ᠤᠷᠠᠳ ᠨᠤᠳᠤᠭ ᠤᠨ ᠠᠩ ᠤᠨ ᠰᠤᠶᠤᠯ
ᠨᠡᠶᠢᠲᠡᠯᠡᠭᠰᠡᠨ ᠴᠠᠭ᠄
2020/11/19
ᠠᠭᠤᠯᠠ ᠨᠢ ᠴᠡᠩᠭᠡᠷ᠂ ᠤᠰᠤ ᠨᠢ ᠲᠤᠩᠭᠠᠯᠠᠭ᠂ ᠪᠡᠯᠴᠢᠭᠡᠷ ᠨᠢ ᠰᠢᠮᠡᠯᠢᠭ᠂ ᠲᠡᠨᠢᠭᠡᠷ ᠭᠤᠪᠢ ᠨᠤᠳᠤᠭ ᠲᠤ ᠮᠢᠨᠢ ᠠᠩ ᠬᠦᠷᠦᠭᠡᠰᠦ᠂ ᠠᠷᠢᠶᠠᠳᠠᠨ ᠵᠢᠬᠦᠷᠳᠡᠨ ᠤᠯᠠᠨ ᠲᠤᠭ᠎ᠠ ᠪᠠᠷ ᠢᠳᠡᠭᠡᠰᠢᠨ ᠨᠤᠳᠤᠭᠯᠠᠵᠤ᠂ ᠨᠡᠬᠦᠳᠡᠯ ᠰᠤᠶᠤᠯ ᠲᠠᠢ ᠤᠷᠠᠳᠴᠤᠳ ᠤᠨ ᠠᠵᠤ ᠠᠮᠢᠳᠤᠷᠠᠯ ᠳᠤ ᠠᠭᠤᠰᠤᠭᠳᠠᠨ ᠰᠢᠩᠭᠡᠭᠡᠳ ᠤᠷᠠᠳᠴᠤᠳ ᠤᠨ ᠠᠩ ᠤᠨ ᠰᠤᠶᠤᠯ ᠢ ᠡᠬᠦᠳᠴᠡᠢ᠃ ᠠᠩ ᠤᠨ ᠰᠤᠶᠤᠯ ᠨᠢ ᠮᠠᠨ ᠤ ᠨᠡᠬᠦᠳᠡᠯᠴᠢᠨ ᠮᠤᠩᠭᠤᠯᠴᠤᠳ ᠤᠨ ᠦᠶ᠎ᠡ ᠲᠠᠮᠵᠢᠵᠤ ᠢᠷᠡᠭᠰᠡᠨ ᠪᠠᠶᠢᠭᠠᠯᠢ ᠤᠷᠴᠢᠨ ᠲᠠᠢ ᠪᠠᠨ ᠵᠤᠬᠢᠴᠠᠨ ᠠᠮᠢᠳᠤᠷᠠᠬᠤ ᠦᠪᠡᠷᠮᠢᠴᠡ ᠰᠠᠶᠢᠬᠠᠨ ᠰᠤᠶᠤᠯ ᠪᠤᠯᠬᠤ ᠶᠤᠮ᠃
    ᠲᠠᠪᠤᠨ ᠬᠤᠰᠢᠭᠤ ᠮᠠᠯ ᠢᠶᠠᠷ ᠠᠵᠤ ᠠᠮᠢᠳᠤᠷᠠᠯ ᠤᠨ ᠰᠠᠭᠤᠷᠢ ᠪᠤᠯᠭᠠᠭᠰᠠᠨ ᠮᠠᠨ ᠤ ᠤᠷᠠᠳᠴᠤᠳ ᠭᠡᠳᠦᠶᠢᠪᠡᠷ
ᠠᠩᠴᠢᠨ ᠤᠭᠰᠠᠭᠠᠳᠠᠨ ᠪᠢᠰᠢ ᠴᠦ ᠨᠡᠬᠦᠳᠡᠯ ᠰᠤᠶᠤᠯ ᠳᠤ ᠪᠠᠨ ᠵᠤᠬᠢᠴᠠᠭᠰᠠᠨ ᠠᠩ ᠤᠨ ᠰᠤᠶᠤᠯ ᠲᠠᠢ ᠤᠭᠰᠠᠭᠠᠳᠠᠨ ᠪᠤᠯᠬᠤ ᠶᠤᠮ᠃ ᠤᠷᠠᠳᠴᠤᠳ ᠶᠡᠭᠡ ᠲᠦᠯᠦᠪ ᠬᠠᠪᠬ᠎ᠠ᠂ ᠭᠠᠯᠳᠤ ᠫᠤᠤ ᠪᠠᠷ ᠠᠩ ᠬᠦᠷᠦᠭᠡ ᠬᠢᠵᠦ ᠠᠵᠤ ᠠᠮᠢᠳᠤᠷᠠᠯ ᠳᠤ ᠪᠠᠨ ᠲᠤᠰᠠ ᠢᠪᠡᠭᠡᠰᠦ ᠪᠤᠯᠭᠠᠭᠰᠠᠭᠠᠷ ᠢᠷᠡᠵᠡᠢ᠃
    ᠲᠠᠯᠠᠭᠠᠳ
ᠤᠨ ᠤ ᠡᠬᠢ ᠪᠠᠷ ᠲᠦᠷᠭᠡᠨ ᠫᠤᠤ᠂ ᠲᠡᠷᠭᠡ ᠤᠨᠤᠭ᠎ᠠ ᠤᠷᠠᠳ ᠨᠤᠳᠤᠭ ᠲᠤ ᠢᠪᠡᠷᠡᠨ ᠤᠷᠤᠭᠰᠠᠨ ᠪᠠ ᠬᠦᠮᠦᠰ ᠤᠨ ᠠᠯᠠᠯᠭ᠎ᠠ ᠬᠢᠳᠤᠯᠭ᠎ᠠ ᠶᠢᠨ ᠰᠢᠷᠦᠬᠦᠨ ᠲᠠᠭᠠᠷᠢᠯᠳᠠ ᠠᠴᠠ ᠪᠤᠯᠵᠤ ᠠᠷᠢᠶᠠᠳᠠᠨ ᠬᠦᠷᠦᠭᠡᠰᠦ ᠲᠦᠷᠭᠡᠨ ᠬᠤᠷᠳᠤᠴᠠ ᠪᠠᠷ ᠴᠦᠭᠡᠷᠡᠵᠦ᠂ ᠰᠢᠨ᠎ᠡ ᠵᠠᠭᠤᠨ ᠪᠤᠯᠬᠤ ᠳᠤ ᠬᠠᠯᠵᠠᠨ ᠲᠤᠷᠤᠭᠤ᠂ ᠰᠢᠯᠦᠬᠦᠰᠦ᠂ ᠲᠠᠷᠪᠠᠭ᠎ᠠ᠂ ᠤᠯᠠᠭᠠᠨ ᠢᠮᠠᠭ᠎ᠠ᠂ ᠠᠷᠭᠠᠯᠢ ᠁ ᠮᠡᠳᠦ ᠶᠢᠨ ᠠᠩ ᠠᠮᠢᠳᠠᠨ ᠦᠨᠳᠦᠰᠦ ᠲᠠᠰᠤᠷᠠᠭᠰᠠᠨ ᠪᠠᠶᠢᠳᠠᠯ ᠳᠤ ᠤᠷᠤᠵᠤ᠂ ᠪᠢᠳᠡᠨ ᠤ ᠦᠷ᠎ᠡ ᠬᠤᠶᠢᠴᠢᠰ ᠠᠷᠢᠶᠠᠳᠠᠨ ᠬᠦᠷᠦᠭᠡᠰᠦ ᠶᠢ ᠦᠰᠴᠦ ᠲᠦᠷᠦᠭᠰᠡᠨ ᠨᠤᠳᠤᠭ ᠤᠰᠤᠨ ᠠᠴᠠ ᠪᠠᠨ ᠪᠤᠰᠤ ᠲᠧᠯᠸᠢᠰ ᠠᠴᠠ ᠬᠠᠮᠢᠭᠠᠨ᠎ᠠ ᠴᠠᠭᠠᠨ᠎ᠠ ᠭᠠᠭᠴᠠ ᠨᠢᠬᠡ ᠬᠠᠷᠠᠬᠤ ᠲᠡᠳᠦᠢ ᠪᠤᠯᠵᠠᠢ᠃
    ᠠᠪᠤ ᠮᠢᠨᠢ ︽ᠰᠦᠷᠦᠭ ᠢᠶᠠᠷ ᠮᠠᠯ ᠲᠠᠢ ᠴᠦ ᠪᠠᠷᠢᠮᠳᠠ ᠪᠠᠷ ᠮᠢᠬ᠎ᠠ ᠢᠳᠡᠵᠦ ᠪᠠᠶᠢᠭᠰᠠᠨ
ᠶᠡᠭᠡ ᠲᠤᠭᠤᠭᠠᠨ ᠤ ᠦᠶ᠎ᠡ ᠳᠤ᠂ ᠠᠪᠤ ᠡᠵᠢ᠂ ᠦᠨᠦᠴᠢᠨ ᠨᠢᠯᠵᠠᠷᠠᠢ ᠭᠡᠦᠭᠡᠳ ᠤᠳ ᠲᠤ ᠪᠠᠨ ᠬᠠᠷ᠎ᠠ ᠤᠰᠤ ᠲᠠᠢ ᠪᠤᠳᠠᠭ᠎ᠠ ᠢᠳᠡᠬᠦᠯᠬᠦ ᠦᠭᠡᠢ ᠶᠢᠨ ᠡᠷᠭᠡᠨ ᠳᠤ ᠵᠡᠭᠡᠷ᠎ᠡ᠂ ᠠᠷᠭᠠᠯᠢ ᠠᠯᠠᠳᠠᠭ ᠪᠠᠶᠢᠯ᠎ᠠ᠃ ᠨᠠᠮ᠎ᠠ ᠶᠢ ᠠᠯᠠᠬᠤ ᠶᠢᠨ ᠤᠳᠤᠨ ᠳᠤ ᠲᠦᠷᠦᠭᠰᠡᠨ ᠶᠠᠷᠭᠠᠴᠢᠨ ᠭᠡᠵᠤ ᠭᠡᠯᠡᠭᠰᠡᠨ ᠴᠦ ᠪᠤᠯᠤᠨ᠎ᠠ᠃ ᠭᠡᠯ᠎ᠡ ᠴᠦ ᠤᠷᠠᠳ ᠨᠤᠳᠤᠭ ᠤᠨ ᠮᠢᠨᠢ ᠠᠩ ᠠᠮᠢᠳᠠᠨ ᠢ ᠬᠤᠶᠠᠷ᠂ ᠭᠤᠷᠪᠠᠭ᠋ᠠᠨ ᠬᠠᠷ᠎ᠠ ᠬᠠᠪᠬ᠎ᠠ ᠲᠠᠢ ︿ᠬᠠᠷ᠎ᠠ ᠬᠦᠦ﹀ ᠪᠢ ᠠᠯᠠᠭᠠᠳ ᠪᠠᠷᠠᠬᠤ ᠶᠤᠮ ᠪᠢᠰᠢ ᠬᠠᠷᠢᠨ ᠲᠦᠷᠭᠡᠨ ᠫᠤᠤ᠂ ᠵᠢᠶᠧᠹᠠᠩ ᠲᠡᠷᠭᠡ᠂ ᠴᠠᠯᠢᠩ ᠪᠠᠭ᠎ᠠ ᠲᠠᠢ ᠭᠠᠨᠪᠦ᠋ ᠭᠤᠷᠪᠠ ᠯᠠ ᠪᠠᠷᠠᠭᠰᠠᠨ ᠳ᠋ᠠ︾ ᠭᠡᠵᠤ ᠦᠪᠡᠷ ᠢ ᠪᠠᠨ ᠴᠠᠭᠠᠪᠦᠷᠢᠯᠠᠭᠠᠳ᠂ ᠠᠩ ᠬᠦᠷᠦᠭᠡᠨ ᠤ ᠲᠤᠬᠠᠢ ᠨᠡᠯᠢᠶᠡᠳ ᠵᠦᠢᠯ ᠢ ᠲᠡᠮᠳᠡᠭᠯᠡᠨ ᠠᠪᠴᠢᠷᠠᠵᠤ ᠦᠭᠬᠦ ᠳᠤ ᠪᠠᠨ ︽ᠬᠠᠪᠬ᠎ᠠ ᠶᠢ ᠭᠠᠵᠠᠷ ᠲᠤ ᠵᠡᠬᠦᠬᠦ ︵ᠪᠤᠯᠠᠬᠤ︶ ᠠᠮᠠᠷᠬᠠᠨ ᠴᠦ ᠴᠠᠭᠠᠰᠤᠨ ᠳᠤ ᠵᠡᠬᠦᠬᠦ ᠭᠡᠴᠡᠬᠦᠦ ᠯᠠ ᠶᠤᠮ ᠪᠠᠶᠢᠨ᠎ᠠ︾ ᠭᠡᠪᠡ᠃
    ᠠᠪᠤ ᠮᠢᠨᠢ ᠭᠠᠵᠠᠷ ᠲᠤ
ᠬᠠᠪᠬ᠎ᠠ ᠵᠡᠬᠦᠵᠦ ᠵᠡᠬᠡᠷ᠎ᠡ ᠬᠦᠷᠦᠭᠡᠰᠦ ᠪᠠᠷᠢᠨ ᠠᠩ ᠤᠨ ᠰᠤᠶᠤᠯ ᠢ ᠪᠦᠳᠦᠭᠡᠵᠦ ᠶᠠᠪᠤᠭᠰᠠᠨ ᠪᠤᠯ ᠪᠢ ᠴᠠᠭᠠᠰᠤᠨ ᠳᠤ ᠬᠠᠪᠬ᠎ᠠ ᠵᠡᠬᠦᠵᠦ ᠤᠷᠠᠳᠴᠤᠳ ᠤᠨ ᠢᠶᠠᠨ ᠠᠩ ᠤᠨ ᠰᠤᠶᠤᠯ ᠢ ᠲᠡᠮᠳᠡᠭᠯᠡᠨ ᠬᠤᠶᠢᠴᠢ ᠦᠶ᠎ᠡ ᠶᠢᠨ ᠬᠢᠨ ᠳᠤ ᠪᠠᠭ᠎ᠠ ᠴᠦ ᠭᠡᠰᠡᠨ ᠤᠶᠢᠯᠠᠭᠠᠭᠤᠯᠬᠤ ᠶᠢ ᠵᠤᠷᠢᠯ᠎ᠠ᠃

ᠪᠢ ᠠᠪᠤ ᠶᠢᠨ ᠪᠠᠷᠢᠭᠰᠠᠨ ᠵᠡᠭᠡᠷ᠎ᠡ᠂ ᠠᠷᠭᠠᠯᠢ ᠶᠢᠨ ᠮᠢᠬ᠎ᠠ ᠶᠢ ᠢᠳᠡᠵᠦ ᠦᠰᠦᠭᠰᠡᠨ ᠴᠦ ᠦᠪᠡᠷᠳᠡᠭᠡᠨ ᠠᠩᠨᠠᠵᠤ

ᠪᠠᠶᠢᠭᠰᠠᠨ ᠦᠭᠡᠢ ᠪᠤᠯᠬᠤᠷ ᠵᠦᠪᠭᠡᠨ ᠠᠪᠤ ᠶᠢᠨ ᠶᠠᠷᠢᠭᠰᠠᠨ᠂ ᠪᠢᠴᠢᠵᠦ ᠲᠡᠮᠳᠡᠭᠯᠡᠭᠰᠡᠨ ᠵᠦᠢᠯ ᠳᠤ ᠰᠠᠭᠤᠷᠢᠯᠠᠨ᠂

ᠴᠠᠭᠠᠰᠤᠨ ᠳᠤ ᠬᠠᠪᠬ᠎ᠠ ᠵᠡᠬᠦᠵᠦ ᠡᠬᠢᠯᠡᠯ᠎ᠡ᠃ ᠮᠢᠨᠦ ᠵᠡᠬᠦᠭᠰᠡᠨ ᠬᠠᠪᠬᠠᠨ ᠳᠤ ᠤᠯᠠᠨ ᠰᠠᠶᠢᠬᠠᠨ ︽ᠤᠭᠤᠨᠤ︾ ᠤᠷᠤᠬᠤ

ᠪᠤᠯᠳᠤᠭᠠᠢ︕
    ᠤᠷᠠᠳᠴᠤᠳ ᠵᠡᠭᠡᠷ᠎ᠡ᠂ ᠠᠷᠭᠠᠯᠢ᠂ ᠬᠤᠯᠠᠨ᠂ ᠶᠠᠩᠬᠢᠷ᠂ ᠤᠯᠠᠭᠠᠨ ᠢᠮᠠᠭ᠎ᠠ᠂ ᠦᠨᠡᠭᠡ᠂ ᠴᠢᠨ᠋ᠸ᠎ᠠ᠂ ᠲᠠᠦᠯᠠᠢ᠂

ᠮᠠᠩᠬᠢᠰᠦ ︵ᠬᠠᠯᠵᠠᠨ ᠲᠤᠷᠤᠭᠤ︶᠂ ᠲᠠᠷᠪᠠᠭ᠎ᠠ ᠁ ᠵᠡᠷᠭᠡ ᠠᠩ ᠠᠮᠢᠳᠠᠨ ᠢ ᠭᠠᠯ ᠫᠤᠤ ᠪᠠᠷ ᠫᠤᠤᠳᠠᠬᠤ ᠪᠤᠶᠤ

ᠬᠠᠪᠬᠠᠳᠠᠵᠤ ᠠᠩᠨᠠᠳᠠᠭ
ᠪᠠᠶᠢᠵᠠᠢ᠃  
    ᠵᠡᠭᠡᠷ᠎ᠡ
    ᠮᠠᠨ ᠤ ᠤᠷᠠᠳ ᠭᠤᠪᠢ ᠨᠤᠳᠤᠭ ᠲᠤ

ᠤᠯᠠᠨ ᠲᠤᠭ᠎ᠠ ᠪᠠᠷ ᠰᠦᠷᠦᠭᠯᠡᠨ ᠠᠮᠢᠳᠤᠷᠠᠳᠠᠭ ᠵᠡᠭᠡᠷ᠎ᠡ ᠨᠢ ᠵᠤ᠂ ᠭᠤᠪᠢ᠂ ᠰᠢᠯᠢ ᠁ ᠶᠠᠮᠠᠷ ᠴᠦ ᠭᠠᠵᠠᠷ ᠪᠦᠷ

ᠢᠳᠡᠭᠡᠰᠢᠨ ᠨᠤᠳᠤᠭᠰᠢᠳᠠᠭ ᠴᠦ ᠶᠡᠭᠡ ᠦᠨᠳᠦᠷ᠂ ᠡᠭᠴᠠ ᠪᠤᠰᠤᠭ᠎ᠠ᠂ ᠴᠠᠪᠴᠢᠮ᠎ᠠ ᠬᠠᠳᠠᠨ ᠳᠤ

ᠢᠳᠡᠭᠡᠰᠢᠪᠦᠷᠢ ᠮᠠᠭᠤᠳᠠᠢ ᠪᠠᠶᠢᠳᠠᠭ᠃
    ᠵᠡᠭᠡᠷ᠎ᠡ ᠶᠢ ᠨᠠᠰᠤ ᠵᠢᠯ ᠢᠶᠠᠷ ᠨᠢ ᠨᠢᠬᠡ

ᠨᠠᠰᠤᠳᠠᠢ ᠶᠢ ᠨᠢ ᠢᠨᠵᠠᠭ᠎ᠠ᠂ ᠬᠤᠶᠠᠷ ᠨᠠᠰᠤᠳᠠᠢ ᠡᠷ᠎ᠡ ᠶᠢ ᠨᠢ ᠰᠤᠶᠤᠭᠠᠬᠠᠢ᠂ ᠡᠮ᠎ᠡ ᠶᠢ ᠨᠢ

ᠰᠡᠷᠳᠡᠭᠴᠢᠨ ᠭᠡᠳᠡᠭ᠃ ᠭᠤᠷᠪᠠᠨ ᠨᠠᠰᠤ ᠬᠦᠷᠪᠡᠯ ᠶᠡᠭᠡ ᠲᠦᠯᠦᠪ ᠡᠷ᠎ᠡ ᠶᠢ ᠨᠢ ᠤᠭᠤᠨᠤ᠂ ᠡᠮ᠎ᠡ ᠶᠢ ᠨᠢ ᠰᠢᠷᠠᠭᠴᠢᠨ ᠭᠡᠨ᠎ᠡ᠃

ᠬᠦᠭᠰᠢᠨ ᠪᠦᠳᠦᠬᠦᠨ ᠪᠤᠷᠤ ᠶᠢᠨ ᠤᠭᠤᠨᠤ ᠶᠢ ᠴᠠᠭᠠᠨ ᠲᠤᠯᠤᠭᠠᠶᠢᠳᠤ ᠭᠡᠵᠤ ᠨᠡᠷᠡᠯᠡᠬᠦ ᠨᠢ ᠴᠦ ᠪᠤᠢ᠃
    ᠵᠡᠭᠡᠷ᠎ᠡ ᠶᠢ

ᠴᠠᠭᠠᠨ ᠤ ᠵᠡᠭᠡᠷ᠎ᠡ ᠪᠠ ᠪᠤᠷᠤ ᠶᠢᠨ ᠵᠡᠭᠡᠷ᠎ᠡ ᠭᠡᠵᠤ ᠬᠤᠶᠠᠷ ᠠᠩᠬᠢᠯᠠᠨ᠎ᠠ᠃ ᠵᠡᠭᠡᠷ᠎ᠡ ᠨᠠᠷᠢᠨ ᠤᠷᠳᠤ ᠰᠢᠯᠪᠢ ᠲᠠᠢ᠃

ᠵᠡᠭᠡᠷ᠎ᠡ ᠶᠢᠨ ᠨᠠᠷᠢᠨ ᠰᠢᠯᠪᠢ ᠶᠢᠨ ᠲᠤᠳᠤᠷ ᠲᠠᠯ᠎ᠠ ᠳᠤ ᠪᠠᠶᠢᠳᠠᠭ ᠰᠢᠳᠦᠨ ᠤ ᠴᠢᠭᠴᠢᠯᠡᠬᠦᠷ ᠰᠢᠭ ᠬᠤᠶᠠᠷ ᠨᠠᠷᠢᠬᠠᠨ

ᠶᠠᠰᠤ ᠶᠢ ᠵᠡᠭᠡᠷ᠎ᠡ ᠶᠢᠨ ᠰᠢᠯᠪᠢᠨ ᠤ ᠰᠢᠪᠡᠨᠡᠬᠦᠷ ᠭᠡᠳᠡᠭ᠃ ᠵᠡᠭᠡᠷ᠎ᠡ ᠶᠢᠨ ᠰᠢᠯᠪᠢᠨ ᠤ ᠲᠦᠬᠦᠬᠡᠢ

ᠴᠢᠮᠦᠭᠡ ᠪᠠᠷ ᠭᠠᠯᠳᠤ ᠫᠤᠤ ᠲᠤᠰᠤᠯᠠᠵᠤ ᠪᠤᠯᠤᠨ᠎ᠠ᠃ ᠪᠤᠷᠤ ᠶᠢᠨ ᠵᠡᠭᠡᠷ᠎ᠡ ᠨᠢ ᠬᠤᠨᠢ ᠰᠢᠭ᠋ ᠦᠮᠡᠬᠢ ᠲᠠᠢ᠃

ᠪᠤᠷᠤ ᠶᠢᠨ ᠵᠡᠭᠡᠷ᠎ᠡ ᠶᠢᠨ ᠦᠮᠡᠬᠢ ᠶᠢ ᠪᠠᠰᠠ ᠲᠠᠭᠰᠢᠯᠳᠠ ᠶᠢᠨ ᠤᠭᠤᠳᠠ ᠭᠡᠨ᠎ᠡ᠃ ᠪᠤᠷᠤ ᠶᠢᠨ ᠵᠡᠭᠡᠷ᠎ᠡ ᠶᠢ ᠭᠤᠷᠪᠠᠨ

ᠲᠠᠭᠰᠢᠯᠳᠠ ᠲᠠᠢ ᠠᠮᠢᠳᠠᠨ ᠭᠡᠳᠡᠭ᠃ ᠪᠤᠷᠤᠪᠳᠤᠷ ᠦᠩᠭᠡ ᠲᠠᠢ ᠪᠤᠷᠤ ᠶᠢᠨ ᠵᠡᠭᠡᠷ᠎ᠡ ᠨᠢ

ᠡᠬᠢᠯᠡᠩᠬᠦᠳᠡ ᠲᠠᠭᠰᠢᠵᠤ ᠬᠦᠳᠡᠯᠦᠭᠡᠳ ᠴᠠᠰᠢ ᠪᠠᠨ ᠲᠠᠪᠬᠢᠴᠢᠬᠠᠨ᠎ᠠ᠃ ᠪᠤᠷᠤ ᠶᠢᠨ ᠵᠡᠭᠡᠷ᠎ᠡ

ᠬᠠᠪᠬ᠎ᠠ ᠠᠪᠤᠮᠠᠭᠴᠠ ᠠᠰᠬᠠᠨ ᠲᠠᠪᠬᠢᠨ᠎ᠠ᠃ ᠬᠤᠨᠢᠨ ᠤ ᠲᠦᠷᠦᠯ ᠳᠤ ᠪᠠᠭᠳᠠᠳᠠᠭ ᠪᠤᠷᠤ ᠶᠢᠨ ᠵᠡᠭᠡᠷ᠎ᠡ ᠶᠢᠨ

ᠮᠢᠬ᠎ᠠ ᠨᠢ ᠠᠮᠳᠠᠳᠠᠢ ᠮᠦᠷᠳᠡᠭᠡᠨ ᠬᠤᠨᠳᠤᠯᠠᠢ ᠶᠢᠨ ᠮᠢᠬ᠎ᠠ ᠨᠢ ᠠᠷᠪᠢᠨ᠃ ᠴᠠᠭᠠᠨ ᠤ ᠵᠡᠭᠡᠷ᠎ᠡ

ᠲᠠᠭᠰᠢᠬᠤ ᠦᠭᠡᠢ᠃ ᠬᠠᠪᠬ᠎ᠠ ᠠᠪᠤᠮᠠᠭᠴᠠ ᠲᠤᠭᠤᠶᠢᠯᠳᠠᠨ ᠲᠠᠪᠬᠢᠨ᠎ᠠ᠃ ᠴᠠᠭᠠᠨ ᠤ ᠵᠡᠭᠡᠷ᠎ᠡ ᠶᠢᠨ ᠪᠦᠬᠦ

ᠪᠡᠶ᠎ᠡ ᠶᠢᠨ ᠮᠢᠬ᠎ᠠ ᠨᠢ ᠲᠡᠩᠴᠡᠭᠦᠭᠡᠨ᠃ ᠨᠠᠰᠤ ᠬᠦᠢᠴᠡᠭᠰᠡᠨ ᠴᠠᠭᠠᠨ ᠤ ᠠᠷᠭᠢᠯ ᠤᠭᠤᠨᠤ ᠶᠢ

ᠴᠠᠭᠠᠨ ᠤ ᠬᠦᠭᠡ ᠪᠠᠭᠠᠯᠤᠤᠷ ᠭᠡᠳᠡᠭ᠃ ᠬᠠᠪᠤᠷ ᠤᠨ ᠲᠠᠷᠴᠠᠭ ᠴᠠᠭ ᠲᠤ ᠴᠠᠭᠠᠨ ᠤ ᠤᠭᠤᠨᠤ ᠶᠢᠨ

ᠨᠢᠷᠤᠭᠤ ᠨᠢ ᠭᠤᠤᠷᠳᠠᠨ᠎ᠠ ︵ᠦᠳᠦ ᠲᠠᠢ ᠪᠠᠶᠢᠳᠠᠭ︶  ᠃
    ᠬᠤᠯᠠᠨ
    ᠬᠤᠯᠠᠨ ᠤ ᠲᠡᠯ

ᠰᠡᠬᠦᠯ ᠨᠢ ᠬᠠᠷ᠎ᠠ᠂ ᠬᠤᠸᠠ ᠬᠤᠩᠭᠤᠷ ᠵᠢᠰᠤᠮ ᠲᠠᠢ᠃ ᠲᠦᠷᠪᠡᠨ ᠬᠤᠷᠤᠭᠤ ᠰᠢᠬᠠᠮ ᠦᠨᠳᠦᠷ ᠲᠡᠯ ᠲᠠᠢ᠂

ᠰᠡᠬᠦᠯ ᠨᠢ ᠰᠢᠩᠬᠡᠨ᠂ ᠴᠢᠬᠢ ᠨᠢ ᠠᠳᠤᠭᠤᠨ ᠤ ᠴᠢᠬᠢ ᠠᠴᠠ ᠦᠨᠳᠦᠷ᠃ ᠬᠤᠷᠳᠤᠨ ᠲᠠᠪᠬᠢᠨ᠎ᠠ᠃ ᠬᠤᠯᠠᠨ ᠢ ᠨᠠᠰᠤ

ᠵᠢᠯ ᠢᠶᠠᠷ ᠨᠢ ᠶᠡᠭᠡ ᠲᠦᠯᠦᠪ ᠤᠨᠠᠭ᠎ᠠ᠂ ᠲᠠᠭ᠎ᠠ᠂ ᠬᠡᠬᠦᠦ᠂ ᠠᠵᠢᠷᠭ᠎ᠠ ᠁ ᠭᠡᠵᠤ ᠨᠡᠷᠡᠯᠡᠨ᠎ᠡ᠃

ᠮᠢᠬ᠎ᠠ ᠨᠢ ᠵᠠᠭᠠᠷ ᠲᠠᠢ᠃ ᠬᠦᠬᠡᠬᠡᠵᠦ ᠬᠦᠯᠦᠷᠡᠭᠡᠭᠰᠡᠨ ᠬᠤᠯᠠᠨ ᠤ ᠮᠢᠬᠠᠨ ᠠᠴᠠ ᠵᠠᠭᠠᠷ ᠠᠮᠳᠠᠭᠳᠠᠬᠤ ᠦᠭᠡᠢ᠃  

ᠪᠤᠷᠴᠠᠯᠠᠵᠤ ᠬᠠᠳᠠᠭᠠᠭᠰᠠᠨ ᠲᠠᠷᠭᠤᠨ ᠬᠤᠯᠠᠨ ᠤ ᠮᠢᠬ᠎ᠠ ᠭᠤᠴᠤ ᠠᠮᠳᠠᠳᠠᠢ᠂ ᠲᠤᠰᠤᠯᠢᠭ ᠪᠠᠶᠢᠵᠤ

ᠠᠮᠠᠷᠬᠠᠨ ᠬᠤᠭᠤᠯᠠᠭᠳᠠᠳᠠᠭ ᠦᠭᠡᠢ᠃
    ᠠᠷᠭᠠᠯᠢ
    ᠠᠷᠭᠠᠯᠢ ᠬᠦᠷᠡᠩ ᠪᠤᠷᠤᠪᠳᠤᠷ ᠦᠩᠭᠡ ᠲᠠᠢ᠃

ᠨᠠᠮᠬᠠᠨ ᠬᠢᠷ᠎ᠠ᠂ ᠦᠨᠳᠦᠷ ᠠᠭᠤᠯᠠ ᠶᠢᠨ ᠪᠡᠯ ᠰᠢᠯᠢ ᠪᠠᠷ ᠪᠡᠯᠴᠢᠭᠡᠷᠯᠡᠨ ᠨᠤᠳᠤᠭᠯᠠᠨ᠎ᠠ᠃ ᠤᠷᠠᠳᠴᠤᠳ ᠠᠷᠭᠠᠯᠢ ᠶᠢ

ᠬᠤᠨᠢᠨ ᠤ ᠲᠦᠷᠦᠯ ᠤᠨ ᠠᠮᠢᠳᠠᠨ ᠳᠤ ᠬᠠᠷᠢᠶᠠᠯᠠᠭᠤᠯᠤᠨ ᠨᠠᠰᠤ ᠵᠢᠯ ᠢᠶᠠᠷ ᠨᠢ ᠬᠤᠷᠠᠭ᠎ᠠ᠂ ᠲᠦᠯᠦᠬᠡ᠂

ᠡᠮ᠎ᠡ ᠬᠤᠨᠢ᠂ ᠤᠭᠠᠯᠵᠠ ᠭᠡᠵᠤ ᠨᠡᠷᠡᠯᠡᠨ᠎ᠡ᠃ ᠬᠡᠬᠦ ᠳᠤ ᠪᠠᠨ ᠭᠤᠷᠪᠠ ᠠᠴᠠ ᠲᠦᠷᠪᠡᠨ ᠨᠠᠰᠤᠨ ᠤ ᠡᠷ᠎ᠡ ᠶᠢ ᠨᠢ

ᠰᠢᠷ᠎ᠠ ᠡᠪᠡᠷ ᠭᠡᠵᠤ᠂ ᠲᠠᠪᠤ ᠠᠴᠠ ᠲᠡᠭᠡᠭᠰᠢ ᠨᠠᠰᠤ ᠲᠠᠢ ᠡᠷ᠎ᠡ ᠶᠢ ᠨᠢ ᠤᠭᠠᠯᠵᠠ ᠭᠡᠨ᠎ᠡ᠃ ᠡᠮ᠎ᠡ ᠶᠢ ᠨᠢ ᠡᠮ᠎ᠡ

ᠬᠤᠨᠢ ᠭᠡᠳᠡᠭ᠃ ᠠᠷᠭᠠᠯᠢ ᠭᠡᠳᠡᠭ ᠨᠢ ᠶᠡᠭᠡ ᠲᠦᠯᠦᠪ ᠶᠡᠷᠦᠩᠬᠡᠢ ᠨᠡᠷᠡᠶᠢᠳᠦᠯ ᠨᠢ ᠪᠤᠯᠵᠤ ᠪᠠᠶᠢᠳᠠᠭ᠃ ᠠᠷᠭᠠᠯᠢ ᠶᠢᠨ

ᠤᠭᠠᠯᠵᠠ ᠲᠠᠩᠬᠠᠭᠠᠷ ᠲᠤᠮᠤ ᠲᠤᠭᠤᠷᠢᠭ ᠡᠪᠡᠷ ᠲᠠᠢ᠃ ᠡᠮ᠎ᠡ ᠬᠤᠨᠢ ᠨᠢ ᠨᠠᠷᠢᠬᠠᠨ ᠲᠤᠭᠤᠷᠢᠭ ᠡᠪᠡᠷ ᠲᠠᠢ᠃

ᠠᠷᠭᠠᠯᠢ ᠶᠢᠨ ᠤᠭᠠᠯᠵᠠ ᠬᠦᠭᠰᠢᠷᠡᠵᠦ ᠪᠦᠳᠦᠬᠦᠷᠡᠪᠡᠯ ᠨᠢᠷᠤᠭᠤᠨ ᠳᠤ ᠨᠢ ᠴᠠᠭᠠᠨ ᠦᠰᠦ

ᠤᠷᠭᠤᠵᠤ ᠲᠤᠬᠤᠮ ᠠᠯᠠᠭ ᠪᠤᠯᠤᠨ᠎ᠠ᠃ ᠠᠷᠬᠢᠯ ᠪᠦᠳᠦᠬᠦᠨ ᠤᠭᠠᠯᠵᠠ ᠶᠢ ᠲᠤᠬᠤᠮ ᠠᠯᠭ ᠭᠡᠳᠡᠭ᠃ ᠤᠷᠢᠳᠦ

ᠮᠠᠨ ᠤ ᠤᠷᠠᠳ ᠤᠨ ᠬᠤᠶᠢᠳᠤ ᠬᠤᠰᠢᠭᠤᠨ ᠤ ᠭᠡᠪᠴᠢᠶᠡᠨ ᠳᠤ ᠠᠷᠭᠠᠯᠢ ᠤᠭᠠᠯᠵᠠ ᠨᠡᠶᠢᠳᠡᠮ ᠲᠠᠷᠬᠠᠨ ᠨᠤᠳᠤᠭᠯᠠᠳᠠᠭ ᠴᠦ

ᠬᠤᠶᠠᠭ ᠲᠤᠭᠤᠯᠠᠭ᠎ᠠ ᠶᠢᠨ ᠬᠢᠷ᠎ᠠ᠂ ᠵᠠᠭᠠᠯ ᠤᠨ ᠤᠪᠤᠭ᠎ᠠ᠂ ᠪᠤᠩᠬᠤᠨ ᠴᠠᠬᠢᠷ᠂ ᠶᠡᠭᠡ ᠪᠠᠭ᠎ᠠ ᠪᠢᠳᠡᠬᠦᠦ᠂

ᠬᠠᠩᠭᠠᠢ ᠨᠡᠬᠦᠴᠡ᠂ ᠪᠠᠶᠠᠨ ᠨᠢᠷᠤᠭᠤᠨ ᠤ ᠤᠷᠤᠢ᠂ ᠪᠠᠶᠠᠨ ᠬᠤᠰᠢᠭᠤᠨ ᠤ ᠬᠢᠷ᠎ᠠ᠂ ᠪᠤᠷᠪᠢ ᠶᠢᠨ ᠬᠢᠷ᠎ᠠ᠂

ᠬᠦᠪ ᠤᠨ ᠤᠪᠤᠭ᠎ᠠ᠂ ᠴᠡᠪᠴᠢᠷ ᠤᠨ ᠡᠷᠢᠶᠡᠯᠵᠢ᠂ ᠬᠠᠪᠴᠠᠭᠠᠢ ᠶᠢᠨ ᠤᠪᠤᠭ᠎ᠠ ᠁ ᠪᠠᠷ ᠭᠤᠤᠯᠳᠠᠢ ᠰᠦᠷᠦᠭᠯᠡᠨ

ᠨᠤᠳᠤᠭᠰᠢᠳᠠᠭ ᠪᠠᠶᠢᠯ᠎ᠠ᠃  
    ᠬᠠᠪᠬ᠎ᠠ ᠪᠠᠷ ᠬᠦᠷᠦᠭᠡᠯᠡᠬᠦ
    ᠤᠷᠠᠳ ᠭᠤᠪᠢ ᠨᠤᠳᠤᠭ ᠲᠤ ᠠᠶᠢᠯ ᠠᠮᠢᠳᠠᠨ

ᠴᠦᠬᠡᠨ ᠠᠩ ᠬᠦᠷᠦᠭᠡᠰᠦ ᠡᠯᠪᠡᠭ᠃ ᠴᠦᠬᠡᠨ ᠬᠡᠳᠦᠨ ᠡᠪᠦᠭᠡᠴᠦᠦᠯ ᠭᠠᠯᠳᠤ ᠫᠤᠤ ᠡᠭᠦᠷᠬᠦ ᠶᠢ ᠭᠠᠷᠭᠠᠪᠠᠯ

ᠤᠯᠠᠩᠬᠢ ᠬᠦᠮᠦᠨ ᠬᠠᠪᠬ᠎ᠠ ᠵᠡᠬᠦᠵᠦ ᠬᠦᠷᠦᠭᠡᠯᠡᠨ᠎ᠡ᠃ ᠬᠠᠪᠬ᠎ᠠ ᠪᠠᠷ ᠬᠦᠷᠦᠭᠡᠯᠡᠬᠦ ᠳᠤ ᠬᠠᠮᠢᠭ᠎ᠠ ᠪᠤᠯ ᠬᠠᠮᠢᠭ᠎ᠠ

ᠬᠠᠪᠬ᠎ᠠ ᠵᠡᠬᠦᠭᠡᠳ ᠵᠡᠭᠡᠷ᠎ᠡ ᠬᠦᠷᠦᠭᠡᠰᠦ ᠪᠠᠷᠢᠴᠢᠬᠠᠬᠤ ᠪᠢᠰᠢ᠃ ᠬᠠᠷᠢᠨ ᠭᠠᠵᠠᠷ ᠤᠨ ᠪᠠᠶᠢᠴᠠ᠂ ᠵᠡᠭᠡᠷ᠎ᠡ

ᠬᠦᠷᠦᠭᠡᠰᠦᠨ ᠤ ᠬᠦᠶᠦᠳᠡᠯ ᠴᠤᠪᠤᠭ᠎ᠠ᠂ ᠤᠭᠤᠨᠤ ᠶᠢᠨ ᠪᠠᠭᠠᠳᠠᠯ᠂ ᠨᠠᠭᠤᠷ ᠵᠠᠳᠠᠭᠠᠢ ᠶᠢᠨ ᠬᠦᠪᠡᠭᠡ᠂

ᠴᠠᠰᠤᠨ ᠤ ᠲᠠᠬᠤ᠂ ᠰᠡᠭ ᠰᠡᠪᠡᠰᠦᠨ ᠤ ᠦᠨᠦᠷ᠂ ᠡᠪᠡᠰᠦ ᠤᠷᠭᠤᠮᠠᠯ ᠁ ᠵᠡᠷᠭᠡ ᠳᠤ ᠬᠠᠪᠬ᠎ᠠ ᠵᠡᠬᠦᠵᠦ ᠵᠡᠭᠡᠷ᠎ᠡ

ᠬᠦᠷᠦᠭᠡᠰᠦ ᠪᠠᠷᠢᠨ᠎ᠠ᠃
    ᠵᠡᠬᠡᠷ᠎ᠡ ᠬᠦᠷᠦᠭᠡᠰᠦ ᠶᠢ ᠬᠠᠪᠬ᠎ᠠ ᠪᠠᠷ ᠪᠠᠷᠢᠬᠤ ᠶᠢ ᠬᠠᠪᠬ᠎ᠠ ᠵᠡᠬᠦᠵᠦ

ᠬᠦᠷᠦᠭᠡᠯᠡᠨ᠎ᠡ ᠭᠡᠨ᠎ᠡ᠃ ᠬᠠᠪᠬ᠎ᠠ ᠵᠡᠬᠦᠬᠦ ᠶᠢ ᠬᠠᠪᠬ᠎ᠠ ᠪᠤᠯᠠᠨ᠎ᠠ ᠭᠡᠵᠤ ᠶᠠᠷᠢᠬᠤ ᠨᠢ ᠴᠦ ᠪᠤᠢ᠃
 

  ᠬᠠᠪᠬ᠎ᠠ ᠨᠢ ᠬᠠᠪᠬ᠎ᠠ᠂ ᠤᠯᠠᠪᠴᠢ ᠬᠤᠶᠠᠷ ᠠᠴᠠ ᠪᠦᠷᠢᠯᠳᠦᠨ᠎ᠡ᠃ ᠬᠠᠪᠬ᠎ᠠ ᠨᠢ ᠬᠠᠪᠬᠠᠨ ᠤ ᠭᠠᠷ᠂ ᠴᠢᠮᠴᠢ᠂ ᠴᠢᠮᠴᠢ ᠶᠢᠨ ᠬᠠᠳᠠᠭᠠᠰᠤ᠂

ᠬᠤᠴᠠ᠂ ᠲᠠᠪᠠᠭ ᠵᠡᠷᠭᠡ ᠪᠠᠷ ᠪᠦᠷᠢᠯᠳᠦᠵᠦ᠂ ᠤᠯᠠᠪᠴᠢ ᠨᠢ ᠬᠦᠨᠳᠡᠯᠢ᠂ ᠲᠡᠪᠬᠢ ︵ᠱᠦᠷᠭᠡ︶᠂ ᠲᠡᠪᠬᠢᠨ ᠤ ᠤᠭᠤᠰᠤᠷ᠂

ᠲᠡᠪᠬᠢᠨ ᠤ ᠡᠷᠭᠡᠶᠢᠪᠴᠢ ᠵᠡᠷᠭᠡ ᠪᠠᠷ ᠪᠦᠷᠢᠯᠳᠦᠳᠡᠭ᠃ ᠬᠤᠶᠠᠷ ᠲᠠᠪᠬᠤᠷ ᠪᠦᠰ ᠢ ᠭᠤᠤᠯ ᠳᠤ ᠨᠢ ᠬᠤᠮᠪᠤᠭᠤᠷ ᠲᠤᠭᠤᠢ

ᠬᠡᠯᠪᠡᠷᠢ ᠲᠠᠢ ᠰᠢᠷᠢᠵᠦ ᠲᠡᠮᠦᠷ ᠤᠳᠠᠰᠤ ᠪᠤᠶᠤ ᠰᠤᠬᠠᠢ ᠪᠠᠷ ᠭᠦᠷᠢᠶᠡᠯᠡᠨ ᠤᠶᠤᠭᠰᠠᠨ ᠬᠠᠪᠬ᠎ᠠ

ᠪᠤᠰᠬᠤ ᠳᠤ ᠴᠢᠬᠤᠯᠠ ᠦᠢᠯᠡᠳᠦᠯ ᠪᠦᠬᠦᠢ ᠪᠦᠰ ᠲᠡᠪᠢᠰᠭᠡᠷ ᠢ ᠬᠠᠪᠬᠠᠨ ᠤ ᠤᠯᠠᠪᠴᠢ ᠭᠡᠳᠡᠭ᠃ ᠤᠯᠠᠪᠴᠢᠨ ᠤ ᠭᠠᠳᠠᠭᠤᠷᠬᠢ

ᠴᠠᠭᠠᠷᠢᠭ ᠢ ᠤᠯᠠᠪᠴᠢᠨ ᠤ ᠬᠦᠷᠢᠶ᠎ᠠ ᠬᠡᠨ᠎ᠡ᠃ ᠬᠤᠶᠠᠷ ᠬᠤᠷᠤᠭᠤ ᠭᠠᠷᠤᠶᠢᠬᠠᠨ ᠰᠤᠬᠠᠢ ᠶᠢ ᠬᠤᠶᠠᠷ

ᠦᠵᠦᠬᠦᠷ ᠲᠤ ᠨᠢ ᠭᠡᠷᠴᠢᠶᠡᠰᠦ ᠭᠠᠷᠭᠠᠨ ᠵᠤᠷᠭᠤᠵᠤ ᠤᠯᠠᠪᠴᠢᠨ ᠤ ᠬᠦᠨᠳᠡᠯᠢ ᠬᠢᠨ᠎ᠡ᠃

ᠬᠦᠨᠳᠡᠯᠢ ᠶᠢ ᠬᠤᠶᠠᠷ ᠦᠵᠦᠬᠦᠷ ᠲᠤ ᠨᠢ ᠵᠤᠷᠭᠤᠭᠰᠠᠨ ᠭᠡᠷᠴᠢᠯᠡᠭᠡᠰᠦ ᠪᠠᠷ ᠨᠢ ᠤᠯᠠᠪᠴᠢᠨ ᠤ

ᠲᠤᠮᠳᠠ ᠭᠡᠰᠡᠭ ᠲᠤ ᠤᠶᠤᠵᠤ ᠪᠦᠭᠡᠯᠡᠨ᠎ᠡ᠃ ᠰᠤᠬᠠᠢ ᠵᠡᠷᠭᠡ ᠶᠢᠨ ᠪᠦᠬᠡ ᠮᠤᠳᠤ ᠪᠠᠷ ᠲᠡᠪᠬᠢ ᠵᠤᠷᠭᠤᠨ᠎ᠠ᠃

ᠲᠡᠪᠭᠢᠨ ᠤ ᠤᠷᠳᠤ ᠤᠬᠤᠷ ᠨᠢ ᠬᠠᠪᠬᠠᠨ ᠤ ᠶᠡᠭᠡ ᠪᠠᠭ᠎ᠠ ᠪᠠᠷ ᠲᠤᠭᠳᠠᠭᠠᠭᠳᠠᠨ᠎ᠠ᠃ ᠲᠡᠪᠬᠢᠨ ᠤ ᠨᠢᠬᠡ

ᠦᠵᠦᠬᠦᠷ ᠢ ᠨᠢ ᠨᠠᠷᠢᠪᠳᠤᠷ ᠬᠠᠪᠳᠠᠭᠠᠢ᠂ ᠨᠦᠬᠦᠭᠡ ᠦᠵᠦᠬᠦᠷ ᠢ ᠨᠢ ᠲᠦᠷᠪᠡᠯᠵᠢᠨ ᠰᠢᠭ ᠵᠤᠷᠭᠤᠵᠦ᠂

ᠲᠤᠮᠳᠠ ᠨᠢ ᠭᠡᠷᠴᠢᠶᠡᠰᠦ ᠭᠠᠷᠭᠠᠨ᠎ᠠ᠃ ᠰᠢᠯᠢ ᠵᠤᠭᠳᠤᠷ ᠤᠨ ᠬᠢᠯᠭᠠᠰᠤ ᠪᠠᠷ ᠲᠤᠬᠤᠢ ᠤᠷᠳᠤ ᠨᠠᠷᠢᠬᠠᠨ ᠰᠢᠳᠠᠮ ᠲᠠᠮᠤᠵᠤ

ᠨᠠᠷᠢᠨ ᠦᠵᠦᠬᠦᠷ ᠢ ᠨᠢ ᠲᠡᠪᠬᠢᠨ ᠤ ᠲᠤᠮᠳᠠᠬᠢ ᠭᠡᠷᠴᠢᠶᠡᠰᠦᠨ ᠳᠤ ᠤᠶᠤᠵᠤ ᠪᠦᠬᠡᠯᠡᠨ ᠲᠡᠪᠬᠢᠨ ᠤ ᠤᠭᠤᠰᠤᠷ

ᠭᠡᠵᠤ ᠨᠡᠷᠡᠯᠡᠨ᠎ᠡ᠃ ᠲᠡᠪᠬᠢᠨ ᠤ ᠤᠭᠤᠰᠤᠷ ᠬᠢᠬᠦ ᠰᠢᠳᠠᠮ ᠤᠨ ᠨᠠᠷᠢᠨ ᠦᠵᠦᠬᠦᠷ ᠢ ᠲᠡᠪᠬᠢᠨ ᠤ ᠭᠡᠷᠴᠢᠶᠡᠰᠦᠨ ᠳᠤ

ᠤᠷᠢᠶᠠᠨ ᠵᠠᠩᠬᠢᠳᠴᠦ᠂ ᠦᠵᠦᠬᠦᠷ ᠢ ᠨᠢ ᠰᠦᠪᠡᠭᠴᠢ ᠭᠠᠷᠭᠠᠨ ᠲᠡᠪᠡᠨᠡᠨ ᠳᠤ ᠰᠦᠪᠡᠯᠡᠵᠤ ᠭᠡᠷᠴᠢᠶᠡᠰᠦ ᠶᠢ ᠤᠷᠢᠶᠠᠭᠰᠠᠨ

ᠤᠶᠤᠭᠠᠰᠤ ᠪᠠᠨ ᠪᠦᠬᠡᠯᠡᠵᠦ ᠤᠶᠤᠪᠠᠯ ᠦᠵᠡᠮᠦᠷᠢ ᠲᠠᠢ ᠮᠦᠷᠳᠡᠭᠡᠨ ᠪᠦᠭᠡ ᠪᠠᠶᠢᠳᠠᠭ᠃ ᠠᠩ

ᠠᠮᠢᠳᠠᠨ ᠬᠠᠪᠬᠠᠨ ᠳᠤ ᠤᠷᠤᠵᠤ ᠬᠠᠪᠬ᠎ᠠ ᠪᠤᠰᠬᠠᠭᠰᠠᠨ ᠤ ᠲᠠᠷᠠᠭ᠎ᠠ ᠶᠠᠮᠠᠷ ᠶᠡᠭᠡ ᠰᠠᠯᠬᠢ ᠰᠢᠭᠤᠷᠭᠠᠨ

ᠪᠤᠰᠤᠭᠰᠠᠨ ᠴᠦ ᠲᠡᠪᠬᠢᠨ ᠤ ᠤᠭᠤᠰᠤᠷ ᠪᠤᠯᠠᠭᠳᠠᠳᠠᠭ ᠦᠭᠡᠢ ᠲᠤᠯᠠ ᠠᠩᠴᠢᠳ ᠲᠡᠪᠭᠢᠨ ᠤ

ᠤᠭᠤᠰᠤᠷ ᠢᠶᠠᠨ ᠦᠵᠡᠭᠡᠳ ᠬᠠᠪᠬ᠎ᠠ ᠪᠤᠰᠤᠭᠰᠠᠨ ᠢ ᠮᠡᠳᠡᠨ᠎ᠡ᠃ ᠲᠡᠪᠬᠢᠨ ᠤ ᠤᠭᠤᠰᠤᠷ ᠤᠨ

ᠨᠦᠬᠦᠭᠡ ᠦᠵᠦᠬᠦᠷ ᠢ ᠤᠯᠠᠪᠴᠢᠨ ᠤ ᠬᠦᠷᠢᠶ᠎ᠠ ᠳᠤ ᠰᠦᠬᠦᠮ ᠤᠷᠳᠤ ᠭᠤᠭᠴᠤᠭ᠎ᠠ ᠭᠠᠷᠭᠠᠨ ᠤᠶᠤᠵᠤ

ᠪᠦᠬᠡᠯᠡᠨ ᠤᠯᠠᠪᠴᠢᠨ ᠤ ᠡᠷᠭᠡᠶᠢᠪᠴᠢ ᠭᠡᠵᠤ ᠨᠡᠷᠡᠯᠡᠨ᠎ᠡ᠃
    ᠬᠠᠪᠬ᠎ᠠ ᠵᠡᠬᠦᠬᠦ ᠳᠤ ᠤᠷᠢᠳᠠᠪᠠᠷ ᠵᠡᠬᠦᠬᠦ

ᠭᠠᠵᠠᠷ ᠢᠶᠠᠨ ᠰᠤᠩᠭᠤᠨ ᠬᠠᠪᠬᠠᠨ ᠤ ᠪᠠᠨ ᠶᠡᠭᠡ ᠪᠠᠭ᠎ᠠ ᠶᠢᠨ ᠭᠡᠮᠵᠢᠶ᠎ᠡ ᠪᠠᠷ ᠭᠤᠷᠪᠠ ᠲᠦᠷᠪᠡᠨ

ᠬᠤᠷᠤᠭᠤ ᠬᠦᠨ ᠨᠦᠬᠡ ᠮᠠᠯᠳᠠᠵᠤ ᠲᠤᠮᠳᠠ ᠨᠢ ᠵᠢᠭᠠᠬᠠᠨ ᠬᠤᠩᠬᠤᠶᠢᠯᠠᠭᠠᠳ ᠤᠯᠠᠪᠴᠢ ᠪᠠᠨ ᠲᠠᠯᠪᠢᠨ᠎ᠠ᠃

ᠬᠠᠪᠬ᠎ᠠ ᠪᠠᠨ ᠬᠢᠰᠬᠢᠨ ᠠᠩᠭᠠᠶᠢᠯᠭᠠᠵᠤ ᠤᠯᠠᠪᠴᠢᠨ ᠲᠡᠭᠡᠷ᠎ᠡ ᠪᠠᠨ ᠬᠦᠨᠳᠡᠶᠢᠬᠡᠨ ᠲᠡᠯᠪᠢᠭᠠᠳ

ᠲᠡᠪᠬᠢᠨ ᠤ ᠨᠠᠷᠢᠨ ᠬᠠᠪᠳᠠᠭᠠᠢ ᠦᠵᠦᠬᠦᠷ ᠢ ᠬᠠᠪᠬᠠᠨ ᠤ ᠲᠠᠪᠠᠭ ᠪᠠ ᠬᠤᠴᠠᠨ ᠤ ᠭᠠᠳᠠᠭᠤᠷ

ᠲᠠᠪᠠᠭᠤᠯᠤᠨ ᠤᠯᠠᠪᠴᠢᠨ ᠤ ᠬᠦᠨᠳᠡᠯᠢ ᠳᠤ ᠮᠦᠴᠢᠳᠭᠡᠨ ᠲᠡᠪᠬᠡᠯᠡᠵᠦ᠂ ᠨᠦᠬᠦᠭᠡ ᠦᠵᠦᠬᠦᠷ ᠢ ᠨᠢ

ᠡᠷᠭᠡᠶᠢᠪᠴᠢ ᠳᠤ ᠬᠦᠨᠳᠡᠶᠢᠭᠡᠨ ᠲᠡᠪᠭᠡᠳᠡᠵᠦ ᠲᠤᠷᠭᠤᠨ᠎ᠠ᠃ ᠬᠠᠪᠬᠠᠨ ᠤ ᠨᠦᠬᠡ ᠶᠢ

ᠬᠠᠪᠬᠠᠨ ᠤ ᠦᠯᠢᠢ ᠭᠡᠳᠡᠭ᠃ ᠬᠠᠪᠬᠠᠨ ᠤ ᠦᠯᠢᠢ ᠮᠠᠯᠳᠠᠬᠤ ᠳᠤ ᠭᠠᠷᠤᠭᠰᠠᠨ ᠰᠢᠷᠤᠢ ᠶᠢ ᠬᠤᠯᠠᠬᠠᠨ

ᠬᠤᠷᠮᠤᠶᠢᠯᠠᠵᠤ ᠠᠪᠠᠴᠢᠨ ᠬᠠᠶᠠᠭᠠᠳ ᠤᠷᠤᠨ ᠳᠤ ᠨᠢ ᠰᠢᠨ᠎ᠠ ᠰᠢᠷᠦᠢ ᠠᠪᠴᠢᠷᠠᠵᠤ

ᠬᠠᠪᠬ᠎ᠠ ᠪᠠᠨ ᠨᠢᠮᠭᠡᠭᠡᠨ ᠪᠤᠯᠠᠨ᠎ᠠ᠃ ᠭᠡᠳᠦᠷᠭᠡᠢ ᠵᠤᠵᠠᠭᠠᠨ ᠪᠤᠯᠠᠪᠠᠯ ᠬᠠᠪᠬ᠎ᠠ ᠪᠤᠰᠬᠤ ᠦᠭᠡᠢ᠂

ᠭᠡᠳᠦᠷᠭᠡᠢ ᠨᠢᠮᠬᠡᠨ ᠪᠤᠯᠠᠪᠠᠯ ᠰᠠᠯᠬᠢᠨ ᠳᠤ ᠬᠠᠪᠬ᠎ᠠ ᠭᠡᠷᠵᠡᠶᠢᠨ ᠭᠠᠷᠴᠤ ᠢᠷᠡᠨ᠎ᠡ᠃ ᠢᠢᠮᠦ ᠠᠴᠠ

ᠭᠠᠵᠠᠷ ᠤᠨ ᠪᠠᠶᠢᠴᠠ ᠰᠠᠯᠬᠢᠨ ᠤ ᠪᠠᠶᠢᠳᠠᠯ ᠳᠤ ᠵᠤᠬᠢᠴᠠᠭᠤᠯᠤᠨ ᠰᠢᠷᠤᠢ ᠦᠷᠦᠵᠦ ᠬᠠᠪᠬ᠎ᠠ ᠵᠡᠬᠦᠳᠡᠭ᠃

ᠬᠠᠪᠬ᠎ᠠ ᠶᠢ ᠬᠢᠰᠬᠢᠵᠦ ᠠᠩᠭᠠᠶᠢᠯᠭᠠᠬᠤ ᠳᠤ ᠲᠠᠪᠠᠭ ᠪᠠ ᠬᠤᠴᠠ ᠨᠢ ᠵᠠᠢ ᠵᠠᠪᠰᠠᠷ ᠦᠭᠡᠢ ᠰᠠᠶᠢᠬᠠᠨ

ᠨᠠᠶᠢᠯᠠᠵᠤ ᠪᠠᠶᠢᠪᠠᠯ ︽ᠰᠠᠶᠢᠬᠠᠨ ᠬᠢᠷᠠᠳᠠᠭ ᠬᠠᠪᠬ᠎ᠠ︾ ᠭᠡᠵᠤ ᠨᠡᠷᠡᠯᠡᠨ᠎ᠡ᠃  

ᠬᠤᠯᠠᠨ ᠤ ᠲᠤᠭᠤᠷᠠᠢ ᠨᠢ ᠲᠤᠮᠤ᠃ ᠶᠡᠷᠦ ᠶᠢᠨ ᠵᠡᠭᠡᠷ᠎ᠡ ᠬᠦᠷᠦᠭᠡᠰᠦᠨ ᠳᠤ ᠵᠡᠬᠦᠳᠡᠭ ᠬᠠᠪᠬᠠᠨ ᠤ ᠲᠡᠪᠬᠢᠨ ᠲᠡᠭᠡᠷ᠎ᠡ ᠨᠢ

ᠬᠢᠰᠬᠢᠨ ᠬᠠᠪᠬ᠎ᠠ ᠶᠢ ᠪᠤᠰᠬᠠᠳᠠᠭ ᠦᠭᠡᠢ᠃ ᠬᠤᠯᠠᠨ ᠤ ᠬᠠᠪᠬ᠎ᠠ ᠶᠢᠨ ᠲᠡᠪᠬᠢ ᠶᠢ ᠪᠤᠭᠤᠨᠢ ᠵᠤᠷᠭᠤᠨ ᠬᠢᠮᠤᠰᠤ

ᠭᠡᠵᠤ ᠨᠡᠷᠡᠯᠡᠨ᠎ᠡ᠃ ᠬᠤᠯᠠᠨ ᠤ ᠬᠠᠪᠬ᠎ᠠ ᠲᠤᠮᠤ᠃ ᠪᠠᠷᠤᠭ ᠤᠨ ᠬᠠᠪᠬ᠎ᠠ ᠬᠤᠯᠠᠨ ᠳᠤ ᠰᠡᠭᠰᠦᠷᠦᠭᠳᠡᠨ ᠭᠡᠷᠡᠭ ᠦᠭᠡᠢ ᠲᠡᠮᠤᠷ ᠪᠤᠯᠤᠨ᠎ᠠ᠃


    ᠮᠠᠩᠬᠢᠰᠦ ᠶᠢ ᠬᠠᠷᠢᠶᠠᠯᠴᠢ ᠭᠡᠳ ᠠᠪᠠᠯᠠᠬᠤ ᠨᠢ ᠬᠤᠪᠤᠷ᠃ ᠬᠠᠪᠬᠠᠨ ᠳᠤ ᠤᠷᠤᠭᠰᠠᠨ ᠮᠠᠩᠬᠢᠰᠦ ᠨᠦᠬᠡᠨ ᠳᠤ ᠪᠠᠨ

ᠰᠢᠷᠭᠤᠬᠤ ᠠᠴᠠ ᠭᠡᠷᠰᠡᠦᠯᠡᠨ ᠬᠠᠪᠬ᠎ᠠ ᠪᠠᠨ ᠤᠶᠠᠬᠤ ᠭᠡᠷᠡᠭᠳᠡᠢ ᠪᠠᠶᠢᠳᠠᠭ᠃ ᠬᠠᠪᠬ᠎ᠠ ᠶᠢ

ᠤᠶᠠᠬᠤ ᠳᠤ ᠤᠶᠠᠭ᠎ᠠ ᠲᠡᠭᠡᠰᠦ ᠶᠢ ᠨᠢ ᠢᠯᠡ ᠭᠠᠷᠭᠠᠬᠤ ᠦᠭᠡᠢ᠃ ᠬᠠᠪᠬᠠᠨ ᠤ ᠦᠯᠢᠢ ᠪᠠᠨ ᠬᠦᠨ

ᠰᠢᠭ ᠮᠠᠯᠳᠠᠭᠠᠳ ᠤᠶᠠᠭ᠎ᠠ ᠪᠠᠨ ᠬᠠᠪᠬᠠᠨ ᠤ ᠦᠯᠢᠢ ᠲᠤᠤᠷ᠎ᠠ ᠤᠷᠤᠭᠤᠯᠵᠤ ᠪᠤᠯᠠᠨ᠎ᠠ᠃
    ᠬᠠᠪᠬᠠᠨ ᠳᠤ

ᠤᠷᠤᠭᠰᠠᠨ ᠵᠡᠭᠡᠷ᠎ᠡ ᠶᠢᠨ ᠠᠮᠠᠨ ᠬᠦᠵᠦᠬᠦᠦ ᠶᠢ ᠮᠤᠰᠬᠢᠬᠤ ᠪᠤᠶᠤ ᠠᠮᠠ ᠶᠢ ᠨᠢ ᠪᠠᠷᠢᠵᠤ ᠠᠯᠠᠳᠠᠭ᠃ ᠭᠡᠰᠡᠨ

ᠴᠦ ᠠᠮᠠᠨ ᠬᠦᠵᠦᠬᠦᠦ ᠶᠢ ᠨᠢ ᠮᠤᠰᠬᠢᠭᠰᠠᠨ ᠵᠡᠭᠡᠷ᠎ᠡ ᠶᠢᠨ ᠴᠢᠰᠤ ᠰᠢᠬᠦᠰᠦ ᠨᠢ ᠭᠤᠭᠤᠵᠢᠭᠠᠳ ᠯᠤᠪᠰᠢᠷᠠᠬᠤᠤ ᠪᠠᠶᠢᠳᠠᠭ᠃

ᠬᠠᠪᠬᠠᠨ ᠳᠤ ᠤᠷᠤᠭᠰᠠᠨ ᠠᠷᠭᠠᠯᠢ ᠶᠢ ᠪᠤᠭᠤᠮᠢ ᠬᠠᠶᠠᠵᠤ ᠠᠯᠠᠨ᠎ᠠ᠃ ᠬᠠᠪᠬᠠᠨ ᠳᠤ ᠤᠷᠤᠭᠰᠠᠨ ᠦᠨᠡᠭᠡᠨ ᠤ ᠬᠠᠮᠠᠷ ᠢ

ᠲᠡᠭᠡᠷ᠎ᠡ ᠠᠴᠠ ᠨᠢ ᠲᠤᠭᠤᠭᠰᠢ ᠬᠤᠰᠤᠨ ᠴᠤᠬᠢᠵᠦ ᠮᠠᠨᠠᠷᠠᠭᠤᠯᠤᠭᠠᠳ ᠬᠤᠷᠳᠤᠬᠠᠨ

ᠬᠠᠪᠬ᠎ᠠ ᠪᠠᠨ ᠰᠠᠯᠭᠠᠨ ᠬᠤᠶᠢᠳᠤ ᠬᠦᠯ ᠠᠴᠠ ᠨᠢ ᠠᠳᠬᠤᠨ ᠨᠢᠷᠤᠭᠤ ᠪᠠᠷ ᠨᠢ ᠰᠠᠪᠠᠵᠤ ᠠᠯᠠᠳᠠᠭ᠃

ᠦᠨᠡᠭᠡ ᠴᠢᠨ᠋ᠸ᠎ᠠ ᠶᠢ ᠪᠦᠷ ᠰᠠᠭᠠᠷᠢᠨ ᠬᠠᠮᠠᠷ ᠢ ᠨᠢ ᠬᠤᠰᠤᠨ ᠴᠤᠬᠢᠵᠦ᠂ ᠰᠠᠪᠠᠵᠤ ᠠᠯᠠᠳᠠᠭ ᠴᠦ ᠴᠢᠯᠠᠭᠤ ᠲᠠᠢ ᠭᠠᠵᠠᠷ

ᠲᠠᠭᠠᠷᠠᠨ ᠲᠤᠯᠤᠭᠠᠢ ᠳᠤ ᠨᠢ ᠰᠡᠪ ᠤᠷᠤᠬᠤ ᠠᠴᠠ ᠤᠨᠴᠠ ᠬᠢᠴᠢᠶᠡᠨ᠎ᠡ᠃ ᠦᠨᠡᠭᠡ ᠴᠢᠨ᠋ᠸ᠎ᠠ ᠶᠢᠨ

ᠲᠤᠯᠤᠭᠠᠢ ᠳᠤ ᠨᠢ ᠰᠡᠪ ᠤᠷᠤᠪᠠᠯ ᠠᠮᠢ ᠨᠢ ᠪᠦᠬᠡᠵᠢᠨ ᠦᠬᠦᠬᠦ ᠨᠢ ᠤᠳᠠᠭᠠᠰᠢᠷᠠᠵᠤ ᠤᠯᠠᠨ

ᠲᠠᠬᠢᠨ ᠴᠤᠬᠢᠬᠤ ᠶᠠᠪᠤᠳᠠᠯ ᠭᠠᠷᠤᠨ᠎ᠠ᠃
    ᠬᠠᠪᠬᠠᠨ ᠳᠤ ᠤᠷᠤᠭᠰᠠᠨ ᠴᠢᠨ᠋ᠸ᠎ᠠ ᠶᠢ ᠲᠦᠷᠦᠭᠡ ᠪᠠᠨ ᠮᠤᠯᠳᠤᠯᠤᠨ ᠴᠤᠬᠢᠨ᠎ᠠ᠃

ᠴᠢᠨ᠋ᠸ᠎ᠠ ᠶᠢ ᠪᠤᠰᠢᠭᠤ ᠱᠠᠯᠠᠮᠠᠭ ᠴᠤᠬᠢᠬᠤ ᠦᠭᠡᠢ ᠪᠤᠯ ᠦᠷᠦᠭᠡᠰᠦᠨ ᠭᠠᠷ ᠢᠶᠠᠨ ᠲᠡᠯ᠎ᠡ ᠬᠠᠨᠴᠤᠢ ᠲᠠᠢ ᠪᠠᠨ ᠴᠢᠨ᠋ᠸ᠎ᠠ ᠳᠤ

ᠡᠷᠭᠦᠴᠢᠬᠡᠵᠦ ᠮᠡᠳᠡᠨ᠎ᠡ᠃
    ᠨᠢᠬᠡ᠂ ᠤᠰᠤᠨ ᠳᠤ ᠬᠠᠪᠬ᠎ᠠ ᠵᠡᠬᠦᠬᠦ
    ᠤᠷᠠᠳᠴᠤᠳ ᠠᠩ

ᠬᠦᠷᠦᠭᠡ ᠬᠢᠬᠦ ᠳᠤ ᠪᠠᠨ ᠨᠢᠳᠦ ᠤᠯᠠᠶᠢᠷᠠᠨ ᠤᠯᠠᠨ ᠲᠤᠭ᠎ᠠ ᠪᠠᠷ ᠠᠯᠠᠵᠤ ᠬᠢᠳᠤᠬᠤ ᠶᠢ ᠴᠡᠭᠡᠷᠯᠡᠵᠦ᠂ ᠠᠩ

ᠠᠮᠢᠳᠠᠨ ᠤ ᠦᠷ᠎ᠡ ᠲᠦᠯ ᠤᠨ ᠴᠠᠭ᠂ ᠬᠦᠬᠦᠬᠦᠯ ᠬᠤᠭᠤᠴᠠᠭ᠎ᠠ ᠪᠤᠶᠤ ᠡᠴᠡᠩᠬᠡᠢ ᠲᠤᠷᠠᠩᠬᠠᠢ᠂ ᠦᠰᠦ

ᠨᠤᠤᠰᠤ ᠨᠢ ᠤᠷᠭᠤᠵᠤ ᠭᠤᠤᠵᠢᠭ᠎ᠠ ᠦᠭᠡᠢ ᠦᠶ᠎ᠡ ᠳᠤ ᠠᠪᠠᠯᠠᠬᠤ ᠶᠢ ᠤᠨᠴᠠ ᠴᠡᠭᠡᠷᠯᠡᠳᠡᠭ᠃
   

ᠠᠩ ᠤᠨ ᠬᠤᠭᠤᠴᠠᠭ᠎ᠠ ᠶᠡᠷᠦᠩᠬᠡᠢ ᠳᠤ ᠪᠠᠨ ᠶᠢᠰᠦᠨ ᠰᠠᠷ᠎ᠠ ᠠᠴᠠ ᠠᠷᠪᠠᠨ ᠨᠢᠬᠡᠨ ᠰᠠᠷ᠎ᠠ ᠶᠢᠨ ᠰᠡᠬᠦᠯᠴᠢ

ᠬᠦᠷᠳᠡᠯ᠎ᠡ ᠦᠷᠬᠦᠯᠵᠢᠯᠡᠨ᠎ᠡ᠃ ᠨᠠᠮᠤᠷ ᠤᠨ ᠰᠡᠭᠦᠯᠴᠢ ᠪᠠᠷ ᠡᠪᠡᠰᠦ ᠨᠤᠭᠤᠭ᠎ᠠ ᠬᠠᠳᠠᠨ ᠰᠦᠯ ᠪᠦᠷᠢᠨ

ᠲᠠᠯᠪᠢᠬᠤ ᠶᠢᠨ ᠠᠯᠳᠠ ᠪᠠᠷ ᠵᠡᠭᠡᠷ᠎ᠡ᠂ ᠬᠤᠯᠠᠨ᠂ ᠠᠷᠭᠠᠯᠢ᠂ ᠴᠢᠨ᠋ᠸ᠎ᠠ᠂ ᠦᠨᠡᠭᠡ ᠁ ᠵᠡᠷᠭᠡ

ᠠᠷᠢᠶᠠᠳᠠᠨ ᠬᠦᠷᠦᠭᠡᠰᠦ ᠪᠤᠯᠠᠭ ᠱᠠᠩᠳᠠ ᠪᠠᠷᠠᠳᠠᠵᠤ ᠤᠰᠤ ᠤᠤᠭᠤᠬᠤ ᠪᠤᠯᠤᠨ᠎ᠠ᠃ ᠡᠨᠡ ᠦᠶ᠎ᠡ ᠳᠤ

ᠠᠩᠴᠢᠳ ᠪᠤᠯᠠᠭ ᠱᠠᠩᠳᠠ ᠶᠢᠨ ᠬᠠᠪᠢ ᠪᠠᠷ ᠬᠠᠪᠬ᠎ᠠ ᠵᠡᠬᠦᠨ᠎ᠡ᠃ ᠪᠤᠯᠠᠭ ᠱᠠᠩᠳᠠᠨ ᠳᠤ ᠵᠡᠭᠡᠷ᠎ᠡ ᠬᠦᠷᠦᠭᠡᠰᠦ ᠶᠢᠨ

ᠲᠦᠯ ᠨᠢ ᠤᠷᠢᠳᠠᠵᠤ ᠤᠴᠢᠳᠠᠭ᠃ ᠬᠠᠪᠬ᠎ᠠ ᠶᠢ ᠪᠤᠯᠠᠭ ᠱᠠᠩᠳᠠᠨ ᠳᠤ ᠲᠤᠯᠭᠠᠵᠤ ᠵᠡᠬᠦᠪᠡᠯ ᠢᠨᠵᠠᠭ᠎ᠠ᠂

ᠬᠤᠷᠠᠭ᠎ᠠ ᠁ ᠵᠡᠷᠭᠡ ᠲᠦᠯ ᠨᠢ ᠶᠠᠭᠤᠨ ᠤ ᠡᠮᠦᠨ᠎ᠡ ᠬᠠᠪᠬᠠᠨ ᠳᠤ ᠤᠨᠠᠨ᠎ᠠ᠃ ᠢᠢᠮᠦ ᠠᠴᠠ

ᠲᠤᠷᠰᠢᠯᠭ᠎ᠠ ᠲᠠᠢ ᠬᠦᠷᠦᠭᠡᠴᠢᠨ ᠤᠰᠤᠨ ᠠᠴᠠ ᠬᠤᠯᠠᠬᠠᠨ ᠦᠨᠳᠦᠷᠯᠢᠭ ᠭᠠᠵᠠᠷ ᠪᠤᠶᠤ

ᠵᠡᠭᠡᠷ᠎ᠡ ᠬᠦᠷᠦᠭᠡᠰᠦ ᠡᠷᠬᠢᠴᠡᠵᠦ ᠲᠤᠭᠤᠷᠢᠵᠤ ᠪᠤᠯᠤᠮᠠᠷ ᠡᠪᠳᠡᠶᠢᠬᠡᠨ ᠭᠠᠵᠠᠷ ᠰᠤᠩᠭᠤᠵᠤ ᠬᠠᠪᠬ᠎ᠠ

ᠵᠠᠬᠦᠪᠠᠯ ᠪᠦᠳᠦᠬᠦᠨ ᠲᠠᠷᠭᠤᠨ ᠤᠭᠤᠨᠤ᠂ ᠰᠤᠪᠠᠢ ᠰᠢᠷᠠᠭᠴᠢᠨ ᠪᠠᠷᠢᠨ᠎ᠠ᠃ ᠬᠠᠪᠬ᠎ᠠ ᠪᠠᠨ ᠴᠡᠪᠡᠷᠭᠡᠨ

ᠰᠠᠶᠢᠬᠠᠨ ᠵᠡᠬᠦᠵᠦ ᠴᠢᠳᠠᠪᠠᠯ ᠪᠤᠯᠠᠭ ᠱᠠᠩᠳᠠᠨ ᠤ ᠤᠶᠢᠷᠠᠯᠴᠠᠭ᠎ᠠ ᠠᠴᠠ ᠦᠨᠡᠭᠡ᠂ ᠴᠢᠨ᠋ᠸ᠎ᠠ ᠵᠡᠷᠭᠡ

ᠠᠷᠢᠶᠠᠳᠠᠨ ᠠᠮᠢᠳᠠᠨ ᠢ ᠪᠠᠷᠢᠵᠤ ᠪᠤᠯᠳᠠᠭ᠃
    ᠠᠷᠭᠠᠯᠢ᠂ ᠵᠡᠭᠡᠷ᠎ᠡ ᠶᠢᠨ ᠶᠠᠪᠤᠴᠠ ᠨᠢ ᠠᠳᠠᠯᠢᠬᠠᠨ

ᠪᠠᠶᠢᠵᠤ ᠬᠠᠪᠬ᠎ᠠ ᠵᠡᠬᠦᠬᠦ ᠠᠷᠭ᠎ᠠ ᠲᠡᠮ ᠨᠢ ᠶᠡᠭᠡ ᠲᠦᠯᠦᠪ ᠠᠳᠠᠯᠢ᠃  
    ᠬᠤᠶᠠᠷ᠂ ᠪᠠᠭᠠᠳᠠᠯ ᠳᠤ

ᠬᠠᠪᠬ᠎ᠠ ᠵᠡᠬᠦᠬᠦ
    ᠵᠤᠨ᠂ ᠨᠠᠮᠤᠷ᠂ ᠡᠪᠦᠯ ᠤᠨ ᠡᠬᠢ ᠪᠠᠷ ᠤᠭᠤᠨᠤ ᠪᠠᠭᠠᠳᠠᠯ ᠲᠠᠳᠠᠨ᠎ᠠ᠃ ᠪᠠᠭᠠᠳᠠᠯ

ᠲᠠᠳᠠᠨ᠎ᠠ ᠭᠡᠳᠡᠭ ᠨᠢ ᠤᠭᠤᠨᠤ ᠦᠷᠬᠦᠯᠵᠢ ᠲᠤᠭᠳᠠᠭᠰᠠᠨ ᠨᠢᠬᠡ ᠭᠠᠵᠠᠷ ᠢᠷᠡᠵᠦ᠂ ᠡᠮᠦᠨ᠎ᠡ

ᠬᠦᠯ ᠢᠶᠠᠷ ᠢᠶᠠᠨ ᠭᠠᠵᠠᠷ ᠮᠠᠭᠠᠵᠢᠨ ︵ᠮᠠᠯᠳᠠᠨ︶ ᠲᠡᠭᠡᠷ᠎ᠡ ᠨᠢ ᠪᠠᠭᠠᠵᠤ ᠰᠢᠬᠡᠬᠦ ᠶᠢ ᠭᠡᠯᠡᠨ᠎ᠡ᠃

ᠤᠯᠠᠨ ᠲᠠᠬᠢᠨ ᠢᠷᠡᠵᠦ ᠪᠠᠭᠠᠳᠠᠯ ᠲᠠᠳᠠᠭᠰᠠᠨ ᠠᠴᠠ ᠬᠤᠯᠠ ᠠᠴᠠ ᠬᠠᠷᠠᠭᠳᠠᠬᠤ ᠪᠠᠭᠠᠳᠠᠯ ᠪᠤᠯᠤᠨ᠎ᠠ᠃ ᠪᠠᠭᠠᠳᠠᠯ ᠳᠤ

ᠬᠠᠪᠬ᠎ᠠ ᠪᠤᠯᠠᠬᠤ ᠳᠤ ᠰᠢᠵᠢᠩ ᠦᠨᠦᠷᠳᠡᠨ᠎ᠡ᠃ ᠪᠠᠭᠠᠳᠠᠯ ᠳᠤ ᠵᠡᠬᠦᠭᠰᠡᠨ ᠬᠠᠪᠬᠠᠨ ᠳᠤ ᠤᠭᠤᠨᠤ ᠤᠷᠤᠨ᠎ᠠ᠃

ᠬᠠᠶᠠ ᠵᠠᠷᠢᠮ ᠳᠤ ᠪᠠᠨ ᠰᠤᠪᠠᠢ ᠰᠢᠷᠠᠭᠴᠢᠨ ᠤᠷᠤᠳᠠᠭ᠃ ᠪᠠᠭᠠᠳᠠᠯ ᠳᠤ ᠵᠡᠬᠦᠬᠦ ᠬᠠᠪᠬ᠎ᠠ ᠶᠢ ᠵᠠᠪᠠᠯ ᠭᠤᠤᠯ ᠳᠤ ᠨᠢ ᠲᠠᠯᠪᠢᠨ᠎ᠠ᠃

ᠵᠡᠭᠡᠷ᠎ᠡ ᠤᠯᠠᠨ ᠲᠠᠢ ᠭᠠᠵᠠᠷ ᠢᠬᠢᠷ᠎ᠡ ᠪᠠᠭᠠᠳᠠᠯ᠂ ᠴᠤᠪᠤᠭ᠎ᠠ ᠪᠠᠭᠠᠳᠠᠯ ᠴᠦ ᠲᠠᠭᠠᠷᠠᠨ᠎ᠠ᠃
    ᠭᠤᠷᠪᠠ᠂ ᠦᠨᠦᠷ

ᠲᠠᠯᠪᠢᠵᠤ ᠬᠠᠪᠬ᠎ᠠ ᠵᠡᠬᠦᠬᠦ
    ᠨᠠᠮᠤᠷ ᠤᠨ ᠰᠡᠭᠦᠯᠴᠢ ᠪᠠᠷ ᠨᠢᠬᠡ ᠵᠡᠭᠡᠷ᠎ᠡ ᠪᠤᠶᠤ ᠦᠨᠡᠭᠡ ᠪᠠᠷᠢᠵᠤ᠂

ᠪᠠᠷᠢᠭᠰᠠᠨ ᠵᠡᠭᠡᠷ᠎ᠡ ᠦᠨᠡᠭᠡᠨ ᠤ ᠪᠠᠨ ᠴᠢᠰᠤ ᠰᠡᠪᠡᠰᠦ ᠶᠢ ᠡᠪᠳᠡᠶᠢᠬᠡᠨ ᠭᠠᠵᠠᠷ ᠰᠤᠩᠭᠤᠨ ᠲᠠᠯᠪᠢᠭᠠᠳ

ᠰᠠᠯᠬᠢᠨ ᠲᠤᠤᠷ᠎ᠠ ᠨᠢ ᠬᠠᠪᠬ᠎ᠠ ᠵᠡᠬᠦᠨ᠎ᠡ᠃ ᠨᠠᠮᠤᠷ ᠴᠠᠭ ᠤᠨ ᠰᠦᠨᠢ ᠶᠢᠨ ᠰᠠᠯᠬᠢ ᠪᠠᠷᠤᠭ ᠲᠤ ᠪᠠᠨ ᠪᠠᠷᠠᠭᠤᠨ ᠡᠮᠦᠨ᠎ᠡ ᠪᠠᠶᠢᠵᠤ᠂

ᠲᠠᠯᠪᠢᠭᠰᠠᠨ ᠦᠨᠦᠷ ᠤᠨ ᠢᠶᠠᠨ ᠵᠡᠬᠦᠨ ᠬᠤᠶᠢᠳᠦ ᠲᠠᠯ᠎ᠠ ᠳᠤ ᠬᠠᠪᠬ᠎ᠠ ᠵᠡᠬᠦᠬᠦ ᠲᠤᠬᠢᠶᠠᠯᠳᠤᠯ ᠠᠷᠪᠢᠨ᠃ ᠡᠬᠦᠨ ᠢ ᠦᠨᠦᠷ

ᠲᠠᠯᠪᠢᠵᠤ ᠬᠠᠪᠬ᠎ᠠ ᠵᠡᠬᠦᠬᠦ ᠭᠡᠳᠡᠭ᠃ ᠦᠨᠦᠷ ᠲᠡᠯᠪᠢᠨ ᠬᠦᠷᠦᠭᠡᠯᠡᠵᠦ ᠰᠤᠷᠤᠭᠰᠠᠨ ᠠᠩᠴᠢᠨ ᠭᠠᠭᠴᠠ

ᠰᠠᠷᠬᠢᠨᠠᠭ ᠢᠶᠠᠷ ᠤᠯᠠᠨ ᠬᠦᠷᠦᠭᠡᠰᠦ ᠪᠠᠷᠢᠵᠤ ᠪᠤᠯᠤᠨ᠎ᠠ᠃ ᠦᠨᠦᠷ ᠲᠠᠯᠪᠢᠬᠤ

ᠮᠡᠷᠭᠡᠵᠢᠯ ᠳᠤ ᠠᠩᠴᠢᠨ ᠪᠤᠯᠭᠠᠨ ᠴᠠᠭᠠᠷᠠᠭᠰᠠᠨ ᠪᠠᠶᠢᠳᠠᠭ ᠦᠭᠡᠢ ᠯᠠ ᠳ᠋ᠠ᠃ ᠦᠨᠦᠷ

ᠲᠠᠯᠪᠢᠵᠤ ᠬᠠᠪᠬ᠎ᠠ ᠵᠡᠬᠦᠬᠦ ᠳᠤ ᠭᠠᠵᠠᠷ ᠤᠨ ᠪᠠᠶᠢᠴᠠ ᠶᠢ ᠤᠨᠴᠠ ᠠᠩᠬᠠᠷᠤᠨ ᠵᠡᠭᠡᠷ᠎ᠡ ᠦᠨᠡᠭᠡ ᠶᠢᠨ

ᠢᠷᠡᠬᠦ ᠵᠠᠮ ᠢ ᠲᠤᠰᠬᠤᠭᠤᠯᠬᠤ᠂ ᠴᠠᠰᠤ ᠰᠢᠭᠤᠷᠭᠠᠨ ᠢ ᠵᠠᠪᠳᠤᠬᠤ᠂ ᠰᠠᠯᠬᠢᠨ ᠤ ᠴᠢᠭᠯᠡᠯ ᠢ ᠡᠵᠡᠮᠳᠡᠬᠦ ᠭᠡᠷᠡᠭᠳᠡᠢ ᠪᠠᠶᠢᠳᠠᠭ᠃

ᠦᠨᠦᠷ ᠲᠠᠯᠪᠢᠵᠤ ᠬᠠᠪᠬ᠎ᠠ ᠵᠡᠬᠦᠭᠰᠡᠨ ᠰᠦᠨᠢ ᠬᠡᠨᠡᠳᠳᠡ ᠰᠠᠯᠬᠢ ᠡᠷᠬᠢᠵᠦ ᠠᠮᠠ ᠪᠠᠨ ᠪᠠᠷᠢᠬᠤ ᠶᠠᠪᠤᠳᠠᠯ ᠴᠦ ᠭᠠᠷᠤᠨ᠎ᠠ᠃

ᠬᠡᠰᠡᠨ ᠴᠦ ᠬᠠᠪᠬ᠎ᠠ ᠵᠡᠬᠦᠵᠦ ᠴᠠᠭᠠᠷᠠᠭᠰᠠᠨ ᠠᠩᠴᠢᠨ ᠲᠡᠭᠷᠢ ᠶᠢᠨ ᠪᠠᠶᠢᠳᠠᠯ ᠢ ᠰᠠᠶᠢᠳᠤᠷ ᠠᠩᠬᠠᠷᠴᠤ᠂ ᠲᠠᠷᠠ

ᠪᠤᠯᠭᠠᠨ ᠠᠮᠠ ᠪᠠᠨ ᠪᠠᠷᠢᠨ ᠬᠤᠭᠤᠰᠤᠳᠠᠭᠠᠳ ᠪᠠᠶᠢᠬᠤ ᠦᠭᠡᠢ ᠯᠠ ᠳ᠋ᠠ᠃ ᠦᠨᠦᠷ ᠲᠤ ᠬᠠᠪᠬ᠎ᠠ ᠪᠠᠨ ᠤᠨᠤᠴᠠ ᠲᠠᠢ

ᠵᠡᠬᠦᠵᠦ ᠴᠢᠳᠠᠪᠠᠯ ᠵᠡᠭᠡᠷ᠎ᠡ᠂ ᠠᠷᠭᠠᠯᠢ᠂ ᠴᠢᠨ᠋ᠸ᠎ᠠ᠂ ᠦᠨᠡᠭᠡ ᠶᠢᠨ ᠠᠯᠢ ᠨᠢ ᠴᠦ ᠭᠠᠨᠵᠤᠭ᠎ᠠ ᠲᠤᠰᠤᠳᠠᠵᠤ ᠮᠡᠳᠡᠨ᠎ᠡ᠃


    ᠬᠦᠮᠦᠨ ᠠᠴᠠ ᠲᠤᠤᠷᠠᠳᠠᠬᠤ ᠦᠭᠡᠢ ᠤᠬᠠᠭᠠᠨ ᠲᠠᠢ ᠠᠮᠢᠳᠠᠨ ᠪᠠᠰᠠ ᠪᠠᠶᠢᠳᠠᠭ ᠯᠠ ᠳ᠋ᠠ᠃ ᠵᠠᠷᠢᠮ ᠦᠨᠡᠭᠡ

ᠬᠠᠪᠬ᠎ᠠ ᠮᠠᠯᠳᠠᠵᠤ ᠰᠤᠷᠳᠠᠭ᠃ ᠬᠠᠪᠬ᠎ᠠ ᠮᠠᠯᠳᠠᠵᠤ ᠰᠤᠷᠤᠭᠰᠠᠨ ᠦᠨᠡᠭᠡ ᠬᠠᠪᠬ᠎ᠠ ᠶᠢ ᠲᠠᠯᠢᠮ ᠬᠢᠷᠢᠳᠡᠢ

ᠬᠤᠯᠠ ᠠᠴᠠ ᠮᠠᠯᠳᠠᠭᠰᠠᠭᠠᠷ ᠪᠠᠶᠢᠵᠤ ᠭᠡᠷᠵᠡᠶᠢᠳᠡᠯ᠎ᠡ ᠭᠠᠷᠭᠠᠴᠢᠬᠠᠭᠠᠳ᠂ ᠲᠠᠯᠪᠢᠭᠰᠠᠨ ᠰᠡᠭ ᠰᠡᠪᠡᠰᠦ ᠶᠢ

ᠪᠦᠬᠦᠳᠡ ᠶᠢ ᠨᠢ ᠢᠳᠡᠴᠢᠭᠡᠭᠡᠳ ᠠᠷᠢᠯᠤᠭᠰᠠᠨ ᠪᠠᠶᠢᠳᠠᠭ᠃ ᠬᠠᠪᠬ᠎ᠠ ᠮᠠᠯᠳᠠᠳᠠᠭ ᠦᠨᠡᠭᠡ ᠶᠢ ᠪᠠᠷᠢᠬᠤ ᠠᠷᠭ᠎ᠠ ᠪᠠᠰᠠ ᠪᠤᠢ᠃

ᠦᠨᠡᠭᠡᠨ ᠤ ᠮᠠᠯᠳᠠᠵᠤ ᠭᠠᠷᠭᠠᠭᠰᠠᠨ ᠬᠠᠪᠬᠠᠨ ᠤ ᠦᠯᠢᠢ ᠳᠤ ᠬᠢᠳᠤᠭ᠎ᠠ ᠪᠤᠶᠤ ᠲᠡᠮᠦᠷ ᠤᠨ ᠵᠦᠢᠯ ᠪᠤᠯᠠᠭᠠᠳ ᠬᠠᠪᠬ᠎ᠠ ᠪᠠᠨ

ᠵᠢᠭᠠᠬᠠᠨ ᠰᠢᠯᠵᠢᠬᠦᠯᠦᠭᠡᠳ ᠪᠤᠯᠠᠪᠠᠯ ᠦᠨᠡᠭᠡ ᠬᠢᠳᠤᠭ᠎ᠠ ᠪᠤᠶᠤ ᠲᠠᠮᠤᠷ ᠤᠨ ᠵᠦᠢᠯ ᠢ ᠮᠠᠯᠳᠠᠵᠤ ᠭᠠᠷᠭᠠᠨ

ᠰᠠᠨᠠᠭ᠎ᠠ ᠨᠢ ᠠᠮᠤᠷᠠᠭᠠᠳ ᠬᠠᠮᠢᠶ᠎ᠠ ᠨᠠᠮᠢᠶ᠎ᠠ ᠦᠭᠡᠢ ᠬᠦᠶᠦᠵᠦ ᠰᠡᠭ ᠰᠡᠪᠡᠰᠦ ᠢᠳᠡᠨ

ᠬᠠᠪᠬᠠᠨ ᠳᠤ ᠭᠡᠨᠡᠳᠡᠭᠳᠡᠨ ᠤᠷᠤᠳᠠᠭ᠃
    ᠦᠮᠡᠬᠡᠢ ᠡᠪᠡᠰᠦ᠂ ᠴᠢᠳᠦᠷ ᠡᠪᠡᠰᠦᠨ ᠳᠤ ᠵᠡᠭᠡᠷ᠎ᠡ ᠴᠤᠭᠯᠠᠨ᠎ᠠ᠃

ᠲᠡᠶᠢᠮᠦ ᠠᠴᠠ ᠦᠮᠡᠬᠡᠢ ᠡᠪᠡᠰᠦ᠂ ᠴᠢᠳᠦᠷ ᠡᠪᠡᠰᠦ ᠡᠯᠪᠡᠭ ᠭᠠᠵᠠᠷ ᠬᠠᠪᠬ᠎ᠠ ᠵᠡᠬᠦᠵᠦ ᠭᠠᠭᠴᠠ ᠬᠤᠶᠠᠷ ᠵᠡᠬᠡᠷ᠎ᠡ ᠪᠠᠷᠢᠵᠤ ᠪᠤᠯᠳᠠᠭ᠃

ᠡᠨᠡ ᠨᠢ ᠠᠩᠴᠢᠳ ᠤᠨ ᠲᠦᠭᠡᠮᠡᠯ ᠭᠡᠷᠡᠭᠯᠡᠬᠦ ᠠᠷᠭ᠎ᠠ ᠪᠢᠰᠢ᠃
    ᠲᠦᠷᠪᠡ᠂ ᠴᠤᠪᠤᠭ᠎ᠠ ᠳᠤ ᠬᠠᠪᠬ᠎ᠠ ᠵᠡᠬᠦᠬᠦ
   

ᠵᠡᠭᠡᠷ᠎ᠡ ᠪᠤᠯᠠᠭ ᠱᠠᠩᠳᠠ᠂ ᠨᠠᠭᠤᠷ ᠵᠠᠳᠠᠭᠠᠢ ᠳᠤ ᠬᠦᠶᠦᠬᠦ ᠳᠤ ᠪᠠᠨ ᠦᠷᠬᠦᠯᠵᠢ ᠨᠢᠬᠡ ᠮᠦᠷ ᠢᠶᠠᠷ

ᠴᠤᠪᠤᠵᠤ ᠶᠠᠪᠤᠳᠠᠭ᠃ ᠵᠡᠭᠡᠷ᠎ᠡ ᠶᠢᠨ ᠴᠤᠪᠤᠭᠠᠨ ᠳᠤ ᠬᠠᠪᠬ᠎ᠠ ᠵᠡᠬᠦᠵᠦ ᠵᠡᠭᠡᠷ᠎ᠡ ᠪᠠᠷᠢᠵᠤ ᠪᠤᠯᠤᠨ᠎ᠠ᠃

ᠴᠤᠪᠤᠭᠠᠨ ᠤ ᠬᠠᠪᠬᠠᠨ ᠳᠤ ᠪᠠᠷᠤᠭ ᠲᠤ ᠪᠠᠨ ᠰᠢᠷᠠᠭᠴᠢᠨ ᠤᠷᠤᠳᠠᠭ ᠪᠤᠯᠬᠤᠷ ᠢᠨᠵᠠᠭ᠎ᠠ ᠲᠠᠢ

ᠰᠢᠷᠠᠭᠴᠢᠨ ᠬᠠᠪᠬᠠᠨ ᠳᠤ ᠤᠷᠤᠬᠤ ᠠᠴᠠ ᠭᠡᠷᠰᠡᠦᠯᠡᠨ ᠵᠡᠭᠡᠷ᠎ᠡ ᠬᠦᠷᠦᠭᠡᠰᠦᠨ ᠤ ᠬᠦᠬᠦᠬᠦᠯ ᠬᠤᠭᠤᠴᠠᠭ᠎ᠠ

ᠪᠤᠶᠤ ᠭᠡᠭᠡᠯ ᠤᠨ ᠬᠤᠭᠤᠴᠠᠭᠠᠨ ᠳᠤ ᠴᠤᠪᠤᠭᠠᠨ ᠳᠤ ᠬᠠᠪᠬ᠎ᠠ ᠵᠡᠬᠦᠳᠡᠭ ᠦᠭᠡᠢ᠃
    ᠲᠠᠪᠤ᠂ ᠴᠠᠰᠤᠨ ᠤ

ᠲᠠᠬᠤᠨ ᠳᠤ ᠬᠠᠪᠬ᠎ᠠ ᠵᠡᠬᠦᠬᠦ
    ᠬᠠᠪᠤᠷ ᠤᠨ ᠲᠠᠷᠴᠢᠭ ᠴᠠᠭ ᠲᠤ ᠮᠢᠬ᠎ᠠ ᠱᠦᠯᠦ ᠬᠤᠪᠤᠷᠳᠠᠪᠠᠯ ᠡᠷᠭᠢ ᠭᠠᠩᠭ᠎ᠠ᠂

ᠭᠤᠤ ᠵᠢᠯᠠᠭ᠎ᠠ ᠶᠢᠨ ᠮᠤᠬᠤᠷ᠂ ᠤᠷᠪᠤᠭ ᠪᠤᠳᠠᠨ ᠤ ᠨᠦᠮᠦᠷᠢ ᠳᠤ ᠦᠯᠡᠳᠡᠭᠰᠡᠨ ᠴᠠᠰᠤ ᠪᠤᠶᠤ ᠴᠢᠬᠢᠭ ᠲᠠᠢ ᠭᠠᠵᠠᠷ ᠬᠠᠪᠬ᠎ᠠ

ᠪᠤᠯᠠᠵᠤ ᠭᠠᠭᠴᠠ ᠬᠤᠶᠠᠷ ᠡᠴᠡᠩᠬᠡᠢ ᠵᠡᠭᠡᠷ᠎ᠡ ᠪᠠᠷᠢᠳᠠᠭ᠃ ᠡᠬᠦᠨ ᠢ ᠴᠠᠰᠤᠨ ᠤ ᠲᠠᠬᠤᠨ ᠳᠤ ᠬᠠᠪᠬ᠎ᠠ

ᠵᠡᠬᠦᠨ᠎ᠡ ᠭᠡᠳᠡᠭ᠃ ᠡᠨᠡ ᠨᠢ ᠪᠤᠳᠤᠯᠢᠭᠤ ᠬᠦᠷᠦᠭᠡᠴᠢᠨ ᠤ ᠶᠠᠳᠠᠷᠠᠭᠰᠠᠨ ᠠᠷᠭ᠎ᠠ ᠯᠠ ᠳ᠋ᠠ᠃ ᠬᠠᠷᠢᠨ

ᠵᠠᠷᠢᠮ ᠨᠠᠮᠤᠷ ᠡᠷᠳᠡ ᠴᠠᠰᠤ ᠤᠷᠤᠵᠤ᠂ ᠲᠠᠷᠠᠭ᠎ᠠ ᠨᠢ ᠲᠤᠯᠠᠭᠠᠷᠠᠨ ᠲᠠᠯ᠎ᠠ ᠶᠢᠨ ᠴᠠᠰᠤ ᠬᠠᠶᠢᠯᠵᠤ ᠬᠠᠳᠠᠪᠠᠯ

ᠭᠤᠤ ᠵᠢᠯᠠᠭ᠎ᠠ᠂ ᠡᠷᠭᠢ ᠪᠤᠳᠠᠨ ᠤ ᠨᠦᠮᠦᠷᠢ ᠳᠠᠬᠢ ᠴᠠᠰᠤᠨ ᠤ ᠲᠠᠬᠤᠨ ᠳᠤ ᠬᠠᠪᠬ᠎ᠠ ᠵᠡᠬᠦᠵᠦ ᠰᠦᠪᠡᠭᠡ ᠨᠡᠪᠳᠡ

ᠲᠠᠷᠭᠤᠨ ᠤᠭᠤᠨᠤ ᠪᠠᠷᠢᠵᠤ ᠪᠤᠯᠳᠠᠭ᠃
    ᠭᠠᠯᠳᠤ ᠫᠤᠤ ᠪᠠᠷ ᠬᠦᠷᠦᠭᠡᠯᠡᠬᠦ
    ᠠᠪᠤ ᠮᠢᠨᠢ ᠬᠠᠪᠬ᠎ᠠ ᠪᠠᠷ ᠬᠦᠷᠦᠭᠡᠯᠡᠨ᠎ᠡ᠃

ᠭᠠᠯᠳᠤ ᠫᠤᠤ ᠲᠡᠮᠡᠢ ᠦᠵᠡᠵᠦ ᠬᠠᠷᠠᠵᠤ ᠪᠠᠶᠢᠭᠰᠠᠨ ᠦᠭᠡᠢ ᠪᠢ ᠭᠠᠯᠳᠤ ᠫᠤᠤ ᠶᠢᠨ ᠲᠤᠬᠠᠢ ᠦᠪᠡᠷ ᠤᠨ ᠰᠤᠨᠤᠰᠴᠤ

ᠤᠶᠢᠯᠠᠭᠠᠭᠰᠠᠨ ᠬᠢᠷᠢ ᠪᠠᠷ ᠢᠶᠠᠨ ᠴᠤᠬᠤᠰᠬᠢᠨ ᠲᠤᠷᠠᠳᠤᠶ᠎ᠠ᠃
    ᠲᠡᠷᠢ᠂ ᠰᠤᠮᠤ ᠶᠢ

ᠠᠰᠢᠭᠯᠠᠨ ᠠᠩ ᠠᠮᠢᠳᠠᠨ ᠢ ᠫᠤᠤᠳᠠᠵᠤ ᠠᠯᠠᠳᠠᠭ ᠪᠠᠭᠠᠵᠢ ᠶᠢ ᠭᠠᠯᠳᠤ ᠫᠤᠤ ᠭᠡᠨ᠎ᠡ᠃ ᠲᠤᠰᠬᠠᠢ ᠭᠡᠪ ᠲᠤ

ᠲᠤᠭᠤᠯᠭ᠎ᠠ ᠴᠢᠳᠬᠤᠨ ᠭᠠᠯᠳᠤ ᠫᠤᠤ ᠶᠢᠨ ᠰᠤᠮᠤ ᠬᠢᠨ᠎ᠡ᠃ ᠬᠦᠬᠦᠷ᠂ ᠱᠤ᠂ ᠨᠡᠬᠦᠷᠡᠰᠦ ᠪᠠᠷ ᠲᠡᠷᠢ ᠨᠤᠬᠤᠨ᠎ᠠ᠃

ᠫᠤᠤ ᠶᠢᠨ ᠴᠢᠬᠢᠨ ᠤ ᠲᠡᠷᠢ᠂ ᠴᠡᠨᠡᠭ ᠤᠨ ᠲᠡᠷᠢ ᠬᠤᠪᠢ ᠬᠤᠪᠢᠨ ᠳᠤ ᠪᠠᠨ ᠪᠠᠶᠢᠳᠠᠭ᠃ ᠲᠡᠷᠢ ᠶᠢ ᠨᠡᠷᠢᠬᠠᠨ ᠵᠢᠵᠢᠭ ᠴᠠᠭᠠᠨ

ᠪᠦᠰ ᠭᠡᠦᠳᠡᠢ ᠳᠤ ᠬᠢᠵᠦ ᠪᠠᠭ᠎ᠠ ᠰᠠᠭ᠎ᠠ ᠠᠷᠢᠬᠢ ᠲᠤᠰᠤᠭᠠᠭᠠᠳ ᠰᠠᠯᠠᠭ᠎ᠠ ᠲᠠᠢ ᠮᠤᠳᠤᠨ ᠤ ᠠᠴᠠᠨ ᠳᠤ ᠤᠶᠠᠵᠤ

ᠨᠡᠯᠢᠶᠡᠳ ᠤᠷᠳᠤ ᠬᠤᠭᠤᠴᠠᠭ᠎ᠠ ᠨᠠᠰᠢ ᠴᠠᠰᠢ ᠬᠤᠯᠬᠢᠭᠤᠯᠤᠨ ᠰᠡᠭᠰᠦᠷᠴᠦ ᠬᠤᠨᠤᠭ ᠪᠤᠳᠠᠭ᠎ᠠ ᠰᠢᠭ᠋ ᠵᠢᠵᠢᠭ

ᠮᠦᠬᠦᠯᠢᠭ ᠪᠤᠯᠭᠠᠬᠤ ᠶᠢ ᠲᠡᠷᠢ ᠤᠮᠠᠰᠢᠯᠠᠬᠤ ᠭᠡᠳᠡᠭ᠃ ᠤᠮᠠᠰᠢᠯᠠᠭᠰᠠᠨ ᠲᠡᠷᠢ ᠶᠢ ᠴᠠᠭᠠᠰᠤᠨ ᠲᠡᠭᠡᠷ᠎ᠡ ᠲᠠᠯᠪᠢᠨ

ᠠᠰᠠᠭᠠᠬᠤ ᠳᠤ ᠫᠦᠳ ᠬᠢᠨ ᠲᠡᠭᠡᠭᠰᠢ ᠦᠰᠦᠷᠴᠦ᠂ ᠴᠠᠭᠠᠨ ᠴᠠᠭᠠᠷᠢᠭ ᠭᠠᠷᠴᠤ ᠪᠠᠶᠢᠪᠠᠯ ᠴᠢᠨᠠᠷ

ᠰᠠᠶᠢᠨ ᠲᠡᠷᠢ ᠪᠤᠯᠤᠭᠰᠠᠨ ᠢ ᠭᠡᠷᠡᠴᠢᠯᠡᠨ᠎ᠡ᠃ ᠤᠮᠠᠰᠢᠯᠠᠭᠰᠠᠨ ᠤ ᠲᠠᠷᠠᠭ᠎ᠠ ᠬᠤᠨᠤᠭ ᠪᠤᠳᠠᠭ᠎ᠠ ᠰᠢᠭ᠋ ᠵᠢᠵᠢᠭ

ᠮᠦᠬᠦᠯᠢᠭ ᠪᠤᠯᠵᠤ ᠪᠦᠷᠢᠯᠳᠦᠭᠰᠡᠨ ᠲᠡᠷᠢ ᠶᠢ ᠨᠢ ᠴᠡᠨᠡᠭ ᠤᠨ ᠲᠡᠷᠢ ᠭᠡᠵᠤ᠂ ᠬᠡᠦᠳᠡᠢ ᠶᠢᠨ ᠢᠷᠤᠭᠠᠷ ᠲᠤ

ᠦᠯᠡᠳᠡᠭᠰᠡᠨ ᠨᠤᠨᠳᠠᠭ ᠲᠡᠷᠢ ᠶᠢ ᠨᠢ ᠴᠢᠬᠢᠨ ᠤ ᠲᠡᠷᠢ ᠬᠡᠨ᠎ᠡ᠃
    ᠦᠭᠡᠷ ᠤᠨ ᠡᠪᠡᠷ ᠪᠤᠶᠤ

ᠤᠭᠤᠨᠤ ᠶᠢᠨ ᠡᠪᠡᠷ ᠢᠶᠠᠷ ᠬᠢᠭᠰᠡᠨ ᠰᠠᠪᠠᠨ ᠳᠤ ᠴᠡᠨᠡᠭ ᠤᠨ ᠲᠡᠷᠢ ᠪᠠᠨ ᠰᠠᠪᠠᠯᠠᠳᠠᠭ᠃ ᠦᠭᠡᠷ ᠤᠨ

ᠡᠪᠡᠷ ᠤᠨ ᠨᠠᠷᠢᠨ ᠦᠵᠦᠬᠦᠷ ᠲᠤ ᠤᠭᠵᠢᠨ ᠤ ᠬᠦᠬᠦ‍ ᠰᠢᠭ ᠵᠢᠵᠢᠭᠭᠡᠨ ᠢᠯᠬᠢ ᠶᠢ ᠲᠠᠭᠠᠷᠠᠭᠤᠯᠤᠨ ᠤᠶᠤᠵᠤ᠂

ᠢᠯᠬᠢᠨ ᠲᠤᠯᠤᠮ ᠤᠨ ᠦᠵᠦᠬᠦᠷ ᠲᠤ ᠨᠢ ᠢᠷᠤᠭᠠᠷ ᠢ ᠨᠢ ᠠᠪᠤᠭᠰᠠᠨ ᠰᠤᠮᠤᠨ ᠤ ᠬᠤᠩᠬᠢᠶ᠎ᠠ ᠲᠠᠭᠠᠷᠠᠭᠤᠯᠵᠤ᠂ ᠵᠢᠵᠢᠭᠭᠡᠨ

ᠮᠤᠳᠤ ᠶᠢ ᠰᠤᠮᠤ ᠰᠢᠭ᠋ ᠬᠦᠭᠡᠷᠦᠬᠦᠨ ᠵᠤᠷᠭᠤᠭᠠᠳ ᠰᠤᠮᠤᠨ ᠤ ᠬᠤᠩᠬᠢᠶ᠎ᠠ ᠪᠠᠨ ᠪᠦᠭᠯᠡᠨ᠎ᠡ᠃ ᠦᠬᠡᠷ ᠤᠨ

ᠡᠪᠡᠷ ᠤᠨ ᠪᠦᠳᠦᠬᠦᠨ ᠦᠵᠦᠬᠦᠷ ᠢ ᠲᠤᠭᠤᠢ ᠮᠤᠳᠤ ᠵᠤᠷᠭᠤᠨ ᠲᠠᠭᠯᠠᠳᠠᠭ᠃ ᠫᠤᠤ ᠴᠡᠨᠡᠭᠯᠡᠬᠦ ᠲᠡᠷᠢ ᠶᠢᠨ

ᠭᠡᠮᠵᠢᠶ᠎ᠡ ᠨᠢ ᠫᠤᠤ ᠶᠢᠨ ᠲᠤᠰᠤᠯᠳᠠ ᠶᠢ ᠰᠢᠭᠤᠳ ᠨᠦᠯᠦᠬᠡᠯᠡᠳᠡᠭ ᠠᠴᠠ ᠰᠤᠮᠤᠨ ᠤ

ᠬᠤᠩᠬᠢᠶ᠎ᠠ ᠪᠠᠷ ᠲᠡᠷᠢ ᠶᠢᠨ ᠶᠡᠭᠡ ᠪᠠᠭ᠎ᠠ ᠶᠢ ᠪᠠᠷᠢᠮᠵᠢᠶᠠᠯᠠᠵᠤ ᠭᠠᠯᠳᠤ ᠫᠤᠤ ᠪᠠᠨ ᠴᠡᠨᠡᠭᠯᠡᠨ᠎ᠡ᠃


    ᠵᠡᠭᠡᠷ᠎ᠡ ᠶᠢᠨ ᠴᠢᠮᠦᠭᠡ ᠪᠠᠷ ᠭᠠᠯᠳᠤ ᠫᠤᠤ ᠶᠢ ᠦᠷᠬᠦᠯᠵᠢ ᠲᠤᠰᠤᠯᠠᠵᠤ ᠪᠠᠶᠢᠬᠤ ᠭᠡᠷᠡᠭᠳᠡᠢ᠃ ᠭᠠᠯᠳᠤ ᠫᠤᠤ

ᠲᠤᠰᠤᠯᠠᠬᠤ ᠳᠤ ᠮᠤᠳᠤᠨ ᠰᠦᠮᠪᠦ ᠭᠡᠷᠡᠭᠯᠡᠨ᠎ᠡ᠃ ᠭᠠᠯᠳᠤ ᠫᠤᠤ ᠶᠢ ᠴᠡᠨᠡᠭᠯᠡᠬᠦ ᠳᠤ ᠤᠷᠢᠳᠠᠪᠠᠷ

ᠫᠤᠤ ᠶᠢᠨ ᠠᠮᠠ ᠪᠠᠷ ᠲᠡᠷᠢ ᠬᠢᠵᠦ᠂ ᠲᠠᠬᠢᠨ ᠬᠢᠭᠰᠡᠨ ᠲᠡᠷᠢ ᠳᠤ ᠪᠠᠨ ᠬᠦᠷᠭᠡᠯ ᠦᠭᠡᠢ ᠫᠤᠤ ᠪᠠᠨ

ᠰᠦᠮᠪᠤᠳᠠᠵᠤ ᠲᠤᠰᠤᠯᠠᠭᠠᠳ ᠲᠤᠭᠤᠯᠭᠠᠨ ᠰᠤᠮᠤ ᠪᠠᠨ ᠬᠢᠵᠦ ᠤᠷᠤᠭᠤᠯᠤᠨ᠎ᠠ᠃
    ᠭᠠᠯᠳᠤ

ᠫᠤᠤ ᠶᠢᠨ ᠰᠤᠮᠤᠨ ᠤ ᠰᠠᠪᠠ᠂ ᠲᠡᠷᠢ ᠶᠢᠨ ᠰᠠᠪᠠ᠂ ᠴᠢᠬᠢᠨ ᠤ ᠲᠡᠷᠢ᠂ ᠲᠤᠰᠤᠯᠠᠭᠤᠷ ᠤᠨ ᠰᠠᠪᠠ ᠵᠡᠷᠭᠡ ᠶᠢ

ᠨᠠᠷᠢᠬᠠᠨ ᠰᠤᠷ ᠢᠶᠠᠷ ᠭᠡᠯᠬᠢᠳᠡᠭ᠃ ᠡᠬᠦᠨ ᠢ ᠪᠠᠨ ᠶᠡᠷᠦᠩᠬᠡᠶᠢᠯᠡᠭᠡᠳ ᠬᠤᠳᠠ ᠴᠡᠨᠡᠭ ᠭᠡᠨ᠎ᠡ᠃ ᠲᠡᠭᠡᠷ᠎ᠡ ᠵᠠᠭᠤᠨ ᠤ ᠵᠢᠷᠡ

ᠲᠠᠯᠠᠭᠠᠳ ᠤᠨ ᠪᠤᠯᠳᠠᠯ᠎ᠠ ᠮᠠᠨ ᠤ ᠤᠷᠠᠳᠴᠤᠳ ᠲᠡᠪᠡᠯ ᠲᠡᠷᠯᠢᠭ ᠡᠮᠦᠰᠳᠡᠭ ᠠᠴᠠ ᠠᠩᠴᠢᠳ ᠬᠤᠳᠠ

ᠴᠡᠨᠡᠭ ᠢᠶᠠᠨ ᠲᠤᠰᠬᠠᠢ ᠪᠤᠭᠴᠤ ᠰᠠᠪᠠᠨ ᠳᠤ ᠬᠢᠬᠦ ᠦᠭᠡᠢ ᠬᠠᠷᠢᠨ ᠡᠪᠦᠷᠳᠦᠯᠡᠨ᠎ᠡ᠃
   

ᠪᠢᠴᠢᠬᠠᠨ ᠨᠠᠶᠢᠵᠠ ᠨᠠᠷ ᠮᠢᠨᠢ ᠠᠮᠤᠷ ᠲᠦᠪᠰᠢᠨ ᠢ ᠲᠡᠷᠢᠬᠦᠨ ᠪᠠᠶᠢᠷᠢᠨ ᠳᠤ ᠲᠠᠯᠪᠢᠵᠤ᠂ ᠫᠤᠤ᠂ ᠰᠤᠮᠤ᠂

ᠲᠡᠷᠢ ᠠᠴᠠ ᠬᠤᠯᠠ ᠪᠠᠶᠢᠭᠠᠷᠠᠢ︕
    ᠲᠡᠮᠡᠭᠡ ᠲᠦᠯᠬᠢᠵᠦ ᠫᠤᠤ ᠪᠠᠷ ᠬᠦᠷᠦᠭᠡᠯᠡᠬᠦ
    ᠲᠡᠮᠡᠭᠡ

ᠤᠯᠠᠨ ᠲᠠᠢ ᠤᠷᠠᠳ ᠭᠤᠪᠢᠴᠦᠳ ᠲᠡᠮᠡᠭᠡ ᠶᠢ ᠠᠩ ᠳᠤ ᠲᠦᠯᠬᠢᠵᠦ ᠰᠤᠷᠭᠠᠨ᠎ᠠ᠃ ᠠᠷᠤ ᠦᠪᠦᠷ᠂

ᠵᠦᠪ ᠪᠤᠷᠤᠭᠤ ᠠᠯᠢ ᠲᠠᠯ᠎ᠠ ᠳᠤ ᠨᠢ ᠭᠠᠷᠤᠭᠰᠠᠨ ᠴᠦ ᠲᠡᠶᠢᠷᠴᠦ ᠲᠡᠪᠰᠡᠳᠡᠭ ᠦᠭᠡᠢ᠂ ᠪᠤᠷᠠᠨᠳᠠᠭ ᠢ ᠨᠢ ᠴᠢᠷᠦᠬᠦᠯᠦᠨ

ᠤᠷᠬᠢᠭᠰᠠᠨ ᠴᠦ ᠲᠤᠳᠠᠭᠠᠳᠠᠭ ᠦᠭᠡᠢ᠂ ᠠᠴᠢᠵᠤ ᠲᠡᠩᠨᠡᠬᠦ ᠳᠤ ᠨᠤᠮᠤᠬᠠᠨ᠂ ᠰᠡᠪᠡᠰᠦᠯᠡᠵᠦ ᠲᠤᠤᠭᠠᠷᠳᠠᠭ

ᠦᠭᠡᠢ ᠨᠤᠮᠤᠬᠠᠨ ᠲᠡᠮᠡᠭᠡ ᠶᠢ ᠠᠩ ᠳᠤ ᠲᠦᠯᠬᠢᠵᠦ ᠰᠤᠷᠭᠠᠨ᠎ᠠ᠃
    ᠲᠦᠯᠬᠢᠵᠦ ᠰᠤᠷᠤᠭᠰᠠᠨ ᠲᠡᠮᠡᠭᠡ ᠫᠤᠤ ᠡᠬᠦᠷᠦᠭᠡᠳ

ᠮᠤᠷᠳᠠᠬᠤ ᠳᠤ ᠠᠩ ᠳᠤ ᠭᠠᠷᠬᠤ ᠨᠢ ᠭᠡᠳᠡᠭ ᠢ ᠮᠡᠳᠡᠵᠦ᠂ ᠲᠤᠯᠤᠭᠠᠢ ᠪᠠᠨ ᠦᠯᠢᠢᠯᠬᠡᠨ ᠴᠢᠬᠢ ᠪᠠᠨ ᠰᠡᠷᠳᠡᠯᠵᠡᠬᠦᠯᠵᠦ᠂

ᠠᠯᠤᠰ ᠲᠤ ᠬᠠᠷᠠᠭ᠎ᠠ ᠪᠡᠯᠴᠢᠭᠡᠨ᠎ᠡ᠃ ᠠᠩ ᠬᠦᠷᠦᠭᠡᠰᠦᠨ ᠤ ᠪᠠᠷ᠎ᠠ ᠬᠠᠷᠠᠪᠠᠯ ᠰᠢᠭᠤᠳ ᠴᠢᠭᠯᠡᠨ᠎ᠡ᠃

ᠵᠡᠭᠡᠷ᠎ᠡ ᠬᠦᠷᠦᠭᠡᠰᠦ ᠲᠤᠭᠳᠠᠪᠦᠷᠢ ᠲᠠᠢ ᠢᠳᠡᠰᠢᠯᠡᠵᠦ ᠪᠠᠶᠢᠪᠠᠯ ᠲᠦᠷᠭᠡᠨ ᠲᠦᠷᠭᠡᠨ ᠠᠯᠬᠤᠯᠠᠵᠤ᠂

ᠵᠡᠭᠡᠷ᠎ᠡ ᠬᠦᠷᠦᠭᠡᠰᠦ ᠡᠰᠢ ᠲᠡᠰᠢ ᠬᠠᠷᠠᠬᠤ ᠪᠤᠶᠤ ᠦᠬᠡᠳᠡ ᠠᠴᠠ ᠨᠢ ᠬᠠᠷᠠᠪᠠᠯ ᠢᠳᠡᠰᠢᠯᠡᠵᠦ

ᠪᠠᠶᠢᠬᠤ ᠪᠠᠷ ᠤᠪᠯᠠᠨ ᠡᠪᠡᠰᠦ ᠪᠤᠳᠠᠨ ᠤ ᠲᠤᠯᠤᠭᠠᠢ ᠰᠢᠬᠦᠷᠦᠨ᠎ᠡ᠃ ᠲᠦᠯᠬᠢᠵᠦ ᠰᠤᠷᠤᠭᠰᠠᠨ

ᠲᠡᠮᠡᠭᠡ ᠠᠩ ᠬᠦᠷᠦᠭᠡᠰᠦᠨ ᠤ ᠪᠠᠷ᠎ᠠ ᠬᠠᠷᠠᠪᠠᠯ ᠡᠪᠡᠰᠦ ᠪᠤᠳᠠ ᠢᠳᠡᠬᠦ ᠭᠡᠵᠤ ᠶᠠᠭᠠᠷᠠᠬᠤ ᠦᠭᠡᠢ ᠬᠠᠷᠢᠨ

ᠠᠯᠢ ᠪᠤᠯᠬᠤ ᠪᠠᠷ ᠬᠤᠷᠳᠤᠬᠠᠨ ᠠᠩ ᠠᠮᠢᠳᠠᠨ ᠳᠤ ᠤᠶᠢᠷᠠᠳᠬᠤ ᠭᠡᠵᠤ ᠰᠢᠮᠳᠠᠨ᠎ᠠ᠃ ᠲᠡᠮᠡᠭᠡ ᠶᠢ ᠠᠳᠤᠭᠤᠰᠤ ᠭᠡᠵᠤ

ᠪᠠᠰᠤᠬᠤ ᠶᠢᠨ ᠠᠷᠭ᠎ᠠ ᠦᠭᠡᠢ ᠮᠡᠷᠭᠡᠨ ᠠᠮᠢᠳᠠᠨ ᠯᠠ ᠳ᠋ᠠ᠃ ᠲᠡᠮᠡᠭᠡ ᠵᠡᠭᠡᠷ᠎ᠡ ᠬᠦᠷᠦᠭᠡᠰᠦᠨ ᠳᠤ

ᠤᠶᠢᠷᠠᠳᠬᠤ ᠲᠤᠳᠤᠮ ᠡᠪᠡᠰᠦ ᠪᠤᠳᠠ ᠢᠳᠡᠬᠦ ᠳᠤ ᠪᠠᠨ ᠲᠤᠯᠤᠭᠠᠢ ᠬᠦᠵᠦᠬᠦᠦ ᠪᠠᠷ ᠢᠶᠠᠨ ᠡᠵᠡᠨ ᠢᠶᠠᠨ ᠬᠠᠯᠬᠠᠯᠠᠨ᠎ᠠ᠃

ᠵᠡᠭᠡᠷ᠎ᠡ ᠬᠦᠷᠦᠭᠡᠰᠦᠨ ᠳᠤ ᠫᠤᠤᠳᠠᠵᠤ ᠪᠤᠯᠬᠤᠶᠢᠴᠠ ᠤᠶᠢᠷᠠᠳᠤᠮᠠᠭᠴᠠ ᠵᠤᠷᠢᠭᠤᠳᠠ ᠦᠨᠳᠦᠷᠭᠡᠨ ᠤᠷᠪᠤᠭ ᠪᠤᠳᠠᠨ ᠤ

ᠲᠡᠷᠭᠡᠳᠡᠬᠦᠷ ᠦᠩᠭᠡᠷᠡᠨ᠎ᠡ᠃ ᠲᠡᠮᠡᠭᠡ ᠲᠦᠯᠬᠢᠨ ᠠᠪᠠᠯᠠᠵᠤ ᠰᠤᠷᠤᠭᠰᠠᠨ ᠠᠩᠴᠢᠨ ᠤᠷᠪᠤᠭ

ᠪᠤᠳᠠᠨ ᠤ ᠠᠷᠤ ᠳᠤ ᠪᠡᠶ᠎ᠡ ᠲᠠᠯᠳᠠᠯᠠᠨ ᠬᠤᠴᠤᠷᠤᠭᠠᠳ ᠤᠪᠤᠭ᠎ᠠ ᠬᠠᠷᠠᠭ᠎ᠠ ᠪᠠᠨ ᠨᠡᠶᠢᠯᠡᠬᠦᠯᠦᠨ ᠫᠤᠤᠳᠠᠵᠤ

ᠭᠠᠨᠵᠤᠭ᠎ᠠ ᠮᠢᠯᠢᠶᠠᠨ᠎ᠠ᠃ ᠪᠠᠶ᠎ᠠ ᠲᠠᠯᠳᠠᠯᠠᠬᠤ ᠪᠠᠷ ᠤᠷᠪᠤᠭ ᠪᠤᠳᠠ ᠲᠠᠭᠠᠷᠠᠬᠤ ᠦᠭᠡᠢ ᠪᠤᠯ ᠲᠡᠮᠡᠬᠡᠨ ᠤ

ᠡᠭᠡᠮ ᠪᠤᠶᠤ ᠲᠦᠷᠪᠡᠨ ᠬᠦᠯ ᠲᠤᠤᠭᠤᠷ ᠫᠤᠤᠳᠠᠵᠤ ᠪᠤᠯᠤᠨ᠎ᠠ᠃ ᠬᠡᠬᠦ ᠳᠤ ᠪᠠᠨ ᠫᠤᠤ ᠶᠢᠨ ᠢᠶᠠᠨ ᠠᠮᠠ ᠶᠢ ᠲᠡᠮᠡᠭᠡᠨ ᠤ

ᠪᠡᠶᠡᠨ ᠠᠴᠠ ᠰᠠᠶᠢᠨ ᠦᠩᠬᠡᠷᠡᠭᠡᠵᠦ ᠪᠠᠶᠢᠵᠤ ᠫᠤᠤᠳᠠᠬᠤ ᠦᠭᠡᠢ ᠪᠤᠯ ᠵᠡᠭᠡᠷ᠎ᠡ ᠪᠢᠰᠢ ᠲᠡᠮᠡᠭᠡ ᠪᠠᠨ

ᠠᠩᠨᠠᠴᠢᠬᠠᠭᠰᠠᠨ ᠪᠠᠶᠢᠵᠤ ᠮᠡᠳᠡᠬᠦ ᠶᠤᠮ᠃ ᠲᠦᠯᠬᠢᠵᠦ ᠰᠤᠷᠤᠭᠰᠠᠨ ᠲᠡᠮᠡᠭᠡ ᠠᠩ ᠳᠤ

ᠬᠤᠷᠤᠬᠠᠢ ᠲᠠᠢ ᠪᠤᠯᠤᠨ᠎ᠠ᠃ ᠤᠪᠤᠭ᠎ᠠ ᠬᠠᠷᠠᠭ᠎ᠠ ᠮᠠᠭᠤ ᠨᠠᠶᠢᠯᠠᠵᠤ ᠰᠤᠮᠤ ᠲᠡᠭᠡᠬᠦ ᠪᠤᠶᠤ

ᠭᠠᠵᠠᠷᠳᠠᠨ ᠤᠯᠠᠨ ᠲᠠᠬᠢᠨ ᠬᠤᠭᠤᠰᠤᠳᠠᠪᠠᠯ ᠡᠭᠡᠮ ᠢᠶᠠᠷ ᠢᠶᠠᠨ ᠨᠤᠳᠤᠷᠬᠤ᠂ ᠰᠡᠪᠡᠰᠦᠯᠡᠬᠦ᠂ ᠡᠰᠡᠬᠦᠯ᠎ᠡ

ᠠᠩ ᠬᠦᠷᠦᠭᠡᠰᠦ ᠦᠵᠡᠯ᠎ᠡ ᠴᠦ ᠭᠡᠰᠡᠨ ᠶᠠᠪᠤ ᠶᠠᠳᠠᠨ ᠬᠠᠱᠠᠩᠨᠠᠨ᠎ᠠ᠃
    ᠵᠡᠭᠡᠷ᠎ᠡ ᠶᠢ ᠴᠠᠴᠠᠯᠤᠨ ᠲᠡᠮᠡᠭᠡᠨ ᠤ ᠡᠮᠦᠨ᠎ᠡ

ᠪᠦᠬᠦᠨ ᠠᠴᠠ ᠡᠯᠬᠦᠨ᠎ᠡ᠃ ᠬᠤᠶᠠᠷ ᠭᠤᠷᠪᠠ ᠪᠠᠷ ᠠᠯᠠᠪᠠᠯ ᠲᠡᠮᠡᠭᠡᠨ ᠳᠤ ᠲᠡᠩᠨᠡᠨ᠎ᠡ᠃ ᠭᠡᠰᠡᠨ ᠴᠦ

ᠠᠩ ᠠᠮᠢᠳᠠᠨ ᠢ ᠤᠯᠠᠨ ᠲᠤᠭ᠎ᠠ ᠪᠠᠷ ᠤᠯᠠᠩᠭᠠᠰᠤᠨ ᠬᠢᠳᠤᠬᠤ ᠶᠢ ᠤᠨᠴᠠ ᠴᠡᠭᠡᠷᠯᠡᠵᠤ᠂ ᠠᠩ ᠬᠦᠷᠦᠭᠡᠨ ᠤ

ᠬᠤᠭᠤᠴᠠᠭᠠᠨ ᠳᠤ ᠬᠠᠮᠢᠭᠠᠨ᠎ᠠ ᠴᠠᠭᠠᠨ᠎ᠠ ᠭᠠᠭᠴᠠ ᠨᠢᠬᠡ ᠶᠢ ᠬᠤᠷᠤᠭᠠᠵᠤ ᠭᠠᠨᠵᠤᠭ᠎ᠠ ᠪᠠᠨ

ᠲᠤᠰᠤᠳᠠᠨ ᠲᠡᠭᠷᠢ ᠶᠢᠨ ᠭᠡᠰᠢᠭ ᠭᠡᠮᠡᠨ ᠵᠠᠯᠪᠠᠷᠢᠳᠠᠭ ᠮᠤᠩᠭᠤᠯᠴᠤᠳ — ᠵᠡᠭᠡᠷ᠎ᠡ ᠬᠦᠷᠦᠭᠡᠰᠦ ᠶᠢ

ᠲᠡᠮᠡᠭᠡᠨ ᠳᠤ ᠲᠡᠩᠨᠡᠬᠦ ᠪᠠᠷ ᠤᠯᠠᠨ ᠲᠤᠭ᠎ᠠ ᠪᠠᠷ ᠠᠯᠠᠵᠤ ᠬᠤᠷᠤᠭᠠᠬᠤ ᠨᠢ ᠲᠤᠩ ᠬᠤᠪᠤᠷ᠃
   

ᠤᠷᠠᠳ ᠮᠤᠩᠭᠤᠯᠴᠤᠳ ᠤᠨ ᠢᠶᠠᠨ ᠠᠩ ᠬᠦᠷᠦᠭᠡᠨ ᠤ ᠲᠤᠬᠠᠢ ᠠᠳᠡ ᠬᠦᠷᠳᠡᠯ᠎ᠡ ᠲᠠᠨᠢᠯᠴᠠᠭᠤᠯᠤᠯ᠎ᠠ᠃ ᠠᠩ ᠠᠮᠢᠳᠠᠨ ᠢ

ᠠᠯᠠᠵᠤ ᠬᠤᠷᠤᠭᠠᠵᠤ ᠪᠠᠢ ᠭᠡᠮᠡᠨ ᠠᠷᠭ᠎ᠠ ᠵᠠᠮ ᠢ ᠨᠢ ᠵᠢᠭᠠᠵᠤ ᠪᠠᠶᠢᠭ᠎ᠠ ᠪᠤᠰᠤ ᠬᠠᠷᠢᠨ ᠨᠡᠬᠦᠳᠡᠯᠴᠢᠨ

ᠮᠤᠩᠭᠤᠯᠴᠤᠳ ᠤᠨ ᠢᠶᠠᠨ ᠠᠩ ᠤᠨ ᠰᠤᠶᠤᠯ ᠢ ᠪᠠᠭ᠎ᠠ ᠴᠦ ᠪᠤᠯᠤᠭᠰᠠᠨ

ᠤᠶᠢᠯᠠᠭᠠᠵᠤ ᠮᠡᠳᠡᠭᠡᠰᠡᠢ ᠭᠡᠰᠡᠨ ᠰᠠᠨᠠᠭ᠎ᠠ ᠪᠢᠯᠡ︕  

 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号