◎2018 ᠤᠨ ᠤ 12 ᠰᠠᠷ᠎ᠠ ᠶᠢᠨ 28 ᠤ ᠡᠲᠦᠷ᠂ ᠠᠯᠠᠱᠠ ᠵᠡᠬᠦᠨ ᠬᠤᠰᠢᠭᠤᠨ ᠤ ᠪᠠᠶᠠᠨᠬᠤᠲᠠ ᠪᠠᠯᠭᠠᠰᠦᠨ ᠳᠤ | ᠮᠠᠨ ᠤ ᠤᠯᠤᠰ ᠤᠨ ᠠᠩᠬᠠᠲᠠᠭᠴᠢ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠲᠠᠰ ᠤᠨ ᠪᠤᠰᠤ ᠰᠤᠶᠤᠯ ᠤᠨ | ᠦᠪ ᠤᠨ ᠮᠦᠽᠸᠢ ᠨᠡᠭᠡᠭᠡᠯᠳᠡ ᠶᠢᠨ ᠶᠤᠰᠤᠯᠠᠯ ᠢᠶᠠᠨ ᠬᠢᠵᠡᠢ᠃ | ◎ ᠪᠤᠷᠬᠠᠨ ᠤ ᠱᠠᠰᠢᠨ ᠲᠦᠪᠡᠳ ᠠᠴᠠ ᠮᠤᠩᠭᠤᠯ ᠭᠠᠵᠠᠷ ᠤᠷᠤᠨ ᠳᠤ ᠤᠯᠠᠮᠵᠢᠯᠠᠬᠲᠠᠬᠤ ᠶᠢ ᠲᠠᠭᠠᠯᠲᠤᠨ ᠪᠤᠢ | ᠪᠤᠯᠵᠦ ᠬᠦᠭᠵᠢᠭᠰᠡᠨ ᠮᠤᠩᠭᠤᠯ ᠲᠠᠩᠺᠠ ᠨᠢ ᠤᠨ ᠵᠢᠯ ᠤᠨ ᠤᠷᠤᠰᠬᠠᠯ᠂ ᠴᠠᠭ ᠬᠤᠭᠤᠴᠠᠭᠠᠨ ᠤ | ᠬᠤᠪᠢᠷᠠᠯᠲᠠ ᠶᠢ ᠲᠠᠭᠠᠯᠲᠤᠵᠦ ᠰᠠᠯᠪᠦᠷᠢᠯᠡᠨ ᠬᠦᠭᠵᠢᠬᠦ ᠳᠡᠭᠡᠨ᠂ ᠠᠯᠠᠱᠠ ᠨᠤᠲᠤᠭ ᠲᠤ | ᠤᠷᠢᠶᠠᠮᠠᠯ ᠬᠢᠯᠭᠠᠰᠦ ᠪᠠᠷ ᠤᠷᠠᠯᠠᠵᠦ ᠪᠦᠲᠦᠭᠡᠭᠰᠡᠨ ᠮᠤᠩᠭᠤᠯ ᠲᠠᠩᠺᠠ ᠶᠢᠨ ᠦᠪᠡᠷᠮᠢᠴᠡ ᠨᠢᠬᠡᠨ | ᠤᠷᠠᠯᠢᠭ ᠢ ᠪᠤᠢ ᠪᠤᠯᠭᠠᠭᠰᠠᠨ ᠪᠢᠯᠡ᠃ ᠰᠦᠮ᠎ᠡ ᠬᠡᠶᠢᠳ ᠤᠨ ᠯᠠᠮᠠᠲᠠᠨ ᠪᠠᠭᠰᠢ ᠨᠠᠷ ᠤᠨ ᠯᠡ ᠮᠡᠳᠡᠳᠡᠭ | ᠪᠠᠶᠢᠬᠰᠠᠨ ᠡᠨᠡ ᠬᠦ ᠤᠷᠠᠯᠢᠭ ᠨᠢ ᠲᠤᠩᠮᠤᠳ ᠭᠡᠷᠡᠯ ᠵᠡᠷᠭᠡ ᠬᠦᠮᠦᠰ ᠤᠨ ᠴᠤᠴᠠᠰᠢ ᠦᠬᠡᠢ ᠪᠠᠷᠢᠮᠲᠠᠯᠠᠯ᠂ ᠲᠠᠰᠤᠷᠠᠯᠲᠠ | ᠦᠬᠡᠢ ᠰᠢᠨᠡᠴᠢᠯᠡᠯ ᠤᠨ ᠲᠤᠮᠲᠠ ᠦᠯᠡᠳᠡᠨ ᠤᠯᠠᠮᠵᠢᠯᠠᠬᠲᠠᠵᠦ᠂ ᠮᠤᠩᠭᠤᠯ ᠰᠤᠶᠤᠯ ᠤᠨ ᠬᠦᠷᠢᠶᠡᠯᠡᠩ ᠳᠤ ᠦᠬᠡᠷ᠎ᠡ | ᠨᠢᠬᠡᠨ ᠦᠡᠭᠭᠡ ᠬᠢᠯᠪᠠᠭ᠎ᠠ ᠨᠡᠮᠡᠷᠢᠯᠡᠯ᠎ᠡ᠃ | ◎ ᠤᠷᠢᠶᠠᠮᠠᠯ ᠬᠢᠯᠭᠠᠰᠦᠨ ᠤ ᠲᠠᠩᠺᠠ ᠶᠢ ᠬᠦᠮᠦᠨ ᠤᠯᠠᠨ ᠳᠤ ᠲᠠᠨᠢᠭᠤᠯᠵᠦ᠂ ᠲᠡᠬᠦᠨ ᠢ ᠪᠤᠲᠠᠰ ᠤᠨ ᠪᠤᠰᠤ | ᠰᠤᠶᠤᠯ ᠤᠨ ᠦᠪ ᠢᠶᠠᠷ ᠪᠦᠷᠢᠳᠭᠡᠬᠦᠯᠵᠦ᠂ ᠲᠠᠬᠢᠨ ᠮᠦᠽᠸᠢ ᠪᠠᠶᠢᠭᠤᠯᠵᠦ ᠶᠠᠲᠠᠭᠤ ᠬᠦᠴᠢᠷᠳᠡᠯᠳᠡᠢ | ᠮᠠᠯᠴᠢᠨ ᠲᠠᠷᠢᠶᠠᠴᠢᠨ ᠢ ᠤᠷᠤᠯᠴᠠᠭᠤᠯᠵᠦ᠂ ᠰᠤᠶᠤᠯ ᠤᠨ ᠨᠢᠬᠡᠨ ᠠᠵᠦ ᠦᠢᠯᠡᠰ ᠪᠤᠯᠭᠠᠲᠠᠯᠠ᠂ ᠤᠷᠢᠶᠠᠮᠠᠯ | ᠬᠢᠯᠭᠠᠰᠦᠨ ᠤ ᠤᠷᠠᠯᠢᠭ ᠨᠢ ᠲᠤᠩᠮᠤᠳ ᠭᠡᠷᠡᠯ ᠭᠤᠸᠠᠢ ᠶᠢᠨ ᠵᠢᠳᠬᠦᠯ ᠴᠢᠷᠮᠠᠶᠢᠯᠭ᠎ᠠ ᠪᠠᠷ | ᠰᠤᠶᠤᠯ ᠤᠨ ᠦᠨ᠎ᠡ ᠦᠷᠳᠡᠭ ᠢᠶᠠᠨ ᠤᠯᠠᠮ ᠪᠠᠲᠠᠷᠠᠭᠤᠯᠵᠦ᠂ ᠠᠵᠦ ᠦᠢᠯᠡᠰᠵᠢᠨ ᠬᠦᠭᠵᠢᠬᠦ ᠲᠠᠷᠲᠠᠩ | ᠵᠠᠮ ᠢᠶᠠᠷ ᠤᠷᠤᠭᠰᠢᠯᠠᠬᠰᠠᠭᠠᠷ ᠪᠢᠯᠡ ᠁ | | | | | ︽ᠪᠢ ᠡᠨᠡ ᠵᠢᠯ 76 ᠲᠠᠢ᠃ ᠮᠠᠯ ᠠᠵᠦ ᠠᠬᠤᠢ ᠲᠠᠷᠢᠶᠠᠯᠠᠩ ᠤᠨ ᠲᠤᠪᠴᠢᠶ᠎ᠠ ᠠᠴᠠ ᠠᠵᠢᠯ ᠤᠨ ᠠᠮᠠᠷᠠᠯᠲᠠ | ᠠᠪᠴᠤ ᠰᠠᠷ᠎ᠠ ᠳᠠᠭᠠᠨ ᠪᠠᠰᠠ 6000 ᠭᠠᠷᠤᠢ ᠲᠦᠬᠦᠷᠢᠭ ᠤᠨ ᠴᠠᠯᠢᠩ ᠤᠯᠵᠤ ᠪᠠᠶᠢᠨ᠎ᠠ᠂ ᠠᠵᠤ ᠠᠮᠢᠳᠤᠷᠠᠯ ᠤᠨ | ᠲᠦᠯᠦᠭᠡ ᠭᠡᠪᠡᠯ᠂ ᠡᠨᠡ ᠲᠠᠩᠺᠠ ᠤᠷᠠᠯᠢᠭ ᠢ ᠤᠷᠤᠯᠳᠤᠬᠤ ᠦᠬᠡᠢ ᠪᠠᠶᠢᠵᠤ ᠪᠤᠯᠤᠨ᠎ᠠ᠂ ᠬᠡᠪᠡᠴᠦ ᠬᠡᠷᠪᠡ ᠪᠢ ᠬᠢᠬᠦ ᠦᠬᠡᠢ | ᠪᠤᠯ ᠡᠨᠡ ᠬᠦ ᠤᠯᠠᠮᠵᠢᠯᠠᠯᠳᠤ ᠰᠤᠶᠤᠯ ᠤᠷᠠᠯᠢᠭ ᠮᠠᠨᠢ ᠤᠰᠠᠳᠴᠤ ᠭᠡᠭᠡᠭᠳᠡᠵᠦ ᠮᠡᠳᠡᠨ᠎ᠡ︾ ᠭᠡᠵᠦ ᠤᠷᠢᠶᠠᠮᠠᠯ | ᠬᠢᠯᠭᠠᠰᠦᠨ ᠤ ᠲᠠᠩᠺᠠ ᠤᠷᠠᠯᠢᠭ ᠤᠨ ᠦᠪᠡᠷᠳᠡᠭᠡᠨ ᠵᠠᠰᠠᠬᠤ ᠤᠷᠤᠨ ᠤ ᠲᠡᠰ ᠤᠨ ᠪᠤᠲᠠᠰ ᠤᠨ | ᠪᠤᠰᠤ ᠰᠤᠶᠤᠯ ᠤᠨ ᠦᠪ ᠤᠨ ᠤᠯᠠᠮᠵᠢᠯᠠᠬᠴᠢ ᠲᠤᠩᠮᠤᠳ ᠭᠡᠷᠡᠯ ᠰᠤᠷᠪᠤᠯᠵᠢᠯᠠᠬᠴᠢ ᠳᠤ ᠶᠠᠷᠢᠨ᠎ᠠ᠃ | ᠶᠤᠸᠠᠨ ᠤᠯᠤᠰ ᠤᠨ ᠦᠶ᠎ᠡ ᠳᠤ ᠪᠤᠷᠬᠠᠨ ᠱᠠᠰᠢᠨ ᠲᠦᠪᠡᠳ ᠠᠴᠠ ᠮᠤᠩᠭᠤᠯ ᠭᠠᠵᠠᠷ ᠲᠤ ᠤᠯᠠᠮᠵᠢᠯᠠᠬᠲᠠᠨ ᠤᠷᠤᠵᠦ | ᠢᠷᠡᠭᠰᠡᠨ ᠪᠠᠶᠢᠨ᠎ᠠ᠃ ᠭᠡᠪᠡᠴᠦ ᠲᠤᠬᠠᠢ ᠶᠢᠨ ᠦᠶ᠎ᠡ ᠶᠢᠨ ᠪᠤᠷᠬᠠᠨ ᠱᠠᠰᠢᠨ ᠨᠢ ᠤᠷᠲᠤᠨ ᠤ | ᠢᠵᠠᠭᠤᠷᠲᠠᠳ ᠤᠨ ᠰᠢᠲᠦᠳᠡᠭ ᠭᠤᠤᠯ ᠱᠠᠰᠢᠨ ᠪᠠᠶᠢᠵᠦ᠂ ᠡᠭᠡᠯ ᠲᠦᠮᠡᠨ ᠤ ᠲᠤᠮᠲᠠ ᠬᠠᠷᠠᠬᠠᠨ | ᠲᠡᠯᠭᠡᠷᠡᠵᠦ ᠠᠮᠵᠢᠭ᠎ᠠ ᠦᠬᠡᠢ ᠪᠠᠶᠢᠵᠠᠢ᠃ ᠮᠢᠩ ᠤᠯᠤᠰ ᠤᠨ ᠰᠡᠬᠦᠯᠴᠢ ᠴᠢᠩ ᠤᠯᠤᠰ ᠤᠨ ᠡᠬᠢ ᠪᠠᠷ᠂ ᠪᠤᠷᠬᠠᠨ ᠱᠠᠰᠢᠨ | ᠮᠤᠩᠭᠤᠯ ᠤᠨ ᠨᠡᠶᠢᠬᠡᠮ ᠢ ᠶᠡᠭᠡ ᠪᠠᠷ ᠨᠦᠯᠦᠭᠡᠯᠡᠬᠦ ᠪᠤᠯᠪᠠ᠃ 1640 ᠤᠨ ᠳᠤ᠂ ᠠᠯᠲᠠᠨ ᠬᠠᠭᠠᠨ | ᠲᠡᠷᠢᠬᠦᠳᠡᠢ ᠮᠤᠩᠭᠤᠯ ᠤᠨ ᠲᠦᠷᠦᠬᠦᠴᠤᠳ ᠲᠦᠪᠡᠳ ᠠᠴᠠ ᠤᠯᠠᠮᠵᠢᠯᠠᠬᠳᠠᠬᠰᠠᠨ ᠪᠤᠷᠬᠠᠨ | ᠱᠠᠰᠢᠨ ᠢ ᠲᠦᠷᠦ ᠶᠢᠨ ᠱᠠᠰᠢᠨ ᠬᠡᠮᠡᠵᠦ᠂ ᠰᠦᠮ᠎ᠡ ᠬᠡᠶᠢᠳ ᠢ ᠦᠯᠡᠮᠵᠢ ᠪᠠᠶᠢᠭᠤᠯᠤᠨ᠂ ᠪᠤᠷᠬᠠᠨ | ᠱᠠᠰᠢᠨ ᠢ ᠮᠤᠩᠭᠤᠯ ᠭᠠᠵᠠᠷ ᠤᠷᠤᠨ ᠳᠤ ᠦᠷᠭᠡᠨ ᠢᠶᠠᠷ ᠤᠯᠠᠮᠵᠢᠯᠠᠬᠰᠠᠨ ᠪᠠᠶᠢᠨ᠎ᠠ᠃ | ᠤᠷᠢᠶᠠᠮᠠᠯ ᠬᠢᠯᠭᠠᠰᠦᠨ ᠤ ᠲᠠᠩᠺᠠ ᠪᠤᠯ ᠲᠦᠪᠡᠳ ᠠᠴᠠ ᠤᠯᠠᠮᠵᠢᠯᠠᠭᠳᠠᠭᠰᠠᠨ ᠪᠤᠷᠬᠠᠨ ᠱᠠᠰᠢᠨ ᠤ ᠨᠦᠯᠦᠬᠡᠯᠡᠯ | ᠲᠤᠤᠷ᠎ᠠ ᠪᠤᠢ ᠪᠤᠯᠵᠦ ᠬᠦᠭᠵᠢᠭᠰᠡᠨ ᠶᠤᠮ᠃ ᠲᠡᠷᠡ ᠨᠢ ᠪᠤᠷᠬᠠᠨ ᠱᠠᠰᠢᠨ ᠤ ᠲᠦᠪᠡᠳ ᠠᠴᠠ ᠮᠤᠩᠭᠤᠯ | ᠤᠷᠤᠨ ᠳᠤ ᠤᠯᠠᠮᠵᠢᠯᠠᠬᠲᠠᠨ ᠤᠷᠤᠵᠦ ᠢᠷᠡᠭᠰᠡᠨ ᠲᠡᠦᠭᠡ ᠪᠠ ᠶᠤᠸᠠᠨ ᠤᠯᠤᠰ ᠠᠴᠠ ᠨᠠᠭᠠᠰᠢᠬᠢ | ᠲᠡᠦᠭᠡ ᠶᠢ ᠭᠤᠤᠯᠲᠠᠭᠤ ᠲᠡᠮᠳᠡᠭᠯᠡᠵᠦ᠂ ᠲᠠᠩᠺᠠ ᠤᠷᠠᠯᠢᠭ ᠤᠨ ᠰᠠᠩ ᠲᠤᠲᠤᠷᠠᠬᠢ ᠨᠢᠬᠡᠨ ᠬᠤᠪᠤᠷ | | ︽ᠤᠷᠢᠶᠠᠮᠠᠯ ᠬᠢᠯᠭᠠᠰᠦᠨ ᠤ ᠲᠠᠩᠺᠠ ᠴᠤᠭᠲᠤᠬᠦ᠋ᠷᠢᠶᠡ ᠰᠦᠮ᠎ᠡ ᠠᠴᠠ ᠡᠬᠦᠰᠴᠦ ᠬᠦᠭᠵᠢᠭᠰᠡᠨ ᠶᠤᠮ᠃ ᠮᠢᠨᠦ ᠡᠪᠦᠭᠡ | ᠲᠡᠨᠳᠡ ᠯᠠᠮᠠ ᠪᠠᠶᠢᠵᠤ ᠡᠨᠡ ᠬᠦ ᠤᠷᠠᠯᠢᠭ ᠢ ᠰᠤᠷᠴᠦ ᠡᠵᠡᠮᠰᠢᠵᠦ᠂ ᠬᠤᠵᠢᠮ ᠨᠢ ᠡᠪᠦᠭᠡ ᠠᠴᠠ ᠡᠵᠢ ᠮᠢᠨᠢ ᠰᠤᠷᠴᠤ᠂ ᠲᠠᠬᠢᠨ | ᠨᠠᠲᠠ ᠳᠤ ᠵᠢᠭᠠᠵᠦ ᠦᠭᠬᠦᠭᠰᠡᠨ ᠪᠠᠶᠢᠨ᠎ᠠ︾ ᠭᠡᠵᠦ ᠲᠤᠩᠮᠤᠳ ᠭᠡᠷᠡᠯ ᠡᠷᠬᠢᠴᠡᠭᠦᠯᠵᠦ ᠪᠠᠶᠢᠯ᠎ᠠ᠃ ᠤᠷᠢᠶᠠᠮᠠᠯ ᠬᠢᠯᠭᠠᠰᠦᠨ ᠤ | ᠲᠠᠩᠺᠠ ᠶᠢ ᠵᠤᠬᠢᠶᠠᠨ ᠪᠦᠲᠦᠭᠡᠬᠦ ᠶᠠᠪᠤᠴᠠ ᠮᠠᠰᠢ ᠨᠠᠷᠢᠨ ᠪᠤᠲᠤᠯᠢᠶᠠᠨᠲᠠᠢ ᠪᠠᠶᠢᠲᠠᠭ᠃ ᠤᠷᠢᠳ ᠢᠶᠠᠷ ᠵᠢᠷᠤᠭ ᠢᠶᠠᠨ ᠵᠢᠷᠤᠵᠦ᠂ | ᠵᠢᠷᠤᠭ ᠤᠨ ᠬᠡᠯᠪᠡᠷᠢ ᠲᠦᠷᠰᠦ ᠶᠢ ᠨᠢ ᠦᠨᠲᠦᠰᠦᠯᠡᠨ ᠪᠠᠶᠢᠵᠦ ᠦᠡᠭᠭᠡ ᠪᠦᠷᠢ ᠶᠢᠨ ᠲᠤᠷᠭ᠎ᠠ | ᠲᠤᠷᠲᠤᠩ ᠢ ᠬᠠᠶᠢᠴᠢᠯᠠᠵᠦ ᠡᠰᠭᠡᠨ᠂ ᠲᠠᠬᠢᠨ ᠨᠢᠬᠡᠳ ᠨᠢᠬᠡ ᠪᠠᠷ ᠨᠠᠭᠠᠨ᠎ᠠ᠃ ᠲᠡᠬᠦᠨ ᠢᠶᠠᠨ ᠲᠤᠷᠭᠠᠨ | ᠤᠲᠠᠰᠦ ᠪᠠᠷ ᠲᠤᠭᠲᠠᠭᠠᠵᠦ ᠤᠶᠤᠬᠰᠠᠨ ᠤ ᠲᠠᠷᠠᠭ᠎ᠠ ᠪᠤᠲᠤᠭ ᠤᠷᠤᠭᠤᠯᠵᠦ᠂ ᠬᠠᠮᠤᠭ ᠤᠨ ᠰᠡᠬᠦᠯ ᠳᠤ | ᠤᠷᠢᠶᠠᠮᠠᠯ ᠬᠢᠯᠭᠠᠰᠦ ᠪᠠᠷ ᠵᠢᠷᠤᠭ ᠲᠦᠷᠰᠦ ᠪᠠᠨ ᠬᠦᠪᠡᠭᠡᠯᠡᠵᠦ ᠤᠶᠤᠲᠠᠭ ᠪᠠᠶᠢᠨ᠎ᠠ᠃ | ᠠᠩᠬ᠎ᠠ ᠡᠬᠢᠯᠡᠬᠦ ᠳᠤ ᠲᠤᠩᠮᠤᠳ ᠭᠡᠷᠡᠯ ᠲᠡᠷᠯᠢᠭ ᠤᠨ ᠢᠶᠠᠨ ᠲᠡᠭᠡᠷ᠎ᠡ ᠤᠷᠢᠶᠠᠮᠠᠯ ᠬᠢᠯᠭᠠᠰᠦ ᠪᠠᠷ ᠴᠡᠴᠡᠭ ᠨᠠᠪᠴᠢ | ᠬᠠᠳᠬᠤᠵᠦ ᠤᠷᠠᠯᠠᠲᠠᠭ ᠯᠡ ᠪᠠᠶᠢᠬᠰᠠᠨ ᠪᠤᠯ᠂ ᠠᠯᠠᠱᠠ ᠨᠤᠲᠤᠭ ᠲᠤ ᠤᠷᠢᠶᠠᠮᠠᠯ ᠬᠢᠯᠭᠠᠰᠦᠨ ᠤ ᠲᠠᠩᠺᠠ | ᠤᠷᠠᠯᠢᠭ ᠢ ᠮᠡᠳᠡᠳᠡᠭ ᠬᠦᠮᠦᠨ ᠴᠦᠭᠡᠨ ᠪᠠᠶᠢᠭ᠎ᠠ ᠶᠢ ᠬᠠᠷᠠᠭᠠᠳ᠂ ᠡᠪᠦᠭᠡ ᠠᠴᠠ ᠪᠠᠨ ᠤᠯᠠᠮᠵᠢᠯᠠᠬᠰᠠᠨ | ᠡᠨᠡ ᠬᠦ ᠬᠤᠪᠤᠷ ᠵᠦᠢᠯ ᠢ ᠵᠠᠪᠠᠯ ᠠᠪᠤᠷᠠᠵᠦ ᠠᠪᠬᠤ ᠬᠡᠮᠡᠨ ᠲᠡᠭᠡᠷ᠎ᠡ ᠵᠠᠭᠤᠨ ᠤ ᠨᠠᠶᠠᠭᠠᠳ ᠤᠨ ᠠᠴᠠ ᠡᠬᠢᠯᠡᠭᠡᠳ | ᠲᠠᠩᠺᠠ ᠤᠷᠠᠯᠢᠭ ᠲᠤ ᠪᠦᠬᠦ ᠬᠦᠴᠦᠨ ᠢᠶᠠᠷ ᠢᠶᠠᠨ ᠵᠢᠳᠬᠦᠭᠰᠡᠨ ᠪᠢᠯᠡ᠃ | ︽ᠪᠢ ᠲᠠᠩᠺᠠ ᠭᠡᠳᠡᠭ ᠴᠤᠬᠤᠮ ᠶᠠᠭᠤ ᠭᠡᠳᠡᠭ ᠢ ᠬᠦᠮᠦᠰ ᠲᠤ ᠲᠠᠨᠢᠭᠤᠯᠬᠤ ᠶᠢᠨ ᠲᠦᠯᠦᠬᠡ ᠤᠷᠢᠶᠠᠮᠠᠯ ᠬᠢᠯᠭᠠᠰᠦᠨ ᠤ | ᠲᠠᠩᠺᠠ ᠶᠢ ᠬᠢᠵᠦ ᠪᠠᠶᠢᠭ᠎ᠠ ᠶᠤᠮ᠃ ᠵᠢᠷᠤᠭ ᠵᠢᠷᠤᠬᠤ᠂ ᠦᠡᠭᠭᠡ ᠪᠤᠲᠤᠭ ᠢ ᠨᠢ ᠲᠤᠬᠢᠷᠠᠭᠤᠯᠬᠤ ᠠᠴᠠ ᠡᠬᠢᠯᠡᠭᠡᠳ ᠪᠢ | ᠡᠲᠦᠷᠵᠢᠨ ᠱᠠᠪᠢ ᠨᠠᠷ ᠲᠠᠢ ᠪᠠᠨ ᠡᠨᠡ ᠶᠠᠭᠤᠮ᠎ᠠ ᠪᠠᠨ ᠠᠮᠠᠷᠠᠯ ᠦᠬᠡᠢ ᠤᠷᠤᠯᠲᠦᠵᠦ ᠪᠠᠶᠢᠨ᠎ᠠ︾ ᠭᠡᠵᠦ | ᠲᠡᠷᠡ ᠶᠠᠷᠢᠨ᠎ᠠ᠃ ᠲᠠᠩᠺᠠ ᠤᠷᠠᠯᠢᠭ ᠤᠨ ᠲᠦᠪᠰᠢᠨ ᠢᠶᠠᠨ ᠤᠯᠠᠮ ᠲᠡᠭᠡᠭᠰᠢᠯᠡᠬᠦᠯᠬᠦ ᠬᠡᠵᠦ ᠲᠡᠷᠡ ᠮᠤᠩᠭᠤᠯ ᠤᠯᠤᠰ᠂ | ᠲᠦᠪᠡᠳ᠂ ᠬᠦᠬᠡᠨᠠᠭᠤᠷ᠂ ᠤᠲᠠᠢ ᠵᠡᠷᠭᠡ ᠭᠠᠵᠠᠷ ᠤᠷᠤᠨ ᠢᠶᠠᠷ ᠤᠷᠢᠳ ᠬᠤᠵᠢᠳ ᠬᠦᠷᠴᠦ ᠪᠠᠶᠢᠴᠠᠭᠠᠨ ᠰᠤᠷᠤᠯᠴᠠᠵᠦ᠂ | ᠲᠤᠷᠭᠠᠨ ᠤᠲᠠᠰᠦᠨ ᠤ ᠬᠠᠳᠬᠤᠮᠠᠯ ᠪᠠ ᠤᠷᠢᠶᠠᠮᠠᠯ ᠬᠢᠯᠭᠠᠰᠦᠨ ᠤ ᠮᠡᠷᠭᠡᠵᠢᠯ ᠢ ᠤᠶᠠᠯᠲᠤᠭᠤᠯᠵᠦ ᠲᠠᠩᠺᠠ | ᠤᠷᠠᠯᠠᠬᠤ ᠲᠤᠬᠠᠢ ᠨᠡᠩ ᠰᠢᠰᠲᠧᠮ ᠲᠠᠢ᠂ ᠨᠡᠩ ᠪᠤᠯᠪᠠᠰᠤᠷᠠᠩᠭᠤᠢ ᠮᠡᠷᠭᠡᠵᠢᠯ ᠢ ᠡᠵᠡᠮᠰᠢᠭᠰᠡᠨ ᠪᠠᠶᠢᠨ᠎ᠠ᠃ | ᠤᠷᠢᠶᠠᠮᠠᠯ ᠬᠢᠯᠭᠠᠰᠦᠨ ᠤ ᠲᠠᠩᠺᠠ ᠤᠷᠠᠯᠢᠭ ᠤᠨ ᠲᠦᠯᠦᠭᠡᠨ᠎ᠡ ᠨᠢᠬᠡ ᠰᠡᠳᠬᠢᠯ ᠢᠶᠠᠷ ᠵᠢᠳᠬᠦᠵᠦ ᠪᠠᠶᠢᠭ᠎ᠠ ᠬᠠᠳᠠᠮ | ᠡᠵᠢ ᠳᠡᠭᠡᠨ ᠲᠤᠰᠠ ᠲᠡᠮ ᠪᠤᠯᠵᠦ᠂ ᠡᠨᠡ ᠬᠦ ᠰᠤᠶᠤᠯ ᠤᠨ ᠦᠪ ᠢ ᠠᠪᠤᠷᠠᠨ ᠤᠯᠠᠮᠵᠢᠯᠠᠵᠦ᠂ ᠤᠯᠠᠮ | ᠴᠠᠭᠠᠰᠢᠲᠠ ᠬᠦᠭᠵᠢᠬᠦᠯᠬᠦ ᠬᠡᠮᠡᠨ ᠲᠤᠩᠮᠤᠳ ᠭᠡᠷᠡᠯ ᠭᠤᠸᠠᠢ ᠶᠢᠨ ᠶᠠᠫᠦᠨ ᠤᠯᠤᠰ ᠲᠤ ᠠᠵᠦ ᠲᠦᠷᠦᠵᠦ ᠪᠠᠶᠢᠬᠰᠠᠨ ᠬᠦᠦ | ᠪᠡᠷᠢ ᠨᠢ ᠬᠡᠦᠬᠡᠳ ᠢᠶᠠᠨ ᠲᠠᠭᠠᠭᠤᠯᠵᠦ ᠤᠯᠤᠰ ᠲᠠᠭᠠᠨ ᠪᠤᠴᠠᠨ ᠢᠷᠡᠵᠡᠢ᠃ 2015 ᠤᠨ ᠳᠤ ᠠᠯᠠᠱᠠ | ᠵᠡᠬᠦᠨ ᠬᠤᠰᠢᠭᠤᠨ ᠤ ᠠᠯᠲᠠᠨ ᠪᠤᠯᠤᠳ ᠤᠷᠢᠶᠠᠮᠠᠯ ᠬᠢᠯᠭᠠᠰᠦᠨ ᠤ ᠬᠠᠳᠬᠤᠮᠠᠯ ᠤᠨ ᠬᠢᠵᠠᠭᠠᠷᠲᠦ ᠺᠤᠮᠫᠠᠨᠢ ᠡᠬᠦᠳᠡ ᠪᠠᠨ | ᠨᠡᠭᠡᠭᠡᠵᠦ ᠡᠷᠦᠬᠡ ᠪᠠᠨ ᠰᠡᠬᠦᠨ᠂ ᠤᠷᠢᠶᠠᠮᠠᠯ ᠬᠢᠯᠭᠠᠰᠦᠨ ᠤ ᠲᠠᠩᠺᠠ ᠶᠢᠨ ᠤᠷᠠᠯᠢᠭ ᠢ ᠠᠵᠦ | ᠦᠢᠯᠡᠰᠵᠢᠬᠦᠯᠦᠨ ᠬᠦᠭᠵᠢᠬᠦᠯᠬᠦ ᠠᠩᠬᠠᠨ ᠤ ᠤᠷᠤᠯᠲᠤᠯᠭᠠ ᠪᠠᠨ ᠡᠬᠢᠯᠡᠬᠦᠯᠦᠭᠰᠡᠨ ᠪᠢᠯᠡ᠃ | ︽ᠤᠲᠤ ᠤᠷᠢᠶᠠᠮᠠᠯ ᠬᠢᠯᠭᠠᠰᠦᠨ ᠤ ᠲᠠᠩᠺᠠ ᠶᠢ ᠮᠡᠳᠡᠬᠦ ᠬᠦᠮᠦᠨ ᠤᠯᠠᠰᠢᠷᠠᠬᠰᠠᠨ᠂ ᠬᠢᠨᠭ᠍ᠭᠠᠨ ᠠᠶᠢᠮᠠᠬ᠂ ᠪᠠᠶᠠᠨᠨᠠᠭᠤᠷ | ᠠᠶᠢᠮᠠᠬ᠂ ᠴᠢᠨᠠᠬᠰᠢᠯᠠᠭᠠᠳ ᠯᠠᠨᠵᠸᠦ ᠬᠤᠲᠠ᠂ ᠬᠦᠬᠡᠨᠠᠭᠤᠷ ᠮᠤᠵᠢ ᠶᠢᠨ ᠬᠦᠮᠦᠰ ᠬᠦᠷᠳᠡᠯ᠎ᠡ ᠨᠠᠮᠠᠢᠢ ᠤᠷᠢᠵᠦ ᠲᠠᠩᠺᠠ | ᠤᠷᠠᠯᠢᠭ ᠢᠶᠠᠨ ᠵᠢᠭᠠᠭᠠᠳ ᠦᠭᠬᠦᠭᠡᠷᠡᠢ ᠭᠡᠳᠡᠭ ᠪᠤᠯᠪᠠ᠃ ᠪᠢ ᠮᠠᠰᠢ ᠪᠠᠶᠠᠷᠲᠠᠢ ᠪᠠᠶᠢᠨ᠎ᠠ᠃ | ᠱᠠᠪᠢ ᠨᠠᠷ ᠤᠯᠠᠰᠢᠷᠠᠭᠰᠠᠨ ᠲᠡᠳᠦᠢ ᠦᠭᠡᠢ ᠬᠦᠦ ᠪᠡᠷᠢ ᠴᠦ ᠲᠠᠩᠺᠠ ᠤᠷᠠᠯᠢᠭ ᠲᠤ ᠮᠠᠰᠢ ᠲᠤᠷ᠎ᠠ ᠪᠠᠭ᠋ᠠᠲᠠᠢ | ᠪᠤᠯᠵᠦ ᠰᠠᠶᠢᠬᠠᠨ ᠤᠶᠤᠬᠤ ᠪᠤᠯᠤᠭᠰᠠᠨ︾ ᠭᠡᠬᠦ ᠳᠤ ᠲᠤᠩᠮᠤᠳ ᠭᠡᠷᠡᠯ ᠭᠤᠸᠠᠢ ᠤᠮᠤᠭ ᠪᠠᠭ᠋ᠠᠳᠤᠯ ᠵᠢᠷᠭᠠᠯ | | ᠭᠤᠴᠢᠭᠠᠳ ᠵᠢᠯ ᠤᠨ ᠴᠦᠬᠦᠷᠡᠰᠢ ᠦᠭᠡᠢ ᠪᠠᠷᠢᠮᠲᠠᠯᠠᠯ᠂ ᠭᠤᠶᠢᠪᠢᠰᠢ ᠦᠬᠡᠢ ᠵᠢᠳᠬᠦᠯ ᠤᠨ ᠬᠢᠨᠢ ᠬᠠᠷᠢᠭᠤ ᠳᠤ | ᠠᠮᠵᠢᠯᠲᠠ ᠶᠢᠨ ᠵᠢᠮᠢᠰ ᠦᠷᠡᠯᠡᠯᠡ᠃ ᠭᠤᠴᠢᠨ ᠵᠢᠯ ᠤᠨ ᠡᠮᠦᠨ᠎ᠡ ᠤᠷᠢᠶᠠᠮᠠᠯ ᠬᠢᠯᠭᠠᠰᠦᠨ ᠤ | ᠲᠠᠩᠺᠠ ᠶᠢ ᠬᠡᠲᠦᠭᠡᠨ ᠬᠦᠮᠦᠨ ᠮᠡᠳᠡᠳᠡᠭ ᠪᠠᠶᠢᠬᠰᠠᠨ ᠪᠤᠯ ᠤᠲᠤ ᠮᠡᠳᠡᠳᠡᠭ ᠰᠤᠨᠢᠷᠬᠠᠳᠠᠭ ᠰᠤᠷᠳᠠᠭ | ᠬᠦᠮᠦᠰ ᠵᠢᠯ ᠲᠤᠳᠤᠮ ᠤᠯᠠᠰᠢᠷᠠᠵᠤ᠂ ᠪᠠᠰᠠ 950 ᠲᠡᠭᠰᠢ ᠲᠦᠷᠪᠡᠯᠵᠢᠨ ᠮᠧᠳ᠋ᠷ ᠲᠠᠯᠠᠪᠠᠢ ᠪᠦᠬᠦᠢ ᠤᠷᠢᠶᠠᠮᠠᠯ | ᠬᠢᠯᠭᠠᠰᠦᠨ ᠤ ᠲᠠᠩᠺᠠ ᠤᠷᠠᠯᠢᠭ ᠤᠨ ᠪᠤᠲᠠᠰ ᠤᠨ ᠪᠤᠰᠤ ᠰᠤᠶᠤᠯ ᠤᠨ ᠦᠪ ᠢ ᠤᠯᠠᠮᠵᠢᠯᠠᠬᠤ ᠰᠠᠭᠤᠷᠢᠨ ᠲᠠᠢ ᠪᠤᠯᠵᠦ᠂ | ᠮᠠᠷᠲᠠᠭᠲᠠᠮᠠᠷ ᠤᠰᠠᠳᠤᠮᠠᠷ ᠪᠤᠯᠤᠭᠰᠠᠨ ᠡᠨᠡ ᠬᠦ ᠰᠤᠶᠤᠯ ᠤᠨ ᠦᠨᠡᠲᠦ ᠦᠪ ᠭᠡᠷᠡᠯ | ᠬᠢᠯᠪᠠᠭ᠎ᠠ ᠪᠠᠨ ᠲᠠᠬᠢᠨ ᠰᠠᠴᠤᠷᠠᠭᠤᠯᠤᠯᠠ᠃ | | | | | 2018 ᠤᠨ ᠤ 12 ᠰᠠᠷ᠎ᠠ ᠶᠢᠨ 28 ᠤ ᠡᠲᠦᠷ᠂ ᠬᠦᠮᠦᠰ ᠤᠨ ᠠᠯᠠᠭ᠎ᠠ ᠲᠠᠰᠢᠯᠲᠠ ᠪᠠ ᠤᠤᠬᠠᠢᠢᠯᠠᠯ | ᠲᠤᠮᠲᠠ ᠪᠦᠬᠦ ᠤᠯᠤᠰ ᠤᠨ ᠠᠩᠬᠠᠲᠠᠬᠴᠢ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠤᠷᠠᠯᠠᠯ ᠤᠨ | ᠮᠦᠽᠸᠢ ᠠᠯᠠᠱᠠ ᠵᠡᠬᠦᠨ ᠬᠤᠰᠢᠭᠤᠨ ᠤ ᠪᠠᠶᠠᠨᠬᠤᠳᠠ ᠪᠠᠯᠭᠠᠰᠦᠨ ᠤ ᠬᠤᠱᠤᠳ ᠦᠨᠲᠦᠰᠦᠳᠡᠨ ᠤ ᠰᠤᠶᠤᠯ ᠤᠨ | ᠵᠡᠬᠡᠯᠢ ᠳᠤ ᠡᠬᠦᠳᠡ ᠪᠠᠨ ᠨᠡᠭᠡᠭᠡᠵᠦ ᠡᠷᠦᠬᠡ ᠪᠠᠨ ᠰᠡᠬᠦᠵᠡᠢ᠃ ᠡᠨᠡ ᠬᠦ ᠮᠦᠽᠸᠢ ᠳᠤ ᠲᠤᠩᠮᠤᠳ | ᠭᠡᠷᠡᠯ ᠭᠤᠸᠠᠢ ᠪᠠ ᠲᠡᠬᠦᠨ ᠤ ᠱᠠᠪᠢ ᠨᠠᠷ ᠤᠨ ᠤᠶᠤᠨ ᠤᠬᠠᠭᠠᠨ ᠢᠶᠠᠨ ᠰᠢᠪᠬᠠᠨ ᠬᠦᠴᠦ ᠬᠦᠯᠦᠰᠦ ᠪᠠᠨ | ᠤᠷᠤᠰᠬᠠᠨ ᠪᠠᠶᠢᠵᠦ ᠵᠤᠬᠢᠶᠠᠨ ᠪᠦᠲᠦᠭᠡᠭᠰᠡᠨ 200 ᠭᠠᠷᠤᠢ ᠤᠷᠢᠶᠠᠮᠠᠯ ᠬᠢᠯᠭᠠᠰᠦᠨ ᠤ ᠲᠠᠩᠺᠠ ᠶᠢᠨ | ᠪᠦᠲᠦᠭᠡᠯ ᠢ ᠲᠡᠯᠭᠡᠨ ᠦᠵᠡᠬᠦᠯᠵᠦ ᠪᠠᠶᠢᠲᠠᠭ᠃ | ︽ᠪᠢ ᠡᠨᠡ ᠮᠦᠽᠸᠢ ᠪᠠᠨ ᠪᠠᠶᠢᠭᠤᠯᠬᠤ ᠪᠠᠷ 2016 ᠤᠨ ᠠᠴᠠ ᠡᠬᠢᠯᠡᠨ ᠰᠡᠲᠦᠭᠰᠡᠨ ᠰᠢᠦ᠂ ᠬᠡᠪᠡᠴᠦ | ᠭᠠᠵᠠᠷ ᠢ ᠨᠢ ᠲᠤᠭᠲᠠᠭᠠᠵᠦ ᠲᠡᠶᠢᠯᠬᠦ ᠦᠬᠡᠢ ᠬᠡᠲᠦᠨ ᠵᠢᠯ ᠬᠦᠯᠢᠭᠡᠯᠵᠡᠯᠡ᠃ ᠮᠦᠽᠸᠢ ᠨᠡᠭᠡᠭᠡᠬᠦ | ᠶᠤᠰᠤᠯᠠᠯ ᠲᠡᠭᠡᠷ᠎ᠡ ᠪᠠᠨ ᠪᠠᠰᠠ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠤᠷᠠᠯᠠᠯ ᠤᠨ ᠮᠡᠷᠭᠡᠵᠢᠯ ᠤᠨ | ᠪᠤᠯᠪᠠᠰᠤᠷᠠᠯ ᠤᠨ ᠠᠩᠬᠢ ᠶᠢ ᠨᠡᠭᠡᠭᠡᠭᠰᠡᠨ︾ ᠭᠡᠵᠦ ᠲᠤᠩᠮᠤᠳ ᠭᠡᠷᠡᠯ ᠭᠤᠸᠠᠢ ᠤᠯᠵᠠᠭᠤᠷᠬᠠᠨᠠ᠃ ᠲᠡᠷᠡ ᠪᠠᠷ᠂ ᠤᠷᠢᠶᠠᠮᠠᠯ | ᠬᠢᠯᠭᠠᠰᠦᠨ ᠤ ᠮᠤᠩᠭᠤᠯ ᠲᠠᠩᠺᠠ ᠤᠷᠠᠯᠠᠯ ᠤᠨ ᠮᠦᠽᠸᠢ ᠪᠠᠨ ᠰᠦᠢᠳᠭᠡᠯ ᠬᠤᠷᠢᠶᠠᠬᠤ ᠦᠬᠡᠢ ᠨᠡᠭᠡᠭᠡᠯᠳᠡ ᠬᠢᠵᠦ ᠪᠠᠶᠢᠭ᠎ᠠ | ᠮᠦᠷᠳᠡᠭᠡᠨ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠪᠤᠲᠠᠰ ᠤᠨ ᠪᠤᠰᠤ ᠰᠤᠶᠤᠯ ᠤᠨ ᠦᠪ ᠢ | ᠤᠯᠠᠮᠵᠢᠯᠠᠬᠤ ᠭᠠᠵᠠᠷ ᠲᠠᠭᠠᠨ ᠪᠠᠰᠠ ᠱᠠᠪᠢ ᠡᠯᠰᠡᠵᠦ ᠦᠨ᠎ᠡ ᠲᠦᠯᠦᠪᠦᠷᠢ ᠦᠬᠡᠢ ᠵᠢᠭᠠᠨ | ᠰᠤᠷᠭᠠᠯᠲᠠ ᠬᠦᠷᠳᠡᠭᠡᠵᠦ ᠪᠠᠶᠢᠭ᠎ᠠ ᠶᠢᠨ ᠬᠠᠮᠳᠤ ᠠᠮᠢᠲᠤᠷᠠᠯ ᠤᠨ ᠨᠦᠬᠦᠪᠦᠷᠢ ᠦᠭᠴᠦ ᠪᠠᠶᠢᠭ᠎ᠠ ᠠᠵᠢ᠃ | ᠲᠤᠩᠮᠤᠳ ᠭᠡᠷᠡᠯ ᠭᠤᠸᠠᠢ ᠶᠢᠨ ᠵᠢᠳᠬᠦᠯ ᠴᠢᠷᠮᠠᠶᠢᠯᠭ᠎ᠠ ᠠᠶᠢᠮᠠᠬ ᠤᠨ ᠱᠠᠳᠤᠨ ᠤ ᠴᠢᠬᠤᠯᠠᠴᠢᠯᠠᠯ ᠲᠡᠮᠵᠢᠯᠭᠡ ᠶᠢ ᠤᠯᠵᠤ᠂ | ᠠᠶᠢᠮᠠᠬ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠪᠤᠷᠢ ᠶᠢᠨ ᠲᠤᠪᠴᠢᠶᠠᠨ ᠠᠴᠠ ᠤᠷᠢᠶᠠᠮᠠᠯ | ᠬᠢᠯᠭᠠᠰᠦᠨ ᠤ ᠮᠤᠩᠭᠤᠯ ᠲᠠᠩᠺᠠ ᠤᠷᠠᠯᠢᠭ ᠢ ︽ᠠᠯᠠᠱᠠ ᠠᠶᠢᠮᠠᠭ ᠤᠨ ᠨᠡᠷᠡᠲᠦ ᠪᠠᠭᠰᠢ ᠱᠠᠪᠢ | ᠬᠦᠮᠦᠵᠢᠬᠦᠯᠬᠦ ᠠᠵᠢᠯ ᠤᠨ ᠦᠷᠦᠭᠡ︾ ᠶᠢᠨ ᠪᠦᠲᠦᠭᠡᠨ ᠪᠠᠶᠢᠭᠤᠯᠤᠯᠲᠠ ᠶᠢᠨ ᠲᠦᠷᠦᠯ | ᠵᠦᠢᠯ ᠳᠡᠭᠡᠨ ᠬᠠᠮᠤᠷᠤᠨ ᠤᠷᠤᠭᠤᠯᠵᠦ᠂ ᠲᠤᠰᠬᠠᠢᠢᠯᠠᠨ ᠪᠡᠯᠡ ᠮᠦᠡᠭᠬᠦ ᠶᠢᠨ ᠲᠡᠮᠵᠢᠯᠬᠡ | | ᠵᠠᠰᠠᠭ ᠤᠨ ᠤᠷᠳᠤᠨ ᠤ ᠲᠡᠮᠵᠢᠯᠭᠡ᠂ ᠨᠡᠶᠢᠭᠡᠮ ᠤᠨ ᠴᠢᠬᠤᠯᠠᠴᠢᠯᠠᠯ ᠲᠤᠤᠷ᠎ᠠ᠂ ᠲᠤᠩᠮᠤᠳ ᠭᠡᠷᠡᠯ ᠭᠤᠸᠠᠢ ᠤᠷᠢᠳ | ᠬᠤᠵᠢᠳ 400 ᠭᠠᠷᠤᠢ ᠱᠠᠪᠢ ᠬᠦᠮᠦᠵᠢᠬᠦᠯᠵᠦ᠂ ᠠᠵᠢᠯ ᠤᠨ ᠪᠠᠶᠢᠷᠢ ᠠᠴᠠ ᠪᠠᠨ ᠪᠠᠭᠤᠬᠰᠠᠨ ᠠᠵᠢᠯᠲᠠᠳ ᠲᠤ | ᠲᠠᠬᠢᠨ ᠠᠵᠢᠯ ᠤᠯᠭᠤᠵᠦ᠂ ᠢᠯᠡᠳᠳᠡ ᠠᠵᠦ ᠠᠬᠤᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ | ᠠᠰᠢᠭ ᠢ ᠡᠬᠦᠳᠦᠭᠰᠡᠨ ᠪᠠᠶᠢᠨ᠎ᠠ᠃ ︽ᠤᠲᠤ ᠮᠠᠨ ᠤ ᠠᠳᠡ 30 ᠭᠠᠷᠤᠢ ᠬᠦᠮᠦᠰ ᠠᠵᠢᠯᠯᠠᠵᠦ ᠪᠠᠶᠢᠨ᠎ᠠ᠃ | ᠬᠦᠳᠡᠭᠡ ᠶᠢᠨ ᠮᠠᠯᠴᠢᠳ ᠪᠠᠶᠢᠨ᠎ᠠ᠂ ᠵᠡᠮᠳᠡᠭ ᠬᠦᠮᠦᠨ ᠴᠦ ᠪᠠᠶᠢᠨ᠎ᠠ᠃ ᠡᠳᠡᠭᠡᠷ ᠬᠦᠮᠦᠰ ᠲᠤ | ᠪᠢᠳᠡ ᠪᠦᠷ ᠴᠠᠯᠢᠩ ᠬᠦᠯᠦᠰᠦ ᠦᠭᠴᠦ ᠪᠠᠶᠢᠨ᠎ᠠ᠃ ᠶᠠᠲᠠᠭᠤ ᠬᠦᠴᠢᠷᠳᠡᠯᠳᠡᠢ ᠠᠵᠢᠯᠲᠠᠨ᠂ ᠵᠡᠮᠳᠡᠭ | ᠠᠵᠢᠯᠲᠠᠨ ᠳᠠᠭᠠᠨ ᠪᠠᠰᠠ ᠵᠤᠬᠢᠬᠤ ᠬᠠᠷᠠᠭᠠᠯᠵᠠᠯ ᠦᠵᠡᠬᠦᠯᠳᠡᠭ︾ ᠬᠡᠵᠦ ᠲᠤᠩᠮᠤᠳ | ᠭᠡᠷᠡᠯ ᠰᠤᠷᠪᠤᠯᠵᠢᠯᠠᠭᠴᠢ ᠳᠤ ᠲᠠᠨᠢᠯᠴᠠᠭᠤᠯᠵᠤ ᠪᠠᠶᠢᠯ᠎ᠠ᠃ ᠲᠡᠷᠡ᠂ ᠠᠩᠬ᠎ᠠ ᠰᠤᠷᠴᠦ ᠪᠠᠶᠢᠭ᠎ᠠ ᠬᠦᠮᠦᠰ ᠢᠶᠠᠷ | ᠤᠷᠢᠳ ᠢᠶᠠᠷ ᠲᠠᠰᠬᠠᠯ ᠬᠢᠯᠬᠡᠳᠡᠭ ᠪᠠᠶᠢᠬᠰᠠᠨ ᠪᠤᠯ᠂ ᠶᠠᠲᠠᠭᠤ ᠬᠦᠮᠦᠨ᠂ ᠵᠡᠮᠳᠡᠭ ᠬᠦᠮᠦᠨ ᠳᠤ ᠪᠤᠯ | ᠨᠢᠬᠡ ᠬᠢᠪᠡᠯ ᠨᠢᠬᠡ ᠶᠢᠨ ᠬᠢᠨᠢ ᠮᠦᠡᠭᠬᠦ ᠶᠢ ᠨᠢ ᠪᠤᠲᠤᠵᠦ ᠦᠭᠳᠡᠭ ᠪᠠᠶᠢᠯ᠎ᠠ᠃ | 2018 ᠤᠨ ᠤ 8 ᠰᠠᠷ᠎ᠠ ᠳᠤ ᠪᠤᠯᠤᠬᠰᠠᠨ ᠠᠷᠪᠠᠨ ᠲᠠᠪᠤᠲᠤᠭᠠᠷ ᠬᠤᠭᠤᠴᠠᠭᠠᠨ ᠤ ᠲᠤᠮᠲᠠᠲᠦ ᠤᠯᠤᠰ · ᠦᠪᠦᠷ | ᠮᠤᠩᠭᠤᠯ ᠤᠨ ᠲᠠᠯ᠎ᠠ ᠨᠤᠲᠤᠭ ᠤᠨ ᠰᠤᠶᠤᠯ ᠤᠨ ᠨᠠᠶᠢᠷ ᠤᠨ ᠬᠤᠭᠤᠴᠠᠭᠠᠨ ᠳᠤ᠂ ︽ᠰᠠᠬᠢᠨ ᠪᠠᠷᠠᠯᠠᠵᠦ ᠬᠠᠷᠢᠯᠴᠠᠨ | ᠬᠠᠪᠰᠤᠷᠤᠯᠴᠠᠨᠠᠮ — 56 ᠦᠨᠲᠦᠰᠦᠳᠡᠨ ᠤ ᠪᠤᠲᠠᠰ ᠤᠨ ᠪᠤᠰᠤ ᠰᠤᠶᠤᠯ ᠤᠨ ᠦᠪ ᠤᠨ | ᠤᠷᠢᠯᠭ᠎ᠠ ᠶᠢᠨ ᠦᠵᠡᠬᠦᠯᠬᠡ︾ ᠦᠪᠦᠷ ᠮᠤᠩᠭᠤᠯ ᠤᠨ ᠦᠵᠡᠰᠬᠦᠯᠡᠩ ᠤᠨ ᠤᠷᠲᠤᠨ ᠳᠤ | ᠬᠦᠭᠵᠢᠶᠡᠨᠳᠡᠢ ᠶᠠᠪᠤᠭᠲᠠᠪᠠ᠃ ᠡᠨᠡ ᠬᠦ ᠦᠵᠡᠰᠬᠦᠯᠡᠩ ᠲᠡᠭᠡᠷ᠎ᠡ᠂ ᠤᠷᠢᠶᠠᠮᠠᠯ ᠬᠢᠯᠭᠠᠰᠦᠨ ᠤ | ᠮᠤᠩᠭᠤᠯ ᠲᠠᠩᠺᠠ ᠲᠤᠭᠤᠷᠢᠨ ᠦᠵᠡᠭᠴᠢᠳ ᠤᠨ ᠠᠩᠬᠠᠷᠤᠯ ᠢ ᠲᠠᠲᠠᠵᠦ᠂ ᠬᠤᠷᠴᠠ ᠲᠤᠲᠤ ᠦᠡᠭᠭᠡ᠂ | ᠪᠤᠰᠤᠭ᠎ᠠ ᠴᠤᠭᠴᠠᠲᠦ ᠵᠢᠷᠤᠭ ᠲᠦᠷᠰᠦ ᠪᠠᠷ ᠢᠶᠠᠨ ᠦᠵᠡᠬᠦᠯᠬᠡ ᠶᠢᠨ ᠬᠢᠯᠠᠰ ᠴᠡᠭ ᠪᠤᠯᠵᠦ ᠪᠠᠶᠢᠯ᠎ᠠ᠃ | ᠠᠳᠡ ᠲᠡᠯᠭᠡᠭᠳᠡᠭᠰᠡᠨ ᠪᠦᠲᠦᠭᠡᠯ ᠤᠳ ᠨᠢ ᠪᠦᠷ ᠯᠡ ᠲᠤᠩᠮᠤᠳ ᠭᠡᠷᠡᠯ ᠭᠤᠸᠠᠢ ᠶᠢᠨ ᠱᠠᠪᠢ ᠨᠠᠷ ᠲᠠᠢ ᠪᠠᠨ ᠬᠠᠮᠲᠤᠷᠠᠨ | ᠬᠡᠲᠦᠨ ᠵᠢᠯ ᠤᠨ ᠬᠤᠭᠤᠴᠠᠭᠠᠨ ᠳᠤ ᠤᠷᠠᠯᠠᠨ ᠪᠦᠲᠦᠭᠡᠭᠰᠡᠨ ᠰᠢᠯᠢᠳᠡᠭ ᠪᠦᠲᠦᠭᠡᠯ ᠤᠳ ᠪᠠᠶᠢᠯ᠎ᠠ᠃ ︽ᠠᠯᠠᠱᠠ | ᠨᠤᠲᠤᠭ ᠲᠤ ᠦᠪ ᠵᠤᠵᠠᠭᠠᠨ ᠰᠤᠶᠤᠯ ᠲᠡᠦᠭᠡ ᠲᠠᠢ᠂ ᠠᠬᠸᠠᠩᠲᠠᠨᠲᠠᠷ᠂ ᠼᠠᠩᠶᠠᠩᠵᠠᠮᠰᠦ ᠵᠡᠷᠭᠡ ᠨᠡᠷ᠎ᠡ | ᠬᠦᠨᠲᠦᠲᠡᠢ ᠲᠡᠦᠬᠡ ᠶᠢᠨ ᠬᠦᠮᠦᠨ ᠤ ᠦᠯᠢᠬᠡᠷ ᠲᠠᠢ᠃ ᠪᠢ ᠮᠤᠩᠭᠤᠯ ᠦᠨᠳᠦᠰᠦᠳᠡᠨ ᠤ ᠲᠡᠦᠭᠡ ᠰᠤᠶᠤᠯ᠂ | ᠠᠯᠠᠱᠠ ᠨᠤᠲᠤᠭ ᠤᠨ ᠲᠡᠦᠭᠡ ᠰᠤᠶᠤᠯ ᠢᠶᠠᠨ ᠲᠠᠩᠺᠠ ᠤᠷᠠᠯᠢᠭ ᠢᠶᠠᠷ ᠢᠯᠡᠷᠡᠬᠦᠯᠬᠦ ᠶᠢ ᠵᠤᠷᠢᠳᠠᠭ ᠪᠦᠭᠡᠳ ᠱᠠᠪᠢ | ᠨᠠᠷ ᠢᠶᠠᠨ ᠴᠦ ᠡᠨᠡ ᠬᠦ ᠰᠠᠶᠢᠨ ᠰᠠᠶᠢᠬᠠᠨ ᠬᠦᠰᠡᠯ ᠵᠤᠷᠢᠯᠳᠠ ᠶᠢᠨ ᠲᠦᠯᠦᠭᠡ ᠴᠢᠷᠮᠠᠶᠢᠨ ᠲᠡᠮᠡᠴᠡᠬᠦ ᠶᠢ | ᠵᠤᠷᠢᠬᠵᠢᠭᠤᠯᠳᠠᠭ᠃ ᠬᠡᠲᠦ᠋ᠢᠪᠡᠷ ᠵᠤᠬᠢᠶᠠᠨ ᠪᠦᠲᠦᠭᠡᠬᠦ ᠠᠶᠠᠨ ᠵᠠᠮ ᠰᠢᠭᠤᠳ ᠰᠢᠯᠤᠭᠤᠨ ᠪᠢᠰᠢ ᠴᠦ ᠪᠢᠳᠡ | ᠢᠷᠡᠭᠡᠲᠦᠢ ᠳᠡᠭᠡᠨ ᠢᠳᠡᠭᠡᠯ ᠲᠠᠢ ᠪᠠᠶᠢᠨ᠎ᠠ︾ ᠭᠡᠵᠦ ᠲᠤᠩᠮᠤᠳ ᠭᠡᠷᠡᠯ ᠤᠴᠢᠷᠯᠠᠨ᠎ᠠ᠃ | | | | | | ᠠᠯᠠᠱᠠ ᠵᠡᠬᠦᠨ ᠬᠤᠰᠢᠭᠤᠨ ᠤ ᠪᠠᠶᠠᠨᠬᠤᠲᠠ ᠪᠠᠯᠭᠠᠰᠦ ᠶᠢᠨ ᠬᠤᠱᠤᠳ ᠦᠨᠲᠦᠰᠦᠳᠡᠨ ᠤ ᠰᠤᠶᠤᠯ ᠤᠨ ᠵᠡᠬᠡᠯᠢ ᠳᠤ | ᠠᠯᠬᠤᠨ ᠤᠷᠤᠭᠰᠠᠭᠠᠷ ᠮᠤᠩᠭᠤᠯ ᠫᠠᠶᠢᠰᠠ ᠢᠯᠡᠷᠭᠡᠶᠢᠯᠡᠯ ᠲᠠᠢ ᠲᠡᠯᠭᠡᠬᠦᠷ ᠤᠳ ᠮᠦᠷᠯᠡᠨ ᠵᠢᠭᠳᠡᠷᠡᠵᠦ᠂ | ᠮᠤᠩᠭᠤᠯ ᠰᠤᠶᠤᠯ ᠤᠨ ᠦᠪᠡᠷᠮᠢᠴᠡ ᠲᠠᠲᠠᠬᠤ ᠬᠦᠴᠦᠨ ᠢᠶᠠᠷ ᠢᠶᠠᠨ ᠬᠦᠷᠦᠭᠰᠡᠨ ᠪᠦᠬᠦᠨ ᠤ ᠬᠠᠷᠠᠭ᠎ᠠ ᠶᠢ | ᠮᠢᠯᠢᠶᠠᠵᠤ ᠤᠷᠮ᠎ᠠ ᠶᠢ ᠬᠦᠭᠵᠢᠭᠡᠨ᠎ᠡ᠃ 950 ᠲᠡᠭᠰᠢ ᠲᠦᠷᠪᠡᠯᠵᠢᠨ ᠮᠧᠲᠷ ᠲᠠᠯᠠᠪᠠᠢ ᠪᠦᠬᠦᠢ | ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠤᠷᠠᠯᠠᠯ ᠤᠨ ᠪᠤᠲᠠᠰ ᠤᠨ ᠪᠤᠰᠤ ᠰᠤᠶᠤᠯ ᠤᠨ ᠦᠪ ᠢ | ᠤᠯᠠᠮᠵᠢᠯᠠᠬᠤ ᠭᠠᠵᠠᠷ ᠨᠢ ᠠᠳᠡᠬᠢ ᠶᠢᠨ ᠡᠳᠡᠭᠡᠳ ᠨᠢᠭᠡᠨ ᠦᠵᠡᠮᠵᠢ ᠪᠤᠯᠵᠠᠢ᠃ 450 ᠲᠡᠭᠰᠢ | ᠲᠦᠷᠪᠡᠯᠵᠢᠨ ᠮᠧᠲᠷ ᠲᠠᠯᠠᠪᠠᠢ ᠪᠦᠬᠦᠢ ᠮᠦᠽᠸᠢ᠂ 300 ᠲᠡᠭᠰᠢ ᠲᠦᠷᠪᠡᠯᠵᠢᠨ ᠮᠧᠳ᠋ᠷ ᠲᠠᠯᠠᠪᠠᠢ | ᠪᠦᠬᠦᠢ ᠪᠤᠯᠪᠠᠰᠤᠷᠠᠯ ᠤᠨ ᠭᠠᠵᠠᠷ᠂ 200 ᠲᠡᠭᠰᠢ ᠲᠦᠷᠪᠡᠯᠵᠢᠨ ᠮᠧᠲᠷ ᠲᠠᠯᠠᠪᠠᠢ ᠪᠦᠬᠦᠢ ᠠᠵᠢᠯᠯᠠᠬᠤ | ᠦᠷᠦᠭᠡ ᠨᠢ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠰᠤᠷᠬᠤ᠂ ᠦᠢᠯᠡᠳᠪᠦᠷᠢᠯᠡᠬᠦ᠂ ᠲᠤᠭᠤᠷᠢᠨ | ᠦᠵᠡᠬᠦ ᠶᠢ ᠨᠢᠬᠡ ᠴᠤᠭᠴᠠᠵᠢᠭᠤᠯᠤᠬᠰᠠᠨ ᠪᠠᠶᠢᠵᠠᠢ᠃ | ︽ᠮᠠᠨ ᠤ ᠠᠶᠢᠮᠠᠬ ᠤᠳᠤ ᠶᠠᠭ ᠰᠠᠶᠢᠬᠠᠨ ᠤᠯᠠᠨ ᠤᠯᠤᠰ ᠤᠨ ᠵᠢᠭᠤᠯᠴᠢᠯᠠᠯ ᠤᠨ ᠬᠠᠷᠠᠯᠲᠠᠲᠦ ᠤᠷᠤᠨ ᠢ ᠢᠳᠡ ᠬᠦᠭ ᠲᠠᠢ | ᠪᠦᠲᠦᠭᠡᠨ ᠪᠠᠶᠢᠭᠤᠯᠵᠦ᠂ ᠰᠤᠶᠤᠯ ᠢᠶᠠᠷ ᠠᠶᠢᠮᠠᠭ ᠢᠶᠠᠨ ᠬᠦᠴᠦᠷᠭᠡᠭᠵᠢᠬᠦᠯᠬᠦ ᠬᠠᠷᠠᠯᠳᠠ ᠶᠢ ᠲᠤᠭᠳᠠᠭᠠᠨ ᠬᠡᠷᠡᠭᠵᠢᠬᠦᠯᠵᠦ ᠪᠠᠶᠢᠨ᠎ᠠ᠃ | ᠡᠨᠡ ᠨᠢ ᠤᠯᠠᠮᠵᠢᠯᠠᠯᠳᠤ ᠰᠤᠶᠤᠯ ᠤᠷᠠᠯᠢᠭ ᠤᠨ ᠨᠢᠭᠡᠨ ᠪᠤᠳᠠ ᠴᠡᠴᠡᠭ ᠪᠤᠯᠤᠭᠰᠠᠨ ᠲᠠᠩᠺᠠ ᠤᠷᠠᠯᠠᠯ ᠳᠤ ᠰᠢᠨ᠎ᠡ ᠠᠮᠢ | ᠠᠮᠢᠯᠠᠯ ᠤᠨ ᠠᠵᠠ ᠲᠤᠬᠢᠶᠠᠯ ᠢ ᠠᠪᠴᠢᠷᠠᠨ ᠦᠭᠪᠡ︾ ᠭᠡᠵᠦ ᠲᠤᠩᠮᠤᠳ ᠭᠡᠷᠡᠯ ᠶᠠᠷᠢᠨ᠎ᠠ᠃ | ᠠᠯᠠᠱᠠ ᠵᠡᠬᠦᠨ ᠬᠤᠰᠢᠭᠤᠨ ᠤ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠲᠠᠰ ᠤᠨ ᠪᠤᠰᠤ ᠰᠤᠶᠤᠯ ᠤᠨ | ᠦᠪ ᠢ ᠰᠤᠷᠭᠠᠵᠦ ᠤᠯᠠᠮᠵᠢᠯᠠᠬᠤ ᠭᠠᠵᠠᠷ ᠤᠨ ᠪᠠᠶᠢᠭᠤᠯᠤᠬᠲᠠᠬᠰᠠᠨ ᠨᠢ ᠲᠤᠰ ᠲᠦᠷᠦᠯ ᠵᠦᠢᠯ ᠤᠨ ᠤᠯᠠᠮᠵᠢᠯᠠᠯ | ᠬᠦᠭᠵᠢᠯ ᠳᠤ ᠴᠢᠬᠤᠯᠠ ᠪᠠᠲᠤᠯᠠᠭ᠎ᠠ ᠬᠠᠨᠭ᠍ᠭᠠᠵᠦ᠂ ᠮᠡᠷᠭᠡᠵᠢᠯ ᠤᠨ ᠴᠢᠲᠠᠪᠦᠷᠢᠲᠠᠨ ᠪᠠ ᠪᠤᠲᠠᠰ ᠤᠨ ᠪᠤᠰᠤ | ᠰᠤᠶᠤᠯ ᠤᠨ ᠦᠪ ᠤᠨ ᠤᠯᠠᠮᠵᠢᠯᠠᠬᠴᠢ ᠶᠢ ᠲᠠᠪᠲᠠᠨ ᠪᠤᠯᠪᠠᠰᠤᠷᠠᠭᠤᠯᠬᠤ ᠵᠢᠴᠢ ᠲᠠᠩᠺᠠ ᠤᠷᠠᠯᠢᠭ ᠤᠨ ᠠᠵᠦ | ᠦᠢᠯᠡᠰᠵᠢᠯᠳᠡ ᠶᠢᠨ ᠬᠦᠭᠵᠢᠯᠳᠡ ᠶᠢ ᠲᠦᠷᠭᠡᠳᠭᠡᠨ᠂ ᠤᠯᠠᠨ ᠤᠯᠤᠰ ᠤᠨ | ᠵᠢᠭᠤᠯᠴᠢᠯᠠᠯ ᠤᠨ ᠬᠠᠷᠠᠯᠳᠠᠳᠤ ᠤᠷᠤᠨ ᠢ ᠪᠦᠳᠦᠭᠡᠨ ᠪᠠᠶᠢᠭᠤᠯᠬᠤ᠂ ᠰᠤᠶᠤᠯ ᠢᠶᠠᠷ | ᠠᠶᠢᠮᠠᠭ ᠢᠶᠠᠨ ᠬᠦᠴᠦᠷᠭᠡᠭᠵᠢᠬᠦᠯᠬᠦ᠂ ᠶᠠᠲᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠲᠤᠯᠬᠤ | ᠲᠠᠶᠢᠯᠠᠯᠲᠤᠭᠠᠨ ᠤ ᠰᠢᠢᠳᠪᠦᠷᠢᠳᠦ ᠢᠯᠠᠯᠳᠠ ᠶᠢ ᠲᠡᠮᠡᠴᠡᠨ ᠤᠯᠬᠤ ᠳᠤ | ᠦᠪᠡᠷ ᠤᠨ ᠢᠶᠠᠨ ᠬᠡᠰᠡᠨ ᠬᠦᠴᠦᠨ ᠴᠢᠲᠠᠯ ᠢᠶᠠᠨ ᠨᠡᠮᠡᠷᠢᠯᠡᠬᠦ ᠨᠢ ᠯᠠᠪᠳᠠᠢ᠃ ︽ᠪᠢ ᠡᠨᠡ ᠬᠦ | ᠬᠠᠷᠠᠯᠳᠠ ᠶᠢᠨ ᠢᠶᠠᠨ ᠲᠦᠯᠦᠭᠡ᠂ ᠡᠳᠡᠭᠡᠷ ᠮᠠᠯᠴᠢᠳ ᠪᠠ ᠵᠡᠮᠳᠡᠭ | ᠠᠵᠢᠯᠲᠠᠳ ᠤᠨ ᠢᠶᠠᠨ ᠲᠦᠯᠦᠬᠡ ᠱᠠᠪᠢ ᠨᠠᠷ ᠢᠶᠠᠨ ᠲᠠᠭᠠᠭᠤᠯᠤᠨ ᠵᠠᠪᠠᠯ ᠰᠠᠶᠢᠨ | ᠠᠵᠢᠯᠯᠠᠬᠤ ᠭᠡᠷᠡᠭᠳᠡᠢ︾ ᠭᠡᠵᠦ ᠲᠤᠩᠮᠤᠳ ᠭᠡᠷᠡᠯ ᠶᠠᠷᠢᠨ᠎ᠠ᠃ ᠤᠳᠤᠬᠠᠨ ᠳᠤ᠂ ᠡᠨᠡ ᠬᠦ 19 | ᠠᠯᠬᠤᠮ ᠢ ᠲᠠᠮᠵᠢᠮᠠᠨᠵᠢᠨ ᠰᠠᠶᠢ ᠤᠷᠠᠯᠠᠨ ᠪᠦᠲᠦᠭᠡᠭᠳᠡᠳᠡᠭ ᠤᠯᠠᠮᠵᠢᠯᠠᠯᠲᠦ ᠤᠷᠠᠯᠢᠭ ᠨᠢ ᠠᠯᠠᠱᠠ | ᠠᠶᠢᠮᠠᠬ ᠤᠨ ᠶᠠᠲᠠᠭᠤ ᠶᠢ ᠲᠡᠳᠬᠦᠬᠦ ᠰᠤᠶᠤᠯ ᠤᠨ ᠠᠵᠦ ᠦᠢᠯᠡᠰ ᠪᠠ ᠦᠪᠡᠷᠳᠡᠭᠡᠨ ᠵᠠᠰᠠᠬᠤ | ᠤᠷᠤᠨ ᠤ ᠠᠩᠬᠠᠨ ᠤ ᠪᠦᠯᠦᠭ ᠤᠨ ᠰᠤᠶᠤᠯ ᠤᠨ ᠠᠵᠦ ᠦᠢᠯᠡᠰ ᠤᠨ ᠶᠠᠲᠠᠭᠤ ᠶᠢ ᠲᠡᠳᠬᠦᠬᠦ ᠲᠦᠷᠦᠯ ᠵᠦᠢᠯ | ᠪᠤᠯᠤᠬᠰᠠᠨ ᠪᠢᠯᠡ᠃ ᠤᠲᠤ ᠨᠡᠶᠢᠳᠡ 300 ᠭᠠᠷᠤᠢ ᠮᠠᠯᠴᠢᠨ ᠲᠠᠷᠢᠶᠠᠴᠢᠨ ᠦᠨ᠎ᠡ ᠲᠦᠯᠦᠪᠦᠷᠢ | ᠦᠬᠡᠢ ᠪᠠᠷ ᠤᠷᠢᠶᠠᠮᠠᠯ ᠬᠢᠯᠭᠠᠰᠦᠨ ᠤ ᠮᠤᠩᠭᠤᠯ ᠲᠠᠩᠺᠠ ᠶᠢᠨ ᠪᠤᠯᠪᠠᠰᠤᠷᠠᠯ ᠳᠤ ᠤᠷᠤᠯᠴᠠᠵᠦ᠂ ᠡᠨᠡ ᠬᠦ | ᠮᠡᠷᠭᠡᠵᠢᠯ ᠢᠶᠠᠷ ᠲᠠᠮᠵᠢᠨ ᠠᠵᠢᠯ ᠤᠯᠤᠭᠰᠠᠨ ᠶᠠᠲᠠᠭᠤ ᠬᠦᠴᠢᠷᠳᠡᠯᠳᠡᠢ ᠮᠠᠯᠴᠢᠨ ᠲᠠᠷᠢᠶᠠᠴᠢᠨ ᠤ ᠵᠢᠯ ᠤᠨ ᠤᠷᠤᠯᠭ᠎ᠠ 3 | ᠲᠦᠮᠡᠨ ᠲᠦᠬᠦᠷᠢᠭ ᠰᠢᠬᠠᠮ ᠨᠡᠮᠡᠭᠳᠡᠭᠰᠡᠨ ᠪᠠᠶᠢᠨ᠎ᠠ᠃ | ︽ᠤᠯᠠᠨ ᠤ ᠬᠦᠴᠦ ᠤᠯᠤᠮ ᠦᠬᠡᠢ ᠲᠠᠯᠠᠢ︾ ᠭᠡᠳᠡᠭᠴᠢᠯᠡᠨ᠂ ᠨᠠᠮ ᠵᠠᠰᠠᠭ ᠤᠨ ᠲᠡᠮᠵᠢᠯᠬᠡ ᠲᠤᠤᠷ᠎ᠠ ᠲᠤᠩᠮᠤᠳ | ᠭᠡᠷᠡᠯ ᠪᠠ ᠲᠡᠬᠦᠨ ᠤ ᠱᠠᠪᠢ ᠨᠠᠷ᠂ ᠤᠷᠢᠶᠠᠮᠠᠯ ᠬᠢᠯᠭᠠᠰᠦᠨ ᠤ ᠲᠠᠩᠺᠠ ᠤᠷᠠᠯᠠᠯ ᠤᠨ ᠲᠡᠦᠭᠡ ᠶᠢᠨ ᠦᠨ᠎ᠡ ᠦᠷᠳᠡᠭ᠂ | ᠤᠷᠠᠯᠢᠭ ᠤᠨ ᠦᠨ᠎ᠡ ᠦᠷᠳᠡᠭ᠂ ᠠᠵᠦ ᠠᠬᠤᠢ ᠶᠢᠨ ᠦᠨ᠎ᠡ ᠦᠷᠳᠡᠭ ᠢ ᠤᠯᠠᠮ ᠴᠢᠨᠠᠭᠰᠢᠲᠠ ᠠᠭᠤᠲᠠᠯᠵᠦ᠂ ᠠᠵᠦ | ᠦᠢᠯᠡᠰᠵᠢᠯᠳᠡ ᠶᠢ ᠲᠦᠷᠭᠡᠳᠭᠡᠨ᠂ ᠲᠤᠰ ᠭᠠᠵᠠᠷ ᠤᠷᠤᠨ ᠤ ᠤᠯᠠᠨ ᠲᠦᠮᠡᠨ᠂ | ᠤᠨᠴᠠᠭᠠᠢᠢᠯᠠᠨ ᠶᠠᠲᠠᠭᠤ ᠬᠦᠴᠢᠷᠳᠡᠯᠳᠡᠢ ᠬᠦᠮᠦᠨ ᠠᠮᠠ ᠶᠢᠨ ᠦᠨᠲᠦᠰᠦᠳᠡᠨ ᠤ ᠤᠨᠴᠠᠯᠢᠬᠲᠦ | ᠤᠷᠠᠯᠢᠭ ᠤᠨ ᠡᠬᠢ ᠪᠠᠶᠠᠯᠢᠭ ᠲᠠᠭᠠᠨ ᠲᠦᠰᠢᠭᠯᠡᠨ ᠠᠵᠢᠯ ᠤᠯᠬᠤ ᠶᠢ ᠠᠬᠢᠭᠤᠯᠤᠭᠰᠠᠨ ᠲᠡᠳᠦᠢ ᠦᠭᠡᠢ᠂ | ᠤᠯᠠᠮᠵᠢᠯᠠᠯᠲᠦ ᠰᠤᠶᠤᠯ ᠤᠨ ᠬᠦᠭᠵᠢᠯᠳᠡ ᠶᠢᠨ ᠨᠦᠭᠡᠴᠡ ᠬᠦᠴᠦᠨ ᠢ ᠤᠯᠠᠮ ᠴᠢᠨᠠᠭᠰᠢᠲᠠ ᠬᠦᠭᠵᠢᠭᠡᠭᠰᠡᠨ ᠪᠢᠯᠡ᠃ |
|