃
| | | ᠬᠤᠯᠠᠨ ᠤ ᠲᠤᠭᠤᠷᠠᠢ ᠨᠢ ᠲᠤᠮᠤ᠃ ᠶᠡᠷᠦ ᠶᠢᠨ ᠵᠡᠭᠡᠷ᠎ᠡ ᠬᠦᠷᠦᠭᠡᠰᠦᠨ ᠳᠤ ᠵᠡᠬᠦᠳᠡᠭ ᠬᠠᠪᠬᠠᠨ ᠤ ᠲᠡᠪᠬᠢᠨ ᠲᠡᠭᠡᠷ᠎ᠡ ᠨᠢ | ᠬᠢᠰᠬᠢᠨ ᠬᠠᠪᠬ᠎ᠠ ᠶᠢ ᠪᠤᠰᠬᠠᠳᠠᠭ ᠦᠭᠡᠢ᠃ ᠬᠤᠯᠠᠨ ᠤ ᠬᠠᠪᠬ᠎ᠠ ᠶᠢᠨ ᠲᠡᠪᠬᠢ ᠶᠢ ᠪᠤᠭᠤᠨᠢ ᠵᠤᠷᠭᠤᠨ ᠬᠢᠮᠤᠰᠤ | ᠭᠡᠵᠤ ᠨᠡᠷᠡᠯᠡᠨ᠎ᠡ᠃ ᠬᠤᠯᠠᠨ ᠤ ᠬᠠᠪᠬ᠎ᠠ ᠲᠤᠮᠤ᠃ ᠪᠠᠷᠤᠭ ᠤᠨ ᠬᠠᠪᠬ᠎ᠠ ᠬᠤᠯᠠᠨ ᠳᠤ ᠰᠡᠭᠰᠦᠷᠦᠭᠳᠡᠨ ᠭᠡᠷᠡᠭ ᠦᠭᠡᠢ ᠲᠡᠮᠤᠷ ᠪᠤᠯᠤᠨ᠎ᠠ᠃ | ᠮᠠᠩᠬᠢᠰᠦ ᠶᠢ ᠬᠠᠷᠢᠶᠠᠯᠴᠢ ᠭᠡᠳ ᠠᠪᠠᠯᠠᠬᠤ ᠨᠢ ᠬᠤᠪᠤᠷ᠃ ᠬᠠᠪᠬᠠᠨ ᠳᠤ ᠤᠷᠤᠭᠰᠠᠨ ᠮᠠᠩᠬᠢᠰᠦ ᠨᠦᠬᠡᠨ ᠳᠤ ᠪᠠᠨ
| ᠰᠢᠷᠭᠤᠬᠤ ᠠᠴᠠ ᠭᠡᠷᠰᠡᠦᠯᠡᠨ ᠬᠠᠪᠬ᠎ᠠ ᠪᠠᠨ ᠤᠶᠠᠬᠤ ᠭᠡᠷᠡᠭᠳᠡᠢ ᠪᠠᠶᠢᠳᠠᠭ᠃ ᠬᠠᠪᠬ᠎ᠠ ᠶᠢ | ᠤᠶᠠᠬᠤ ᠳᠤ ᠤᠶᠠᠭ᠎ᠠ ᠲᠡᠭᠡᠰᠦ ᠶᠢ ᠨᠢ ᠢᠯᠡ ᠭᠠᠷᠭᠠᠬᠤ ᠦᠭᠡᠢ᠃ ᠬᠠᠪᠬᠠᠨ ᠤ ᠦᠯᠢᠢ ᠪᠠᠨ ᠬᠦᠨ | ᠰᠢᠭ ᠮᠠᠯᠳᠠᠭᠠᠳ ᠤᠶᠠᠭ᠎ᠠ ᠪᠠᠨ ᠬᠠᠪᠬᠠᠨ ᠤ ᠦᠯᠢᠢ ᠲᠤᠤᠷ᠎ᠠ ᠤᠷᠤᠭᠤᠯᠵᠤ ᠪᠤᠯᠠᠨ᠎ᠠ᠃ ᠬᠠᠪᠬᠠᠨ ᠳᠤ | ᠤᠷᠤᠭᠰᠠᠨ ᠵᠡᠭᠡᠷ᠎ᠡ ᠶᠢᠨ ᠠᠮᠠᠨ ᠬᠦᠵᠦᠬᠦᠦ ᠶᠢ ᠮᠤᠰᠬᠢᠬᠤ ᠪᠤᠶᠤ ᠠᠮᠠ ᠶᠢ ᠨᠢ ᠪᠠᠷᠢᠵᠤ ᠠᠯᠠᠳᠠᠭ᠃ ᠭᠡᠰᠡᠨ | ᠴᠦ ᠠᠮᠠᠨ ᠬᠦᠵᠦᠬᠦᠦ ᠶᠢ ᠨᠢ ᠮᠤᠰᠬᠢᠭᠰᠠᠨ ᠵᠡᠭᠡᠷ᠎ᠡ ᠶᠢᠨ ᠴᠢᠰᠤ ᠰᠢᠬᠦᠰᠦ ᠨᠢ ᠭᠤᠭᠤᠵᠢᠭᠠᠳ ᠯᠤᠪᠰᠢᠷᠠᠬᠤᠤ ᠪᠠᠶᠢᠳᠠᠭ᠃ | ᠬᠠᠪᠬᠠᠨ ᠳᠤ ᠤᠷᠤᠭᠰᠠᠨ ᠠᠷᠭᠠᠯᠢ ᠶᠢ ᠪᠤᠭᠤᠮᠢ ᠬᠠᠶᠠᠵᠤ ᠠᠯᠠᠨ᠎ᠠ᠃ ᠬᠠᠪᠬᠠᠨ ᠳᠤ ᠤᠷᠤᠭᠰᠠᠨ ᠦᠨᠡᠭᠡᠨ ᠤ ᠬᠠᠮᠠᠷ ᠢ | ᠲᠡᠭᠡᠷ᠎ᠡ ᠠᠴᠠ ᠨᠢ ᠲᠤᠭᠤᠭᠰᠢ ᠬᠤᠰᠤᠨ ᠴᠤᠬᠢᠵᠦ ᠮᠠᠨᠠᠷᠠᠭᠤᠯᠤᠭᠠᠳ ᠬᠤᠷᠳᠤᠬᠠᠨ | ᠬᠠᠪᠬ᠎ᠠ ᠪᠠᠨ ᠰᠠᠯᠭᠠᠨ ᠬᠤᠶᠢᠳᠤ ᠬᠦᠯ ᠠᠴᠠ ᠨᠢ ᠠᠳᠬᠤᠨ ᠨᠢᠷᠤᠭᠤ ᠪᠠᠷ ᠨᠢ ᠰᠠᠪᠠᠵᠤ ᠠᠯᠠᠳᠠᠭ᠃ | ᠦᠨᠡᠭᠡ ᠴᠢᠨ᠋ᠸ᠎ᠠ ᠶᠢ ᠪᠦᠷ ᠰᠠᠭᠠᠷᠢᠨ ᠬᠠᠮᠠᠷ ᠢ ᠨᠢ ᠬᠤᠰᠤᠨ ᠴᠤᠬᠢᠵᠦ᠂ ᠰᠠᠪᠠᠵᠤ ᠠᠯᠠᠳᠠᠭ ᠴᠦ ᠴᠢᠯᠠᠭᠤ ᠲᠠᠢ ᠭᠠᠵᠠᠷ | ᠲᠠᠭᠠᠷᠠᠨ ᠲᠤᠯᠤᠭᠠᠢ ᠳᠤ ᠨᠢ ᠰᠡᠪ ᠤᠷᠤᠬᠤ ᠠᠴᠠ ᠤᠨᠴᠠ ᠬᠢᠴᠢᠶᠡᠨ᠎ᠡ᠃ ᠦᠨᠡᠭᠡ ᠴᠢᠨ᠋ᠸ᠎ᠠ ᠶᠢᠨ | ᠲᠤᠯᠤᠭᠠᠢ ᠳᠤ ᠨᠢ ᠰᠡᠪ ᠤᠷᠤᠪᠠᠯ ᠠᠮᠢ ᠨᠢ ᠪᠦᠬᠡᠵᠢᠨ ᠦᠬᠦᠬᠦ ᠨᠢ ᠤᠳᠠᠭᠠᠰᠢᠷᠠᠵᠤ ᠤᠯᠠᠨ | ᠲᠠᠬᠢᠨ ᠴᠤᠬᠢᠬᠤ ᠶᠠᠪᠤᠳᠠᠯ ᠭᠠᠷᠤᠨ᠎ᠠ᠃ ᠬᠠᠪᠬᠠᠨ ᠳᠤ ᠤᠷᠤᠭᠰᠠᠨ ᠴᠢᠨ᠋ᠸ᠎ᠠ ᠶᠢ ᠲᠦᠷᠦᠭᠡ ᠪᠠᠨ ᠮᠤᠯᠳᠤᠯᠤᠨ ᠴᠤᠬᠢᠨ᠎ᠠ᠃ | ᠴᠢᠨ᠋ᠸ᠎ᠠ ᠶᠢ ᠪᠤᠰᠢᠭᠤ ᠱᠠᠯᠠᠮᠠᠭ ᠴᠤᠬᠢᠬᠤ ᠦᠭᠡᠢ ᠪᠤᠯ ᠦᠷᠦᠭᠡᠰᠦᠨ ᠭᠠᠷ ᠢᠶᠠᠨ ᠲᠡᠯ᠎ᠡ ᠬᠠᠨᠴᠤᠢ ᠲᠠᠢ ᠪᠠᠨ ᠴᠢᠨ᠋ᠸ᠎ᠠ ᠳᠤ | ᠡᠷᠭᠦᠴᠢᠬᠡᠵᠦ ᠮᠡᠳᠡᠨ᠎ᠡ᠃ ᠨᠢᠬᠡ᠂ ᠤᠰᠤᠨ ᠳᠤ ᠬᠠᠪᠬ᠎ᠠ ᠵᠡᠬᠦᠬᠦ ᠤᠷᠠᠳᠴᠤᠳ ᠠᠩ | ᠬᠦᠷᠦᠭᠡ ᠬᠢᠬᠦ ᠳᠤ ᠪᠠᠨ ᠨᠢᠳᠦ ᠤᠯᠠᠶᠢᠷᠠᠨ ᠤᠯᠠᠨ ᠲᠤᠭ᠎ᠠ ᠪᠠᠷ ᠠᠯᠠᠵᠤ ᠬᠢᠳᠤᠬᠤ ᠶᠢ ᠴᠡᠭᠡᠷᠯᠡᠵᠦ᠂ ᠠᠩ | ᠠᠮᠢᠳᠠᠨ ᠤ ᠦᠷ᠎ᠡ ᠲᠦᠯ ᠤᠨ ᠴᠠᠭ᠂ ᠬᠦᠬᠦᠬᠦᠯ ᠬᠤᠭᠤᠴᠠᠭ᠎ᠠ ᠪᠤᠶᠤ ᠡᠴᠡᠩᠬᠡᠢ ᠲᠤᠷᠠᠩᠬᠠᠢ᠂ ᠦᠰᠦ | ᠨᠤᠤᠰᠤ ᠨᠢ ᠤᠷᠭᠤᠵᠤ ᠭᠤᠤᠵᠢᠭᠠ ᠦᠭᠡᠢ ᠦᠶ᠎ᠡ ᠳᠤ ᠠᠪᠠᠯᠠᠬᠤ ᠶᠢ ᠤᠨᠴᠠ ᠴᠡᠭᠡᠷᠯᠡᠳᠡᠭ᠃ | ᠠᠩ ᠤᠨ ᠬᠤᠭᠤᠴᠠᠭ᠎ᠠ ᠶᠡᠷᠦᠩᠬᠡᠢ ᠳᠤ ᠪᠠᠨ ᠶᠢᠰᠦᠨ ᠰᠠᠷ᠎ᠠ ᠠᠴᠠ ᠠᠷᠪᠠᠨ ᠨᠢᠬᠡᠨ ᠰᠠᠷ᠎ᠠ ᠶᠢᠨ ᠰᠡᠬᠦᠯᠴᠢ | ᠬᠦᠷᠳᠡᠯ᠎ᠡ ᠦᠷᠬᠦᠯᠵᠢᠯᠡᠨ᠎ᠡ᠃ ᠨᠠᠮᠤᠷ ᠤᠨ ᠰᠡᠭᠦᠯᠴᠢ ᠪᠠᠷ ᠡᠪᠡᠰᠦ ᠨᠤᠭᠤᠭ᠎ᠠ ᠬᠠᠳᠠᠨ ᠰᠦᠯ ᠪᠦᠷᠢᠨ | ᠲᠠᠯᠪᠢᠬᠤ ᠶᠢᠨ ᠠᠯᠳᠠ ᠪᠠᠷ ᠵᠡᠭᠡᠷ᠎ᠡ᠂ ᠬᠤᠯᠠᠨ᠂ ᠠᠷᠭᠠᠯᠢ᠂ ᠴᠢᠨ᠋ᠸ᠎ᠠ᠂ ᠦᠨᠡᠭᠡ ᠁ ᠵᠡᠷᠭᠡ | ᠠᠷᠢᠶᠠᠳᠠᠨ ᠬᠦᠷᠦᠭᠡᠰᠦ ᠪᠤᠯᠠᠭ ᠱᠠᠩᠳᠠ ᠪᠠᠷᠠᠳᠠᠵᠤ ᠤᠰᠤ ᠤᠤᠭᠤᠬᠤ ᠪᠤᠯᠤᠨ᠎ᠠ᠃ ᠡᠨᠡ ᠦᠶ᠎ᠡ ᠳᠤ | ᠠᠩᠴᠢᠳ ᠪᠤᠯᠠᠭ ᠱᠠᠩᠳᠠ ᠶᠢᠨ ᠬᠠᠪᠢ ᠪᠠᠷ ᠬᠠᠪᠬ᠎ᠠ ᠵᠡᠬᠦᠨ᠎ᠡ᠃ ᠪᠤᠯᠠᠭ ᠱᠠᠩᠳᠠᠨ ᠳᠤ ᠵᠡᠭᠡᠷ᠎ᠡ ᠬᠦᠷᠦᠭᠡᠰᠦ ᠶᠢᠨ | ᠲᠦᠯ ᠨᠢ ᠤᠷᠢᠳᠠᠵᠤ ᠤᠴᠢᠳᠠᠭ᠃ ᠬᠠᠪᠬ᠎ᠠ ᠶᠢ ᠪᠤᠯᠠᠭ ᠱᠠᠩᠳᠠᠨ ᠳᠤ ᠲᠤᠯᠭᠠᠵᠤ ᠵᠡᠬᠦᠪᠡᠯ ᠢᠨᠵᠠᠭ᠎ᠠ᠂ | ᠬᠤᠷᠠᠭ᠎ᠠ ᠁ ᠵᠡᠷᠭᠡ ᠲᠦᠯ ᠨᠢ ᠶᠠᠭᠤᠨ ᠤ ᠡᠮᠦᠨ᠎ᠡ ᠬᠠᠪᠬᠠᠨ ᠳᠤ ᠤᠨᠠᠨ᠎ᠠ᠃ ᠢᠢᠮᠦ ᠠᠴᠠ | ᠲᠤᠷᠰᠢᠯᠭ᠎ᠠ ᠲᠠᠢ ᠬᠦᠷᠦᠭᠡᠴᠢᠨ ᠤᠰᠤᠨ ᠠᠴᠠ ᠬᠤᠯᠠᠬᠠᠨ ᠦᠨᠳᠦᠷᠯᠢᠭ ᠭᠠᠵᠠᠷ ᠪᠤᠶᠤ | ᠵᠡᠭᠡᠷ᠎ᠡ ᠬᠦᠷᠦᠭᠡᠰᠦ ᠡᠷᠬᠢᠴᠡᠵᠦ ᠲᠤᠭᠤᠷᠢᠵᠤ ᠪᠤᠯᠤᠮᠠᠷ ᠡᠪᠳᠡᠶᠢᠬᠡᠨ ᠭᠠᠵᠠᠷ ᠰᠤᠩᠭᠤᠵᠤ ᠬᠠᠪᠬ᠎ᠠ | ᠵᠠᠬᠦᠪᠠᠯ ᠪᠦᠳᠦᠬᠦᠨ ᠲᠠᠷᠭᠤᠨ ᠤᠭᠤᠨᠤ᠂ ᠰᠤᠪᠠᠢ ᠰᠢᠷᠠᠭᠴᠢᠨ ᠪᠠᠷᠢᠨ᠎ᠠ᠃ ᠬᠠᠪᠬ᠎ᠠ ᠪᠠᠨ ᠴᠡᠪᠡᠷᠭᠡᠨ | ᠰᠠᠶᠢᠬᠠᠨ ᠵᠡᠬᠦᠵᠦ ᠴᠢᠳᠠᠪᠠᠯ ᠪᠤᠯᠠᠭ ᠱᠠᠩᠳᠠᠨ ᠤ ᠤᠶᠢᠷᠠᠯᠴᠠᠭ᠎ᠠ ᠠᠴᠠ ᠦᠨᠡᠭᠡ᠂ ᠴᠢᠨ᠋ᠸ᠎ᠠ ᠵᠡᠷᠭᠡ | ᠠᠷᠢᠶᠠᠳᠠᠨ ᠠᠮᠢᠳᠠᠨ ᠢ ᠪᠠᠷᠢᠵᠤ ᠪᠤᠯᠳᠠᠭ᠃ ᠠᠷᠭᠠᠯᠢ᠂ ᠵᠡᠭᠡᠷ᠎ᠡ ᠶᠢᠨ ᠶᠠᠪᠤᠴᠠ ᠨᠢ ᠠᠳᠠᠯᠢᠬᠠᠨ | ᠪᠠᠶᠢᠵᠤ ᠬᠠᠪᠬ᠎ᠠ ᠵᠡᠬᠦᠬᠦ ᠠᠷᠭ᠎ᠠ ᠲᠡᠮ ᠨᠢ ᠶᠡᠭᠡ ᠲᠦᠯᠦᠪ ᠠᠳᠠᠯᠢ᠃ ᠬᠤᠶᠠᠷ᠂ ᠪᠠᠭᠠᠳᠠᠯ ᠳᠤ | ᠬᠠᠪᠬ᠎ᠠ ᠵᠡᠬᠦᠬᠦ ᠵᠤᠨ᠂ ᠨᠠᠮᠤᠷ᠂ ᠡᠪᠦᠯ ᠤᠨ ᠡᠬᠢ ᠪᠠᠷ ᠤᠭᠤᠨᠤ ᠪᠠᠭᠠᠳᠠᠯ ᠲᠠᠳᠠᠨ᠎ᠠ᠃ ᠪᠠᠭᠠᠳᠠᠯ | ᠲᠠᠳᠠᠨ᠎ᠠ ᠭᠡᠳᠡᠭ ᠨᠢ ᠤᠭᠤᠨᠤ ᠦᠷᠬᠦᠯᠵᠢ ᠲᠤᠭᠳᠠᠭᠰᠠᠨ ᠨᠢᠬᠡ ᠭᠠᠵᠠᠷ ᠢᠷᠡᠵᠦ᠂ ᠡᠮᠦᠨ᠎ᠡ | ᠬᠦᠯ ᠢᠶᠠᠷ ᠢᠶᠠᠨ ᠭᠠᠵᠠᠷ ᠮᠠᠭᠠᠵᠢᠨ ︵ᠮᠠᠯᠳᠠᠨ︶ ᠲᠡᠭᠡᠷ᠎ᠡ ᠨᠢ ᠪᠠᠭᠠᠵᠤ ᠰᠢᠬᠡᠬᠦ ᠶᠢ ᠭᠡᠯᠡᠨ᠎ᠡ᠃ | ᠤᠯᠠᠨ ᠲᠠᠬᠢᠨ ᠢᠷᠡᠵᠦ ᠪᠠᠭᠠᠳᠠᠯ ᠲᠠᠳᠠᠭᠰᠠᠨ ᠠᠴᠠ ᠬᠤᠯᠠ ᠠᠴᠠ ᠬᠠᠷᠠᠭᠳᠠᠬᠤ ᠪᠠᠭᠠᠳᠠᠯ ᠪᠤᠯᠤᠨ᠎ᠠ᠃ ᠪᠠᠭᠠᠳᠠᠯ ᠳᠤ | ᠬᠠᠪᠬ᠎ᠠ ᠪᠤᠯᠠᠬᠤ ᠳᠤ ᠰᠢᠵᠢᠩ ᠦᠨᠦᠷᠳᠡᠨ᠎ᠡ᠃ ᠪᠠᠭᠠᠳᠠᠯ ᠳᠤ ᠵᠡᠬᠦᠭᠰᠡᠨ ᠬᠠᠪᠬᠠᠨ ᠳᠤ ᠤᠭᠤᠨᠤ ᠤᠷᠤᠨ᠎ᠠ᠃ | ᠬᠠᠶᠠ ᠵᠠᠷᠢᠮ ᠳᠤ ᠪᠠᠨ ᠰᠤᠪᠠᠢ ᠰᠢᠷᠠᠭᠴᠢᠨ ᠤᠷᠤᠳᠠᠭ᠃ ᠪᠠᠭᠠᠳᠠᠯ ᠳᠤ ᠵᠡᠬᠦᠬᠦ ᠬᠠᠪᠬ᠎ᠠ ᠶᠢ ᠵᠠᠪᠠᠯ ᠭᠤᠤᠯ ᠳᠤ ᠨᠢ ᠲᠠᠯᠪᠢᠨ᠎ᠠ᠃ | ᠵᠡᠭᠡᠷ᠎ᠡ ᠤᠯᠠᠨ ᠲᠠᠢ ᠭᠠᠵᠠᠷ ᠢᠬᠢᠷ᠎ᠡ ᠪᠠᠭᠠᠳᠠᠯ᠂ ᠴᠤᠪᠤᠭ᠎ᠠ ᠪᠠᠭᠠᠳᠠᠯ ᠴᠦ ᠲᠠᠭᠠᠷᠠᠨ᠎ᠠ᠃ ᠭᠤᠷᠪᠠ᠂ ᠦᠨᠦᠷ | ᠲᠠᠯᠪᠢᠵᠤ ᠬᠠᠪᠬ᠎ᠠ ᠵᠡᠬᠦᠬᠦ ᠨᠠᠮᠤᠷ ᠤᠨ ᠰᠡᠭᠦᠯᠴᠢ ᠪᠠᠷ ᠨᠢᠬᠡ ᠵᠡᠭᠡᠷ᠎ᠡ ᠪᠤᠶᠤ ᠦᠨᠡᠭᠡ ᠪᠠᠷᠢᠵᠤ᠂ | ᠪᠠᠷᠢᠭᠰᠠᠨ ᠵᠡᠭᠡᠷ᠎ᠡ ᠦᠨᠡᠭᠡᠨ ᠤ ᠪᠠᠨ ᠴᠢᠰᠤ ᠰᠡᠪᠡᠰᠦ ᠶᠢ ᠡᠪᠳᠡᠶᠢᠬᠡᠨ ᠭᠠᠵᠠᠷ ᠰᠤᠩᠭᠤᠨ ᠲᠠᠯᠪᠢᠭᠠᠳ | ᠰᠠᠯᠬᠢᠨ ᠲᠤᠤᠷ᠎ᠠ ᠨᠢ ᠬᠠᠪᠬ᠎ᠠ ᠵᠡᠬᠦᠨ᠎ᠡ᠃ ᠨᠠᠮᠤᠷ ᠴᠠᠭ ᠤᠨ ᠰᠦᠨᠢ ᠶᠢᠨ ᠰᠠᠯᠬᠢ ᠪᠠᠷᠤᠭ ᠲᠤ ᠪᠠᠨ ᠪᠠᠷᠠᠭᠤᠨ ᠡᠮᠦᠨ᠎ᠡ ᠪᠠᠶᠢᠵᠤ᠂ | ᠲᠠᠯᠪᠢᠭᠰᠠᠨ ᠦᠨᠦᠷ ᠤᠨ ᠢᠶᠠᠨ ᠵᠡᠬᠦᠨ ᠬᠤᠶᠢᠳᠦ ᠲᠠᠯ᠎ᠠ ᠳᠤ ᠬᠠᠪᠬ᠎ᠠ ᠵᠡᠬᠦᠬᠦ ᠲᠤᠬᠢᠶᠠᠯᠳᠤᠯ ᠠᠷᠪᠢᠨ᠃ ᠡᠬᠦᠨ ᠢ ᠦᠨᠦᠷ | ᠲᠠᠯᠪᠢᠵᠤ ᠬᠠᠪᠬ᠎ᠠ ᠵᠡᠬᠦᠬᠦ ᠭᠡᠳᠡᠭ᠃ ᠦᠨᠦᠷ ᠲᠡᠯᠪᠢᠨ ᠬᠦᠷᠦᠭᠡᠯᠡᠵᠦ ᠰᠤᠷᠤᠭᠰᠠᠨ ᠠᠩᠴᠢᠨ ᠭᠠᠭᠴᠠ | ᠰᠠᠷᠬᠢᠨᠠᠭ ᠢᠶᠠᠷ ᠤᠯᠠᠨ ᠬᠦᠷᠦᠭᠡᠰᠦ ᠪᠠᠷᠢᠵᠤ ᠪᠤᠯᠤᠨ᠎ᠠ᠃ ᠦᠨᠦᠷ ᠲᠠᠯᠪᠢᠬᠤ | ᠮᠡᠷᠭᠡᠵᠢᠯ ᠳᠤ ᠠᠩᠴᠢᠨ ᠪᠤᠯᠭᠠᠨ ᠴᠠᠭᠠᠷᠠᠭᠰᠠᠨ ᠪᠠᠶᠢᠳᠠᠭ ᠦᠭᠡᠢ ᠯᠠ ᠳ᠋ᠠ᠃ ᠦᠨᠦᠷ | ᠲᠠᠯᠪᠢᠵᠤ ᠬᠠᠪᠬ᠎ᠠ ᠵᠡᠬᠦᠬᠦ ᠳᠤ ᠭᠠᠵᠠᠷ ᠤᠨ ᠪᠠᠶᠢᠴᠠ ᠶᠢ ᠤᠨᠴᠠ ᠠᠩᠬᠠᠷᠤᠨ ᠵᠡᠭᠡᠷ᠎ᠡ ᠦᠨᠡᠭᠡ ᠶᠢᠨ | ᠢᠷᠡᠬᠦ ᠵᠠᠮ ᠢ ᠲᠤᠰᠬᠤᠭᠤᠯᠬᠤ᠂ ᠴᠠᠰᠤ ᠰᠢᠭᠤᠷᠭᠠᠨ ᠢ ᠵᠠᠪᠳᠤᠬᠤ᠂ ᠰᠠᠯᠬᠢᠨ ᠤ ᠴᠢᠭᠯᠡᠯ ᠢ ᠡᠵᠡᠮᠳᠡᠬᠦ ᠭᠡᠷᠡᠭᠳᠡᠢ ᠪᠠᠶᠢᠳᠠᠭ᠃ | ᠦᠨᠦᠷ ᠲᠠᠯᠪᠢᠵᠤ ᠬᠠᠪᠬ᠎ᠠ ᠵᠡᠬᠦᠭᠰᠡᠨ ᠰᠦᠨᠢ ᠬᠡᠨᠡᠳᠳᠡ ᠰᠠᠯᠬᠢ ᠡᠷᠬᠢᠵᠦ ᠠᠮᠠ ᠪᠠᠨ ᠪᠠᠷᠢᠬᠤ ᠶᠠᠪᠤᠳᠠᠯ ᠴᠦ ᠭᠠᠷᠤᠨ᠎ᠠ᠃ | ᠬᠡᠰᠡᠨ ᠴᠦ ᠬᠠᠪᠬ᠎ᠠ ᠵᠡᠬᠦᠵᠦ ᠴᠠᠭᠠᠷᠠᠭᠰᠠᠨ ᠠᠩᠴᠢᠨ ᠲᠡᠭᠷᠢ ᠶᠢᠨ ᠪᠠᠶᠢᠳᠠᠯ ᠢ ᠰᠠᠶᠢᠳᠤᠷ ᠠᠩᠬᠠᠷᠴᠤ᠂ ᠲᠠᠷᠠ | ᠪᠤᠯᠭᠠᠨ ᠠᠮᠠ ᠪᠠᠨ ᠪᠠᠷᠢᠨ ᠬᠤᠭᠤᠰᠤᠳᠠᠭᠠᠳ ᠪᠠᠶᠢᠬᠤ ᠦᠭᠡᠢ ᠯᠠ ᠳ᠋ᠠ᠃ ᠦᠨᠦᠷ ᠲᠤ ᠬᠠᠪᠬ᠎ᠠ ᠪᠠᠨ ᠤᠨᠤᠴᠠ ᠲᠠᠢ | ᠵᠡᠬᠦᠵᠦ ᠴᠢᠳᠠᠪᠠᠯ ᠵᠡᠭᠡᠷ᠎ᠡ᠂ ᠠᠷᠭᠠᠯᠢ᠂ ᠴᠢᠨ᠋ᠸ᠎ᠠ᠂ ᠦᠨᠡᠭᠡ ᠶᠢᠨ ᠠᠯᠢ ᠨᠢ ᠴᠦ ᠭᠠᠨᠵᠤᠭ᠎ᠠ ᠲᠤᠰᠤᠳᠠᠵᠤ ᠮᠡᠳᠡᠨ᠎ᠡ᠃ | ᠬᠦᠮᠦᠨ ᠠᠴᠠ ᠲᠤᠤᠷᠠᠳᠠᠬᠤ ᠦᠭᠡᠢ ᠤᠬᠠᠭᠠᠨ ᠲᠠᠢ ᠠᠮᠢᠳᠠᠨ ᠪᠠᠰᠠ ᠪᠠᠶᠢᠳᠠᠭ ᠯᠠ ᠳ᠋ᠠ᠃ ᠵᠠᠷᠢᠮ ᠦᠨᠡᠭᠡ
| ᠬᠠᠪᠬ᠎ᠠ ᠮᠠᠯᠳᠠᠵᠤ ᠰᠤᠷᠳᠠᠭ᠃ ᠬᠠᠪᠬ᠎ᠠ ᠮᠠᠯᠳᠠᠵᠤ ᠰᠤᠷᠤᠭᠰᠠᠨ ᠦᠨᠡᠭᠡ ᠬᠠᠪᠬ᠎ᠠ ᠶᠢ ᠲᠠᠯᠢᠮ ᠬᠢᠷᠢᠳᠡᠢ | ᠬᠤᠯᠠ ᠠᠴᠠ ᠮᠠᠯᠳᠠᠭᠰᠠᠭᠠᠷ ᠪᠠᠶᠢᠵᠤ ᠭᠡᠷᠵᠡᠶᠢᠳᠡᠯᠡ ᠭᠠᠷᠭᠠᠴᠢᠬᠠᠭᠠᠳ᠂ ᠲᠠᠯᠪᠢᠭᠰᠠᠨ ᠰᠡᠭ ᠰᠡᠪᠡᠰᠦ ᠶᠢ | ᠪᠦᠬᠦᠳᠡ ᠶᠢ ᠨᠢ ᠢᠳᠡᠴᠢᠭᠡᠭᠡᠳ ᠠᠷᠢᠯᠤᠭᠰᠠᠨ ᠪᠠᠶᠢᠳᠠᠭ᠃ ᠬᠠᠪᠬ᠎ᠠ ᠮᠠᠯᠳᠠᠳᠠᠭ ᠦᠨᠡᠭᠡ ᠶᠢ ᠪᠠᠷᠢᠬᠤ ᠠᠷᠭ᠎ᠠ ᠪᠠᠰᠠ ᠪᠤᠢ᠃ | ᠦᠨᠡᠭᠡᠨ ᠤ ᠮᠠᠯᠳᠠᠵᠤ ᠭᠠᠷᠭᠠᠭᠰᠠᠨ ᠬᠠᠪᠬᠠᠨ ᠤ ᠦᠯᠢᠢ ᠳᠤ ᠬᠢᠳᠤᠭ᠎ᠠ ᠪᠤᠶᠤ ᠲᠡᠮᠦᠷ ᠤᠨ ᠵᠦᠢᠯ ᠪᠤᠯᠠᠭᠠᠳ ᠬᠠᠪᠬ᠎ᠠ ᠪᠠᠨ | ᠵᠢᠭᠠᠬᠠᠨ ᠰᠢᠯᠵᠢᠬᠦᠯᠦᠭᠡᠳ ᠪᠤᠯᠠᠪᠠᠯ ᠦᠨᠡᠭᠡ ᠬᠢᠳᠤᠭ᠎ᠠ ᠪᠤᠶᠤ ᠲᠠᠮᠤᠷ ᠤᠨ ᠵᠦᠢᠯ ᠢ ᠮᠠᠯᠳᠠᠵᠤ ᠭᠠᠷᠭᠠᠨ | ᠰᠠᠨᠠᠭ᠎ᠠ ᠨᠢ ᠠᠮᠤᠷᠠᠭᠠᠳ ᠬᠠᠮᠢᠶ᠎ᠠ ᠨᠠᠮᠢᠶ᠎ᠠ ᠦᠭᠡᠢ ᠬᠦᠶᠦᠵᠦ ᠰᠡᠭ ᠰᠡᠪᠡᠰᠦ ᠢᠳᠡᠨ | ᠬᠠᠪᠬᠠᠨ ᠳᠤ ᠭᠡᠨᠡᠳᠡᠭᠳᠡᠨ ᠤᠷᠤᠳᠠᠭ᠃ ᠦᠮᠡᠬᠡᠢ ᠡᠪᠡᠰᠦ᠂ ᠴᠢᠳᠦᠷ ᠡᠪᠡᠰᠦᠨ ᠳᠤ ᠵᠡᠭᠡᠷ᠎ᠡ ᠴᠤᠭᠯᠠᠨ᠎ᠠ᠃ | ᠲᠡᠶᠢᠮᠦ ᠠᠴᠠ ᠦᠮᠡᠬᠡᠢ ᠡᠪᠡᠰᠦ᠂ ᠴᠢᠳᠦᠷ ᠡᠪᠡᠰᠦ ᠡᠯᠪᠡᠭ ᠭᠠᠵᠠᠷ ᠬᠠᠪᠬ᠎ᠠ ᠵᠡᠬᠦᠵᠦ ᠭᠠᠭᠴᠠ ᠬᠤᠶᠠᠷ ᠵᠡᠬᠡᠷ᠎ᠡ ᠪᠠᠷᠢᠵᠤ ᠪᠤᠯᠳᠠᠭ᠃ | ᠡᠨᠡ ᠨᠢ ᠠᠩᠴᠢᠳ ᠤᠨ ᠲᠦᠭᠡᠮᠡᠯ ᠭᠡᠷᠡᠭᠯᠡᠬᠦ ᠠᠷᠭ᠎ᠠ ᠪᠢᠰᠢ᠃ ᠲᠦᠷᠪᠡ᠂ ᠴᠤᠪᠤᠭ᠎ᠠ ᠳᠤ ᠬᠠᠪᠬ᠎ᠠ ᠵᠡᠬᠦᠬᠦ | ᠵᠡᠭᠡᠷ᠎ᠡ ᠪᠤᠯᠠᠭ ᠱᠠᠩᠳᠠ᠂ ᠨᠠᠭᠤᠷ ᠵᠠᠳᠠᠭᠠᠢ ᠳᠤ ᠬᠦᠶᠦᠬᠦ ᠳᠤ ᠪᠠᠨ ᠦᠷᠬᠦᠯᠵᠢ ᠨᠢᠬᠡ ᠮᠦᠷ ᠢᠶᠠᠷ | ᠴᠤᠪᠤᠵᠤ ᠶᠠᠪᠤᠳᠠᠭ᠃ ᠵᠡᠭᠡᠷ᠎ᠡ ᠶᠢᠨ ᠴᠤᠪᠤᠭᠠᠨ ᠳᠤ ᠬᠠᠪᠬ᠎ᠠ ᠵᠡᠬᠦᠵᠦ ᠵᠡᠭᠡᠷ᠎ᠡ ᠪᠠᠷᠢᠵᠤ ᠪᠤᠯᠤᠨ᠎ᠠ᠃ | ᠴᠤᠪᠤᠭᠠᠨ ᠤ ᠬᠠᠪᠬᠠᠨ ᠳᠤ ᠪᠠᠷᠤᠭ ᠲᠤ ᠪᠠᠨ ᠰᠢᠷᠠᠭᠴᠢᠨ ᠤᠷᠤᠳᠠᠭ ᠪᠤᠯᠬᠤᠷ ᠢᠨᠵᠠᠭ᠎ᠠ ᠲᠠᠢ | ᠰᠢᠷᠠᠭᠴᠢᠨ ᠬᠠᠪᠬᠠᠨ ᠳᠤ ᠤᠷᠤᠬᠤ ᠠᠴᠠ ᠭᠡᠷᠰᠡᠦᠯᠡᠨ ᠵᠡᠭᠡᠷ᠎ᠡ ᠬᠦᠷᠦᠭᠡᠰᠦᠨ ᠤ ᠬᠦᠬᠦᠬᠦᠯ ᠬᠤᠭᠤᠴᠠᠭ᠎ᠠ | ᠪᠤᠶᠤ ᠭᠡᠭᠡᠯ ᠤᠨ ᠬᠤᠭᠤᠴᠠᠭᠠᠨ ᠳᠤ ᠴᠤᠪᠤᠭᠠᠨ ᠳᠤ ᠬᠠᠪᠬ᠎ᠠ ᠵᠡᠬᠦᠳᠡᠭ ᠦᠭᠡᠢ᠃ ᠲᠠᠪᠤ᠂ ᠴᠠᠰᠤᠨ ᠤ | ᠲᠠᠬᠤᠨ ᠳᠤ ᠬᠠᠪᠬ᠎ᠠ ᠵᠡᠬᠦᠬᠦ ᠬᠠᠪᠤᠷ ᠤᠨ ᠲᠠᠷᠴᠢᠭ ᠴᠠᠭ ᠲᠤ ᠮᠢᠬ᠎ᠠ ᠱᠦᠯᠦ ᠬᠤᠪᠤᠷᠳᠠᠪᠠᠯ ᠡᠷᠭᠢ ᠭᠠᠩᠭ᠎ᠠ᠂ | ᠭᠤᠤ ᠵᠢᠯᠠᠭ᠎ᠠ ᠶᠢᠨ ᠮᠤᠬᠤᠷ᠂ ᠤᠷᠪᠤᠭ ᠪᠤᠳᠠᠨ ᠤ ᠨᠦᠮᠦᠷᠢ ᠳᠤ ᠦᠯᠡᠳᠡᠭᠰᠡᠨ ᠴᠠᠰᠤ ᠪᠤᠶᠤ ᠴᠢᠬᠢᠭ ᠲᠠᠢ ᠭᠠᠵᠠᠷ ᠬᠠᠪᠬ᠎ᠠ | ᠪᠤᠯᠠᠵᠤ ᠭᠠᠭᠴᠠ ᠬᠤᠶᠠᠷ ᠡᠴᠡᠩᠬᠡᠢ ᠵᠡᠭᠡᠷ᠎ᠡ ᠪᠠᠷᠢᠳᠠᠭ᠃ ᠡᠬᠦᠨ ᠢ ᠴᠠᠰᠤᠨ ᠤ ᠲᠠᠬᠤᠨ ᠳᠤ ᠬᠠᠪᠬ᠎ᠠ | ᠵᠡᠬᠦᠨ᠎ᠡ ᠭᠡᠳᠡᠭ᠃ ᠡᠨᠡ ᠨᠢ ᠪᠤᠳᠤᠯᠢᠭᠤ ᠬᠦᠷᠦᠭᠡᠴᠢᠨ ᠤ ᠶᠠᠳᠠᠷᠠᠭᠰᠠᠨ ᠠᠷᠭ᠎ᠠ ᠯᠠ ᠳ᠋ᠠ᠃ ᠬᠠᠷᠢᠨ | ᠵᠠᠷᠢᠮ ᠨᠠᠮᠤᠷ ᠡᠷᠳᠡ ᠴᠠᠰᠤ ᠤᠷᠤᠵᠤ᠂ ᠲᠠᠷᠠᠭ᠎ᠠ ᠨᠢ ᠲᠤᠯᠠᠭᠠᠷᠠᠨ ᠲᠠᠯ᠎ᠠ ᠶᠢᠨ ᠴᠠᠰᠤ ᠬᠠᠶᠢᠯᠵᠤ ᠬᠠᠳᠠᠪᠠᠯ | ᠭᠤᠤ ᠵᠢᠯᠠᠭ᠎ᠠ᠂ ᠡᠷᠭᠢ ᠪᠤᠳᠠᠨ ᠤ ᠨᠦᠮᠦᠷᠢ ᠳᠠᠬᠢ ᠴᠠᠰᠤᠨ ᠤ ᠲᠠᠬᠤᠨ ᠳᠤ ᠬᠠᠪᠬ᠎ᠠ ᠵᠡᠬᠦᠵᠦ ᠰᠦᠪᠡᠭᠡ ᠨᠡᠪᠳᠡ | ᠲᠠᠷᠭᠤᠨ ᠤᠭᠤᠨᠤ ᠪᠠᠷᠢᠵᠤ ᠪᠤᠯᠳᠠᠭ᠃ ᠭᠠᠯᠳᠤ ᠫᠤᠤ ᠪᠠᠷ ᠬᠦᠷᠦᠭᠡᠯᠡᠬᠦ ᠠᠪᠤ ᠮᠢᠨᠢ ᠬᠠᠪᠬ᠎ᠠ ᠪᠠᠷ ᠬᠦᠷᠦᠭᠡᠯᠡᠨ᠎ᠡ᠃ | ᠭᠠᠯᠳᠤ ᠫᠤᠤ ᠲᠡᠮᠡᠢ ᠦᠵᠡᠵᠦ ᠬᠠᠷᠠᠵᠤ ᠪᠠᠶᠢᠭᠰᠠᠨ ᠦᠭᠡᠢ ᠪᠢ ᠭᠠᠯᠳᠤ ᠫᠤᠤ ᠶᠢᠨ ᠲᠤᠬᠠᠢ ᠦᠪᠡᠷ ᠤᠨ ᠰᠤᠨᠤᠰᠴᠤ | ᠤᠶᠢᠯᠠᠭᠠᠭᠰᠠᠨ ᠬᠢᠷᠢ ᠪᠠᠷ ᠢᠶᠠᠨ ᠴᠤᠬᠤᠰᠬᠢᠨ ᠲᠤᠷᠠᠳᠤᠶ᠎ᠠ᠃ ᠲᠡᠷᠢ᠂ ᠰᠤᠮᠤ ᠶᠢ | ᠠᠰᠢᠭᠯᠠᠨ ᠠᠩ ᠠᠮᠢᠳᠠᠨ ᠢ ᠫᠤᠤᠳᠠᠵᠤ ᠠᠯᠠᠳᠠᠭ ᠪᠠᠭᠠᠵᠢ ᠶᠢ ᠭᠠᠯᠳᠤ ᠫᠤᠤ ᠭᠡᠨ᠎ᠡ᠃ ᠲᠤᠰᠬᠠᠢ ᠭᠡᠪ ᠲᠤ | ᠲᠤᠭᠤᠯᠭ᠎ᠠ ᠴᠢᠳᠬᠤᠨ ᠭᠠᠯᠳᠤ ᠫᠤᠤ ᠶᠢᠨ ᠰᠤᠮᠤ ᠬᠢᠨ᠎ᠡ᠃ ᠬᠦᠬᠦᠷ᠂ ᠱᠤ᠂ ᠨᠡᠬᠦᠷᠡᠰᠦ ᠪᠠᠷ ᠲᠡᠷᠢ ᠨᠤᠬᠤᠨ᠎ᠠ᠃ | ᠫᠤᠤ ᠶᠢᠨ ᠴᠢᠬᠢᠨ ᠤ ᠲᠡᠷᠢ᠂ ᠴᠡᠨᠡᠭ ᠤᠨ ᠲᠡᠷᠢ ᠬᠤᠪᠢ ᠬᠤᠪᠢᠨ ᠳᠤ ᠪᠠᠨ ᠪᠠᠶᠢᠳᠠᠭ᠃ ᠲᠡᠷᠢ ᠶᠢ ᠨᠡᠷᠢᠬᠠᠨ ᠵᠢᠵᠢᠭ ᠴᠠᠭᠠᠨ | ᠪᠦᠰ ᠭᠡᠦᠳᠡᠢ ᠳᠤ ᠬᠢᠵᠦ ᠪᠠᠭ᠎ᠠ ᠰᠠᠭ᠎ᠠ ᠠᠷᠢᠬᠢ ᠲᠤᠰᠤᠭᠠᠭᠠᠳ ᠰᠠᠯᠠᠭ᠎ᠠ ᠲᠠᠢ ᠮᠤᠳᠤᠨ ᠤ ᠠᠴᠠᠨ ᠳᠤ ᠤᠶᠠᠵᠤ | ᠨᠡᠯᠢᠶᠡᠳ ᠤᠷᠳᠤ ᠬᠤᠭᠤᠴᠠᠭ᠎ᠠ ᠨᠠᠰᠢ ᠴᠠᠰᠢ ᠬᠤᠯᠬᠢᠭᠤᠯᠤᠨ ᠰᠡᠭᠰᠦᠷᠴᠦ ᠬᠤᠨᠤᠭ ᠪᠤᠳᠠᠭ᠎ᠠ ᠰᠢᠭ᠋ ᠵᠢᠵᠢᠭ | ᠮᠦᠬᠦᠯᠢᠭ ᠪᠤᠯᠭᠠᠬᠤ ᠶᠢ ᠲᠡᠷᠢ ᠤᠮᠠᠰᠢᠯᠠᠬᠤ ᠭᠡᠳᠡᠭ᠃ ᠤᠮᠠᠰᠢᠯᠠᠭᠰᠠᠨ ᠲᠡᠷᠢ ᠶᠢ ᠴᠠᠭᠠᠰᠤᠨ ᠲᠡᠭᠡᠷ᠎ᠡ ᠲᠠᠯᠪᠢᠨ | ᠠᠰᠠᠭᠠᠬᠤ ᠳᠤ ᠫᠦᠳ ᠬᠢᠨ ᠲᠡᠭᠡᠭᠰᠢ ᠦᠰᠦᠷᠴᠦ᠂ ᠴᠠᠭᠠᠨ ᠴᠠᠭᠠᠷᠢᠭ ᠭᠠᠷᠴᠤ ᠪᠠᠶᠢᠪᠠᠯ ᠴᠢᠨᠠᠷ | ᠰᠠᠶᠢᠨ ᠲᠡᠷᠢ ᠪᠤᠯᠤᠭᠰᠠᠨ ᠢ ᠭᠡᠷᠡᠴᠢᠯᠡᠨ᠎ᠡ᠃ ᠤᠮᠠᠰᠢᠯᠠᠭᠰᠠᠨ ᠤ ᠲᠠᠷᠠᠭ᠎ᠠ ᠬᠤᠨᠤᠭ ᠪᠤᠳᠠᠭ᠎ᠠ ᠰᠢᠭ᠋ ᠵᠢᠵᠢᠭ | ᠮᠦᠬᠦᠯᠢᠭ ᠪᠤᠯᠵᠤ ᠪᠦᠷᠢᠯᠳᠦᠭᠰᠡᠨ ᠲᠡᠷᠢ ᠶᠢ ᠨᠢ ᠴᠡᠨᠡᠭ ᠤᠨ ᠲᠡᠷᠢ ᠭᠡᠵᠤ᠂ ᠬᠡᠦᠳᠡᠢ ᠶᠢᠨ ᠢᠷᠤᠭᠠᠷ ᠲᠤ | ᠦᠯᠡᠳᠡᠭᠰᠡᠨ ᠨᠤᠨᠳᠠᠭ ᠲᠡᠷᠢ ᠶᠢ ᠨᠢ ᠴᠢᠬᠢᠨ ᠤ ᠲᠡᠷᠢ ᠬᠡᠨ᠎ᠡ᠃ ᠦᠭᠡᠷ ᠤᠨ ᠡᠪᠡᠷ ᠪᠤᠶᠤ | ᠤᠭᠤᠨᠤ ᠶᠢᠨ ᠡᠪᠡᠷ ᠢᠶᠠᠷ ᠬᠢᠭᠰᠡᠨ ᠰᠠᠪᠠᠨ ᠳᠤ ᠴᠡᠨᠡᠭ ᠤᠨ ᠲᠡᠷᠢ ᠪᠠᠨ ᠰᠠᠪᠠᠯᠠᠳᠠᠭ᠃ ᠦᠭᠡᠷ ᠤᠨ | ᠡᠪᠡᠷ ᠤᠨ ᠨᠠᠷᠢᠨ ᠦᠵᠦᠬᠦᠷ ᠲᠤ ᠤᠭᠵᠢᠨ ᠤ ᠬᠦᠬᠦ ᠰᠢᠭ ᠵᠢᠵᠢᠭᠭᠡᠨ ᠢᠯᠬᠢ ᠶᠢ ᠲᠠᠭᠠᠷᠠᠭᠤᠯᠤᠨ ᠤᠶᠤᠵᠤ᠂ | ᠢᠯᠬᠢᠨ ᠲᠤᠯᠤᠮ ᠤᠨ ᠦᠵᠦᠬᠦᠷ ᠲᠤ ᠨᠢ ᠢᠷᠤᠭᠠᠷ ᠢ ᠨᠢ ᠠᠪᠤᠭᠰᠠᠨ ᠰᠤᠮᠤᠨ ᠤ ᠬᠤᠩᠬᠢᠶ᠎ᠠ ᠲᠠᠭᠠᠷᠠᠭᠤᠯᠵᠤ᠂ ᠵᠢᠵᠢᠭᠭᠡᠨ | ᠮᠤᠳᠤ ᠶᠢ ᠰᠤᠮᠤ ᠰᠢᠭ᠋ ᠬᠦᠭᠡᠷᠦᠬᠦᠨ ᠵᠤᠷᠭᠤᠭᠠᠳ ᠰᠤᠮᠤᠨ ᠤ ᠬᠤᠩᠬᠢᠶ᠎ᠠ ᠪᠠᠨ ᠪᠦᠭᠯᠡᠨ᠎ᠡ᠃ ᠦᠬᠡᠷ ᠤᠨ | ᠡᠪᠡᠷ ᠤᠨ ᠪᠦᠳᠦᠬᠦᠨ ᠦᠵᠦᠬᠦᠷ ᠢ ᠲᠤᠭᠤᠢ ᠮᠤᠳᠤ ᠵᠤᠷᠭᠤᠨ ᠲᠠᠭᠯᠠᠳᠠᠭ᠃ ᠫᠤᠤ ᠴᠡᠨᠡᠭᠯᠡᠬᠦ ᠲᠡᠷᠢ ᠶᠢᠨ | ᠭᠡᠮᠵᠢᠶ᠎ᠡ ᠨᠢ ᠫᠤᠤ ᠶᠢᠨ ᠲᠤᠰᠤᠯᠳᠠ ᠶᠢ ᠰᠢᠭᠤᠳ ᠨᠦᠯᠦᠬᠡᠯᠡᠳᠡᠭ ᠠᠴᠠ ᠰᠤᠮᠤᠨ ᠤ | ᠬᠤᠩᠬᠢᠶ᠎ᠠ ᠪᠠᠷ ᠲᠡᠷᠢ ᠶᠢᠨ ᠶᠡᠭᠡ ᠪᠠᠭ᠎ᠠ ᠶᠢ ᠪᠠᠷᠢᠮᠵᠢᠶᠠᠯᠠᠵᠤ ᠭᠠᠯᠳᠤ ᠫᠤᠤ ᠪᠠᠨ ᠴᠡᠨᠡᠭᠯᠡᠨ᠎ᠡ᠃ | ᠵᠡᠭᠡᠷ᠎ᠡ ᠶᠢᠨ ᠴᠢᠮᠦᠭᠡ ᠪᠠᠷ ᠭᠠᠯᠳᠤ ᠫᠤᠤ ᠶᠢ ᠦᠷᠬᠦᠯᠵᠢ ᠲᠤᠰᠤᠯᠠᠵᠤ ᠪᠠᠶᠢᠬᠤ ᠭᠡᠷᠡᠭᠳᠡᠢ᠃ ᠭᠠᠯᠳᠤ ᠫᠤᠤ
| ᠲᠤᠰᠤᠯᠠᠬᠤ ᠳᠤ ᠮᠤᠳᠤᠨ ᠰᠦᠮᠪᠦ ᠭᠡᠷᠡᠭᠯᠡᠨ᠎ᠡ᠃ ᠭᠠᠯᠳᠤ ᠫᠤᠤ ᠶᠢ ᠴᠡᠨᠡᠭᠯᠡᠬᠦ ᠳᠤ ᠤᠷᠢᠳᠠᠪᠠᠷ | ᠫᠤᠤ ᠶᠢᠨ ᠠᠮᠠ ᠪᠠᠷ ᠲᠡᠷᠢ ᠬᠢᠵᠦ᠂ ᠲᠠᠬᠢᠨ ᠬᠢᠭᠰᠡᠨ ᠲᠡᠷᠢ ᠳᠤ ᠪᠠᠨ ᠬᠦᠷᠭᠡᠯ ᠦᠭᠡᠢ ᠫᠤᠤ ᠪᠠᠨ | ᠰᠦᠮᠪᠤᠳᠠᠵᠤ ᠲᠤᠰᠤᠯᠠᠭᠠᠳ ᠲᠤᠭᠤᠯᠭᠠᠨ ᠰᠤᠮᠤ ᠪᠠᠨ ᠬᠢᠵᠦ ᠤᠷᠤᠭᠤᠯᠤᠨ᠎ᠠ᠃ ᠭᠠᠯᠳᠤ | ᠫᠤᠤ ᠶᠢᠨ ᠰᠤᠮᠤᠨ ᠤ ᠰᠠᠪᠠ᠂ ᠲᠡᠷᠢ ᠶᠢᠨ ᠰᠠᠪᠠ᠂ ᠴᠢᠬᠢᠨ ᠤ ᠲᠡᠷᠢ᠂ ᠲᠤᠰᠤᠯᠠᠭᠤᠷ ᠤᠨ ᠰᠠᠪᠠ ᠵᠡᠷᠭᠡ ᠶᠢ | ᠨᠠᠷᠢᠬᠠᠨ ᠰᠤᠷ ᠢᠶᠠᠷ ᠭᠡᠯᠬᠢᠳᠡᠭ᠃ ᠡᠬᠦᠨ ᠢ ᠪᠠᠨ ᠶᠡᠷᠦᠩᠬᠡᠶᠢᠯᠡᠭᠡᠳ ᠬᠤᠳᠠ ᠴᠡᠨᠡᠭ ᠭᠡᠨ᠎ᠡ᠃ ᠲᠡᠭᠡᠷ᠎ᠡ ᠵᠠᠭᠤᠨ ᠤ ᠵᠢᠷᠡ | ᠲᠠᠯᠠᠭᠠᠳ ᠤᠨ ᠪᠤᠯᠳᠠᠯ᠎ᠠ ᠮᠠᠨ ᠤ ᠤᠷᠠᠳᠴᠤᠳ ᠲᠡᠪᠡᠯ ᠲᠡᠷᠯᠢᠭ ᠡᠮᠦᠰᠳᠡᠭ ᠠᠴᠠ ᠠᠩᠴᠢᠳ ᠬᠤᠳᠠ | ᠴᠡᠨᠡᠭ ᠢᠶᠠᠨ ᠲᠤᠰᠬᠠᠢ ᠪᠤᠭᠴᠤ ᠰᠠᠪᠠᠨ ᠳᠤ ᠬᠢᠬᠦ ᠦᠭᠡᠢ ᠬᠠᠷᠢᠨ ᠡᠪᠦᠷᠳᠦᠯᠡᠨᠡ᠃ | ᠪᠢᠴᠢᠬᠠᠨ ᠨᠠᠶᠢᠵᠠ ᠨᠠᠷ ᠮᠢᠨᠢ ᠠᠮᠤᠷ ᠲᠦᠪᠰᠢᠨ ᠢ ᠲᠡᠷᠢᠬᠦᠨ ᠪᠠᠶᠢᠷᠢᠨ ᠳᠤ ᠲᠠᠯᠪᠢᠵᠤ᠂ ᠫᠤᠤ᠂ ᠰᠤᠮᠤ᠂ | ᠲᠡᠷᠢ ᠠᠴᠠ ᠬᠤᠯᠠ ᠪᠠᠶᠢᠭᠠᠷᠠᠢ︕ ᠲᠡᠮᠡᠭᠡ ᠲᠦᠯᠬᠢᠵᠦ ᠫᠤᠤ ᠪᠠᠷ ᠬᠦᠷᠦᠭᠡᠯᠡᠬᠦ ᠲᠡᠮᠡᠭᠡ | ᠤᠯᠠᠨ ᠲᠠᠢ ᠤᠷᠠᠳ ᠭᠤᠪᠢᠴᠦᠳ ᠲᠡᠮᠡᠭᠡ ᠶᠢ ᠠᠩ ᠳᠤ ᠲᠦᠯᠬᠢᠵᠦ ᠰᠤᠷᠭᠠᠨ᠎ᠠ᠃ ᠠᠷᠤ ᠦᠪᠦᠷ᠂ | ᠵᠦᠪ ᠪᠤᠷᠤᠭᠤ ᠠᠯᠢ ᠲᠠᠯ᠎ᠠ ᠳᠤ ᠨᠢ ᠭᠠᠷᠤᠭᠰᠠᠨ ᠴᠦ ᠲᠡᠶᠢᠷᠴᠦ ᠲᠡᠪᠰᠡᠳᠡᠭ ᠦᠭᠡᠢ᠂ ᠪᠤᠷᠠᠨᠳᠠᠭ ᠢ ᠨᠢ ᠴᠢᠷᠦᠬᠦᠯᠦᠨ | ᠤᠷᠬᠢᠭᠰᠠᠨ ᠴᠦ ᠲᠤᠳᠠᠭᠠᠳᠠᠭ ᠦᠭᠡᠢ᠂ ᠠᠴᠢᠵᠤ ᠲᠡᠩᠨᠡᠬᠦ ᠳᠤ ᠨᠤᠮᠤᠬᠠᠨ᠂ ᠰᠡᠪᠡᠰᠦᠯᠡᠵᠦ ᠲᠤᠤᠭᠠᠷᠳᠠᠭ | ᠦᠭᠡᠢ ᠨᠤᠮᠤᠬᠠᠨ ᠲᠡᠮᠡᠭᠡ ᠶᠢ ᠠᠩ ᠳᠤ ᠲᠦᠯᠬᠢᠵᠦ ᠰᠤᠷᠭᠠᠨ᠎ᠠ᠃ ᠲᠦᠯᠬᠢᠵᠦ ᠰᠤᠷᠤᠭᠰᠠᠨ ᠲᠡᠮᠡᠭᠡ ᠫᠤᠤ ᠡᠬᠦᠷᠦᠭᠡᠳ | ᠮᠤᠷᠳᠠᠬᠤ ᠳᠤ ᠠᠩ ᠳᠤ ᠭᠠᠷᠬᠤ ᠨᠢ ᠭᠡᠳᠡᠭ ᠢ ᠮᠡᠳᠡᠵᠦ᠂ ᠲᠤᠯᠤᠭᠠᠢ ᠪᠠᠨ ᠦᠯᠢᠢᠯᠬᠡᠨ ᠴᠢᠬᠢ ᠪᠠᠨ ᠰᠡᠷᠳᠡᠯᠵᠡᠬᠦᠯᠵᠦ᠂ | ᠠᠯᠤᠰ ᠲᠤ ᠬᠠᠷᠠᠭ᠎ᠠ ᠪᠡᠯᠴᠢᠭᠡᠨ᠎ᠡ᠃ ᠠᠩ ᠬᠦᠷᠦᠭᠡᠰᠦᠨ ᠤ ᠪᠠᠷ᠎ᠠ ᠬᠠᠷᠠᠪᠠᠯ ᠰᠢᠭᠤᠳ ᠴᠢᠭᠯᠡᠨ᠎ᠡ᠃ | ᠵᠡᠭᠡᠷ᠎ᠡ ᠬᠦᠷᠦᠭᠡᠰᠦ ᠲᠤᠭᠳᠠᠪᠦᠷᠢ ᠲᠠᠢ ᠢᠳᠡᠰᠢᠯᠡᠵᠦ ᠪᠠᠶᠢᠪᠠᠯ ᠲᠦᠷᠭᠡᠨ ᠲᠦᠷᠭᠡᠨ ᠠᠯᠬᠤᠯᠠᠵᠤ᠂ | ᠵᠡᠭᠡᠷ᠎ᠡ ᠬᠦᠷᠦᠭᠡᠰᠦ ᠡᠰᠢ ᠲᠡᠰᠢ ᠬᠠᠷᠠᠬᠤ ᠪᠤᠶᠤ ᠦᠬᠡᠳᠡ ᠠᠴᠠ ᠨᠢ ᠬᠠᠷᠠᠪᠠᠯ ᠢᠳᠡᠰᠢᠯᠡᠵᠦ | ᠪᠠᠶᠢᠬᠤ ᠪᠠᠷ ᠤᠪᠯᠠᠨ ᠡᠪᠡᠰᠦ ᠪᠤᠳᠠᠨ ᠤ ᠲᠤᠯᠤᠭᠠᠢ ᠰᠢᠬᠦᠷᠦᠨᠡ᠃ ᠲᠦᠯᠬᠢᠵᠦ ᠰᠤᠷᠤᠭᠰᠠᠨ | ᠲᠡᠮᠡᠭᠡ ᠠᠩ ᠬᠦᠷᠦᠭᠡᠰᠦᠨ ᠤ ᠪᠠᠷ᠎ᠠ ᠬᠠᠷᠠᠪᠠᠯ ᠡᠪᠡᠰᠦ ᠪᠤᠳᠠ ᠢᠳᠡᠬᠦ ᠭᠡᠵᠤ ᠶᠠᠭᠠᠷᠠᠬᠤ ᠦᠭᠡᠢ ᠬᠠᠷᠢᠨ | ᠠᠯᠢ ᠪᠤᠯᠬᠤ ᠪᠠᠷ ᠬᠤᠷᠳᠤᠬᠠᠨ ᠠᠩ ᠠᠮᠢᠳᠠᠨ ᠳᠤ ᠤᠶᠢᠷᠠᠳᠬᠤ ᠭᠡᠵᠤ ᠰᠢᠮᠳᠠᠨ᠎ᠠ᠃ ᠲᠡᠮᠡᠭᠡ ᠶᠢ ᠠᠳᠤᠭᠤᠰᠤ ᠭᠡᠵᠤ | ᠪᠠᠰᠤᠬᠤ ᠶᠢᠨ ᠠᠷᠭ᠎ᠠ ᠦᠭᠡᠢ ᠮᠡᠷᠭᠡᠨ ᠠᠮᠢᠳᠠᠨ ᠯᠠ ᠳ᠋ᠠ᠃ ᠲᠡᠮᠡᠭᠡ ᠵᠡᠭᠡᠷ᠎ᠡ ᠬᠦᠷᠦᠭᠡᠰᠦᠨ ᠳᠤ | ᠤᠶᠢᠷᠠᠳᠬᠤ ᠲᠤᠳᠤᠮ ᠡᠪᠡᠰᠦ ᠪᠤᠳᠠ ᠢᠳᠡᠬᠦ ᠳᠤ ᠪᠠᠨ ᠲᠤᠯᠤᠭᠠᠢ ᠬᠦᠵᠦᠬᠦᠦ ᠪᠠᠷ ᠢᠶᠠᠨ ᠡᠵᠡᠨ ᠢᠶᠠᠨ ᠬᠠᠯᠬᠠᠯᠠᠨ᠎ᠠ᠃ | ᠵᠡᠭᠡᠷ᠎ᠡ ᠬᠦᠷᠦᠭᠡᠰᠦᠨ ᠳᠤ ᠫᠤᠤᠳᠠᠵᠤ ᠪᠤᠯᠬᠤᠶᠢᠴᠠ ᠤᠶᠢᠷᠠᠳᠤᠮᠠᠭᠴᠠ ᠵᠤᠷᠢᠭᠤᠳᠠ ᠦᠨᠳᠦᠷᠭᠡᠨ ᠤᠷᠪᠤᠭ ᠪᠤᠳᠠᠨ ᠤ | ᠲᠡᠷᠭᠡᠳᠡᠬᠦᠷ ᠦᠩᠭᠡᠷᠡᠨ᠎ᠡ᠃ ᠲᠡᠮᠡᠭᠡ ᠲᠦᠯᠬᠢᠨ ᠠᠪᠠᠯᠠᠵᠤ ᠰᠤᠷᠤᠭᠰᠠᠨ ᠠᠩᠴᠢᠨ ᠤᠷᠪᠤᠭ | ᠪᠤᠳᠠᠨ ᠤ ᠠᠷᠤ ᠳᠤ ᠪᠡᠶ᠎ᠡ ᠲᠠᠯᠳᠠᠯᠠᠨ ᠬᠤᠴᠤᠷᠤᠭᠠᠳ ᠤᠪᠤᠭ᠎ᠠ ᠬᠠᠷᠠᠭ᠎ᠠ ᠪᠠᠨ ᠨᠡᠶᠢᠯᠡᠬᠦᠯᠦᠨ ᠫᠤᠤᠳᠠᠵᠤ | ᠭᠠᠨᠵᠤᠭ᠎ᠠ ᠮᠢᠯᠢᠶᠠᠨ᠎ᠠ᠃ ᠪᠠᠶ᠎ᠠ ᠲᠠᠯᠳᠠᠯᠠᠬᠤ ᠪᠠᠷ ᠤᠷᠪᠤᠭ ᠪᠤᠳᠠ ᠲᠠᠭᠠᠷᠠᠬᠤ ᠦᠭᠡᠢ ᠪᠤᠯ ᠲᠡᠮᠡᠬᠡᠨ ᠤ | ᠡᠭᠡᠮ ᠪᠤᠶᠤ ᠲᠦᠷᠪᠡᠨ ᠬᠦᠯ ᠲᠤᠤᠭᠤᠷ ᠫᠤᠤᠳᠠᠵᠤ ᠪᠤᠯᠤᠨ᠎ᠠ᠃ ᠬᠡᠬᠦ ᠳᠤ ᠪᠠᠨ ᠫᠤᠤ ᠶᠢᠨ ᠢᠶᠠᠨ ᠠᠮᠠ ᠶᠢ ᠲᠡᠮᠡᠭᠡᠨ ᠤ | ᠪᠡᠶᠡᠨ ᠠᠴᠠ ᠰᠠᠶᠢᠨ ᠦᠩᠬᠡᠷᠡᠭᠡᠵᠦ ᠪᠠᠶᠢᠵᠤ ᠫᠤᠤᠳᠠᠬᠤ ᠦᠭᠡᠢ ᠪᠤᠯ ᠵᠡᠭᠡᠷ᠎ᠡ ᠪᠢᠰᠢ ᠲᠡᠮᠡᠭᠡ ᠪᠠᠨ | ᠠᠩᠨᠠᠴᠢᠬᠠᠭᠰᠠᠨ ᠪᠠᠶᠢᠵᠤ ᠮᠡᠳᠡᠬᠦ ᠶᠤᠮ᠃ ᠲᠦᠯᠬᠢᠵᠦ ᠰᠤᠷᠤᠭᠰᠠᠨ ᠲᠡᠮᠡᠭᠡ ᠠᠩ ᠳᠤ | ᠬᠤᠷᠤᠬᠠᠢ ᠲᠠᠢ ᠪᠤᠯᠤᠨ᠎ᠠ᠃ ᠤᠪᠤᠭ᠎ᠠ ᠬᠠᠷᠠᠭ᠎ᠠ ᠮᠠᠭᠤ ᠨᠠᠶᠢᠯᠠᠵᠤ ᠰᠤᠮᠤ ᠲᠡᠭᠡᠬᠦ ᠪᠤᠶᠤ | ᠭᠠᠵᠠᠷᠳᠠᠨ ᠤᠯᠠᠨ ᠲᠠᠬᠢᠨ ᠬᠤᠭᠤᠰᠤᠳᠠᠪᠠᠯ ᠡᠭᠡᠮ ᠢᠶᠠᠷ ᠢᠶᠠᠨ ᠨᠤᠳᠤᠷᠬᠤ᠂ ᠰᠡᠪᠡᠰᠦᠯᠡᠬᠦ᠂ ᠡᠰᠡᠬᠦᠯ᠎ᠡ | ᠠᠩ ᠬᠦᠷᠦᠭᠡᠰᠦ ᠦᠵᠡᠯ᠎ᠡ ᠴᠦ ᠭᠡᠰᠡᠨ ᠶᠠᠪᠤ ᠶᠠᠳᠠᠨ ᠬᠠᠱᠠᠩᠨᠠᠨᠠ᠃ ᠵᠡᠭᠡᠷ᠎ᠡ ᠶᠢ ᠴᠠᠴᠠᠯᠤᠨ ᠲᠡᠮᠡᠭᠡᠨ ᠤ ᠡᠮᠦᠨ᠎ᠡ | ᠪᠦᠬᠦᠨ ᠠᠴᠠ ᠡᠯᠬᠦᠨ᠎ᠡ᠃ ᠬᠤᠶᠠᠷ ᠭᠤᠷᠪᠠ ᠪᠠᠷ ᠠᠯᠠᠪᠠᠯ ᠲᠡᠮᠡᠭᠡᠨ ᠳᠤ ᠲᠡᠩᠨᠡᠨᠡ᠃ ᠭᠡᠰᠡᠨ ᠴᠦ | ᠠᠩ ᠠᠮᠢᠳᠠᠨ ᠢ ᠤᠯᠠᠨ ᠲᠤᠭ᠎ᠠ ᠪᠠᠷ ᠤᠯᠠᠩᠭᠠᠰᠤᠨ ᠬᠢᠳᠤᠬᠤ ᠶᠢ ᠤᠨᠴᠠ ᠴᠡᠭᠡᠷᠯᠡᠵᠤ᠂ ᠠᠩ ᠬᠦᠷᠦᠭᠡᠨ ᠤ | ᠬᠤᠭᠤᠴᠠᠭᠠᠨ ᠳᠤ ᠬᠠᠮᠢᠭᠠᠨ᠎ᠠ ᠴᠠᠭᠠᠨ᠎ᠠ ᠭᠠᠭᠴᠠ ᠨᠢᠬᠡ ᠶᠢ ᠬᠤᠷᠤᠭᠠᠵᠤ ᠭᠠᠨᠵᠤᠭ᠎ᠠ ᠪᠠᠨ | ᠲᠤᠰᠤᠳᠠᠨ ᠲᠡᠭᠷᠢ ᠶᠢᠨ ᠭᠡᠰᠢᠭ ᠭᠡᠮᠡᠨ ᠵᠠᠯᠪᠠᠷᠢᠳᠠᠭ ᠮᠤᠩᠭᠤᠯᠴᠤᠳ — ᠵᠡᠭᠡᠷ᠎ᠡ ᠬᠦᠷᠦᠭᠡᠰᠦ ᠶᠢ | ᠲᠡᠮᠡᠭᠡᠨ ᠳᠤ ᠲᠡᠩᠨᠡᠬᠦ ᠪᠠᠷ ᠤᠯᠠᠨ ᠲᠤᠭ᠎ᠠ ᠪᠠᠷ ᠠᠯᠠᠵᠤ ᠬᠤᠷᠤᠭᠠᠬᠤ ᠨᠢ ᠲᠤᠩ ᠬᠤᠪᠤᠷ᠃ | ᠤᠷᠠᠳ ᠮᠤᠩᠭᠤᠯᠴᠤᠳ ᠤᠨ ᠢᠶᠠᠨ ᠠᠩ ᠬᠦᠷᠦᠭᠡᠨ ᠤ ᠲᠤᠬᠠᠢ ᠠᠳᠡ ᠬᠦᠷᠳᠡᠯ᠎ᠡ ᠲᠠᠨᠢᠯᠴᠠᠭᠤᠯᠤᠯ᠎ᠠ᠃ ᠠᠩ ᠠᠮᠢᠳᠠᠨ ᠢ | ᠠᠯᠠᠵᠤ ᠬᠤᠷᠤᠭᠠᠵᠤ ᠪᠠᠢ ᠭᠡᠮᠡᠨ ᠠᠷᠭ᠎ᠠ ᠵᠠᠮ ᠢ ᠨᠢ ᠵᠢᠭᠠᠵᠤ ᠪᠠᠶᠢᠭ᠎ᠠ ᠪᠤᠰᠤ ᠬᠠᠷᠢᠨ ᠨᠡᠬᠦᠳᠡᠯᠴᠢᠨ | ᠮᠤᠩᠭᠤᠯᠴᠤᠳ ᠤᠨ ᠢᠶᠠᠨ ᠠᠩ ᠤᠨ ᠰᠤᠶᠤᠯ ᠢ ᠪᠠᠭ᠎ᠠ ᠴᠦ ᠪᠤᠯᠤᠭᠰᠠᠨ | ᠤᠶᠢᠯᠠᠭᠠᠵᠤ ᠮᠡᠳᠡᠭᠡᠰᠡᠢ ᠭᠡᠰᠡᠨ ᠰᠠᠨᠠᠭ᠎ᠠ ᠪᠢᠯᠡ︕ |