◆ ᠠᠭᠤᠯᠭ᠎ᠠ ᠶᠢᠨ ᠲᠣᠪᠴᠢ᠄ ᠴᠡᠭᠡᠷ ᠶᠣᠰᠣᠨ ᠵᠢᠴᠢ ᠴᠡᠭᠡᠷ ᠶᠣᠰᠣᠨ ᠤ ᠡᠭᠦᠰᠣᠯ ᠢ ᠲᠣᠷᠠᠳᠬᠤ ᠠᠴᠠ ᠭᠠᠷᠳᠠᠨ ᠮᠣᠩᠭᠤᠯᠴᠣᠳ ᠤᠨ ᠠᠮᠢ | ᠠᠬᠤᠢ ᠶᠢᠨ ᠴᠡᠭᠡᠷ ᠶᠣᠰᠣᠨ ᠢ ᠭᠤᠣᠯᠳᠠᠯᠭ᠎ᠠ ᠲᠠᠢ ᠦᠭᠦᠯᠡᠵᠦ᠂ ᠲᠡᠭᠦᠨ ᠤ ᠬᠦᠮᠦᠨ ᠪᠠ ᠪᠠᠶᠢᠭᠠᠯᠢ ᠨᠢᠭᠡᠲᠣᠯ ᠲᠠᠢ᠂ | ᠬᠦᠮᠦᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠬᠤ᠂ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠠᠬᠤᠶᠢᠴᠢ ᠠᠴᠢ | ᠬᠤᠯᠪᠣᠭᠳᠠᠯ ᠤᠨ ᠲᠤᠬᠠᠢ ᠦᠭᠦᠯᠡᠭᠰᠡᠨ ᠪᠠᠶᠢᠨ᠎ᠠ᠃ | | ◆ ᠵᠠᠩᠭᠢᠯᠠᠭ᠎ᠠ ᠶᠢᠨ ᠦᠭᠡ᠄ ᠴᠡᠭᠡᠷ ᠶᠣᠰᠣᠨ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ᠂ ᠠᠴᠢ ᠬᠤᠯᠪᠣᠭᠳᠠᠯ | | | ᠨᠢᠭᠡ᠂ ᠴᠡᠭᠡᠷ ᠶᠣᠰᠣᠨ ᠵᠢᠴᠢ ᠲᠡᠭᠦᠨ ᠤ ᠡᠭᠦᠰᠣᠯ | | | ᠴᠡᠭᠡᠷ ᠶᠣᠰᠣᠨ ᠪᠣᠯ ᠬᠦᠮᠣᠰ ᠤᠨ ᠨᠡᠶᠢᠭᠡᠮ ᠤᠨ ᠠᠵᠢᠯᠯᠠᠭ᠎ᠠ᠂ ᠢᠲᠡᠭᠡᠯ ᠪᠢᠰᠢᠷᠡᠯ ᠤᠨ ᠠᠵᠢᠯᠯᠠᠭ᠎ᠠ ᠶᠢ ᠵᠣᠬᠢᠴᠠᠭᠤᠯᠬᠤ ᠨᠢᠭᠡ ᠵᠦᠢᠯ ᠤᠨ | ᠣᠶᠢᠯᠠᠭᠠᠭᠳᠠᠬᠤᠨ ᠪᠠ ᠠᠷᠭ᠎ᠠ ᠮᠠᠶ᠋ᠢᠭ ᠤᠨ ᠶᠡᠷᠣᠩᠬᠡᠶᠢᠯᠡᠯ ᠮᠦᠨ᠃ ᠲᠡᠷᠡ ᠪᠣᠯ ᠡᠯ᠎ᠡ | ᠦᠨᠳᠦᠰᠣᠲᠡᠨ ᠤ ᠳᠣᠮᠳᠠ ᠲᠦᠭᠡᠮᠡᠯ ᠣᠷᠣᠰᠢᠵᠣ ᠪᠠᠶᠢᠭ᠎ᠠ ᠣᠶᠢᠯᠠᠭᠠᠭᠳᠠᠬᠤᠨ᠂ ᠵᠠᠩ ᠦᠢᠯᠡ ᠶᠢᠨ | ᠰᠣᠶᠣᠯ ᠤᠨ ᠦᠵᠡᠭᠳᠡᠯ ᠮᠥᠨ᠃ | ᠴᠡᠭᠡᠷ ᠶᠣᠰᠣᠨ ᠤ ᠡᠭᠦᠰᠣᠯ ᠪᠣᠯ ᠪᠠᠶᠢᠭᠠᠯᠢ ᠶᠢᠨ ᠰᠢᠲᠦᠯᠭᠡ᠂ ᠡᠪᠦᠭᠡ ᠳᠡᠭᠡᠳᠣᠰ ᠤᠨ ᠰᠢᠲᠦᠯᠭᠡ ᠵᠢᠴᠢ ᠴᠢᠳᠭᠦᠷ ᠰᠠᠬᠢᠭᠤᠯᠰᠣᠨ ᠠᠴᠠ | ᠡᠮᠢᠶᠡᠨ ᠰᠦᠷᠳᠡᠬᠦ᠂ ᠳᠠᠷᠣᠢ ᠪᠠᠯᠠᠷ ᠡᠷᠲᠡᠨ ᠤ ᠲᠦᠮᠡᠨ ᠪᠣᠳᠠᠰ ᠠᠮᠢ ᠭᠤᠣᠯ ᠲᠠᠢ᠂ ᠡᠵᠡᠳ ᠰᠠᠬᠢᠭᠤᠰᠣ ᠲᠠᠢ ᠭᠡᠬᠦ | ᠣᠶᠢᠯᠠᠭᠠᠭᠳᠠᠬᠤᠨ ᠠᠴᠠ ᠢᠷᠡᠵᠠᠢ᠃ ᠠᠯᠣᠰ ᠡᠷᠲᠡᠨ ᠤ ᠬᠠᠭᠤᠴᠢᠨ ᠪᠠᠯᠠᠷᠯᠢᠭ | ᠦᠢᠯᠡᠳᠪᠣᠷᠢᠯᠡᠯ ᠤᠨ ᠨᠦᠬᠦᠴᠡᠯ ᠳᠣᠣᠷ᠎ᠠ᠂ ᠬᠦᠮᠦᠰ ᠤᠨ ᠪᠠᠶᠢᠭᠠᠯᠢ ᠳᠤ ᠲᠦᠰᠢᠭᠯᠡᠬᠦ ᠴᠢᠨᠠᠷ ᠴᠢᠩᠭ᠎ᠠ᠂ | ᠰᠢᠨᠵᠢᠯᠡᠬᠦ ᠤᠬᠠᠭᠠᠨ ᠮᠡᠷᠭᠡᠵᠢᠯ ᠲᠦᠢᠯ ᠤᠨ ᠬᠤᠴᠣᠷᠣᠩᠭᠤᠢ ᠲᠣᠯᠠ ᠬᠦᠮᠣᠰ ᠡᠯ᠎ᠡ ᠵᠦᠢᠯ ᠤᠨ ᠪᠠᠶᠢᠭᠠᠯᠢ ᠶᠢᠨ ᠭᠠᠮᠰᠢᠭ ᠪᠠ ᠡᠪᠡᠳᠴᠢᠨ | ᠡᠮᠬᠡᠭ ᠢ ᠲᠠᠶᠢᠯᠪᠣᠷᠢᠯᠠᠬᠤ ᠶᠢᠨ ᠠᠷᠭ᠎ᠠ ᠦᠭᠡᠢ ᠪᠦᠭᠡᠳ ᠢᠯᠠᠨ ᠳᠠᠪᠠᠭ᠋ᠣ ᠶᠢᠨ ᠠᠷᠭ᠎ᠠ ᠦᠭᠡᠢ ᠪᠠᠶᠢᠵᠣ᠂ ᠠᠯᠢᠪᠠ | ᠪᠦᠬᠦᠨ ᠢᠶᠠᠨ ᠡᠵᠡᠳ ᠰᠠᠬᠢᠭᠤᠯᠰᠣᠨ ᠳᠤ ᠨᠠᠶᠢᠳᠠᠬᠤ ᠪᠣᠯᠵᠣ᠂ ︽ᠡᠭᠦᠨ ᠢ ᠬᠢᠵᠣ ᠪᠣᠯᠬᠤ ᠦᠭᠡᠢ᠂ ᠲᠡᠭᠦᠨ ᠢ | ᠬᠢᠵᠦ ᠪᠣᠯᠬᠤ ᠦᠭᠡᠢ︾ ᠭᠡᠵᠣ ᠴᠡᠭᠡᠷ ᠶᠣᠰᠣᠨ ᠲᠣᠭᠲᠠᠭᠠᠵᠣ᠂ ᠦᠪᠡᠷ ᠤᠨ ᠪᠡᠶ᠎ᠡ ᠪᠠᠨ ᠪᠠᠷᠢᠵᠣ ᠬᠢᠵᠠᠭᠠᠷᠯᠠᠬᠤ ᠪᠠᠷ ᠳᠠᠮᠵᠢᠭᠤᠯᠤᠨ ᠡᠵᠡᠳ | ᠰᠠᠬᠢᠭᠤᠯᠰᠣᠨ ᠤ ᠦᠷᠣᠰᠢᠶᠡᠯ ᠬᠠᠮᠠᠭᠠᠯᠠᠯ ᠢ ᠣᠯᠬᠤ ᠭᠡᠰᠡᠨ ᠳᠤ ᠪᠠᠶᠢᠭ᠎ᠠ ᠶᠤᠮ᠃ ᠡᠳᠡᠭᠡᠷ ᠴᠡᠭᠡᠷ | ᠶᠣᠰᠣ ᠨᠢ ᠬᠡᠳᠦ᠋ᠢᠪᠡᠷ ᠳᠠᠯᠳᠠ ᠰᠣᠨᠢᠨ᠂ ᠶᠠᠷᠰᠢᠭ ᠲᠡᠪᠡᠭ ᠲᠠᠢ᠂ ᠰᠠᠱᠢᠨ ᠰᠣᠷᠲᠠᠬᠤᠨ ᠤ ᠦᠩᠭᠡ ᠪᠣᠳᠤᠭ ᠭᠦᠨ | ᠨᠡᠪᠴᠢᠭᠰᠡᠨ ᠪᠠᠶᠢᠳᠠᠭ ᠪᠣᠯᠪᠠᠴᠣ ᠮᠦᠨ ᠴᠢᠨᠠᠷ ᠲᠡᠭᠡᠷ᠎ᠡ ᠪᠠᠨ ᠲᠣᠰ ᠦᠨᠳᠣᠰᠣᠲᠡᠨ ᠤ ᠪᠠᠶᠢᠭᠠᠯᠢ ᠶᠢᠨ ᠲᠣᠬᠠᠢ | ᠲᠠᠨᠢᠯᠲᠠ ᠶᠢ ᠳᠣᠰᠬᠠᠭᠰᠠᠨ ᠪᠠᠶᠢᠳᠠᠭ᠃ | | | ᠬ᠊ᠤᠶᠠᠷ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ | | | ᠮᠣᠩᠭᠤᠯᠴᠣᠳ ᠵᠢᠯ ᠤᠨ ᠳᠦᠷᠪᠡᠨ ᠣᠯᠠᠷᠢᠯ ᠳᠤ ᠨᠡᠭᠦᠳᠡᠯᠯᠡᠨ ᠮᠠᠯᠵᠢᠬᠤ ᠠᠮᠢᠳᠣᠷᠠᠯ ᠢ ᠬᠢᠵᠣ᠂ ᠪᠠᠶᠢᠭᠠᠯᠢ ᠲᠠᠢ ᠰᠢᠭᠤᠳ ᠬᠠᠷᠢᠯᠴᠠᠬᠤ | ᠳᠣᠮᠳᠠ ᠪᠠᠶᠢᠭᠠᠯᠢ ᠯᠤᠭ᠎ᠠ ᠲᠦᠰᠢᠯᠴᠡᠬᠦ ᠬᠠᠷᠢᠴᠠᠭ᠎ᠠ ︵ᠮᠠᠯ ᠰᠦᠷᠣᠭ᠌ ᠨᠢ ᠣᠰᠣ ᠣᠮᠳᠠ ᠡᠪᠡᠰᠣ ᠪᠡᠯᠴᠢᠭᠡᠷ ᠢ | ᠲᠦᠰᠢᠭᠯᠡᠬᠦ᠂ ᠬᠦᠮᠣᠨ ᠨᠢ ᠮᠠᠯ ᠰᠦᠷᠣᠭ᠌ ᠢᠶᠠᠨ ᠲᠦᠰᠢᠭᠯᠡᠬᠦ︶ ᠶᠢ ᠲᠠᠨᠢᠨ ᠮᠡᠳᠡᠵᠣ᠂ ᠪᠠᠶᠢᠭᠠᠯᠢ ᠠᠬᠤᠢ ︵ᠨᠣᠲᠤᠭ ᠪᠡᠯᠴᠢᠭᠡᠷ᠂ ᠣᠰᠣ | ᠣᠮᠳᠠ᠂ ᠮᠠᠯ ᠰᠦᠷᠣᠭ᠌︶ ᠶᠢᠨ ᠬᠠᠷᠢᠴᠠᠭ᠎ᠠ ᠶᠢ ᠲᠣᠬᠢᠷᠠᠭᠤᠯᠬᠤ ᠮᠠᠰᠢ ᠠᠷᠪᠢᠨ ᠴᠡᠭᠡᠷ ᠶᠣᠰᠣ ᠶᠢ ᠡᠭᠦᠳᠣᠭ᠍ᠰᠡᠨ ᠪᠠᠶᠢᠳᠠᠭ᠃ ᠡᠭᠦᠨ ᠤ | ᠬᠠᠮᠲᠦ ᠡᠳᠡᠭᠡᠷ ᠴᠡᠭᠡᠷ ᠶᠣᠰᠣ ᠨᠢ ᠮᠣᠩᠭᠤᠯᠴᠣᠳ ᠤᠨ ᠭᠤᠶᠢᠪᠢᠰᠢ ᠦᠭᠡᠢ ᠢᠲᠡᠭᠡᠯ ᠪᠢᠰᠢᠷᠡᠯ ᠪᠠ ᠶᠣᠰᠣ ᠰᠣᠷᠲᠠᠬᠤᠨ ᠤ | ᠵᠢᠷᠣᠮᠯᠡᠯ ᠪᠣᠯᠵᠦ᠂ ᠡᠯ᠎ᠡ ᠵᠦᠢᠯ ᠤᠨ ᠴᠡᠭᠡᠷ ᠶᠣᠰᠣ ᠶᠢ ᠴᠢᠩᠭ᠎ᠠ ᠮᠦᠷᠳᠡᠨ ᠰᠠᠬᠢᠬᠤ ᠨᠢ ᠮᠣᠩᠭᠤᠯ ᠬᠦᠮᠣᠨ | ᠨᠢᠭᠡᠪᠣᠷᠢ ᠶᠢᠨ ᠶᠡᠷᠣᠳᠡ ᠶᠢᠨ ᠵᠠᠩ ᠵᠠᠩᠰᠢᠯ ᠪᠣᠯᠵᠠᠢ᠃ ᠡᠨᠡ ᠨᠢ ᠲᠠᠯ᠎ᠠ ᠨᠣᠲᠤᠭ ᠤᠨ ᠠᠮᠢ | ᠠᠬᠤᠢ ᠶᠢ ᠬᠠᠮᠠᠭᠠᠯᠠᠬᠤ ᠳᠤ ᠪᠣᠰᠣᠳ ᠶᠮᠠᠷᠪᠠ ᠬᠠᠣᠯᠢ ᠴᠠᠭᠠᠵᠠ᠂ ᠳᠦᠷᠢᠮ ᠲᠣᠭᠲᠠᠭᠠᠯ ᠲᠠᠢ ᠠᠳᠠᠯᠢᠳᠬᠠᠰᠢ ᠦᠭᠡᠢ | ᠢᠲᠡᠪᠬᠢ ᠦᠢᠯᠡᠳᠣᠯ ᠦᠵᠡᠬᠦᠯᠵᠠᠢ᠃ | ︵ᠨᠢᠭᠡ︶ ᠲᠠᠯ᠎ᠠ ᠨᠣᠲᠤᠭ ᠤᠨ ᠡᠪᠡᠰᠣ ᠪᠡᠯᠴᠢᠭᠡᠷ ᠢ ᠬᠠᠮᠠᠭᠠᠯᠠᠬᠤ᠂ ᠣᠢ ᠮᠣᠳᠣ ᠶᠢ | ᠬᠠᠮᠠᠭᠠᠯᠠᠬᠤ᠂ ᠭᠠᠯ ᠢ ᠰᠡᠷᠭᠡᠶᠢᠯᠡᠬᠦ ᠴᠡᠭᠡᠷ ᠶᠣᠰᠣᠨ | ᠮᠣᠩᠭᠤᠯᠴᠣᠳ ᠲᠦᠮᠡᠨ ᠪᠤᠳᠠᠰ ᠪᠦᠬᠦᠨ ᠴᠦᠮ ᠣᠩᠭᠤᠳ ᠰᠠᠬᠢᠭᠤᠰᠣ ᠲᠠᠢ ᠭᠡᠵᠦ ᠦᠵᠡᠳᠡᠭ ᠲᠣᠯᠠ ᠠᠭᠤᠯᠠ ᠣᠰᠣ ᠪᠠᠨ ᠳᠣᠷ᠎ᠠ | ᠲᠠᠪᠠ ᠪᠠᠷ ᠢᠶᠠᠨ ᠡᠪᠳᠡᠨ ᠰᠦᠢᠳᠭᠡᠪᠡᠯ ᠣᠩᠭᠤᠳ ᠰᠠᠬᠢᠭᠤᠰᠣ ᠶᠢ ᠨᠢ ᠬᠢᠯᠢᠩᠨᠡᠬᠦᠯᠵᠦ᠂ ᠡᠭᠦᠨ ᠠᠴᠠ | ᠪᠣᠯᠵᠦ ᠭᠠᠢ ᠪᠠᠷᠴᠢᠳ ᠲᠤ ᠣᠴᠠᠷᠠᠬᠤ ᠪᠣᠯᠣᠨ᠎ᠠ ᠬᠡᠵᠦ ᠢᠲᠡᠭᠡᠳᠡᠭ᠃ ᠡᠪᠡᠰᠣ ᠪᠡᠯᠴᠢᠭᠡᠷ᠂ ᠣᠢ ᠮᠣᠳᠣ᠂ ᠠᠷᠢᠶᠠᠲᠡᠨ | ᠵᠢᠭᠦᠷᠲᠡᠨ ᠵᠡᠷᠭᠡ ᠪᠣᠯ ᠴᠦᠮ ᠠᠭᠤᠯᠠ ᠣᠰᠣᠨ ᠤ ᠣᠩᠭᠤᠳ ᠰᠠᠬᠢᠭᠤᠰᠣ ᠶᠢᠨ ᠬᠢ ᠪᠦᠭᠡᠳ ᠠᠷᠢᠶᠠᠲᠡᠨ | ᠵᠢᠭᠦᠷᠲᠡᠨ ᠨᠢ ᠠᠭᠤᠯᠠ ᠣᠰᠣᠨ ᠤ ᠰᠠᠬᠢᠭᠤᠰᠣ ᠶᠢᠨ ᠰᠣᠶᠣᠷᠬᠠᠯ ᠭᠡᠵᠦ ᠦᠵᠡᠳᠡᠭ᠃ ᠡᠶᠢᠮᠦ ᠠᠴᠠ | ᠣᠪᠣᠭᠠᠨ ᠤ ᠣᠶᠢᠷ᠎ᠠ ᠬᠠᠪᠢ ᠳᠠᠬᠢ ᠬᠦᠷᠣᠰᠣ ᠰᠢᠷᠣᠢ ᠶᠢ ᠮᠠᠯᠲᠠᠬᠤ᠂ ᠡᠪᠡᠰᠣ ᠮᠣᠳᠣ ᠶᠢ ᠬᠦᠠᠳᠡᠬᠦ᠂ ᠠᠷᠢᠶᠠᠲᠡᠨ | ᠵᠢᠭᠦᠷᠲᠡᠨ ᠢ ᠠᠩᠨᠠᠵᠦ ᠭᠦᠷᠣᠭᠡᠯᠡᠬᠦ ᠶᠢ ᠴᠡᠭᠡᠷᠯᠡᠳᠡᠭ᠃ ᠣᠪᠣᠭᠠᠨ ᠳᠡᠭᠡᠷᠡᠬᠢ ᠡᠪᠡᠰᠣ ᠮᠣᠳᠣ ᠶᠢ ᠳᠣᠷ᠎ᠠ ᠪᠠᠷ ᠬᠦᠳᠡᠯᠭᠡᠬᠦ᠂ | ᠣᠪᠣᠭᠠᠨ ᠤ ᠣᠶᠢᠷᠠᠯᠴᠠᠭ᠎ᠠ ᠨᠠᠭᠤᠷ ᠪᠦᠷᠢᠳᠦ ᠳᠠᠬᠢ ᠵᠢᠭᠠᠰᠣ ᠵᠢᠷᠭᠠᠬᠠᠢ ᠶᠢ ᠱᠦᠭᠦᠬᠦ ᠶᠢ ᠴᠡᠭᠡᠷᠯᠡᠳᠡᠭ᠃ | ᠣᠢ ᠮᠣᠳᠣ ᠶᠢ ᠰᠦᠨᠡᠰᠣ ᠲᠠᠢ ᠠᠮᠢ ᠭᠤᠣᠯ ᠲᠠᠢ ᠭᠡᠵᠦ ᠦᠵᠡᠵᠦ ᠰᠢᠲᠦᠨ ᠪᠢᠰᠢᠷᠡᠳᠡᠭ ᠠᠴᠠ ᠲᠠᠯ᠎ᠠ ᠨᠣᠲᠤᠭ᠂ ᠪᠡᠯᠴᠢᠭᠡᠷ | ᠬᠠᠳᠣᠯᠠᠩ ᠳᠠᠬᠢ ᠣᠢ ᠮᠣᠳᠣ ᠶᠢ ᠬᠠᠶᠢᠷᠠᠯᠠᠨ ᠬᠠᠮᠠᠭᠠᠯᠠᠬᠤ ᠶᠢ ᠣᠨᠴᠠ ᠠᠩᠬᠠᠷᠣᠨ ᠮᠣᠳᠣ ᠶᠢ ᠣᠭᠲᠣᠯᠬᠤ᠂ | ᠦᠷ᠎ᠡ ᠵᠢᠮᠢᠰ ᠲᠡᠭᠦᠬᠦ᠂ ᠲᠦᠯᠡᠭᠡ ᠲᠡᠭᠦᠬᠦ ᠴᠡᠭᠡᠷ ᠶᠣᠰᠣ ᠣᠯᠠᠨ ᠪᠠᠶᠢᠳᠠᠭ᠃ ᠲᠣᠬᠠᠶᠢᠯᠠᠪᠡᠯ ᠭᠠᠭᠴᠠ ᠮᠣᠳᠣ ᠶᠢ ᠣᠭᠲᠣᠯᠬᠤ ᠶᠢ ᠴᠡᠭᠡᠷᠯᠡᠳᠡᠭ᠃ | ᠭᠤᠣ ᠶᠢᠨ ᠠᠮᠠ᠂ ᠦᠶᠡᠷ ᠤᠨ ᠵᠠᠮ᠂ ᠮᠠᠩᠬᠠᠨ ᠲᠣᠬᠤ᠂ ᠵᠣ ᠬᠦᠳᠣᠯ ᠳᠡᠭᠡᠷ᠎ᠡ ᠣᠷᠭᠤᠭᠰᠠᠨ ᠮᠣᠳᠣ ᠶᠢ ᠣᠭᠲᠣᠯᠬᠤ ᠶᠢ ᠴᠡᠭᠡᠷᠯᠡᠳᠡᠭ᠃ | ᠦᠷ᠎ᠡ ᠵᠢᠮᠢᠰ ᠲᠡᠭᠦᠬᠦ ᠳᠤ ᠮᠣᠳᠣᠨ ᠤ ᠰᠠᠯᠠᠭ᠎ᠠ ᠮᠦᠴᠢᠷ ᠢ ᠬᠤᠭᠤᠯᠵᠣ ᠪᠣᠯᠬᠤ ᠦᠭᠡᠢ᠃ ᠲᠦᠯᠡᠰᠢ ᠰᠢᠲᠠᠭᠠᠯᠭ᠎ᠠ ᠲᠡᠭᠦᠬᠦ ᠳᠤ | ᠵᠦᠪᠬᠡᠨ ᠬᠠᠲᠠᠵᠣ ᠬᠤᠪᠬᠠᠶᠢᠷᠠᠭᠰᠠᠨ ᠰᠠᠯᠠᠭ᠎ᠠ ᠮᠦᠴᠢᠷ ᠢ ᠯᠠ ᠲᠡᠭᠦᠳᠡᠭ᠃ ᠱᠠᠩᠰᠢ ᠮᠣᠳᠣ ᠶᠢ ᠣᠭᠳᠣᠯᠵᠦ ᠰᠦᠢᠳᠭᠡᠪᠡᠯ | ᠠᠭᠤᠯᠠ ᠣᠰᠣᠨ ᠤ ᠣᠩᠭᠤᠳ ᠰᠠᠬᠢᠭᠤᠰᠣ ᠶᠢ ᠬᠢᠯᠢᠩᠨᠡᠭᠦᠯᠣᠨᠡ ᠭᠡᠳᠡᠭ᠃ | ᠨᠡᠭᠦᠳᠡᠯᠯᠡᠬᠦ ᠳᠡᠭᠡᠨ ᠪᠠᠭᠤᠷᠢ ᠰᠠᠭᠤᠷᠢ ᠪᠠᠨ ᠰᠠᠶᠢᠳᠣᠷ ᠴᠡᠪᠡᠷᠯᠡᠵᠦ᠂ ᠬᠤᠭ ᠨᠣᠪᠰᠢ ᠪᠠᠨ ᠭᠠᠵᠠᠷ ᠲᠤ ᠭᠦᠨ ᠪᠣᠯᠠᠨ᠎ᠠ᠂ ᠡᠰᠡ ᠲᠡᠭᠡᠪᠡᠯ | ᠭᠠᠵᠠᠷ ᠤᠨ ᠰᠠᠬᠢᠭᠤᠰᠣ ᠶᠢ ᠠᠭᠤᠷᠯᠠᠭᠤᠯᠣᠨ᠎ᠠ ᠭᠡᠳᠡᠭ᠃ ᠭᠠᠯ ᠳᠤ ᠰᠦ ᠬᠢᠬᠦ ᠦᠭᠡᠢ᠃ ᠭᠠᠯ ᠳᠤ ᠪᠣᠵᠠᠷ ᠵᠦᠢᠯᠡᠰ | ᠪᠠ ᠬᠤᠭ ᠰᠢᠲᠠᠭᠠᠬᠤ ᠦᠭᠡᠢ᠃ ᠭᠠᠯ ᠲᠡᠭᠡᠭᠦᠷ ᠠᠯᠬᠤᠵᠦ ᠭᠠᠷᠬᠤ᠂ ᠲᠣᠯᠭ᠎ᠠ ᠲᠡᠭᠡᠭᠦᠷ ᠠᠯᠬᠤᠵᠦ ᠭᠠᠷᠬᠤ ᠶᠢ ᠴᠡᠭᠡᠷᠯᠡᠨ᠎ᠡ᠃ | ᠰᠣᠩᠬᠢᠨ᠎ᠠ ᠰᠠᠷᠢᠮᠰᠠᠭ ᠤᠨ ᠬᠠᠯᠢᠰᠦ ᠶᠢ ᠵᠣᠣᠬᠠᠨ ᠳᠤ ᠬᠢᠬᠦ ᠶᠢ ᠴᠡᠭᠡᠷᠯᠡᠨ᠎ᠡ᠃ ᠭᠠᠯ ᠤᠨ ᠦᠨᠡᠰᠣᠨ ᠲᠡᠭᠡᠷ᠎ᠡ | ᠰᠢᠭᠡᠬᠦ ᠶᠢ ᠴᠡᠭᠡᠷᠯᠡᠨ᠎ᠡ᠃ | ︵ᠬᠤᠶᠠᠷ︶ ᠣᠰᠣᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ | ᠮᠣᠩᠭᠤᠯᠴᠣᠳ ᠤᠨ ᠲᠠᠷᠬᠠᠨ ᠰᠠᠭᠤᠷᠢᠰᠢᠵᠦ ᠪᠠᠶᠢᠭ᠎ᠠ ᠭᠠᠵᠠᠷ ᠨᠤᠲᠤᠭ ᠪᠣᠯ ᠭᠠᠩ ᠬᠠᠭᠤᠷᠠᠢ ᠪᠤᠶᠤ ᠵᠠᠷᠢᠮᠳᠠᠭ ᠬᠠᠭᠤᠷᠠᠢ ᠣᠷᠣᠨ ᠳᠤ ᠪᠠᠭᠳᠠᠵᠦ᠂ | ᠬᠤᠷ᠎ᠠ ᠲᠣᠨᠣᠳᠠᠰᠣ ᠴᠦᠬᠡᠨ ᠣᠰᠣ ᠣᠮᠳᠠ ᠳᠣᠲᠠᠭᠳᠠᠳᠠᠭ ᠲᠣᠯᠠ ᠲᠡᠳᠡ ᠣᠰᠣ ᠶᠢ ᠠᠷᠪᠢᠯᠠᠬᠤ ᠪᠠ ᠭᠤᠣᠯ ᠤᠨ ᠣᠰᠣ᠂ ᠪᠣᠯᠠᠭ ᠤᠨ | ᠣᠰᠣᠨ ᠤ ᠠᠷᠢᠭᠤᠨ ᠴᠡᠪᠡᠷ ᠢ ᠬᠠᠮᠠᠭᠠᠯᠠᠬᠤ ᠵᠠᠩᠰᠢᠯ ᠲᠠᠢ ᠪᠠᠶᠢᠵᠦ᠂ ᠣᠰᠣ ᠶᠢ ᠠᠮᠢ ᠨᠠᠰᠣᠨ ᠤ ᠡᠬᠢ ᠪᠣᠯᠠᠭ ᠭᠡᠵᠤ ᠦᠵᠡᠳᠡᠭ᠃ | | ᠮᠤᠩᠭᠤᠯᠴᠣᠳ ᠣᠰᠣᠨ ᠳᠤ ᠰᠢᠭᠡᠵᠦ ᠭᠠᠲᠠᠭᠠᠯᠠᠬᠤ ᠶᠢ ᠴᠡᠭᠡᠷᠯᠡᠳᠡᠭ᠃ ᠣᠰᠣ ᠶᠢ ᠪᠢᠲᠡᠭᠦᠯᠵᠦ ᠠᠪᠬᠤ ᠦᠭᠡᠢ᠂ ᠡᠷᠬᠡᠪᠰᠢ ᠰᠠᠪᠠ | ᠰᠠᠭᠤᠯᠠᠭ᠎ᠠ ᠪᠠᠷ ᠠᠪᠳᠠᠭ᠃ ᠭᠤᠣᠯ ᠳᠤ ᠪᠡᠶ᠎ᠡ ᠣᠬᠢᠶᠠᠬᠤ᠂ ᠬᠤᠪᠴᠠᠰᠣ ᠣᠬᠢᠶᠠᠬᠤ ᠪᠣᠬᠢᠷ ᠣᠰᠣ | ᠠᠰᠬᠠᠬᠤ ᠶᠢ ᠴᠡᠭᠡᠷᠯᠡᠳᠡᠭ᠃ | ᠪᠣᠯᠠᠭ ᠤᠨ ᠣᠰᠣᠨ ᠳᠤ ᠪᠣᠵᠠᠷ ᠶᠠᠭᠤᠮ᠎ᠠ ᠬᠢᠬᠦ ᠪᠣᠶᠣ ᠰᠦ ᠳᠣᠰᠣᠯᠭᠠᠵᠦ ᠪᠣᠯᠬᠤ ᠦᠭᠡᠢ᠂ ᠡᠰᠡ ᠲᠡᠭᠡᠪᠡᠯ ᠪᠣᠯᠠᠭ ᠤᠨ ᠣᠰᠣ ᠶᠢ | ᠪᠣᠬᠢᠷᠲᠣᠭᠤᠯᠵᠦ ᠣᠰᠣᠨ ᠤ ᠰᠠᠬᠢᠭᠤᠰᠣ ᠶᠢ ᠠᠭᠤᠷᠯᠠᠭᠤᠯᠬᠤ ᠪᠣᠯᠣᠨ᠎ᠠ ᠬᠡᠳᠡᠭ᠃ ᠮᠠᠯ ᠢ ᠪᠣᠯᠠᠭ ᠤᠨ | ᠡᠬᠢ ᠠᠴᠠ ᠣᠰᠣᠯᠠᠵᠦ ᠪᠣᠯᠬᠤ ᠦᠭᠡᠢ᠂ ᠣᠴᠢᠷ ᠨᠢ ᠣᠨᠴᠠᠭᠠᠢ ᠡᠮ ᠤᠨ ᠦᠢᠯᠡᠳᠣᠯ ᠲᠠᠢ ᠪᠣᠯᠠᠭ ᠤᠨ ᠣᠰᠦ ᠶᠢ | ᠪᠣᠯᠠᠭ ᠤᠨ ᠡᠬᠢᠨ ᠳᠤ ᠣᠰᠣᠯᠠᠬᠤ ᠨᠢ ᠵᠣᠬᠢᠰ ᠦᠭᠡᠢ ᠭᠡᠳᠡᠭ᠃ | ︵ᠭᠤᠷᠪᠠ︶ ᠠᠮᠢᠲᠡᠨ ᠵᠢᠭᠦᠷᠲᠡᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ | ᠮᠣᠩᠭᠤᠯᠴᠣᠳ ᠶᠡᠷᠣᠳᠡᠭᠡᠨ ᠬᠠᠪᠣᠷ᠂ ᠵᠣᠨ ᠠᠷᠢᠶᠠᠲᠡᠨ ᠵᠢᠭᠦᠷᠲᠡᠨ ᠤ ᠲᠦᠷᠣᠵᠦ ᠦᠷᠡᠵᠢᠬᠦ ᠴᠠᠭ ᠲᠤ ᠠᠩᠨᠠᠳᠠᠭ ᠦᠭᠡᠢ᠃ ᠰᠠᠷ᠎ᠠ | ᠪᠦᠷᠢ ᠶᠢᠨ ᠰᠢᠨ᠎ᠡ ᠶᠢᠨ ᠨᠠ᠊ᠢ᠊ᠮᠠᠨ᠂ ᠠᠷᠪᠠᠨ ᠲᠠᠪᠣᠨ᠂ ᠭᠤᠴᠢᠨ ᠳᠤ ᠠᠩᠨᠠᠬᠤ ᠶᠢ ᠴᠡᠭᠡᠷᠯᠡᠨ᠎ᠡ᠃ ᠬᠦᠷᠢᠶ᠎ᠡ | ᠠᠪᠠ ᠬᠢᠬᠦ ᠳᠤ ᠬᠤᠮᠢᠵᠦ ᠠᠪᠴᠢᠷᠠᠭᠰᠠᠨ ᠠᠷᠢᠶᠠᠲᠡᠨ ᠢᠶᠠᠨ ᠳᠠᠭᠤᠰᠬᠠᠨ ᠠᠩᠨᠠᠳᠠᠭ ᠪᠢᠰᠢ᠂ ᠬᠠᠷᠢᠨ ᠶᠡᠬᠡᠩᠬᠢ ᠶᠢ ᠨᠢ ᠲᠠᠯᠪᠢᠵᠦ ᠶᠠᠪᠣᠭᠤᠯᠳᠠᠭ᠃ | ᠨᠢᠯᠬ᠎ᠠ ᠲᠦᠯ᠂ ᠬᠡᠬᠡᠯ ᠲᠠᠢ᠂ ᠬᠦᠬᠦᠭᠦᠯ ᠠᠮᠢᠲᠠᠨ ᠢ ᠠᠩᠨᠠᠬᠤ ᠦᠭᠡᠢ ᠮᠦᠷᠳᠡᠭᠡᠨ ᠰᠣᠴᠢᠭᠠᠨ ᠦᠷᠭᠦᠭᠡᠬᠦ ᠶᠢ ᠴᠦ ᠴᠡᠭᠡᠷᠯᠡᠨ᠎ᠡ᠂ ᠡᠰᠨ | ᠲᠡᠭᠡᠪᠡᠯ ᠠᠩ ᠤᠨ ᠲᠡᠭᠷᠢ ᠬᠠᠶᠠᠵᠦ ᠠᠷᠢᠶᠠᠲᠡᠨ ᠵᠢᠭᠦᠷᠲᠡᠨ ᠬᠤᠪᠣᠷᠲᠠᠨᠠ ᠭᠡᠳᠡᠭ᠃ | ᠴᠢᠨ᠋ᠸ᠎ᠠ᠂ ᠦᠨᠡᠭᠡ ᠶᠢ ᠬᠠᠷᠪᠣᠨ ᠠᠯᠠᠬᠤ ᠶᠢ ᠴᠡᠭᠡᠷᠯᠡᠳᠡᠭ᠃ ᠬᠠᠪᠬ᠎ᠠ ᠪᠠᠷ ᠬᠡᠷᠢᠶ᠎ᠡ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠭᠦᠨ ᠢ | ᠠᠩ ᠬᠤᠮᠰᠠᠳᠠᠵᠦ ᠣᠯᠵᠠ ᠦᠭᠡᠢ ᠬᠠᠷᠢᠬᠤ ᠶᠢᠨ ᠲᠡᠮᠳᠡᠭ ᠭᠡᠵᠦ ᠦᠵᠡᠳᠡᠭ᠃ ᠮᠠᠩᠭᠢᠰᠣ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠰᠨ | ᠲᠡᠭᠡᠪᠡᠯ ᠲᠦᠷᠣᠯ ᠰᠠᠲᠣᠨ ᠨᠢ ᠬᠠᠷᠢᠶᠠᠯ ᠳᠤ ᠣᠴᠠᠷᠠᠨ᠎ᠠ ᠭᠡᠳᠡᠭ᠃ ᠦᠨᠡᠭᠡ ᠶᠢᠨ ᠨᠦᠬᠡ ᠶᠢ ᠮᠠᠯᠲᠠᠬᠤ ᠶᠢ ᠴᠡᠭᠡᠷᠯᠡᠳᠡᠭ᠃ ᠮᠣᠭᠠᠢ ᠶᠢ ᠠᠯᠠᠵᠦ | ᠪᠣᠯᠬᠤ ᠦᠭᠡᠢ᠂ ᠡᠨᠡ ᠨᠢ ᠠᠮᠢ ᠨᠠᠰᠣᠨ ᠳᠤ ᠠᠶᠣᠯ ᠳᠣᠬᠢᠶᠠᠯᠳᠣᠬᠤ ᠮᠦᠷᠳᠡᠭᠡᠨ ᠠᠭᠤᠯᠠ ᠣᠰᠣᠨ ᠤ ᠣᠩᠭᠤᠳ ᠰᠠᠬᠢᠭᠤᠯᠰᠣᠨ ᠢ | ᠠᠭᠤᠷᠯᠠᠭᠤᠯᠣᠨ᠎ᠠ ᠭᠡᠳᠡᠭ᠃ | ᠬᠤᠣᠰᠯᠡᠨ ᠨᠢᠰᠴᠦ ᠪᠠᠶᠢᠭ᠎ᠠ ᠵᠢᠭᠦᠷᠲᠡᠨ ᠢ ᠠᠩᠨᠠᠬᠤ ᠶᠢ ᠴᠡᠭᠡᠷᠯᠡᠳᠡᠭ᠃ ᠨᠡᠭᠦᠳᠡᠯ ᠤᠨ ᠰᠢᠪᠠᠭᠤ ᠶᠢ ᠠᠯᠠᠬᠤ ᠶᠢ ᠴᠡᠭᠡᠷᠯᠡᠳᠡᠭ᠃ ᠬᠤᠨ | ᠭᠠᠯᠠᠭᠤ ᠶᠢ ᠪᠡᠯᠭᠡᠲᠦ ᠵᠢᠭᠦᠷᠲᠡᠨ ᠭᠡᠵᠦ ᠦᠵᠡᠵᠦ ᠠᠯᠠᠬᠤ ᠶᠢ ᠴᠡᠭᠡᠷᠯᠡᠳᠡᠭ᠃ ᠲᠣᠭᠤᠷᠣᠣ ᠶᠢ ᠦᠷᠭᠦᠬᠡᠵᠦ | ᠰᠣᠴᠢᠭᠠᠬᠤ ᠪᠣᠶᠣ ᠡᠭᠦᠷ ᠦᠨᠳᠡᠭᠡ ᠳᠤ ᠨᠢ ᠣᠶᠢᠷᠠᠲᠣᠬᠤ ᠶᠢ ᠴᠡᠭᠡᠷᠯᠡᠳᠡᠭ᠃ ᠰᠢᠪᠠᠭᠤᠨ ᠤ ᠡᠭᠦᠷ ᠢ ᠡᠪᠳᠡᠬᠦ ᠦᠭᠡᠢ᠂ | ᠰᠢᠪᠠᠭᠤᠨ ᠤ ᠦᠨᠳᠡᠭᠡ ᠪᠠ ᠵᠣᠯᠵᠠᠭ᠎ᠠ ᠶᠢ ᠠᠪᠬᠤ ᠶᠢ ᠴᠡᠭᠡᠷᠯᠡᠳᠡᠭ᠃ | | | ᠭᠤᠷᠪᠠ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠤ ᠠᠴᠢ ᠬᠤᠯᠪᠣᠭᠳᠠᠯ | | | ︵ᠨᠢᠭᠡ︶ ᠪᠠᠶᠢᠭᠠᠯᠢ ᠶᠢ ᠰᠦᠰᠦᠭᠯᠡᠨ ᠪᠢᠰᠢᠷᠡᠬᠦ᠂ ᠪᠠᠶᠢᠭᠠᠯᠢ ᠶᠢ ᠲᠡᠭᠡᠳᠣᠯᠡᠨ ᠬᠦᠨᠲᠦᠳᠭᠡᠬᠦ ᠪᠣᠯ ᠮᠣᠩᠭᠤᠯᠴᠣᠳ ᠤᠨ ︽ᠪᠠᠶᠢᠭᠠᠯᠢ | ᠪᠣᠯ ᠬᠠᠯᠳᠠᠰᠢ ᠦᠭᠡᠢ ᠲᠠᠷᠬᠠᠨ︾ ᠭᠡᠳᠡᠭ ᠪᠠᠶᠢᠭᠠᠯᠢ ᠶᠢᠨ ᠴᠡᠭᠡᠷ ᠶᠣᠰᠣᠨ ᠤ ᠴᠦᠮ᠎ᠡ ᠮᠦᠨ᠃ ᠡᠨᠡ ᠨᠢ ᠮᠦᠨᠴᠦ | ᠮᠣᠩᠭᠤᠯᠴᠣᠳ ᠤᠨ ᠵᠠᠭᠤ ᠮᠢᠩᠭᠠᠨ ᠵᠢᠯ ᠤᠨ ᠲᠣᠷᠰᠢ ᠨᠡᠭᠦᠳᠡᠯ ᠮᠠᠯᠵᠢᠯ ᠢ ᠡᠷᠬᠢᠯᠡᠬᠦ ᠳᠣᠮᠳᠠ ᠪᠠᠶᠢᠭᠠᠯᠢ ᠶᠢᠨ | ᠣᠷᠴᠢᠨ ᠲᠣᠭᠤᠷᠢᠨ ᠲᠡᠩᠴᠡᠭᠦᠷᠢᠲᠠᠢ᠂ ᠠᠮᠢᠳᠦ ᠪᠣᠳᠠᠰ ᠤᠨ ᠲᠦᠷᠣᠯ ᠤᠨ ᠣᠷᠣᠰᠢᠨ ᠬᠦᠭᠵᠢᠬᠦ ᠶᠢ ᠠᠬᠢᠭᠤᠯᠣᠭᠰᠠᠨ ᠤ ᠴᠢᠬᠤᠯᠠ ᠨᠦᠬᠦᠴᠡᠯ ᠮᠥᠨ᠃ | | ︵ᠬᠤᠶᠠᠷ︶ ᠠᠮᠢᠳᠡᠨ ᠳᠤ ᠲᠠᠯᠠᠷᠬᠠᠬᠤ᠂ ᠠᠮᠢᠳᠡᠨ ᠢ ᠲᠡᠭᠡᠳᠣᠯᠡᠨ ᠦᠵᠡᠬᠦ ᠠᠴᠠ ᠪᠣᠯᠵᠦ ᠠᠮᠢᠳᠡᠨ ᠤ ᠲᠣᠬᠠᠢ ᠴᠡᠭᠡᠷ ᠶᠣᠰᠣᠨ ᠡᠭᠦᠰᠴᠠᠢ᠃ | ᠵᠢᠱᠢᠶᠡᠯᠡᠪᠡᠯ ᠮᠣᠩᠭᠤᠯᠴᠣᠳ ᠡᠷᠲᠡ ᠣᠵᠣᠭᠤᠷ ᠴᠠᠭ ᠲᠤ ᠴᠢᠨ᠋ᠸ᠎ᠠ᠂ ᠪᠣᠭᠤ ᠵᠡᠷᠭᠡ ᠶᠢ ᠲᠣᠲ᠋ᠧᠮ ᠪᠣᠯᠭᠠᠨ ᠰᠢᠲᠣᠵᠦ ᠲᠠᠭᠤᠰᠲᠠᠯ᠎ᠠ ᠠᠯᠠᠳᠠᠭ ᠦᠭᠡᠢ᠃ | ᠬᠤᠨ ᠭᠠᠯᠠᠭᠤ᠂ ᠲᠣᠭᠤᠷᠣᠣ ᠵᠡᠷᠭᠡ ᠶᠢ ᠲᠣᠲ᠋ᠧᠮ ᠰᠢᠲᠦᠭᠡᠨ ᠪᠣᠯᠭᠠᠵᠦ ᠠᠯᠠᠬᠤ ᠶᠢ ᠴᠡᠭᠡᠷᠯᠡᠳᠡᠭ᠃ ᠡᠳᠡᠭᠡᠷ ᠨᠢ ᠪᠣᠰᠣᠳᠴᠢ ᠲᠡᠭᠡᠷ᠎ᠡ ᠪᠠᠨ | ᠬᠦᠮᠣᠰ ᠤᠨ ᠠᠵᠢᠯᠯᠠᠭ᠎ᠠ ᠶᠢ ᠪᠦᠳᠦᠮᠵᠢᠲᠠᠢ ᠬᠤᠷᠢᠬᠯᠠᠵᠦ᠂ ᠮᠣᠩᠭᠤᠯ ᠣᠷᠣᠨ ᠤ ᠠᠷᠢᠶᠠᠲᠡᠨ ᠵᠢᠭᠦᠷᠲᠡᠨ ᠤ ᠡᠬᠢ | ᠪᠠᠶᠠᠯᠢᠭ ᠢ ᠬᠠᠮᠠᠭᠠᠯᠠᠬᠤ ᠳᠤ ᠣᠨᠴᠠᠭᠠᠢ ᠬᠤᠪᠢ ᠨᠡᠮᠡᠷᠢ ᠦᠵᠡᠭᠦᠯᠵᠠᠢ᠃ | ︵ᠭᠤᠷᠪᠠ︶ ᠬᠦᠮᠣᠨ ᠲᠦᠷᠣᠯᠬᠢᠲᠡᠨ ᠪᠣᠯ ᠪᠠᠶᠢᠭᠠᠯᠢ ᠲᠠᠢ ᠨᠢᠭᠳᠠ ᠬᠠᠷᠢᠴᠠᠭ᠎ᠠ ᠬᠤᠯᠪᠣᠭ᠎ᠠ ᠲᠠᠢ ᠶᠤᠮ᠃ ᠮᠣᠩᠭᠤᠯᠴᠣᠳ | ᠪᠠᠶᠢᠭᠠᠯᠢ ᠲᠠᠢ ᠬᠠᠷᠢᠴᠠᠬᠤ ᠳᠣᠮᠳᠠ ᠪᠠᠶᠢᠭᠠᠯᠢ ᠶᠢᠨ ᠠᠰᠢᠭ ᠰᠢᠮ᠎ᠡ᠂ ᠬᠡᠰᠢᠭ ᠰᠣᠶᠣᠷᠬᠠᠯ ᠢ ᠬᠦᠷᠲᠡᠬᠦ | ᠳ᠋ᠭᠡᠨ ᠦᠭᠴᠦ ᠠᠪᠬᠤ ᠪᠠᠨ ᠲᠡᠩᠴᠡᠭᠦᠯᠣᠨ ᠪᠠᠶᠢᠭᠠᠯᠢ ᠳᠤ ᠬᠠᠨᠳᠣᠬᠤ ᠦᠵᠡᠯᠲᠡ ᠲᠠᠢ ᠪᠣᠯᠵᠦ᠂ ᠪᠠᠶᠢᠭᠠᠯᠢ ᠶᠢ ᠡᠪᠳᠡᠨ ᠰᠦᠢᠳᠬᠡᠬᠦ ᠦᠭᠡᠢ᠂ | ᠪᠠᠶᠢᠭᠠᠯᠢ ᠶᠢ ᠭᠠᠮᠨᠠᠨ ᠬᠠᠶᠢᠷᠠᠯᠠᠵᠦ᠂ ᠪᠠᠶᠢᠭᠠᠯᠢ ᠶᠢ ᠲᠡᠭᠡᠳᠣᠯᠡᠨ ᠬᠦᠨᠲᠣᠳᠭᠡᠬᠦ ᠵᠠᠩ ᠵᠠᠩᠰᠢᠯ ᠲᠠᠢ ᠪᠣᠯᠵᠠᠢ᠃ | ᠡᠨᠡ ᠨᠢ ᠣᠳᠣ ᠦᠶ᠎ᠡ ᠶᠢᠨ ᠬᠦᠮᠣᠰ ᠤᠨ ᠳᠣᠷᠠᠳᠣᠭᠰᠠᠨ ᠬᠦᠮᠣᠨ ᠪᠠ ᠪᠠᠶᠢᠭᠠᠯᠢ ᠨᠢᠭᠡᠲᠣᠯ ᠲᠠᠢ᠂ ᠬᠦᠮᠣᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠵᠦ᠂ | ᠪᠠᠶᠢᠭᠠᠯᠢ ᠶᠢᠨ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠦᠵᠡᠯᠲᠡ ᠲᠠᠢ ᠨᠢᠭᠡᠲᠣᠯ ᠲᠠᠢ ᠪᠠᠶᠢᠵᠦ᠂ ᠬᠦᠮᠣᠰ ᠪᠠᠶᠢᠭᠠᠯᠢ ᠠᠬᠤᠢ ᠪᠠᠨ | ᠬᠠᠮᠠᠭᠠᠯᠠᠬᠤ ᠳᠤ ᠭᠦᠨ ᠭᠦᠨᠵᠡᠭᠡᠢ ᠠᠬᠤᠶᠢᠴᠢ ᠠᠴᠢ ᠬᠤᠯᠪᠣᠭᠳᠠᠯ ᠲᠠᠢ ᠠᠴᠠ ᠮᠤᠩᠭᠤᠯᠴᠤᠳ ᠮᠠᠨᠢ | ᠠᠮᠢ ᠠᠬᠤᠢ ᠶᠢᠨ ᠬᠠᠮᠠᠭᠠᠯᠠᠯᠳᠠ ᠶᠢᠨ ᠲᠤᠬᠠᠢ ᠴᠡᠭᠡᠷ ᠶᠤᠰᠤᠨ ᠢᠶᠠᠨ ᠦᠪᠯᠡᠵᠦ ᠶᠠᠪᠤᠶ᠎ᠠ᠃ | |