| | [ ᠠᠭᠤᠯᠭ᠎ᠠ ᠶᠢᠨ ᠲᠣᠪᠴᠢ ] ᠲᠤᠰ ᠦᠭᠦᠯᠡᠯ ᠳᠤ ᠲᠧᠯᠸᠢᠰ ᠤᠨ ᠣᠷᠴᠢᠭᠤᠯᠭ᠎ᠠ ᠲᠤᠮᠳᠠᠬᠢ ᠬᠢᠲᠠᠳ ᠦᠰᠦᠭ ᠢ | ᠰᠢᠭᠤᠳ ᠣᠷᠴᠢᠭᠤᠯᠬᠤ ᠪᠤᠶᠤ ᠪᠣᠷᠣᠭᠤ ᠣᠷᠴᠢᠭᠤᠯᠵᠤ ᠪᠠᠶᠢᠬᠤ ᠦᠵᠡᠭᠳᠡᠯ ᠢ ᠵᠠᠳᠠᠯᠵᠦ᠂ ᠤᠷᠴᠢᠭᠤᠯᠭ᠎ᠠ ᠶᠢᠨ | ᠠᠵᠢᠯ ᠳᠤ ᠠᠩᠬᠠᠷᠬᠤ ᠴᠢᠬᠤᠯᠠᠳᠠᠢ ᠠᠰᠠᠭᠤᠳᠠᠯ ᠤᠨ ᠲᠠᠯ᠎ᠠ ᠪᠠᠷ ᠲᠦᠭᠦᠮ ᠦᠬᠦᠯᠡᠭᠰᠡᠨ ᠪᠠᠶᠢᠨ᠎ᠠ᠃ | [ ᠵᠠᠩᠭᠢᠯᠠᠭ᠎ᠠ ᠶᠢᠨ ᠦᠭᠡ ] ᠲᠧᠯᠸᠢᠰ᠂ ᠣᠷᠴᠢᠭᠤᠯᠭ᠎ᠠ᠂ ᠠᠰᠠᠭᠤᠳᠠᠯ ᠨᠢᠭᠡ᠂ ᠲᠧᠯᠸᠢᠰ ᠤᠨ | ᠣᠷᠴᠢᠭᠤᠯᠭ᠎ᠠ ᠶᠢᠨ ᠴᠢᠬᠤᠯᠠ ᠴᠢᠨᠠᠷ ᠲᠧᠯᠸᠢᠰ ᠪᠣᠯ ᠲᠦᠢᠯ ᠤᠨ ᠥᠷᠭᠡᠨ | ᠳᠡᠯᠭᠡᠷ ᠨᠥᠯᠥᠭᠡ ᠲᠠᠢ ᠰᠣᠨᠢᠨ ᠮᠡᠳᠡᠭᠡᠨ ᠤ ᠵᠠᠭᠤᠴᠢ ᠮᠥᠨ᠂ ᠮᠠᠯᠵᠢᠬᠤ ᠲᠠᠷᠢᠶᠠᠯᠠᠬᠤ ᠣᠷᠣᠨ ᠤ | ᠬᠠᠮᠤᠭ ᠤᠨ ᠦᠷᠭᠡᠨ ᠮᠡᠳᠡᠭᠡ ᠵᠠᠩᠭᠢ ᠶᠢᠨ ᠠᠴᠢᠶᠠᠯᠠᠪᠤᠷᠢ ᠪᠣᠯᠤᠨ ᠰᠣᠶᠣᠯ ᠴᠡᠩᠭᠡᠯ ᠤᠨ ᠪᠠᠭᠠᠵᠢ ᠮᠦᠨ᠃ | ᠡᠶᠢᠮᠦ ᠠᠴᠠ ᠲᠧᠯᠸᠢᠰ ᠤᠨ ᠤᠷᠴᠢᠭᠤᠯᠭ᠎ᠠ ᠶᠢᠨ ᠡᠭᠦᠷᠭᠡ ᠦᠢᠯᠡᠳᠦᠯ ᠢ ᠡᠷᠬᠡᠪᠰᠢ ᠰᠠᠶᠢᠳᠤᠷ ᠪᠠᠳᠠᠷᠠᠭᠤᠯᠬᠤ ᠨᠢ ᠴᠠᠭ | ᠲᠤᠬᠠᠢ ᠳᠤᠨᠢ ᠵᠥᠪ ᠣᠨᠣᠪᠴᠢᠲᠠᠶ᠂ ᠤᠢᠢᠯᠠᠭᠠᠮᠵᠢᠳᠠᠢ᠂ ᠳᠥᠭᠦᠮ ᠳᠥᠲᠡ ᠣᠷᠴᠢᠭᠤᠯᠵᠤ | ᠨᠠᠮ ᠤᠨ ᠱᠤᠭᠤᠮ᠂ ᠴᠢᠭᠯᠡᠯᠲᠡ᠂ ᠲᠦᠷᠦ ᠶᠢᠨ ᠪᠣᠳᠣᠯᠭ᠎ᠠ᠂ ᠲᠡᠷᠢᠭᠦᠨ ᠤ ᠰᠣᠶᠣᠯ ᠪᠠ ᠰᠢᠨᠵᠢᠯᠡᠬᠦ ᠤᠬᠠᠭᠠᠨ | ᠮᠡᠷᠭᠡᠵᠢᠯ ᠢ ᠥᠷᠭᠡᠨ ᠢᠶᠠᠷ ᠤᠬᠠᠭᠤᠯᠤᠨ ᠲᠠᠯᠭᠡᠷᠡᠬᠦᠯᠵᠤ᠂ ᠪᠦᠬᠦ ᠠᠷᠠᠳ ᠤᠨ ᠬᠡᠪ ᠴᠢᠨᠡᠷ ᠢ ᠲᠡᠭᠡᠭᠰᠢᠯᠡᠬᠦᠯᠬᠦ᠂ ᠠᠵᠤ | ᠠᠬᠤᠢ ᠨᠡᠶᠢᠭᠡᠮ ᠤᠨ ᠬᠦᠭᠵᠢᠯ ᠲᠠᠪᠰᠢᠯᠳᠠ ᠶᠢ ᠠᠬᠢᠭᠤᠯᠬᠤ ᠳᠤ ᠮᠠᠰᠢ ᠴᠢᠬᠤᠯᠠ ᠦᠢᠯᠡᠳᠦᠯ ᠲᠠᠢ᠃ ᠡᠨᠡ | ᠤᠳᠬ᠎ᠠ ᠠᠴᠠ ᠠᠪᠴᠤ ᠬᠡᠯᠡᠪᠡᠯ᠂ ᠲᠧᠯᠸᠢᠰ ᠤᠨ ᠣᠷᠴᠢᠭᠤᠯᠭ᠎ᠠ ᠪᠣᠯ ᠨᠠᠮ ᠵᠠᠰᠠᠭ᠂ ᠮᠦᠨ ᠴᠤ | ᠦᠨᠳᠦᠰᠦᠲᠡᠨ ᠤ ᠬᠡᠯᠡ ᠪᠢᠴᠢᠭ ᠤᠨ ᠠᠵᠢᠯ ᠤᠨ ᠴᠢᠬᠤᠯᠠ ᠪᠦᠷᠢᠯᠳᠦᠬᠦᠨ ᠬᠡᠰᠡᠭ ᠮᠥᠨ᠃ | ᠬᠤᠶᠠᠷ᠂ ᠲᠧᠯᠸᠢᠰ ᠤᠨ ᠣᠷᠴᠢᠭᠤᠯᠭ᠎ᠠ ᠳᠤ ᠣᠷᠣᠰᠢᠵᠤ ᠪᠠᠶᠢᠭ᠎ᠠ ᠠᠰᠠᠭᠤᠳᠠᠯ 1. ᠬᠢᠲᠠᠳ ᠦᠭᠡ ᠶᠢ ᠰᠢᠭᠤᠤᠨ | ᠣᠷᠴᠢᠭᠤᠯᠬᠤ ᠠᠰᠠᠭᠤᠳᠠᠯ ᠠᠷᠪᠢᠨ ᠢᠯᠡᠷᠡᠵᠤ ᠪᠣᠢ᠃ ᠰᠢᠭᠤᠳ ᠣᠷᠴᠢᠭᠤᠯᠬᠤ ᠶᠢᠨ ᠭᠤᠣᠯ ᠴᠢᠮᠦᠭᠡ | ᠪᠣᠯ ︽ᠣᠨᠣᠪᠴᠢᠲᠠᠢ︾ ᠪᠣᠯᠣᠨ᠎ᠠ᠂ ᠣᠷᠴᠢᠭᠤᠯᠬᠤ ᠬᠡᠯᠡᠨ ᠤ ᠳᠦᠷᠢᠮ ᠭᠤᠷᠢᠮ ᠢ ᠮᠦᠷᠳᠡᠬᠦ ᠪᠣᠯ ᠡᠩ ᠲᠡᠷᠢᠭᠦᠨ ᠤ | ᠦᠨᠳᠦᠰᠦᠨ ᠰᠠᠭᠤᠷᠢ ᠠᠰᠠᠭᠤᠳᠠᠯ ᠶᠣᠮ ᠭᠡᠵᠦ ᠪᠢ ᠦᠵᠡᠨ᠎ᠡ᠃ ᠪᠢᠳᠡ ᠬᠢᠲᠡᠳ ᠢ ᠮᠣᠩᠭᠤᠯ ᠢᠶᠠᠷ | ᠣᠷᠴᠢᠭᠤᠯᠬᠤ ᠳᠠᠭᠠᠨ ᠬᠢᠲᠡᠳ ᠬᠡᠯᠡᠨ ᠤ ᠦᠭᠡ ᠪᠠ ᠰᠡᠳᠬᠢᠭᠦᠢ ᠶᠢᠨ ᠨᠦᠯᠦᠭᠡ ᠶᠢ | ᠬᠠᠯᠢᠨ ᠲᠠᠪᠠᠵᠦ ᠮᠣᠩᠭᠤᠯ ᠬᠡᠯᠡᠨ ᠤ ᠪᠠᠨ ᠰᠡᠳᠬᠢᠭᠦᠢ ᠪᠠᠷ ᠡᠩ ᠲᠡᠷᠢᠭᠦᠨ ᠳᠤ ᠮᠣᠩᠭᠤᠯ ᠦᠭᠡᠨ ᠤ | ᠦᠭᠡᠰ ᠤᠨ ᠰᠠᠩ ᠠᠴᠠ ᠣᠣᠯ ᠦᠭᠡᠨ ᠤ ᠣᠳᠬ᠎ᠠ ᠳᠤ ᠨᠡᠶᠢᠴᠡᠬᠦ ᠠᠯᠢ ᠣᠨᠣᠪᠴᠢᠲᠠᠢ ᠦᠭᠡ ᠶᠢ | ᠰᠤᠩᠭᠤᠬᠤ ᠪᠦᠭᠡᠳ ᠮᠣᠩᠭᠤᠯ ᠬᠡᠯᠡᠨ ᠤ ᠳᠦᠷᠢᠮ᠂ ᠠᠪᠢᠶᠠᠨ ᠵᠦᠢ᠂ ᠬᠡᠯᠡᠨ ᠵᠦᠢ᠂ ᠦᠭᠦᠯᠡᠪᠦᠷᠢ ᠵᠦᠢ᠂ | ᠨᠡᠶᠢᠷᠠᠭᠤᠯᠭᠠ ᠵᠦᠢ ᠳᠤ ᠨᠡᠶᠢᠴᠡᠬᠦᠯᠵᠦ ᠤᠷᠴᠢᠭᠤᠯᠬᠤ ᠶᠣᠰᠣᠲᠠᠢ᠃ ᠣᠳᠣ ᠶᠢᠨ ᠨᠡᠶᠢᠲᠡᠮ ᠣᠷᠣᠰᠢᠵᠦ ᠪᠠᠶᠢᠭ᠎ᠠ | ᠠᠰᠠᠭᠤᠳᠠᠯ ᠪᠣᠯ ᠣᠷᠴᠢᠭᠤᠯᠬᠤ ᠳᠠᠭᠠᠨ ᠤᠭ ᠬᠡᠯᠡᠨ ᠤ ᠪᠠᠨ ᠦᠭᠡ ᠪᠠ ᠰᠡᠳᠬᠢᠬᠦᠢ ᠳᠤᠨᠢ ᠬᠡᠳᠦ | ᠪᠠᠷᠢᠭᠳᠠᠵᠦ ᠲᠡᠭᠦᠨ ᠠᠴᠠ ᠰᠠᠯᠵᠦ ᠴᠢᠳᠠᠬᠤ ᠦᠭᠡᠢ ᠪᠠᠶᠢᠭ᠎ᠠ ᠶᠠᠪᠤᠳᠠᠯ ᠪᠤᠯᠤᠨ᠎ᠠ᠃ | 2. ᠮᠣᠩᠭᠤᠯ ᠬᠡᠯᠡᠨ ᠤ ᠪᠠᠨ ᠲᠠᠯ᠎ᠠ ᠠᠴᠠ ᠠᠪᠴᠦ ᠬᠡᠯᠡᠭᠰᠡᠨ ᠴᠦ ᠦᠭᠡᠰ ᠤᠨ ᠰᠠᠩ ᠠᠴᠠ ᠣᠨᠣᠪᠴᠢᠲᠠᠢ ᠦᠭᠡ | ᠡᠷᠢᠨ ᠱᠦᠬᠦᠵᠦ᠂ ᠦᠭᠡ ᠨᠠᠶᠢᠷᠠᠯᠭ᠎ᠠ ᠶᠢ ᠲᠣᠩᠭᠠᠨ ᠰᠢᠷᠭᠠᠭᠠᠬᠤ ᠶᠠᠪᠣᠳᠠᠯ ᠴᠠᠯᠠᠭᠠᠶᠢᠳᠠᠵᠦ ᠪᠠᠶᠢᠨ᠎ᠠ᠃ | ᠣᠷᠴᠢᠭᠤᠯᠪᠡᠯ ᠪᠣᠯᠴᠢᠬᠠᠨ᠎ᠠ ᠭᠡᠰᠡᠨ ᠰᠢᠭ᠋ ᠨᠠᠷᠢᠪᠴᠢᠯᠠᠨ ᠰᠡᠳᠬᠢᠬᠦ ᠦᠭᠡᠢ᠂ ᠵᠠᠷᠢᠮ ᠨᠢ ᠮᠡᠳᠡᠪᠡᠴᠦ | ᠶᠠᠷᠰᠢᠭ ᠭᠡᠳ ᠬᠠᠰᠢ ᠶᠠᠰᠢ ᠬᠠᠷᠢᠭᠤᠴᠠᠯᠭ᠎ᠠ ᠦᠭᠡᠢ ᠬᠠᠨᠳᠤᠵᠦ ᠪᠣᠢ᠃ ᠬᠠᠷᠢᠭᠤᠴᠠᠯᠭ᠎ᠠ ᠦᠭᠡᠢ ᠪᠠᠶᠢᠬᠤ ᠨᠢ ᠰᠣᠶᠣᠯ ᠢᠶᠠᠨ | ᠳᠠᠯᠬᠢᠳᠠᠬᠤ ᠵᠦᠭ ᠶᠠᠪᠣᠵᠣ ᠪᠠᠶᠢᠬᠤ ᠶᠢᠨ ᠢᠯᠡᠷᠡᠯ ᠬᠠᠨᠳᠣᠰᠢ ᠮᠦᠨ᠃ ᠨᠢᠭᠡ ᠪᠦᠯᠦᠭ ᠬᠦᠮᠦᠰ ᠨᠢ | ᠠᠮᠢᠳᠣᠯᠢᠭ ᠮᠣᠩᠭᠤᠯ ᠦᠭᠡᠰ ᠤᠨ ᠰᠠᠩ ᠪᠠᠶᠢᠬᠤ ᠦᠭᠡᠢ ᠪᠤᠯᠬᠤᠷ ᠲᠣᠯᠢ ᠪᠢᠴᠢᠭ ᠠᠴᠠ ᠦᠭᠡ | ᠬᠠᠶᠢᠵᠤ ᠪᠠᠶᠢᠨ᠎ᠠ᠃ ᠦᠨᠡᠨ ᠳᠡᠭᠡᠨ ᠮᠠᠨ ᠤ ᠠᠮᠢᠳᠦ ᠶᠠᠷᠢᠶᠠᠨ ᠤ ᠬᠡᠯᠡ ᠪᠣᠯ ᠵᠢᠩᠬᠢᠨᠢ ᠠᠷᠠᠳ ᠲᠦᠮᠡᠨ ᠤ | ᠲᠤᠮᠳᠠ ᠠᠴᠠ ᠢᠷᠡᠳᠡᠭ᠂ ᠮᠣᠩᠭᠤᠯ ᠠᠮᠢᠳᠣᠷᠠᠯ ᠲᠠᠢ᠂ ᠮᠣᠩᠭᠤᠯ ᠰᠡᠳᠬᠢᠭᠦᠢ ᠲᠠᠢ ᠮᠠᠯᠴᠢᠨ | ᠲᠠᠷᠢᠶᠠᠴᠢᠨ ᠪᠦᠬᠦᠢ ᠦᠨᠳᠦᠰᠦᠨ ᠱᠠᠲᠣᠨ ᠠᠴᠠ ᠯᠠ ᠢᠷᠡᠳᠡᠭ᠃ ᠶᠠᠮᠠᠷ ᠨᠢᠭᠡᠨ ᠭᠠᠵᠠᠷ ᠣᠷᠣᠨ᠂ | ᠤᠷᠤᠨ ᠨᠤᠳᠤᠭ ᠬᠤᠪᠢᠶᠠᠵᠦ᠂ ︽ᠡᠨᠡ ᠨᠢ ᠲᠡᠳᠡᠨ ᠤ ᠦᠭᠡ᠂ ᠲᠡᠷᠡ ᠨᠢ ᠪᠢᠳᠡᠨ ᠤ ᠦᠭᠡ︾ ᠭᠡᠵᠦ | ᠬᠤᠪᠢᠶᠠᠭᠰᠡᠨ ᠤ ᠬᠡᠷᠡᠭ ᠦᠭᠡᠢ᠂ ᠮᠣᠩᠭᠤᠯ ᠦᠭᠡᠨ ᠳᠤ ᠨᠢᠭᠡ ᠯᠠ ᠬᠡᠯᠡᠨ ᠵᠦᠢ ᠪᠠᠶᠢᠳᠠᠭ᠂ | ᠭᠠᠭᠴᠠᠬᠠᠨ ᠰᠣᠩᠭᠤᠳᠠᠭ ᠪᠢᠴᠢᠭ ᠤᠨ ᠬᠡᠯᠡ ᠪᠠᠶᠢᠳᠠᠭ ᠶᠤᠮ᠃ | 3. ᠣᠯᠠᠨ ᠤ ᠮᠡᠳᠡᠭᠡᠵᠢ ᠪᠠᠷ᠂ ᠤᠷᠴᠢᠭᠤᠯᠭ᠎ᠠ ᠳᠤ ᠪᠠᠰᠠ ᠤᠷᠴᠢᠭᠤᠯᠬᠤ ᠲᠦᠷᠢᠮ ᠭᠤᠷᠢᠮ᠂ ᠵᠠᠷᠴᠢᠮ ᠬᠡᠵᠦ ᠪᠤᠢ᠃ | ᠵᠢᠱᠢᠶᠡᠯᠡᠪᠡᠯ ︽姐妹饭店︾ ᠢ ︽ᠵᠢᠶᠧ ᠮᠸᠢ ᠬᠤᠭᠤᠯᠠᠨ ᠭᠡᠷ︾ ᠭᠡᠵᠦ᠂ ︽温馨提示 | ︾ ᠭᠡᠲᠡᠭ ᠢ ︽ᠸᠧᠨ ᠰᠢᠨ ᠰᠠᠨᠠᠭᠤᠯᠤᠮᠵᠢ︾ ᠭᠡᠵᠦ ᠤᠷᠴᠢᠭᠤᠯᠤᠭᠰᠠᠨ ᠬᠠᠷᠠᠭᠳᠠᠨ᠎ᠠ᠃ ᠲᠤᠰ ᠵᠢᠱᠢᠶᠠᠨ ᠳᠤ ᠰᠢᠭᠤᠳ | ᠠᠪᠢᠶᠠᠴᠢᠯᠠᠨ ᠤᠷᠴᠢᠭᠤᠯᠬᠤ ᠠᠷᠭ᠎ᠠ ᠶᠢ ᠬᠡᠷᠡᠭᠯᠡᠭᠰᠡᠨ ᠨᠢ ᠤᠤᠯ ᠦᠭᠡᠨ ᠤ ᠤᠳᠬ᠎ᠠ ᠶᠢ ᠨᠢ ᠪᠠᠯᠠᠷᠬᠠᠢ ᠪᠤᠯᠭᠠᠵᠠᠢ᠃ | ᠡᠭᠦᠨ ᠢ ︽ᠡᠭᠡᠴᠢ ᠲᠡᠭᠦᠦ ᠶᠢᠨ ᠬᠤᠭᠤᠯᠠᠨ ᠭᠡᠷ︾᠂ ︽ᠤᠷᠢᠨᠰᠠᠭ ᠰᠠᠨᠠᠭᠤᠯᠤᠮᠵᠢ︾ ᠭᠡᠵᠦ ᠤᠷᠴᠢᠭᠤᠯᠪᠠᠯ᠂ | ᠬᠤᠶᠠᠷ ᠲᠠᠯ᠎ᠠ ᠶᠢᠨ ᠨᠠᠪᠳᠡᠷᠡᠯᠴᠡᠭᠡ ᠪᠠ ᠤᠢᠢᠯᠠᠭᠠᠯᠳᠠ ᠶᠢᠨ ᠲᠠᠯ᠎ᠠ ᠶᠢᠨ ᠬᠠᠷᠰᠢ ᠰᠠᠭᠠᠳ ᠢ ᠠᠷᠢᠯᠭᠠᠴᠢᠬᠠᠨᠠ᠃ | 4. ᠪᠣᠷᠣᠭᠤ ᠤᠷᠴᠢᠭᠤᠯᠵᠤ ᠲᠠᠰᠢᠶ᠎ᠠ ᠪᠢᠴᠢᠭᠰᠡᠨ ᠦᠵᠡᠭᠳᠡᠯ ᠪᠠᠶᠢᠨ᠎ᠠ᠃ ᠭᠤᠤᠯᠴᠢ ᠪᠠᠷ ᠬᠡᠯᠡᠬᠦ ᠳᠤ᠂ ᠬᠦᠮᠦᠰ ᠤᠨ | ᠭᠦᠴᠦ ᠬᠦᠲᠡᠯᠮᠦᠷᠢ ᠤᠷᠤᠭᠤᠯᠵᠤ ᠪᠠᠶᠢᠬᠤ ᠶᠢ ᠨᠢ ᠦᠨᠡᠯᠡᠬᠦᠰᠢᠲᠠᠢ᠃ ᠭᠡᠪᠡᠴᠦ ᠬᠢᠲᠠᠳ ᠤᠨ ᠬᠡᠪᠰᠢᠭᠰᠡᠨ ᠬᠡᠯᠡᠯᠭᠡ ᠳᠤ | ︽ᠪᠠᠷᠰ ᠠᠪᠤᠭᠠᠢ ᠴᠤ ᠲᠤᠭᠬᠢᠭᠠᠳ ᠠᠪᠲᠠᠭ ᠶᠤᠮ ᠴᠢᠨᠢ︾ ᠭᠡᠲᠡᠭ ᠢᠶᠠᠷ᠂ ᠲᠡᠷᠡ ᠪᠦᠬᠦᠲᠡ ᠶᠢ ᠰᠢᠯᠭᠠᠨ ᠪᠠᠶᠢᠴᠠᠭᠠᠵᠤ᠂ | ᠵᠠᠰᠠᠵᠤ ᠵᠠᠯᠠᠷᠠᠭᠤᠯᠤᠭᠠᠳ ᠠᠮᠵᠢᠲᠠᠭ ᠦᠭᠡᠢ ᠴᠤ ᠪᠤᠯᠤᠯᠲᠠᠢ᠂ ᠠᠲᠡᠬᠦᠦ ᠤᠷᠴᠢᠭᠤᠯᠤᠬᠰᠠᠨ᠂ ᠲᠠᠰᠢᠶ᠎ᠠ ᠪᠢᠴᠢᠭᠰᠡᠨ | ᠭᠠᠵᠠᠷ ᠬᠠᠶᠠ ᠬᠠᠷᠠᠭᠲᠠᠭᠠᠳ ᠪᠠᠶᠢᠨ᠎ᠠ᠃ | | ᠬᠡᠳᠦ᠋ᠢᠪᠡᠷ ᠣᠷᠴᠢᠭᠤᠯᠭ᠎ᠠ ᠶᠢᠨ ᠲᠣᠬᠠᠢ ᠲᠣᠲᠣᠷᠬᠠᠢ ᠲᠣᠭᠲᠠᠭᠠᠭᠰᠡᠨ ᠣᠯᠠᠨ ᠳᠦᠷᠢᠮ ᠵᠡᠷᠴᠢᠮ ᠪᠣᠶᠣ | ᠡᠷᠳᠡᠮᠲᠡᠳ ᠮᠡᠷᠭᠡᠳ ᠠᠴᠠ ᠵᠢᠱᠢᠶᠡᠯᠡᠵᠦ ᠵᠢᠭᠠᠭᠰᠠᠨ ᠨᠤᠮ ᠦᠭᠦᠯᠡᠯ ᠣᠯᠠᠨ ᠪᠠᠶᠢᠪᠠᠴᠦ ᠬᠦᠮᠦᠰ | ᠡᠭᠦᠨ ᠢ ᠦᠨᠳᠦᠰᠦᠯᠡᠨ ᠬᠢᠴᠢᠶᠠᠵᠦ ᠮᠦᠷᠳᠡᠬᠦ ᠶᠡᠪᠣᠳᠠᠯ ᠲᠣᠩ ᠬᠤᠪᠣᠷ ᠪᠠᠶᠢᠨ᠎ᠠ᠃ ᠲᠡᠷᠡ ᠮᠥᠷᠲᠡᠭᠡᠨ | ᠣᠳᠣ ᠶᠢᠨ ᠶᠡᠭᠡᠩᠬᠢ ᠵᠠᠯᠠᠭᠤᠴᠣᠳ ᠮᠣᠩᠭᠤᠯ ᠭᠠᠵᠠᠷ ᠦᠰᠴᠦ ᠮᠣᠩᠭᠤᠯ ᠢᠶᠠᠷ ᠰᠣᠷᠴᠦ ᠠᠵᠢᠯ ᠤᠨ | ᠪᠠᠶᠢᠷᠢᠨ ᠳᠤ ᠭᠠᠷᠣᠭᠰᠡᠨ ᠪᠣᠯᠪᠠᠴᠦ ᠮᠣᠩᠭᠤᠯ ᠬᠡᠯᠡ ᠶᠢ ᠲᠡᠶᠢᠮᠦ ᠭᠦᠨ ᠭᠦᠨᠵᠡᠭᠡᠢ ᠰᠠᠶᠢᠨ | ᠰᠣᠷᠣᠭᠰᠡᠨ ᠦᠭᠡᠢ᠂ ᠬᠢᠲᠠᠳ ᠬᠡᠯᠡᠨ ᠤ ᠨᠦᠯᠦᠭᠡ ᠶᠢ ᠶᠡᠭᠡ ᠬᠦᠷᠳᠡᠭᠰᠡᠨ ᠠᠴᠠ ᠰᠢᠯᠳᠠᠭᠠᠯᠠᠵᠤ | ᠲᠡᠭᠡᠷᠡᠬᠢ ᠮᠡᠳᠤ ᠰᠢᠭᠤᠳ ᠤᠷᠴᠢᠭᠤᠯᠬᠤ ᠪᠤᠶᠤ ᠪᠣᠷᠣᠭᠤ ᠣᠷᠴᠢᠭᠤᠯᠬᠤ ᠦᠵᠡᠭᠳᠡᠯ ᠣᠯᠠᠨ ᠭᠠᠷᠴᠤ ᠪᠠᠶᠢᠨ᠎ᠠ᠃ | | ᠤᠷᠴᠢᠭᠤᠯᠭ᠎ᠠ ᠪᠤᠯ ᠬᠤᠶᠠᠷ ᠵᠦᠢᠯ ᠤᠨ ᠠᠳᠠᠯᠢ ᠪᠤᠰᠤ ᠤᠯᠤᠰ ᠦᠨᠳᠤᠰᠤᠳᠡᠨ ᠤ ᠰᠤᠶᠤᠯ ᠤᠨ ᠬᠤᠭᠤᠷᠤᠨᠳᠤᠬᠢ | ᠬᠠᠷᠢᠯᠴᠠᠭᠠᠨ ᠤ ᠬᠦᠬᠦᠷᠭᠡ ᠪᠤᠶᠤ ᠨᠢᠭᠡ ᠤᠯᠤᠰ ᠦᠨᠳᠤᠰᠤᠳᠡᠨ ᠤ ᠦᠭᠡ ᠬᠡᠯᠨ ᠶᠢ | ᠪᠤᠰᠤᠳ ᠤᠯᠤᠰ ᠦᠨᠳᠤᠰᠤᠳᠡᠨ ᠤ ᠦᠭᠡ ᠬᠡᠯᠨ ᠪᠠᠷ ᠢᠯᠡᠳᠭᠡᠬᠦ ᠶᠠᠪᠤᠳᠠᠯ ᠪᠤᠯᠬᠤ ᠶᠤᠮ᠃ ᠮᠤᠩᠭᠤᠯ | ᠤᠷᠴᠢᠭᠤᠯᠭ᠎ᠠ ᠶᠢᠨ ᠦᠢᠯᠡᠰ ᠴᠤ ᠦᠨᠢ ᠤᠳᠠᠭᠠᠨ ᠲᠡᠦᠭᠡ ᠲᠠᠢ ᠶᠤᠮ᠃ | ᠲᠧᠯᠸᠢᠰ ᠤᠨ ᠣᠷᠴᠢᠭᠤᠯᠭ᠎ᠠ ᠶᠢᠨ ᠠᠵᠢᠯᠲᠠᠨ ᠪᠣᠯᠤᠭᠰᠠᠨ ᠤ ᠬᠤᠪᠢ ᠳᠤ᠂ ᠣᠷᠴᠢᠭᠤᠯᠭ᠎ᠠ ᠶᠢᠨ | ᠮᠡᠷᠭᠡᠵᠢᠯ ᠢ ᠡᠵᠡᠮᠰᠢᠵᠦ᠂ ᠬᠤᠶᠠᠷ ᠵᠦᠢᠯ ᠤᠨ ᠦᠭᠡ ᠬᠡᠯᠡ᠂ ᠰᠡᠳᠬᠢᠬᠦᠶ ᠶᠢᠨ ᠤᠨᠴᠠᠯᠢᠭ ᠲᠤ ᠰᠠᠭᠤᠷᠢᠯᠠᠵᠦ᠂ | ᠬᠤᠶᠠᠷ ᠵᠦᠢᠯ ᠤᠨ ᠰᠣᠶᠣᠯ ᠤᠨ ᠤᠯᠠᠮᠵᠢᠯᠠᠯ᠂ ᠰᠡᠳᠬᠢᠬᠦᠶ ᠶᠢᠨ ᠳᠠᠳᠬᠠᠯ ᠪᠠ ᠢᠯᠡᠳᠬᠡᠬᠦ ᠠᠷᠭ᠎ᠠ ᠮᠠᠶ᠋ᠢᠭ ᠢ | ᠢᠯᠡᠷᠡᠭᠦᠯᠬᠦ ᠶᠢᠨ ᠬᠠᠮᠲᠤ ᠦᠢᠯᠡᠳᠦᠯᠭᠡ ᠶᠢᠨ ᠳᠤᠮᠳᠠ ᠮᠠᠯᠴᠢᠨ ᠲᠠᠷᠢᠶᠠᠴᠢᠨ | ᠲᠦᠮᠡᠨ ᠤ ᠤᠢᠢᠯᠠᠭᠠᠬᠤ ᠴᠢᠳᠠᠪᠤᠷᠢ ᠶᠢ ᠦᠨᠳᠦᠰᠦᠯᠡᠨ᠂ ᠣᠷᠴᠢᠭᠤᠯᠭ᠎ᠠ ᠶᠢ ᠠᠯᠢ ᠴᠢᠳᠠᠬᠤ ᠪᠠᠷ | ᠤᠢᠢᠯᠠᠭᠠᠮᠵᠢᠳᠠᠢ ᠣᠷᠴᠢᠭᠤᠯᠬᠤ ᠶᠤᠰᠤᠳᠠᠢ᠃ ᠣᠷᠴᠢᠭᠤᠯᠭ᠎ᠠ ᠨᠢ ᠬᠤᠶᠠᠷ | ᠦᠨᠳᠦᠰᠦᠲᠡᠨ ᠤ ᠬᠤᠭᠤᠷᠣᠨᠳᠣᠬᠢ ᠰᠣᠶᠣᠯ ᠤᠨ ᠰᠣᠯᠢᠯᠴᠠᠭ᠎ᠠ ᠪᠠ ᠬᠥᠭᠵᠢᠯᠲᠡ ᠶᠢ ᠠᠬᠢᠭᠤᠯᠳᠠᠭ | ᠪᠣᠯᠬᠤᠷ ᠵᠠᠪᠠᠯ ᠬᠠᠷᠢᠭᠤᠴᠠᠯᠭᠠᠳᠤ ᠰᠡᠳᠬᠢᠯᠭᠡ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠵᠣᠬᠢᠶᠠᠯ | ᠪᠦᠲᠦᠭᠡᠯ ᠤᠨ ᠳᠣᠲᠣᠷᠠᠬᠢ ᠦᠨᠳᠦᠰᠦᠲᠡᠨ ᠤ ᠠᠬᠤᠶ ᠪᠠᠶᠢᠳᠠᠯ ᠠᠴᠠ ᠡᠭᠦᠰᠴᠦ᠂ ᠵᠣᠬᠢᠶᠠᠯ | ᠪᠦᠲᠦᠭᠡᠯ ᠤᠨ ᠭᠦᠨ ᠭᠦᠨᠵᠡᠭᠡᠶ ᠠᠭᠤᠯᠤᠭᠳᠠᠬᠤᠨ ᠢ ᠡᠵᠡᠮᠰᠢᠭᠰᠡᠨ ᠤ ᠳᠠᠷᠠᠭ᠎ᠠ ᠰᠠᠶ᠋ᠢ ᠣᠷᠴᠢᠭᠤᠯᠵᠦ᠂ | ᠣᠯᠠᠨ ᠳᠠᠭᠠᠨ ᠲᠠᠭᠠᠰᠢᠶᠠᠬᠳᠠᠵᠦ ᠮᠡᠳᠡᠷᠡᠭᠳᠡᠭᠰᠡᠨ ᠤᠷᠴᠢᠭᠤᠯᠭ᠎ᠠ ᠪᠠᠷ ᠲᠠᠮᠵᠢᠭᠤᠯᠤᠨ ᠮᠠᠯᠴᠢᠨ ᠲᠠᠷᠢᠶᠠᠴᠢᠳ ᠲᠠᠭᠠᠨ | ᠰᠠᠶᠢᠳᠤᠷ ᠦᠢᠯᠡᠴᠢᠯᠡᠵᠦ᠂ ᠰᠢᠨ᠎ᠠ ᠴᠠᠭ ᠦᠶ᠎ᠠ ᠶᠢᠨ ᠲᠧᠯᠧᠢᠰ ᠤᠨ ᠡᠯ᠎ᠠ ᠵᠦᠢᠯ ᠤᠨ ᠠᠵᠢᠯ | ᠡᠭᠦᠷᠭᠡ ᠪᠠᠨ ᠰᠠᠶᠢᠳᠤᠷ ᠬᠦᠢᠴᠡᠳᠭᠡᠬᠦ ᠳᠡᠭᠡᠨ ᠲᠠᠭᠠᠷᠠᠨ᠎ᠠ᠃ | ︵ᠵᠤᠬᠢᠶᠠᠬᠴᠢ ᠶᠢᠨ ᠬᠠᠶ᠋ᠢᠭ᠄ ᠰᠢᠨᠵᠢᠶᠠᠩ ᠤᠨ ᠪᠠᠶᠠᠨᠭᠤᠤᠯ ᠮᠣᠩᠭᠤᠯ ᠥᠪᠡᠷᠲᠡᠭᠡᠨ ᠵᠠᠰᠠᠬᠤ ᠵᠧᠦ ᠶᠢᠨ | ᠮᠣᠩᠭᠤᠯ ᠬᠡᠯᠡ ᠪᠠᠷ ᠺᠢᠨᠣ᠋ ᠲᠧᠯᠸᠢᠰ ᠵᠦᠴᠦᠬᠡ ᠣᠷᠴᠢᠭᠤᠯᠤᠨ ᠦᠢᠯᠡᠳᠬᠦ ᠲᠦᠪ︶ | | [1] ᠰᠠᠶᠢᠴᠦᠩᠭᠠ᠄ ︽ᠣᠷᠴᠢᠭᠤᠯᠭ᠎ᠠ ᠶᠢᠨ ᠤᠬᠠᠭᠠᠨ ᠤ ᠰᠠᠭᠤᠷᠢ ᠰᠤᠳᠤᠯᠤᠯ︾᠂ ᠥᠪᠦᠷ ᠮᠣᠩᠭᠤᠯ ᠤᠨ | ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ 2017 ᠤᠨ | [2] ᠪᠠᠲᠤᠣ᠋ᠳᠽᠡᠷ᠄ ︽ᠮᠣᠩᠭᠤᠯ ᠬᠢᠲᠠᠳ ᠬᠤᠣᠰ ᠬᠡᠯᠡᠨ ᠤ ᠣᠷᠴᠢᠭᠤᠯᠭ᠎ᠠ ᠶᠢᠨ ᠪᠠᠶᠢᠳᠠᠯ︾᠂ ᠥᠪᠦᠷ | ᠮᠣᠩᠭᠤᠯ ᠤᠨ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ 2018 ᠣᠨ | |
᠁ |