ᠰᠢᠨᠡᠯᠠᠮ᠎ᠠ — ᠦᠯᠵᠡᠶᠢᠵᠢᠷᠭᠠᠯ ︵1866 — 1929 ᠤᠨ︶ ᠤᠨ ᠲᠤᠪᠴᠢ ᠨᠠᠮᠳᠠᠷ᠄ 1866 ᠤᠨ ᠤ | 11 ᠰᠠᠷ᠎ᠠ ᠶᠢᠨ 6 ᠤ ᠡᠳᠦᠷ ᠦᠦᠰᠢᠨ ᠬᠤᠰᠢᠭᠤᠨ ᠤ ᠵᠢᠯᠠᠭ᠎ᠠ ᠶᠢᠨ ᠴᠠᠶᠢᠳᠠᠮ ᠬᠡᠬᠦ ᠭᠠᠵᠠᠷ ᠨᠢᠭᠡ ᠮᠠᠯᠴᠢᠨ ᠤ | ᠭᠡᠷ ᠲᠤ ᠲᠦᠷᠦᠵᠡᠢ᠃ ᠬᠠᠷᠠᠬᠠᠨ ᠪᠠᠭ᠎ᠠ ᠠᠷᠪᠠᠨ ᠬᠡᠳᠦᠨ ᠨᠠᠰᠤᠨ ᠠᠴᠠ ᠪᠠᠨ ᠸᠠᠩ ᠤᠨ ᠤᠷᠳᠤᠨ ᠳᠤ | ᠠᠯᠪᠠᠳᠠᠭᠳᠠᠨ ᠬᠦᠨᠳᠦ ᠬᠠᠷ᠎ᠠ ᠠᠵᠢᠯ ᠬᠢᠵᠤ᠂ ᠬᠠᠯᠠ ᠵᠤᠪᠠᠯᠠᠩ ᠠᠮᠰᠠᠨ᠂ ᠬᠤᠵᠢᠮ ᠨᠢ ᠸᠠᠩ ᠤᠨ | ᠤᠷᠳᠤᠨ ᠤ ︽ᠪᠢᠴᠢᠭᠡᠴᠢ︾ ᠪᠠᠷ ᠵᠠᠷᠤᠭᠳᠠᠵᠤ ᠪᠠᠶᠢᠵᠠᠢ᠃ ᠲᠤᠬᠠᠢ ᠶᠢᠨ ᠦᠶ᠎ᠡ ᠳᠤ ᠶᠡᠭᠡ ᠵᠤᠤ | ᠠᠶᠢᠮᠠᠭ ᠤᠨ ᠭᠠᠵᠠᠷ ᠪᠤᠯᠭᠠᠨ ᠳᠤ ᠹᠸᠤᠳᠠᠯ ᠤᠨ ᠲᠠᠷᠤᠯᠠᠯ ᠮᠦᠯᠵᠢᠯ ᠢ ᠡᠰᠡᠷᠬᠦᠴᠡᠬᠦ ᠪᠠᠷ | ︽ᠲᠤᠭᠤᠢᠢᠯᠠᠩ ᠤᠨ ᠬᠦᠳᠡᠯᠭᠡᠭᠡᠨ︾ ᠦᠷᠨᠢᠭᠰᠡᠨ ᠢᠶᠠᠷ ᠦᠯᠵᠡᠶᠢᠵᠢᠷᠭᠠᠯ ᠪᠢᠴᠢᠭᠡᠴᠢ ᠶᠢᠨ | ᠠᠵᠢᠯ ᠢᠶᠠᠨ ᠤᠷᠬᠢᠵᠤ᠂ ᠦᠰᠦ ᠪᠠᠨ ᠬᠤᠰᠤᠭᠰᠠᠨ ᠢᠶᠠᠷ ᠬᠤᠵᠢᠮ ᠨᠢ ︽ᠰᠢᠨᠡᠯᠠᠮ᠎ᠠ︾ ᠬᠡᠮᠡᠨ ᠠᠯᠳᠠᠷᠰᠢᠵᠤ᠂ | ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ︽ᠲᠤᠭᠤᠢᠢᠯᠠᠩ ᠤᠨ ᠬᠦᠳᠡᠯᠭᠡᠭᠡᠨ︾ ᠤ ᠰᠢᠯᠭᠠᠷᠠᠭᠰᠠᠨ | ᠤᠳᠤᠷᠢᠳᠤᠭᠴᠢ ᠪᠤᠯᠵᠤ ᠶᠠᠪᠤᠵᠠᠢ᠃
ᠡᠪᠡᠰᠤ ᠨᠤᠭᠤᠭᠠᠨ ᠤ ᠦᠨᠦᠷ ᠰᠡᠩᠬᠢᠨᠡᠭᠰᠡᠨ ᠦᠥᠰᠢᠨ | ᠨᠤᠳᠤᠭ ᠲᠤ᠂ ᠰᠡᠷ ᠰᠡᠷ ᠰᠠᠯᠬᠢᠨ ᠲᠠᠢ᠂ ᠰᠢᠪᠡᠷ ᠰᠢᠪᠡᠷ ᠪᠤᠷᠤᠭᠠᠨ ᠲᠠᠢ᠂ ᠤᠨᠢᠶᠠᠷ ᠪᠤᠳᠠᠩ ᠬᠦᠰᠢᠭᠯᠡᠭᠰᠡᠨ ᠵᠤᠨ ᠤ | ᠰᠠᠶᠢᠬᠠᠨ ᠤᠯᠠᠷᠢᠯ ᠰᠠᠭᠠᠳᠠᠵᠠᠢ᠃ ᠲᠠᠮᠠᠭᠠᠯᠠᠢ ᠶᠢᠨ ᠴᠠᠶᠢᠳᠠᠮ ᠢᠶᠠᠷ ᠴᠠᠬᠢᠯᠳᠠᠭ ᠤᠳ ᠴᠡᠴᠡᠭ ᠢᠶᠠᠨ | ᠲᠡᠯᠭᠡᠨ ᠲᠠᠯ᠎ᠠ ᠶᠢ ᠪᠦᠷᠬᠦᠳᠡᠯ᠎ᠡ ᠤᠷᠭᠤᠵᠤ᠂ ᠲᠡᠭᠦᠨ ᠤ ᠭᠤᠨᠭ᠍ᠳᠠᠰᠢ ᠦᠬᠡᠢ ᠭᠠᠯᠪᠢᠷᠯᠢᠭ ᠲᠦᠷᠭᠦ ᠨᠢ ᠶᠠᠭ | ᠯᠡ ᠲᠤᠬᠠᠢ ᠶᠢᠨ ᠵᠢᠯ ᠳᠤ ᠪᠠᠶᠢᠯᠳᠤᠵᠤ ᠶᠠᠪᠤᠭᠰᠠᠨ ᠬᠤᠪᠢᠰᠬᠠᠯᠴᠢᠳ ᠤᠨ ᠪᠠᠭᠠᠳᠤᠷᠯᠢᠭ ᠲᠤᠤᠯᠢ ᠶᠢ ᠬᠠᠶᠢᠯᠠᠨ᠂ | ᠠᠮᠢᠵᠢᠷᠠᠯ ᠲᠡᠮᠡᠴᠡᠯ ᠤᠨ ᠰᠢᠨ᠎ᠡ ᠲᠤᠤᠯᠢᠰ ᠢ ᠠᠨᠢᠷ ᠴᠢᠮᠡᠭᠡ ᠦᠬᠡᠢ ᠪᠢᠴᠢᠭᠯᠡᠬᠦ ᠮᠡᠳᠦ᠃ | ᠦᠦᠰᠢᠨ ᠬᠤᠰᠢᠭᠤᠨ ᠤ ᠲᠦᠪ ᠭᠠᠯᠠᠭᠤᠳᠤ ᠪᠠᠯᠭᠠᠰᠤᠨ ᠠᠴᠠ ᠬᠤᠶᠢᠨ᠎ᠠ ᠪᠠᠶᠢᠷᠢᠯᠠᠭ᠎ᠠ ᠰᠢᠨᠡᠯᠠᠮ᠎ᠠ — | ᠦᠯᠵᠡᠶᠢᠵᠢᠷᠭᠠᠯ ᠤᠨ ᠬᠤᠪᠢᠰᠬᠠᠯ ᠤᠨ ᠲᠡᠥᠬᠡ ᠰᠤᠶᠤᠯ ᠤᠨ ᠲᠤᠷᠠᠰᠬᠠᠯ ᠤᠨ | ᠬᠦᠷᠢᠶᠡᠯᠡᠩ ᠳᠤ ᠡᠳᠦᠭᠡ ︽ᠲᠤᠭᠤᠢᠢᠯᠠᠩ ᠤᠨ ᠬᠦᠳᠡᠯᠭᠡᠭᠡᠨ︾ ᠤ ᠰᠢᠯᠭᠠᠷᠠᠭᠰᠠᠨ | ᠤᠳᠤᠷᠢᠳᠤᠭᠴᠢ ᠪᠤᠯᠵᠤ ᠶᠠᠪᠤᠭᠰᠠᠨ ᠰᠢᠨᠡᠯᠠᠮ᠎ᠠ — ᠦᠯᠵᠡᠶᠢᠵᠢᠷᠭᠠᠯ ᠤᠨ ᠬᠠᠭᠤᠴᠢᠨ ᠤᠷᠤᠨ | ᠰᠠᠭᠤᠴᠠ ᠶᠢ ᠰᠢᠨᠡᠳᠭᠡᠵᠤ ᠵᠠᠰᠠᠭᠰᠠᠨ ᠭᠤᠷᠪᠡᠨ ᠪᠠᠶᠢᠰᠢᠩ ᠦᠬᠡᠳᠡ ᠦᠬᠡᠳᠡ ᠪᠠᠨ ᠬᠠᠷᠠᠭᠰᠠᠨ ᠪᠠᠶᠢᠷᠢᠰᠢᠯ ᠲᠠᠢ᠃ | ᠬᠦᠷᠢᠶᠡᠨ ᠤ ᠡᠬᠦᠳᠡ ᠶᠢ ᠠᠰᠯᠠᠵᠤ ᠪᠠᠶᠢᠷᠢᠰᠢᠭᠰᠠᠨ ᠭᠤᠤᠯ ᠪᠠᠶᠢᠰᠢᠩ ᠳᠤ ᠤᠷᠤᠬᠤ ᠳᠤ ᠦᠯᠵᠡᠶᠢᠵᠢᠷᠭᠠᠯ ᠤᠨ ᠭᠠᠥᠯᠢᠨ | ᠬᠦᠷᠦᠭ ᠰᠠᠭᠠᠳᠠᠵᠤ᠂ ᠬᠦᠷᠦᠭ ᠤᠨ ᠠᠷᠤ ᠳᠤ ᠲᠤᠬᠠᠢ ᠶᠢᠨ ᠵᠢᠯ ᠳᠤ ᠲᠤᠭᠤᠢᠢᠯᠠᠩ ᠤᠨ ᠬᠦᠳᠡᠯᠭᠡᠭᠡᠨ ᠳᠤ | ᠤᠷᠤᠯᠴᠠᠭᠰᠠᠨ ᠬᠤᠪᠢᠰᠬᠠᠯᠴᠢᠳ ᠤᠨ ᠨᠡᠷ᠎ᠡ ᠶᠢ ᠲᠡᠮᠳᠡᠭᠯᠡᠭᠰᠡᠨ ᠪᠢᠴᠢᠭᠡᠰᠦ ᠶᠢ ᠲᠦᠷᠪᠡᠯᠵᠢᠨ | ᠰᠢᠯ ᠢᠶᠠᠷ ᠭᠠᠳᠠᠷᠯᠠᠵᠤ ᠬᠠᠶᠠᠭ᠎ᠠ ᠲᠦᠰᠢᠬᠦᠯᠵᠤ ᠲᠠᠯᠪᠢᠭᠰᠠᠨ ᠬᠠᠷᠠᠭᠳᠠᠨ᠎ᠠ᠃ ᠵᠡᠬᠦᠨ ᠲᠠᠯ᠎ᠠ ᠶᠢᠨ | ᠬᠠᠨᠵᠤᠨ ᠲᠡᠭᠡᠷ᠎ᠡ ᠲᠤᠬᠠᠢ ᠶᠢᠨ ᠵᠢᠯ ᠤᠳ ᠲᠤ ᠰᠢᠨᠡᠯᠠᠮ᠎ᠠ — ᠦᠯᠵᠡᠶᠢᠵᠢᠷᠭᠠᠯ ᠤᠨ ᠭᠡᠷᠡᠭᠯᠡᠵᠤ ᠵᠠᠷᠤᠵᠤ | ᠪᠠᠶᠢᠭᠰᠠᠨ ᠪᠢᠴᠢᠭ ᠤᠨ ᠰᠢᠷᠡᠭᠡ᠂ ᠲᠤᠰᠤᠨ ᠳ᠋ᠧᠩ᠂ ᠵᠡᠰ ᠲᠠᠪᠤᠷ᠎ᠠ ᠵᠡᠷᠭᠡ ᠨᠢ ᠲᠤᠭᠤᠢᠢᠬᠠᠨ ᠬᠡᠪᠳᠡᠵᠤ᠂ | ᠲᠤᠳᠤᠷ ᠦᠷᠦᠭᠡᠨ ᠤ ᠬᠠᠨᠵᠤᠨ ᠲᠡᠭᠡᠷ᠎ᠡ ᠲᠡᠪᠢᠰᠴᠦ ᠪᠠᠶᠢᠭᠰᠠᠨ ᠢᠰᠡᠭᠡᠢ ᠨᠢ ᠦᠵᠦᠭᠦᠷ ᠲᠤᠯᠤᠭᠠᠢ ᠨᠢ ᠰᠡᠮᠡᠷᠡᠭᠰᠡᠨ ᠬᠠᠷᠠᠭᠳᠠᠵᠤ᠂ | ᠬᠡᠳᠦ᠋ᠢᠪᠡᠷ ᠵᠠᠭᠤ ᠭᠠᠷᠤᠢ ᠵᠢᠯ ᠤᠨ ᠲᠡᠥᠬᠡ ᠶᠢ ᠡᠯᠡᠭᠡᠭᠰᠡᠨ ᠪᠤᠯᠪᠠᠴᠦ ᠬᠡᠷ ᠲᠤᠳᠤᠷᠠᠬᠢ ᠶᠠᠭᠤᠮ᠎ᠠ ᠪᠦᠬᠦᠨ ᠤ ᠦᠡᠭᠭᠡ ᠲᠦᠷᠬᠦ᠂ | ᠦᠨᠦᠷ ᠲᠠᠨᠢᠷ ᠲᠡᠷᠡ ᠯᠡ ᠬᠡᠪ ᠢᠶᠠᠷ ᠢᠶᠠᠨ ᠬᠠᠳᠠᠭᠠᠯᠠᠭᠳᠠᠨ ᠦᠯᠡᠳᠡᠵᠤ᠂ ᠦᠵᠡᠭᠰᠡᠨ ᠬᠦᠮᠦᠨ ᠪᠤᠯᠭᠠᠨ ᠳᠤ ᠦᠨᠢ | ᠡᠷᠳᠡᠨ ᠤ ᠦᠶ᠎ᠡ ᠳᠤ ᠦᠷᠳᠡᠭᠡᠯᠡᠭᠡᠳ ᠬᠦᠷᠦᠭᠰᠡᠨ ᠮᠡᠳᠦ ᠲᠦᠷᠦᠭᠳᠡᠯ ᠤᠯᠭᠤᠬᠤ ᠨᠢ ᠭᠠᠶᠢᠬᠠᠮᠰᠢᠭ᠃ | ᠪᠤᠰᠤᠳ ᠬᠤᠶᠠᠷ ᠲᠠᠰᠤᠯᠭ᠎ᠠ ᠪᠠᠶᠢᠰᠢᠩ ᠳᠤ ᠰᠢᠨᠡᠯᠠᠮ᠎ᠠ — ᠦᠯᠵᠡᠶᠢᠵᠢᠷᠭᠠᠯ ᠤᠨ ᠨᠠᠮᠳᠠᠷ ᠲᠡᠥᠭᠡ᠂ ᠲᠤᠭᠤᠢᠢᠯᠠᠩ ᠤᠨ | ᠬᠦᠳᠡᠯᠭᠡᠭᠡᠨ ᠤ ᠲᠠᠨᠢᠯᠴᠠᠭᠤᠯᠭ᠎ᠠ᠂ ᠲᠤᠬᠠᠢ ᠶᠢᠨ ᠴᠠᠭ ᠤᠨ ᠪᠠᠶᠢᠯᠳᠤᠭᠠᠨ ᠠᠵᠢᠯᠯᠠᠭᠠᠨ ᠢ ᠦᠰᠦᠭ ᠵᠢᠷᠤᠭ᠂ ᠦᠯᠡᠳᠡᠭᠳᠡᠯ | ᠡᠳ᠋ ᠤᠨ ᠬᠡᠯᠪᠡᠷᠢ ᠪᠠᠷ ᠲᠤᠪᠴᠢ ᠲᠤᠳᠤᠷᠠᠭᠤᠨ ᠲᠠᠶᠢᠯᠪᠤᠷᠢᠯᠠᠵᠠᠢ᠃ ᠲᠤᠷᠠᠰᠬᠠᠯ ᠤᠨ ᠬᠦᠷᠢᠶᠡᠯᠡᠩ ᠤᠨ | ᠪᠠᠷᠠᠭᠤᠨ ᠡᠮᠦᠨ᠎ᠡ 200 ᠮᠧᠲᠷ ᠤᠨ ᠵᠠᠢ ᠳᠤ ᠲᠤᠬᠠᠢ ᠶᠢᠨ ᠵᠢᠯ ᠳᠤ ᠹᠸᠤᠳᠠᠯ ᠤᠨ ᠸᠠᠩ ᠬᠦᠩ ᠨᠠᠷ᠂ | ᠦᠯᠵᠡᠶᠢᠵᠢᠷᠭᠠᠯ ᠤᠨ ᠦᠴᠢᠭ ᠢ ᠨᠢ ᠲᠤᠰᠢᠶᠠᠯᠭᠠᠵᠤ ᠦᠨᠡᠨ ᠢ ᠨᠢ ᠬᠡᠯᠡᠬᠦᠯᠬᠦ ᠬᠡᠮᠡᠨ | ᠤᠶᠠᠵᠤ ᠲᠡᠬᠦᠵᠢᠯᠡᠨ ᠲᠠᠮᠤᠯᠠᠵᠤ ᠪᠠᠶᠢᠭᠰᠠᠨ ᠬᠦᠭᠰᠢᠨ ᠬᠠᠶᠢᠯᠠᠰᠤ ᠡᠳᠦᠬᠡ ᠦᠡᠭᠭᠡ ᠶᠢᠨ ᠬᠠᠳᠠᠭ ᠢᠶᠠᠷ ᠲᠦᠭᠦᠷᠴᠤ᠂ | ᠲᠡᠥᠬᠡ ᠶᠢᠨ ᠦᠨᠡᠨ ᠢ ᠦᠬᠡ ᠲᠠᠭᠤᠨ ᠦᠬᠡᠢ ᠰᠢᠪᠡᠨᠡᠬᠦ ᠮᠡᠳᠦ ᠰᠡᠬᠦ᠋ᠢᠨ ᠰᠦᠨᠳᠡᠷᠯᠡᠭᠰᠡᠭᠡᠷ ᠁ ᠮᠦᠨ ᠴᠦ | ᠬᠤᠪᠢᠰᠬᠠᠯᠴᠢ ᠪᠠᠭᠠᠳᠤᠷ ᠤᠨ ᠢᠶᠠᠨ ᠦᠯᠡᠮᠵᠢ ᠭᠠᠪᠢᠶ᠎ᠠ ᠵᠢᠳᠬᠦᠯ ᠢ ᠦᠶ᠎ᠡ ᠶᠢᠨ ᠦᠶ᠎ᠡ ᠳᠤ | ᠲᠤᠷᠠᠰᠬᠠᠨ ᠲᠡᠮᠳᠡᠭᠯᠡᠬᠦ ᠶᠢᠨ ᠲᠤᠯᠠᠳᠠ ᠦᠤᠰᠢᠨ ᠬᠤᠰᠢᠭᠤᠨ ᠤ ᠠᠷᠠᠳ ᠤᠨ ᠵᠠᠰᠠᠭ ᠤᠨ | ᠤᠷᠳᠤᠨ ᠠᠴᠠ 1984 ᠤᠨ ᠳᠤ ᠬᠤᠰᠢᠭᠤᠨ ᠲᠦᠪ ᠭᠠᠯᠠᠭᠤᠳᠤ ᠪᠠᠯᠭᠠᠰᠤᠨ ᠳᠤ ︽ᠰᠢᠨᠡᠯᠡᠮᠠ ᠶᠢᠨ | ᠲᠤᠷᠠᠰᠬᠠᠯ ᠤᠨ ᠰᠤᠪᠤᠷᠭ᠎ᠠ︾ ᠶᠢ ᠪᠠᠶᠢᠭᠤᠯᠤᠭᠰᠠᠨ ᠪᠠᠶᠢᠳᠠᠭ᠃ ︽ᠬᠠᠰ ᠡᠷᠳᠡᠨᠢ ᠨᠢ ᠬᠠᠶᠠᠭᠠᠨ ᠴᠢᠨᠡᠬᠡᠨ | ᠵᠤᠵᠠᠭᠠᠨ ᠤᠷᠭᠤᠪᠠᠴᠦ᠂ ᠬᠠᠭᠠᠯᠤᠭᠠᠳ ᠠᠪᠴᠦ ᠬᠡᠷᠡᠭᠯᠡᠬᠦ ᠦᠬᠡᠢ ᠪᠤᠯ ᠬᠠᠰ ᠪᠢᠰᠢ ᠴᠢᠯᠠᠭᠤ ᠬᠡᠳᠡᠭ᠃ | ᠬᠠᠭᠤᠴᠢᠨ ᠴᠠᠭ ᠤᠨ ᠦᠯᠢᠭᠡᠷ ᠤᠴᠢᠷ ᠢ ᠬᠡᠵᠢᠶᠡᠳᠡ ᠪᠠᠨ ᠬᠡᠯᠡᠬᠦ ᠦᠬᠡᠢ ᠪᠤᠯ ᠬᠠᠷᠬᠢᠰ ᠵᠢᠷᠤᠮ ᠢᠶᠠᠷ | ᠶᠠᠪᠤᠭᠰᠠᠨ ᠨᠢ ᠬᠡᠵᠢᠶᠡᠳᠡ ᠪᠠᠯᠠᠷᠬᠠᠢ︾ ᠭᠡᠳᠡᠭ ᠢᠶᠠᠷ ᠠᠭᠤᠤ ᠶᠡᠭᠡ ᠬᠤᠪᠢᠰᠬᠠᠯᠴᠢ ᠪᠠᠭᠠᠳᠤᠷ — | ᠦᠯᠵᠡᠶᠢᠵᠢᠷᠭᠠᠯ ᠢ ᠦᠨᠢᠳᠡ ᠲᠤᠷᠠᠰᠴᠦ ᠰᠠᠨᠠᠭᠠᠯᠵᠠᠬᠤ ᠨᠢ ᠶᠠᠭᠤᠳᠠᠢ ᠡᠷᠬᠢᠮ︕ |