ᠬᠠᠪᠤᠷ ᠤᠨ ᠬᠠᠶᠢᠯ ᠦᠨᠤᠷᠲᠦᠭᠲᠡᠵᠦ᠂ ᠲᠤᠯᠠᠭᠠᠨ ᠰᠠᠯᠬᠢᠨ ᠬᠠᠴᠡᠷᠳᠠᠬᠤ ᠳᠤ ᠪᠢ ᠦᠪᠡᠷ ᠤᠨ ᠡᠷᠭᠡ ᠦᠬᠡᠢ ᠬᠡᠷ | ᠤᠷᠤᠭᠤ ᠪᠠᠨ ᠤᠲᠠᠰᠤᠲᠠᠬᠤ ᠶᠢ ᠰᠠᠨᠠᠲᠠᠭ᠃ ᠲᠤᠭᠯᠠᠵᠦ ᠨᠠᠭᠠᠳᠴᠦ ᠦᠰᠦᠭᠰᠡᠨ ᠮᠠᠩᠬ᠎ᠠ ᠲᠤᠯᠤᠭᠠᠳ᠂ | ᠭᠤᠤᠯ ᠤᠰᠤ ᠪᠠᠨ ᠬᠦᠷᠲᠡᠯ᠎ᠠ ᠨᠢᠬᠡ ᠨᠢᠬᠡ ᠪᠠᠷ ᠠᠰᠠᠭᠤᠶ᠎ᠠ ᠬᠡᠵᠦ ᠪᠤᠲᠤᠲᠠᠭ ᠴᠦ ᠤᠯᠠᠨ ᠴᠠᠭ ᠢᠶᠠᠷ ᠶᠠᠷᠢᠵᠦ ᠰᠠᠭᠤᠬᠤ | ᠴᠠᠭ ᠵᠠᠪ ᠠᠯᠢ ᠠᠯᠢᠨ ᠳᠤ ᠨᠢ ᠴᠦ ᠠᠯᠠᠭ᠎ᠠ ᠶᠤᠮ ᠳ᠋ᠡ︕ ᠡᠵᠢ ᠪᠢᠲᠡ ᠬᠤᠶᠠᠷ ᠲᠤ ᠁ ᠨᠤᠲᠤᠭ ᠲᠠᠭᠠᠨ | ᠬᠠᠷᠢᠭᠠᠲᠤᠢ ᠨᠡᠯᠢᠶᠡᠳ ᠤᠲᠠᠴᠢᠬᠠᠯᠠ︕ ᠠᠵᠢᠯ ᠠᠯᠪᠡ ᠶᠢᠨ ᠡᠷᠭᠡ ᠪᠠᠷ ᠬᠡᠬᠦ ᠤᠤ᠃ ᠤᠯᠠᠷᠢᠯ ᠤᠨ | ᠰᠢᠪᠠᠭᠤᠳ ᠬᠦᠷᠲᠡᠯ᠎ᠠ ᠵᠢᠯ ᠳᠡᠭᠡᠨ ᠨᠢᠬᠡ ᠡᠷᠬᠢᠲᠡᠭ ᠠᠲᠠᠯ᠎ᠠ ᠤᠬᠠᠭᠠᠨ ᠲᠠᠢ ᠬᠦᠮᠤᠨ ᠤ ᠦᠷ᠎ᠡ ᠪᠢᠲᠡ ᠶᠠᠭᠠᠬᠢᠭᠠᠳ | ᠨᠤᠲᠤᠭ ᠲᠠᠭᠠᠨ ᠤᠴᠢᠵᠦ ᠠᠮᠵᠢᠲᠠᠭ ᠦᠬᠡᠢ ᠶᠤᠮ ᠪᠤᠢ ᠁ ᠬᠤᠷᠲᠤᠨ ᠮᠠᠰᠢᠨ ᠢᠶᠠᠷ ᠭᠡᠲᠤᠭᠡᠨ | ᠴᠠᠭ ᠶᠠᠪᠤᠬᠤ ᠳᠤ ᠯᠠ ᠬᠦᠷᠤᠭᠡᠳ ᠤᠴᠢᠴᠢᠬᠠᠲᠠᠭ ᠭᠠᠵᠠᠷ ᠢ ᠭᠡᠵᠦ ᠪᠤᠲᠤᠬᠤ ᠪᠠᠷ ᠤᠬᠢᠯᠠᠮᠠᠷ ᠰᠠᠨᠠᠭᠲᠠᠬᠤ ᠶᠤᠮ ᠡ᠃ | ᠤᠨ ᠴᠠᠭ ᠤᠨ ᠡᠯᠡᠬᠡᠯᠲᠡ᠂ ᠴᠠᠭ ᠠᠭᠤᠷ ᠤᠨ ᠬᠤᠪᠢᠷᠠᠯᠲᠠ ᠠᠴᠠ ᠪᠤᠯᠵᠦ ᠡᠯᠡᠰᠤᠨ ᠨᠤᠲᠤᠭ ᠮᠢᠨᠢ ᠨᠡᠯᠢᠶᠡᠳ | ᠬᠤᠪᠢᠷᠠᠭᠰᠠᠨ ᠯᠠ ᠳ᠋ᠡ᠂ ᠬᠡᠬᠦ ᠳᠡᠭᠡᠨ ᠨᠤᠲᠤᠭ ᠮᠢᠨᠢ ᠶᠤᠮ ᠪᠤᠯᠬᠤᠷ ᠰᠡᠳᠬᠢᠯ ᠳᠤ ᠪᠡᠰᠠ ᠯᠠ | ᠲᠡᠷᠡ ᠤᠩᠭᠤᠨ ᠲᠦᠷᠬᠦ ᠪᠠᠷ ᠢᠶᠠᠨ᠂ ᠪᠦᠭᠲᠦ᠋ᠢᠵᠦ ᠤᠷᠭᠤᠭᠰᠠᠨ ᠬᠠᠶᠢᠯᠡᠰᠤ᠂ ᠨᠤᠷᠠᠵᠦ ᠡᠯᠡᠭᠲᠡᠭᠰᠡᠨ ᠡᠷᠬᠢ᠂ | ᠤᠷᠤᠢ ᠳᠠᠭᠠᠨ ᠪᠤᠷᠭᠠᠰᠤ ᠲᠠᠢ ᠮᠠᠩᠬ᠎ᠠ᠂ ᠤᠨᠲᠤᠷᠠᠭᠰᠠᠭᠠᠷ ᠯᠠ ᠪᠠᠶᠢᠭ᠎ᠠ ᠪᠠᠶᠠᠨ ᠪᠤᠯᠠᠭ᠂ ᠤᠰᠤᠨ | ᠲᠤᠮᠲᠠ ᠨᠢ ᠭᠡᠪᠲᠡᠬᠦ ᠪᠤᠷᠬᠠᠨ ᠴᠢᠯᠠᠭᠤ ᠁ ᠡᠨᠡ ᠯᠠ ᠭᠡᠪ ᠲᠡᠭᠡᠨ ᠁ ᠡᠶᠢᠮᠤ ᠯᠠ ᠶᠠᠩᠵᠦ ᠪᠠᠷ ᠢᠶᠠᠨ ᠁ | ᠲᠡᠶᠢᠮᠤ ᠡ᠃ ᠡᠯᠡᠰᠤᠨ ᠠᠴᠠ ᠤᠨᠲᠤᠷᠤᠭᠰᠠᠨ ᠵᠢᠵᠢᠭᠬᠡᠨ ᠪᠤᠯᠠᠭ — ᠪᠠᠶᠠᠨ ᠪᠤᠯᠠᠭ ᠢᠶᠠᠨ ᠪᠢ᠂ ᠪᠡᠶ᠎ᠡ ᠶᠢ | ᠮᠢᠨᠢ ᠤᠬᠢᠶᠠᠭᠰᠠᠨ ᠠᠷᠢᠭᠤᠨ ᠮᠦᠷᠡᠨ᠂ ᠤᠬᠠᠭᠠᠨ ᠢ ᠮᠢᠨᠢ ᠤᠮᠲᠠᠯᠠᠭᠰᠠᠨ ᠷᠠᠰᠢᠶᠡᠨ ᠤᠰᠤ ᠭᠡᠵᠦ ᠪᠤᠲᠤᠲᠠᠭ᠃ | ᠪᠤᠯᠠᠭ ᠤᠨ ᠤᠰᠤᠨ ᠲᠤᠲᠤᠷ᠎ᠠ ᠪᠤᠷᠬᠠᠨ ᠤ ᠰᠠᠭᠤᠲᠠᠯ ᠪᠤᠯᠤᠨ ᠵᠠᠯᠠᠭᠲᠠᠭᠰᠠᠨ ᠡᠯᠢᠬᠡᠨ ᠬᠦᠷᠡᠩ | ᠴᠢᠯᠠᠭᠤ ᠶᠢ ᠨᠤᠲᠤᠭ ᠤᠨ ᠮᠢᠨᠢ ᠬᠦᠮᠤᠰ ︽ᠪᠤᠷᠬᠠᠨ ᠲᠠᠯᠪᠢᠲᠠᠭ ᠴᠢᠯᠠᠭᠤ︾᠂ ︽ᠪᠤᠷᠬᠠᠨ | ᠴᠢᠯᠠᠭᠤ︾ ᠬᠡᠵᠦ ᠲᠠᠭᠤᠲᠠᠲᠠᠭ᠃ ᠤᠷᠲᠤ ᠦᠷᠬᠡᠨ ᠢᠶᠠᠷ ᠢᠶᠠᠨ ᠲᠤᠬᠤᠢ ᠬᠢᠷᠢᠲᠠᠢ᠂ ᠦᠨᠲᠤᠷ ᠢᠶᠠᠷ ᠢᠶᠠᠨ | ᠬᠤᠶᠠᠷ ᠲᠤᠬᠤᠢ ᠬᠢᠷᠢᠲᠠᠢ ︵ᠬᠦᠮᠤᠰ ᠤᠨ ᠬᠡᠯᠡᠬᠦ ᠪᠠᠷ᠂ ᠡᠯᠡᠰᠤᠨ ᠳᠤ ᠪᠤᠯᠠᠭᠲᠠᠴᠢᠬᠠᠭᠰᠠᠨ ᠪᠤᠯᠬᠤᠷ ᠶᠠᠭ | ᠬᠡᠲᠤᠢ ᠦᠨᠲᠤᠷ ᠢ ᠨᠢ ᠮᠡᠲᠡᠬᠦ ᠦᠬᠡᠢ︶ ᠲᠡᠭᠰᠢ ᠲᠦᠷᠪᠡᠯᠵᠢᠨ ᠪᠠᠭᠠᠨ᠎ᠠ ᠬᠡᠯᠪᠡᠷᠢᠲᠠᠢ᠂ ᠲᠦᠪ ᠲᠤᠮᠲᠠ ᠪᠠᠨ | ᠲᠡᠭᠰᠢ ᠲᠦᠷᠪᠡᠯᠵᠢᠨ ᠵᠢᠵᠢᠭᠬᠡᠨ ᠨᠦᠬᠡ ᠲᠠᠢ᠂ ᠡᠯᠢᠬᠡᠨ ᠬᠦᠷᠡᠩ ᠦᠩᠭᠡ ᠲᠠᠢ ᠡᠨᠡ ᠴᠢᠯᠠᠭᠤᠨ ᠤ ᠲᠦᠪ | ᠲᠤᠮᠲᠠ ᠨᠢ ᠵᠠᠮᠪᠠᠯᠭᠠᠷᠪᠦ ᠪᠤᠷᠬᠠᠨ ᠪᠠᠶᠢᠵᠦ ᠬᠡᠨ᠎ᠡ᠃ ᠬᠦᠮᠤᠰ ᠲᠡᠭᠡᠲᠤᠯᠡᠨ ᠬᠦᠨᠳᠦᠳᠬᠡᠵᠦ᠂ ᠵᠢᠯ | ᠵᠢᠯ ᠤᠨ ᠪᠢᠯᠢᠭ ᠤᠨ ᠲᠤᠭᠠᠯᠠᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠲᠦᠷᠪᠡᠨ ᠳᠤ ᠢᠲᠡᠭᠡᠨ ᠤ ᠲᠡᠭᠡᠵᠢ᠂ | ᠠᠮᠲᠠᠲᠠᠨ ᠤ ᠤᠬᠢ ᠪᠠᠨ ᠡᠷᠬᠦᠨ ᠲᠠᠬᠢᠯᠭ᠎ᠠ ᠲᠠᠶᠢᠯᠠᠭ᠎ᠠ ᠲᠠᠯᠪᠢᠵᠦ᠂ ᠨᠠᠶᠢᠷ ᠨᠠᠭᠠᠲᠤᠮ ᠬᠢᠲᠡᠭ ᠪᠢᠯᠡ᠃ ᠡᠨᠡ ᠨᠠᠶᠢᠷ ᠲᠤ | ᠮᠠᠨᠢ ᠦᠢᠷ᠎ᠡ ᠲᠦᠰᠦᠷ ᠤᠨ ᠬᠡᠲᠤᠨ ᠭᠠᠴᠡᠭᠠᠨ ᠤ ᠮᠠᠯᠴᠢᠳ ᠬᠤᠷᠠᠨ ᠴᠤᠭᠯᠠᠷᠠᠵᠦ᠂ ᠬᠤᠯᠠ ᠦᠢᠷ᠎ᠡ ᠶᠢᠨ ᠪᠦᠬᠡᠴᠢᠳ᠂ | ᠤᠶᠠᠭᠠᠴᠢᠳ ᠤᠨ ᠲᠠᠮᠢᠷ ᠰᠢᠨᠲᠠᠰᠤ ᠪᠠᠨ ᠰᠦᠢᠭ᠌ᠰᠠᠨ ᠰᠠᠶᠢᠬᠠᠨ ᠨᠠᠶᠢᠷ ᠪᠤᠯᠲᠠᠭ ᠪᠢᠯᠡ᠃ ᠪᠠᠭ᠎ᠠ | ᠪᠠᠶᠢᠬᠤ ᠳᠤ ᠲᠠᠰᠴᠦ ᠶᠠᠲᠠᠨ ᠬᠦᠯᠢᠶᠡᠲᠡᠭ ᠭᠡᠲᠤᠨ ᠡᠲᠤᠷ ᠤᠨ ᠨᠢᠬᠡ ᠨᠢ ᠪᠤᠯᠠᠭ ᠤᠨ ᠲᠠᠬᠢᠯᠭ᠎ᠠ ᠶᠢᠨ ᠡᠲᠤᠷ ᠶᠤᠮ᠃ | ᠡᠨᠡ ᠵᠢᠯ ᠤᠨ ᠪᠤᠯᠠᠭ ᠤᠨ ᠨᠠᠶᠢᠷ ᠤᠨ ᠦᠷᠯᠦᠬᠡ ᠡᠪᠦᠭᠡ ᠳᠤ ᠤᠲᠠᠰᠤ ᠠᠪᠴᠤ ︽ᠪᠤᠯᠠᠭ ᠤᠨ ᠢᠶᠠᠨ ᠲᠠᠭᠢᠯᠭ᠎ᠠ ᠳᠤ | ᠪᠠᠰᠠ ᠯᠠ ᠤᠴᠢᠵᠦ ᠲᠡᠶᠢᠯᠬᠦ ᠦᠬᠡᠢ︾ ᠭᠡᠪᠡᠯ᠂ ᠡᠪᠦᠭᠡ ᠮᠢᠨᠢ᠄ ︽ᠬᠠᠮᠢᠶ᠎ᠠ ᠦᠬᠡᠢ᠂ ᠮᠢᠨᠤ ᠬᠦᠤ᠂ | ᠰᠡᠳᠬᠢᠯ ᠳᠤ ᠴᠢᠨᠢ ᠪᠠᠶᠢᠪᠠᠯ᠂ ᠮᠦᠷᠭᠦᠭᠰᠡᠨ ᠲᠠᠢ ᠠᠪ ᠠᠳᠠᠯᠢᠬᠠᠨ ᠡ ᠁ ᠴᠠᠢ ᠬᠤᠭᠤᠯᠠᠨ ᠤ ᠪᠠᠨ | ᠲᠡᠭᠡᠵᠢ ᠶᠢ ᠵᠡᠬᠦᠨ ᠬᠤᠶᠢᠰᠢ ᠪᠠᠨ ᠨᠤᠲᠤᠭ ᠵᠦᠭ ᠢᠶᠠᠨ ᠡᠷᠬᠦᠵᠦ ᠪᠠᠢ︕︾ ᠬᠡᠵᠦ ᠬᠡᠯᠡᠭᠰᠡᠨ ᠶᠤᠮ᠃ ᠡᠪᠦᠭᠡ ᠮᠢᠨᠢ | ᠭᠡᠲᠦ᠋ᠢᠪᠡᠷ ᠨᠠᠰᠤᠨ ᠰᠡᠬᠦᠲᠡᠷ ᠨᠠᠶᠠᠨ ᠭᠤᠷᠪᠡ ᠶᠢ ᠵᠤᠭᠤᠭᠯᠠᠭᠰᠠᠨ ᠴᠦ ᠤᠬᠠᠭᠠᠨ ᠰᠠᠷᠠᠭᠤᠯ᠂ | ᠪᠠᠶ᠎ᠠ ᠲᠡᠩᠭᠡᠯᠡᠬᠦᠨ᠂ ᠬᠡᠯᠡᠬᠦ ᠦᠬᠡ ᠨᠢ ᠬᠦᠷᠲᠡᠯ᠎ᠠ ᠰᠡᠳᠬᠢᠯ ᠤᠨ ᠴᠢᠪᠬᠠᠲᠠᠰᠤ ᠶᠢ ᠬᠦᠨᠲᠡᠵᠦ᠂ | ᠤᠬᠠᠭᠠᠷᠠᠯ ᠤᠨ ᠠᠶᠠᠰ ᠴᠤᠤᠷᠢᠶᠠᠲᠤᠭᠤᠯᠵᠦ ᠪᠠᠶᠢᠲᠠᠭ ᠤᠴᠢᠷ ᠠᠴᠠ ᠶᠠᠭᠤᠮ᠎ᠠ ᠯᠠ ᠪᠤᠯᠪᠠᠯ | ᠡᠪᠦᠭᠡ ᠠᠴᠠ ᠠᠰᠠᠭᠤᠲᠠᠭ ᠨᠢ ᠵᠠᠩᠰᠢᠯ ᠪᠤᠯᠴᠢᠬᠠᠵᠠᠢ᠃ ᠬᠠᠷᠢ ᠬᠦᠨᠲᠡᠯᠡᠨ ᠤ ᠨᠤᠲᠤᠭ ᠳᠤ ᠲᠡᠮᠡᠴᠡᠵᠦ | ᠲᠡᠮᠡᠤᠯᠵᠦ ᠶᠠᠪᠤᠬᠤ ᠳᠠᠭᠠᠨ ᠪᠢ ᠡᠪᠦᠭᠡ ᠶᠢᠨ ᠢᠶᠠᠨ ᠪᠤᠷᠬᠠᠨ ᠤᠬᠠᠭᠠᠨ ᠳᠤ ᠰᠢᠲᠤᠵᠦ᠂ | ᠪᠤᠯᠠᠭ ᠤᠨ ᠢᠶᠠᠨ ᠪᠤᠷᠬᠠᠨ ᠴᠢᠯᠠᠭᠤᠨ ᠳᠤ ᠵᠠᠯᠪᠠᠷᠢᠬᠤ ᠳᠠᠭᠠᠨ ᠬᠡᠵᠢᠶᠡᠲᠡ ᠡᠨᠡ ᠬᠤᠶᠠᠷ ᠢ | ᠶᠠᠮᠠᠷ ᠨᠢᠬᠡᠨ ᠤᠳᠬ᠎ᠠ ᠪᠠᠷ ᠢᠶᠠᠨ ᠬᠤᠯᠪᠤᠭᠠᠲᠠᠢ ᠬᠡᠵᠦ ᠰᠠᠨᠠᠲᠠᠭ᠂ ᠲᠡᠷᠤᠢ ᠡᠪᠦᠭᠡ ᠪᠠᠨ ᠪᠤᠭᠤᠷᠤᠯ ᠴᠢᠯᠠᠭᠤ ᠬᠡᠵᠦ᠂ | ᠪᠤᠷᠬᠠᠨ ᠴᠢᠯᠠᠭᠤ ᠪᠠᠨ ᠪᠤᠭᠤᠷᠤᠯ ᠡᠪᠦᠭᠡ ᠪᠠᠨ ᠬᠡᠵᠦ ᠪᠤᠲᠤᠲᠠᠭ ᠬᠡᠰᠡᠨ ᠦᠬᠡ ᠯᠠ ᠳ᠋ᠧ᠃ ᠡᠪᠦᠭᠡ ᠪᠠᠨ ᠪᠢ | ᠴᠢᠯᠠᠭᠤ ᠰᠢᠭ᠋ ᠬᠠᠲᠠᠭᠤ ᠬᠦᠮᠤᠨ ᠬᠡᠵᠦ ᠪᠤᠲᠤᠲᠠᠭ᠃ ᠤᠷᠴᠢᠯᠠᠩ ᠬᠤᠷᠸ᠎ᠠ ᠶᠢᠨ ᠦᠪᠡᠷ ᠢᠶᠠᠨ ᠪᠦᠲᠦᠭᠰᠡᠨ | ᠪᠦᠬᠦ ᠵᠦᠢᠯᠠᠰ ᠤᠨ ᠲᠤᠲᠤᠷ᠎ᠠ ᠴᠢᠯᠠᠭᠤ ᠯᠠ ᠬᠠᠮᠤᠭ ᠤᠨ ᠬᠠᠲᠠᠭᠤ ᠪᠠᠶᠢᠲᠠᠭ ᠲᠤ ᠬᠡᠨ ᠬᠦᠮᠤᠨ ᠡᠷᠡᠭᠡᠯᠵᠡᠬᠦ | ᠦᠬᠡᠢ ᠶᠤᠮ᠃ ᠢᠯᠡ ᠲᠤᠲᠤ ᠨᠢᠬᠡ ᠯᠠ ᠠᠭᠠᠰᠢ ᠲᠠᠢ᠂ ᠬᠡᠯᠡᠴᠢᠬᠡᠪᠡᠯ ᠬᠢᠬᠦ ᠦᠬᠡᠢ ᠪᠠᠶᠢᠵᠦ ᠪᠤᠯᠬᠤ ᠦᠬᠡᠢ | ᠰᠢᠤ ᠬᠡᠵᠦ ᠲᠠᠩᠲᠠ ᠶᠠᠷᠢᠲᠠᠭ᠂ ᠠᠭᠤᠷᠯᠠᠭᠰᠠᠨ ᠴᠦ ᠪᠠᠶᠠᠷᠯᠠᠭᠰᠠᠨ ᠴᠦ ᠬᠠᠲᠠ ᠴᠢᠯᠠᠭᠤ ᠰᠢᠭ᠋ ᠲᠤᠪ ᠲᠤᠭᠤᠢ᠂ | ᠤᠬᠠᠭᠠᠨ ᠨᠢ ᠪᠤᠯᠬᠤ ᠪᠠᠷ ᠢᠷ ᠲᠠᠢ ᠴᠢᠯᠠᠭᠤ ᠰᠢᠭ᠋ ᠬᠤᠷᠴᠡ᠃ ᠡᠶᠢᠮᠤ ᠯᠠ ᠬᠦᠮᠤᠨ ᠳ᠋ᠧ ᠡᠪᠦᠭᠡ | ᠮᠢᠨᠢ︕ ᠡᠶᠢᠮᠤ ᠯᠠ ᠬᠠᠲᠠᠭᠤ ᠬᠦᠮᠤᠨ᠃ ᠲᠡᠭᠡᠷ᠎ᠡ ᠵᠠᠭᠤᠨ ᠤ ᠲᠦᠴᠢᠭᠡᠳ ᠤᠨ ᠳᠤ ᠲᠦᠷᠪᠡᠭᠡᠨ | ᠨᠠᠰᠤᠨ ᠳᠠᠭᠠᠨ ᠡᠵᠢ ᠠᠴᠠ ᠪᠠᠨ ᠦᠨᠤᠴᠢᠷᠡᠵᠦ᠂ ᠮᠦᠨ ᠲᠡᠷᠡ ᠵᠢᠯ ᠠᠶᠢᠯ ᠭᠡᠷ ᠤᠨ ᠬᠢᠨᠢ | ᠲᠦᠰᠢᠭ ᠶᠡᠭᠡ ᠠᠬ᠎ᠠ ᠨᠢ ᠡᠷᠲᠡᠮ ᠤᠨ ᠵᠢᠯᠤᠭᠤᠨ ᠳᠤ ᠲᠠᠲᠠᠭᠲᠠᠨ ᠠᠷᠡᠯ ᠤᠨ ᠶᠠᠫᠥᠨ ᠤᠷᠤᠭᠤ ᠶᠠᠪᠤᠭᠠᠳ᠂ | ᠠᠴᠢᠲᠤ ᠠᠪᠤ᠂ ᠬᠤᠶᠠᠷ ᠠᠬ᠎ᠠ᠂ ᠦᠬᠢᠨ ᠲᠠᠭᠦᠤ ᠲᠠᠢ ᠪᠠᠨ ᠬᠠᠲᠠᠭᠤ ᠠᠮᠢᠲᠤᠷᠠᠯ ᠤᠨ ᠨᠤᠭᠤᠴᠠᠭᠠᠨ ᠲᠤᠮᠲᠠᠭᠤᠷ | ᠲᠤᠭᠤᠴᠢᠨ ᠪᠠᠶᠢᠵᠦ ᠦᠨᠤᠲᠤᠷ ᠬᠦᠷᠦᠭᠰᠡᠨ ᠭᠡᠲᠡᠭ ᠡ᠃ ᠬᠡᠲᠡᠯ᠎ᠠ ᠡᠨᠡ ᠬᠦᠮᠤᠨ ᠰᠡᠳᠬᠢᠯ ᠴᠦᠬᠦᠷᠡᠭᠡ ᠦᠬᠡᠢ︕ | ᠵᠢᠷᠭᠤᠭᠠᠨ ᠬᠡᠤᠭᠡᠳ ᠢᠶᠠᠨ ᠬᠦᠮᠤᠨ ᠪᠤᠯᠭᠠᠵᠦ᠂ ᠦᠪᠡᠷ ᠦᠪᠡᠷ ᠤᠨ ᠠᠮᠢᠲᠤᠷᠡᠯ ᠲᠠᠢ ᠨᠢ ᠵᠤᠯᠭᠠᠭᠤᠯᠵᠦ | ᠦᠭᠭᠦᠭᠡᠳ᠂ ᠦᠪᠡᠷᠰᠡᠳ ᠢᠶᠠᠨ ᠬᠠᠷᠢᠨ ᠭᠡᠨ ᠳᠤ ᠨᠢ ᠴᠦ ᠲᠠᠷᠤᠭᠠᠰᠤ ᠪᠤᠯᠬᠤ ᠦᠬᠡᠢ ᠬᠡᠮᠡᠨ ᠬᠦᠯ ᠮᠠᠭᠤᠲᠠᠢ ᠡᠮᠡᠭᠡ ᠶᠢ | ᠮᠢᠨᠢ ᠲᠦᠰᠢᠵᠦ ᠲᠤᠯᠤᠨ᠂ ᠬᠦᠢᠲᠡᠨ ᠬᠠᠯᠠᠭᠤᠨ ᠢᠶᠠᠨ ᠬᠤᠪᠢᠶᠠᠵᠦ ᠡᠳ᠋ᠯᠡᠨ ᠮᠠᠷᠭᠠᠰᠢ ᠤᠷᠤᠭᠤ ᠠᠯᠬᠤᠭᠰᠠᠭᠠᠷ ᠁ | ᠤᠩᠭᠤᠨ ᠲᠠᠷᠬᠠᠨ ᠨᠤᠲᠤᠭ ᠤᠨ ᠮᠢᠨᠢ ᠰᠦᠭ ᠰᠦᠯᠲᠡ ᠶᠢ ᠡᠯᠢᠬᠡᠨ ᠳᠡᠭᠡᠨ ᠲᠡᠭᠡᠭᠡᠨ ᠤᠷᠤᠰᠬᠤ ᠪᠠᠶᠠᠨ ᠪᠤᠯᠠᠭ ᠮᠢᠨᠢ᠂ | ᠡᠵᠡᠨ ᠲᠠᠢ ᠨᠤᠲᠤᠭ ᠢ ᠮᠢᠨᠢ ᠰᠠᠬᠢᠵᠦ ᠰᠠᠭᠤᠭ᠎ᠠ ᠪᠤᠷᠬᠠᠨ ᠴᠢᠯᠠᠭᠤ ᠮᠢᠨᠢ ᠡᠨᠡ ᠪᠦᠬᠦᠲᠡ ᠶᠢ ᠬᠠᠷᠠᠭᠰᠠᠭᠠᠷ᠂ | ᠶᠠᠷᠢᠭᠰᠠᠭᠠᠷ᠃ ᠡᠪᠦᠭᠡ ᠪᠠᠨ ᠪᠢ ᠴᠢᠯᠠᠭᠤ ᠰᠢᠭ᠋ ᠵᠦᠬᠡᠯᠡᠨ ᠬᠦᠮᠤᠨ ᠬᠡᠵᠦ ᠪᠤᠲᠤᠲᠠᠭ᠃ ᠪᠦᠲᠦᠷᠢᠵᠦ | ᠦᠢᠴᠢᠬᠤ ᠳᠤ ᠮᠢᠨᠢ ᠢᠪᠡᠬᠡᠵᠦ ᠠᠷᠭᠠᠲᠠᠲᠠᠭ ᠨᠤᠲᠤᠭ ᠤᠨ ᠢᠶᠠᠨ ᠪᠤᠷᠤ ᠴᠢᠯᠠᠭᠤ ᠶᠢ ᠪᠢ ᠢᠰᠡᠬᠡᠢ ᠰᠢᠭ | ᠵᠦᠬᠡᠯᠡᠨ ᠬᠡᠵᠦ ᠪᠤᠲᠤᠲᠠᠭ ᠤᠨ ᠤᠴᠢᠷ ᠪᠠᠶᠢᠬᠤ ᠁ ᠡᠪᠦᠭᠡ ᠮᠢᠨᠢ ᠨᠢᠬᠡ ᠨᠠᠰᠤᠨ ᠳᠠᠭᠠᠨ ᠰᠤᠮᠤᠨ ᠤ ᠤᠳᠤᠷᠢᠳᠤᠯᠭ᠎ᠠ᠂ | ᠪᠠᠷᠢᠭᠠᠲᠠ ᠶᠢᠨ ᠺᠠᠳ᠋ᠷ᠂ ᠮᠠᠯ ᠤᠨ ᠡᠮᠴᠢ᠂ ᠮᠠᠰᠢᠨ ᠤ ᠵᠢᠯᠤᠭᠤᠴᠢ᠂ ᠬᠤᠭᠤᠷ ᠢᠶᠠᠨ ᠪᠠᠷᠢᠪᠠᠯ ᠦᠯᠢᠭᠡᠷᠴᠢ᠂ ᠰᠦᠬᠡ ᠪᠠᠨ | ᠪᠠᠷᠢᠪᠠᠯ ᠮᠤᠳᠤᠴᠢᠨ᠂ ᠬᠤᠷᠢᠮ ᠨᠠᠶᠢᠷ ᠲᠤ ᠬᠡᠯᠡᠮᠤᠷᠢᠴᠢ᠂ ᠬᠤᠸᠠᠩᠯᠢ ᠰᠡᠬᠦᠪᠡᠯ ᠦᠵᠡᠬᠡᠴᠢ ᠪᠤᠯᠵᠦ᠂ | ᠴᠢᠲᠠᠬᠤ ᠦᠬᠡᠢ ᠮᠡᠲᠡᠬᠦ ᠦᠬᠡᠢ ᠶᠠᠭᠤᠮ᠎ᠠ ᠬᠡᠵᠦ ᠦᠬᠡᠢ᠂ ᠴᠢᠷᠠᠶᠢᠴᠢᠯᠠᠵᠦ ᠢᠷᠡᠭᠰᠡᠳ ᠲᠤ ︽ᠦᠬᠡᠢ︾ | ᠬᠡᠵᠦ ᠬᠡᠯᠡᠯ ᠦᠬᠡᠢ᠂ ᠮᠠᠩᠬᠠᠨ ᠨᠤᠲᠤᠭ ᠲᠠᠭᠠᠨ ᠤᠯᠲᠠᠰᠢ ᠦᠬᠡᠢ ᠡᠷᠲᠠᠨᠢ ᠪᠠᠶᠢᠵᠦ ᠬᠡᠨ᠎ᠡ ᠡ᠃ ᠡᠮᠡᠭᠡ ᠶᠢᠨ | ᠬᠡᠯᠡᠬᠦ ᠪᠠᠷ ᠡᠪᠦᠭᠡ ᠮᠢᠨᠢ ᠵᠠᠯᠠᠭᠤ ᠳᠠᠭᠠᠨ ᠬᠡᠲᠤᠨ ᠲᠦᠷᠦᠯ ᠤᠨ ᠬᠤᠭᠤᠷ ᠢ ᠬᠢᠯᠠᠷᠡᠲᠠᠯᠠ ᠲᠠᠲᠠᠵᠦ᠂ | ᠢᠷᠤᠭᠡᠯ ᠬᠤᠯᠪᠤᠭ᠎ᠠ ᠰᠠᠶᠢᠬᠠᠨ ᠬᠡᠯᠡᠲᠡᠭ ᠪᠠᠶᠢᠭᠰᠠᠨ᠃ ᠲᠠᠯᠠᠭᠠᠳ ᠤᠨ ᠳᠤ ᠦᠪᠤᠷ ᠮᠤᠩᠭᠤᠯ ᠤᠨ ︽ᠦᠯᠢᠭᠡᠷ ᠤᠨ | ᠭᠡᠷ︾ ᠲᠤ ᠡᠪᠦᠭᠡ ᠶᠢ ᠮᠢᠨᠢ ᠬᠤᠭᠤᠷᠴᠢ ᠪᠠᠷ ᠠᠪᠬᠤ ᠪᠠᠷ ᠮᠤᠤᠡᠦ᠋ᠬᠢᠨ ᠪᠠᠭᠰᠢ ᠪᠡᠶ᠎ᠡ ᠪᠠᠷ ᠢᠶᠠᠨ ᠬᠦᠷᠬᠦ ᠳᠤ᠂ | ︽ᠡᠴᠢᠭᠡ ᠲᠡᠭᠡᠲᠤ ᠶᠢᠨ ᠨᠤᠲᠤᠭ᠂ ᠡᠨᠡ ᠪᠡᠶ᠎ᠡ ᠶᠢ ᠮᠢᠨᠢ ᠦᠰᠭᠡᠭᠰᠡᠨ ᠭᠠᠵᠠᠷ ᠤᠰᠤ ᠪᠠᠨ ᠤᠷᠭᠢᠭᠠᠳ ᠶᠠᠪᠤᠴᠢᠬᠠᠵᠦ | ᠪᠤᠯᠤᠨ᠎ᠡ ᠬᠡᠬᠦ ᠳᠤ ᠡᠵᠢ ᠠᠪᠤ ᠠᠴᠠ ᠮᠢᠨᠢ ᠦᠯᠡᠲᠡᠭᠰᠡᠨ ᠤᠬᠠᠭᠠᠨ ᠲᠤᠲᠠᠭᠤ ᠲᠡᠭᠦᠤ ᠪᠠᠨ ᠬᠠᠮᠢᠭ᠎ᠠ᠂ | ᠬᠡᠨ ᠳᠤ ᠦᠭᠭᠦᠭᠡᠳ ᠶᠠᠪᠤᠨ᠎ᠠ ᠪᠤᠢ ᠪᠢ︖︾ ᠬᠡᠵᠦ ᠬᠡᠯᠡᠭᠡᠳ ᠤᠷᠤᠨ ᠤ ᠲᠦᠪ ᠠᠴᠠ ᠢᠷᠡᠭᠰᠡᠨ | ᠬᠦᠮᠤᠰ ᠢ ᠪᠤᠴᠠᠭᠠᠭᠰᠠᠨ ᠬᠡᠲᠡᠭ ᠡ︕ ᠡᠨᠡ ᠪᠦᠬᠦᠲᠡ ᠦᠭᠡᠷᠡᠴᠢᠯᠠᠯᠲᠠ ᠬᠦᠭᠵᠢᠯᠲᠡ ᠶᠢᠨ ᠵᠠᠮ ᠢᠶᠠᠷ | ᠦᠩᠭᠡ ᠲᠦᠷᠬᠦ ᠨᠢ ᠬᠤᠪᠢᠷᠠᠭᠰᠠᠨ ᠴᠦ ᠮᠠᠩᠬᠠᠨ ᠤ ᠤᠰᠤ ᠰᠢᠭ᠋ ᠲᠤᠩᠭᠠᠯᠠᠭ ᠰᠡᠳᠬᠢᠯ ᠨᠢ ᠠᠷᠢᠯᠤᠭ᠎ᠠ ᠦᠬᠡᠢ | ᠮᠠᠯᠴᠢᠨ ᠲᠦᠮᠡᠨ ᠮᠢᠨᠢ ᠮᠡᠲᠡᠭᠰᠡᠭᠡᠷ ᠁ ᠤᠨ ᠴᠠᠭ ᠤᠨ ᠰᠡᠯᠬᠢᠨ ᠳᠤ ᠨᠠᠮᠠᠭ᠎ᠠ ᠰᠠᠯᠠᠭ᠎ᠠ ᠨᠢ | ᠰᠢᠩᠭᠡᠷᠡᠭᠰᠡᠨ ᠴᠦ ᠡᠯᠡᠰᠤᠨ ᠨᠤᠲᠤᠭ ᠤᠨ ᠮᠢᠨᠢ ᠬᠦᠷᠤᠰᠤᠨ ᠳᠤ ᠬᠦᠨ ᠠᠴᠠ ᠬᠦᠨ | ᠦᠨᠳᠦᠰᠦᠯᠡᠭᠰᠡᠨ ᠬᠦᠭᠰᠢᠨ ᠬᠠᠶᠢᠯᠠᠰᠤ ᠨᠤᠭᠤᠳ ᠴᠡᠭᠡᠵᠢᠯᠡᠭᠰᠡᠭᠡᠷ ᠡ᠃ ᠡᠪᠦᠭᠡ ᠪᠠᠨ | ᠪᠢ ᠴᠢᠯᠠᠭᠤ ᠰᠢᠭ᠋ ᠤᠶᠠᠨ ᠬᠦᠮᠤᠨ ᠬᠡᠵᠦ ᠪᠤᠲᠤᠲᠠᠭ᠃ ︽ᠴᠢᠯᠠᠭᠤ ᠮᠢᠩᠭᠠᠨ ᠲᠠᠯ᠎ᠠ ᠲᠠᠢ︾᠃ ᠶᠠᠭᠠᠬᠢᠵᠦ | ᠠᠰᠢᠭᠯᠠᠭᠰᠠᠨ ᠴᠦ ᠠᠴᠢ ᠲᠤᠰᠠ ᠪᠠᠨ ᠦᠭᠬᠦ ᠪᠠᠷ ᠢᠶᠠᠨ ᠦᠭᠬᠦᠨ᠎ᠡ ᠬᠡᠵᠦ ᠶᠠᠷᠢᠲᠠᠭ᠃ | ᠤᠰᠤ ᠨᠤᠲᠤᠭ ᠤᠨ ᠬᠢᠨᠢ ᠡᠪᠦᠭᠡ ᠶᠢ ᠮᠢᠨᠢ ︽ᠠᠮᠪᠢ ᠠᠪᠤ︾ ᠬᠡᠵᠦ ᠬᠦᠨᠳᠦᠳᠬᠡᠨ ᠲᠠᠭᠤᠲᠠᠲᠠᠭ᠃ ᠡᠪᠦᠭᠡ ᠮᠢᠨᠢ | ᠭᠡᠵᠢᠶᠡᠲᠡ ᠮᠡᠲᠡᠯᠬᠡ ᠬᠦᠮᠤᠨ ᠳᠤ ᠢᠯᠡᠭᠦᠲᠡᠬᠦ ᠦᠬᠡᠢ ᠬᠡᠵᠦ ᠶᠠᠷᠢᠲᠠᠭ᠃ ᠲᠠᠪᠤᠬᠠᠨ ᠨᠠᠰᠤ ᠲᠠᠢ | ᠪᠠᠶᠢᠬᠤ ᠳᠤ ᠮᠢᠨᠢ ᠡᠯᠡᠰᠤᠨ ᠲᠡᠭᠡᠷ᠎ᠡ ᠲᠤᠤᠱᠢᠩ ᠤᠨ ᠡᠰᠢ ᠪᠠᠷ ᠴᠠᠭᠠᠨ ᠲᠤᠯᠤᠭᠠᠢ ᠵᠢᠭᠠᠭᠰᠠᠨ ᠢ | ᠤᠲᠤ ᠪᠤᠯᠲᠠᠯ᠎ᠠ ᠮᠠᠷᠲᠠᠭ᠎ᠠ ᠦᠬᠡᠢ᠂ ᠦᠩᠭᠦᠷᠢᠵᠦ ᠦᠰᠦᠭᠰᠡᠨ ᠨᠤᠲᠤᠭ ᠤᠨ ᠮᠢᠨᠢ ᠡᠯᠡᠰᠤᠨ ᠬᠦᠲᠤᠯ ᠲᠡᠭᠡᠷ᠎ᠡ | ᠪᠢᠴᠢᠭᠲᠡᠭᠰᠡᠨ ᠲᠡᠷᠡ ᠬᠡᠲᠤᠭᠡᠨ ᠡᠭᠡᠰᠢᠭ ᠢ ᠤᠲᠤ ᠪᠤᠯᠲᠠᠯ᠎ᠠ ᠪᠢ ᠭᠡᠷᠡᠭᠯᠡᠰᠡᠭᠡᠷ᠂ ᠶᠠᠷᠤᠨᠢ | ᠲᠡᠬᠦᠨ ᠠᠴᠠ ᠦᠨᠡᠲᠡᠢ ᠡᠷᠲᠡᠮ ᠢ ᠪᠢ ᠤᠲᠤ ᠪᠤᠯᠲᠠᠯ᠎ᠠ ᠰᠤᠷᠤᠭ᠎ᠠ ᠦᠬᠡᠢ ᠳ᠋ᠡ᠃ ᠡᠪᠦᠭᠡ ᠮᠢᠨᠢ︕ | ᠦᠨᠤᠲᠤᠷ ᠨᠠᠶᠠᠨ ᠨᠠᠰᠤᠨ ᠤ ᠲᠠᠪᠠᠭ᠎ᠠ ᠶᠢ ᠲᠠᠪᠠᠭᠰᠠᠨ ᠬᠡᠯ᠎ᠠ ᠴᠦ ᠴᠠᠭ ᠡᠷᠢᠨ ᠤ ᠬᠤᠪᠢᠷᠠᠯᠲᠠ ᠬᠦᠭᠵᠢᠯᠲᠡ᠂ | ᠨᠡᠶᠢᠬᠡᠮ ᠲᠦᠷᠦ ᠶᠢᠨ ᠦᠴᠦᠭᠡᠲᠤᠷ ᠦᠨᠤᠲᠤᠷ ᠢ ᠶᠡᠭᠡᠲᠡ ᠠᠩᠬᠠᠷᠤᠨ᠂ ᠠᠯᠢ ᠤᠯᠤᠰ ᠨᠢ | ᠶᠡᠷᠦᠩᠭᠡᠶᠢᠯᠡᠭᠴᠢ ᠪᠠᠨ ᠰᠤᠯᠢᠴᠢᠬᠠᠭᠰᠠᠨ᠂ ᠠᠯᠢ ᠤᠯᠤᠰ ᠲᠤ ᠨᠢ ᠲᠠᠶᠢᠨ ᠪᠤᠯᠤᠭᠰᠠᠨ᠂ | ᠮᠡᠨ ᠤ ᠲᠡᠷᠢᠭᠦᠯᠦᠭᠴᠢ ᠶᠠᠭᠤ ᠬᠡᠵᠦ ᠬᠡᠯᠡᠭᠰᠡᠨ᠂ ᠮᠠᠷᠭᠠᠰᠢ ᠶᠠᠭᠠᠬᠢᠵᠦ ᠬᠦᠭᠵᠢᠬᠦ ᠪᠤᠯᠤᠨ᠎ᠡ ᠭᠡᠳ ᠮᠡᠨ ᠤ ᠮᠡᠲᠤ ᠶᠢᠨ | ᠡᠲᠤᠷᠵᠢᠨ ᠲᠧᠯᠸᠢᠰ ᠱᠠᠭᠠᠶᠢᠵᠦ᠂ ᠭᠠᠷ ᠤᠲᠠᠰᠤ ᠪᠠᠷᠢᠭᠰᠠᠨ ᠵᠠᠯᠠᠭᠤᠰ ᠠᠴᠠ ᠢᠯᠡᠬᠦᠤ ᠮᠡᠲᠡᠵᠦ᠂ | ᠭᠡᠷᠡᠭ ᠲᠠᠢ ᠶᠠᠭᠤᠮᠠᠨ ᠳᠤ ᠭᠡᠷᠡᠭᠯᠡᠪᠡᠯ ᠲᠡᠭᠦᠨ ᠠᠴᠠ ᠰᠠᠶᠢᠨ ᠶᠠᠭᠤᠮ᠎ᠠ ᠦᠬᠡᠢ᠂ ᠭᠡᠷᠡᠭ ᠦᠬᠡᠢ | ᠶᠠᠭᠤᠮᠠᠨ ᠳᠤ ᠵᠠᠷᠤᠪᠠᠯ ᠲᠡᠭᠦᠨ ᠠᠴᠠ ᠮᠠᠭᠤ ᠶᠠᠭᠤᠮ᠎ᠠ ᠦᠬᠡᠢ ᠬᠡᠵᠦ ᠭᠠᠷ ᠤᠲᠠᠰᠤ ᠶᠢ ᠮᠢᠨᠢ | ᠵᠢᠭᠠᠨ ᠬᠡᠯᠡᠬᠦ ᠳᠤ ᠨᠢ ︽ᠤᠲᠤ ᠯᠠ ᠶᠠᠩᠰᠢᠭᠠᠳ ᠡᠬᠢᠯᠡᠭᠰᠡᠨ ᠡ︾ ᠭᠡᠵᠦ ᠪᠤᠲᠤᠲᠠᠭ ᠪᠠᠶᠢᠭᠰᠠᠨ ᠰᠠᠨ᠃ | ᠤᠲᠤ ᠪᠤᠲᠤᠬᠤ ᠳᠤ ᠶᠡᠭᠡᠯ᠎ᠡ ᠯᠠ ᠤᠬᠠᠭᠠᠨ ᠨᠢᠭᠤᠭᠰᠠᠨ ᠦᠬᠡ ᠶᠤᠮ ᠳ᠋ᠡ᠃ ᠤᠷᠴᠢᠯᠠᠩ ᠤᠨ ᠬᠠᠤᠯᠢ᠂ | ᠬᠤᠷᠸ᠎ᠠ ᠶᠢᠨ ᠵᠢᠮ᠎ᠠ ᠪᠠᠷ ᠡᠪᠤᠭᠡᠷᠡᠭᠰᠡᠨ ᠨᠤᠲᠤᠭ᠂ ᠴᠢᠯᠠᠭᠤ᠂ ᠡᠪᠦᠭᠡ ᠭᠤᠷᠪᠡ ᠮᠢᠨᠢ ᠨᠢᠬᠡ ᠯᠠ | ᠤᠳᠬ᠎ᠠ ᠪᠠᠷ ᠢᠶᠠᠨ ᠢᠵᠢᠯᠬᠡᠨ ᠮᠢᠨᠤ ᠰᠡᠳᠬᠢᠯ ᠤᠨ ᠤᠶᠠᠭᠠᠰᠤ ᠪᠢᠯᠡ ᠡ︕ ᠴᠠᠬᠠᠷ | ᠶᠠᠰᠤᠨ ᠤ ᠬᠡᠯᠲᠡᠷᠬᠡᠢ᠂ ᠴᠠᠪᠢᠲᠡᠷ ᠮᠤᠷᠢ ᠲᠠᠢ ᠡᠪᠦᠭᠡ ᠮᠢᠨᠢ ᠮᠠᠷᠭᠠᠰᠢ ᠤᠷᠤᠭᠤ ᠪᠠᠨ ᠬᠠᠲᠠᠷᠢᠭᠤᠯᠤᠭᠰᠠᠭᠠᠷ | ᠁ |