ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠢ ᠲᠣᠷᠰᠢᠨ ᠦᠭᠦᠯᠡᠬᠦ ᠨᠢ
ᠨᠡᠶᠢᠲᠡᠯᠡᠭᠰᠡᠨ ᠴᠠᠭ᠄
2020/3/17

◆  ᠠᠭᠤᠯᠭ᠎ᠠ ᠶᠢᠨ ᠲᠣᠪᠴᠢ᠄ ᠴᠡᠭᠡᠷ ᠶᠣᠰᠣᠨ ᠵᠢᠴᠢ ᠴᠡᠭᠡᠷ ᠶᠣᠰᠣᠨ ᠤ ᠡᠭᠦᠰᠣᠯ ᠢ ᠲᠣᠷᠠᠳᠬᠤ ᠠᠴᠠ ᠭᠠᠷᠳᠠᠨ

ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠢ ᠭᠤᠣᠯᠳᠠᠯᠭ᠎ᠠ ᠲᠠᠢ ᠦᠭᠦᠯᠡᠵᠦ᠂

ᠲᠡᠭᠦᠨ ᠤ ᠬᠦᠮᠦᠨ ᠪᠠ ᠪᠠᠶᠢᠭᠠᠯᠢ ᠨᠢᠭᠡᠲᠣᠯ ᠲᠠᠢ᠂ ᠬᠦᠮᠦᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠬᠤ᠂

ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠠᠬᠤᠶᠢᠴᠢ ᠠᠴᠢ ᠬᠤᠯᠪᠣᠭᠳᠠᠯ ᠤᠨ ᠲᠤᠬᠠᠢ ᠦᠭᠦᠯᠡᠭᠰᠡᠨ ᠪᠠᠶᠢᠨ᠎ᠠ᠃

◆  ᠵᠠᠩᠭᠢᠯᠠᠭ᠎ᠠ ᠶᠢᠨ ᠦᠭᠡ᠄ ᠴᠡᠭᠡᠷ ᠶᠣᠰᠣᠨ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ᠂ ᠠᠴᠢ

ᠬᠤᠯᠪᠣᠭᠳᠠᠯ

          ᠨᠢᠭᠡ᠂ ᠴᠡᠭᠡᠷ ᠶᠣᠰᠣᠨ ᠵᠢᠴᠢ ᠲᠡᠭᠦᠨ ᠤ ᠡᠭᠦᠰᠣᠯ

   ᠴᠡᠭᠡᠷ ᠶᠣᠰᠣᠨ ᠪᠣᠯ ᠬᠦᠮᠣᠰ ᠤᠨ ᠨᠡᠶᠢᠭᠡᠮ ᠤᠨ ᠠᠵᠢᠯᠯᠠᠭ᠎ᠠ᠂ ᠢᠲᠡᠭᠡᠯ ᠪᠢᠰᠢᠷᠡᠯ ᠤᠨ ᠠᠵᠢᠯᠯᠠᠭ᠎ᠠ ᠶᠢ ᠵᠣᠬᠢᠴᠠᠭᠤᠯᠬᠤ

ᠨᠢᠭᠡ ᠵᠦᠢᠯ ᠤᠨ ᠣᠶᠢᠯᠠᠭᠠᠭᠳᠠᠬᠤᠨ ᠪᠠ ᠠᠷᠭ᠎ᠠ ᠮᠠᠶ᠋ᠢᠭ ᠤᠨ ᠶᠡᠷᠣᠩᠬᠡᠶᠢᠯᠡᠯ ᠮᠦᠨ᠃ ᠲᠡᠷᠡ ᠪᠣᠯ ᠡᠯ᠎ᠡ ᠦᠨᠳᠦᠰᠣᠲᠡᠨ ᠤ

ᠳᠣᠮᠳᠠ ᠲᠦᠭᠡᠮᠡᠯ ᠣᠷᠣᠰᠢᠵᠣ ᠪᠠᠶᠢᠭ᠎ᠠ ᠣᠶᠢᠯᠠᠭᠠᠭᠳᠠᠬᠤᠨ᠂ ᠵᠠᠩ ᠦᠢᠯᠡ ᠶᠢᠨ ᠰᠣᠶᠣᠯ ᠤᠨ ᠦᠵᠡᠭᠳᠡᠯ ᠮᠥᠨ᠃

   ᠴᠡᠭᠡᠷ ᠶᠣᠰᠣᠨ ᠤ ᠡᠭᠦᠰᠣᠯ ᠪᠣᠯ ᠪᠠᠶᠢᠭᠠᠯᠢ ᠶᠢᠨ ᠰᠢᠲᠦᠯᠭᠡ᠂ ᠡᠪᠦᠭᠡ ᠳᠡᠭᠡᠳᠣᠰ ᠤᠨ ᠰᠢᠲᠦᠯᠭᠡ ᠵᠢᠴᠢ ᠴᠢᠳᠭᠦᠷ

ᠰᠠᠬᠢᠭᠤᠯᠰᠣᠨ ᠠᠴᠠ ᠡᠮᠢᠶᠡᠨ ᠰᠦᠷᠳᠡᠬᠦ᠂ ᠳᠠᠷᠣᠢ ᠪᠠᠯᠠᠷ ᠡᠷᠲᠡᠨ ᠤ ᠲᠦᠮᠡᠨ ᠪᠣᠳᠠᠰ

ᠠᠮᠢ ᠭᠤᠣᠯ ᠲᠠᠢ᠂ ᠡᠵᠡᠳ ᠰᠠᠬᠢᠭᠤᠰᠣ ᠲᠠᠢ ᠭᠡᠬᠦ ᠣᠶᠢᠯᠠᠭᠠᠭᠳᠠᠬᠤᠨ ᠠᠴᠠ ᠢᠷᠡᠵᠠᠢ᠃ ᠠᠯᠣᠰ ᠡᠷᠲᠡᠨ ᠤ

ᠬᠠᠭᠤᠴᠢᠨ ᠪᠠᠯᠠᠷᠯᠢᠭ ᠦᠢᠯᠡᠳᠪᠣᠷᠢᠯᠡᠯ ᠤᠨ ᠨᠦᠬᠦᠴᠡᠯ ᠳᠣᠣᠷ᠎ᠠ᠂ ᠬᠦᠮᠦᠰ ᠤᠨ ᠪᠠᠶᠢᠭᠠᠯᠢ ᠳᠤ ᠲᠦᠰᠢᠭᠯᠡᠬᠦ

ᠴᠢᠨᠠᠷ ᠴᠢᠩᠭ᠎ᠠ᠂ ᠰᠢᠨᠵᠢᠯᠡᠬᠦ ᠤᠬᠠᠭᠠᠨ ᠮᠡᠷᠭᠡᠵᠢᠯ ᠲᠦᠢᠯ ᠤᠨ ᠬᠤᠴᠣᠷᠣᠩᠭᠤᠢ ᠲᠣᠯᠠ ᠬᠦᠮᠣᠰ ᠡᠯ᠎ᠡ ᠵᠦᠢᠯ ᠤᠨ

ᠪᠠᠶᠢᠭᠠᠯᠢ ᠶᠢᠨ ᠭᠠᠮᠰᠢᠭ ᠪᠠ ᠡᠪᠡᠳᠴᠢᠨ ᠡᠮᠬᠡᠭ ᠢ ᠲᠠᠶᠢᠯᠪᠣᠷᠢᠯᠠᠬᠤ ᠶᠢᠨ ᠠᠷᠭ᠎ᠠ ᠦᠭᠡᠢ

ᠪᠦᠭᠡᠳ ᠢᠯᠠᠨ ᠳᠠᠪᠠᠭ᠋ᠣ ᠶᠢᠨ ᠠᠷᠭ᠎ᠠ ᠦᠭᠡᠢ ᠪᠠᠶᠢᠵᠣ᠂ ᠠᠯᠢᠪᠠ ᠪᠦᠬᠦᠨ ᠢᠶᠠᠨ ᠡᠵᠡᠳ ᠰᠠᠬᠢᠭᠤᠯᠰᠣᠨ ᠳᠤ

ᠨᠠᠶᠢᠳᠠᠬᠤ ᠪᠣᠯᠵᠣ᠂ ︽ᠡᠭᠦᠨ ᠢ ᠬᠢᠵᠣ ᠪᠣᠯᠬᠤ ᠦᠭᠡᠢ᠂ ᠲᠡᠭᠦᠨ ᠢ ᠬᠢᠵᠦ ᠪᠣᠯᠬᠤ ᠦᠭᠡᠢ︾ ᠭᠡᠵᠣ

ᠴᠡᠭᠡᠷ ᠶᠣᠰᠣᠨ ᠲᠣᠭᠲᠠᠭᠠᠵᠣ᠂ ᠦᠪᠡᠷ ᠤᠨ ᠪᠡᠶ᠎ᠡ ᠪᠠᠨ ᠪᠠᠷᠢᠵᠣ ᠬᠢᠵᠠᠭᠠᠷᠯᠠᠬᠤ ᠪᠠᠷ ᠳᠠᠮᠵᠢᠭᠤᠯᠤᠨ ᠡᠵᠡᠳ

ᠰᠠᠬᠢᠭᠤᠯᠰᠣᠨ ᠤ ᠦᠷᠣᠰᠢᠶᠡᠯ ᠬᠠᠮᠠᠭᠠᠯᠠᠯ ᠢ ᠣᠯᠬᠤ ᠭᠡᠰᠡᠨ ᠳᠤ ᠪᠠᠶᠢᠭ᠎ᠠ ᠶᠤᠮ᠃ ᠡᠳᠡᠭᠡᠷ

ᠴᠡᠭᠡᠷ ᠶᠣᠰᠣ ᠨᠢ ᠬᠡᠳᠦ᠋ᠢᠪᠡᠷ ᠳᠠᠯᠳᠠ ᠰᠣᠨᠢᠨ᠂ ᠶᠠᠷᠰᠢᠭ ᠲᠡᠪᠡᠭ ᠲᠠᠢ᠂ ᠰᠠᠱᠢᠨ ᠰᠣᠷᠲᠠᠬᠤᠨ ᠤ ᠦᠩᠭᠡ

ᠪᠣᠳᠤᠭ ᠭᠦᠨ ᠨᠡᠪᠴᠢᠭᠰᠡᠨ ᠪᠠᠶᠢᠳᠠᠭ ᠪᠣᠯᠪᠠᠴᠣ ᠮᠦᠨ ᠴᠢᠨᠠᠷ ᠲᠡᠭᠡᠷ᠎ᠡ ᠪᠠᠨ ᠲᠣᠰ ᠦᠨᠳᠣᠰᠣᠲᠡᠨ ᠤ

ᠪᠠᠶᠢᠭᠠᠯᠢ ᠶᠢᠨ ᠲᠣᠬᠠᠢ ᠲᠠᠨᠢᠯᠲᠠ ᠶᠢ ᠳᠣᠰᠬᠠᠭᠰᠠᠨ ᠪᠠᠶᠢᠳᠠᠭ᠃

          ᠬ᠊‍ᠤᠶᠠᠷ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ

   ᠮᠣᠩᠭᠤᠯᠴᠣᠳ ᠵᠢᠯ ᠤᠨ ᠳᠦᠷᠪᠡᠨ ᠣᠯᠠᠷᠢᠯ ᠳᠤ ᠨᠡᠭᠦᠳᠡᠯᠯᠡᠨ ᠮᠠᠯᠵᠢᠬᠤ ᠠᠮᠢᠳᠣᠷᠠᠯ ᠢ ᠬᠢᠵᠣ᠂ ᠪᠠᠶᠢᠭᠠᠯᠢ ᠲᠠᠢ

ᠰᠢᠭᠤᠳ ᠬᠠᠷᠢᠯᠴᠠᠬᠤ ᠳᠣᠮᠳᠠ ᠪᠠᠶᠢᠭᠠᠯᠢ ᠯᠤᠭ᠎ᠠ ᠲᠦᠰᠢᠯᠴᠡᠬᠦ ᠬᠠᠷᠢᠴᠠᠭ᠎ᠠ ︵ᠮᠠᠯ ᠰᠦᠷᠣᠭ᠌ ᠨᠢ ᠣᠰᠣ

ᠣᠮᠳᠠ ᠡᠪᠡᠰᠣ ᠪᠡᠯᠴᠢᠭᠡᠷ ᠢ

ᠲᠦᠰᠢᠭᠯᠡᠬᠦ᠂ ᠬᠦᠮᠣᠨ ᠨᠢ ᠮᠠᠯ ᠰᠦᠷᠣᠭ᠌ ᠢᠶᠠᠨ ᠲᠦᠰᠢᠭᠯᠡᠬᠦ︶ ᠶᠢ ᠲᠠᠨᠢᠨ ᠮᠡᠳᠡᠵᠣ᠂ ᠪᠠᠶᠢᠭᠠᠯᠢ ᠠᠬᠤᠢ ︵ᠨᠣᠲᠤᠭ ᠪᠡᠯᠴᠢᠭᠡᠷ᠂

ᠣᠰᠣ ᠣᠮᠳᠠ᠂ ᠮᠠᠯ ᠰᠦᠷᠣᠭ᠌︶ ᠶᠢᠨ ᠬᠠᠷᠢᠴᠠᠭ᠎ᠠ ᠶᠢ ᠲᠣᠬᠢᠷᠠᠭᠤᠯᠬᠤ ᠮᠠᠰᠢ ᠠᠷᠪᠢᠨ ᠴᠡᠭᠡᠷ ᠶᠣᠰᠣ ᠶᠢ ᠡᠭᠦᠳᠣᠭ᠍ᠰᠡᠨ

ᠪᠠᠶᠢᠳᠠᠭ᠃ ᠡᠭᠦᠨ ᠤ ᠬᠠᠮᠲᠦ ᠡᠳᠡᠭᠡᠷ ᠴᠡᠭᠡᠷ ᠶᠣᠰᠣ ᠨᠢ ᠮᠣᠩᠭᠤᠯᠴᠣᠳ ᠤᠨ ᠭᠤᠶᠢᠪᠢᠰᠢ ᠦᠭᠡᠢ ᠢᠲᠡᠭᠡᠯ ᠪᠢᠰᠢᠷᠡᠯ ᠪᠠ

ᠶᠣᠰᠣ ᠰᠣᠷᠲᠠᠬᠤᠨ ᠤ ᠵᠢᠷᠣᠮᠯᠡᠯ ᠪᠣᠯᠵᠦ᠂ ᠡᠯ᠎ᠡ ᠵᠦᠢᠯ ᠤᠨ ᠴᠡᠭᠡᠷ ᠶᠣᠰᠣ ᠶᠢ ᠴᠢᠩᠭ᠎ᠠ ᠮᠦᠷᠳᠡᠨ ᠰᠠᠬᠢᠬᠤ ᠨᠢ

ᠮᠣᠩᠭᠤᠯ ᠬᠦᠮᠣᠨ ᠨᠢᠭᠡᠪᠣᠷᠢ ᠶᠢᠨ ᠶᠡᠷᠣᠳᠡ ᠶᠢᠨ ᠵᠠᠩ ᠵᠠᠩᠰᠢᠯ ᠪᠣᠯᠵᠠᠢ᠃ ᠡᠨᠡ ᠨᠢ ᠲᠠᠯ᠎ᠠ ᠨᠣᠲᠤᠭ ᠤᠨ ᠠᠮᠢ

ᠠᠬᠤᠢ ᠶᠢ ᠬᠠᠮᠠᠭᠠᠯᠠᠬᠤ ᠳᠤ ᠪᠣᠰᠣᠳ ᠶᠮᠠᠷᠪᠠ ᠬᠠᠣᠯᠢ ᠴᠠᠭᠠᠵᠠ᠂ ᠳᠦᠷᠢᠮ ᠲᠣᠭᠲᠠᠭᠠᠯ ᠲᠠᠢ ᠠᠳᠠᠯᠢᠳᠬᠠᠰᠢ ᠦᠭᠡᠢ

ᠢᠲᠡᠪᠬᠢ ᠦᠢᠯᠡᠳᠣᠯ ᠦᠵᠡᠬᠦᠯᠵᠠᠢ᠃

  ︵ᠨᠢᠭᠡ︶ ᠲᠠᠯ᠎ᠠ ᠨᠣᠲᠤᠭ ᠤᠨ ᠡᠪᠡᠰᠣ ᠪᠡᠯᠴᠢᠭᠡᠷ ᠢ ᠬᠠᠮᠠᠭᠠᠯᠠᠬᠤ᠂ ᠣᠢ ᠮᠣᠳᠣ ᠶᠢ

          ᠬᠠᠮᠠᠭᠠᠯᠠᠬᠤ᠂ ᠭᠠᠯ ᠢ ᠰᠡᠷᠭᠡᠶᠢᠯᠡᠬᠦ ᠴᠡᠭᠡᠷ ᠶᠣᠰᠣᠨ

   ᠮᠣᠩᠭᠤᠯᠴᠣᠳ ᠲᠦᠮᠡᠨ ᠪᠤᠳᠠᠰ ᠪᠦᠬᠦᠨ ᠴᠦᠮ ᠣᠩᠭᠤᠳ ᠰᠠᠬᠢᠭᠤᠰᠣ ᠲᠠᠢ ᠭᠡᠵᠦ ᠦᠵᠡᠳᠡᠭ ᠲᠣᠯᠠ ᠠᠭᠤᠯᠠ

ᠣᠰᠣ ᠪᠠᠨ ᠳᠣᠷ᠎ᠠ ᠲᠠᠪᠠ ᠪᠠᠷ ᠢᠶᠠᠨ ᠡᠪᠳᠡᠨ ᠰᠦᠢᠳᠭᠡᠪᠡᠯ ᠣᠩᠭᠤᠳ ᠰᠠᠬᠢᠭᠤᠰᠣ ᠶᠢ ᠨᠢ ᠬᠢᠯᠢᠩᠨᠡᠬᠦᠯᠵᠦ᠂

ᠡᠭᠦᠨ ᠠᠴᠠ ᠪᠣᠯᠵᠦ ᠭᠠᠢ ᠪᠠᠷᠴᠢᠳ ᠲᠤ ᠣᠴᠠᠷᠠᠬᠤ ᠪᠣᠯᠣᠨ᠎ᠠ ᠬᠡᠵᠦ ᠢᠲᠡᠭᠡᠳᠡᠭ᠃ ᠡᠪᠡᠰᠣ ᠪᠡᠯᠴᠢᠭᠡᠷ᠂ ᠣᠢ ᠮᠣᠳᠣ᠂

ᠠᠷᠢᠶᠠᠲᠡᠨ ᠵᠢᠭᠦᠷᠲᠡᠨ ᠵᠡᠷᠭᠡ ᠪᠣᠯ ᠴᠦᠮ ᠠᠭᠤᠯᠠ ᠣᠰᠣᠨ ᠤ ᠣᠩᠭᠤᠳ ᠰᠠᠬᠢᠭᠤᠰᠣ ᠶᠢᠨ ᠬᠢ

ᠪᠦᠭᠡᠳ ᠠᠷᠢᠶᠠᠲᠡᠨ ᠵᠢᠭᠦᠷᠲᠡᠨ ᠨᠢ ᠠᠭᠤᠯᠠ ᠣᠰᠣᠨ ᠤ ᠰᠠᠬᠢᠭᠤᠰᠣ ᠶᠢᠨ ᠰᠣᠶᠣᠷᠬᠠᠯ ᠭᠡᠵᠦ ᠦᠵᠡᠳᠡᠭ᠃

ᠡᠶᠢᠮᠦ ᠠᠴᠠ ᠣᠪᠣᠭᠠᠨ ᠤ ᠣᠶᠢᠷ᠎ᠠ ᠬᠠᠪᠢ ᠳᠠᠬᠢ ᠬᠦᠷᠣᠰᠣ ᠰᠢᠷᠣᠢ ᠶᠢ ᠮᠠᠯᠲᠠᠬᠤ᠂ ᠡᠪᠡᠰᠣ ᠮᠣᠳᠣ ᠶᠢ

ᠬᠦᠠᠳᠡᠬᠦ᠂ ᠠᠷᠢᠶᠠᠲᠡᠨ ᠵᠢᠭᠦᠷᠲᠡᠨ ᠢ ᠠᠩᠨᠠᠵᠦ ᠭᠦᠷᠣᠭᠡᠯᠡᠬᠦ ᠶᠢ ᠴᠡᠭᠡᠷᠯᠡᠳᠡᠭ᠃ ᠣᠪᠣᠭᠠᠨ ᠳᠡᠭᠡᠷᠡᠬᠢ ᠡᠪᠡᠰᠣ ᠮᠣᠳᠣ ᠶᠢ

ᠳᠣᠷ᠎ᠠ ᠪᠠᠷ ᠬᠦᠳᠡᠯᠭᠡᠬᠦ᠂ ᠣᠪᠣᠭᠠᠨ ᠤ ᠣᠶᠢᠷᠠᠯᠴᠠᠭ᠎ᠠ ᠨᠠᠭᠤᠷ ᠪᠦᠷᠢᠳᠦ ᠳᠠᠬᠢ ᠵᠢᠭᠠᠰᠣ

ᠵᠢᠷᠭᠠᠬᠠᠢ ᠶᠢ ᠱᠦᠭᠦᠬᠦ ᠶᠢ ᠴᠡᠭᠡᠷᠯᠡᠳᠡᠭ᠃

   ᠣᠢ ᠮᠣᠳᠣ ᠶᠢ ᠰᠦᠨᠡᠰᠣ ᠲᠠᠢ ᠠᠮᠢ ᠭᠤᠣᠯ ᠲᠠᠢ ᠭᠡᠵᠦ ᠦᠵᠡᠵᠦ ᠰᠢᠲᠦᠨ ᠪᠢᠰᠢᠷᠡᠳᠡᠭ ᠠᠴᠠ ᠲᠠᠯ᠎ᠠ ᠨᠣᠲᠤᠭ᠂

ᠪᠡᠯᠴᠢᠭᠡᠷ ᠬᠠᠳᠣᠯᠠᠩ ᠳᠠᠬᠢ ᠣᠢ ᠮᠣᠳᠣ ᠶᠢ ᠬᠠᠶᠢᠷᠠᠯᠠᠨ ᠬᠠᠮᠠᠭᠠᠯᠠᠬᠤ ᠶᠢ ᠣᠨᠴᠠ ᠠᠩᠬᠠᠷᠣᠨ

ᠮᠣᠳᠣ ᠶᠢ ᠣᠭᠲᠣᠯᠬᠤ᠂ ᠦᠷ᠎ᠡ ᠵᠢᠮᠢᠰ ᠲᠡᠭᠦᠬᠦ᠂ ᠲᠦᠯᠡᠭᠡ ᠲᠡᠭᠦᠬᠦ ᠴᠡᠭᠡᠷ ᠶᠣᠰᠣ ᠣᠯᠠᠨ ᠪᠠᠶᠢᠳᠠᠭ᠃

ᠲᠣᠬᠠᠶᠢᠯᠠᠪᠡᠯ ᠭᠠᠭᠴᠠ ᠮᠣᠳᠣ ᠶᠢ ᠣᠭᠲᠣᠯᠬᠤ ᠶᠢ ᠴᠡᠭᠡᠷᠯᠡᠳᠡᠭ᠃ ᠭᠤᠣ ᠶᠢᠨ ᠠᠮᠠ᠂

ᠦᠶᠡᠷ ᠤᠨ ᠵᠠᠮ᠂ ᠮᠠᠩᠬᠠᠨ ᠲᠣᠬᠤ᠂ ᠵᠣ ᠬᠦᠳᠣᠯ ᠳᠡᠭᠡᠷ᠎ᠡ ᠣᠷᠭᠤᠭᠰᠠᠨ ᠮᠣᠳᠣ ᠶᠢ ᠣᠭᠲᠣᠯᠬᠤ ᠶᠢ ᠴᠡᠭᠡᠷᠯᠡᠳᠡᠭ᠃

ᠦᠷ᠎ᠡ ᠵᠢᠮᠢᠰ ᠲᠡᠭᠦᠬᠦ ᠳᠤ ᠮᠣᠳᠣᠨ ᠤ ᠰᠠᠯᠠᠭ᠎ᠠ ᠮᠦᠴᠢᠷ ᠢ ᠬᠤᠭᠤᠯᠵᠣ ᠪᠣᠯᠬᠤ ᠦᠭᠡᠢ᠃ ᠲᠦᠯᠡᠰᠢ ᠰᠢᠲᠠᠭᠠᠯᠭ᠎ᠠ

ᠲᠡᠭᠦᠬᠦ ᠳᠤ ᠵᠦᠪᠬᠡᠨ ᠬᠠᠲᠠᠵᠣ ᠬᠤᠪᠬᠠᠶᠢᠷᠠᠭᠰᠠᠨ ᠰᠠᠯᠠᠭ᠎ᠠ ᠮᠦᠴᠢᠷ ᠢ ᠯᠠ ᠲᠡᠭᠦᠳᠡᠭ᠃ ᠱᠠᠩᠰᠢ

ᠮᠣᠳᠣ ᠶᠢ ᠣᠭᠳᠣᠯᠵᠦ ᠰᠦᠢᠳᠭᠡᠪᠡᠯ ᠠᠭᠤᠯᠠ ᠣᠰᠣᠨ ᠤ ᠣᠩᠭᠤᠳ ᠰᠠᠬᠢᠭᠤᠰᠣ ᠶᠢ ᠬᠢᠯᠢᠩᠨᠡᠭᠦᠯᠣᠨ᠎ᠡ ᠭᠡᠳᠡᠭ᠃

   ᠨᠡᠭᠦᠳᠡᠯᠯᠡᠬᠦ ᠳᠡᠭᠡᠨ ᠪᠠᠭᠤᠷᠢ ᠰᠠᠭᠤᠷᠢ ᠪᠠᠨ ᠰᠠᠶᠢᠳᠣᠷ ᠴᠡᠪᠡᠷᠯᠡᠵᠦ᠂ ᠬᠤᠭ ᠨᠣᠪᠰᠢ ᠪᠠᠨ ᠭᠠᠵᠠᠷ ᠲᠤ ᠭᠦᠨ ᠪᠣᠯᠠᠨ᠎ᠠ᠂

ᠡᠰᠡ ᠲᠡᠭᠡᠪᠡᠯ ᠭᠠᠵᠠᠷ ᠤᠨ ᠰᠠᠬᠢᠭᠤᠰᠣ ᠶᠢ ᠠᠭᠤᠷᠯᠠᠭᠤᠯᠣᠨ᠎ᠠ ᠭᠡᠳᠡᠭ᠃ ᠭᠠᠯ ᠳᠤ ᠰᠦ ᠬᠢᠬᠦ ᠦᠭᠡᠢ᠃ ᠭᠠᠯ ᠳᠤ

ᠪᠣᠵᠠᠷ ᠵᠦᠢᠯᠡᠰ ᠪᠠ ᠬᠤᠭ ᠰᠢᠲᠠᠭᠠᠬᠤ ᠦᠭᠡᠢ᠃ ᠭᠠᠯ ᠲᠡᠭᠡᠭᠦᠷ ᠠᠯᠬᠤᠵᠦ ᠭᠠᠷᠬᠤ᠂ ᠲᠣᠯᠭ᠎ᠠ ᠲᠡᠭᠡᠭᠦᠷ

ᠠᠯᠬᠤᠵᠦ ᠭᠠᠷᠬᠤ ᠶᠢ ᠴᠡᠭᠡᠷᠯᠡᠨ᠎ᠡ᠃ ᠰᠣᠩᠬᠢᠨ᠎ᠠ ᠰᠠᠷᠢᠮᠰᠠᠭ ᠤᠨ ᠬᠠᠯᠢᠰᠦ ᠶᠢ ᠵᠣᠣᠬᠠᠨ ᠳᠤ ᠬᠢᠬᠦ ᠶᠢ ᠴᠡᠭᠡᠷᠯᠡᠨ᠎ᠡ᠃

ᠭᠠᠯ ᠤᠨ ᠦᠨᠡᠰᠣᠨ ᠲᠡᠭᠡᠷ᠎ᠡ ᠰᠢᠭᠡᠬᠦ ᠶᠢ ᠴᠡᠭᠡᠷᠯᠡᠨ᠎ᠡ᠃

  ︵ᠬᠤᠶᠠᠷ︶ ᠣᠰᠣᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ

   ᠮᠣᠩᠭᠤᠯᠴᠣᠳ ᠤᠨ ᠲᠠᠷᠬᠠᠨ ᠰᠠᠭᠤᠷᠢᠰᠢᠵᠦ ᠪᠠᠶᠢᠭ᠎ᠠ ᠭᠠᠵᠠᠷ ᠨᠤᠲᠤᠭ ᠪᠣᠯ ᠭᠠᠩ ᠬᠠᠭᠤᠷᠠᠢ ᠪᠤᠶᠤ ᠵᠠᠷᠢᠮᠳᠠᠭ

ᠬᠠᠭᠤᠷᠠᠢ ᠣᠷᠣᠨ ᠳᠤ ᠪᠠᠭᠳᠠᠵᠦ᠂ ᠬᠤᠷ᠎ᠠ ᠲᠣᠨᠣᠳᠠᠰᠣ ᠴᠦᠬᠡᠨ ᠣᠰᠣ ᠣᠮᠳᠠ ᠳᠣᠲᠠᠭᠳᠠᠳᠠᠭ ᠲᠣᠯᠠ

ᠲᠡᠳᠡ ᠣᠰᠣ ᠶᠢ ᠠᠷᠪᠢᠯᠠᠬᠤ ᠪᠠ ᠭᠤᠣᠯ ᠤᠨ ᠣᠰᠣ᠂ ᠪᠣᠯᠠᠭ ᠤᠨ ᠣᠰᠣᠨ ᠤ ᠠᠷᠢᠭᠤᠨ ᠴᠡᠪᠡᠷ ᠢ ᠬᠠᠮᠠᠭᠠᠯᠠᠬᠤ

ᠵᠠᠩᠰᠢᠯ ᠲᠠᠢ ᠪᠠᠶᠢᠵᠦ᠂ ᠣᠰᠣ ᠶᠢ ᠠᠮᠢ ᠨᠠᠰᠣᠨ ᠤ ᠡᠬᠢ ᠪᠣᠯᠠᠭ ᠭᠡᠵᠤ ᠦᠵᠡᠳᠡᠭ᠃

   ᠮᠤᠩᠭᠤᠯᠴᠣᠳ ᠣᠰᠣᠨ ᠳᠤ ᠰᠢᠭᠡᠵᠦ ᠭᠠᠲᠠᠭᠠᠯᠠᠬᠤ ᠶᠢ ᠴᠡᠭᠡᠷᠯᠡᠳᠡᠭ᠃ ᠣᠰᠣ ᠶᠢ ᠪᠢᠲᠡᠭᠦᠯᠵᠦ ᠠᠪᠬᠤ ᠦᠭᠡᠢ᠂

ᠡᠷᠬᠡᠪᠰᠢ ᠰᠠᠪᠠ ᠰᠠᠭᠤᠯᠠᠭ᠎ᠠ ᠪᠠᠷ ᠠᠪᠳᠠᠭ᠃ ᠭᠤᠣᠯ ᠳᠤ ᠪᠡᠶ᠎ᠡ ᠣᠬᠢᠶᠠᠬᠤ᠂ ᠬᠤᠪᠴᠠᠰᠣ ᠣᠬᠢᠶᠠᠬᠤ

ᠪᠣᠬᠢᠷ ᠣᠰᠣ ᠠᠰᠬᠠᠬᠤ ᠶᠢ ᠴᠡᠭᠡᠷᠯᠡᠳᠡᠭ᠃

   ᠪᠣᠯᠠᠭ ᠤᠨ ᠣᠰᠣᠨ ᠳᠤ ᠪᠣᠵᠠᠷ ᠶᠠᠭᠤᠮ᠎ᠠ ᠬᠢᠬᠦ ᠪᠣᠶᠣ ᠰᠦ ᠳᠣᠰᠣᠯᠭᠠᠵᠦ ᠪᠣᠯᠬᠤ ᠦᠭᠡᠢ᠂ ᠡᠰᠡ ᠲᠡᠭᠡᠪᠡᠯ ᠪᠣᠯᠠᠭ ᠤᠨ

ᠣᠰᠣ ᠶᠢ ᠪᠣᠬᠢᠷᠲᠣᠭᠤᠯᠵᠦ ᠣᠰᠣᠨ ᠤ ᠰᠠᠬᠢᠭᠤᠰᠣ ᠶᠢ ᠠᠭᠤᠷᠯᠠᠭᠤᠯᠬᠤ ᠪᠣᠯᠣᠨ᠎ᠠ ᠬᠡᠳᠡᠭ᠃ ᠮᠠᠯ ᠢ ᠪᠣᠯᠠᠭ ᠤᠨ

ᠡᠬᠢ ᠠᠴᠠ ᠣᠰᠣᠯᠠᠵᠦ ᠪᠣᠯᠬᠤ ᠦᠭᠡᠢ᠂ ᠣᠴᠢᠷ ᠨᠢ ᠣᠨᠴᠠᠭᠠᠢ ᠡᠮ ᠤᠨ ᠦᠢᠯᠡᠳᠣᠯ ᠲᠠᠢ ᠪᠣᠯᠠᠭ ᠤᠨ ᠣᠰᠦ ᠶᠢ ᠪᠣᠯᠠᠭ ᠤᠨ

ᠡᠬᠢᠨ ᠳᠤ ᠣᠰᠣᠯᠠᠬᠤ ᠨᠢ ᠵᠣᠬᠢᠰ ᠦᠭᠡᠢ ᠭᠡᠳᠡᠭ᠃

  ︵ᠭᠤᠷᠪᠠ︶ ᠠᠮᠢᠲᠡᠨ ᠵᠢᠭᠦᠷᠲᠡᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ

   ᠮᠣᠩᠭᠤᠯᠴᠣᠳ ᠶᠡᠷᠣᠳᠡᠭᠡᠨ ᠬᠠᠪᠣᠷ᠂ ᠵᠣᠨ ᠠᠷᠢᠶᠠᠲᠡᠨ ᠵᠢᠭᠦᠷᠲᠡᠨ ᠤ ᠲᠦᠷᠣᠵᠦ ᠦᠷᠡᠵᠢᠬᠦ ᠴᠠᠭ ᠲᠤ ᠠᠩᠨᠠᠳᠠᠭ ᠦᠭᠡᠢ᠃

ᠰᠠᠷ᠎ᠠ ᠪᠦᠷᠢ ᠶᠢᠨ ᠰᠢᠨ᠎ᠡ ᠶᠢᠨ ᠨᠠ᠊ᠢ᠊‍ᠮᠠᠨ᠂ ᠠᠷᠪᠠᠨ ᠲᠠᠪᠣᠨ᠂ ᠭᠤᠴᠢᠨ ᠳᠤ ᠠᠩᠨᠠᠬᠤ ᠶᠢ ᠴᠡᠭᠡᠷᠯᠡᠨ᠎ᠡ᠃ ᠬᠦᠷᠢᠶ᠎ᠡ

ᠠᠪᠠ ᠬᠢᠬᠦ ᠳᠤ ᠬᠤᠮᠢᠵᠦ ᠠᠪᠴᠢᠷᠠᠭᠰᠠᠨ ᠠᠷᠢᠶᠠᠲᠡᠨ ᠢᠶᠠᠨ ᠳᠠᠭᠤᠰᠬᠠᠨ ᠠᠩᠨᠠᠳᠠᠭ ᠪᠢᠰᠢ᠂ ᠬᠠᠷᠢᠨ ᠶᠡᠬᠡᠩᠬᠢ ᠶᠢ ᠨᠢ

ᠲᠠᠯᠪᠢᠵᠦ ᠶᠠᠪᠣᠭᠤᠯᠳᠠᠭ᠃ ᠨᠢᠯᠬ᠎ᠠ ᠲᠦᠯ᠂ ᠬᠡᠬᠡᠯ ᠲᠠᠢ᠂ ᠬᠦᠬᠦᠭᠦᠯ ᠠᠮᠢᠲᠠᠨ ᠢ ᠠᠩᠨᠠᠬᠤ ᠦᠭᠡᠢ ᠮᠦᠷᠳᠡᠭᠡᠨ ᠰᠣᠴᠢᠭᠠᠨ

ᠦᠷᠭᠦᠭᠡᠬᠦ ᠶᠢ ᠴᠦ ᠴᠡᠭᠡᠷᠯᠡᠨ᠎ᠡ᠂ ᠡᠰᠨ ᠲᠡᠭᠡᠪᠡᠯ ᠠᠩ ᠤᠨ ᠲᠡᠭᠷᠢ ᠬᠠᠶᠠᠵᠦ ᠠᠷᠢᠶᠠᠲᠡᠨ

ᠵᠢᠭᠦᠷᠲᠡᠨ ᠬᠤᠪᠣᠷᠲᠠᠨ᠎ᠠ ᠭᠡᠳᠡᠭ᠃

   ᠴᠢᠨ᠋ᠸ᠎ᠠ᠂ ᠦᠨᠡᠭᠡ ᠶᠢ ᠬᠠᠷᠪᠣᠨ ᠠᠯᠠᠬᠤ ᠶᠢ ᠴᠡᠭᠡᠷᠯᠡᠳᠡᠭ᠃ ᠬᠠᠪᠬ᠎ᠠ ᠪᠠᠷ ᠬᠡᠷᠢᠶ᠎ᠡ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂

ᠡᠭᠦᠨ ᠢ ᠠᠩ ᠬᠤᠮᠰᠠᠳᠠᠵᠦ ᠣᠯᠵᠠ ᠦᠭᠡᠢ ᠬᠠᠷᠢᠬᠤ ᠶᠢᠨ ᠲᠡᠮᠳᠡᠭ ᠭᠡᠵᠦ ᠦᠵᠡᠳᠡᠭ᠃ ᠮᠠᠩᠭᠢᠰᠣ ᠪᠠ ᠵᠠᠷᠠᠭ᠎ᠠ ᠶᠢ

ᠠᠯᠠᠬᠤ ᠶᠢ ᠴᠡᠭᠡᠷᠯᠡᠳᠡᠭ᠂ ᠡᠰᠨ ᠲᠡᠭᠡᠪᠡᠯ ᠲᠦᠷᠣᠯ ᠰᠠᠲᠣᠨ ᠨᠢ ᠬᠠᠷᠢᠶᠠᠯ ᠳᠤ ᠣᠴᠠᠷᠠᠨ᠎ᠠ ᠭᠡᠳᠡᠭ᠃

ᠦᠨᠡᠭᠡ ᠶᠢᠨ ᠨᠦᠬᠡ ᠶᠢ ᠮᠠᠯᠲᠠᠬᠤ ᠶᠢ ᠴᠡᠭᠡᠷᠯᠡᠳᠡᠭ᠃ ᠮᠣᠭᠠᠢ ᠶᠢ ᠠᠯᠠᠵᠦ ᠪᠣᠯᠬᠤ ᠦᠭᠡᠢ᠂ ᠡᠨᠡ ᠨᠢ

ᠠᠮᠢ ᠨᠠᠰᠣᠨ ᠳᠤ ᠠᠶᠣᠯ ᠳᠣᠬᠢᠶᠠᠯᠳᠣᠬᠤ ᠮᠦᠷᠳᠡᠭᠡᠨ ᠠᠭᠤᠯᠠ ᠣᠰᠣᠨ ᠤ ᠣᠩᠭᠤᠳ ᠰᠠᠬᠢᠭᠤᠯᠰᠣᠨ ᠢ

ᠠᠭᠤᠷᠯᠠᠭᠤᠯᠣᠨ᠎ᠠ ᠭᠡᠳᠡᠭ᠃

   ᠬᠤᠣᠰᠯᠡᠨ ᠨᠢᠰᠴᠦ ᠪᠠᠶᠢᠭ᠎ᠠ ᠵᠢᠭᠦᠷᠲᠡᠨ ᠢ ᠠᠩᠨᠠᠬᠤ ᠶᠢ ᠴᠡᠭᠡᠷᠯᠡᠳᠡᠭ᠃ ᠨᠡᠭᠦᠳᠡᠯ ᠤᠨ ᠰᠢᠪᠠᠭᠤ ᠶᠢ ᠠᠯᠠᠬᠤ ᠶᠢ ᠴᠡᠭᠡᠷᠯᠡᠳᠡᠭ᠃

ᠬᠤᠨ ᠭᠠᠯᠠᠭᠤ ᠶᠢ ᠪᠡᠯᠭᠡᠲᠦ ᠵᠢᠭᠦᠷᠲᠡᠨ ᠭᠡᠵᠦ ᠦᠵᠡᠵᠦ ᠠᠯᠠᠬᠤ ᠶᠢ ᠴᠡᠭᠡᠷᠯᠡᠳᠡᠭ᠃ ᠲᠣᠭᠤᠷᠣᠣ ᠶᠢ ᠦᠷᠭᠦᠬᠡᠵᠦ

ᠰᠣᠴᠢᠭᠠᠬᠤ ᠪᠣᠶᠣ ᠡᠭᠦᠷ ᠦᠨᠳᠡᠭᠡ ᠳᠤ ᠨᠢ ᠣᠶᠢᠷᠠᠲᠣᠬᠤ ᠶᠢ ᠴᠡᠭᠡᠷᠯᠡᠳᠡᠭ᠃ ᠰᠢᠪᠠᠭᠤᠨ ᠤ ᠡᠭᠦᠷ ᠢ

ᠡᠪᠳᠡᠬᠦ ᠦᠭᠡᠢ᠂ ᠰᠢᠪᠠᠭᠤᠨ ᠤ ᠦᠨᠳᠡᠭᠡ ᠪᠠ ᠵᠣᠯᠵᠠᠭ᠎ᠠ ᠶᠢ ᠠᠪᠬᠤ ᠶᠢ ᠴᠡᠭᠡᠷᠯᠡᠳᠡᠭ᠃

        ᠭᠤᠷᠪᠠ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠤ ᠠᠴᠢ ᠬᠤᠯᠪᠣᠭᠳᠠᠯ

   ︵ᠨᠢᠭᠡ︶ ᠪᠠᠶᠢᠭᠠᠯᠢ ᠶᠢ ᠰᠦᠰᠦᠭᠯᠡᠨ ᠪᠢᠰᠢᠷᠡᠬᠦ᠂ ᠪᠠᠶᠢᠭᠠᠯᠢ ᠶᠢ ᠲᠡᠭᠡᠳᠣᠯᠡᠨ ᠬᠦᠨᠲᠦᠳᠭᠡᠬᠦ ᠪᠣᠯ

ᠮᠣᠩᠭᠤᠯᠴᠣᠳ ᠤᠨ ︽ᠪᠠᠶᠢᠭᠠᠯᠢ ᠪᠣᠯ ᠬᠠᠯᠳᠠᠰᠢ ᠦᠭᠡᠢ ᠲᠠᠷᠬᠠᠨ︾ ᠭᠡᠳᠡᠭ ᠪᠠᠶᠢᠭᠠᠯᠢ ᠶᠢᠨ

ᠴᠡᠭᠡᠷ ᠶᠣᠰᠣᠨ ᠤ ᠴᠦᠮ᠎ᠡ ᠮᠦᠨ᠃ ᠡᠨᠡ ᠨᠢ ᠮᠦᠨᠴᠦ ᠮᠣᠩᠭᠤᠯᠴᠣᠳ ᠤᠨ ᠵᠠᠭᠤ ᠮᠢᠩᠭᠠᠨ ᠵᠢᠯ ᠤᠨ ᠲᠣᠷᠰᠢ

ᠨᠡᠭᠦᠳᠡᠯ ᠮᠠᠯᠵᠢᠯ ᠢ ᠡᠷᠬᠢᠯᠡᠬᠦ ᠳᠣᠮᠳᠠ ᠪᠠᠶᠢᠭᠠᠯᠢ ᠶᠢᠨ ᠣᠷᠴᠢᠨ ᠲᠣᠭᠤᠷᠢᠨ ᠲᠡᠩᠴᠡᠭᠦᠷᠢᠲᠠᠢ᠂ ᠠᠮᠢᠳᠦ ᠪᠣᠳᠠᠰ ᠤᠨ

ᠲᠦᠷᠣᠯ ᠤᠨ ᠣᠷᠣᠰᠢᠨ ᠬᠦᠭᠵᠢᠬᠦ ᠶᠢ ᠠᠬᠢᠭᠤᠯᠣᠭᠰᠠᠨ ᠤ ᠴᠢᠬᠤᠯᠠ ᠨᠦᠬᠦᠴᠡᠯ ᠮᠥᠨ᠃

   ︵ᠬᠤᠶᠠᠷ︶ ᠠᠮᠢᠳᠡᠨ ᠳᠤ ᠲᠠᠯᠠᠷᠬᠠᠬᠤ᠂ ᠠᠮᠢᠳᠡᠨ ᠢ ᠲᠡᠭᠡᠳᠣᠯᠡᠨ ᠦᠵᠡᠬᠦ ᠠᠴᠠ ᠪᠣᠯᠵᠦ ᠠᠮᠢᠳᠡᠨ ᠤ ᠲᠣᠬᠠᠢ ᠴᠡᠭᠡᠷ

ᠶᠣᠰᠣᠨ ᠡᠭᠦᠰᠴᠠᠢ᠃ ᠵᠢᠱᠢᠶᠡᠯᠡᠪᠡᠯ ᠮᠣᠩᠭᠤᠯᠴᠣᠳ ᠡᠷᠲᠡ ᠣᠵᠣᠭᠤᠷ ᠴᠠᠭ ᠲᠤ ᠴᠢᠨ᠋ᠸ᠎ᠠ᠂ ᠪᠣᠭᠤ ᠵᠡᠷᠭᠡ ᠶᠢ ᠲᠣᠲ᠋ᠧᠮ

ᠪᠣᠯᠭᠠᠨ ᠰᠢᠲᠣᠵᠦ ᠲᠠᠭᠤᠰᠲᠠᠯ᠎ᠠ ᠠᠯᠠᠳᠠᠭ ᠦᠭᠡᠢ᠃ ᠬᠤᠨ ᠭᠠᠯᠠᠭᠤ᠂ ᠲᠣᠭᠤᠷᠣᠣ ᠵᠡᠷᠭᠡ ᠶᠢ ᠲᠣᠲ᠋ᠧᠮ

ᠰᠢᠲᠦᠭᠡᠨ ᠪᠣᠯᠭᠠᠵᠦ ᠠᠯᠠᠬᠤ ᠶᠢ ᠴᠡᠭᠡᠷᠯᠡᠳᠡᠭ᠃ ᠡᠳᠡᠭᠡᠷ ᠨᠢ ᠪᠣᠰᠣᠳᠴᠢ ᠲᠡᠭᠡᠷ᠎ᠡ ᠪᠠᠨ ᠬᠦᠮᠣᠰ ᠤᠨ

ᠠᠵᠢᠯᠯᠠᠭ᠎ᠠ ᠶᠢ ᠪᠦᠳᠦᠮᠵᠢᠲᠠᠢ ᠬᠤᠷᠢᠬᠯᠠᠵᠦ᠂ ᠮᠣᠩᠭᠤᠯ ᠣᠷᠣᠨ ᠤ ᠠᠷᠢᠶᠠᠲᠡᠨ ᠵᠢᠭᠦᠷᠲᠡᠨ ᠤ

ᠡᠬᠢ ᠪᠠᠶᠠᠯᠢᠭ ᠢ ᠬᠠᠮᠠᠭᠠᠯᠠᠬᠤ ᠳᠤ ᠣᠨᠴᠠᠭᠠᠢ ᠬᠤᠪᠢ ᠨᠡᠮᠡᠷᠢ ᠦᠵᠡᠭᠦᠯᠵᠠᠢ᠃

   ︵ᠭᠤᠷᠪᠠ︶ ᠬᠦᠮᠣᠨ ᠲᠦᠷᠣᠯᠬᠢᠲᠡᠨ ᠪᠣᠯ ᠪᠠᠶᠢᠭᠠᠯᠢ ᠲᠠᠢ ᠨᠢᠭᠳᠠ ᠬᠠᠷᠢᠴᠠᠭ᠎ᠠ ᠬᠤᠯᠪᠣᠭ᠎ᠠ ᠲᠠᠢ ᠶᠤᠮ᠃

ᠮᠣᠩᠭᠤᠯᠴᠣᠳ ᠪᠠᠶᠢᠭᠠᠯᠢ ᠲᠠᠢ ᠬᠠᠷᠢᠴᠠᠬᠤ ᠳᠣᠮᠳᠠ ᠪᠠᠶᠢᠭᠠᠯᠢ ᠶᠢᠨ ᠠᠰᠢᠭ ᠰᠢᠮ᠎ᠡ᠂ ᠬᠡᠰᠢᠭ

ᠰᠣᠶᠣᠷᠬᠠᠯ ᠢ ᠬᠦᠷᠲᠡᠬᠦ ᠳ᠋ᠭᠡᠨ ᠦᠭᠴᠦ ᠠᠪᠬᠤ ᠪᠠᠨ ᠲᠡᠩᠴᠡᠭᠦᠯᠣᠨ ᠪᠠᠶᠢᠭᠠᠯᠢ ᠳᠤ ᠬᠠᠨᠳᠣᠬᠤ

ᠦᠵᠡᠯᠲᠡ ᠲᠠᠢ ᠪᠣᠯᠵᠦ᠂ ᠪᠠᠶᠢᠭᠠᠯᠢ ᠶᠢ ᠡᠪᠳᠡᠨ ᠰᠦᠢᠳᠬᠡᠬᠦ ᠦᠭᠡᠢ᠂ ᠪᠠᠶᠢᠭᠠᠯᠢ ᠶᠢ ᠭᠠᠮᠨᠠᠨ ᠬᠠᠶᠢᠷᠠᠯᠠᠵᠦ᠂

ᠪᠠᠶᠢᠭᠠᠯᠢ ᠶᠢ ᠲᠡᠭᠡᠳᠣᠯᠡᠨ ᠬᠦᠨᠲᠣᠳᠭᠡᠬᠦ ᠵᠠᠩ ᠵᠠᠩᠰᠢᠯ ᠲᠠᠢ ᠪᠣᠯᠵᠠᠢ᠃ ᠡᠨᠡ ᠨᠢ ᠣᠳᠣ ᠦᠶ᠎ᠡ ᠶᠢᠨ ᠬᠦᠮᠣᠰ ᠤᠨ

ᠳᠣᠷᠠᠳᠣᠭᠰᠠᠨ ᠬᠦᠮᠣᠨ ᠪᠠ ᠪᠠᠶᠢᠭᠠᠯᠢ ᠨᠢᠭᠡᠲᠣᠯ ᠲᠠᠢ᠂ ᠬᠦᠮᠣᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠵᠦ᠂

ᠪᠠᠶᠢᠭᠠᠯᠢ ᠶᠢᠨ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠦᠵᠡᠯᠲᠡ ᠲᠠᠢ ᠨᠢᠭᠡᠲᠣᠯ ᠲᠠᠢ ᠪᠠᠶᠢᠵᠦ᠂ ᠬᠦᠮᠣᠰ

ᠪᠠᠶᠢᠭᠠᠯᠢ ᠠᠬᠤᠢ ᠪᠠᠨ ᠬᠠᠮᠠᠭᠠᠯᠠᠬᠤ ᠳᠤ ᠭᠦᠨ ᠭᠦᠨᠵᠡᠭᠡᠢ ᠠᠬᠤᠶᠢᠴᠢ ᠠᠴᠢ ᠬᠤᠯᠪᠣᠭᠳᠠᠯ ᠲᠠᠢ ᠠᠴᠠ

ᠮᠤᠩᠭᠤᠯᠴᠤᠳ ᠮᠠᠨᠢ ᠠᠮᠢ ᠠᠬᠤᠢ ᠶᠢᠨ ᠬᠠᠮᠠᠭᠠᠯᠠᠯᠳᠠ ᠶᠢᠨ ᠲᠤᠬᠠᠢ ᠴᠡᠭᠡᠷ ᠶᠤᠰᠤᠨ ᠢᠶᠠᠨ ᠦᠪᠯᠡᠵᠦ ᠶᠠᠪᠤᠶ᠎ᠠ᠃

 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号