ᠬᠢᠯᠭᠠᠰᠦ ᠪᠠᠷ ᠠᠮᠢᠯᠠᠭᠰᠠᠨ ᠤᠯᠠᠮᠵᠢᠯᠠᠯᠲᠦ ᠰᠤᠶᠤᠯ
ᠨᠡᠶᠢᠲᠡᠯᠡᠭᠰᠡᠨ ᠴᠠᠭ᠄
2020/3/17

◎2018 ᠤᠨ ᠤ 12 ᠰᠠᠷ᠎ᠠ ᠶᠢᠨ 28 ᠤ ᠡᠲᠦᠷ᠂ ᠠᠯᠠᠱᠠ ᠵᠡᠬᠦᠨ ᠬᠤᠰᠢᠭᠤᠨ ᠤ ᠪᠠᠶᠠᠨᠬᠤᠲᠠ ᠪᠠᠯᠭᠠᠰᠦᠨ ᠳᠤ ᠮᠠᠨ ᠤ

ᠤᠯᠤᠰ ᠤᠨ ᠠᠩᠬᠠᠲᠠᠭᠴᠢ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠲᠠᠰ ᠤᠨ ᠪᠤᠰᠤ ᠰᠤᠶᠤᠯ ᠤᠨ ᠦᠪ ᠤᠨ

ᠮᠦᠽᠸᠢ ᠨᠡᠭᠡᠭᠡᠯᠳᠡ ᠶᠢᠨ ᠶᠤᠰᠤᠯᠠᠯ ᠢᠶᠠᠨ ᠬᠢᠵᠡᠢ᠃

    ◎ ᠪᠤᠷᠬᠠᠨ ᠤ ᠱᠠᠰᠢᠨ ᠲᠦᠪᠡᠳ ᠠᠴᠠ ᠮᠤᠩᠭᠤᠯ ᠭᠠᠵᠠᠷ ᠤᠷᠤᠨ ᠳᠤ ᠤᠯᠠᠮᠵᠢᠯᠠᠬᠲᠠᠬᠤ ᠶᠢ ᠲᠠᠭᠠᠯᠲᠤᠨ ᠪᠤᠢ ᠪᠤᠯᠵᠦ ᠬᠦᠭᠵᠢᠭᠰᠡᠨ

ᠮᠤᠩᠭᠤᠯ ᠲᠠᠩᠺᠠ ᠨᠢ ᠤᠨ ᠵᠢᠯ ᠤᠨ ᠤᠷᠤᠰᠬᠠᠯ᠂ ᠴᠠᠭ ᠬᠤᠭᠤᠴᠠᠭᠠᠨ ᠤ ᠬᠤᠪᠢᠷᠠᠯᠲᠠ ᠶᠢ ᠲᠠᠭᠠᠯᠲᠤᠵᠦ ᠰᠠᠯᠪᠦᠷᠢᠯᠡᠨ ᠬᠦᠭᠵᠢᠬᠦ ᠳᠡᠭᠡᠨ᠂

ᠠᠯᠠᠱᠠ ᠨᠤᠲᠤᠭ ᠲᠤ ᠤᠷᠢᠶᠠᠮᠠᠯ ᠬᠢᠯᠭᠠᠰᠦ ᠪᠠᠷ ᠤᠷᠠᠯᠠᠵᠦ ᠪᠦᠲᠦᠭᠡᠭᠰᠡᠨ ᠮᠤᠩᠭᠤᠯ ᠲᠠᠩᠺᠠ ᠶᠢᠨ ᠦᠪᠡᠷᠮᠢᠴᠡ ᠨᠢᠬᠡᠨ ᠤᠷᠠᠯᠢᠭ ᠢ ᠪᠤᠢ

ᠪᠤᠯᠭᠠᠭᠰᠠᠨ ᠪᠢᠯᠡ᠃ ᠰᠦᠮ᠎ᠡ ᠬᠡᠶᠢᠳ ᠤᠨ ᠯᠠᠮᠠᠲᠠᠨ ᠪᠠᠭᠰᠢ ᠨᠠᠷ ᠤᠨ ᠯᠡ ᠮᠡᠳᠡᠳᠡᠭ ᠪᠠᠶᠢᠬᠰᠠᠨ ᠡᠨᠡ ᠬᠦ

ᠤᠷᠠᠯᠢᠭ ᠨᠢ ᠲᠤᠩᠮᠤᠳ ᠭᠡᠷᠡᠯ ᠵᠡᠷᠭᠡ ᠬᠦᠮᠦᠰ ᠤᠨ ᠴᠤᠴᠠᠰᠢ ᠦᠬᠡᠢ ᠪᠠᠷᠢᠮᠲᠠᠯᠠᠯ᠂ ᠲᠠᠰᠤᠷᠠᠯᠲᠠ ᠦᠬᠡᠢ

ᠰᠢᠨᠡᠴᠢᠯᠡᠯ ᠤᠨ ᠲᠤᠮᠲᠠ ᠦᠯᠡᠳᠡᠨ ᠤᠯᠠᠮᠵᠢᠯᠠᠬᠲᠠᠵᠦ᠂ ᠮᠤᠩᠭᠤᠯ ᠰᠤᠶᠤᠯ ᠤᠨ ᠬᠦᠷᠢᠶᠡᠯᠡᠩ ᠳᠤ ᠦᠬᠡᠷ᠎ᠡ

ᠨᠢᠬᠡᠨ ᠦᠡᠭᠭᠡ ᠬᠢᠯᠪᠠᠭ᠎ᠠ ᠨᠡᠮᠡᠷᠢᠯᠡᠯ᠎ᠡ᠃

    ◎ ᠤᠷᠢᠶᠠᠮᠠᠯ ᠬᠢᠯᠭᠠᠰᠦᠨ ᠤ ᠲᠠᠩᠺᠠ ᠶᠢ ᠬᠦᠮᠦᠨ ᠤᠯᠠᠨ ᠳᠤ ᠲᠠᠨᠢᠭᠤᠯᠵᠦ᠂ ᠲᠡᠬᠦᠨ ᠢ ᠪᠤᠲᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠬᠦᠯᠵᠦ᠂

ᠲᠠᠬᠢᠨ ᠮᠦᠽᠸᠢ ᠪᠠᠶᠢᠭᠤᠯᠵᠦ ᠶᠠᠲᠠᠭᠤ ᠬᠦᠴᠢᠷᠳᠡᠯᠳᠡᠢ ᠮᠠᠯᠴᠢᠨ ᠲᠠᠷᠢᠶᠠᠴᠢᠨ ᠢ ᠤᠷᠤᠯᠴᠠᠭᠤᠯᠵᠦ᠂ ᠰᠤᠶᠤᠯ ᠤᠨ ᠨᠢᠬᠡᠨ ᠠᠵᠦ ᠦᠢᠯᠡᠰ ᠪᠤᠯᠭᠠᠲᠠᠯ᠎ᠠ᠂

ᠤᠷᠢᠶᠠᠮᠠᠯ ᠬᠢᠯᠭᠠᠰᠦᠨ ᠤ ᠤᠷᠠᠯᠢᠭ ᠨᠢ ᠲᠤᠩᠮᠤᠳ ᠭᠡᠷᠡᠯ ᠭᠤᠸᠠᠢ ᠶᠢᠨ ᠵᠢᠳᠬᠦᠯ ᠴᠢᠷᠮᠠᠶᠢᠯᠭ᠎ᠠ ᠪᠠᠷ ᠰᠤᠶᠤᠯ ᠤᠨ ᠦᠨ᠎ᠡ ᠦᠷᠳᠡᠭ ᠢᠶᠠᠨ

ᠤᠯᠠᠮ ᠪᠠᠲᠠᠷᠠᠭᠤᠯᠵᠦ᠂ ᠠᠵᠦ ᠦᠢᠯᠡᠰᠵᠢᠨ ᠬᠦᠭᠵᠢᠬᠦ ᠲᠠᠷᠲᠠᠩ ᠵᠠᠮ ᠢᠶᠠᠷ ᠤᠷᠤᠭᠰᠢᠯᠠᠬᠰᠠᠭᠠᠷ ᠪᠢᠯᠡ ᠁

                  30 ᠵᠢᠯ ᠤᠨ ᠪᠠᠷᠢᠮᠲᠠᠯᠠᠯ

    ︽ᠪᠢ ᠡᠨᠡ ᠵᠢᠯ 76 ᠲᠠᠢ᠃ ᠮᠠᠯ ᠠᠵᠦ ᠠᠬᠤᠢ ᠲᠠᠷᠢᠶᠠᠯᠠᠩ ᠤᠨ ᠲᠤᠪᠴᠢᠶ᠎ᠠ ᠠᠴᠠ ᠠᠵᠢᠯ ᠤᠨ ᠠᠮᠠᠷᠠᠯᠲᠠ ᠠᠪᠴᠤ

ᠰᠠᠷ᠎ᠠ ᠳᠠᠭᠠᠨ ᠪᠠᠰᠠ 6000 ᠭᠠᠷᠤᠢ ᠲᠦᠬᠦᠷᠢᠭ ᠤᠨ ᠴᠠᠯᠢᠩ ᠤᠯᠵᠤ ᠪᠠᠶᠢᠨ᠎ᠠ᠂ ᠠᠵᠤ

ᠠᠮᠢᠳᠤᠷᠠᠯ ᠤᠨ ᠲᠦᠯᠦᠭᠡ ᠭᠡᠪᠡᠯ᠂ ᠡᠨᠡ ᠲᠠᠩᠺᠠ ᠤᠷᠠᠯᠢᠭ ᠢ ᠤᠷᠤᠯᠳᠤᠬᠤ ᠦᠬᠡᠢ ᠪᠠᠶᠢᠵᠤ ᠪᠤᠯᠤᠨ᠎ᠠ᠂

ᠬᠡᠪᠡᠴᠦ ᠬᠡᠷᠪᠡ ᠪᠢ ᠬᠢᠬᠦ ᠦᠬᠡᠢ ᠪᠤᠯ ᠡᠨᠡ ᠬᠦ ᠤᠯᠠᠮᠵᠢᠯᠠᠯᠳᠤ ᠰᠤᠶᠤᠯ ᠤᠷᠠᠯᠢᠭ ᠮᠠᠨᠢ ᠤᠰᠠᠳᠴᠤ ᠭᠡᠭᠡᠭᠳᠡᠵᠦ ᠮᠡᠳᠡᠨ᠎ᠡ︾

ᠭᠡᠵᠦ ᠤᠷᠢᠶᠠᠮᠠᠯ ᠬᠢᠯᠭᠠᠰᠦᠨ ᠤ ᠲᠠᠩᠺᠠ ᠤᠷᠠᠯᠢᠭ ᠤᠨ ᠦᠪᠡᠷᠳᠡᠭᠡᠨ ᠵᠠᠰᠠᠬᠤ ᠤᠷᠤᠨ ᠤ ᠲᠡᠰ ᠤᠨ ᠪᠤᠲᠠᠰ ᠤᠨ ᠪᠤᠰᠤ ᠰᠤᠶᠤᠯ ᠤᠨ

ᠦᠪ ᠤᠨ ᠤᠯᠠᠮᠵᠢᠯᠠᠬᠴᠢ ᠲᠤᠩᠮᠤᠳ ᠭᠡᠷᠡᠯ ᠰᠤᠷᠪᠤᠯᠵᠢᠯᠠᠬᠴᠢ ᠳᠤ ᠶᠠᠷᠢᠨ᠎ᠠ᠃

    ᠶᠤᠸᠠᠨ ᠤᠯᠤᠰ ᠤᠨ ᠦᠶ᠎ᠡ ᠳᠤ ᠪᠤᠷᠬᠠᠨ ᠱᠠᠰᠢᠨ ᠲᠦᠪᠡᠳ ᠠᠴᠠ ᠮᠤᠩᠭᠤᠯ ᠭᠠᠵᠠᠷ ᠲᠤ ᠤᠯᠠᠮᠵᠢᠯᠠᠬᠲᠠᠨ ᠤᠷᠤᠵᠦ ᠢᠷᠡᠭᠰᠡᠨ ᠪᠠᠶᠢᠨ᠎ᠠ᠃

ᠭᠡᠪᠡᠴᠦ ᠲᠤᠬᠠᠢ ᠶᠢᠨ ᠦᠶ᠎ᠡ ᠶᠢᠨ ᠪᠤᠷᠬᠠᠨ ᠱᠠᠰᠢᠨ ᠨᠢ ᠤᠷᠲᠤᠨ ᠤ ᠢᠵᠠᠭᠤᠷᠲᠠᠳ ᠤᠨ ᠰᠢᠲᠦᠳᠡᠭ ᠭᠤᠤᠯ ᠱᠠᠰᠢᠨ ᠪᠠᠶᠢᠵᠦ᠂ ᠡᠭᠡᠯ

ᠲᠦᠮᠡᠨ ᠤ ᠲᠤᠮᠲᠠ ᠬᠠᠷᠠᠬᠠᠨ ᠲᠡᠯᠭᠡᠷᠡᠵᠦ ᠠᠮᠵᠢᠭ᠎ᠠ ᠦᠬᠡᠢ ᠪᠠᠶᠢᠵᠠᠢ᠃ ᠮᠢᠩ ᠤᠯᠤᠰ ᠤᠨ ᠰᠡᠬᠦᠯᠴᠢ ᠴᠢᠩ ᠤᠯᠤᠰ ᠤᠨ

ᠡᠬᠢ ᠪᠠᠷ᠂ ᠪᠤᠷᠬᠠᠨ ᠱᠠᠰᠢᠨ ᠮᠤᠩᠭᠤᠯ ᠤᠨ ᠨᠡᠶᠢᠬᠡᠮ ᠢ ᠶᠡᠭᠡ ᠪᠠᠷ ᠨᠦᠯᠦᠭᠡᠯᠡᠬᠦ ᠪᠤᠯᠪᠠ᠃ 1640 ᠤᠨ ᠳᠤ᠂ ᠠᠯᠲᠠᠨ ᠬᠠᠭᠠᠨ ᠲᠡᠷᠢᠬᠦᠳᠡᠢ

ᠮᠤᠩᠭᠤᠯ ᠤᠨ ᠲᠦᠷᠦᠬᠦᠴᠤᠳ ᠲᠦᠪᠡᠳ ᠠᠴᠠ ᠤᠯᠠᠮᠵᠢᠯᠠᠬᠳᠠᠬᠰᠠᠨ ᠪᠤᠷᠬᠠᠨ ᠱᠠᠰᠢᠨ ᠢ ᠲᠦᠷᠦ ᠶᠢᠨ ᠱᠠᠰᠢᠨ ᠬᠡᠮᠡᠵᠦ᠂ ᠰᠦᠮ᠎ᠡ ᠬᠡᠶᠢᠳ ᠢ

ᠦᠯᠡᠮᠵᠢ ᠪᠠᠶᠢᠭᠤᠯᠤᠨ᠂ ᠪᠤᠷᠬᠠᠨ ᠱᠠᠰᠢᠨ ᠢ ᠮᠤᠩᠭᠤᠯ ᠭᠠᠵᠠᠷ ᠤᠷᠤᠨ ᠳᠤ ᠦᠷᠭᠡᠨ ᠢᠶᠠᠷ ᠤᠯᠠᠮᠵᠢᠯᠠᠬᠰᠠᠨ ᠪᠠᠶᠢᠨ᠎ᠠ᠃

    ᠤᠷᠢᠶᠠᠮᠠᠯ ᠬᠢᠯᠭᠠᠰᠦᠨ ᠤ ᠲᠠᠩᠺᠠ ᠪᠤᠯ ᠲᠦᠪᠡᠳ ᠠᠴᠠ ᠤᠯᠠᠮᠵᠢᠯᠠᠭᠳᠠᠭᠰᠠᠨ ᠪᠤᠷᠬᠠᠨ ᠱᠠᠰᠢᠨ ᠤ ᠨᠦᠯᠦᠬᠡᠯᠡᠯ ᠲᠤᠤᠷ᠎ᠠ ᠪᠤᠢ ᠪᠤᠯᠵᠦ

ᠬᠦᠭᠵᠢᠭᠰᠡᠨ ᠶᠤᠮ᠃ ᠲᠡᠷᠡ ᠨᠢ ᠪᠤᠷᠬᠠᠨ ᠱᠠᠰᠢᠨ ᠤ ᠲᠦᠪᠡᠳ ᠠᠴᠠ ᠮᠤᠩᠭᠤᠯ ᠤᠷᠤᠨ ᠳᠤ ᠤᠯᠠᠮᠵᠢᠯᠠᠬᠲᠠᠨ

ᠤᠷᠤᠵᠦ ᠢᠷᠡᠭᠰᠡᠨ ᠲᠡᠦᠭᠡ ᠪᠠ ᠶᠤᠸᠠᠨ ᠤᠯᠤᠰ ᠠᠴᠠ ᠨᠠᠭᠠᠰᠢᠬᠢ ᠲᠡᠦᠭᠡ ᠶᠢ ᠭᠤᠤᠯᠲᠠᠭᠤ ᠲᠡᠮᠳᠡᠭᠯᠡᠵᠦ᠂ ᠲᠠᠩᠺᠠ

ᠤᠷᠠᠯᠢᠭ ᠤᠨ ᠰᠠᠩ ᠲᠤᠲᠤᠷᠠᠬᠢ ᠨᠢᠬᠡᠨ ᠬᠤᠪᠤᠷ ᠡᠷᠳᠡᠨᠢ ᠪᠤᠯᠤᠬᠰᠠᠨ ᠪᠢᠯᠡ᠃

    ︽ᠤᠷᠢᠶᠠᠮᠠᠯ ᠬᠢᠯᠭᠠᠰᠦᠨ ᠤ ᠲᠠᠩᠺᠠ ᠴᠤᠭᠲᠤᠬᠦ᠋ᠷᠢᠶ᠎ᠡ ᠰᠦᠮ᠎ᠡ ᠠᠴᠠ ᠡᠬᠦᠰᠴᠦ ᠬᠦᠭᠵᠢᠭᠰᠡᠨ ᠶᠤᠮ᠃ ᠮᠢᠨᠦ ᠡᠪᠦᠭᠡ ᠲᠡᠨᠳᠡ ᠯᠠᠮᠠ

ᠪᠠᠶᠢᠵᠤ ᠡᠨᠡ ᠬᠦ ᠤᠷᠠᠯᠢᠭ ᠢ ᠰᠤᠷᠴᠦ ᠡᠵᠡᠮᠰᠢᠵᠦ᠂ ᠬᠤᠵᠢᠮ ᠨᠢ ᠡᠪᠦᠭᠡ ᠠᠴᠠ ᠡᠵᠢ ᠮᠢᠨᠢ ᠰᠤᠷᠴᠤ᠂ ᠲᠠᠬᠢᠨ ᠨᠠᠲᠠ ᠳᠤ

ᠵᠢᠭᠠᠵᠦ ᠦᠭᠬᠦᠭᠰᠡᠨ ᠪᠠᠶᠢᠨ᠎ᠠ︾ ᠭᠡᠵᠦ ᠲᠤᠩᠮᠤᠳ ᠭᠡᠷᠡᠯ ᠡᠷᠬᠢᠴᠡᠭᠦᠯᠵᠦ ᠪᠠᠶᠢᠯ᠎ᠠ᠃ ᠤᠷᠢᠶᠠᠮᠠᠯ ᠬᠢᠯᠭᠠᠰᠦᠨ ᠤ

ᠲᠠᠩᠺᠠ ᠶᠢ ᠵᠤᠬᠢᠶᠠᠨ ᠪᠦᠲᠦᠭᠡᠬᠦ ᠶᠠᠪᠤᠴᠠ ᠮᠠᠰᠢ ᠨᠠᠷᠢᠨ ᠪᠤᠲᠤᠯᠢᠶᠠᠨᠲᠠᠢ ᠪᠠᠶᠢᠲᠠᠭ᠃ ᠤᠷᠢᠳ ᠢᠶᠠᠷ ᠵᠢᠷᠤᠭ ᠢᠶᠠᠨ ᠵᠢᠷᠤᠵᠦ᠂

ᠵᠢᠷᠤᠭ ᠤᠨ ᠬᠡᠯᠪᠡᠷᠢ ᠲᠦᠷᠰᠦ ᠶᠢ ᠨᠢ ᠦᠨᠲᠦᠰᠦᠯᠡᠨ ᠪᠠᠶᠢᠵᠦ ᠦᠡᠭᠭᠡ ᠪᠦᠷᠢ ᠶᠢᠨ ᠲᠤᠷᠭ᠎ᠠ ᠲᠤᠷᠲᠤᠩ ᠢ ᠬᠠᠶᠢᠴᠢᠯᠠᠵᠦ ᠡᠰᠭᠡᠨ᠂ ᠲᠠᠬᠢᠨ

ᠨᠢᠬᠡᠳ ᠨᠢᠬᠡ ᠪᠠᠷ ᠨᠠᠭᠠᠨ᠎ᠠ᠃ ᠲᠡᠬᠦᠨ ᠢᠶᠠᠨ ᠲᠤᠷᠭᠠᠨ ᠤᠲᠠᠰᠦ ᠪᠠᠷ ᠲᠤᠭᠲᠠᠭᠠᠵᠦ ᠤᠶᠤᠬᠰᠠᠨ ᠤ ᠲᠠᠷᠠᠭ᠎ᠠ ᠪᠤᠲᠤᠭ ᠤᠷᠤᠭᠤᠯᠵᠦ᠂

ᠬᠠᠮᠤᠭ ᠤᠨ ᠰᠡᠬᠦᠯ ᠳᠤ ᠤᠷᠢᠶᠠᠮᠠᠯ ᠬᠢᠯᠭᠠᠰᠦ ᠪᠠᠷ ᠵᠢᠷᠤᠭ ᠲᠦᠷᠰᠦ ᠪᠠᠨ ᠬᠦᠪᠡᠭᠡᠯᠡᠵᠦ ᠤᠶᠤᠲᠠᠭ ᠪᠠᠶᠢᠨ᠎ᠠ᠃

    ᠠᠩᠬ᠎ᠠ ᠡᠬᠢᠯᠡᠬᠦ ᠳᠤ ᠲᠤᠩᠮᠤᠳ ᠭᠡᠷᠡᠯ ᠲᠡᠷᠯᠢᠭ ᠤᠨ ᠢᠶᠠᠨ ᠲᠡᠭᠡᠷ᠎ᠡ ᠤᠷᠢᠶᠠᠮᠠᠯ ᠬᠢᠯᠭᠠᠰᠦ ᠪᠠᠷ ᠴᠡᠴᠡᠭ ᠨᠠᠪᠴᠢ ᠬᠠᠳᠬᠤᠵᠦ ᠤᠷᠠᠯᠠᠲᠠᠭ

ᠯᠡ ᠪᠠᠶᠢᠬᠰᠠᠨ ᠪᠤᠯ᠂ ᠠᠯᠠᠱᠠ ᠨᠤᠲᠤᠭ ᠲᠤ ᠤᠷᠢᠶᠠᠮᠠᠯ ᠬᠢᠯᠭᠠᠰᠦᠨ ᠤ ᠲᠠᠩᠺᠠ ᠤᠷᠠᠯᠢᠭ ᠢ ᠮᠡᠳᠡᠳᠡᠭ ᠬᠦᠮᠦᠨ ᠴᠦᠭᠡᠨ ᠪᠠᠶᠢᠭ᠎ᠠ ᠶᠢ ᠬᠠᠷᠠᠭᠠᠳ᠂

ᠡᠪᠦᠭᠡ ᠠᠴᠠ ᠪᠠᠨ ᠤᠯᠠᠮᠵᠢᠯᠠᠬᠰᠠᠨ ᠡᠨᠡ ᠬᠦ ᠬᠤᠪᠤᠷ ᠵᠦᠢᠯ ᠢ ᠵᠠᠪᠠᠯ ᠠᠪᠤᠷᠠᠵᠦ ᠠᠪᠬᠤ ᠬᠡᠮᠡᠨ ᠲᠡᠭᠡᠷ᠎ᠡ ᠵᠠᠭᠤᠨ ᠤ ᠨᠠᠶᠠᠭᠠᠳ ᠤᠨ ᠠᠴᠠ

ᠡᠬᠢᠯᠡᠭᠡᠳ ᠲᠠᠩᠺᠠ ᠤᠷᠠᠯᠢᠭ ᠲᠤ ᠪᠦᠬᠦ ᠬᠦᠴᠦᠨ ᠢᠶᠠᠷ ᠢᠶᠠᠨ ᠵᠢᠳᠬᠦᠭᠰᠡᠨ ᠪᠢᠯᠡ᠃

    ︽ᠪᠢ ᠲᠠᠩᠺᠠ ᠭᠡᠳᠡᠭ ᠴᠤᠬᠤᠮ ᠶᠠᠭᠤ ᠭᠡᠳᠡᠭ ᠢ ᠬᠦᠮᠦᠰ ᠲᠤ ᠲᠠᠨᠢᠭᠤᠯᠬᠤ ᠶᠢᠨ ᠲᠦᠯᠦᠬᠡ ᠤᠷᠢᠶᠠᠮᠠᠯ ᠬᠢᠯᠭᠠᠰᠦᠨ ᠤ ᠲᠠᠩᠺᠠ ᠶᠢ

ᠬᠢᠵᠦ ᠪᠠᠶᠢᠭ᠎ᠠ ᠶᠤᠮ᠃ ᠵᠢᠷᠤᠭ ᠵᠢᠷᠤᠬᠤ᠂ ᠦᠡᠭᠭᠡ ᠪᠤᠲᠤᠭ ᠢ ᠨᠢ ᠲᠤᠬᠢᠷᠠᠭᠤᠯᠬᠤ ᠠᠴᠠ ᠡᠬᠢᠯᠡᠭᠡᠳ ᠪᠢ ᠡᠲᠦᠷᠵᠢᠨ ᠱᠠᠪᠢ

ᠨᠠᠷ ᠲᠠᠢ ᠪᠠᠨ ᠡᠨᠡ ᠶᠠᠭᠤᠮ᠎ᠠ ᠪᠠᠨ ᠠᠮᠠᠷᠠᠯ ᠦᠬᠡᠢ ᠤᠷᠤᠯᠲᠦᠵᠦ ᠪᠠᠶᠢᠨ᠎ᠠ︾ ᠭᠡᠵᠦ ᠲᠡᠷᠡ ᠶᠠᠷᠢᠨ᠎ᠠ᠃

ᠲᠠᠩᠺᠠ ᠤᠷᠠᠯᠢᠭ ᠤᠨ ᠲᠦᠪᠰᠢᠨ ᠢᠶᠠᠨ ᠤᠯᠠᠮ ᠲᠡᠭᠡᠭᠰᠢᠯᠡᠬᠦᠯᠬᠦ ᠬᠡᠵᠦ ᠲᠡᠷᠡ ᠮᠤᠩᠭᠤᠯ ᠤᠯᠤᠰ᠂ ᠲᠦᠪᠡᠳ᠂ ᠬᠦᠬᠡᠨᠠᠭᠤᠷ᠂

ᠤᠲᠠᠢ ᠵᠡᠷᠭᠡ ᠭᠠᠵᠠᠷ ᠤᠷᠤᠨ ᠢᠶᠠᠷ ᠤᠷᠢᠳ ᠬᠤᠵᠢᠳ ᠬᠦᠷᠴᠦ ᠪᠠᠶᠢᠴᠠᠭᠠᠨ ᠰᠤᠷᠤᠯᠴᠠᠵᠦ᠂ ᠲᠤᠷᠭᠠᠨ ᠤᠲᠠᠰᠦᠨ ᠤ ᠬᠠᠳᠬᠤᠮᠠᠯ

ᠪᠠ ᠤᠷᠢᠶᠠᠮᠠᠯ ᠬᠢᠯᠭᠠᠰᠦᠨ ᠤ ᠮᠡᠷᠭᠡᠵᠢᠯ ᠢ ᠤᠶᠠᠯᠲᠤᠭᠤᠯᠵᠦ ᠲᠠᠩᠺᠠ ᠤᠷᠠᠯᠠᠬᠤ ᠲᠤᠬᠠᠢ ᠨᠡᠩ ᠰᠢᠰᠲᠧᠮ ᠲᠠᠢ᠂ ᠨᠡᠩ ᠪᠤᠯᠪᠠᠰᠤᠷᠠᠩᠭᠤᠢ

ᠮᠡᠷᠭᠡᠵᠢᠯ ᠢ ᠡᠵᠡᠮᠰᠢᠭᠰᠡᠨ ᠪᠠᠶᠢᠨ᠎ᠠ᠃

    ᠤᠷᠢᠶᠠᠮᠠᠯ ᠬᠢᠯᠭᠠᠰᠦᠨ ᠤ ᠲᠠᠩᠺᠠ ᠤᠷᠠᠯᠢᠭ ᠤᠨ ᠲᠦᠯᠦᠭᠡᠨ᠎ᠡ ᠨᠢᠬᠡ ᠰᠡᠳᠬᠢᠯ ᠢᠶᠠᠷ ᠵᠢᠳᠬᠦᠵᠦ ᠪᠠᠶᠢᠭ᠎ᠠ ᠬᠠᠳᠠᠮ ᠡᠵᠢ ᠳᠡᠭᠡᠨ ᠲᠤᠰᠠ

ᠲᠡᠮ ᠪᠤᠯᠵᠦ᠂ ᠡᠨᠡ ᠬᠦ ᠰᠤᠶᠤᠯ ᠤᠨ ᠦᠪ ᠢ ᠠᠪᠤᠷᠠᠨ ᠤᠯᠠᠮᠵᠢᠯᠠᠵᠦ᠂ ᠤᠯᠠᠮ ᠴᠠᠭᠠᠰᠢᠲᠠ ᠬᠦᠭᠵᠢᠬᠦᠯᠬᠦ ᠬᠡᠮᠡᠨ ᠲᠤᠩᠮᠤᠳ ᠭᠡᠷᠡᠯ

ᠭᠤᠸᠠᠢ ᠶᠢᠨ ᠶᠠᠫᠦᠨ ᠤᠯᠤᠰ ᠲᠤ ᠠᠵᠦ ᠲᠦᠷᠦᠵᠦ ᠪᠠᠶᠢᠬᠰᠠᠨ ᠬᠦᠦ ᠪᠡᠷᠢ ᠨᠢ ᠬᠡᠦᠬᠡᠳ ᠢᠶᠠᠨ ᠲᠠᠭᠠᠭᠤᠯᠵᠦ

ᠤᠯᠤᠰ ᠲᠠᠭᠠᠨ ᠪᠤᠴᠠᠨ ᠢᠷᠡᠵᠡᠢ᠃ 2015 ᠤᠨ ᠳᠤ ᠠᠯᠠᠱᠠ ᠵᠡᠬᠦᠨ ᠬᠤᠰᠢᠭᠤᠨ ᠤ ᠠᠯᠲᠠᠨ ᠪᠤᠯᠤᠳ

ᠤᠷᠢᠶᠠᠮᠠᠯ ᠬᠢᠯᠭᠠᠰᠦᠨ ᠤ ᠬᠠᠳᠬᠤᠮᠠᠯ ᠤᠨ ᠬᠢᠵᠠᠭᠠᠷᠲᠦ ᠺᠤᠮᠫᠠᠨᠢ ᠡᠬᠦᠳᠡ ᠪᠠᠨ ᠨᠡᠭᠡᠭᠡᠵᠦ ᠡᠷᠦᠬᠡ ᠪᠠᠨ ᠰᠡᠬᠦᠨ᠂

ᠤᠷᠢᠶᠠᠮᠠᠯ ᠬᠢᠯᠭᠠᠰᠦᠨ ᠤ ᠲᠠᠩᠺᠠ ᠶᠢᠨ ᠤᠷᠠᠯᠢᠭ ᠢ ᠠᠵᠦ ᠦᠢᠯᠡᠰᠵᠢᠬᠦᠯᠦᠨ ᠬᠦᠭᠵᠢᠬᠦᠯᠬᠦ ᠠᠩᠬᠠᠨ ᠤ

ᠤᠷᠤᠯᠲᠤᠯᠭ᠎ᠠ ᠪᠠᠨ ᠡᠬᠢᠯᠡᠬᠦᠯᠦᠭᠰᠡᠨ ᠪᠢᠯᠡ᠃

    ︽ᠤᠲᠤ ᠤᠷᠢᠶᠠᠮᠠᠯ ᠬᠢᠯᠭᠠᠰᠦᠨ ᠤ ᠲᠠᠩᠺᠠ ᠶᠢ ᠮᠡᠳᠡᠬᠦ ᠬᠦᠮᠦᠨ ᠤᠯᠠᠰᠢᠷᠠᠬᠰᠠᠨ᠂ ᠬᠢᠨᠭ᠍ᠭᠠᠨ ᠠᠶᠢᠮᠠᠬ᠂ ᠪᠠᠶᠠᠨᠨᠠᠭᠤᠷ ᠠᠶᠢᠮᠠᠬ᠂

ᠴᠢᠨᠠᠬᠰᠢᠯᠠᠭᠠᠳ ᠯᠠᠨᠵᠸᠦ ᠬᠤᠲᠠ᠂ ᠬᠦᠬᠡᠨᠠᠭᠤᠷ ᠮᠤᠵᠢ ᠶᠢᠨ ᠬᠦᠮᠦᠰ ᠬᠦᠷᠳᠡᠯ᠎ᠡ ᠨᠠᠮᠠᠢᠢ ᠤᠷᠢᠵᠦ

ᠲᠠᠩᠺᠠ ᠤᠷᠠᠯᠢᠭ ᠢᠶᠠᠨ ᠵᠢᠭᠠᠭᠠᠳ ᠦᠭᠬᠦᠭᠡᠷᠡᠢ ᠭᠡᠳᠡᠭ ᠪᠤᠯᠪᠠ᠃ ᠪᠢ ᠮᠠᠰᠢ ᠪᠠᠶᠠᠷᠲᠠᠢ ᠪᠠᠶᠢᠨ᠎ᠠ᠃ ᠱᠠᠪᠢ ᠨᠠᠷ

ᠤᠯᠠᠰᠢᠷᠠᠭᠰᠠᠨ ᠲᠡᠳᠦᠢ ᠦᠭᠡᠢ ᠬᠦᠦ ᠪᠡᠷᠢ ᠴᠦ ᠲᠠᠩᠺᠠ ᠤᠷᠠᠯᠢᠭ ᠲᠤ ᠮᠠᠰᠢ ᠲᠤᠷ᠎ᠠ ᠪᠠᠭ᠋ᠠᠲᠠᠢ ᠪᠤᠯᠵᠦ

ᠰᠠᠶᠢᠬᠠᠨ ᠤᠶᠤᠬᠤ ᠪᠤᠯᠤᠭᠰᠠᠨ︾ ᠭᠡᠬᠦ ᠳᠤ ᠲᠤᠩᠮᠤᠳ ᠭᠡᠷᠡᠯ ᠭᠤᠸᠠᠢ ᠤᠮᠤᠭ ᠪᠠᠭ᠋ᠠᠳᠤᠯ ᠵᠢᠷᠭᠠᠯ ᠪᠠᠶᠠᠰᠤᠯ ᠢᠶᠠᠷ ᠪᠢᠯᠬᠠᠨ᠎ᠠ᠃

    ᠭᠤᠴᠢᠭᠠᠳ ᠵᠢᠯ ᠤᠨ ᠴᠦᠬᠦᠷᠡᠰᠢ ᠦᠭᠡᠢ ᠪᠠᠷᠢᠮᠲᠠᠯᠠᠯ᠂ ᠭᠤᠶᠢᠪᠢᠰᠢ ᠦᠬᠡᠢ ᠵᠢᠳᠬᠦᠯ ᠤᠨ ᠬᠢᠨᠢ ᠬᠠᠷᠢᠭᠤ ᠳᠤ ᠠᠮᠵᠢᠯᠲᠠ ᠶᠢᠨ ᠵᠢᠮᠢᠰ ᠦᠷᠡᠯᠡᠯ᠎ᠡ᠃

ᠭᠤᠴᠢᠨ ᠵᠢᠯ ᠤᠨ ᠡᠮᠦᠨ᠎ᠡ ᠤᠷᠢᠶᠠᠮᠠᠯ ᠬᠢᠯᠭᠠᠰᠦᠨ ᠤ ᠲᠠᠩᠺᠠ ᠶᠢ ᠬᠡᠲᠦᠭᠡᠨ ᠬᠦᠮᠦᠨ ᠮᠡᠳᠡᠳᠡᠭ ᠪᠠᠶᠢᠬᠰᠠᠨ ᠪᠤᠯ ᠤᠲᠤ ᠮᠡᠳᠡᠳᠡᠭ ᠰᠤᠨᠢᠷᠬᠠᠳᠠᠭ

ᠰᠤᠷᠳᠠᠭ ᠬᠦᠮᠦᠰ ᠵᠢᠯ ᠲᠤᠳᠤᠮ ᠤᠯᠠᠰᠢᠷᠠᠵᠤ᠂ ᠪᠠᠰᠠ 950 ᠲᠡᠭᠰᠢ ᠲᠦᠷᠪᠡᠯᠵᠢᠨ ᠮᠧᠳ᠋ᠷ ᠲᠠᠯᠠᠪᠠᠢ ᠪᠦᠬᠦᠢ ᠤᠷᠢᠶᠠᠮᠠᠯ ᠬᠢᠯᠭᠠᠰᠦᠨ ᠤ

ᠲᠠᠩᠺᠠ ᠤᠷᠠᠯᠢᠭ ᠤᠨ ᠪᠤᠲᠠᠰ ᠤᠨ ᠪᠤᠰᠤ ᠰᠤᠶᠤᠯ ᠤᠨ ᠦᠪ ᠢ ᠤᠯᠠᠮᠵᠢᠯᠠᠬᠤ ᠰᠠᠭᠤᠷᠢᠨ ᠲᠠᠢ ᠪᠤᠯᠵᠦ᠂ ᠮᠠᠷᠲᠠᠭᠲᠠᠮᠠᠷ ᠤᠰᠠᠳᠤᠮᠠᠷ

ᠪᠤᠯᠤᠭᠰᠠᠨ ᠡᠨᠡ ᠬᠦ ᠰᠤᠶᠤᠯ ᠤᠨ ᠦᠨᠡᠲᠦ ᠦᠪ ᠭᠡᠷᠡᠯ ᠬᠢᠯᠪᠠᠭ᠎ᠠ ᠪᠠᠨ ᠲᠠᠬᠢᠨ ᠰᠠᠴᠤᠷᠠᠭᠤᠯᠤᠯ᠎ᠠ᠃

                  400 ᠭᠠᠷᠤᠢ ᠱᠠᠪᠢ

    2018 ᠤᠨ ᠤ 12 ᠰᠠᠷ᠎ᠠ ᠶᠢᠨ 28 ᠤ ᠡᠲᠦᠷ᠂ ᠬᠦᠮᠦᠰ ᠤᠨ ᠠᠯᠠᠭ᠎ᠠ ᠲᠠᠰᠢᠯᠲᠠ ᠪᠠ ᠤᠤᠬᠠᠢᠢᠯᠠᠯ ᠲᠤᠮᠲᠠ ᠪᠦᠬᠦ

ᠤᠯᠤᠰ ᠤᠨ ᠠᠩᠬᠠᠲᠠᠬᠴᠢ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠤᠷᠠᠯᠠᠯ ᠤᠨ ᠮᠦᠽᠸᠢ ᠠᠯᠠᠱᠠ ᠵᠡᠬᠦᠨ

ᠬᠤᠰᠢᠭᠤᠨ ᠤ ᠪᠠᠶᠠᠨᠬᠤᠳᠠ ᠪᠠᠯᠭᠠᠰᠦᠨ ᠤ ᠬᠤᠱᠤᠳ ᠦᠨᠲᠦᠰᠦᠳᠡᠨ ᠤ ᠰᠤᠶᠤᠯ ᠤᠨ ᠵᠡᠬᠡᠯᠢ ᠳᠤ ᠡᠬᠦᠳᠡ ᠪᠠᠨ

ᠨᠡᠭᠡᠭᠡᠵᠦ ᠡᠷᠦᠬᠡ ᠪᠠᠨ ᠰᠡᠬᠦᠵᠡᠢ᠃ ᠡᠨᠡ ᠬᠦ ᠮᠦᠽᠸᠢ ᠳᠤ ᠲᠤᠩᠮᠤᠳ ᠭᠡᠷᠡᠯ ᠭᠤᠸᠠᠢ ᠪᠠ ᠲᠡᠬᠦᠨ ᠤ ᠱᠠᠪᠢ

ᠨᠠᠷ ᠤᠨ ᠤᠶᠤᠨ ᠤᠬᠠᠭᠠᠨ ᠢᠶᠠᠨ ᠰᠢᠪᠬᠠᠨ ᠬᠦᠴᠦ ᠬᠦᠯᠦᠰᠦ ᠪᠠᠨ ᠤᠷᠤᠰᠬᠠᠨ ᠪᠠᠶᠢᠵᠦ ᠵᠤᠬᠢᠶᠠᠨ ᠪᠦᠲᠦᠭᠡᠭᠰᠡᠨ 200

ᠭᠠᠷᠤᠢ ᠤᠷᠢᠶᠠᠮᠠᠯ ᠬᠢᠯᠭᠠᠰᠦᠨ ᠤ ᠲᠠᠩᠺᠠ ᠶᠢᠨ ᠪᠦᠲᠦᠭᠡᠯ ᠢ ᠲᠡᠯᠭᠡᠨ ᠦᠵᠡᠬᠦᠯᠵᠦ ᠪᠠᠶᠢᠲᠠᠭ᠃

    ︽ᠪᠢ ᠡᠨᠡ ᠮᠦᠽᠸᠢ ᠪᠠᠨ ᠪᠠᠶᠢᠭᠤᠯᠬᠤ ᠪᠠᠷ 2016 ᠤᠨ ᠠᠴᠠ ᠡᠬᠢᠯᠡᠨ ᠰᠡᠲᠦᠭᠰᠡᠨ ᠰᠢᠦ᠂ ᠬᠡᠪᠡᠴᠦ ᠭᠠᠵᠠᠷ ᠢ ᠨᠢ ᠲᠤᠭᠲᠠᠭᠠᠵᠦ

ᠲᠡᠶᠢᠯᠬᠦ ᠦᠬᠡᠢ ᠬᠡᠲᠦᠨ ᠵᠢᠯ ᠬᠦᠯᠢᠭᠡᠯᠵᠡᠯ᠎ᠡ᠃ ᠮᠦᠽᠸᠢ ᠨᠡᠭᠡᠭᠡᠬᠦ ᠶᠤᠰᠤᠯᠠᠯ ᠲᠡᠭᠡᠷ᠎ᠡ ᠪᠠᠨ ᠪᠠᠰᠠ ᠤᠷᠢᠶᠠᠮᠠᠯ ᠬᠢᠯᠭᠠᠰᠦᠨ ᠤ ᠮᠤᠩᠭᠤᠯ ᠲᠠᠩᠺᠠ

ᠤᠷᠠᠯᠠᠯ ᠤᠨ ᠮᠡᠷᠭᠡᠵᠢᠯ ᠤᠨ ᠪᠤᠯᠪᠠᠰᠤᠷᠠᠯ ᠤᠨ ᠠᠩᠬᠢ ᠶᠢ ᠨᠡᠭᠡᠭᠡᠭᠰᠡᠨ︾ ᠭᠡᠵᠦ ᠲᠤᠩᠮᠤᠳ ᠭᠡᠷᠡᠯ ᠭᠤᠸᠠᠢ ᠤᠯᠵᠠᠭᠤᠷᠬᠠᠨ᠎ᠠ᠃

ᠲᠡᠷᠡ ᠪᠠᠷ᠂ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠤᠷᠠᠯᠠᠯ ᠤᠨ ᠮᠦᠽᠸᠢ ᠪᠠᠨ ᠰᠦᠢᠳᠭᠡᠯ ᠬᠤᠷᠢᠶᠠᠬᠤ ᠦᠬᠡᠢ ᠨᠡᠭᠡᠭᠡᠯᠳᠡ ᠬᠢᠵᠦ

ᠪᠠᠶᠢᠭ᠎ᠠ ᠮᠦᠷᠳᠡᠭᠡᠨ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠪᠤᠲᠠᠰ ᠤᠨ ᠪᠤᠰᠤ ᠰᠤᠶᠤᠯ ᠤᠨ ᠦᠪ ᠢ

ᠤᠯᠠᠮᠵᠢᠯᠠᠬᠤ ᠭᠠᠵᠠᠷ ᠲᠠᠭᠠᠨ ᠪᠠᠰᠠ ᠱᠠᠪᠢ ᠡᠯᠰᠡᠵᠦ ᠦᠨ᠎ᠡ ᠲᠦᠯᠦᠪᠦᠷᠢ ᠦᠬᠡᠢ ᠵᠢᠭᠠᠨ ᠰᠤᠷᠭᠠᠯᠲᠠ

ᠬᠦᠷᠳᠡᠭᠡᠵᠦ ᠪᠠᠶᠢᠭ᠎ᠠ ᠶᠢᠨ ᠬᠠᠮᠳᠤ ᠠᠮᠢᠲᠤᠷᠠᠯ ᠤᠨ ᠨᠦᠬᠦᠪᠦᠷᠢ ᠦᠭᠴᠦ ᠪᠠᠶᠢᠭ᠎ᠠ ᠠᠵᠢ᠃ ᠲᠤᠩᠮᠤᠳ ᠭᠡᠷᠡᠯ

ᠭᠤᠸᠠᠢ ᠶᠢᠨ ᠵᠢᠳᠬᠦᠯ ᠴᠢᠷᠮᠠᠶᠢᠯᠭ᠎ᠠ ᠠᠶᠢᠮᠠᠬ ᠤᠨ ᠱᠠᠳᠤᠨ ᠤ ᠴᠢᠬᠤᠯᠠᠴᠢᠯᠠᠯ ᠲᠡᠮᠵᠢᠯᠭᠡ ᠶᠢ ᠤᠯᠵᠤ᠂ ᠠᠶᠢᠮᠠᠬ ᠤᠨ

ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠪᠤᠷᠢ ᠶᠢᠨ ᠲᠤᠪᠴᠢᠶᠠᠨ ᠠᠴᠠ ᠤᠷᠢᠶᠠᠮᠠᠯ ᠬᠢᠯᠭᠠᠰᠦᠨ ᠤ

ᠮᠤᠩᠭᠤᠯ ᠲᠠᠩᠺᠠ ᠤᠷᠠᠯᠢᠭ ᠢ ︽ᠠᠯᠠᠱᠠ ᠠᠶᠢᠮᠠᠭ ᠤᠨ ᠨᠡᠷᠡᠲᠦ ᠪᠠᠭᠰᠢ ᠱᠠᠪᠢ ᠬᠦᠮᠦᠵᠢᠬᠦᠯᠬᠦ ᠠᠵᠢᠯ ᠤᠨ ᠦᠷᠦᠭᠡ︾

 ᠶᠢᠨ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠳᠡᠭᠡᠨ ᠬᠠᠮᠤᠷᠤᠨ ᠤᠷᠤᠭᠤᠯᠵᠦ᠂ ᠲᠤᠰᠬᠠᠢᠢᠯᠠᠨ ᠪᠡᠯᠡ ᠮᠦᠡᠭᠬᠦ ᠶᠢᠨ ᠲᠡᠮᠵᠢᠯᠬᠡ

ᠬᠠᠨᠭ᠍ᠭᠠᠭᠰᠠᠨ ᠪᠢᠯᠡ᠃

    ᠵᠠᠰᠠᠭ ᠤᠨ ᠤᠷᠳᠤᠨ ᠤ ᠲᠡᠮᠵᠢᠯᠭᠡ᠂ ᠨᠡᠶᠢᠭᠡᠮ ᠤᠨ ᠴᠢᠬᠤᠯᠠᠴᠢᠯᠠᠯ ᠲᠤᠤᠷ᠎ᠠ᠂ ᠲᠤᠩᠮᠤᠳ ᠭᠡᠷᠡᠯ ᠭᠤᠸᠠᠢ ᠤᠷᠢᠳ ᠬᠤᠵᠢᠳ 400

ᠭᠠᠷᠤᠢ ᠱᠠᠪᠢ ᠬᠦᠮᠦᠵᠢᠬᠦᠯᠵᠦ᠂ ᠠᠵᠢᠯ ᠤᠨ ᠪᠠᠶᠢᠷᠢ ᠠᠴᠠ ᠪᠠᠨ ᠪᠠᠭᠤᠬᠰᠠᠨ ᠠᠵᠢᠯᠲᠠᠳ ᠲᠤ ᠲᠠᠬᠢᠨ ᠠᠵᠢᠯ ᠤᠯᠭᠤᠵᠦ᠂

ᠢᠯᠡᠳᠳᠡ ᠠᠵᠦ ᠠᠬᠤᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠢ ᠡᠬᠦᠳᠦᠭᠰᠡᠨ ᠪᠠᠶᠢᠨ᠎ᠠ᠃ ︽ᠤᠲᠤ

ᠮᠠᠨ ᠤ ᠠᠳᠡ 30 ᠭᠠᠷᠤᠢ ᠬᠦᠮᠦᠰ ᠠᠵᠢᠯᠯᠠᠵᠦ ᠪᠠᠶᠢᠨ᠎ᠠ᠃ ᠬᠦᠳᠡᠭᠡ ᠶᠢᠨ ᠮᠠᠯᠴᠢᠳ ᠪᠠᠶᠢᠨ᠎ᠠ᠂ ᠵᠡᠮᠳᠡᠭ ᠬᠦᠮᠦᠨ ᠴᠦ ᠪᠠᠶᠢᠨ᠎ᠠ᠃

ᠡᠳᠡᠭᠡᠷ ᠬᠦᠮᠦᠰ ᠲᠤ ᠪᠢᠳᠡ ᠪᠦᠷ ᠴᠠᠯᠢᠩ ᠬᠦᠯᠦᠰᠦ ᠦᠭᠴᠦ ᠪᠠᠶᠢᠨ᠎ᠠ᠃ ᠶᠠᠲᠠᠭᠤ ᠬᠦᠴᠢᠷᠳᠡᠯᠳᠡᠢ ᠠᠵᠢᠯᠲᠠᠨ᠂ ᠵᠡᠮᠳᠡᠭ ᠠᠵᠢᠯᠲᠠᠨ ᠳᠠᠭᠠᠨ

ᠪᠠᠰᠠ ᠵᠤᠬᠢᠬᠤ ᠬᠠᠷᠠᠭᠠᠯᠵᠠᠯ ᠦᠵᠡᠬᠦᠯᠳᠡᠭ︾ ᠬᠡᠵᠦ ᠲᠤᠩᠮᠤᠳ ᠭᠡᠷᠡᠯ ᠰᠤᠷᠪᠤᠯᠵᠢᠯᠠᠭᠴᠢ ᠳᠤ ᠲᠠᠨᠢᠯᠴᠠᠭᠤᠯᠵᠤ ᠪᠠᠶᠢᠯ᠎ᠠ᠃ ᠲᠡᠷᠡ᠂

ᠠᠩᠬ᠎ᠠ ᠰᠤᠷᠴᠦ ᠪᠠᠶᠢᠭ᠎ᠠ ᠬᠦᠮᠦᠰ ᠢᠶᠠᠷ ᠤᠷᠢᠳ ᠢᠶᠠᠷ ᠲᠠᠰᠬᠠᠯ ᠬᠢᠯᠬᠡᠳᠡᠭ ᠪᠠᠶᠢᠬᠰᠠᠨ ᠪᠤᠯ᠂ ᠶᠠᠲᠠᠭᠤ ᠬᠦᠮᠦᠨ᠂ ᠵᠡᠮᠳᠡᠭ ᠬᠦᠮᠦᠨ ᠳᠤ ᠪᠤᠯ

ᠨᠢᠬᠡ ᠬᠢᠪᠡᠯ ᠨᠢᠬᠡ ᠶᠢᠨ ᠬᠢᠨᠢ ᠮᠦᠡᠭᠬᠦ ᠶᠢ ᠨᠢ ᠪᠤᠲᠤᠵᠦ ᠦᠭᠳᠡᠭ ᠪᠠᠶᠢᠯ᠎ᠠ᠃

    2018 ᠤᠨ ᠤ 8 ᠰᠠᠷ᠎ᠠ ᠳᠤ ᠪᠤᠯᠤᠬᠰᠠᠨ ᠠᠷᠪᠠᠨ ᠲᠠᠪᠤᠲᠤᠭᠠᠷ ᠬᠤᠭᠤᠴᠠᠭᠠᠨ ᠤ ᠲᠤᠮᠲᠠᠲᠦ ᠤᠯᠤᠰ · ᠦᠪᠦᠷ ᠮᠤᠩᠭᠤᠯ ᠤᠨ

ᠲᠠᠯ᠎ᠠ ᠨᠤᠲᠤᠭ ᠤᠨ ᠰᠤᠶᠤᠯ ᠤᠨ ᠨᠠᠶᠢᠷ ᠤᠨ ᠬᠤᠭᠤᠴᠠᠭᠠᠨ ᠳᠤ᠂ ︽ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠨᠠᠮ —

56 ᠦᠨᠲᠦᠰᠦᠳᠡᠨ ᠤ ᠪᠤᠲᠠᠰ ᠤᠨ ᠪᠤᠰᠤ ᠰᠤᠶᠤᠯ ᠤᠨ ᠦᠪ ᠤᠨ ᠤᠷᠢᠯᠭ᠎ᠠ ᠶᠢᠨ ᠦᠵᠡᠬᠦᠯᠬᠡ︾ ᠦᠪᠦᠷ ᠮᠤᠩᠭᠤᠯ ᠤᠨ

ᠦᠵᠡᠰᠬᠦᠯᠡᠩ ᠤᠨ ᠤᠷᠲᠤᠨ ᠳᠤ ᠬᠦᠭᠵᠢᠶᠡᠨᠳᠡᠢ ᠶᠠᠪᠤᠭᠲᠠᠪᠠ᠃ ᠡᠨᠡ ᠬᠦ ᠦᠵᠡᠰᠬᠦᠯᠡᠩ ᠲᠡᠭᠡᠷ᠎ᠡ᠂

ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠲᠤᠭᠤᠷᠢᠨ ᠦᠵᠡᠭᠴᠢᠳ ᠤᠨ ᠠᠩᠬᠠᠷᠤᠯ ᠢ ᠲᠠᠲᠠᠵᠦ᠂ ᠬᠤᠷᠴᠠ

ᠲᠤᠲᠤ ᠦᠡᠭᠭᠡ᠂ ᠪᠤᠰᠤᠭ᠎ᠠ ᠴᠤᠭᠴᠠᠲᠦ ᠵᠢᠷᠤᠭ ᠲᠦᠷᠰᠦ ᠪᠠᠷ ᠢᠶᠠᠨ ᠦᠵᠡᠬᠦᠯᠬᠡ ᠶᠢᠨ ᠬᠢᠯᠠᠰ ᠴᠡᠭ ᠪᠤᠯᠵᠦ ᠪᠠᠶᠢᠯ᠎ᠠ᠃ ᠠᠳᠡ

ᠲᠡᠯᠭᠡᠭᠳᠡᠭᠰᠡᠨ ᠪᠦᠲᠦᠭᠡᠯ ᠤᠳ ᠨᠢ ᠪᠦᠷ ᠯᠡ ᠲᠤᠩᠮᠤᠳ ᠭᠡᠷᠡᠯ ᠭᠤᠸᠠᠢ ᠶᠢᠨ ᠱᠠᠪᠢ ᠨᠠᠷ ᠲᠠᠢ ᠪᠠᠨ

ᠬᠠᠮᠲᠤᠷᠠᠨ ᠬᠡᠲᠦᠨ ᠵᠢᠯ ᠤᠨ ᠬᠤᠭᠤᠴᠠᠭᠠᠨ ᠳᠤ ᠤᠷᠠᠯᠠᠨ ᠪᠦᠲᠦᠭᠡᠭᠰᠡᠨ ᠰᠢᠯᠢᠳᠡᠭ ᠪᠦᠲᠦᠭᠡᠯ ᠤᠳ ᠪᠠᠶᠢᠯ᠎ᠠ᠃

︽ᠠᠯᠠᠱᠠ ᠨᠤᠲᠤᠭ ᠲᠤ ᠦᠪ ᠵᠤᠵᠠᠭᠠᠨ ᠰᠤᠶᠤᠯ ᠲᠡᠦᠭᠡ ᠲᠠᠢ᠂ ᠠᠬᠸᠠᠩᠲᠠᠨᠲᠠᠷ᠂ ᠼᠠᠩᠶᠠᠩᠵᠠᠮᠰᠦ ᠵᠡᠷᠭᠡ ᠨᠡᠷ᠎ᠡ

ᠬᠦᠨᠲᠦᠲᠡᠢ ᠲᠡᠦᠬᠡ ᠶᠢᠨ ᠬᠦᠮᠦᠨ ᠤ ᠦᠯᠢᠬᠡᠷ ᠲᠠᠢ᠃ ᠪᠢ ᠮᠤᠩᠭᠤᠯ ᠦᠨᠳᠦᠰᠦᠳᠡᠨ ᠤ ᠲᠡᠦᠭᠡ ᠰᠤᠶᠤᠯ᠂ ᠠᠯᠠᠱᠠ

ᠨᠤᠲᠤᠭ ᠤᠨ ᠲᠡᠦᠭᠡ ᠰᠤᠶᠤᠯ ᠢᠶᠠᠨ ᠲᠠᠩᠺᠠ ᠤᠷᠠᠯᠢᠭ ᠢᠶᠠᠷ ᠢᠯᠡᠷᠡᠬᠦᠯᠬᠦ ᠶᠢ ᠵᠤᠷᠢᠳᠠᠭ ᠪᠦᠭᠡᠳ ᠱᠠᠪᠢ ᠨᠠᠷ ᠢᠶᠠᠨ ᠴᠦ

ᠡᠨᠡ ᠬᠦ ᠰᠠᠶᠢᠨ ᠰᠠᠶᠢᠬᠠᠨ ᠬᠦᠰᠡᠯ ᠵᠤᠷᠢᠯᠳᠠ ᠶᠢᠨ ᠲᠦᠯᠦᠭᠡ ᠴᠢᠷᠮᠠᠶᠢᠨ ᠲᠡᠮᠡᠴᠡᠬᠦ ᠶᠢ ᠵᠤᠷᠢᠬᠵᠢᠭᠤᠯᠳᠠᠭ᠃ ᠬᠡᠲᠦ᠋ᠢᠪᠡᠷ ᠵᠤᠬᠢᠶᠠᠨ

ᠪᠦᠲᠦᠭᠡᠬᠦ ᠠᠶᠠᠨ ᠵᠠᠮ ᠰᠢᠭᠤᠳ ᠰᠢᠯᠤᠭᠤᠨ ᠪᠢᠰᠢ ᠴᠦ ᠪᠢᠳᠡ ᠢᠷᠡᠭᠡᠲᠦᠢ ᠳᠡᠭᠡᠨ ᠢᠳᠡᠭᠡᠯ ᠲᠠᠢ ᠪᠠᠶᠢᠨ᠎ᠠ︾

ᠭᠡᠵᠦ ᠲᠤᠩᠮᠤᠳ ᠭᠡᠷᠡᠯ ᠤᠴᠢᠷᠯᠠᠨ᠎ᠠ᠃

                  950 ᠲᠡᠭᠰᠢ ᠲᠦᠷᠪᠡᠯᠵᠢᠨ ᠮᠧᠲᠷ

    ᠠᠯᠠᠱᠠ ᠵᠡᠬᠦᠨ ᠬᠤᠰᠢᠭᠤᠨ ᠤ ᠪᠠᠶᠠᠨᠬᠤᠲᠠ ᠪᠠᠯᠭᠠᠰᠦ ᠶᠢᠨ ᠬᠤᠱᠤᠳ ᠦᠨᠲᠦᠰᠦᠳᠡᠨ ᠤ ᠰᠤᠶᠤᠯ ᠤᠨ ᠵᠡᠬᠡᠯᠢ ᠳᠤ ᠠᠯᠬᠤᠨ ᠤᠷᠤᠭᠰᠠᠭᠠᠷ

ᠮᠤᠩᠭᠤᠯ ᠫᠠᠶᠢᠰᠠ ᠢᠯᠡᠷᠭᠡᠶᠢᠯᠡᠯ ᠲᠠᠢ ᠲᠡᠯᠭᠡᠬᠦᠷ ᠤᠳ ᠮᠦᠷᠯᠡᠨ ᠵᠢᠭᠳᠡᠷᠡᠵᠦ᠂ ᠮᠤᠩᠭᠤᠯ ᠰᠤᠶᠤᠯ ᠤᠨ ᠦᠪᠡᠷᠮᠢᠴᠡ ᠲᠠᠲᠠᠬᠤ ᠬᠦᠴᠦᠨ ᠢᠶᠠᠷ ᠢᠶᠠᠨ

ᠬᠦᠷᠦᠭᠰᠡᠨ ᠪᠦᠬᠦᠨ ᠤ ᠬᠠᠷᠠᠭ᠎ᠠ ᠶᠢ ᠮᠢᠯᠢᠶᠠᠵᠤ ᠤᠷᠮ᠎ᠠ ᠶᠢ ᠬᠦᠭᠵᠢᠭᠡᠨ᠎ᠡ᠃ 950 ᠲᠡᠭᠰᠢ ᠲᠦᠷᠪᠡᠯᠵᠢᠨ ᠮᠧᠲᠷ

ᠲᠠᠯᠠᠪᠠᠢ ᠪᠦᠬᠦᠢ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠤᠷᠠᠯᠠᠯ ᠤᠨ ᠪᠤᠲᠠᠰ ᠤᠨ ᠪᠤᠰᠤ ᠰᠤᠶᠤᠯ ᠤᠨ ᠦᠪ ᠢ

ᠤᠯᠠᠮᠵᠢᠯᠠᠬᠤ ᠭᠠᠵᠠᠷ ᠨᠢ ᠠᠳᠡᠬᠢ ᠶᠢᠨ ᠡᠳᠡᠭᠡᠳ ᠨᠢᠭᠡᠨ ᠦᠵᠡᠮᠵᠢ ᠪᠤᠯᠵᠠᠢ᠃ 450 ᠲᠡᠭᠰᠢ ᠲᠦᠷᠪᠡᠯᠵᠢᠨ

ᠮᠧᠲᠷ ᠲᠠᠯᠠᠪᠠᠢ ᠪᠦᠬᠦᠢ ᠮᠦᠽᠸᠢ᠂ 300 ᠲᠡᠭᠰᠢ ᠲᠦᠷᠪᠡᠯᠵᠢᠨ ᠮᠧᠳ᠋ᠷ ᠲᠠᠯᠠᠪᠠᠢ ᠪᠦᠬᠦᠢ ᠪᠤᠯᠪᠠᠰᠤᠷᠠᠯ ᠤᠨ ᠭᠠᠵᠠᠷ᠂ 200 ᠲᠡᠭᠰᠢ

ᠲᠦᠷᠪᠡᠯᠵᠢᠨ ᠮᠧᠲᠷ ᠲᠠᠯᠠᠪᠠᠢ ᠪᠦᠬᠦᠢ ᠠᠵᠢᠯᠯᠠᠬᠤ ᠦᠷᠦᠭᠡ ᠨᠢ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠰᠤᠷᠬᠤ᠂

ᠦᠢᠯᠡᠳᠪᠦᠷᠢᠯᠡᠬᠦ᠂ ᠲᠤᠭᠤᠷᠢᠨ ᠦᠵᠡᠬᠦ ᠶᠢ ᠨᠢᠬᠡ ᠴᠤᠭᠴᠠᠵᠢᠭᠤᠯᠤᠬᠰᠠᠨ ᠪᠠᠶᠢᠵᠠᠢ᠃

︽ᠮᠠᠨ ᠤ ᠠᠶᠢᠮᠠᠬ ᠤᠳᠤ ᠶᠠᠭ ᠰᠠᠶᠢᠬᠠᠨ ᠤᠯᠠᠨ ᠤᠯᠤᠰ ᠤᠨ ᠵᠢᠭᠤᠯᠴᠢᠯᠠᠯ ᠤᠨ ᠬᠠᠷᠠᠯᠲᠠᠲᠦ ᠤᠷᠤᠨ ᠢ ᠢᠳᠡ ᠬᠦᠭ ᠲᠠᠢ ᠪᠦᠲᠦᠭᠡᠨ ᠪᠠᠶᠢᠭᠤᠯᠵᠦ᠂

ᠰᠤᠶᠤᠯ ᠢᠶᠠᠷ ᠠᠶᠢᠮᠠᠭ ᠢᠶᠠᠨ ᠬᠦᠴᠦᠷᠭᠡᠭᠵᠢᠬᠦᠯᠬᠦ ᠬᠠᠷᠠᠯᠳᠠ ᠶᠢ ᠲᠤᠭᠳᠠᠭᠠᠨ ᠬᠡᠷᠡᠭᠵᠢᠬᠦᠯᠵᠦ ᠪᠠᠶᠢᠨ᠎ᠠ᠃ ᠡᠨᠡ ᠨᠢ ᠤᠯᠠᠮᠵᠢᠯᠠᠯᠳᠤ ᠰᠤᠶᠤᠯ

ᠤᠷᠠᠯᠢᠭ ᠤᠨ ᠨᠢᠭᠡᠨ ᠪᠤᠳᠠ ᠴᠡᠴᠡᠭ ᠪᠤᠯᠤᠭᠰᠠᠨ ᠲᠠᠩᠺᠠ ᠤᠷᠠᠯᠠᠯ ᠳᠤ ᠰᠢᠨ᠎ᠡ ᠠᠮᠢ ᠠᠮᠢᠯᠠᠯ ᠤᠨ ᠠᠵᠠ ᠲᠤᠬᠢᠶᠠᠯ ᠢ

ᠠᠪᠴᠢᠷᠠᠨ ᠦᠭᠪᠡ︾ ᠭᠡᠵᠦ ᠲᠤᠩᠮᠤᠳ ᠭᠡᠷᠡᠯ ᠶᠠᠷᠢᠨ᠎ᠠ᠃

    ᠠᠯᠠᠱᠠ ᠵᠡᠬᠦᠨ ᠬᠤᠰᠢᠭᠤᠨ ᠤ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠲᠠᠰ ᠤᠨ ᠪᠤᠰᠤ ᠰᠤᠶᠤᠯ ᠤᠨ ᠦᠪ ᠢ ᠰᠤᠷᠭᠠᠵᠦ

ᠤᠯᠠᠮᠵᠢᠯᠠᠬᠤ ᠭᠠᠵᠠᠷ ᠤᠨ ᠪᠠᠶᠢᠭᠤᠯᠤᠬᠲᠠᠬᠰᠠᠨ ᠨᠢ ᠲᠤᠰ ᠲᠦᠷᠦᠯ ᠵᠦᠢᠯ ᠤᠨ ᠤᠯᠠᠮᠵᠢᠯᠠᠯ ᠬᠦᠭᠵᠢᠯ ᠳᠤ

ᠴᠢᠬᠤᠯᠠ ᠪᠠᠲᠤᠯᠠᠭ᠎ᠠ ᠬᠠᠨᠭ᠍ᠭᠠᠵᠦ᠂ ᠮᠡᠷᠭᠡᠵᠢᠯ ᠤᠨ ᠴᠢᠲᠠᠪᠦᠷᠢᠲᠠᠨ ᠪᠠ ᠪᠤᠲᠠᠰ ᠤᠨ ᠪᠤᠰᠤ ᠰᠤᠶᠤᠯ ᠤᠨ ᠦᠪ ᠤᠨ

ᠤᠯᠠᠮᠵᠢᠯᠠᠬᠴᠢ ᠶᠢ ᠲᠠᠪᠲᠠᠨ ᠪᠤᠯᠪᠠᠰᠤᠷᠠᠭᠤᠯᠬᠤ ᠵᠢᠴᠢ ᠲᠠᠩᠺᠠ ᠤᠷᠠᠯᠢᠭ ᠤᠨ ᠠᠵᠦ

ᠦᠢᠯᠡᠰᠵᠢᠯᠳᠡ ᠶᠢᠨ ᠬᠦᠭᠵᠢᠯᠳᠡ ᠶᠢ ᠲᠦᠷᠭᠡᠳᠭᠡᠨ᠂ ᠤᠯᠠᠨ ᠤᠯᠤᠰ ᠤᠨ ᠵᠢᠭᠤᠯᠴᠢᠯᠠᠯ ᠤᠨ

ᠬᠠᠷᠠᠯᠳᠠᠳᠤ ᠤᠷᠤᠨ ᠢ ᠪᠦᠳᠦᠭᠡᠨ ᠪᠠᠶᠢᠭᠤᠯᠬᠤ᠂ ᠰᠤᠶᠤᠯ ᠢᠶᠠᠷ ᠠᠶᠢᠮᠠᠭ ᠢᠶᠠᠨ ᠬᠦᠴᠦᠷᠭᠡᠭᠵᠢᠬᠦᠯᠬᠦ᠂ ᠶᠠᠲᠠᠭᠤ ᠠᠴᠠ

ᠠᠩᠬᠢᠵᠢᠷᠠᠭᠤᠯᠬᠤ ᠪᠤᠭᠤᠮᠲᠠ ᠰᠢᠪᠲᠤᠯᠬᠤ ᠲᠠᠶᠢᠯᠠᠯᠲᠤᠭᠠᠨ ᠤ ᠰᠢᠢᠳᠪᠦᠷᠢᠳᠦ ᠢᠯᠠᠯᠳᠠ ᠶᠢ ᠲᠡᠮᠡᠴᠡᠨ ᠤᠯᠬᠤ ᠳᠤ ᠦᠪᠡᠷ ᠤᠨ ᠢᠶᠠᠨ ᠬᠡᠰᠡᠨ

ᠬᠦᠴᠦᠨ ᠴᠢᠲᠠᠯ ᠢᠶᠠᠨ ᠨᠡᠮᠡᠷᠢᠯᠡᠬᠦ ᠨᠢ ᠯᠠᠪᠳᠠᠢ᠃ ︽ᠪᠢ ᠡᠨᠡ ᠬᠦ ᠬᠠᠷᠠᠯᠳᠠ ᠶᠢᠨ ᠢᠶᠠᠨ ᠲᠦᠯᠦᠭᠡ᠂ ᠡᠳᠡᠭᠡᠷ ᠮᠠᠯᠴᠢᠳ ᠪᠠ

ᠵᠡᠮᠳᠡᠭ ᠠᠵᠢᠯᠲᠠᠳ ᠤᠨ ᠢᠶᠠᠨ ᠲᠦᠯᠦᠬᠡ ᠱᠠᠪᠢ ᠨᠠᠷ ᠢᠶᠠᠨ ᠲᠠᠭᠠᠭᠤᠯᠤᠨ ᠵᠠᠪᠠᠯ ᠰᠠᠶᠢᠨ ᠠᠵᠢᠯᠯᠠᠬᠤ ᠭᠡᠷᠡᠭᠳᠡᠢ︾ ᠭᠡᠵᠦ

ᠲᠤᠩᠮᠤᠳ ᠭᠡᠷᠡᠯ ᠶᠠᠷᠢᠨ᠎ᠠ᠃ ᠤᠳᠤᠬᠠᠨ ᠳᠤ᠂ ᠡᠨᠡ ᠬᠦ 19 ᠠᠯᠬᠤᠮ ᠢ ᠲᠠᠮᠵᠢᠮᠠᠨᠵᠢᠨ ᠰᠠᠶᠢ ᠤᠷᠠᠯᠠᠨ ᠪᠦᠲᠦᠭᠡᠭᠳᠡᠳᠡᠭ

ᠤᠯᠠᠮᠵᠢᠯᠠᠯᠲᠦ ᠤᠷᠠᠯᠢᠭ ᠨᠢ ᠠᠯᠠᠱᠠ ᠠᠶᠢᠮᠠᠬ ᠤᠨ ᠶᠠᠲᠠᠭᠤ ᠶᠢ ᠲᠡᠳᠬᠦᠬᠦ ᠰᠤᠶᠤᠯ ᠤᠨ ᠠᠵᠦ ᠦᠢᠯᠡᠰ ᠪᠠ

ᠦᠪᠡᠷᠳᠡᠭᠡᠨ ᠵᠠᠰᠠᠬᠤ ᠤᠷᠤᠨ ᠤ ᠠᠩᠬᠠᠨ ᠤ ᠪᠦᠯᠦᠭ ᠤᠨ ᠰᠤᠶᠤᠯ ᠤᠨ ᠠᠵᠦ ᠦᠢᠯᠡᠰ ᠤᠨ ᠶᠠᠲᠠᠭᠤ ᠶᠢ ᠲᠡᠳᠬᠦᠬᠦ ᠲᠦᠷᠦᠯ ᠵᠦᠢᠯ

ᠪᠤᠯᠤᠬᠰᠠᠨ ᠪᠢᠯᠡ᠃ ᠤᠲᠤ ᠨᠡᠶᠢᠳᠡ 300 ᠭᠠᠷᠤᠢ ᠮᠠᠯᠴᠢᠨ ᠲᠠᠷᠢᠶᠠᠴᠢᠨ ᠦᠨ᠎ᠡ ᠲᠦᠯᠦᠪᠦᠷᠢ ᠦᠬᠡᠢ ᠪᠠᠷ

ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠯᠪᠠᠰᠤᠷᠠᠯ ᠳᠤ ᠤᠷᠤᠯᠴᠠᠵᠦ᠂ ᠡᠨᠡ ᠬᠦ ᠮᠡᠷᠭᠡᠵᠢᠯ ᠢᠶᠠᠷ ᠲᠠᠮᠵᠢᠨ

ᠠᠵᠢᠯ ᠤᠯᠤᠭᠰᠠᠨ ᠶᠠᠲᠠᠭᠤ ᠬᠦᠴᠢᠷᠳᠡᠯᠳᠡᠢ ᠮᠠᠯᠴᠢᠨ ᠲᠠᠷᠢᠶᠠᠴᠢᠨ ᠤ ᠵᠢᠯ ᠤᠨ ᠤᠷᠤᠯᠭ᠎ᠠ 3 ᠲᠦᠮᠡᠨ ᠲᠦᠬᠦᠷᠢᠭ ᠰᠢᠬᠠᠮ

ᠨᠡᠮᠡᠭᠳᠡᠭᠰᠡᠨ ᠪᠠᠶᠢᠨ᠎ᠠ᠃

    ︽ᠤᠯᠠᠨ ᠤ ᠬᠦᠴᠦ ᠤᠯᠤᠮ ᠦᠬᠡᠢ ᠲᠠᠯᠠᠢ︾ ᠭᠡᠳᠡᠭᠴᠢᠯᠡᠨ᠂ ᠨᠠᠮ ᠵᠠᠰᠠᠭ ᠤᠨ ᠲᠡᠮᠵᠢᠯᠬᠡ ᠲᠤᠤᠷ᠎ᠠ ᠲᠤᠩᠮᠤᠳ ᠭᠡᠷᠡᠯ ᠪᠠ

ᠲᠡᠬᠦᠨ ᠤ ᠱᠠᠪᠢ ᠨᠠᠷ᠂ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠲᠡᠦᠭᠡ ᠶᠢᠨ ᠦᠨ᠎ᠡ ᠦᠷᠳᠡᠭ᠂

ᠤᠷᠠᠯᠢᠭ ᠤᠨ ᠦᠨ᠎ᠡ ᠦᠷᠳᠡᠭ᠂ ᠠᠵᠦ ᠠᠬᠤᠢ ᠶᠢᠨ ᠦᠨ᠎ᠡ ᠦᠷᠳᠡᠭ ᠢ ᠤᠯᠠᠮ ᠴᠢᠨᠠᠭᠰᠢᠲᠠ ᠠᠭᠤᠲᠠᠯᠵᠦ᠂

ᠠᠵᠦ ᠦᠢᠯᠡᠰᠵᠢᠯᠳᠡ ᠶᠢ ᠲᠦᠷᠭᠡᠳᠭᠡᠨ᠂ ᠲᠤᠰ ᠭᠠᠵᠠᠷ ᠤᠷᠤᠨ ᠤ ᠤᠯᠠᠨ ᠲᠦᠮᠡᠨ᠂ ᠤᠨᠴᠠᠭᠠᠢᠢᠯᠠᠨ ᠶᠠᠲᠠᠭᠤ ᠬᠦᠴᠢᠷᠳᠡᠯᠳᠡᠢ ᠬᠦᠮᠦᠨ

ᠠᠮᠠ ᠶᠢᠨ ᠦᠨᠲᠦᠰᠦᠳᠡᠨ ᠤ ᠤᠨᠴᠠᠯᠢᠬᠲᠦ ᠤᠷᠠᠯᠢᠭ ᠤᠨ ᠡᠬᠢ ᠪᠠᠶᠠᠯᠢᠭ ᠲᠠᠭᠠᠨ ᠲᠦᠰᠢᠭᠯᠡᠨ ᠠᠵᠢᠯ ᠤᠯᠬᠤ ᠶᠢ ᠠᠬᠢᠭᠤᠯᠤᠭᠰᠠᠨ ᠲᠡᠳᠦᠢ ᠦᠭᠡᠢ᠂

ᠤᠯᠠᠮᠵᠢᠯᠠᠯᠲᠦ ᠰᠤᠶᠤᠯ ᠤᠨ ᠬᠦᠭᠵᠢᠯᠳᠡ ᠶᠢᠨ ᠨᠦᠭᠡᠴᠡ ᠬᠦᠴᠦᠨ ᠢ ᠤᠯᠠᠮ ᠴᠢᠨᠠᠭᠰᠢᠲᠠ ᠬᠦᠭᠵᠢᠭᠡᠭᠰᠡᠨ ᠪᠢᠯᠡ᠃


 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号