| | ᠨᠢᠬᠡ᠄ ᠤᠷᠤᠰᠢᠯ — ᠪᠢ ᠭᠠᠲᠠᠰᠤᠨ ᠪᠤᠯᠵᠤ ᠲᠦᠷᠦ ᠶᠢ ᠪᠠᠬᠢᠯᠡᠨ ᠰᠠᠬᠢᠵᠤ᠂ ᠠᠷᠭᠠᠮᠵᠢ ᠪᠤᠯᠵᠤ ᠤᠯᠤᠰ ᠢ | ᠪᠠᠷᠢᠨ ᠬᠠᠲᠠᠭᠤᠵᠢᠰᠤ᠃ ᠲᠡᠬᠦᠷ ᠨᠢ ᠮᠢᠨᠤ ᠲᠠ᠂ ᠲᠦᠪ ᠢᠵᠠᠭᠤᠷ ᠢ ᠰᠠᠬᠢᠨ᠂ ᠲᠦᠷᠦ ᠶᠢᠨ | ᠲᠤᠯᠠ ᠲᠦᠷᠦᠯᠲᠤᠨ ᠰᠤᠶᠤᠨ ᠬᠠᠲᠠᠭᠤᠵᠢᠳᠬᠠᠳ — ᠲᠡᠮᠦᠵᠢᠨ ︵ᠠᠯᠲᠠᠨ ᠲᠤᠪᠴᠢ ᠠᠴᠠ︶ | ᠠᠨᠲᠠ ᠶᠢᠨ ᠠᠭᠤᠯᠵᠠᠯᠲᠠ ᠠᠮᠤᠷ ᠤᠤ︖ ᠰᠠᠶᠢᠨ ᠤᠤ︖ ᠠᠨᠳᠠ ᠮᠢᠨᠢ︕ ᠠᠳᠬᠤᠭᠰᠠᠨ | ᠭᠠᠷ ᠤᠨ ᠴᠢᠩᠭ᠎ᠠ ᠨᠢ ᠠᠵᠠ ᠶᠢᠨ ᠲᠡᠭᠷᠢ ᠶᠢ ᠬᠠᠮᠲᠤᠷᠠᠭᠤᠯᠤᠭᠰᠠᠨ ᠠᠨᠲᠠ ᠶᠢᠨ ᠵᠢᠷᠤᠮ ᠢᠶᠠᠷ | ᠠᠭᠤᠯᠵᠠᠯ᠎ᠠ︕ ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ ᠠᠮᠢᠯᠠᠯ ᠤᠨ | ᠤᠯᠠᠭᠠᠨ ᠴᠢᠰᠤ ᠪᠠᠷ ᠠᠪᠦ ᠨᠢᠬᠡ ᠪᠤᠯᠵᠤ ᠠᠯᠲᠠᠨ ᠭᠤᠯᠤᠮᠲᠠ ᠳᠤ ᠪᠠᠨ ᠮᠦᠷᠬᠦᠬᠡᠳ ᠠᠮᠠᠯᠠᠵᠤ | ᠠᠨᠲᠠᠭᠠᠶᠢᠯᠠᠭᠰᠠᠨ ᠲᠠᠩᠭᠠᠷᠢᠭ ᠢᠶᠠᠷ ᠠᠬ᠎ᠠ ᠲᠡᠬᠦᠤ ᠪᠤᠯᠤᠭᠰᠠᠨ ᠲᠠᠨᠠᠷ ᠮᠢᠨᠢ | ᠠᠰ ᠤᠨ ᠪᠡᠶ᠎ᠡ ᠴᠢᠨᠢ ᠮᠡᠨᠲᠤ ᠤᠤ︖ ᠠᠵᠤ ᠠᠮᠢᠲᠤᠷᠠᠯ ᠴᠢᠨᠢ ᠰᠠᠶᠢᠨ ᠤᠤ︖ ᠤᠷᠲᠤᠰ ᠮᠤᠩᠭᠤᠯ ᠤᠨ | ᠠᠨᠲᠠᠯᠠᠬᠤ ᠶᠤᠰᠤᠨ ᠲᠡᠭᠡᠲᠦ ᠵᠠᠭᠤᠨ ᠤ ᠲᠠᠪᠢᠭᠠᠳ ᠤᠨ ᠳᠤ ᠬᠡᠲᠦ ᠵᠡᠬᠦᠨ ᠤ ᠦᠵᠡᠯ ᠤᠨ | ᠨᠦᠯᠦᠬᠡ ᠠᠴᠠ ᠪᠤᠯᠵᠤ ᠨᠡᠶᠢᠬᠡᠮ ᠲᠡᠭᠡᠷ᠎ᠡ ᠠᠶᠠᠠᠲᠠᠭᠠᠨ ᠵᠠᠮᠬᠠᠷᠠᠵᠤ᠂ ᠠᠨᠲᠠ ᠶᠢᠨ ᠤᠬᠠᠭᠲᠠᠬᠤᠨ | ᠨᠡᠶᠢᠬᠡᠮ ᠲᠡᠭᠡᠷ᠎ᠡ ᠶᠠᠪᠤᠬᠤ ᠲᠤᠲᠤᠮ ᠪᠠᠯᠠᠷᠠᠵᠤ ᠡᠬᠢᠯᠡᠭᠰᠡᠨ ᠪᠠᠶᠢᠨ᠎ᠠ᠃ ᠡᠶᠢᠮᠦ ᠠᠴᠠ ᠰᠢᠨ᠎ᠡ ᠨᠢᠬᠡᠨ | ᠦᠶ᠎ᠡ ᠶᠢᠨ ᠬᠢᠨ ᠠᠨᠲᠠ ᠬᠡᠲᠡᠭ ᠦᠬᠡ ᠶᠢᠨ ᠬᠦᠨᠳᠦ ᠬᠦᠩᠬᠡᠨ ᠢ ᠨᠢ ᠮᠡᠲᠡᠬᠦ ᠦᠭᠡᠢ | ᠲᠤᠷ᠎ᠠ ᠪᠠᠷ ᠵᠠᠷᠤᠵᠤ ᠬᠡᠷᠡᠭᠯᠡᠬᠦ ᠪᠤᠯᠤᠭᠰᠠᠨ ᠪᠠᠶᠢᠯ᠎ᠠ᠃ ︽ᠠᠨᠲᠠ︾ ᠬᠡᠲᠡᠭ ᠤᠬᠠᠭᠲᠠᠬᠤᠨ | ᠬᠦᠨᠲᠦ ᠪᠠᠨ ᠠᠯᠲᠠᠵᠤ᠂ ᠬᠡᠮ ᠦᠭᠡᠢ ᠬᠡᠷᠡᠭᠯᠡᠭᠲᠡᠬᠡᠳ ᠬᠠᠭᠠᠰ ᠵᠠᠭᠤᠨ ᠪᠤᠯᠤᠭᠰᠠᠨ ᠤ ᠲᠠᠷᠠᠭ᠎ᠠ | ᠨᠠᠷᠠᠲᠤ ᠶᠢᠨ ᠵᠠᠶᠠᠭ᠎ᠠ ︽ᠠᠨᠲᠠ ᠶᠢᠨ ᠬᠤᠯᠪᠤᠭᠠᠨ︾ ᠤ ᠠᠬᠠᠯᠠᠭᠴᠢ ᠬᠦᠭᠵᠢᠯᠴᠡᠴᠡᠭ ᠬᠡᠲᠡᠭ | ᠪᠦᠰᠡᠬᠦᠢ ᠬᠦᠭᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ ᠳᠤ ᠮᠠᠨ ᠤ ᠭᠡᠷ ᠲᠤ ᠢᠷᠡᠵᠤ ︽ᠠᠨᠲᠠ | ᠪᠠᠷᠢᠯᠲᠤᠬᠤ ᠵᠠᠩ ᠦᠢᠯᠡ ᠶᠢᠨ ᠲᠤᠬᠠᠢ︾ ᠠᠰᠠᠭᠤᠨ ᠰᠤᠷᠪᠤᠯᠵᠢᠯᠠᠵᠤ᠂ ᠠᠨᠲᠠ ᠶᠢᠨ ᠬᠤᠯᠪᠤᠭ᠎ᠠ ᠪᠠᠶᠢᠭᠤᠯᠵᠤ᠂ | ᠠᠨᠲᠠ ᠪᠠᠷᠢᠯᠲᠤᠬᠤ ᠲᠤᠬᠠᠢ ᠨᠠᠲᠠ ᠲᠠᠢ ᠵᠦᠪᠲᠡᠯᠴᠡᠭᠡᠳ ︽ᠨᠠᠲᠠ ᠶᠢ ᠠᠨᠲᠠ ᠶᠢᠨ ᠪᠠᠭᠰᠢ ᠪᠠᠷ ᠤᠷᠢᠨ᠎ᠠ︾ ᠬᠡᠪᠡ᠃ | ᠤᠷᠲᠤᠰ ᠮᠤᠩᠭᠤᠯ ᠤᠨ ᠰᠦᠨᠦᠵᠤ ᠣᠰᠠᠳᠬᠤ ᠪᠤᠯᠤᠭᠰᠠᠨ ᠠᠨᠲᠠ ᠶᠢᠨ ᠰᠤᠶᠤᠯ ᠢ ᠠᠪᠤᠷᠠᠬᠤ ᠶᠢᠨ ᠲᠦᠯᠦᠬᠡ ᠡᠨᠡ | ᠬᠦ ︽ᠠᠨᠲᠠ ᠪᠠᠭᠰᠢ︾ ᠪᠤᠯᠬᠤ ᠬᠠᠲᠠᠭᠤ ᠴᠢᠩᠭ᠎ᠠ ᠡᠬᠦᠷᠭᠡ ᠶᠢ ᠬᠦᠯᠢᠶᠡᠨ ᠠᠪᠴᠤ᠂ ᠠᠨᠲᠠ ᠶᠢᠨ ᠬᠤᠯᠪᠤᠭᠠᠨ ᠤ | ᠠᠬᠠᠯᠠᠭᠴᠢ ᠬᠦᠭᠵᠢᠯᠴᠡᠴᠡᠭ ᠲᠤ ᠤᠷᠲᠤᠰ ᠮᠤᠩᠭᠤᠯ ᠤᠨ ᠠᠨᠲᠠᠯᠠᠬᠤ ᠶᠤᠰᠤᠨ ᠤ ᠬᠠᠲᠠᠭᠤ ᠴᠢᠩᠭ᠎ᠠ | ᠲᠠᠩᠭᠠᠷᠢᠭ ᠢ ᠰᠠᠬᠢᠵᠤ ᠲᠡᠶᠢᠯᠬᠦ ᠶᠤᠮ ᠤᠤ︖ ᠬᠡᠳ ᠤᠷᠲᠤᠰ ᠮᠤᠩᠭᠤᠯ ᠤᠨ ᠠᠨᠲᠠᠯᠠᠬᠤ | ᠶᠤᠰᠤᠨ ᠳᠠᠬᠢ ︽ᠠᠨᠲᠠ ᠠᠬ᠎ᠠ ᠲᠡᠬᠦᠤ ᠪᠠᠷᠢᠯᠲᠤᠬᠤ ᠲᠠᠩᠭᠠᠷᠢᠭ︾ ᠢ ᠲᠠᠨᠢᠯᠴᠠᠭᠤᠯᠤᠭᠰᠠᠨ | ᠶᠤᠮ᠃ | ᠬᠦᠬᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠵᠢᠷᠭᠤᠭᠠᠨ ᠤ ᠡᠲᠦᠷ ︽ᠨᠠᠷᠠᠲᠤ ᠶᠢᠨ ᠵᠠᠶᠠᠭ᠎ᠠ | ᠠᠨᠲᠠ ᠶᠢᠨ ᠬᠤᠯᠪᠤᠭ᠎ᠠ︾ ᠬᠡᠲᠡᠭ ᠰᠢᠨ᠎ᠡ ᠡᠷᠡᠨ ᠤ ᠦᠨᠦᠷ ᠠᠮᠲᠠ ᠲᠠᠢ ︽ᠠᠨᠲᠠ ᠶᠢᠨ ᠵᠢᠷᠤᠮ ᠤᠨ | ᠬᠤᠯᠪᠤᠭ᠎ᠠ︾ ᠪᠠᠶᠢᠭᠤᠯᠤᠭᠲᠠᠭᠰᠠᠨ ᠢ ᠤᠲᠤᠭ ᠬᠤᠰᠢᠭᠤᠨ ᠤ ᠤᠯᠠᠭᠠᠨᠪᠠᠯᠭᠠᠰᠤᠨ ᠳᠤ ᠲᠤᠩᠬᠠᠭᠯᠠᠵᠤ᠂ | ᠤᠷᠲᠤᠰ ᠮᠤᠩᠭᠤᠯᠴᠤᠳ ᠤᠨ ᠠᠨᠲᠠᠯᠠᠬᠤ ᠶᠤᠰᠤᠨ ᠤ ᠰᠤᠶᠤᠯ ᠳᠤ ᠰᠢᠨ᠎ᠡ ᠴᠠᠭ ᠦᠶ᠎ᠡ ᠶᠢᠨ ᠬᠡᠪ ᠨᠠᠮᠪᠠ ᠪᠦᠬᠦᠢ | ᠠᠨᠲᠠ ᠶᠢᠨ ᠰᠢᠨ᠎ᠡ ᠰᠤᠶᠤᠯ ᠦᠷᠦᠬᠡ ᠪᠠᠨ ᠰᠡᠬᠦᠵᠤ ᠡᠬᠦᠲᠡ ᠪᠠᠨ ᠨᠡᠬᠡᠬᠡᠭᠰᠡᠨ ᠶᠤᠮ᠃ ᠡᠨᠡ ᠬᠦ | ︽ᠨᠡᠷᠡᠲᠤ ᠶᠢᠨ ᠵᠠᠶᠠᠭ᠎ᠠ ᠠᠨᠲᠠ ᠶᠢᠨ ᠬᠤᠯᠪᠤᠭ᠎ᠠ︾ ᠨᠢ ᠬᠤᠶᠠᠷ ᠤᠲᠤᠭ ᠪᠤᠯᠤᠨ ᠬᠠᠩᠬᠢᠨ᠂ | ᠦᠤᠰᠢᠨ ᠬᠤᠰᠢᠭᠤ ᠵᠡᠷᠭᠡ ᠭᠠᠵᠠᠷ ᠤᠨ ᠠᠷᠪᠠᠨ ᠬᠦᠮᠦᠨ ᠢᠶᠠᠷ ᠪᠦᠷᠢᠯᠲᠦᠭᠰᠡᠨ ︽ᠠᠨᠲᠠ ᠶᠢᠨ ᠬᠤᠯᠪᠤᠭ᠎ᠠ︾ ᠪᠠᠶᠢᠪᠠ᠃ | ᠬᠤᠯᠪᠤᠭᠠᠨ ᠤ ᠠᠬᠠᠯᠠᠭᠴᠢ ᠨᠢ ᠬᠦᠭᠵᠢᠯᠴᠡᠴᠡᠭ ᠬᠡᠲᠡᠭ ᠬᠠᠩᠬᠢᠨ ᠬᠤᠰᠢᠭᠤᠨ ᠤ ᠬᠦᠲᠡᠭᠡ ᠶᠢᠨ ᠨᠢᠬᠡᠨ ᠰᠤᠶᠤᠯᠵᠢᠬᠰᠡᠨ ᠮᠠᠯᠴᠢᠨ᠃ | ᠡᠲᠡᠭᠡᠷ ᠬᠦᠮᠦᠰ ᠨᠠᠮ᠎ᠠ ᠶᠢ ᠠᠨᠲᠠ ᠶᠢᠨ ᠪᠠᠭᠰᠢ ᠪᠠᠷ ᠤᠷᠢᠭᠰᠠᠨ ᠲᠤᠯᠠ᠂ ︽ᠠᠷᠪᠠᠨ ᠠᠨᠲᠠ᠂ ᠠᠰᠲᠠᠭᠠᠨ ᠪᠠᠰᠠ | ᠪᠠᠭᠰᠢ ᠲᠠᠢ︾ ᠰᠢᠨ᠎ᠡ ᠴᠠᠭ ᠦᠶ᠎ᠡ ᠶᠢᠨ ᠰᠢᠨᠠᠷᠬᠦᠤ ᠮᠠᠶ᠋ᠢᠭ ᠤᠨ ᠤᠨᠴᠠᠭᠠᠢ ᠨᠢᠬᠡᠨ ᠠᠨᠲᠠ ᠶᠢᠨ | ᠰᠤᠶᠤᠯ ᠪᠤᠢ ᠪᠤᠯᠵᠤ ᠲᠦᠯᠦᠪᠰᠢᠬᠦ ᠪᠤᠯᠤᠭᠰᠠᠨ ᠪᠠᠶᠢᠨ᠎ᠠ᠃ ᠢᠩᠬᠢᠬᠡᠳ ︽ᠨᠠᠷᠠᠲᠤ ᠶᠢᠨ ᠵᠠᠶᠠᠭ᠎ᠠ ᠠᠨᠲᠠ | ᠠᠬ᠎ᠠ ᠲᠡᠬᠦᠤ︾ ᠨᠡᠷ ᠲᠤ ᠲᠤᠤᠷᠠᠬᠢ ᠮᠡᠲᠦ ᠪᠠᠷ ᠰᠢᠨ᠎ᠡ ᠬᠠᠭᠤᠴᠢᠨ ᠢ ᠤᠶᠠᠯᠲᠤᠭᠤᠯᠤᠭᠰᠠᠨ ᠠᠨᠲᠠᠯᠠᠬᠤ | ᠶᠤᠰᠤᠨ ᠢ ᠶᠠᠷᠢᠵᠤ ᠪᠢᠯᠡ᠃ ᠡᠨᠡ ᠵᠢᠯ ᠪᠤᠯ ︽ᠠᠷᠪᠠᠨ ᠠᠨᠲᠠ᠂ ᠠᠰᠲᠠᠭᠠᠨ ᠪᠠᠭᠰᠢ ᠲᠠᠢ︾ | ᠠᠨᠲᠠ ᠶᠢᠨ ᠬᠤᠯᠪᠤᠭᠠᠨ ᠤ ᠬᠤᠶᠠᠲᠠᠬᠢ ᠵᠢᠯ ᠤᠨ ᠤᠢ ᠮᠦᠨ᠃ | ᠨᠢᠭᠡ᠂ ᠮᠤᠩᠭᠤᠯᠴᠤᠳ ᠤᠨ ︽ᠠᠨᠲᠠᠯᠠᠬᠤ ᠶᠤᠰᠤᠨ︾ ᠤ ᠢᠷᠡᠯᠲᠡ | ︽ᠮᠤᠩᠭᠤᠯ ᠤᠨ ᠨᠢᠭᠤᠴᠠ ᠲᠤᠪᠴᠢᠶᠠᠨ︾ ᠤ 116 -117 ᠳ᠋ᠤᠭᠠᠷ ᠵᠦᠢᠯ ᠤᠨ ᠲᠡᠮᠲᠡᠭᠯᠡᠯ ᠳᠤ᠄ | ᠲᠡᠮᠦᠵᠢᠨ ᠵᠠᠮᠤᠬ᠎ᠠ ᠬᠤᠶᠠᠷ ᠬᠤᠷᠬᠤᠨᠠᠭ ᠵᠦᠪᠦᠷ ᠲᠤ ᠨᠡᠶᠢᠯᠡᠨ ᠪᠠᠭᠤᠵᠤ᠂ ᠡᠷᠲᠡᠨ ᠤ ᠠᠨᠲᠠ ᠪᠤᠯᠤᠯᠴᠠᠭᠰᠠᠨ ᠢᠶᠠᠨ ᠲᠤᠷᠠᠲᠤᠯᠴᠠᠨ᠂ | ᠠᠨᠲᠠ ᠰᠡᠷᠬᠦᠬᠡᠵᠤ ᠠᠮᠠᠷᠠᠯᠲᠤᠶᠠ ᠬᠡᠪᠡ᠃ | ᠠᠩᠬ᠎ᠠ ᠤᠷᠢᠲᠤ ᠠᠨᠲᠠ ᠪᠤᠯᠤᠯᠴᠠᠬᠤ ᠳᠤ ᠲᠡᠮᠤᠵᠢᠨ ᠠᠷᠪᠠᠨ ᠨᠢᠬᠡᠨ ᠨᠠᠰᠤᠲᠠᠢ ᠪᠠᠶᠢᠪᠠ᠃ ᠵᠠᠮᠤᠬ᠎ᠠ ᠡᠷ᠎ᠡ ᠵᠦᠷ ᠤᠨ | ᠱᠠᠭ᠎ᠠ ᠶᠢ ᠲᠡᠮᠦᠵᠢᠨ ᠳᠤ ᠦᠭᠪᠡ᠃ ᠲᠡᠮᠦᠵᠢᠨ ᠭᠠᠤᠯᠢ ᠴᠢᠳᠬᠤᠭᠰᠠᠨ ᠱᠠᠭ᠎ᠠ ᠶᠢ ᠬᠠᠷᠢᠭᠤ ᠦᠭᠴᠤ ᠠᠨᠲᠠ ᠪᠤᠯᠤᠯᠴᠠᠪᠠ᠃ | ᠤᠨᠤᠨ ᠮᠦᠷᠡᠨ ᠤ ᠮᠦᠰᠦᠨ ᠲᠡᠭᠡᠷ᠎ᠡ ᠱᠠᠭ᠎ᠠ ᠨᠠᠭᠠᠳᠬᠤ ᠳᠤ ᠠᠨᠲᠠ ᠭᠡᠪᠡ᠃ | ᠲᠡᠬᠦᠨ ᠤ ᠬᠤᠶᠢᠲᠤ ᠬᠠᠪᠤᠷ ᠠᠯᠠᠩᠬᠢᠷ ᠨᠤᠮᠤ ᠬᠠᠷᠪᠤᠯᠴᠠᠨ ᠪᠠᠶᠢᠬᠤ ᠳᠤ ᠵᠠᠮᠤᠬ᠎ᠠ ᠪᠢᠷᠠᠭᠤ ᠶᠢᠨ ᠬᠤᠶᠠᠷ ᠡᠪᠡᠷ ᠢ | ᠨᠠᠭᠠᠵᠤ ᠨᠦᠬᠡᠯᠡᠵᠤ ᠬᠢᠭᠰᠡᠨ ᠲᠠᠭᠤᠲᠤ ᠰᠤᠮᠤ ᠪᠠᠨ ᠲᠡᠮᠦᠵᠢᠨ ᠳᠤ ᠦᠭᠪᠡ᠃ ᠲᠡᠮᠦᠵᠢᠨ ᠠᠷᠴᠠ ᠮᠤᠲᠤᠨ | ᠭᠤᠲᠤᠯᠢ ᠪᠠᠨ ᠬᠠᠷᠢᠭᠤ ᠦᠭᠴᠤ ᠲᠡᠬᠢᠨ ᠠᠨᠲᠠ ᠪᠤᠯᠤᠯᠴᠠᠪᠠ᠃ ᠬᠤᠶᠠᠲᠠᠬᠢ ᠤᠲᠠᠭ᠎ᠠ ᠠᠨᠲᠠ | ᠬᠡᠰᠡᠨ ᠤ ᠶᠤᠰᠤ ᠲᠡᠶᠢᠮᠦ ᠪᠤᠯᠠᠢ᠃ | ᠤᠷᠲᠤᠰ ᠲᠡᠭᠡᠲᠦᠰ ᠤᠨ ᠦᠬᠡ ᠶᠢ ᠰᠤᠨᠤᠰᠪᠠᠯ᠄ ︽ᠠᠨᠲᠠ ᠬᠦᠮᠦᠨ ᠠᠮᠢᠨ ᠨᠢᠬᠡ ᠲᠠᠢ᠂ ᠦᠯᠦ ᠲᠠᠪᠴᠢᠯᠲᠤᠨ᠂ | ᠠᠮᠢᠨ ᠥᠮᠥᠭᠯᠡᠭᠴᠢ ᠪᠤᠯᠤᠶᠤ︾ ᠬᠡᠵᠤ ᠠᠮᠠᠷᠠᠯᠲᠤᠬᠤ ᠶᠤᠰᠤᠨ ᠲᠡᠶᠢᠮᠦ ᠪᠢᠯᠡ᠂ ᠡᠲᠦᠬᠡ ᠪᠠᠰᠠ ᠠᠨᠲᠠ ᠰᠡᠷᠬᠦᠬᠡᠵᠤ | ᠠᠮᠠᠷᠠᠯᠲᠤᠶᠠ ᠬᠡᠪᠡ᠃ | ᠲᠡᠮᠦᠵᠢᠨ ᠮᠡᠷᠭᠡᠳ ᠤᠨ ᠲᠤᠭᠲᠤᠭ᠎ᠠ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ ᠵᠠᠮᠤᠬ᠎ᠠ ᠠᠨᠲᠠ ᠳᠤ ᠪᠦᠰᠡᠯᠡᠬᠦᠯᠪᠡ᠃ | ᠲᠤᠭᠲᠤᠭ᠎ᠠ ᠶᠢᠨ ᠡᠰᠬᠡᠯ ᠬᠠᠯᠢᠭᠤ ᠶᠢ ᠵᠠᠮᠤᠬ᠎ᠠ ᠠᠨᠲᠠ ᠳᠤ ᠤᠨᠤᠭᠤᠯᠪᠠ᠃ | ᠵᠠᠮᠤᠬ᠎ᠠ᠂ ᠤᠸᠠᠰ ᠮᠡᠷᠭᠡᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ ᠲᠡᠮᠤᠵᠢᠨ ᠳᠤ ᠪᠦᠰᠡᠯᠡᠬᠦᠯᠪᠡ᠃ | ᠪᠠᠰᠠ ᠲᠠᠶᠢᠷ ᠤᠰᠤᠨ ᠤ ᠡᠪᠡᠷ ᠲᠤ ᠦᠨᠦᠬᠦᠨ ᠴᠠᠭᠠᠨ ᠢ ᠲᠡᠮᠤᠵᠢᠨ ᠳᠤ ᠤᠨᠤᠭᠤᠯᠪᠠ᠃ | ᠬᠤᠷᠬᠤᠨᠠᠭ ᠵᠦᠪᠤᠷ ᠤᠨ | ᠬᠤᠲᠠᠯᠠᠭᠠᠷ ᠬᠠᠲᠠᠨ ᠤ ᠦᠪᠦᠷ ᠲᠤ | ᠰᠠᠭᠯᠠᠭᠠᠷ ᠮᠤᠲᠤᠨ ᠳᠤ | ᠠᠨᠲᠠ ᠬᠡᠮᠡᠯᠲᠤᠨ ᠠᠮᠠᠷᠠᠯᠲᠤᠵᠤ | ᠬᠤᠷᠢᠮᠯᠠᠨ ᠲᠦᠢᠯᠡᠨ ᠵᠢᠷᠭᠠᠯᠲᠤᠪᠠ᠃ | ᠰᠦᠨᠢ ᠭᠠᠭᠴᠠ ᠬᠦᠨᠵᠢᠯᠡᠨ ᠳᠤ ᠬᠤᠨᠤᠬᠤ ᠪᠢᠯᠡ ᠬᠡᠵᠡᠢ᠃ ᠡᠨᠡ ᠪᠤᠯ ︽ᠨᠢᠭᠤᠴᠠ ᠲᠤᠪᠴᠢᠶᠠᠨ︾ ᠳᠤ ᠲᠡᠮᠦᠵᠢᠨ᠂ | ᠵᠠᠮᠤᠬ᠎ᠠ ᠬᠤᠶᠠᠭᠤᠯᠠ ᠤᠷᠢᠳ ᠬᠤᠵᠢᠳ ᠭᠤᠷᠪᠠ ᠤᠲᠠᠭ᠎ᠠ ᠲᠠᠩᠭᠠᠷᠢᠭᠯᠠᠵᠤ᠂ ᠠᠨᠲᠠ ᠪᠠᠷᠢᠯᠲᠤᠭᠰᠠᠨ ᠲᠤᠬᠠᠢ ᠨᠠᠷᠢᠨ | ᠲᠡᠮᠲᠡᠭᠯᠡᠯ ᠪᠤᠯᠤᠨ᠎ᠠ᠃ ᠲᠤᠰ ᠲᠡᠮᠲᠡᠭᠯᠡᠯ ᠳᠤ ︽ᠤᠷᠲᠤᠰ ᠲᠡᠭᠡᠲᠦᠰ ᠤᠨ ᠦᠬᠡ ᠶᠢ | ᠰᠤᠨᠤᠰᠪᠠᠯ᠄ ︿ᠠᠨᠲᠠ ᠬᠦᠮᠦᠨ ᠠᠮᠢᠨ ᠨᠢᠬᠡ ᠲᠠᠢ᠂ ᠦᠯᠦ ᠲᠠᠪᠴᠢᠯᠲᠤᠨ᠂ ᠠᠮᠢᠨ ᠦᠮᠦᠭᠯᠡᠭᠴᠢ | ᠪᠤᠯᠤᠶᠤ︾ ᠬᠡᠵᠤ ᠪᠠᠶᠢᠬᠤ ᠠᠴᠠ ᠦᠵᠡᠪᠡᠯ ᠮᠤᠩᠭᠤᠯᠴᠤᠳ ᠤᠨ ᠠᠨᠲᠠᠯᠠᠬᠤ ᠶᠤᠰᠤᠨ ᠨᠢ ᠠᠷᠪᠠᠨ | ᠭᠤᠷᠪᠠᠲᠤᠭᠠᠷ ᠵᠠᠭᠤᠨ ᠠᠴᠠ ᠶᠡᠭᠡ ᠡᠮᠦᠨ᠎ᠡ ᠪᠠᠶᠢᠭᠰᠠᠨ ᠬᠡᠰᠡᠨ ᠢ ᠦᠵᠡᠵᠤ ᠭᠠᠷᠬᠤ ᠶᠤᠮ᠃ | ᠮᠦᠨᠴᠤ ︽ᠦᠯᠦ ᠲᠠᠪᠴᠢᠯᠲᠤᠨ᠂ ᠠᠮᠢᠨ ᠦᠮᠦᠭᠯᠡᠭᠴᠢ ᠪᠤᠯᠤᠶᠤ︾ ᠬᠡᠲᠡᠭ ᠨᠢ ᠬᠠᠷᠢᠯᠴᠠᠨ ᠲᠡᠮᠡᠴᠡᠯᠲᠤᠨ | ᠲᠠᠩᠭᠠᠷᠢᠭ ᠠᠴᠠ ᠪᠠᠨ ᠲᠠᠷᠰᠯᠡᠪᠡᠯ ᠠᠮᠢ ᠪᠠᠷ ᠢᠶᠠᠨ ᠠᠨᠲᠠ ᠶᠢᠨ ᠲᠠᠩᠭᠠᠷᠢᠭ ᠢᠶᠠᠨ | ᠬᠦᠢᠴᠡᠳᠬᠡᠨ᠎ᠡ ᠬᠡᠰᠡᠨ ᠰᠠᠨᠠᠭ᠎ᠠ ᠮᠦᠨ᠃ ︽ᠨᠢᠭᠤᠴᠠ ᠲᠤᠪᠴᠢᠶᠠᠨ︾ ᠤ 200 ᠳ᠋ᠤᠭᠠᠷ ᠵᠦᠢᠯ ᠳᠤ ᠲᠡᠮᠦᠵᠢᠨ | ︽ᠨᠠᠢᠮᠠᠨ ᠮᠡᠷᠭᠡᠳ ᠢ ᠮᠦᠬᠦᠬᠡᠵᠤ᠂ ᠨᠠᠢᠮᠠᠨ ᠯᠤᠭ᠎ᠠ ᠬᠠᠮᠲᠤ ᠪᠠᠶᠢᠭᠰᠠᠨ ᠵᠠᠮᠤᠬ᠎ᠠ ᠤᠯᠤᠰ ᠢᠶᠠᠨ | ᠠᠯᠲᠠᠵᠤ ᠲᠠᠪᠤᠨ ᠨᠦᠬᠦᠳ ᠲᠠᠢ ᠪᠠᠨ ᠲᠤᠨᠤᠭᠠᠴᠢ ᠪᠤᠯᠵᠤ ᠲᠠᠩᠨᠤ ᠠᠭᠤᠯᠠᠨ ᠳᠤ ᠤᠭᠠᠯᠵᠠ ᠠᠯᠠᠵᠤ ᠰᠢᠷᠠᠵᠤ | ᠢᠲᠡᠬᠦ ᠵᠠᠪᠰᠠᠷ᠎ᠠ ᠲᠠᠪᠤᠨ ᠨᠦᠬᠦᠳ ᠨᠢ ᠵᠠᠮᠤᠬ᠎ᠠ ᠶᠢ ᠪᠠᠷᠢᠵᠤ ᠴᠢᠩᠬᠢᠰ ᠬᠠᠭᠠᠨ ᠳᠤ ᠬᠦᠷᠭᠡᠵᠤ ᠢᠷᠡᠪᠡ︾᠃ ᠢᠩᠬᠢᠬᠡᠳ | ᠴᠢᠩᠬᠢᠰ ᠬᠠᠭᠠᠨ ︽ᠲᠤᠰ ᠬᠠᠨ ᠳᠤ ᠪᠠᠨ ᠭᠠᠷ ᠬᠦᠷᠦᠭᠰᠡᠨ ᠬᠦᠮᠦᠨ ᠢ ᠬᠡᠷᠬᠢᠨ ᠠᠬᠤᠭᠤᠯᠵᠤ ᠪᠤᠯᠬᠤ ᠤᠤ︖ | ᠲᠡᠶᠢᠮᠦ ᠬᠦᠮᠦᠨ ᠲᠠᠢ ᠬᠡᠷᠬᠢᠨ ᠨᠦᠬᠦᠷᠯᠡᠬᠦ ᠪᠤᠢ︖ ᠬᠠᠨ ᠳᠤ ᠪᠠᠨ ᠭᠠᠷ ᠬᠦᠷᠦᠭᠰᠡᠨ ᠠᠷᠠᠳ ᠢ ᠤᠷᠤᠭ ᠲᠦᠷᠦᠯ ᠢ ᠨᠢ | ᠬᠦᠷᠲᠡᠯ᠎ᠡ ᠴᠠᠪᠴᠢᠨ ᠠᠯᠠᠭᠲᠤᠨ︾ ᠬᠡᠵᠤ ᠵᠠᠷᠯᠢᠭ ᠪᠤᠯᠵᠤ᠂ ᠵᠠᠮᠤᠬ᠎ᠠ ᠶᠢᠨ ᠨᠢᠲᠤᠨ ᠡᠮᠦᠨ᠎ᠡ | ᠲᠡᠬᠦᠨ ᠳᠤ ᠭᠠᠷ ᠬᠦᠷᠦᠭᠰᠡᠨ ᠠᠷᠠᠳ ᠢ ᠠᠯᠠᠪᠠ︾᠃ ᠪᠠᠰᠠ ᠴᠢᠩᠬᠢᠰ ᠬᠠᠭᠠᠨ ᠵᠠᠮᠤᠬ᠎ᠠ ᠲᠠᠢ | ᠲᠠᠬᠢᠨ ᠨᠦᠬᠦᠷᠯᠡᠶᠡ ᠬᠡᠬᠦ ᠳᠤ ᠵᠠᠮᠤᠬ᠎ᠠ᠄ ︽ᠨᠦᠬᠦᠷᠯᠡᠬᠦ ᠴᠠᠭ ᠲᠤ ᠪᠢ ᠨᠦᠬᠦᠷᠯᠡᠭᠰᠡᠨ ᠦᠭᠡᠢ ᠪᠢᠯᠡ᠃ | ᠡᠲᠦᠬᠡ ᠠᠨᠲᠠ ᠮᠢᠨᠢ ᠦᠷᠦᠰᠢᠶᠡᠪᠡᠯ ᠨᠠᠮᠠᠢᠢ ᠦᠬᠦᠬᠦᠯᠵᠤ ᠦᠪᠡᠷ ᠤᠨ ᠰᠡᠳᠬᠢᠯ ᠢᠶᠠᠨ ᠠᠮᠤᠷᠵᠢᠭᠤᠯᠳᠤᠭᠠᠢ᠃ | ᠠᠨᠲᠠ ᠲᠠ ᠰᠤᠶᠤᠷᠬᠠᠵᠤ ᠠᠯᠠᠬᠤ ᠳᠤ ᠬᠦᠷᠪᠡᠯ ᠴᠢᠰᠤ ᠭᠠᠷᠭᠠᠯ ᠦᠭᠡᠢ ᠦᠬᠦᠬᠦᠯᠬᠦ ᠪᠤᠯᠪᠠᠤ︖ ᠬᠡᠵᠤ | ᠠᠨᠲᠠ ᠶᠢᠨ ᠲᠠᠩᠭᠠᠷᠢᠭ ᠢᠶᠠᠨ ᠬᠦᠢᠴᠡᠳᠬᠡᠭᠰᠡᠨ ᠪᠠᠶᠢᠨ᠎ᠠ᠃ ᠡᠨᠡ ᠬᠦ ᠲᠡᠮᠲᠡᠭᠯᠡᠯ ᠨᠢ | ᠮᠤᠩᠭᠤᠯᠴᠤᠳ ᠤᠨ ᠠᠨᠲᠠ ᠶᠢᠨ ᠶᠤᠰᠤᠨ ᠤ ᠲᠠᠩᠭᠠᠷᠢᠭ ᠨᠢ ᠬᠠᠲᠠᠭᠤ ᠴᠢᠩᠭ᠎ᠠ ᠵᠢᠷᠤᠮ | ᠶᠤᠰᠤ ᠶᠢᠨ ᠬᠡᠷᠡᠴᠢ ᠪᠤᠯᠵᠤ ᠦᠯᠡᠲᠡᠵᠡᠢ᠃ | 21 ᠳ᠋ᠤᠭᠠᠷ ᠵᠠᠭᠤᠨ ᠳᠤ ᠮᠤᠩᠭᠤᠯᠴᠤᠳ ᠤᠨ ᠠᠮᠢ ᠨᠢᠬᠡ ᠲᠠᠢ ᠠᠨᠲᠠ ᠶᠢᠨ ᠶᠤᠰᠤ ᠨᠢ ︽ᠨᠠᠷᠠᠲᠤ ᠶᠢᠨ ᠵᠠᠶᠠᠭ᠎ᠠ | ᠠᠨᠲᠠ ᠶᠢᠨ ᠬᠤᠯᠪᠤᠭ᠎ᠠ︾ ᠳᠤ ᠨᠡᠪᠴᠢᠷᠡᠨ ᠤᠷᠤᠭᠰᠠᠨ ᠨᠢ ᠰᠤᠶᠤᠯ ᠲᠡᠤᠬᠡ ᠶᠢᠨ ᠰᠢᠨ᠎ᠡ ᠠᠮᠢᠯᠠᠯ | ᠪᠤᠯᠬᠤ ᠨᠢ ᠮᠡᠲᠡᠭᠡᠵᠢ ᠶᠢᠨ ᠬᠡᠷᠡᠭ︕ | ᠬᠤᠶᠡᠷ᠂ ᠤᠷᠲᠤᠰ ᠮᠤᠩᠭᠤᠯ ᠤᠨ ᠠᠨᠲᠠᠯᠠᠬᠤ ᠶᠤᠰᠤᠨ | ︵ᠨᠢᠭᠡ︶᠂ ᠠᠨᠲᠠ ᠬᠡᠲᠡᠭ ᠦᠬᠡ ᠶᠢᠨ ᠤᠬᠠᠭᠲᠠᠬᠤᠨ | ᠠᠨᠲᠠ ᠬᠡᠲᠡᠭ ᠦᠬᠡ ᠪᠤᠯ ︽ᠠᠨᠲᠠᠭᠠᠢ︾ ᠬᠡᠲᠡᠭ ᠦᠬᠡ ᠶᠢᠨ ᠢᠵᠠᠭᠤᠷ ᠪᠤᠯᠬᠤ ᠠᠨᠲᠠ + ᠭᠠᠢ + ᠯᠠ | + ᠬᠤ = ᠠᠨᠲᠠᠭᠠᠶᠢᠯᠠᠬᠤ ᠵᠡᠷᠭᠡ ᠪᠤᠯᠤᠨ᠎ᠠ᠃ ᠦᠬᠡᠷ᠎ᠡ ᠪᠠᠷ ᠬᠡᠯᠡᠪᠡᠯ ᠲᠠᠩᠭᠠᠷᠢᠭᠯᠠᠬᠤ ᠬᠡᠰᠡᠨ ᠰᠠᠨᠠᠭ᠎ᠠ ᠲᠠᠢ | ᠦᠬᠡ ᠮᠦᠨ᠃ ᠡᠶᠢᠮᠦ ᠠᠴᠠ ︽ᠠᠨᠲᠠ ᠠᠬ᠎ᠠ ᠲᠠᠬᠦᠤ︾ ᠬᠡᠲᠡᠭ ᠨᠢ ᠲᠡᠭᠷᠢ ᠳᠤ ᠮᠦᠷᠬᠦᠵᠤ ᠲᠡᠩᠭᠠᠷᠢᠭᠯᠠᠭᠰᠠᠨ | ᠠᠬ᠎ᠠ ᠲᠡᠬᠦᠤ ᠬᠡᠰᠡᠨ ᠨᠡᠷ᠎ᠡ ᠪᠤᠯᠤᠨ᠎ᠠ᠃ | ︵ᠬᠤᠶᠠᠷ︶ ᠠᠨᠲᠠ ᠠᠬ᠎ᠠ ᠲᠡᠬᠦᠤ ᠪᠠᠷᠢᠯᠲᠤᠬᠤ ᠶᠢ ᠬᠡᠷᠡᠴᠢᠯᠡᠬᠦ ᠤᠩᠭᠤᠳ ᠰᠢᠲᠦᠬᠡᠨ ᠪᠠᠶᠢᠲᠠᠭ | 1. ᠬᠦᠬᠡ ᠮᠦᠩᠬᠡ ᠲᠡᠭᠷᠢ᠂ ᠬᠦᠷᠦᠰᠦᠲᠤ ᠠᠯᠲᠠᠨ ᠲᠡᠯᠡᠬᠡᠢ ᠳᠤ ᠲᠠᠭᠠᠳᠬᠠᠵᠤ ᠬᠡᠷᠡᠴᠢᠯᠡᠬᠦᠯᠤᠨ ᠲᠡᠭᠷᠢ ᠳᠤ | ᠠᠮᠠᠯᠲᠤᠵᠤ ᠠᠨᠲᠠ ᠪᠠᠷᠢᠯᠲᠤᠨ᠎ᠠ᠃ | 2. ᠤᠪᠤᠭ᠎ᠠ ᠤᠷᠤᠳ᠂ ᠤᠩᠭᠤᠳ ᠪᠠᠭᠤᠮᠠᠯ ᠰᠢᠲᠤᠭᠡᠨ ᠢᠶᠠᠷ ᠭᠡᠷᠡᠴᠢᠯᠡᠬᠦᠯᠦᠨ ᠲᠠᠩᠭᠠᠷᠢᠭᠯᠠᠨ ᠠᠮᠠᠯᠲᠤᠵᠤ ᠠᠨᠲᠠ | ᠪᠠᠷᠢᠯᠲᠤᠨ᠎ᠠ᠃ | 3. ᠰᠠᠭᠯᠠᠭᠠᠷ ᠮᠤᠲᠤᠨ ᠤᠩᠭᠤᠳ ᠢᠶᠠᠷ ᠬᠡᠷᠡᠴᠢᠯᠡᠬᠦᠯᠦᠨ ᠲᠠᠩᠭᠠᠷᠢᠭᠯᠠᠵᠤ ᠠᠮᠠᠯᠲᠤᠭᠠᠳ ᠠᠨᠲᠠ ᠪᠠᠷᠢᠯᠲᠤᠨ᠎ᠠ᠃ | ᠲᠡᠭᠡᠷᠡᠬᠢ ᠭᠤᠷᠪᠠᠨ ᠵᠦᠢᠯ ᠠᠴᠠ ᠠᠯᠢ ᠨᠢᠬᠡ ᠶᠢ ᠨᠢ ᠰᠤᠩᠭᠤᠵᠤ᠂ ᠲᠤᠬᠠᠢ ᠶᠢᠨ ᠭᠠᠵᠠᠷ ᠲᠤ ᠨᠢ ᠤᠴᠢᠵᠤ ᠲᠡᠭᠷᠢ ᠳᠤ | ᠮᠦᠷᠬᠦᠵᠤ ᠲᠠᠩᠭᠠᠷᠢᠭᠯᠠᠨ ᠠᠬ᠎ᠠ ᠲᠠᠬᠦᠤ ᠪᠠᠷᠢᠯᠲᠤᠨ᠎ᠠ᠃ | ︵ᠭᠤᠷᠪᠠ︶ ᠲᠠᠩᠭᠠᠷᠢᠭ ᠤᠨ ᠦᠴᠢᠭ ᠪᠠ ᠠᠭᠤᠯᠭ᠎ᠠ | 1. ᠴᠢᠰᠤᠨ ᠲᠠᠩᠭᠠᠷᠢᠭ ᠬᠢᠨ᠎ᠠ᠃ ᠴᠢᠰᠤᠨ ᠲᠠᠩᠭᠠᠷᠢᠭ ᠬᠡᠲᠡᠭ ᠨᠢ ᠲᠠᠷᠤᠢ ᠠᠨᠲᠠ ᠠᠬ᠎ᠠ ᠲᠡᠬᠦᠤ ᠪᠤᠯᠤᠯᠴᠠᠬᠤ | ᠬᠦᠮᠦᠰ ᠨᠢ ᠵᠡᠬᠦᠨ ᠭᠠᠷ ᠤᠨ ᠡᠷᠡᠬᠡᠢ ᠬᠤᠷᠤᠭᠤ ᠪᠠᠨ ᠵᠡᠬᠦᠤ ᠪᠠᠷ ᠰᠢᠪᠡᠵᠤ ᠴᠢᠰᠤ ᠭᠠᠷᠭᠠᠭᠠᠳ ᠨᠢᠬᠡ | ᠠᠶᠠᠭ᠎ᠠ ᠠᠷᠢᠬᠢᠨ ᠳᠤ ᠲᠤᠰᠬᠠᠵᠤ᠂ ᠪᠦᠬᠦᠲᠠ ᠪᠠᠷ ᠢᠶᠠᠨ ᠬᠤᠪᠢᠶᠠᠯᠴᠠᠨ ᠤᠤᠭᠤᠭᠠᠳ᠄ ︽ᠪᠢᠲᠠ ᠡᠴᠢᠬᠡ | ᠲᠡᠭᠷᠢ ᠳᠤ ᠮᠦᠷᠬᠦᠵᠤ᠂ ᠬᠦᠬᠡ ᠮᠦᠩᠬᠡ ᠲᠡᠭᠷᠢ ᠪᠠᠷ ᠡᠴᠢᠬᠡ ᠬᠢᠵᠤ᠂ ᠬᠦᠷᠦᠰᠤᠲᠤ ᠠᠯᠲᠠᠨ | ᠲᠡᠯᠡᠬᠡᠢ ᠪᠠᠷ ᠡᠬᠡ ᠪᠤᠯᠭᠠᠵᠤ᠂ ᠠᠬ᠎ᠠ ᠲᠡᠬᠦᠤ ᠪᠠᠷᠢᠯᠲᠤᠵᠤ ᠪᠠᠶᠢᠨ᠎ᠠ᠃ ᠡᠨᠡ ᠡᠲᠦᠷ ᠤᠨ | ᠡᠨᠡ ᠴᠠᠭ ᠠᠴᠠ ᠡᠬᠢᠯᠡᠨ ᠪᠢᠲᠠ ᠵᠢᠷᠭᠠᠯ ᠵᠤᠪᠠᠯ ᠢᠶᠠᠨ ᠬᠠᠮᠲᠤᠳᠬᠠᠵᠤ᠂ ᠬᠠᠷᠢᠯᠴᠠᠨ ᠨᠢᠬᠡ ᠨᠢᠬᠡᠨ ᠢᠶᠠᠨ ᠲᠡᠮᠵᠢᠵᠤ᠂ | ᠡᠯᠢᠬᠡᠴᠢᠯᠡᠨ ᠶᠠᠪᠤᠬᠤ ᠪᠠᠷ ᠲᠠᠩᠭᠠᠷᠢᠭᠯᠠᠵᠤ ᠪᠠᠶᠢᠨ᠎ᠠ᠃ ᠬᠡᠷᠪᠡ ᠬᠡᠯᠡᠭᠰᠡᠨ ᠢᠶᠠᠨ ᠵᠠᠯᠬᠢᠵᠤ᠂ ᠬᠡᠬᠡᠷᠡᠭᠰᠡᠨ ᠢᠶᠠᠨ ᠢᠲᠡᠪᠡᠯ᠂ | ᠡᠴᠢᠬᠡ ᠲᠡᠭᠷᠢ ᠨᠢᠷᠭᠡᠲᠦᠭᠡᠢ︕︾ ᠬᠡᠵᠤ ᠲᠠᠩᠭᠠᠷᠢᠭᠯᠠᠭᠠᠳ ᠲᠡᠭᠷᠢ ᠳᠤ ᠭᠤᠷᠪᠠᠨ ᠲᠤᠯᠤᠭᠠᠢ ᠮᠦᠷᠬᠦᠨ᠎ᠡ᠃ ᠡᠬᠦᠨ ᠢ | ᠪᠠᠰᠠ ︽ᠰᠠᠪᠠ︾ ᠲᠠᠩᠭᠠᠷᠢᠭ ᠬᠡᠲᠡᠭ᠃ ᠡᠨᠡ ᠨᠢ ᠴᠢᠰᠤᠨ ᠤᠲᠤᠮ ᠢᠶᠠᠨ ᠨᠢᠬᠡᠳᠬᠡᠭᠰᠡᠨ ᠬᠡᠷᠡᠴᠢ | ᠪᠠᠲᠤᠯᠠᠪᠤᠷᠢ ᠪᠤᠯᠲᠠᠭ᠃ ︵ᠡᠨᠡ ᠴᠢᠰᠤ ᠶᠢ ᠬᠠᠷ᠎ᠠ ᠢᠮᠠᠭ᠎ᠠ ᠪᠤᠶᠤ ᠬᠦᠬᠡ ᠢᠮᠠᠭᠠᠨ ᠠᠮᠢᠲᠤ | ᠴᠢᠰᠤ ᠪᠠᠷ ᠤᠷᠤᠯᠠᠭᠤᠯᠵᠤ ᠪᠤᠯᠲᠠᠭ ᠬᠡᠨ᠎ᠡ᠃ ᠬᠡᠷᠪᠡ ᠢᠮᠠᠭ᠎ᠠ ᠠᠯᠠᠵᠤ ᠲᠠᠩᠭᠠᠷᠢᠭᠯᠠᠪᠠᠯ᠂ | ᠢᠮᠠᠭᠠᠨ ᠤ ᠮᠢᠬ᠎ᠠ ᠪᠠᠨ ᠠᠨᠲᠠ ᠶᠢᠨ ᠨᠠᠶᠢᠷ ᠲᠤ ᠬᠡᠷᠡᠭᠯᠡᠵᠤ ᠲᠠᠶᠠᠭᠠᠷ ᠬᠤᠪᠢᠶᠠᠯᠴᠠᠨ ᠢᠲᠡᠨ᠎ᠡ᠃︶ | 2. ᠡᠵᠢ ᠶᠢᠨ ᠰᠦᠨ ᠤ ᠲᠠᠩᠭᠠᠷᠢᠭ | ︽ᠡᠵᠢ ᠶᠢᠨ ᠰᠦᠨ ᠤ ᠲᠠᠩᠭᠠᠷᠢᠭ︾ ᠬᠡᠲᠡᠭ ᠨᠢ ᠨᠢᠬᠡ ᠭᠠᠲᠤᠷᠠ ᠤᠰᠤᠨ ᠳᠤ ᠰᠦ ᠲᠤᠰᠬᠠᠵᠤ᠂ ᠠᠨᠲᠠ | ᠠᠬ᠎ᠠ ᠲᠡᠬᠦᠤ ᠪᠠᠷᠢᠯᠲᠤᠬᠤ ᠬᠦᠮᠦᠰ ᠨᠢ ᠨᠢᠭᠤᠷ ᠭᠠᠷ ᠢᠶᠠᠨ ᠤᠬᠢᠶᠠᠭᠠᠳ ᠬᠠᠮᠤᠭ ᠪᠠᠭ᠎ᠠ ᠲᠡᠬᠦᠤ ᠨᠢ ᠵᠢᠯ ᠤᠨ | ᠰᠠᠶᠢᠨ ᠵᠦᠭ ᠲᠤ ᠠᠰᠭᠠᠭᠠᠳ ᠬᠡᠷ ᠲᠤ ᠤᠷᠤᠵᠤ ᠢᠷᠡᠭᠡᠳ ᠤᠯᠠᠨ ᠠᠬ᠎ᠠ ᠲᠡᠬᠦᠤ ᠨᠠᠷ ᠲᠤ ᠪᠠᠨ | ︽ᠶᠤᠰᠤᠴᠢᠯᠠᠨ ᠶᠠᠪᠤᠬᠤ ᠪᠤᠯᠲᠤᠭᠠᠢ︾ ᠬᠡᠵᠤ ᠨᠢᠬᠡ ᠲᠤᠯᠤᠭᠠᠢ ᠮᠦᠷᠬᠦᠬᠦ ᠳᠤ ᠲᠠᠶᠠᠭᠠᠷ ᠢᠶᠠᠨ | ︽ᠲᠡᠷᠡ ᠪᠡᠯᠭᠡ ᠪᠠᠷ ᠪᠤᠯᠲᠤᠭᠠᠢ︾ ᠬᠡᠵᠤ ᠬᠡᠯᠡᠬᠡᠳ ᠠᠨᠲᠠ ᠲᠡᠬᠦᠤ ᠶᠢᠨ ᠢᠶᠠᠨ ᠭᠠᠲᠤᠷᠠ ᠳᠤ ᠬᠡᠰᠢᠭ | ᠰᠤᠶᠤᠷᠬᠠᠯ ᠬᠢᠵᠤ ᠦᠭᠲᠡᠭ᠃ | 3. ᠭᠠᠯ ᠭᠤᠯᠤᠮᠲᠠ ᠨᠢᠬᠡᠳᠬᠡᠬᠦ ᠲᠠᠩᠭᠠᠷᠢᠭ | ︽ᠭᠠᠯ ᠭᠤᠯᠤᠮᠲᠠ ᠨᠢᠬᠡᠳᠬᠡᠬᠦ ᠲᠠᠩᠭᠠᠷᠢᠭ︾ ᠬᠡᠲᠡᠭ ᠨᠢ ᠶᠡᠭᠡ ᠠᠬ᠎ᠠ ᠶᠢᠨ ᠢᠶᠠᠨ ᠭᠤᠯᠤᠮᠲᠠ ᠶᠢ ᠲᠠᠬᠢᠵᠤ᠂ | ᠭᠠᠯ ᠳᠤ ᠮᠦᠷᠬᠦᠬᠡᠳ ᠨᠢᠬᠡ ᠠᠶᠢᠯ ︵ᠨᠢᠬᠡ ᠬᠡᠷ︶ ᠤᠨ ᠬᠦᠮᠦᠨ ᠪᠤᠯᠤᠭᠰᠠᠨ ᠢᠶᠠᠨ ᠮᠡᠲᠡᠷᠡᠲᠡᠭ᠃ | 4. ᠠᠨᠲᠠ ᠶᠢᠨ ᠠᠪᠤ ᠡᠵᠢ ᠳᠤ ᠮᠦᠷᠬᠦᠵᠤ ᠲᠠᠩᠭᠠᠷᠢᠭᠯᠠᠬᠤ | ︽ᠠᠨᠲᠠ ᠶᠢᠨ ᠠᠪᠤ ᠡᠵᠢ ᠳᠤ ᠪᠠᠨ ᠮᠦᠷᠬᠦᠵᠤ ᠲᠠᠩᠭᠠᠷᠢᠭᠯᠠᠬᠤ︾ ᠬᠡᠲᠡᠭ ᠨᠢ ᠲᠡᠭᠡᠷᠡᠬᠢ ᠭᠤᠷᠪᠠᠨ ᠵᠦᠢᠯ ᠤᠨ | ᠲᠠᠩᠭᠠᠷᠢᠭ ᠢ ᠬᠢᠵᠤ ᠪᠠᠷᠠᠭᠰᠠᠨ ᠤ ᠲᠠᠷᠠᠭ᠎ᠠ ᠠᠨᠲᠠ ᠶᠢᠨ ᠠᠪᠤ ᠡᠵᠢ ᠳᠤ ᠪᠠᠨ ᠮᠦᠷᠬᠦᠵᠤ | ︽ᠪᠢᠲᠠ ᠲᠡᠭᠷᠢ ᠳᠤ ᠮᠦᠷᠬᠦᠵᠤ ᠠᠬ᠎ᠠ ᠲᠡᠬᠦᠤ | ᠪᠠᠷᠢᠯᠲᠤᠯᠠ᠂ ᠠᠴᠢᠲᠤ ᠪᠤᠭᠤᠷᠤᠯ ᠨᠠᠰᠤᠲᠠᠳ ᠪᠢᠲᠠᠨ ᠢ ᠲᠦᠷᠦᠭᠰᠡᠨ ᠠᠬ᠎ᠠ ᠲᠡᠬᠦᠤ ᠮᠡᠲᠦ ᠠᠳᠠᠯᠢᠬᠠᠨ ᠡᠨᠡᠷᠢᠵᠤ ᠶᠠᠪᠤᠬᠤ | ᠪᠤᠯᠲᠤᠭᠠᠢ︾᠂ ︽ᠲᠡᠭᠷᠢ ᠶᠢᠨ ᠰᠤᠶᠤᠷᠬᠠᠯ ᠢᠶᠠᠷ ᠪᠢᠲᠠ ᠠᠪᠤ ᠡᠵᠢ ᠲᠠᠨ ᠤ ᠲᠠᠪᠠᠯ ᠲᠠᠢ ᠬᠦᠪᠡᠬᠦᠨ | ᠪᠤᠯᠵᠤ ᠲᠦᠷᠦᠯ᠎ᠠ᠂ ᠬᠤᠵᠢᠮ ᠬᠦᠯ ᠢ ᠴᠢᠨᠢ ᠬᠤᠴᠢᠵᠤ᠂ ᠬᠦᠷᠰᠢ ᠶᠢ ᠴᠢᠨᠢ ᠠᠰᠠᠷᠠᠨ ᠲᠡᠳᠬᠦᠵᠤ ᠶᠠᠪᠤᠶ᠎ᠠ︕︾ | ᠬᠡᠵᠤ ᠲᠠᠩᠭᠠᠷᠢᠭᠯᠠᠭᠠᠳ ᠭᠤᠷᠪᠠᠨ ᠲᠤᠯᠤᠭᠠᠢ ᠮᠦᠷᠬᠦᠨ᠎ᠡ᠃ | ᠭᠤᠷᠪᠡ᠂ ᠠᠨᠲᠠ ᠠᠬ᠎ᠠ ᠲᠡᠬᠦᠤ ᠶᠢ ᠬᠡᠷᠡᠴᠢᠯᠡᠬᠦ ᠪᠠ ᠰᠦᠢ ᠰᠤᠯᠢᠯᠴᠠᠬᠤ ᠶᠤᠰᠤᠨ | ᠠᠨᠲᠠ ᠠᠬ᠎ᠠ ᠲᠡᠬᠦᠤ ᠪᠠᠷᠢᠯᠲᠤᠭᠰᠠᠨ ᠬᠦᠮᠦᠰ ᠬᠠᠷᠢᠯᠴᠠᠨ ᠠᠨᠲᠠ ᠠᠬ᠎ᠠ ᠲᠡᠬᠦᠤ ᠪᠠᠨ ᠬᠡᠷᠡᠴᠢᠯᠡᠬᠦ ᠪᠡᠯᠡᠭ | ᠬᠦᠷᠭᠡᠲᠡᠭ ᠶᠤᠰᠤᠨ ᠪᠤᠢ᠃ ᠡᠬᠦᠨ ᠢ ᠠᠨᠲᠠ ᠶᠢᠨ ᠰᠦᠢ ᠰᠤᠯᠢᠯᠴᠠᠬᠤ ᠶᠤᠰᠤᠨ ᠬᠡᠨ᠎ᠡ᠃ ᠪᠡᠯᠡᠭ ᠨᠢ | ᠶᠡᠭᠡ ᠪᠠᠭ᠎ᠠ ᠪᠠᠶᠢᠭᠰᠠᠨ ᠴᠤ ᠬᠠᠮᠢᠶ᠎ᠠ ᠦᠭᠡᠢ ᠨᠠᠨᠳᠢᠩᠨᠠᠨ ᠬᠦᠷᠭᠡᠵᠤ᠂ ᠡᠷᠬᠢᠮᠨᠠᠨ ᠬᠠᠲᠠᠭᠠᠯᠠᠵᠤ᠂ ᠬᠤᠵᠢᠮ | ᠬᠤᠶᠢᠴᠢ ᠶᠢᠨ ᠦᠶ᠎ᠡ ᠳᠤ ᠠᠨᠲᠠ ᠠᠬ᠎ᠠ ᠲᠡᠬᠦᠤ ᠶᠢᠨ ᠬᠡᠷᠡᠴᠢ ᠪᠤᠯᠭᠠᠲᠠᠭ ᠶᠤᠰᠤᠳᠠᠢ᠃ | ︵ᠨᠢᠭᠡ︶᠂ ᠠᠨᠲᠠ ᠶᠢᠨ ᠬᠠᠷᠢᠴᠠᠭ᠎ᠠ ᠬᠤᠯᠪᠤᠭ᠎ᠠ | ᠠᠨᠲᠠ ᠠᠬ᠎ᠠ ᠲᠡᠬᠦᠤ ᠶᠢᠨ ᠨᠠᠰᠤ ᠵᠢᠯ ᠨᠢ ᠡᠷᠬᠡᠪᠰᠢ ᠤᠶᠢᠷᠠᠯᠴᠠᠭ᠎ᠠ ᠨᠠᠰᠤᠲᠠᠢ ᠬᠦᠮᠦᠰ ᠢᠶᠠᠷ ᠪᠦᠷᠢᠯᠲᠦᠬᠦ ᠬᠡᠷᠡᠭᠲᠡᠢ᠃ | ᠬᠡᠬᠦ ᠳᠤ ᠪᠠᠨ ᠡᠷᠬᠡᠪᠰᠢ ᠶᠡᠷᠦ ᠪᠤᠰᠤ ᠶᠢᠨ ᠬᠦᠨ ᠵᠤᠵᠠᠭᠠᠨ ᠬᠠᠶᠢᠷ᠎ᠠ ᠰᠡᠳᠬᠢᠯᠬᠡ ᠲᠠᠢ ᠢᠨᠠᠭ ᠲᠤᠲᠤᠨᠤ ᠬᠦᠮᠦᠰ ᠪᠠᠶᠢᠬᠤ ᠬᠡᠷᠡᠭᠲᠡᠢ᠃ | ᠠᠳᠡ ᠠᠬ᠎ᠠ ᠲᠡᠬᠦᠤ ᠪᠠᠷᠢᠯᠲᠤᠮᠠᠭᠴᠠ ᠡᠩ ᠤᠨ ᠨᠦᠬᠦᠷ ᠤᠨ ᠬᠠᠷᠢᠴᠠᠭ᠎ᠠ ᠠᠴᠠ ᠲᠠᠪᠠᠵᠤ᠂ ᠲᠦᠷᠦᠭᠰᠡᠨ ᠠᠬ᠎ᠠ | ᠲᠡᠬᠦᠤ ᠶᠢᠨ ᠬᠠᠷᠢᠴᠠᠭ᠎ᠠ ᠪᠤᠯᠵᠤ ᠬᠤᠪᠢᠷᠠᠲᠠᠭ᠃ ᠡᠶᠢᠮᠦ ᠠᠴᠠ ᠠᠨᠲᠠ ᠠᠬ᠎ᠠ ᠲᠡᠬᠦᠤ ᠶᠢᠨ ᠦᠷ᠎ᠡ | ᠬᠤᠶᠢᠴᠢᠰ ᠨᠢ ᠴᠤ ᠡᠴᠢᠬᠡ ᠶᠢᠨ ᠢᠶᠠᠨ ᠠᠨᠲᠠ ᠠᠬ᠎ᠠ ᠲᠡᠬᠦᠤ ᠶᠢ ᠪᠦᠷ ︽ᠠᠨᠲᠠ ᠠᠪᠠᠢ᠂ | ᠠᠨᠲᠠ ᠮᠦᠮᠦ︾ ᠲᠠᠭᠤᠲᠠᠵᠤ ᠬᠠᠷᠢᠯᠴᠠᠨ ᠬᠦᠨᠳᠦᠳᠬᠡᠨ ᠶᠠᠪᠤᠬᠤ ᠬᠠᠷᠢᠴᠠᠭ᠎ᠠ ᠪᠤᠢ ᠪᠤᠯᠲᠠᠭ᠃ | ︵ᠬᠤᠶᠡᠷ︶᠂ ᠠᠨᠲᠠ ᠶᠢᠨ ᠡᠬᠦᠷᠭᠡ ᠬᠠᠷᠢᠭᠤᠴᠠᠯᠭ᠎ᠠ | 1. ᠠᠨᠲᠠᠯᠠᠭᠰᠠᠨ ᠬᠦᠮᠦᠨ ᠵᠠᠪᠠᠯ ᠦᠪᠡᠷ ᠤᠨ ᠢᠶᠠᠨ ᠠᠮᠠᠨ ᠲᠠᠩᠭᠠᠷᠢᠭ ᠢ ᠰᠠᠬᠢᠵᠤ᠂ ᠠᠨᠲᠠ ᠶᠢᠨ ᠵᠢᠷᠤᠮ | ᠶᠤᠰᠤ ᠶᠢ ᠦᠨᠡᠨᠴᠢ ᠰᠢᠲᠤᠷᠭᠤ ᠪᠠᠷ ᠬᠦᠢᠴᠡᠳᠭᠡᠵᠤ᠂ ᠠᠬ᠎ᠠ ᠲᠡᠬᠦᠤ ᠶᠢᠨ ᠡᠬᠦᠷᠬᠡ ᠬᠠᠷᠢᠭᠤᠴᠠᠯᠭ᠎ᠠ ᠶᠢ | ᠬᠦᠢᠴᠡᠳᠬᠡᠬᠦ ᠬᠡᠷᠡᠭᠲᠡᠢ᠃ ᠡᠨᠡ ᠪᠤᠯ ᠠᠨᠲᠠ ᠠᠬ᠎ᠠ ᠲᠡᠬᠦᠤ ᠶᠢᠨ ᠬᠠᠮᠤᠭ ᠨᠠᠭᠠᠲᠤ ᠵᠠᠬ᠎ᠠ ᠶᠢᠨ | ᠱᠠᠭᠠᠷᠲᠠᠯᠭ᠎ᠠ ᠮᠦᠨ᠃ | 2. ︽ᠠᠨᠲᠠ ᠬᠦᠮᠦᠨ ᠠᠮᠢᠨ ᠨᠢᠬᠡ︾ ᠪᠤᠯᠲᠠᠭ᠂ ᠠᠨᠲᠠ ᠠᠬ᠎ᠠ ᠲᠡᠬᠦᠤ ᠪᠠᠷᠢᠯᠲᠤᠭᠰᠠᠨ ᠤ ᠲᠠᠷᠠᠭ᠎ᠠ ᠵᠤᠯ ᠵᠢᠷᠭᠠᠯ᠂ | ᠵᠤᠪᠠᠯᠠᠩ ᠵᠦᠲᠡᠬᠦᠷᠢ ᠪᠠᠨ ᠬᠠᠮᠲᠤᠳᠬᠠᠬᠤ ᠬᠡᠷᠡᠭᠲᠡᠢ᠂ ᠡᠨᠡ ᠪᠤᠯ ᠠᠨᠲᠠᠯᠠᠬᠤ ᠶᠢᠨ ᠬᠠᠮᠤᠭ ᠴᠢᠬᠤᠯᠠ ᠠᠨᠲᠠ ᠶᠢᠨ ᠵᠢᠷᠤᠮ ᠮᠦᠨ᠃ | | 3. ᠬᠡᠷᠪᠡ ᠠᠨᠲᠠᠯᠠᠭᠰᠠᠳ ᠤᠨ ᠨᠢᠬᠡ ᠨᠢ ᠡᠴᠢᠬᠡ ᠶᠢᠨ ᠭᠠᠭᠴᠠ ᠬᠦᠤ ᠪᠠᠶᠢᠭᠠᠳ ᠡᠷᠲᠡ ᠨᠠᠰᠤ ᠪᠠᠷᠠᠭᠰᠠᠨ | ᠪᠠᠶᠢᠪᠠᠯ ᠨᠦᠬᠦᠬᠡ ᠨᠢᠬᠡ ᠨᠢ ᠠᠨᠲᠠ ᠶᠢᠨ ᠢᠶᠠᠨ ᠡᠵᠢ ᠠᠪᠤ᠂ ᠦᠷ᠎ᠡ ᠬᠡᠤᠬᠡᠳ ᠢ ᠠᠰᠠᠷᠠᠨ ᠲᠡᠳᠬᠦᠬᠦ | ᠬᠠᠷᠢᠭᠤᠴᠠᠯᠭ᠎ᠠ ᠶᠢ ᠪᠡᠶᠡᠯᠡᠬᠦᠯᠬᠦ ᠬᠡᠷᠡᠭᠲᠡᠢ᠃ | 4. ︽ᠲᠡᠭᠡᠷ᠎ᠡ ᠦᠶ᠎ᠡ ᠶᠢᠨ ᠠᠨᠲᠠ ᠠᠬ᠎ᠠ ᠲᠡᠬᠦᠤ᠂ ᠲᠡᠷᠠᠭ᠎ᠠ ᠦᠶ᠎ᠡ ᠳᠤ ᠲᠦᠷᠦᠭᠰᠡᠨ ᠠᠬ᠎ᠠ ᠲᠡᠬᠦᠤ︾ ᠬᠡᠵᠤ | ᠬᠡᠯᠡᠲᠡᠭ ᠪᠤᠯᠬᠤᠷ ᠬᠠᠮᠤᠭ ᠲᠤᠲᠤᠨᠤ ᠲᠦᠷᠦᠯ ᠰᠠᠲᠤᠨ ᠤ ᠬᠠᠷᠢᠴᠠᠭ᠎ᠠ ᠶᠢᠨ ᠬᠠᠷᠢᠭᠤᠴᠠᠯᠭ᠎ᠠ ᠶᠢ ᠬᠦᠢᠴᠡᠳᠬᠡᠬᠦ ᠬᠡᠷᠡᠭᠲᠡᠢ᠃ | 5. ᠠᠨᠲᠠ ᠶᠢᠨ ᠠᠬ᠎ᠠ ᠲᠡᠬᠦᠤ ᠨᠢ ᠬᠦᠪᠡᠬᠦᠨ ᠦᠭᠡᠢ ᠵᠠᠭᠤᠷᠮᠠᠭ ᠨᠠᠰᠤᠯᠠᠭᠰᠠᠨ ᠪᠤᠯ᠂ ᠠᠨᠲᠠ ᠶᠢᠨ ᠭᠤᠯᠤᠮᠲᠠ ᠶᠢ | ᠵᠠᠯᠭᠠᠮᠵᠢᠯᠠᠭᠤᠯᠲᠠᠭ ᠶᠤᠰᠤ ᠪᠤᠢ᠃ ᠡᠨᠡ ᠬᠦ ᠶᠤᠰᠤ ᠶᠢ ᠠᠨᠲᠠ ᠶᠢᠨ ᠡᠬᠡᠨᠡᠷ | ᠬᠡᠤᠬᠡᠳ ᠨᠢ ᠪᠠᠰᠠ ᠠᠨᠲᠠ ᠶᠢᠨ ᠲᠠᠩᠭᠠᠷᠢᠭ ᠡᠬᠦᠷᠬᠡ ᠬᠠᠷᠢᠭᠤᠴᠠᠯᠭ᠎ᠠ ᠶᠤᠰᠤᠭᠠᠷ ᠦᠬᠡ ᠲᠠᠭᠤᠨ | ᠦᠭᠡᠢ ᠪᠠᠷ ᠬᠦᠢᠴᠡᠳᠬᠡᠬᠦ ᠬᠡᠷᠡᠭᠲᠡᠢ᠃ | ᠲᠦᠷᠪᠡ᠂ ᠠᠨᠲᠠ ᠶᠢᠨ ᠴᠡᠬᠡᠷ ᠶᠤᠰᠤᠨ | ︵ᠨᠢᠭᠡ︶᠂ ︽ᠠᠮᠠᠨ ᠲᠠᠩᠭᠠᠷᠢᠭ ᠮᠠᠰᠢ ᠠᠶᠤᠯᠲᠠᠢ ᠪᠠᠶᠢᠲᠠᠭ ᠪᠤᠯᠬᠤᠷ ᠬᠠᠭᠤᠷᠮᠠᠭ ᠢᠶᠠᠷ ᠲᠠᠩᠭᠠᠷᠢᠭᠯᠠᠬᠤ ᠶᠢ ᠴᠡᠬᠡᠷᠯᠡᠵᠤ᠂ | ᠨᠢᠬᠡᠨᠲᠡ ᠲᠠᠩᠭᠠᠷᠢᠭᠯᠠᠪᠠᠯ᠂ ᠦᠬᠦᠪᠡᠴᠤ ᠪᠤᠴᠠᠬᠤ ᠦᠭᠡᠢ︾ ᠪᠠᠶᠢᠬᠤ ᠬᠡᠷᠡᠭᠲᠡᠢ᠃ | ︵ᠬᠤᠶᠡᠷ︶᠂ ᠠᠨᠲᠠ ᠠᠬ᠎ᠠ ᠲᠡᠬᠦᠤ ᠶᠢᠨ ᠬᠦᠮᠦᠰ ᠬᠤᠭᠤᠷᠤᠨᠲᠤ ᠪᠠᠨ ᠡᠨᠡᠷᠢᠬᠦ᠂ ᠲᠡᠬᠢᠮᠲᠠᠬᠤ ᠵᠢᠷᠤᠮ ᠢ ᠡᠪᠲᠡᠯᠡᠨ | ᠲᠡᠮᠡᠴᠡᠯᠲᠤᠵᠤ᠂ ᠰᠠᠲᠤᠷ ᠰᠠᠮᠠᠭᠤᠨ ᠶᠠᠪᠤᠯᠴᠠᠭ᠎ᠠ ᠶᠢ ᠴᠡᠭᠡᠷᠯᠡᠬᠦ ᠬᠡᠷᠡᠭᠲᠡᠢ᠃ | ︵ᠭᠤᠷᠪᠠ︶᠂ ᠠᠮᠢᠲᠤᠷᠠᠯ ᠤᠨ ᠶᠠᠪᠤᠴᠠ ᠳᠤ ᠶᠠᠮᠠᠷ ᠨᠢᠬᠡᠨ ᠤᠴᠢᠷ ᠰᠢᠯᠲᠠᠭᠠᠨ ᠠᠴᠠ ᠪᠤᠯᠵᠤ ᠠᠨᠲᠠ ᠠᠬ᠎ᠠ | ᠲᠡᠬᠦᠤ ᠶᠢᠨ ᠬᠠᠷᠢᠴᠠᠭ᠎ᠠ ᠡᠪᠲᠡᠷᠡᠬᠦ ᠳᠤ ᠬᠦᠷᠪᠡᠯ᠂ ᠠᠨᠲᠠ ᠶᠢᠨ ᠠᠬᠠᠯᠠᠭᠴᠢ ᠨᠢ ᠰᠢᠯᠲᠠᠭᠠᠨ ᠢ ᠡᠷᠢᠵᠤ᠂ | ᠠᠩᠬ᠎ᠠ ᠠᠨᠲᠠᠯᠠᠬᠤ ᠦᠶ᠎ᠡ ᠶᠢᠨ ᠲᠠᠩᠭᠠᠷᠢᠭ ᠤᠨ ᠶᠤᠰᠤᠭᠠᠷ ᠰᠢᠳᠬᠡᠬᠦ ᠶᠤᠰᠤᠲᠠᠢ᠃ | ︵ᠲᠦᠷᠪᠡ︶᠂ ᠠᠨᠲᠠ ᠶᠢᠨ ᠲᠠᠩᠭᠠᠷᠢᠭ ᠢ ᠬᠦᠨᠳᠦ ᠨᠤᠴᠢᠲᠠᠢ ᠡᠪᠲᠡᠭᠰᠡᠳ ᠢ ︽ᠡᠵᠡᠨ ᠰᠠᠩ︾ ᠳᠤ | ︽ᠲᠠᠩᠭᠠᠷᠢᠭᠯᠠᠨ ᠪᠤᠴᠠᠭᠰᠠᠳ ᠢ ᠬᠦᠯᠢᠨ ᠬᠦᠯᠢᠨ ᠡᠴᠦᠯᠬᠡ︾ ᠬᠡᠲᠡᠭᠴᠢᠯᠡᠨ ᠪᠤᠬ᠎ᠠ ᠶᠢᠨ | ᠠᠷᠠᠰᠤᠨ ᠰᠤᠷ ᠢᠶᠠᠷ ᠬᠦᠯᠢᠵᠤ᠂ ᠡᠵᠡᠬᠦᠢ ᠴᠦᠯ ᠳᠤ ᠴᠦᠯᠡᠵᠤ ᠬᠠᠶᠠᠲᠠᠭ ᠶᠤᠰᠤᠨ ᠪᠤᠢ᠃ | ︵ᠲᠠᠪᠤ︶᠂ ᠠᠨᠲᠠ ᠠᠬ᠎ᠠ ᠲᠡᠬᠦᠤ ᠬᠤᠭᠤᠷᠤᠨᠲᠤ ᠪᠠᠨ ᠬᠤᠪ ᠱᠤᠪ ᠬᠡᠯᠡᠵᠤ ᠠᠲᠠᠭᠠᠷᠬᠠᠨ ᠲᠡᠮᠡᠴᠡᠯᠲᠤᠬᠦ ᠶᠢ ᠴᠡᠬᠡᠷᠯᠡᠨ᠎ᠡ᠃ | | ᠠᠨᠲᠠ ᠶᠢᠨ ᠵᠦᠩᠨᠡᠯ | ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ | ᠠᠮᠢᠯᠠᠯ ᠤᠨ ᠤᠯᠠᠭᠠᠨ ᠴᠢᠰᠤ ᠪᠠᠷ ᠠᠪᠦ ᠨᠢᠬᠡ ᠪᠤᠯᠵᠤ | ᠠᠯᠲᠠᠨ ᠭᠤᠯᠤᠮᠲᠠ ᠳᠤ ᠪᠠᠨ ᠮᠦᠷᠬᠦᠬᠡᠳ | ᠠᠮᠠᠯᠠᠵᠤ ᠠᠨᠲᠠᠭᠠᠶᠢᠯᠠᠭᠰᠠᠨ ᠲᠠᠩᠭᠠᠷᠢᠭ ᠢᠶᠠᠷ | ᠠᠬ᠎ᠠ ᠲᠡᠬᠦᠤ ᠪᠤᠯᠤᠭᠰᠠᠨ ᠲᠠᠨᠠᠷ ᠮᠢᠨᠢ | ᠠᠰ ᠤᠨ ᠪᠡᠶ᠎ᠡ ᠴᠢᠨᠢ ᠮᠡᠨᠲᠤ ᠪᠠᠶᠢᠲᠤᠭᠠᠢ︕ | ᠠᠵᠤ ᠠᠮᠢᠲᠤᠷᠠᠯ ᠴᠢᠨᠢ ᠪᠠᠶᠠᠯᠢᠭ ᠪᠠᠶᠢᠲᠤᠭᠠᠢ︕ | ᠤᠯᠠᠭᠠᠨ ᠪᠡᠴᠢᠨ ᠵᠢᠯ ᠤᠨ ᠪᠠᠷᠰ ᠰᠠᠷ᠎ᠠ ᠶᠢᠨ ᠬᠤᠷᠢᠨ ᠭᠤᠷᠪᠠᠨ᠎ᠠ ︽ᠨᠠᠷᠠᠲᠤ ᠶᠢᠨ | ᠵᠠᠶᠠᠭ᠎ᠠ ᠠᠨᠲᠠ ᠶᠢᠨ ᠬᠤᠯᠪᠤᠭ᠎ᠠ︾ ᠶᠢᠨ ᠬᠤᠶᠠᠷ ᠵᠢᠯ ᠤᠨ ᠤᠢ ᠳᠤ ᠵᠤᠷᠢᠭᠤᠯᠪᠠ᠃ |