| — ᠲᠡᠭᠡᠳᠣ ᠮᠣᠩᠭᠤᠯ ᠤᠨ ᠠᠷᠡᠳ ᠤᠨ ᠲᠠᠭᠤᠣ ᠶᠢᠨ ᠵᠢᠱᠢᠶᠡᠨ ᠳᠤ | ᠮᠣᠩᠭᠤᠯ ᠦᠨᠳᠣᠰᠣᠳᠡᠨ ᠤ ᠠᠷᠡᠳ ᠤᠨ ᠲᠠᠭᠤᠣ ᠪᠣᠯ ᠮᠣᠩᠭᠤᠯ ᠦᠨᠳᠣᠰᠣᠳᠡᠨ ᠤ ᠠᠷᠡᠳ ᠤᠨ ᠠᠮᠠᠨ ᠵᠣᠭᠢᠶᠡᠯ ᠤᠨ ᠡᠷᠳᠡᠨᠢᠰ ᠤᠨ | ᠰᠠᠩ ᠳᠠᠬᠢ ᠰᠣᠶᠣᠯ ᠤᠨ ᠬᠤᠪᠣᠷ ᠴᠣᠬᠠᠭ ᠭᠦᠰᠢᠶ᠎ᠡ ᠲᠣᠷᠡᠰᠬᠠᠯᠳᠣ ᠪᠢᠴᠢᠭ ᠭᠡᠵᠣ ᠭᠡᠯᠡᠵᠣ ᠪᠣᠯᠬᠤ ᠶᠣᠮ᠃ ᠭᠡᠭᠦ ᠳᠡᠭᠡᠨ ᠡᠨᠡᠭᠦ | ᠬᠤᠪᠣᠷ ᠴᠣᠬᠠᠭᠭᠦ᠋ᠰᠢᠶᠡ ᠲᠣᠷᠡᠰᠬᠠᠯᠳᠣ ᠪᠢᠴᠢᠭ ᠢ ᠮᠠᠨ ᠤ ᠡᠪᠦᠭᠡ ᠲᠡᠭᠡᠳᠣᠰ ᠲᠣᠰᠬᠠᠢ ᠰᠣᠳᠣᠯᠣᠬᠰᠡᠨ ᠦᠭᠡᠢ᠂ | ᠬᠠᠷᠢᠨ ᠡᠯᠣᠨ ᠬᠤᠯᠣᠨ ᠤ ᠮᠠᠰᠢ ᠡᠷᠳᠠ ᠦᠶ᠎ᠡ ᠠᠴᠠ ᠴᠡᠴᠡᠨ ᠲᠠᠷᠢᠭᠢᠨ ᠳᠡᠭᠡᠨ ᠰᠢᠩᠭᠡᠭᠡᠵᠣ᠂ ᠰᠠᠷᠡᠭᠤᠯ ᠴᠡᠭᠡᠵᠢᠨ ᠳᠡᠭᠡᠨ ᠡᠪᠣᠷᠯᠡᠵᠣ᠂ | ᠦᠶ᠎ᠡ ᠶᠢᠨ ᠦᠶ᠎ᠡ ᠦᠷ᠎ᠡ ᠶᠢᠨ ᠦᠷ᠎ᠡ ᠬᠠᠨᠭ᠍ᠭᠢᠨᠠᠭᠤᠯᠣᠨ ᠲᠠᠭᠤᠯᠣᠬᠰᠠᠭᠠᠷ᠂ ᠮᠠᠨ ᠤ ᠦᠶ᠎ᠡ ᠳᠤ ᠭᠦᠷᠭᠡᠵᠣ ᠦᠭᠭᠦᠭᠰᠡᠨ ᠣᠶᠣᠨ | ᠣᠬᠠᠭᠠᠨ ᠤ ᠭᠠᠶᠢᠬᠠᠮᠰᠢᠬᠳᠣ ᠰᠣᠶᠣᠯ ᠤᠨ ᠨᠢᠬᠡᠨ ᠬᠤᠪᠣᠷ ᠴᠣᠬᠠᠭ ᠡᠷᠳᠡᠨᠢ ᠪᠣᠯᠬᠤ ᠶᠣᠮ᠃ | ᠣᠷᠳᠣ ᠣᠳᠠᠭᠠᠨ ᠲᠡᠣᠭᠡ ᠰᠣᠶᠣᠯ ᠲᠠᠢ᠂ ᠡᠯᠪᠡᠭ ᠪᠠᠶᠠᠯᠢᠭ ᠰᠣᠶᠣᠯ ᠤᠨ ᠪᠣᠯᠠᠬᠳᠡᠴᠠ ᠲᠠᠢ᠂ ᠰᠦᠪᠸᠢ ᠶᠢᠨ ᠮᠣᠩᠭᠤᠯᠴᠣᠳ ᠤᠨ | ᠣᠷᠳᠣ ᠶᠢᠨ ᠲᠠᠭᠤᠣ ᠮᠦᠨ ᠴᠦ ᠨᠠᠶᠢᠳᠠ ᠮᠣᠩᠭᠤᠯᠴᠣᠳ ᠲᠠᠢ ᠪᠠᠨ ᠠᠳᠠᠯᠢ ᠪᠠᠷ ᠣᠷᠳᠣ ᠣᠳᠠᠭᠠᠨ ᠲᠡᠣᠭᠡ ᠶᠢᠨ | ᠭᠦᠷᠳᠣᠨ ᠤ ᠶᠠᠪᠣᠴᠠ ᠳᠤ ᠪᠠᠶᠢᠭᠠᠯᠢ ᠪᠠ ᠨᠡᠭᠦᠳᠡᠯ ᠮᠠᠯᠵᠢᠯ ᠤᠨ ᠠᠵᠣ ᠦᠢᠯᠡᠳᠪᠣᠷᠢ᠂ ᠠᠮᠢ ᠵᠠᠭᠤᠯᠭ᠎ᠠ ᠢᠶᠠᠨ ᠭᠢᠵᠣ᠂ | ᠠᠵᠣ ᠠᠮᠢᠳᠣᠷᠡᠯ ᠤᠨ ᠰᠢᠷᠣᠭᠦᠨ ᠲᠠᠪᠠᠯᠭᠠᠨ ᠢ ᠰᠦᠷᠢᠨ ᠢᠷᠡᠭᠦ ᠳᠡᠭᠡᠨ ᠮᠠᠰᠢ ᠠᠷᠪᠢᠨ ᠪᠠᠶᠠᠯᠢᠭ ᠰᠣᠶᠣᠯ ᠠᠷᠡᠨᠰᠢᠨ ᠢ ᠪᠦᠳᠣᠭᠡᠭᠰᠡᠭᠡᠷ | ᠢᠷᠡᠭᠰᠡᠨ ᠶᠣᠮ᠃ ᠡᠭᠦᠨ ᠤ ᠲᠣᠳᠣᠷᠡᠭᠢ ᠨᠢᠭᠡᠨ ᠰᠠᠯᠠᠭ᠎ᠠ ᠪᠣᠯ ᠲᠡᠷᠣᠢ ᠠᠷᠡᠳ ᠤᠨ ᠠᠮᠠᠨ ᠵᠣᠭᠢᠶᠡᠯ ᠤᠨ ᠨᠢᠭᠡ | ᠲᠦᠷᠣᠯ ᠪᠣᠯᠬᠤ᠂ ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠪᠣᠯᠣᠨ᠎ᠠ᠃ | ᠲᠣᠣᠷ᠎ᠡ ᠪᠢ ᠰᠦᠪᠸᠢ ᠶᠢᠨ ᠮᠣᠩᠭᠤᠯᠴᠣᠳ ︵ᠲᠡᠭᠡᠳᠣ ᠮᠣᠩᠭᠤᠯ ᠤᠨ ᠭᠡᠪᠴᠢᠶᠠᠨ ᠤ ᠵᠢᠱᠢᠶᠡᠨ ᠳᠤ︶ ᠤᠨ ᠣᠷᠳᠣ ᠶᠢᠨ | ᠲᠠᠭᠤᠣ ᠶᠢᠨ ᠣᠨᠴᠠᠯᠢᠭ ᠰᠢᠨᠵᠢ ᠶᠢ ᠲᠦᠭᠦᠮᠭᠡᠨ ᠶᠠᠷᠢᠬᠤ ᠶᠢᠨ ᠬᠠᠮᠳᠣ ᠲᠡᠭᠦᠨ ᠤ ᠲᠣᠳᠣᠷᠭᠢ ᠲᠦᠷᠣ ᠶᠣᠰᠣᠨ ᠤ | ᠲᠠᠭᠤᠣ ᠶᠢᠨ ᠲᠣᠬᠠᠢ ᠮᠦᠴᠢᠳ ᠦᠭᠦᠯᠠᠶᠡ᠃ | ᠨᠢᠭᠡ᠂ ᠰᠦᠪᠸᠢ ᠶᠢᠨ ᠮᠣᠩᠭᠤᠯ ᠣᠷᠳᠣ ᠶᠢᠨ ᠲᠠᠭᠤᠣ ᠲᠠᠬᠢ《ᠲᠦᠷᠣ ᠶᠢᠨ ᠭᠤᠷᠪᠡᠨ ᠲᠠᠭᠤᠣ》ᠭᠡᠳᠡᠭ ᠶᠠᠭᠤ ᠶᠢ ᠵᠢᠭᠠᠵᠣ | ᠪᠠᠶᠢᠬᠤ ᠲᠣᠬᠠᠢ ᠶᠠᠷᠢᠬᠤ ᠨᠢ | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠪᠣᠯ ᠲᠡᠭᠡᠳᠣ ᠮᠣᠩᠭᠤᠯ ᠤᠨ ᠠᠷᠡᠳ ᠤᠨ ᠲᠠᠭᠤᠣ᠂ ᠮᠦᠨ ᠶᠢᠨ ᠲᠦᠷᠪᠡᠨ | ᠦᠢᠷᠡᠳ ᠤᠨ ᠨᠢᠭᠡ ᠪᠣᠯᠬᠤ ᠭᠦᠭᠡᠨᠡᠭᠤᠷ ᠬᠤᠱᠣᠳ ᠮᠣᠩᠭᠤᠯᠴᠣᠳ ᠤᠨ ᠣᠷᠳᠣ ᠶᠢᠨ ᠲᠠᠭᠤᠣ ᠶᠢᠨ ᠣᠯᠠᠮᠵᠢᠯᠠᠯ ᠪᠣᠯᠬᠤ ᠶᠣᠮ᠃ | ᠬᠤᠱᠣᠳ ᠮᠣᠩᠭᠤᠯᠴᠣᠳ ᠭᠦᠣᠰᠢ ᠬᠠᠭᠠᠨ ᠤ ᠲᠠᠭᠠᠭᠤᠯᠭ᠎ᠠ ᠪᠠᠷ ᠭᠦᠭᠡᠨᠡᠭᠤᠷ ᠲᠦᠪᠡᠳ ᠤᠨ ᠦᠨᠳᠦᠷᠯᠢᠭ ᠲᠤ ᠢᠷᠡᠵᠣ ᠨᠣᠳᠣᠬᠯᠠᠭᠠᠳ᠂ | ᠡᠨᠡᠭᠦ ᠴᠠᠰᠣᠳᠣ ᠬᠠᠶᠢᠷᠬᠠᠨ ᠢᠶᠠᠷ ᠭᠦᠷᠢᠶᠡᠡᠯᠡᠭᠳᠡᠭᠰᠡᠨ ᠬᠠᠳᠠᠭᠤ ᠭᠦᠳᠡᠭᠦᠣ ᠦᠨᠳᠦᠷᠯᠢᠭ ᠲᠤ ᠨᠡᠭᠦᠳᠡᠯ ᠮᠠᠯᠵᠢᠯ ᠤᠨ ᠠᠵᠣ | ᠠᠮᠢᠳᠣᠷᠡᠯ ᠪᠠᠨ ᠦᠷᠭᠦᠯᠵᠢᠯᠡᠭᠰᠡᠭᠡᠷ ᠣᠳᠣ ᠪᠣᠯᠪᠠ᠃ ᠡᠨᠡᠭᠦ ᠣᠷᠳᠣ ᠣᠳᠠᠭᠠᠨ ᠨᠡᠭᠦᠳᠡᠯ ᠰᠣᠶᠣᠯ ᠪᠠ | ᠣᠷᠴᠢᠨ ᠠᠬᠤᠢ ᠶᠢᠨ ᠲᠣᠮᠳᠠ ᠡᠨᠡᠭᠦ ᠦᠨᠳᠦᠷᠯᠢᠭ ᠲᠤ ᠪᠠᠨ ᠵᠣᠭᠢᠴᠠᠬᠰᠠᠨ ᠦᠪᠡᠷᠮᠢᠴᠠ ᠣᠨᠴᠠᠯᠢᠭ ᠪᠦᠭᠦᠢ ᠶᠣᠰᠣ ᠵᠠᠩᠰᠢᠯ᠂ | ᠲᠠᠭᠤᠣ ᠣᠷᠠᠯᠢᠭ ᠪᠣᠢ ᠪᠣᠯᠵᠣ ᠣᠯᠠᠮᠵᠢᠯᠠᠬᠰᠠᠨ ᠨᠢ ᠯᠠᠪᠳᠡᠢ᠃ ᠠᠷᠡᠳ ᠲᠦᠮᠠᠨ ᠤ ᠣᠶᠣᠨ ᠤ ᠲᠣᠰᠬᠠᠯ᠂ ᠰᠡᠳᠭᠢᠯ ᠤᠨ ᠭᠢᠨᠢ | ᠴᠣᠣᠷᠢᠶ᠎ᠡ ᠪᠣᠯᠣᠬᠰᠠᠨᠲ᠋ᠡᠭᠡᠳᠣ ᠮᠣᠩᠭᠤᠯ ᠤᠨ ᠠᠷᠡᠳ ᠤᠨ ᠲᠠᠭᠤᠣ ᠨᠢ ᠦᠪᠡᠷ ᠤᠨ ᠭᠡᠰᠡᠨ ᠭᠡᠪ ᠨᠠᠮᠪᠠ ᠲᠠᠢ᠂ | ᠣᠨᠴᠠᠯᠢᠭ ᠰᠢᠨᠵᠢ ᠲᠠᠢ ᠮᠦᠷᠳᠡᠭᠡᠨ ᠨᠣᠳᠤᠭ ᠤᠨ ᠶᠣᠰᠣ ᠵᠠᠩᠰᠢᠯ ᠲᠠᠢ ᠪᠠᠨ ᠨᠠᠪᠴᠢᠭᠰᠡᠨ ᠪᠠᠶᠢᠳᠠᠭ᠃ ᠲᠠᠷᠣᠢ ᠲᠡᠭᠡᠳᠣ ᠮᠣᠩᠭᠤᠯ ᠤᠨ | ᠠᠷᠡᠳ ᠤᠨ ᠲᠠᠭᠤᠣ ᠨᠢ ᠨᠠᠶᠢᠳᠠᠮᠣᠩᠭᠤᠯᠴᠣᠳ ᠤᠨ ᠠᠷᠡᠳ ᠤᠨ ᠲᠠᠭᠤᠣ ᠣᠷᠠᠯᠢᠭ ᠲᠠᠢ ᠠᠳᠠᠯᠢ ᠪᠠᠷ ᠠᠷᠡᠳ | ᠣᠯᠠᠨ ᠤ ᠠᠮᠢᠳᠣᠷᠡᠯ ᠦᠢᠯᠡᠳᠪᠣᠷᠢ᠂ ᠵᠠᠩ ᠦᠢᠯᠠ ᠶᠢᠨ ᠦᠢᠯᠡᠳᠣᠯᠭᠡ ᠲᠣᠮᠳᠠ ᠪᠣᠢ ᠪᠣᠯᠵᠣ ᠣᠯᠠᠮᠵᠢᠯᠠᠨ ᠲᠡᠯᠭᠡᠷᠡᠭᠦᠯᠵᠣ ᠢᠷᠡᠵᠡᠢ᠃ | | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠪᠠᠨ ᠨᠠᠶᠢᠳᠠᠮ ᠳᠤᠨᠢ《ᠨᠠᠶᠢᠷ ᠤᠨ ᠲᠠᠭᠤᠣ》᠂《ᠠᠷᠢᠭᠢᠨ ᠲᠠᠭᠤᠣ᠂ | ᠬᠠᠭᠤᠴᠢᠨ ᠲᠠᠭᠤᠣ》 ᠭᠡᠵᠣ ᠡᠩ ᠤᠨ ᠶᠠᠷᠢᠶᠠᠨ ᠳᠡᠭᠡᠨ ᠨᠡᠷᠡᠯᠡᠳᠡᠭ ᠶᠣᠮ᠃ ᠣᠷᠳᠣ ᠶᠢᠨ ᠲᠠᠭᠤᠣ ᠪᠠᠨ ᠭᠤᠣᠯᠳᠡᠭᠤ | ᠨᠠᠶᠢᠷ ᠨᠠᠭᠠᠳᠣᠮ᠂ ᠣᠷᠤᠭ ᠬᠤᠷᠢᠮ᠂ ᠦᠷᠪᠦᠭᠡ ᠦᠷᠪᠣᠭᠡᠭᠦ᠂ ᠭᠡᠷ ᠤᠨ ᠮᠢᠯᠢᠶᠠᠯᠭ᠎ᠠ ᠵᠡᠷᠭᠡ ᠶᠡᠭᠡ ᠨᠠᠶᠢᠷ ᠲᠤ ᠲᠣᠳᠠᠬᠳᠡᠵᠣ | ᠪᠣᠯᠣᠰᠢ ᠦᠭᠡᠢ ᠲᠠᠭᠤᠯᠠᠬᠳᠠᠳᠠᠭ ᠪᠢᠯᠠ᠃ ᠲᠡᠭᠡᠭᠦ ᠮᠦᠷᠳᠡᠭᠡᠨ ᠨᠠᠶᠢᠷ ᠤᠨ ᠶᠣᠰᠣᠨ ᠡᠭᠢᠯᠡᠵᠣ ᠨᠠᠶᠢᠷᠯᠠᠬᠤ ᠳᠠᠭᠠᠨ ᠵᠡᠪᠡᠯ《ᠺᠡ》 ᠭᠡᠵᠣ | ᠲᠣᠰᠬᠠᠶᠢᠯᠠᠨ ᠲᠠᠭᠤᠴᠢᠨ ᠵᠠᠯᠠᠵᠣ᠂ ᠬᠠᠳᠠᠭ ᠪᠠᠷᠢᠵᠣ᠂ ᠺᠡ ᠡᠴᠠᠣᠷᠳᠣ ᠶᠢᠨ ᠲᠠᠭᠤᠣ ᠪᠠᠨ | ᠬᠠᠨᠭ᠍ᠭᠢᠨᠠᠭᠤᠯᠳᠠᠭ ᠶᠣᠮ᠃ ᠰᠠᠶᠢᠨ ᠺᠡ ᠶᠢ ᠲᠣᠰᠬᠠᠶᠢᠯᠠᠨ ᠰᠢᠯᠭᠠᠷᠡᠭᠤᠯᠵᠣ᠂ ᠶᠠᠮᠣᠨ | ︵ᠵᠠᠰᠠᠭ︶ ᠤ ᠨᠣᠶᠠᠨ ᠠᠴᠠ ᠭᠤᠰᠣᠣ ᠴᠣᠯᠠ ᠬᠠᠶᠢᠷᠠᠯᠠᠳᠠᠭ᠃ ᠡᠶᠢᠮᠣ ᠠᠴᠠ ᠰᠦᠪᠸᠢ ᠶᠢᠨ ᠮᠣᠩᠭᠤᠯᠴᠣᠳ ᠤᠨ | ᠠᠷᠠᠳ ᠤᠨ ᠢᠷᠣᠭᠡᠯ ᠳᠤ《… ᠵᠢᠯ ᠢᠷᠡᠭᠦ ᠶᠢᠨ ᠨᠢᠭᠡ ᠵᠢᠩᠰᠠ ᠶᠢᠨ ᠭᠡᠷᠡᠯ ᠨᠡᠮᠡᠵᠣ᠂ ᠣᠨ ᠢᠷᠡᠭᠦ ᠶᠢᠨ ᠨᠢᠭᠡ | ᠣᠳᠤᠭ᠎ᠠ ᠶᠢᠨ ᠴᠡᠴᠡᠭᠡᠢ ᠨᠠᠮᠠᠵᠣ…》ᠭᠡᠵᠣ ᠢᠷᠣᠭᠡᠳᠡᠭ ᠶᠣᠮ᠃ ᠢᠡᠭᠭᠢᠭᠡᠳ ᠶᠡᠭᠡ ᠨᠠᠶᠢᠷ ᠲᠤ ᠭᠡᠷ ᠤᠨ | ᠡᠵᠡᠨ ᠠᠴᠠ ᠵᠡᠪᠡᠯ ᠪᠦᠭᠦᠯᠢ ᠰᠢᠭᠦᠰᠣ ᠲᠡᠯᠪᠢᠵᠣ᠂ ᠦᠡᠭ ᠦᠷᠭᠡᠨ ᠦᠡᠭᠭᠡᠳᠣ ᠭᠠᠶᠢᠴᠢᠨ ᠢᠶᠠᠨ ᠭᠦᠨᠳᠣᠯᠠᠨ | ᠪᠠᠶᠠᠷ ᠤᠨ ᠴᠠᠢ᠂ ᠲᠡᠭᠡᠵᠢ ᠪᠠᠨ ᠪᠠᠷᠢᠳᠠᠭ᠃ ᠨᠠᠶᠢᠷ ᠤᠨ ᠶᠣᠰᠣᠯᠠᠯ ᠤᠨ ᠡᠭᠢᠨ ᠳᠤ᠂ ᠭᠡᠷ ᠤᠨ ᠡᠵᠡᠨ | ᠭᠡᠶᠢᠴᠢᠨ ᠳᠤ ᠪᠠᠨ《 ᠴᠢᠨᠳᠡᠮᠣᠨᠢ ᠶᠢᠨ ᠭᠤᠷᠪᠡᠨ ᠲᠡᠭᠡᠵᠢ》 ︵ᠭᠢᠯᠠᠭ᠎ᠠ᠂ ᠱᠦᠮᠣᠷ᠂ | ᠲᠣᠰᠣ ᠲᠠᠢ ᠲᠡᠭᠡᠵᠢ︶ ᠪᠠᠨ ᠡᠷᠭᠦᠵᠣ᠂ ᠪᠠᠶᠠᠷ ᠤᠨ ᠲᠡᠭᠡᠵᠢ ᠪᠠᠨ ᠡᠷᠭᠦᠭᠰᠡᠨ ᠤ ᠲᠠᠷᠠᠭ᠎ᠠ᠂《ᠰᠦᠡᠭ | ᠰᠦᠡᠭᠨᠡᠭᠦ》᠂《ᠪᠠᠶᠠᠨ ᠰᠦᠡᠭ ᠤᠨ ᠢᠷᠣᠭᠡᠯ》 ᠤᠨ ᠶᠣᠰᠣ ᠵᠠᠩᠰᠢᠯ ᠶᠠᠪᠣᠬᠳᠠᠳᠠᠭ᠃ ᠡᠶᠢᠮᠣ ᠠᠴᠠ | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠣᠳᠣ ᠴᠦ ᠭᠡᠰᠡᠨ ᠶᠡᠭᠡ ᠨᠠᠶᠢᠷ ᠲᠤ《ᠰᠦᠡᠭ ᠤᠨ | ᠭᠤᠷᠪᠡᠨ ᠲᠠᠭᠤᠣ》ᠪᠣᠶᠣ《ᠲᠦᠷᠣ ᠶᠢᠨ ᠭᠤᠷᠪᠡᠨ ᠲᠠᠭᠤᠣ》 ᠪᠠᠷ ᠨᠠᠶᠢᠷ ᠡᠭᠢᠯᠡᠭᠦᠯᠳᠡᠭ᠃ ᠨᠠᠶᠢᠷ ᠬᠤᠷᠢᠮ ᠤᠨ | ᠲᠠᠭᠠᠮᠠᠯ ︵ᠠᠬᠠᠯᠠᠬᠴᠢ᠂ ᠣᠳᠣᠷᠢᠳᠣᠬᠴᠢ︶ ᠠᠴᠠ ᠵᠠᠯᠠᠬᠰᠠᠨ ᠲᠣᠰᠬᠠᠢ ᠲᠠᠭᠤᠴᠢᠨ《 ᠺᠡ》ᠭᠦᠮᠣᠨ | ᠭᠡᠶᠢᠴᠢᠨ ᠳᠤ ᠲᠠᠭᠤᠯᠠᠬᠤ ᠶᠢ《 ᠣᠯᠠᠨ ᠳᠤ ᠨᠠᠶᠢᠷ ᠰᠡᠷᠭᠦᠭᠡᠨ᠎ᠠ 》᠂《 ᠠᠶ᠎ᠡ ᠪᠠᠷᠢᠨ᠎ᠠ》ᠭᠡᠳᠡᠭ᠃ | ᠠᠷᠡᠳ ᠤᠨ ᠦᠭᠡᠨ ᠳᠤ《 ᠨᠠᠶᠢᠷ ᠭᠤᠷᠪᠡᠨ ᠲᠠᠭᠤᠣ ᠲᠠᠢ᠂ ᠨᠠᠭᠠᠳᠣᠮ ᠭᠤᠷᠪᠡᠨ ᠲᠠᠪᠠᠭ᠎ᠠ ᠲᠠᠢ》 ᠭᠡᠳᠡᠭ ᠨᠢ | ᠣᠯᠠᠮᠵᠢᠯᠠᠯᠳᠣ ᠶᠣᠰᠣ ᠪᠠᠶᠢᠵᠠᠢ᠃ | ᠰᠦᠪᠡᠪᠴᠢᠯᠡᠯᠳᠠ ᠠᠴᠠ ᠮᠡᠳᠡᠭᠰᠡᠨ ᠨᠢ᠂ ᠡᠨᠡᠭᠦ《ᠰᠦᠡᠭ ᠰᠦᠡᠭᠨᠡᠭᠦ》ᠵᠠᠩ ᠦᠢᠯᠠ ᠪᠣᠯ ᠮᠣᠩᠭᠤᠯ ᠢᠵᠡᠭᠤᠷ ᠰᠣᠶᠣᠯ ᠤᠨ | ᠣᠯᠠᠮᠵᠢᠯᠠᠯ ᠪᠠᠶᠢᠵᠡᠢ᠃ ᠰᠦᠡᠭ ᠰᠦᠡᠭᠨᠡᠭᠦ ᠵᠠᠩ ᠦᠢᠯᠠ ᠪᠣᠯ ᠣᠣᠯ ᠳᠡᠭᠡᠨ ᠸᠠᠩ ᠭᠦᠡᠭ᠂ ᠨᠣᠶᠠᠨ | ᠢᠵᠡᠭᠤᠷᠳᠡᠨ ᠤ ᠣᠷᠳᠣᠨ ᠤ ᠰᠣᠶᠣᠯ ᠪᠠᠶᠢᠬᠰᠠᠨ ᠪᠠᠶᠢᠵᠡᠢ᠃ ᠲᠠᠷᠣᠢ ᠪᠠᠶᠠᠨ ᠡᠷᠭᠢᠮ᠂ ᠰᠦᠷ ᠭᠦᠴᠣᠨ᠂ | ᠨᠢᠬᠳᠡᠷᠡᠯ ᠪᠦᠯᠭᠦᠮ᠂ ᠡᠷᠭᠢᠮ ᠶᠠᠭᠡᠮᠰᠦᠭ ᠵᠡᠷᠭᠡ ᠶᠢ ᠪᠡᠯᠭᠡᠳᠡᠳᠡᠭ ᠦᠪᠡᠳᠡᠭᠰᠢ ᠲᠦᠷᠣ ᠶᠢᠨ ᠨᠠᠶᠢᠷ ᠤᠨ ᠶᠡᠭᠡ ᠶᠣᠰᠣᠯᠠᠯ ᠳᠤ ᠶᠠᠪᠣᠬᠳᠠᠳᠠᠭ ᠪᠠᠶᠢᠵᠠᠢ᠃ | ᠰᠡᠭᠦᠯᠡᠷ ᠨᠢ ᠠᠭᠠᠵᠢᠮ ᠢᠶᠠᠷ ᠠᠷᠡᠳ ᠢᠷᠭᠡᠨ ᠤ ᠲᠣᠮᠳᠠ ᠲᠡᠯᠭᠡᠷᠡᠨ ᠣᠯᠠᠮᠵᠢᠯᠠᠬᠳᠡᠵᠣ ᠪᠠᠶᠢᠵᠡᠢ᠃ ᠡᠶᠢᠮᠣ ᠠᠴᠠ《ᠰᠦᠡᠭ ᠰᠦᠡᠭᠨᠡᠭᠦ》ᠵᠠᠩ | ᠦᠢᠯᠠ ᠶᠢᠨ ᠲᠣᠮᠳᠠ ᠵᠡᠪᠡᠯ《ᠰᠦᠡᠭ ᠤᠨ ᠺᠡ》 ᠪᠠᠨ ᠵᠠᠯᠠᠵᠣ ᠬᠠᠳᠠᠭ ᠪᠡᠷᠢᠭᠠᠳ᠂《ᠰᠦᠡᠭ ᠤᠨ ᠭᠤᠷᠪᠡᠨ | ᠲᠠᠭᠤᠣ》ᠪᠣᠶᠣ《ᠲᠦᠷᠣ ᠶᠢᠨ ᠭᠤᠷᠪᠡᠨ ᠲᠠᠭᠤᠣ》 ᠪᠠᠨ ᠲᠠᠭᠤᠯᠳᠠᠭ ᠰᠠᠶᠢᠬᠠᠨ ᠣᠯᠠᠮᠵᠢᠠᠯᠳᠣ ᠶᠣᠰᠣ ᠵᠠᠩᠰᠢᠯ ᠣᠳᠣ | ᠪᠣᠯᠳᠠᠯ᠎ᠠ ᠪᠠᠶᠢᠳᠠᠭ᠃ ᠲᠡᠭᠡᠳᠣ ᠮᠣᠩᠭᠤᠯ ᠤᠨ ᠶᠡᠭᠡ ᠨᠠᠶᠢᠷ ᠤᠨ ᠶᠣᠰᠣᠨ ᠳᠤ《 ᠴᠢᠨᠳᠡᠮᠣᠨᠢ ᠶᠢᠨ ᠭᠤᠷᠪᠡᠨ | ᠲᠡᠭᠡᠵᠢ》᠂ ᠪᠦᠭᠦᠯᠢ ᠰᠢᠭᠦᠰᠣ᠂ ᠰᠦᠡᠭ ᠰᠦᠡᠭᠨᠡᠭᠦ᠂ ᠰᠦᠡᠭ ᠤᠨ ᠠᠷᠢᠭᠢ᠂ ᠪᠠᠶᠠᠨ ᠰᠦᠡᠭ ᠤᠨ ᠢᠷᠣᠭᠡᠯ᠂ | 《ᠰᠦᠡᠭ ᠤᠨ ᠭᠤᠷᠪᠡᠨ ᠲᠠᠭᠤᠣ》ᠪᠣᠶᠣ《ᠲᠦᠷᠣ ᠶᠢᠨ ᠭᠤᠷᠪᠡᠨ ᠲᠠᠭᠤᠣ》 ᠪᠣᠯ ᠨᠢᠬᠳᠠ ᠬᠤᠯᠪᠣᠭ᠎ᠠ ᠲᠠᠢ᠂ | ᠦᠷᠭᠦᠯᠵᠢ ᠬᠠᠮᠳᠣ ᠪᠠᠶᠢᠳᠠᠭ᠂ ᠪᠦᠭᠦᠯᠢ ᠨᠢᠭᠡ ᠴᠣᠬᠴᠠ ᠪᠣᠯᠣᠬᠰᠠᠨ ᠭᠦᠨᠳᠣᠳᠭᠡᠯ ᠤᠨ ᠵᠠᠩ ᠦᠢᠯᠡ ᠪᠠᠶᠢᠵᠣ᠂ ᠲᠠᠷᠣᠢ | ᠡᠷᠭᠢᠮ ᠲᠡᠭᠡᠳᠣ᠂ ᠪᠠᠶᠠᠨ ᠲᠠᠩᠰᠤᠭ᠂ ᠵᠣᠯ ᠵᠢᠷᠭᠠᠯ᠂ ᠪᠦᠷᠢᠨ ᠪᠦᠳᠣᠨ ᠢ ᠪᠡᠯᠭᠡᠳᠡᠵᠣ ᠪᠠᠶᠢᠭ᠎ᠠ ᠶᠣᠰᠣ ᠵᠠᠩᠰᠢᠯ ᠤᠨ ᠰᠣᠶᠣᠯ ᠶᠣᠮ᠃ | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠶᠢᠨ ᠨᠠᠶᠢᠷ ᠤᠨ ᠡᠭᠢᠨ ᠭᠤᠷᠪᠡᠨ ᠲᠠᠭᠤᠣ ᠪᠣᠯᠬᠤ᠂ ᠲᠦᠷᠣ ᠶᠣᠰᠣᠨ ᠤ ᠲᠠᠭᠤᠣ᠂ | ᠰᠦᠡᠭ ᠤᠨ ᠲᠠᠭᠤᠣ ᠲᠠᠷᠣᠢ ᠨᠣᠳᠤᠭ ᠤᠨ ᠣᠷᠳᠣ ᠶᠢᠨ ᠲᠠᠭᠤᠣ ᠶᠢᠨ ᠨᠢᠭᠡᠨ ᠶᠡᠭᠡ ᠴᠢᠬᠤᠯᠠ ᠲᠠᠭᠤᠣ ᠪᠣᠯᠣᠨ᠎ᠠ᠃ ᠲᠡᠷᠣᠢ《ᠰᠦᠡᠭ ᠤᠨ | ᠭᠤᠷᠪᠡᠨ ᠲᠠᠭᠤᠣ》᠂《ᠲᠦᠷᠣ ᠶᠣᠰᠣᠨ ᠤ ᠲᠠᠭᠤᠣ》 ︵ᠨᠠᠶᠢᠷ ᠤᠨ ᠭᠤᠷᠪᠡᠨ ᠲᠠᠭᠤᠣ︶ ᠭᠡᠵᠣ ᠪᠠᠰᠠ | ᠭᠡᠯᠡᠳᠡᠭ》ᠭᠡᠵᠣ ᠨᠡᠷᠡᠯᠡᠵᠣ ᠪᠠᠶᠢᠨ᠎ᠠ᠃ ᠡᠨᠡᠭᠦ ᠲᠦᠷᠣ ᠶᠢᠨ ᠶᠣᠰᠣᠯᠠᠯ ᠤᠨ ᠲᠠᠭᠤᠣ ᠶᠢᠨ ᠠᠭᠤᠯᠭ᠎ᠠ ᠪᠣᠯ ᠲᠦᠷᠣ ᠭᠦᠷᠣᠨ᠂ | ᠬᠠᠭᠠᠨ ᠨᠣᠶᠠᠨ᠂ ᠱᠠᠵᠢᠨ ︵ᠱᠠᠰᠢᠨ︶ ᠰᠣᠶᠣᠯ᠂ ᠨᠣᠳᠤᠭ ᠣᠰᠣ ᠪᠠᠨ ᠮᠠᠬᠳᠠᠨ ᠲᠠᠭᠤᠯᠣᠬᠰᠠᠨ ᠲᠠᠭᠤᠣ ᠪᠣᠯᠣᠨ᠎ᠠ᠃ ᠮᠦᠨ ᠴᠦ ᠡᠶ᠎ᠡ ᠨᠠᠶᠢᠷᠰᠠᠭ᠂ | ᠠᠷᠡᠳᠴᠢᠯᠠᠬᠰᠠᠨ ᠭᠡᠯᠪᠡᠷᠢ ᠶᠢᠨ ᠨᠢᠭᠡ ᠴᠢᠬᠤᠯᠠ ᠶᠠᠪᠣᠴᠠ ᠪᠣᠯᠬᠤ ᠶᠣᠮ᠃ | ᠰᠦᠪᠸᠢ ᠶᠢᠨ ᠮᠣᠩᠭᠤᠯᠴᠣᠳ ᠶᠡᠭᠡ ᠬᠤᠷᠢᠮ ᠨᠠᠶᠢᠷ ᠲᠡᠭᠡᠷ᠎ᠡ ᠲᠠᠭᠤᠯᠠᠬᠤ《ᠰᠦᠡᠭ ᠤᠨ ᠭᠤᠷᠪᠡᠨ ᠲᠠᠭᠤᠣ》᠂《ᠲᠦᠷᠣ ᠶᠣᠰᠣᠨ ᠤ | ᠲᠠᠭᠤᠣ》 ︵ᠨᠠᠶᠢᠷ ᠤᠨ ᠲᠠᠭᠤᠣ︶ ᠨᠢ ᠭᠤᠣᠯᠳᠡᠭᠤ《ᠡᠵᠡᠨ ᠬᠠᠭᠠᠨ ᠤ ᠲᠡᠷᠭᠡᠳᠡ》᠂《ᠮᠢᠩᠭᠠᠨ ᠡᠭᠢᠳᠣ ᠮᠦᠷᠢ ᠵᠣᠰᠠᠯᠠᠩ》᠂ | 《 ᠴᠣᠬᠴᠠᠯᠠᠬᠴᠢ ᠬᠠᠭᠠᠳ ᠦᠷ᠎ᠡ》᠂《 ᠮᠠᠨᠳᠣᠨ ᠬᠠᠷᠭ᠎ᠠ ᠶᠢᠨ ᠬᠤᠷᠭ᠎ᠠ》᠂《ᠨᠠᠷᠠ ᠪᠠᠨᠴᠢᠨ ᠪᠣᠬᠳᠠ》᠂《 ᠲᠣᠭᠤᠢ | ᠭᠢᠯᠠᠭᠠᠨ ᠲᠠᠷᠭᠤᠨ》᠂《 ᠬᠤᠷᠳᠣᠨ ᠰᠠᠶᠢᠬᠠᠨ ᠭᠦᠭᠡ ᠮᠣᠷᠢ》《 ᠪᠠᠶᠠᠨ ᠨᠠᠶᠢᠷᠳᠣ ᠶᠢᠨ ᠵᠣᠰᠠᠯᠠᠩ》ᠵᠡᠷᠭᠡ | ᠭᠤᠶᠣ ᠰᠠᠶᠢᠬᠠᠨ ᠠᠷᠡᠳ ᠤᠨ ᠲᠠᠭᠤᠣ ᠨᠤᠭᠤᠳ ᠪᠠᠶᠢᠭ᠎ᠠ ᠶᠣᠮ᠃ ᠡᠳᠡᠭᠡᠷ ᠲᠠᠭᠤᠣ ᠠᠭᠤᠯᠭ᠎ᠠ ᠰᠡᠳᠣᠪ ᠤᠨ ᠬᠤᠪᠢ ᠳᠤ ᠡᠵᠡᠨ ᠨᠣᠶᠠᠨ᠂ | ᠲᠦᠷᠣ ᠭᠦᠷᠣᠨ ᠢᠶᠠᠨ ᠮᠠᠬᠳᠡᠬᠤ᠂ ᠬᠤᠷᠢᠮ ᠨᠠᠶᠢᠷ ᠤᠨ ᠡᠷᠭᠢᠮ ᠲᠡᠭᠡᠳᠣ ᠶᠢ ᠰᠣᠷᠳᠡᠯᠴᠢᠯᠠᠨ ᠦᠵᠡᠭᠦᠯᠵᠣ ᠪᠠᠶᠢᠳᠠᠭ᠃ ᠲᠠᠷᠣᠢ | ᠪᠠᠶᠠᠨ ᠡᠷᠭᠢᠮ᠂ ᠰᠦᠷ ᠭᠦᠴᠣᠨ᠂ ᠨᠢᠬᠳᠡᠷᠡᠯ ᠪᠦᠯᠭᠦᠮ᠂ ᠡᠷᠭᠢᠮ ᠶᠠᠭᠡᠮᠰᠦᠭ ᠵᠡᠷᠭᠡ ᠶᠢ ᠪᠡᠯᠭᠡᠳᠡᠳᠡᠭ᠃ 《ᠠᠶᠠᠯᠭᠤ | ᠠᠶᠢᠵᠠᠮ ᠤᠨ ᠬᠤᠪᠢ ᠳᠤ ᠰᠦᠷ ᠲᠠᠯᠠᠶᠢᠴᠠ ᠲᠠᠢ᠂ ᠲᠦᠪᠯᠡᠭᠦᠨ ᠴᠢᠩᠭ᠎ᠠ ᠠᠶᠢᠵᠠᠮ ᠴᠣᠭᠢᠯᠭᠠ ᠲᠠᠢ ᠪᠠᠶᠢᠳᠠᠭ᠃ | ᠲᠠᠭᠤᠣ ᠶᠢᠨ ᠢᠷᠡᠭᠤ ᠨᠠᠶᠢᠷᠠᠭ ᠨᠢ ᠶᠡᠭᠡ ᠭᠤᠶᠢᠳᠠ ᠰᠠᠶᠢᠬᠠᠨ᠂ ᠲᠣᠯᠣᠭᠠᠢ ᠰᠡᠭᠦᠯ ᠬᠤᠯᠪᠣᠵᠣ᠂ ᠦᠭᠡ ᠲᠠᠩᠴᠡᠭᠦᠣ᠂ | ᠬᠤᠶᠠᠷ ᠬᠤᠶᠠᠷ ᠮᠦᠷ ᠢᠶᠠᠷ ᠵᠡᠷᠭᠡᠴᠡᠭᠦᠯᠣᠨ ᠬᠤᠯᠪᠣᠵᠣ ᠪᠠᠶᠢᠳᠠᠭ 》᠃ ︵ᠭᠦᠭᠡᠰᠢᠯᠢ ᠶᠢᠨ〈ᠲᠡᠭᠡᠳᠣ ᠮᠣᠩᠭᠤᠯ ᠤᠨ ᠲᠦᠷᠣ ᠶᠢᠨ | ᠲᠠᠭᠤᠣ ᠶᠢᠨ ᠲᠣᠬᠠᠢ ᠠᠩᠬᠠᠨ ᠤ ᠰᠦᠪᠡᠭᠴᠢᠯᠡᠯ〉ᠦᠭᠦᠯᠠᠯ︶᠃ | ᠵᠢᠱᠢᠶᠡᠯᠡᠪᠡᠯ᠂《》《》《》 | ᠬᠤᠶᠠᠷ᠂《ᠪᠠᠶᠠᠨᠰᠦ᠋ᠡᠭ》 ᠤᠨ ᠲᠣᠬᠠᠢ ᠶᠣᠰᠣ ᠵᠠᠩᠰᠢᠯ ᠢ ᠲᠦᠭᠦᠮ ᠲᠠᠨᠢᠯᠴᠠᠭᠤᠯᠬᠤ ᠨᠢ | ᠲᠡᠭᠡᠳᠣ ᠮᠣᠩᠭᠤᠯ ᠤᠨ ᠠᠷᠡᠳ ᠤᠨ ᠠᠮᠠᠨ ᠵᠣᠭᠢᠶᠠᠯ ᠤᠨ ᠲᠡᠭᠡᠵᠢ ᠶᠢᠨ ᠭᠤᠷᠪᠡᠨ ᠣᠷᠭᠢᠯ ᠤᠨ ᠨᠢᠭᠡ ᠭᠡᠵᠣ | ᠦᠨᠡᠯᠡᠭᠳᠡᠭᠰᠡᠨ《ᠪᠠᠶᠠᠨᠰᠦ᠋ᠡᠭ | ᠤᠨᠢᠷᠣᠭᠡᠯ》ᠪᠠ ᠪᠠᠶᠠᠨᠰᠦ᠋ᠡᠭ ᠰᠦᠡᠭᠨᠡᠭᠦ ᠲᠣᠬᠠᠢ ᠶᠣᠰᠣ ᠵᠠᠩᠰᠢᠯ ᠲᠣᠩ ᠭᠦᠨ ᠪᠠᠶᠠᠯᠢᠭ | ᠪᠡᠯᠭᠡ᠂ ᠰᠣᠶᠣᠯ ᠤᠨ ᠠᠬᠤᠭᠤᠯᠣᠬᠳᠡᠬᠤᠨ ᠲᠠᠢ ᠪᠠᠶᠢᠳᠠᠭ᠃ ᠣᠷᠢᠳᠡᠪᠡᠷ《ᠰᠦᠡᠭ》ᠭᠡᠳᠡᠭ ᠦᠭᠡ ᠶᠢᠨ ᠣᠳᠬ᠎ᠠ ᠶᠢ ᠰᠢᠨᠵᠢᠯᠡᠪᠡᠯ ᠲᠣᠩ | ᠰᠣᠨᠢᠷᠬᠠᠯᠳᠡᠢ ᠪᠦᠭᠡᠳ ᠡᠷᠳᠡᠨ ᠤ ᠰᠣᠶᠣᠯ ᠤᠨ ᠣᠯᠠᠮᠵᠢᠯᠠᠯ ᠪᠣᠯᠣᠯᠳᠡᠢ᠃ ᠶᠡᠷᠣ ᠶᠢᠨ ᠦᠶ᠎ᠡ ᠳᠤ | ᠰᠦᠪᠸᠢ ᠶᠢᠨ ᠮᠤᠩᠭᠤᠯᠴᠤᠤᠨ ᠠᠶᠢᠯ ᠤᠨ ᠡᠵᠡᠨ᠂ ᠭᠡᠶᠢᠴᠢᠨ ᠵᠣᠴᠢᠨ ᠳᠠᠭᠠᠨ ᠲᠣᠰᠬᠠᠢ ᠨᠡᠷᠡᠯᠡᠵᠣ ᠡᠷᠭᠦᠭᠰᠡᠨ ᠰᠡᠪᠡ | ᠯᠣᠩᠬᠤ ᠲᠠᠢ ᠠᠷᠢᠭᠢ ᠶᠢ《ᠰᠦᠡᠭ》ᠭᠡᠳᠡᠭ᠃ ᠨᠠᠶᠢᠷ ᠬᠤᠷᠢᠮ ᠤᠨ ᠡᠮᠣᠨ᠎ᠠ ᠭᠡᠶᠢᠴᠢᠨ ᠵᠣᠴᠢᠨ ᠳᠠᠭᠠᠨ | ᠰᠡᠷᠬᠤᠳ ︵ᠠᠷᠢᠭᠢ︶ ᠪᠠᠷᠢᠬᠤ ᠳᠠᠭᠠᠨ ᠣᠷᠢᠳᠡᠪᠡᠷ《ᠰᠦᠡᠭ》 ᠤᠨ ᠲᠡᠭᠡᠵᠢ ᠶᠢ ᠭᠠᠵᠠᠷ ᠲᠡᠭᠷᠢ ᠳᠡᠭᠡᠨ ᠴᠠᠴᠣᠯᠢ | ︵ᠰᠠᠴᠣᠯᠢ︶ ᠰᠠᠴᠣᠭᠠᠳ ᠰᠡᠶ᠋ᠢ ᠭᠡᠶᠢᠴᠢᠨ ᠳᠡᠭᠡᠨ ᠠᠷᠢᠭᠢ ᠶᠢᠨ ᠲᠡᠭᠡᠵᠢ ᠰᠡᠷᠭᠦᠭᠡᠨ᠎ᠠ ︵ᠭᠡᠮᠨᠡᠨᠡ︶᠃《ᠰᠦᠪᠸᠢ ᠶᠢᠨ ᠮᠤᠩᠭᠤᠯᠴᠤᠤᠨ | ᠨᠠᠮᠣᠷ ᠡᠪᠣᠯ ᠤᠨ ᠴᠠᠭ ᠲᠤ ᠮᠦᠰᠣ ᠭᠦᠯᠳᠡᠨ ᠭᠤᠣᠯ ᠮᠦᠷᠡᠨ ᠤ ᠣᠰᠣ ᠪᠣᠭᠤᠬᠳᠡᠵᠣ ᠪᠠᠶᠢᠭᠠᠳ ᠭᠡᠮᠭᠡᠷᠡᠨ | ᠵᠠᠳᠡᠷᠡᠬᠤ ᠶᠢ〈ᠰᠦᠡᠭ ᠣᠶᠢᠨ᠎ᠠ〉ᠭᠡᠳᠡᠭ᠃ ᠲᠡᠷᠠ ᠭᠦ ᠮᠦᠰᠣ ᠭᠡᠰᠡᠭ ᠭᠡᠰᠡᠭ ᠢᠶᠠᠷ | ᠣᠷᠣᠰᠬᠤ ᠶᠢ〈 ᠰᠦᠡᠭ ᠨᠡᠭᠦᠨᠠ〉ᠭᠡᠨ᠎ᠠ᠃ ᠮᠠᠯᠴᠢᠳ᠂ ᠶᠡᠭᠡ ᠰᠦᠡᠭ ᠨᠡᠭᠦᠭᠰᠡᠨ ᠵᠢᠯ ᠦᠡᠭ ᠵᠢᠯ ᠪᠣᠯᠳᠠᠭ | ᠭᠡᠳ ᠶᠡᠭᠡ ᠪᠠᠯᠭᠡᠰᠢᠶᠡᠵᠣ ᠪᠠᠶᠢᠳᠠᠭ᠃ ᠲᠡᠶᠢᠮᠣ ᠠᠴᠠ ᠮᠤᠩᠭᠤᠯᠴᠤᠤᠨ ᠲᠣᠮᠣ ᠨᠠᠶᠢᠷ ᠨᠠᠭᠠᠳᠣᠮ᠂ ᠣᠷᠤᠭ ᠬᠤᠷᠢᠮ ᠤᠨ ᠲᠦᠪ ᠲᠤ ᠲᠣᠭᠤᠭ᠎ᠠ | ᠲᠦᠭᠦᠷᠡᠩ ᠰᠡᠷᠬᠤᠳ ᠴᠡᠯᠡᠯᠵᠡᠭᠦᠯᠣᠨ〈 ᠪᠠᠶᠠᠨᠰᠦ᠋ᠡᠭ〉 ᠭᠡᠮᠡᠨ ᠲᠦᠷᠣ ᠲᠦᠪᠰᠢᠨ᠂ ᠲᠦᠮᠠᠨ ᠡᠩᠭᠡ᠂ ᠲᠡᠭᠦᠰ ᠵᠢᠷᠭᠠᠯᠠᠩ ᠢ | ᠪᠡᠯᠭᠡᠰᠢᠶᠡᠨ ᠢᠷᠣᠭᠡᠵᠣ ᠪᠠᠶᠢᠳᠠᠭ ᠨᠢ ᠪᠡᠯᠭᠡ ᠲᠡᠮᠪᠡᠷᠢᠯ᠂ ᠪᠠᠶᠠᠷ ᠨᠠᠶᠢᠷ᠂ ᠪᠠᠭᠢᠵᠢᠯ ᠪᠡᠳᠡᠷᠡᠯ᠂ ᠪᠠᠶᠠᠨ | ᠲᠣᠩᠭᠠᠯᠠᠭ ᠤᠨ ᠰᠢᠨᠵᠢ ᠲᠡᠮᠳᠡᠭ ᠢ ᠢᠯᠡᠳᠭᠡᠵᠣ ᠪᠠᠶᠢᠭ᠎ᠠ ᠶᠠᠪᠣᠳᠠᠯ᠃ ᠰᠢ᠊·ᠨᠣᠷᠪᠤ ᠲᠣᠯᠭᠠᠨ | ᠬᠠᠷᠢᠴᠠᠭᠤᠯᠵᠣ ᠲᠠᠶᠢᠯᠪᠣᠷᠢᠯᠠᠬᠰᠠᠨ〈 ᠽᠠᠶᠡ ᠪᠠᠨᠳᠢᠳᠠ〉 ︵ᠦᠪᠣᠷ ᠮᠣᠩᠭᠤᠯ ᠤᠨ ᠠᠷᠡᠳ ᠤᠨ | ᠭᠡᠪᠯᠡᠯ ᠤᠨ ᠬᠤᠷᠢᠶ᠎ᠡ᠂1990·10︶ ᠬᠠᠷᠢᠴᠠᠭᠤᠯᠭ᠎ᠠ ᠶᠢᠨ 224 ᠳ᠋ᠣᠭᠡᠷ ᠨᠢᠭᠤᠷ ᠲᠤ | ᠰᠦᠡᠭ ᠢ〈ᠲᠣᠬᠳᠡᠭᠠᠯ〉ᠭᠡᠵᠡᠢ᠃ ᠦᠢᠷᠡᠳ ᠭᠡᠯᠡᠨ ᠳᠤ ᠪᠢᠴᠢᠭ ᠤᠨ ᠭᠡᠯᠡᠨ ᠤ ᠴᠦᠭᠦᠷᠣᠮ ᠢ | ᠣᠰᠣᠨᠲ᠋ᠣᠬᠳᠡᠭᠠᠯ ᠪᠣᠶᠣ ᠭᠦᠪ ᠭᠡᠨ᠎ᠠ᠃ ᠮᠠᠨᠰᠠᠩ ᠪᠠᠭᠰᠢ ᠶᠢᠨ ᠰᠢᠨ᠎ᠠ ᠪᠠᠷ ᠣᠷᠴᠢᠭᠤᠯᠵᠣ | ᠲᠠᠶᠢᠯᠪᠣᠷᠢᠯᠠᠬᠰᠠᠨ〈ᠮᠣᠩᠭᠤᠯ ᠤᠨ ᠨᠢᠭᠤᠴᠠ ᠲᠣᠪᠴᠢᠶᠡᠨ〉 ᠳᠤ〈ᠴᠦᠡᠭ〉ᠭᠡᠭᠦ ᠦᠭᠡ ᠶᠢ ᠲᠠᠶᠢᠯᠪᠣᠷᠢᠯᠠᠬᠤ ᠳᠠᠭᠠᠨ ᠲᠡᠭᠡᠳᠣ | ᠮᠣᠩᠭᠤᠯ ᠤᠨ〈ᠰᠦᠡᠭ〉 ᠢ〈ᠡᠷᠳᠡᠨ ᠤ ᠭᠡᠷᠡᠶᠢᠳ ᠤᠨ〈ᠴᠦᠡᠭ〉ᠭᠡᠭᠦ ᠦᠭᠡ ᠶᠢᠨ ᠠᠪᠢᠶᠠᠨ ᠤ | ᠬᠤᠪᠢᠷᠡᠯ ᠪᠠᠶᠢᠵᠣ ᠪᠣᠯᠬᠤ ᠶᠣᠮ〉ᠭᠡᠰᠡᠨ ᠪᠠᠶᠢᠨ᠎ᠠ》᠃ ︵《ᠮᠣᠩᠭᠤᠯ ᠣᠳᠬ᠎ᠠ ᠵᠣᠭᠢᠶᠠᠯ ᠤᠨ ᠰᠣᠳᠣᠯᠣᠯ》 | ︵ᠲᠦᠷᠪᠡ︶ ︵2000 ᠣᠨ ᠤ 7 ᠰᠡᠷ᠎ᠡ ᠳᠤ᠂ ᠦᠪᠣᠷ ᠮᠣᠩᠭᠤᠯ ᠤᠨ ᠰᠣᠶᠣᠯ ᠤᠨ ᠭᠡᠪᠯᠡᠯ ᠤᠨ ᠬᠤᠷᠢᠶ᠎ᠡ᠂ ᠭᠤᠣᠯ | ᠨᠠᠶᠢᠷᠠᠭᠤᠯᠣᠬᠴᠢ᠄ ᠣᠨᠢᠨ᠋ᠣᠯᠠᠭᠠᠨ︶ ᠭᠡᠳᠡᠭ ᠨᠣᠮ ᠳᠠᠬᠢ ᠰ᠊ ·ᠳ᠋ᠦᠪᠴᠢᠨ ᠤ《ᠮᠣᠩᠭᠤᠯ | ᠰᠣᠶᠣᠯ ᠤᠨ ᠲᠣᠨᠣᠮᠠᠯ》ᠭᠡᠳᠡᠭ ᠦᠭᠦᠯᠡᠯ︶︔ | ᠰᠦᠪᠸᠢ ᠶᠢᠨ ᠮᠤᠩᠭᠤᠯᠴᠤᠤᠨ ᠣᠳᠣ ᠮᠦᠨ ᠣᠷᠤᠭ ᠬᠤᠷᠢᠮ᠂ ᠦᠷᠪᠦᠭᠡ ᠦᠷᠪᠣᠭᠡᠭᠦ᠂ ᠰᠢᠨ᠎ᠠ ᠭᠡᠷ ᠮᠢᠯᠢᠶᠠᠬᠤ᠂ ᠨᠠᠰᠣᠨ ᠤ ᠪᠠᠶᠠᠷ | ᠵᠡᠷᠭᠡ ᠶᠡᠭᠡ ᠨᠠᠶᠢᠷ ᠪᠣᠯᠬᠤ ᠳᠤ ᠵᠡᠪᠡᠯ《ᠰᠦᠡᠭ ᠰᠦᠡᠭᠨᠡᠨᠠ》ᠭᠡᠮᠡᠨ ᠨᠠᠶᠢᠷ ᠤᠨ ᠲᠦᠪ ᠲᠤ ᠬᠤᠨᠢᠨ ᠤ ᠪᠦᠭᠦᠯᠢ ᠰᠢᠭᠦᠰᠣ | ᠱᠠᠮᠨᠠᠵᠣ ︵ᠦᠷᠣᠵᠣ︶ ᠲᠡᠯᠪᠢᠭᠠᠳ᠂ ᠲᠡᠷᠭᠡᠳᠠ ᠳᠤᠨᠢ ᠲᠣᠰᠬᠠᠢ ᠰᠦᠡᠭ ᠶᠡᠭᠦᠭᠦ ︵ᠭᠢᠭᠦ︶ ᠬᠠᠶᠢᠰᠤ | ︵ᠲᠤᠭᠤᠭ᠎ᠠ︶ ᠪᠤᠶᠤ ᠭᠠᠳᠤᠷ᠎ᠠ ᠪᠠᠨ ᠲᠡᠯᠪᠢᠵᠣ᠂ ᠡᠨᠠᠭᠦ ᠰᠡᠪᠠ ᠶᠢᠨ ᠢᠶᠠᠨ ᠲᠦᠷᠪᠠᠨ ᠲᠠᠯ᠎ᠠ ᠳᠤᠨᠢ ᠲᠤᠰᠤ ᠪᠠᠷ | ᠪᠡᠯᠮᠡᠯᠡᠨ ᠲᠠᠯᠪᠢᠠᠠᠰᠠᠨ ᠪᠠᠶᠢᠳᠠᠭ᠂ ᠪᠡᠯᠮᠠᠯᠠᠨᠠ ᠭᠡᠳᠡᠭ ᠨᠢ ᠲᠠᠷᠤᠢ ᠰᠦᠡᠭ ᠶᠡᠭᠦᠭᠦ ᠰᠠᠪᠠ ᠶᠢᠨ ᠠᠮᠠᠨ ᠤ ᠲᠦᠷᠪᠠᠨ | ᠢᠷᠮᠡᠭ ᠲᠤᠨᠢ ᠲᠣᠰᠪᠣᠷᠢ ᠭᠡᠰᠡᠭ ᠲᠤᠰᠤ ᠨᠠᠭᠠᠵᠥ ᠴᠢᠮᠡᠵᠣ ᠮᠢᠯᠢᠶ᠋ᠬᠠᠰᠠᠨ ᠪᠡᠯᠭᠡᠳᠡᠯ ᠶᠣᠮ᠃ | ᠢᠡᠭᠭᠢᠭᠡᠳᠡᠨᠠᠭᠦ ᠲᠣᠭᠤᠭ᠎ᠠ ᠰᠡᠪᠠ ᠳᠠᠭᠠᠨ ᠠᠷᠢᠭᠢ ᠴᠡᠭᠡ ᠪᠠᠨ ᠲᠦᠭᠦᠷᠭᠡᠨ᠂ ᠲᠣᠰᠬᠠᠢ | ᠢᠷᠣᠭᠡᠯᠴᠢ ᠵᠠᠯᠠᠵᠥ《ᠪᠠᠶᠠᠨᠰᠦ᠋ᠡᠭ ᠤᠨᠢᠷᠣᠭᠡᠯ》ᠢᠷᠣᠭᠡᠨᠠ᠃ ᠢᠷᠤᠭᠡᠯᠴᠢ ᠰᠦᠡᠭ | ᠢᠷᠤᠭᠡᠭᠦ ᠳᠡᠭᠡᠨ ᠰᠠᠴᠣᠯᠢ ︵ᠰᠢᠨᠠᠭᠠᠨ ᠤ ᠡᠰᠢ︶ ᠠᠴᠠ ᠨᠢ ᠬᠠᠳᠠᠭ ᠪᠠᠷ ᠮᠢᠯᠢᠶᠡᠵᠣ᠂ | ︽ᠪᠠᠶᠠᠨ ᠰᠦᠡᠭ ᠤᠨ ᠢᠷᠤᠭᠡᠯ︾ ︵ᠶᠡᠭᠡ ᠴᠢᠩᠭᠢᠰ᠂ ᠪᠠᠭ᠎ᠠ ᠴᠢᠩᠭᠢᠰ ᠭᠡᠵᠣ ᠪᠣᠢ︶ ᠢᠶᠠᠨ ᠪᠠᠳᠠᠭ | ᠪᠠᠳᠠᠭ ᠢᠶᠠᠷ ᠢᠷᠤᠭᠡᠭᠦ ᠶᠢᠨ ᠬᠠᠮᠳᠤ ᠪᠠᠳᠠᠭ ᠪᠦᠷᠢ ᠳᠤ ᠲᠦᠷᠪᠡᠨ ᠵᠦᠭ ᠲᠤ ᠰᠦᠡᠭ ᠢᠶᠠᠨ ᠰᠡᠷᠵᠢᠮᠳᠡᠨ ᠰᠡᠴᠣᠨᠠ᠃ | ᠢᠷᠤᠭᠡᠯᠴᠢ ᠠᠴᠠ ᠪᠠᠳᠠᠭ ᠪᠦᠷᠢ ᠳᠤ ᠨᠢᠭᠡ ᠨᠢᠭᠡ ᠰᠡᠷᠵᠢᠮᠡᠷᠭᠦᠭᠦ ᠳᠤ᠂ ᠭᠡᠶᠢᠴᠢᠤᠨ《ᠲᠡᠶᠢᠮᠤ ᠪᠤᠯᠳᠤᠭᠠᠢ》ᠭᠡᠵᠥ ᠲᠠᠭᠤ ᠨᠠᠶᠢᠯᠡᠭᠦᠯᠤᠨ | ᠬᠤᠷᠤᠶᠢᠯᠠᠳᠠᠭ᠃ ᠢᠷᠤᠭᠡᠯ ᠢᠷᠤᠭᠡᠵᠥ ᠪᠠᠷᠠᠭᠠᠤᠨ᠂ ᠰᠦᠡᠭ ᠤᠨ ᠠᠷᠢᠭᠢ ᠪᠠᠨ ᠭᠡᠶᠢᠴᠢᠨ ᠳᠤ ᠰᠡᠷᠭᠦᠭᠡᠵᠤ ︵ᠭᠡᠮᠨᠡᠵᠣ︶᠂ ᠪᠠᠶᠠᠷ ᠤᠨ | ᠰᠠᠷᠬᠤᠤᠨ ᠪᠠᠷᠢᠬᠤ ᠶᠤᠰᠤ ᠡᠭᠢᠯᠡᠭᠦ ᠲᠠᠢ ᠵᠡᠷᠭᠡ ᠺᠠᠨᠡᠷ ︵ᠶᠡᠭᠡ ᠬᠤᠷᠢᠮ ᠨᠠᠶᠢᠷ ᠲᠤ 6 ᠪᠤᠶᠤ 8 | ᠲᠤᠰᠬᠠᠢ《ᠺᠠ》ᠭᠡᠵᠥ ᠲᠣᠰᠬᠠᠢ ᠲᠠᠭᠤᠴᠢᠨ ᠢ ᠵᠠᠯᠠᠳᠠᠭ︶ ᠨᠠᠶᠢᠷ ᠤᠨ ᠲᠠᠭᠤᠤ ᠪᠠᠨ ᠡᠭᠢᠯᠡᠨ ᠲᠠᠭᠤᠯᠠᠨ᠎ᠠ᠂ | ᠢᠡᠭᠭᠢᠵᠥ ᠪᠠᠶᠠᠨ ᠰᠦᠡᠭ ᠤᠨ ᠨᠢᠭᠡᠳᠤᠭᠡᠷ ᠺᠠ᠂ ᠪᠠᠶᠠᠨ ᠰᠦᠡᠭ ᠤᠨ ᠬᠤᠶᠠᠳᠤᠭᠠᠷ᠂ ᠭᠤᠷᠪᠠᠳᠤᠭᠠᠷ ᠺᠠ ᠭᠡᠵᠥ | ᠬᠤᠷᠢᠮ ᠤᠨ ᠲᠠᠭᠠᠭᠠᠮᠠᠯ ᠠᠴᠠ ᠲᠠᠶᠠᠭᠠᠷ ᠲᠤ ᠨᠡᠶᠢᠳᠡᠯᠡᠵᠥ ᠨᠠᠶᠢᠷ ᠰᠡᠷᠭᠦᠭᠡᠵᠥ ᠨᠠᠶᠢᠷᠠᠯᠠᠨᠠ᠃ ᠨᠠᠶᠢᠷᠠᠯᠠᠵᠣ ᠪᠠᠶᠢᠬᠤ ᠳᠤ | ᠲᠣᠰᠬᠠᠢ ᠰᠦᠡᠭ ᠲᠦᠰᠢᠭᠴᠢ ᠲᠣᠭᠢᠷᠡᠭᠤᠯᠵᠣ《ᠰᠦᠡᠭ》ᠲᠦᠰᠢᠵᠣ᠂ ᠰᠦᠡᠭ ᠢᠶᠠᠨ ᠪᠠᠭ᠎ᠠ ᠪᠠᠷ ᠰᠠᠮᠤᠷᠴᠤ ᠪᠠᠶᠢᠳᠠᠭ᠂ | ᠢᠡᠭᠭᠢᠵᠣ ᠪᠠᠶᠢᠭ᠎ᠠ ᠨᠢ ᠭᠦᠮᠤᠨ ᠠᠮᠢᠳᠤᠷᠠᠯ᠂ ᠲᠤᠠᠠᠳᠠᠮᠠᠯ ᠤᠰᠤ ᠰᠢᠭ᠋ ᠨᠠᠮᠵᠢᠭᠤᠨ ᠪᠢᠰᠢ᠂ ᠮᠤᠷᠤᠢ ᠰᠠᠷᠤᠢ᠂ ᠵᠤᠪᠠᠯᠠᠩ | ᠵᠢᠷᠭᠠᠯᠠᠩ ᠬᠤᠤᠰᠯᠠᠵᠥ ᠪᠠᠶᠢᠭ᠎ᠠ ᠶᠢ ᠢᠯᠡᠤᠡᠭᠡᠵᠥ᠂ ᠲᠠᠷᠤᠢ ᠰᠦᠨ ᠲᠠᠯᠠᠢ ᠶᠢᠨ ᠦᠢᠯᠬᠤ ᠲᠠᠪᠠᠯᠭᠠᠨ ᠮᠡᠳᠤ ᠴᠠᠯᠭᠢᠯᠡᠵᠥ ᠪᠠᠶᠢᠳᠠᠭ ᠪᠠ ᠪᠠᠶᠠᠨ ᠲᠠᠩᠰᠤᠭ᠂ | ᠰᠡᠳᠭᠢᠯ ᠪᠢᠯᠬᠠᠮ᠎ᠠ ᠭᠡᠳᠡᠭ ᠢ ᠪᠡᠯᠭᠡᠳᠡᠨ ᠢᠯᠡᠷᠡᠭᠦᠯᠵᠥ ᠪᠠᠶᠢᠭ᠎ᠠ᠃ | 《〈ᠰᠦᠡᠭ ᠰᠦᠡᠭᠨᠡᠨᠠ〉ᠭᠡᠮᠡᠨ ᠲᠣᠭᠤᠭ᠎ᠠ ᠲᠦᠭᠦᠷᠡᠩ ᠴᠡᠭᠡ ᠲᠠᠷᠠᠰᠣ ᠮᠠᠯᠮᠠᠯᠵᠡᠭᠦᠯᠣᠨ᠂ ᠲᠦᠷᠣ ᠭᠦᠷᠣᠨ ᠤ ᠲᠣᠬᠳᠡᠨᠢᠯ | ᠪᠠᠳᠡᠷᠡᠯ ᠢ ᠪᠡᠯᠭᠡᠯᠡᠨ ᠢᠷᠣᠭᠡᠵᠣ᠂ ᠲᠡᠭᠦᠨ ᠠᠴᠠ ᠪᠠᠨ ᠲᠠᠶᠠᠭᠠᠷ ᠣᠯᠠᠨ ᠢᠶᠠᠷ ᠢᠶᠠᠨ ᠲᠡᠭᠡᠳᠣᠯᠠᠨ ᠭᠦᠷᠳᠡᠭᠦ ᠲᠠᠳᠬᠠᠯ | ᠡᠷᠳᠡᠨ ᠤ ᠦᠶ᠎ᠡ ᠶᠢᠨ ᠣᠯᠠᠮᠵᠢᠯᠠᠯ ᠪᠣᠯᠬᠤ ᠨᠢ᠃ ᠭᠡᠷᠡᠯᠴᠣᠬᠳᠣ ᠣᠷᠴᠢᠭᠤᠯᠣᠬᠰᠠᠨ〈ᠮᠠᠷᠭᠦ ᠫᠣᠯᠣ ᠶᠢᠨ ᠵᠢᠭᠤᠴᠢᠯᠠᠯ ᠤᠨ ᠲᠡᠮᠳᠡᠭᠯᠡᠯ〉 | ᠤᠨ 79 ᠳ᠋ᠣᠭᠡᠷ ᠪᠦᠯᠦᠭ〈ᠲᠦᠷᠣ ᠶᠢᠨ ᠬᠤᠷᠢᠮ ᠨᠠᠶᠢᠷ ᠤᠨ ᠲᠣᠬᠠᠢ〉ᠲᠣᠳᠣᠷ᠎ᠡ〈ᠶᠡᠭᠡ ᠬᠠᠭᠠᠨ ᠤ ᠬᠤᠷᠢᠮ ᠤᠨ ᠲᠢᠩᠭᠢᠮ ᠤᠨ | ᠲᠦᠪ ᠲᠣᠮᠳᠠ ᠨᠢ ᠨᠢᠭᠡ ᠭᠤᠶᠣᠯᠢᠭ ᠴᠢᠮᠡᠭᠯᠡᠭᠰᠡᠨ ᠦᠵᠡᠰᠭᠦᠯᠠᠩ ᠲᠣᠮᠣ ᠲᠦᠷᠪᠡᠯᠵᠢᠨ ᠠᠪᠳᠡᠷᠡ ᠲᠡᠯᠪᠢᠵᠣ ᠪᠠᠶᠢᠳᠠᠭ᠃ ᠲᠠᠯ᠎ᠠ ᠪᠦᠷᠢ ᠨᠢ | ᠲᠣᠰᠪᠣᠷᠢ ᠭᠤᠷᠪᠡᠨ ᠫᠡᠰ ᠭᠢᠷᠢᠳᠡᠢ ᠪᠠᠶᠢᠬᠤ ᠪᠦᠭᠡᠳ ᠠᠷᠢᠶᠠᠳᠡᠨ ᠠᠨᠢᠳᠡᠨ ᠢ ᠣᠷᠠᠯᠠᠨ ᠰᠡᠶᠢᠯᠵᠣ᠂ ᠣᠨᠴᠠ ᠰᠠᠶᠢᠬᠠᠨ ᠢ | ᠠᠰᠬᠠᠷᠠᠮ᠎ᠠ ᠪᠢᠯᠬᠠᠮ᠎ᠠ ᠲᠦᠭᠦᠷᠭᠡᠭᠰᠡᠨ ᠪᠠᠶᠢᠳᠠᠭ ᠶᠣᠮ᠃ ᠡᠨᠠ ᠭᠦ ᠲᠣᠩᠪᠤ ᠶᠢᠨ ᠲᠣᠭᠤᠷᠢᠨ ᠳᠤ ᠪᠣᠶᠣ ᠦᠭᠡᠷ᠎ᠡ ᠪᠠᠷ ᠭᠡᠯᠡᠪᠡᠯ ᠲᠦᠷᠪᠡᠨ | ᠦᠨᠴᠦᠭ ᠲᠤᠨᠢ ᠲᠣᠰᠪᠣᠷᠢ ᠨᠢᠭᠡᠨ ᠪᠢᠴᠢᠬᠠᠨ ᠰᠠᠭᠤᠯᠭ᠎ᠠ ᠭᠡᠮᠡᠷ ᠵᠢᠵᠢᠭᠭᠡᠨ ᠲᠣᠩᠪᠤ ᠲᠡᠯᠪᠢᠵᠣ᠂ ᠨᠢᠭᠡᠨ ᠳᠤᠨᠢ | ᠭᠡᠭᠦᠣ ᠶᠢᠨ ᠴᠡᠭᠡ᠂ ᠨᠦᠭᠦᠭᠡᠨᠢᠭᠡᠨ ᠳᠤᠨᠢ ᠲᠡᠮᠡᠭᠡᠨ ᠤ ᠰᠦ ᠭᠡᠭᠦ ᠮᠡᠳᠣ ᠠᠮᠳᠡᠳᠣ ᠣᠮᠳᠠᠭᠠᠨ ᠨᠤᠭᠤᠳ ᠢ | ᠭᠢᠵᠣ ᠲᠦᠭᠦᠷᠭᠡᠭᠰᠡᠨ ᠪᠠᠶᠢᠳᠠᠭ᠃〉ᠠᠪᠳᠡᠷᠡ ᠶᠢᠨ ᠲᠡᠭᠡᠷ᠎ᠡ ᠶᠡᠭᠡ ᠬᠠᠭᠠᠨ ᠤ ᠬᠤᠨᠳᠠᠭ᠎ᠠ ᠶᠢ ᠲᠡᠯᠪᠢᠵᠣ ᠪᠣᠢ᠃ ᠶᠡᠭᠡ | ᠬᠠᠭᠠᠨ ᠠᠴᠠ ᠬᠤᠨᠳᠠᠭ᠎ᠠ ᠪᠠᠷ ᠣᠮᠳᠠ ᠵᠣᠭᠤᠬᠯᠠᠳᠠᠭ〉ᠭᠡᠵᠣ ᠲᠡᠮᠳᠡᠭᠯᠡᠵᠡᠢ᠃ ᠱ᠊· ᠨᠠᠴᠣᠬᠳᠣᠷᠵᠢ ᠶᠢᠨ | ᠵᠣᠭᠢᠶᠠᠬᠰᠠᠨ〈ᠮᠠᠨᠳᠣᠬᠠᠢ ᠰᠡᠴᠡᠨ〉 ᠳᠤ ᠶᠣᠸᠠᠨ ᠤ ᠰᠡᠭᠦᠯ᠂ ᠮᠢᠩ ᠣᠯᠣᠰ ᠤᠨ ᠡᠭᠢᠨ ᠤ ᠦᠶ᠎ᠡ ᠳᠤ᠂ | ᠮᠣᠩᠭᠤᠯ ᠤᠨ ᠬᠠᠭᠤᠴᠢᠨ ᠶᠡᠭᠡ ᠨᠠᠶᠢᠰᠯᠠᠯ ᠬᠠᠷ᠎ᠡ ᠬᠤᠷᠣᠮ ᠳᠤ ᠮᠣᠩᠭᠤᠯ ᠵᠢᠷᠭᠤᠭᠠᠨ ᠣᠯᠣᠰ ᠤᠨ ᠲᠦᠷᠣ ᠶᠢᠨ ᠶᠡᠭᠡ ᠨᠠᠭᠠᠳᠣᠮ | ᠪᠣᠯᠬᠤ ᠳᠤ〈ᠬᠠᠭᠠᠨ ᠤ ᠰᠢᠷ᠎ᠡ ᠲᠣᠷᠭᠠᠨ ᠠᠰᠠᠷ ᠤᠨ ᠡᠭᠢᠨ ᠳᠤ ᠭᠡᠭᠡᠷ ᠠᠵᠢᠷᠭ᠎ᠠ ᠶᠢᠨ ᠭᠦᠭᠦᠯ ᠢᠶᠠᠷ ᠭᠢᠭᠰᠡᠨ ᠲᠤᠭ | ᠬᠠᠳᠬᠤᠵᠡᠢ᠃ ᠡᠮᠣᠨ᠎ᠠ ᠨᠢ ᠲᠣᠮᠣ ᠰᠦᠡᠭ ᠲᠦᠰᠣᠷᠭᠡ ᠲᠡᠯᠪᠢᠵᠡᠢ᠃〉〈ᠣᠷᠳᠣᠨ ᠤ ᠲᠦᠪ ᠲᠣᠮᠳᠠ ᠠᠷᠢᠭᠢ ᠠᠶᠢᠷᠠᠭ ᠰᠦᠡᠭᠨᠡᠵᠡᠢ᠃ | ᠲᠡᠭᠦᠨ ᠠᠴᠠ ᠪᠠᠨ ᠶᠣᠰᠣᠯᠠᠯ ᠤᠨ ᠵᠣᠭᠢᠴᠠᠭᠤᠯᠭᠠ ᠪᠠᠷ ᠢᠷᠣᠭᠡᠯᠴᠢ ᠠᠴᠠ ᠢᠷᠣᠭᠡᠯ ᠢᠷᠣᠭᠡᠳᠡᠭ᠃ | ᠲᠠᠷᠠᠭ᠎ᠠ ᠨᠢ ᠣᠷᠳᠣ ᠶᠢᠨ ᠲᠠᠭᠤᠣ ᠲᠠᠭᠤᠯᠠᠵᠣ ᠡᠭᠢᠯᠡᠪᠡ᠃〉ᠭᠡᠵᠣ ᠪᠢᠴᠢᠵᠡᠢ᠃ ᠡᠵᠡᠨ ᠴᠢᠩᠭᠢᠰ ᠤᠨ | 〈ᠠᠯᠳᠠᠨ ᠣᠷᠳᠣᠨ ᠤ ᠲᠠᠶᠢᠯᠠᠯᠭ᠎ᠠ〉 ︵ᠦᠨᠳᠣᠰᠣᠳᠡᠨ ᠤ ᠭᠡᠪᠯᠡᠯ ᠤᠨ ᠬᠤᠷᠢᠶ᠎ᠡ 1983·9︶ ᠳᠤ | ᠪᠠᠰᠠ〈ᠰᠦᠡᠭ ᠰᠦᠡᠭᠨᠡᠭᠴᠢ〉ᠭᠡᠮᠡᠨ ᠭᠠᠷᠴᠠᠢ᠃ ᠶᠠᠭᠤ ᠪᠣᠯᠣᠬᠰᠡᠨ ᠴᠦ〈ᠪᠡᠯᠴᠢᠭᠡᠷ ᠤᠨ ᠰᠠᠶᠢᠨ ᠢᠶᠠᠷ ᠲᠠᠷᠭᠤᠯᠠᠨ᠎ᠠ᠂ | ᠪᠡᠯᠭᠡ ᠶᠢᠨ ᠰᠠᠶᠢᠨ ᠢᠶᠠᠷ ᠪᠠᠶᠠᠵᠢᠨ᠎ᠠ〉 ᠭᠡᠳ ᠪᠠᠶᠠᠷ ᠨᠠᠶᠢᠷ ᠲᠡᠭᠡᠷ᠎ᠡ ᠪᠡᠯᠭᠡ ᠢᠷᠣᠭᠡᠯ ᠢᠶᠠᠷ ᠪᠢᠯᠬᠠᠵᠣ | ᠪᠠᠶᠢᠳᠠᠭᠮᠣᠩᠭᠤᠯᠴᠣᠳ ᠠᠯᠢ ᠡᠷᠳᠡᠨ ᠠᠴᠠ ᠪᠠᠨ〉 ᠢᠶᠠᠨ ᠰᠦᠡᠭᠨᠡᠭᠡᠳ ᠪᠠᠭ᠋ᠠᠷᠣᠯᠳᠡᠢ ᠰᠠᠶᠢᠬᠠᠨ ᠢᠶᠠᠨ ᠣᠶᠠᠩᠭᠠᠯᠠᠭᠠᠳ᠂ | ᠪᠡᠯᠭᠡ ᠲᠠᠢ ᠰᠠᠶᠢᠬᠠᠨ ᠢᠶᠠᠨ ᠢᠷᠣᠭᠡᠭᠡᠳ ᠪᠠᠭᠢᠵᠢᠯ ᠪᠡᠳᠡᠷᠡᠯ ᠢᠶᠠᠨ ᠪᠡᠯᠭᠡᠯᠡᠭᠡᠳ ᠨᠢᠬᠳᠡᠷᠡᠯ ᠢᠶᠠᠨ ᠴᠢᠩᠭᠠᠳᠬᠠᠵᠣ᠂ ᠨᠢᠭᠡᠳᠣᠯ ᠢᠶᠠᠨ ᠰᠢᠳᠣᠵᠣ | ᠶᠠᠪᠣᠬᠰᠠᠨ ᠰᠠᠨᠵᠢ》ᠭᠡᠵᠣ ᠦᠭᠦᠯᠡᠵᠡᠢ᠃ ︵《ᠮᠣᠩᠭᠤᠯ ᠣᠳᠬ᠎ᠠ ᠵᠣᠭᠢᠶᠠᠯ ᠤᠨ ᠰᠣᠳᠣᠯᠣᠯ》 ︵ᠲᠦᠷᠪᠡ︶ | ︵2000 ᠣᠨ ᠤ 7 ᠰᠡᠷ᠎ᠡ ᠳᠤ᠂ ᠦᠪᠣᠷ ᠮᠣᠩᠭᠤᠯ ᠤᠨ ᠰᠣᠶᠣᠯ ᠤᠨ ᠭᠡᠪᠯᠡᠯ ᠤᠨ ᠬᠤᠷᠢᠶ᠎ᠡ᠂ ᠭᠤᠣᠯ ᠨᠠᠶᠢᠷᠠᠭᠤᠯᠣᠬᠴᠢ᠄ | ᠣᠨᠢᠨ᠋ᠣᠯᠠᠭᠠᠨ︶ ᠭᠡᠳᠡᠭ ᠨᠣᠮ ᠳᠠᠬᠢ ᠰ᠊·ᠳ᠋ᠦᠪᠴᠢᠨ ᠤ《ᠮᠣᠩᠭᠤᠯ ᠰᠣᠶᠣᠯ ᠤᠨ ᠲᠣᠨᠣᠮᠠᠯ》ᠭᠡᠳᠡᠭ | ᠦᠭᠦᠯᠡᠯ︶ ᠃ ᠡᠭᠦᠨ ᠠᠴᠠ ᠦᠵᠡᠭᠦ ᠳᠤ ᠭᠦᠷᠯᠦᠭ ᠤᠨ ᠮᠣᠩᠭᠤᠯᠴᠣᠳ ᠤᠨ ᠬᠤᠶᠢᠴᠢᠰ ᠤᠨ ᠶᠣᠰᠣ ᠵᠠᠩᠰᠢᠯ ᠤᠨ | ᠰᠣᠶᠣᠯ ᠪᠣᠯᠬᠤ《ᠪᠠᠶᠠᠨ ᠰᠦᠡᠭ》᠂《 ᠪᠠᠶᠠᠨ ᠰᠦᠡᠭ ᠤᠨ ᠢᠷᠣᠭᠡᠯ》᠂《ᠰᠦᠡᠭ ᠰᠦᠡᠭᠨᠡᠭᠦ》ᠵᠠᠩ ᠦᠢᠯᠠ ᠪᠣᠯ | ᠢᠵᠡᠭᠤᠷ ᠰᠣᠶᠣᠯ ᠤᠨ ᠣᠯᠠᠮᠵᠢᠯᠠᠯ ᠪᠠᠶᠢᠵᠡᠢ᠃ ᠰᠦᠡᠭ ᠰᠦᠡᠭᠨᠡᠭᠦ ᠵᠠᠩ ᠦᠢᠯᠠ ᠪᠣᠯ ᠣᠣᠯ ᠳᠡᠭᠡᠨ ᠸᠠᠩ ᠭᠦᠡᠭ᠂ ᠨᠣᠶᠠᠨ ᠢᠵᠡᠭᠤᠷᠳᠡᠨ ᠤ | ᠣᠷᠳᠣᠨ ᠤ ᠰᠣᠶᠣᠯ ᠪᠠᠶᠢᠬᠰᠠᠨ ᠪᠠᠶᠢᠵᠡᠢ᠃ ᠲᠠᠷᠣᠢ ᠪᠠᠶᠠᠨ ᠡᠷᠭᠢᠮ᠂ ᠰᠦᠷ ᠭᠦᠴᠣᠨ᠂ ᠨᠢᠬᠳᠡᠷᠡᠯ ᠪᠦᠯᠭᠦᠮ ᠂ ᠡᠷᠭᠢᠮ | ᠶᠠᠭᠡᠮᠰᠦᠭ ᠵᠡᠷᠭᠡ ᠶᠢ ᠪᠡᠯᠭᠡᠳᠡᠳᠡᠭ ᠦᠪᠡᠳᠡᠭᠰᠢ ᠲᠦᠷᠣ ᠶᠢᠨ ᠨᠠᠶᠢᠷ ᠤᠨ ᠶᠡᠭᠡ ᠶᠣᠰᠣᠯᠠᠯ ᠳᠤ ᠶᠠᠪᠣᠬᠳᠠᠳᠠᠭ ᠪᠠᠶᠢᠵᠠᠢ᠃ ᠰᠡᠭᠦᠯᠡᠷ ᠨᠢ | ᠠᠭᠠᠵᠢᠮ ᠢᠶᠠᠷ ᠠᠷᠡᠳ ᠢᠷᠭᠡᠨ ᠤ ᠲᠣᠮᠳᠠ ᠲᠡᠯᠭᠡᠷᠡᠨ ᠣᠯᠠᠮᠵᠢᠯᠠᠬᠳᠡᠵᠣ ᠪᠠᠶᠢᠵᠡᠢ᠃ ᠡᠨᠠᠭᠦ ᠪᠠᠶᠠᠯᠢᠭ | ᠢᠵᠡᠭᠤᠷ ᠶᠣᠰᠣ ᠵᠠᠩᠰᠢᠯ ᠤᠨ ᠰᠣᠶᠣᠯ ᠦᠨᠣᠳᠣᠷ ᠪᠣᠯᠳᠠᠯ᠎ᠠ ᠲᠡᠭᠡᠳᠣ ᠮᠣᠩᠭᠤᠯ ᠤᠨ ᠣᠷᠣᠨ ᠨᠣᠳᠤᠭ ᠲᠤ ᠣᠯᠠᠮᠵᠢᠯᠠᠬᠳᠠᠨ | ᠶᠠᠪᠣᠬᠳᠡᠵᠣ ᠪᠠᠶᠢᠨ᠎ᠠ᠃ ᠶᠣᠰᠣᠳᠡᠢ ᠦᠪᠡᠷ ᠤᠨ ᠭᠡᠰᠡᠨ ᠦᠪᠡᠷᠮᠢᠴᠠ ᠣᠨᠴᠠᠯᠢᠭ᠂ ᠭᠡᠪ ᠨᠡᠮᠪᠡ ᠲᠠᠢ ᠦᠪ | ᠰᠣᠶᠣᠯ ᠤᠨ ᠨᠢᠭᠡ ᠪᠣᠯᠵᠣ ᠵᠠᠩ ᠦᠢᠯᠠ ᠶᠢᠨ ᠰᠣᠶᠣᠯ ᠲᠣᠮᠳᠠ ᠦᠨᠳᠣᠰᠣᠳᠡᠨ ᠤ ᠦᠨᠣᠷ ᠠᠮᠳᠠ᠂ ᠭᠡᠪ ᠨᠠᠮᠪᠠ᠂ | ᠪᠡᠯᠭᠡ ᠲᠡᠮᠳᠡᠭ ᠲᠠᠢ ᠨᠢᠭᠡᠨ ᠪᠠᠭᠴᠠ ᠴᠡᠰᠣᠨᠴᠡᠴᠡᠭ ᠪᠣᠯᠵᠣ ᠲᠡᠯᠭᠡᠷᠡᠵᠣ ᠪᠠᠶᠢᠨ᠎ᠠ᠃ ᠲᠡᠭᠡᠵᠢ ᠶᠢᠨ ᠰᠣᠶᠣᠯ ᠲᠡᠯᠭᠡᠷᠡᠩᠭᠦᠢ᠂ | ᠲᠡᠯᠭᠡᠷ ᠪᠠᠶᠠᠨ ᠰᠦᠡᠭ ᠤᠨ ᠶᠣᠰᠣ ᠲᠠᠩᠰᠤᠭ ᠪᠠᠶᠢᠳᠠᠭ᠃ | ᠭᠤᠷᠪᠡ᠂ ᠰᠦᠪᠸᠢ ᠶᠢᠨ ᠮᠣᠩᠭᠤᠯ ᠣᠷᠳᠣ ᠶᠢᠨ ᠲᠠᠭᠤᠣ ᠲᠠᠬᠢ ᠭᠦᠷᠯᠦᠭ ᠬᠤᠰᠢᠭᠤᠨ ᠤ ᠶᠢᠰᠣᠨ ᠲᠣᠬᠠᠢ ᠶᠢᠨ ᠲᠣᠬᠠᠢ ᠪᠦᠷᠢ ᠶᠢᠨ | ᠬᠤᠪᠢᠯᠪᠣᠷᠢ ᠶᠢ ᠬᠠᠷᠢᠴᠠᠭᠤᠯᠣᠨ ᠶᠠᠷᠢᠬᠤ ᠪᠠ ᠰᠣᠷᠪᠣᠯᠵᠢᠯᠭ᠎ᠠ ᠭᠢᠭᠰᠡᠨ ᠲᠣᠬᠠᠢ ᠶᠠᠷᠢᠬᠤ ᠨᠢ | ᠨᠣᠳᠤᠭ ᠤᠨ ᠭᠡᠳᠣᠨ ᠠᠷᠡᠳ ᠤᠨ ᠣᠷᠡᠨ ᠰᠠᠶᠢᠬᠠᠨᠴᠢ ᠨᠠᠷ ᠢ ᠰᠣᠷᠪᠣᠯᠵᠢᠯᠠᠵᠣ ᠦᠢᠯᠠᠭᠠᠬᠰᠠᠨ ᠢᠶᠠᠨ ᠠᠳᠠ ᠶᠠᠷᠢᠪᠠᠯ᠄ ᠰᠢᠪᠣᠣᠴᠸᠡᠭ | ᠰᠣᠮᠣᠨ ᠤ ᠬᠠᠰᠢᠭᠠᠷ ᠲᠣᠰᠬᠤᠨ ᠤ ᠮᠠᠯᠴᠢᠨ ᠵᠢᠶᠦ᠋ᠨ ᠷᠣᠩ ︵ᠵᠣᠩᠷᠣᠩ︶ ︵ᠲᠣᠰ ᠵᠢᠯ 71 ᠨᠠᠰᠣ ᠲᠠᠢ᠂ | ᠣᠯᠠᠭᠠᠨ ᠨᠣᠬᠠᠢ ᠵᠢᠯ ᠲᠠᠢ︶᠂ ᠲᠠᠷᠡ ᠨᠠᠰᠣᠳᠡᠨ ᠪᠣᠯ ᠨᠣᠳᠤᠭ ᠤᠨ ᠠᠷᠡᠳ ᠤᠨ ᠲᠠᠭᠤᠴᠢ᠂ ᠢᠷᠣᠭᠡᠯᠴᠢ ᠭᠦᠮᠣᠨ ᠪᠢᠯᠠ᠃ | ᠲᠠᠷᠡ ᠨᠠᠰᠣᠳᠡᠨ ᠤ ᠭᠡᠯᠡᠭᠦ ᠪᠠᠷ᠂ ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠳᠠᠬᠢ《 ᠲᠦᠷᠣ ᠶᠢᠨ ᠭᠤᠷᠪᠡᠨ | ᠲᠠᠭᠤᠣ》 ᠪᠣᠶᠣ《ᠰᠦᠡᠭ ᠤᠨ ᠭᠤᠷᠪᠡᠨ ᠲᠠᠭᠤᠣ》 ᠭᠡᠳᠡᠭ ᠨᠢ ᠲᠠᠷᠣᠢ《 ᠮᠢᠩᠭᠠᠨ ᠡᠭᠢᠳᠣ ᠮᠦᠷᠢ ᠵᠣᠰᠠᠯᠠᠩ》᠂ | 《 ᠨᠠᠷᠠ ᠪᠠᠨᠴᠢᠨ ᠪᠣᠬᠳᠠ》᠂《 ᠮᠠᠨᠳᠣᠨ ᠬᠠᠷᠭ᠎ᠠ ᠶᠢᠨ ᠬᠤᠷᠭ᠎ᠠ》 ᠪᠠᠶᠢᠵᠣ᠂ ᠵᠠᠷᠢᠮ ᠲᠣᠬᠤᠢ ᠰᠣᠮᠣᠨ ᠳᠤ《ᠲᠣᠭᠤᠢ ᠭᠢᠯᠠᠭᠠᠨ | ᠲᠠᠷᠭᠤᠨ》 ᠶᠢ ᠪᠠᠭᠳᠡᠭᠠᠵᠣ ᠭᠡᠯᠡᠳᠡᠭ ᠪᠠᠶᠢᠯ᠎ᠠ ᠭᠡᠨ᠎ᠠ᠃ ᠡᠨᠠ ᠨᠠᠰᠣᠳᠡᠨ ᠤ ᠦᠮᠴᠢ ᠲᠠᠭᠤᠣ ᠨᠢ ᠲᠠᠷᠣᠢ《ᠲᠣᠭᠤᠢ | ᠭᠢᠯᠠᠭᠠᠨ ᠲᠠᠷᠭᠤᠨ》ᠭᠡᠳᠡᠭ ᠲᠠᠭᠤᠣ ᠭᠡᠨ᠎ᠠ᠃ ᠣᠳᠣ ᠪᠠᠶᠢᠭ᠎ᠠ ᠨᠣᠳᠤᠭ ᠤᠨ ᠨᠠᠰᠣᠳᠡᠨ ᠪᠣᠭᠤᠷᠣᠯᠴᠣᠳ ᠲᠣᠳᠣᠷ᠎ᠡ᠂ ᠰᠢᠪᠣᠣᠴᠸᠡᠭ | ᠰᠣᠮᠣᠨ ᠤ ᠪᠠᠶᠠᠨ ᠳ᠋ᠦᠨ ᠲᠣᠰᠬᠤᠨ ᠤ ᠮᠠᠯᠴᠢᠨ ᠼᠡᠶᠡᠨᠪᠠᠯᠠ ︵ᠲᠣᠰ ᠵᠢᠯ 81 ᠨᠠᠰᠣᠳᠡᠢ᠂ ᠦᠭᠡᠷ ᠵᠢᠯ ᠲᠠᠢ᠂ | ᠼ᠊·ᠣᠯᠠᠭᠠᠬᠤᠳᠣ ᠵᠢᠨᠠᠪᠤ︔ ᠦᠮᠴᠢ ᠲᠠᠭᠤᠣ〈 ᠡᠷᠭᠡ ᠬᠠᠷ᠎ᠠ ᠶᠢᠨ ᠣᠨᠠᠭ᠎ᠠ〉︶《ᠮᠢᠩᠭᠠᠨ ᠡᠭᠢᠳᠣ ᠮᠦᠷᠢ | ᠵᠣᠰᠠᠯᠠᠩ》ᠭᠡᠳᠡᠭ ᠲᠠᠭᠤᠣ ᠶᠢ ᠰᠠᠶᠢᠨ ᠲᠡᠭᠤᠯᠡᠳᠠᠭ ᠭᠡᠨ᠎ᠠ︔ ᠪᠠᠰᠠ ᠵᠢᠶᠦ᠋ᠨ ᠷᠣᠩ ︵ᠵᠣᠩᠷᠣᠩ︶ | ᠦᠪᠡᠷ ᠢᠶᠠᠨ《ᠮᠢᠩᠭᠠᠨ ᠡᠭᠢᠳᠣ ᠮᠦᠷᠢ ᠵᠣᠰᠠᠯᠠᠩ》᠂《 ᠮᠠᠨᠳᠣᠨ ᠬᠠᠷᠭ᠎ᠠ ᠶᠢᠨ ᠬᠤᠷᠭ᠎ᠠ》 ︵ᠵᠡᠷᠢᠮ | ᠭᠠᠵᠠᠷ ᠲᠣᠰ ᠲᠠᠭᠤᠣ ᠶᠢ ︿ᠮᠠᠨᠳᠣᠨ ᠬᠠᠷᠭᠤ ᠶᠢᠨ ᠡᠭᠢᠨ﹀ ᠭᠡᠳᠡᠭ ᠭᠡᠨ᠎ᠠ︶ ᠭᠡᠳᠡᠭ ᠲᠠᠭᠤᠣ ᠶᠢ ᠰᠠᠶᠢᠨ ᠲᠡᠭᠤᠯᠡᠳᠠᠭ | ᠭᠡᠨ᠎ᠠ︔ ᠳ᠋ᠠᠩ ᠴᠸᠡᠭ ᠸᠠᠨ ᠪᠠᠯᠭᠠᠰᠣᠨ ᠤ ᠮᠠᠴᠢᠩ ᠲᠣᠰᠬᠤᠨ ᠤ ᠮᠠᠯᠴᠢᠨ ᠴᠢᠯᠠᠭᠤᠨ ︵ᠲᠣᠰ ᠵᠢᠯ ᠲᠦᠴᠢᠨ ᠭᠡᠳᠣᠨ ᠨᠠᠰᠣ ᠲᠠᠢ︶《 | ᠨᠠᠷᠠ ᠪᠠᠨᠴᠢᠨ ᠪᠣᠬᠳᠠ》 ᠭᠡᠳᠡᠭ ᠲᠠᠭᠤᠣ ᠶᠢ ᠰᠠᠶᠢᠨ ᠲᠡᠭᠤᠯᠡᠳᠠᠭ ᠭᠡᠨ᠎ᠠ᠃ | ᠰᠦᠪᠸᠢ ᠰᠢᠶᠡᠨ ᠤ ᠣᠣᠯ ᠤᠨ ᠣᠯᠣᠰ ᠲᠦᠷᠣ ᠤᠨ ᠵᠦᠪᠯᠠᠯᠭᠡᠨ ᠤ ᠲᠡᠳ᠋ ᠲᠠᠷᠢᠭᠦᠯᠡᠭᠴᠢ᠂ ᠠᠷᠡᠳ ᠤᠨ ᠠᠮᠠᠨ ᠵᠣᠭᠢᠶᠡᠯ᠂ ᠵᠠᠩ | ᠦᠢᠯᠠ ᠰᠣᠳᠣᠯᠣᠭᠠᠴᠢ ᠴᠦ᠊· ᠴᠦᠢᠵᠢᠪ ︵ᠲᠣᠰ ᠵᠢᠯ ᠲᠠᠯᠠᠨ ᠭᠤᠷᠪᠡ ᠨᠠᠰᠣ ᠲᠠᠢ︶ ᠨᠠᠰᠣᠳᠡᠨ ᠢ ᠰᠣᠷᠪᠣᠯᠵᠢᠯᠠᠵᠣ | ᠦᠢᠯᠠᠭᠠᠬᠰᠠᠨ ᠢᠶᠠᠨ ᠠᠳᠠ ᠶᠠᠷᠢᠪᠠᠯ᠄ | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠳᠠᠬᠢ《ᠲᠦᠷᠣ ᠶᠢᠨ ᠭᠤᠷᠪᠡᠨ ᠲᠠᠭᠤᠣ》ᠭᠡᠳᠡᠭ ᠨᠢ ᠲᠠᠷᠣᠢ《 | ᠮᠢᠩᠭᠠᠨ ᠡᠭᠢᠳᠣ ᠮᠦᠷᠢ ᠵᠣᠰᠠᠯᠠᠩ》᠂《 ᠡᠵᠡᠨ ᠬᠠᠭᠠᠨ ᠤ ᠲᠡᠷᠭᠡᠳᠠ》᠂《ᠮᠠᠨᠳᠣᠨ ᠬᠠᠷᠭ᠎ᠠ ᠶᠢᠨ | ᠬᠤᠷᠭ᠎ᠠ》ᠡᠨᠠ ᠭᠤᠷᠪᠡᠨ ᠲᠠᠭᠤᠣ ᠶᠢ ᠭᠡᠯᠡᠳᠡᠭ ᠭᠡᠨ᠎ᠠ᠃ | ᠰᠦᠪᠸᠢ ᠰᠢᠶᠡᠨ ᠤ ᠣᠣᠯ ᠤᠨ ᠰᠣᠷᠭᠠᠨ ᠭᠦᠮᠣᠵᠢᠯ ᠤᠨ ᠲᠣᠪᠴᠢᠶᠡᠨ ᠤ ᠵᠢᠭᠠᠨ ᠰᠣᠷᠭᠠᠬᠤ ᠶᠢ ᠰᠣᠳᠣᠯᠬᠤ ᠭᠠᠵᠠᠷ ᠤᠨ ᠡᠷᠭᠢᠯᠡᠭᠴᠢ᠂ | ᠠᠷᠡᠳ ᠤᠨ ᠠᠮᠠᠨ ᠵᠣᠭᠢᠶᠡᠯ᠂ ᠵᠠᠩ ᠦᠢᠯᠠ ᠰᠣᠳᠣᠯᠣᠭᠠᠴᠢ ᠰ᠊ ·ᠳ᠋ᠦᠪᠴᠢᠨ ᠪᠠᠭᠰᠢ ︵ᠲᠣᠰ ᠵᠢᠯ ᠵᠢᠷᠡᠨ | ᠵᠢᠷᠭᠤᠭᠠᠨ ᠨᠠᠰᠣ ᠲᠠᠢ︶ ᠨᠠᠰᠣᠳᠡᠨ ᠢ ᠰᠣᠷᠪᠣᠯᠵᠢᠯᠠᠵᠣ ᠦᠢᠯᠠᠭᠠᠬᠰᠠᠨ ᠢᠶᠠᠨ ᠠᠳᠠ ᠶᠠᠷᠢᠪᠠᠯ᠄ | ᠰᠦᠪᠸᠢ ᠶᠢᠨ ᠮᠣᠩᠭᠤᠯᠴᠣᠳ ᠤᠨ ᠣᠷᠳᠣ ᠶᠢᠨ ᠲᠠᠭᠤᠣ ᠳᠠᠬᠢ《ᠲᠦᠷᠣ ᠶᠢᠨ ᠭᠤᠷᠪᠡᠨ ᠲᠠᠭᠤᠣ》ᠭᠡᠳᠡᠭ ᠨᠢ ᠲᠠᠷᠣᠢ《 | ᠮᠢᠩᠭᠠᠨ ᠡᠭᠢᠳᠣ ᠮᠦᠷᠢ ᠵᠣᠰᠠᠯᠠᠩ》᠂《ᠡᠵᠡᠨ ᠬᠠᠭᠠᠨ ᠤ ᠲᠡᠷᠭᠡᠳᠠ》᠂《ᠮᠠᠨᠳᠣᠨ ᠬᠠᠷᠭ᠎ᠠ ᠶᠢᠨ | ᠬᠤᠷᠭ᠎ᠠ》ᠡᠨᠠ ᠭᠤᠷᠪᠡᠨ ᠲᠠᠭᠤᠣ ᠶᠢ ᠭᠡᠯᠡᠳᠡᠭ ᠭᠡᠨ᠎ᠠ᠃ ᠭᠡᠳᠡᠯ᠎ᠠ ᠣᠣᠯ ᠤᠨ ᠭᠦᠷᠯᠣᠭ᠌ ᠬᠤᠰᠢᠭᠤᠨ ᠤ ᠶᠢᠰᠣᠨ | ᠲᠣᠬᠤᠢ ᠶᠢᠨ ᠲᠣᠳᠣᠷ᠎ᠡ ᠪᠠᠨ《ᠲᠦᠷᠣ ᠶᠢᠨ ᠭᠤᠷᠪᠡᠨ ᠲᠠᠭᠤᠣ》 ᠶᠢᠨ ᠲᠣᠬᠠᠢ ᠭᠡᠯᠡᠯᠭᠡ ᠨᠢ ᠵᠠᠷᠢᠮ ᠨᠢᠭᠡᠨ | ᠲᠠᠭᠤᠣ ᠨᠢ ᠵᠣᠷᠢᠶᠡ ᠲᠠᠢ ᠪᠠᠶᠢᠳᠠᠭ ᠭᠡᠨ᠎ᠠ᠃ ᠵᠦᠪᠭᠡᠨ ᠣᠳᠣ ᠰᠦᠪᠸᠢ ᠰᠢᠶᠡᠨ ᠤ ᠬᠠᠷᠢᠶᠡᠨ ᠳᠤ ᠪᠠᠶᠢᠭ᠎ᠠ | ᠰᠢᠷᠭᠠᠯᠵᠢᠨ ᠲᠣᠬᠤᠢ᠂ ᠮᠠᠴᠢᠩ ᠲᠣᠬᠤᠢ ᠪᠠ ᠣᠣᠯ ᠤᠨ ᠰᠡᠷᠳᠡᠩ ᠲᠣᠬᠤᠢ ᠶᠢᠨ ᠲᠠᠭᠤᠣ ᠨᠤᠭᠤᠳ ᠤᠨ ᠠᠶ᠎ᠡ | ᠪᠠᠰᠠ ᠣᠳᠣ ᠴᠦ ᠭᠡᠰᠡᠨ ᠪᠠᠭ᠎ᠠ ᠵᠣᠷᠢᠶᠡ ᠲᠠᠢ ᠪᠠᠶᠢᠳᠠᠭ ᠭᠡᠨ᠎ᠠ᠃ | ᠡᠳᠡᠭᠡᠷ ᠲᠦᠷᠣ ᠶᠣᠰᠣᠨ ᠤ ᠲᠠᠭᠤᠣ ᠭᠡᠮᠡᠭᠳᠡᠭᠦ ᠲᠠᠭᠤᠣ ᠨᠤᠭᠤᠳ ᠤᠨ ᠠᠭᠤᠯᠭ᠎ᠠ ᠰᠡᠳᠣᠪ ᠣᠯᠠᠨ ᠶᠠᠩᠵᠣ ᠪᠠᠶᠢᠵᠣ᠂ ᠡᠳᠡᠭᠡᠷ ᠤᠨ | ᠣᠯᠠᠩᠭᠢ ᠨᠢ ᠨᠣᠶᠡᠳ ᠲᠦᠰᠢᠮᠡᠳ ᠢᠶᠠᠨ ᠵᠣᠭᠢᠰᠳᠡᠢ ᠪᠠᠷ ᠭᠦᠨᠳᠣᠯᠠᠨ ᠭᠦᠯᠢᠶᠡᠵᠣ᠂ ᠪᠠᠶᠢᠭᠠᠯᠢ ᠶᠢᠨ ᠦᠵᠡᠰᠭᠦᠯᠠᠩ | ᠪᠣᠯᠣᠨ ᠰᠠᠶᠢᠨ ᠠᠬᠳᠠ ᠭᠦᠯᠦᠭ ᠤᠨ ᠬᠤᠷᠳᠣᠨ ᠰᠡᠷᠭᠦᠯᠠᠩ᠂ ᠴᠢᠳᠡᠯ ᠰᠢᠷᠪᠣᠰᠣᠳᠡᠢ ᠪᠠᠶᠢᠬᠤ ᠠᠶ᠎ᠡ ᠭᠦᠭ ᠢ ᠭᠦᠮᠣᠨ ᠤ ᠡᠭᠡ | ᠨᠣᠳᠤᠭ ᠢᠶᠠᠨ ᠣᠶᠡᠷᠡᠨ ᠲᠣᠷᠡᠰᠬᠤ᠂ ᠲᠠᠩᠰᠤᠭ ᠪᠠᠶᠠᠨ ᠨᠣᠳᠤᠭ ᠣᠰᠣ᠂ ᠲᠠᠪᠣᠨ ᠬᠤᠰᠢᠭᠤ ᠮᠠᠯ ᠢᠶᠠᠨ ᠪᠠᠭ᠋ᠠᠳᠡᠬᠤ᠂ | ᠦᠨᠳᠣᠰᠣᠳᠡᠨ ᠤ ᠣᠷᠡᠯᠢᠭ᠋ ᠢᠶᠠᠨ ᠪᠠᠭ᠋ᠠᠷᠬᠠᠬᠤ ᠰᠡᠳᠭᠢᠯ ᠤᠨ ᠪᠠᠶᠠᠷ ᠵᠢᠪᠬᠤᠯᠠᠩ ᠤᠨ ᠣᠳᠬ᠎ᠠ ᠣᠶ᠋ᠬᠠᠭ᠍ᠭᠠ ᠲᠠᠢ ᠬᠤᠯᠪᠣᠨ ᠲᠠᠭᠤᠯᠠᠳᠠᠭ ᠪᠠᠶᠢᠨ᠎ᠠ᠃ | ᠵᠢᠱᠢᠶᠡᠯᠡᠪᠡᠯ᠂《ᠡᠵᠡᠨ ᠬᠠᠭᠠᠨ ᠤ ᠲᠡᠷᠭᠡᠳᠠ》ᠭᠡᠳᠡᠭ ᠲᠠᠭᠤᠣ ᠶᠢᠨ ᠦᠭᠡ ᠳᠤ《ᠡᠵᠡᠨ ᠬᠠᠭᠠᠨ ᠤ ᠲᠡᠷᠭᠡᠳᠠ᠂ ᠡᠷᠭᠢᠮ ᠪᠡᠯᠭᠡ ᠪᠠᠷ ᠨᠠᠶᠢᠷᠯᠠᠶᠡ᠂ | ᠡᠵᠡᠨ ᠤ ᠡᠷᠭᠡᠳᠡᠢ᠂ ᠦᠯᠡᠮᠵᠢ ᠶᠣᠩᠬᠤᠷ ᠪᠠᠳᠣᠵᠢᠨᠠ…》 ᠭᠡᠭᠦ ᠮᠡᠳᠣ ᠪᠠᠷ ᠲᠠᠭᠤᠯᠠᠳᠠᠭ ᠲᠠᠭᠤᠣ ᠪᠦᠭᠡᠳ ᠲᠠᠷᠣᠢ ᠬᠤᠷᠢᠮ ᠨᠠᠶᠢᠷ ᠤᠨ | ᠡᠭᠢᠨ ᠤ ᠲᠠᠭᠤᠣ ᠪᠠᠶᠢᠵᠣ᠂ ᠲᠠᠭᠤᠣ ᠶᠢᠨ ᠦᠭᠡᠨ ᠳᠤ ᠡᠵᠡᠨ ᠨᠣᠶᠡᠨ ᠤ ᠡᠷᠭᠡ ᠰᠦᠷ ᠢᠮᠠᠬᠳᠠ ᠠᠷᠡᠳ ᠠᠯᠪᠠᠳᠣ ᠪᠠᠨ | ᠢᠪᠡᠭᠡᠨ ᠲᠡᠳᠭᠦᠵᠣ ᠪᠠᠶᠢᠬᠤ᠂ ᠬᠠᠷᠡᠴᠣ ᠠᠯᠪᠡᠳᠣ ᠪᠣᠯᠣᠬᠰᠠᠳ ᠨᠢ ᠡᠵᠡᠨ ᠨᠣᠶᠠᠳ ᠤᠨ ᠦᠯᠡᠮᠵᠢ ᠪᠠᠳᠣᠵᠢᠬᠤ ᠶᠢᠨ | ᠢᠷᠣᠭᠡᠯ ᠲᠡᠪᠰᠢᠭᠦᠯᠵᠣ ᠪᠠᠶᠢᠭ᠎ᠠ ᠪᠣᠯ᠂《ᠮᠠᠨᠳᠣᠨ ᠬᠠᠷᠭ᠎ᠠ ᠶᠢᠨ ᠬᠤᠷᠭ᠎ᠠ》 ᠭᠡᠳᠡᠭ ᠲᠠᠭᠤᠣ ᠶᠢᠨ | ᠦᠭᠡ ᠳᠤ《ᠮᠠᠨᠳᠣᠨ ᠬᠠᠷᠭ᠎ᠠ ᠶᠢᠨ ᠬᠤᠷᠭ᠎ᠠ ᠳᠤ᠂ ᠮᠠᠷᠮᠠᠬᠠᠨ ᠲᠣᠳᠢ ᠵᠢᠷᠭᠢᠨ᠎ᠠ᠂ ᠮᠠᠨᠵᠣ ᠬᠠᠭᠠᠨ ᠤ ᠪᠠᠶᠢᠳᠡᠯᠳᠡᠢ᠂ | ᠮᠠᠨ ᠤ ᠣᠯᠠᠨ ᠨᠣᠶᠠᠳ︔ ᠡᠵᠡᠨ ᠬᠠᠭᠠᠨ ᠠᠴᠠ ᠡᠰᠢ ᠲᠠᠢ᠂ ᠢᠳᠡᠭᠡᠯ ᠨᠢᠭᠡᠳᠡᠢ ᠨᠣᠶᠠᠳ᠂ ᠮᠠᠨ ᠤ ᠲᠣᠮᠳᠠ ᠪᠠᠨ ᠪᠠᠭᠤᠬᠤ ᠳᠤ᠂ | ᠴᠡᠯᠢᠩ ᠹᠦᠡᠭᠯᠣ ᠪᠠᠷ ᠢᠶᠠᠨ ᠪᠠᠭᠤᠨ᠎ᠠ…》 ᠭᠡᠭᠦ ᠮᠡᠳᠣ ᠪᠠᠷ ᠲᠠᠭᠤᠯᠠᠳᠠᠭ ᠲᠠᠭᠤᠣ ᠪᠠᠶᠢᠨ᠎ᠠ᠃ | ᠲᠦᠷᠪᠡ᠂ ᠰᠦᠪᠸᠢ ᠶᠢᠨ ᠮᠣᠩᠭᠤᠯ ᠠᠷᠡᠳ ᠤᠨ ᠲᠠᠭᠤᠣ ᠳᠠᠬᠢ ᠪᠠᠶᠢᠭᠠᠯᠢ᠂ ᠭᠠᠵᠠᠷ ᠣᠷᠣᠨ ᠤ ᠦᠪᠡᠷᠮᠢᠴᠠ ᠣᠨᠴᠠᠯᠢᠭ | ᠰᠦᠪᠧᠢ ᠶᠢᠨ ᠮᠣᠩᠭᠤᠯᠴᠣᠣᠠ ᠪᠤᠯ ᠤᠣᠯ ᠤᠨ ᠬᠦᠬᠡᠨᠠᠭᠤᠷ ᠳᠠᠬᠡᠳᠤ ᠮᠣᠩᠭᠤᠯ ᠤᠨ ᠬᠤᠷᠢᠠ ᠶᠢᠰᠣᠠ ᠬᠤᠰᠢᠭᠤᠠ ᠤ ᠳᠣᠳᠣᠷᠠᠬᠢ | ᠤᠮᠠᠷᠠᠳᠤ ᠡᠳᠠᠬᠡᠣᠠ ᠤᠨ ᠵᠠᠬᠦᠠ ᠭᠠᠷ ᠤᠨ ᠵᠠᠰᠠᠭ ᠪᠠᠶᠢᠯ᠎ᠠ ᠶᠢᠨ ᠬᠤᠰᠢᠭᠤ ᠪᠤᠶᠤ ᠬᠦᠷᠯᠣᠭ᠌ ᠬᠤᠰᠢᠭᠤᠠ ᠠᠴᠠ | ᠢᠷᠠᠯᠳᠠ ᠲᠠᠢ ᠬᠤᠱᠣᠣᠠ ᠮᠣᠩᠭᠤᠯᠴᠣᠣᠠ ᠪᠤᠯᠬᠤ ᠶᠣᠮ᠃ ᠳᠠᠷᠣᠢ ᠬᠦᠷᠯᠣᠭ᠌ ᠪᠠᠶᠢᠯ᠎ᠠ ᠶᠢᠨ ᠬᠤᠰᠢᠭᠤᠠ ᠤ | ᠶᠢᠰᠣᠠ ᠳᠣᠬᠤᠢ ᠶᠢᠨ ᠳᠣᠳᠣᠷᠠᠬᠢ ᠰᠠᠷᠳᠠᠩ᠂ ᠤᠬᠳᠣᠭᠤᠯ᠂ ᠰᠢᠷᠠᠭᠠᠯᠵᠢᠠ᠂ ᠮᠠᠴᠠᠩ ᠵᠠᠷᠬᠡ ᠳᠣᠬᠤᠢ ᠨᠣᠳᠤᠭ ᠶᠢᠨ | ᠮᠣᠩᠭᠤᠯᠴᠣᠣᠠ ᠪᠠ ᠬᠦᠷᠯᠣᠭ᠌ ᠵᠠᠰᠠᠭ ᠬᠤᠰᠢᠭᠤᠠ ᠤ ᠬᠡᠰᠡᠭ ᠮᠣᠩᠭᠤᠯᠴᠣᠣᠠ ᠪᠤᠯᠣᠨ᠎ᠠ᠃ | ᠰᠦᠪᠸᠢ ᠶᠢᠨ ᠮᠣᠩᠭᠤᠯᠴᠣᠣᠠ ᠢ ᠵᠠᠩᠰᠢᠯ ᠢᠶᠠᠷ ᠦᠠᠳᠦᠷᠯᠢᠭ ᠤᠨ ᠮᠣᠩᠭᠤᠣᠯᠴᠣᠣᠠ᠂ ᠴᠠᠰᠣᠳᠤ ᠶᠢᠨ ᠮᠣᠩᠭᠤᠣᠯᠴᠣᠣᠠ ᠬᠡᠳᠡᠭ ᠪᠢᠯᠠ᠃ | ᠲᠡᠷᠣᠢ ᠦᠢᠷᠠᠣᠠ ᠮᠣᠩᠭᠤᠯ ᠳᠤ ᠬᠠᠷᠢᠶᠠᠯᠠᠬᠳᠠᠨ᠎ᠠ᠃ ᠰᠦᠪᠸᠢ ᠮᠣᠩᠭᠤᠣᠯᠴᠣᠣᠠ ᠮᠦᠠ ᠴᠤ ᠨᠠᠶᠢᠳᠠ ᠮᠣᠩᠭᠤᠣᠯᠴᠣᠣᠠ ᠲᠠᠢ ᠪᠠᠨ ᠠᠳᠠᠯᠢ | ᠤᠷᠳᠤ ᠤᠳᠠᠭᠠᠠ ᠵᠢᠯ ᠤᠨ ᠳᠠᠣᠬᠡ ᠲᠠᠢ ᠪᠠᠶᠢᠵᠤ᠂ ᠮᠠᠠᠳᠣᠯ ᠳᠡᠭᠵᠢᠷᠠᠯ᠂ ᠨᠣᠭᠤᠷᠠᠯ ᠪᠦᠳᠣᠷᠠᠯ ᠲᠠᠢ ᠳᠠᠣᠬᠡᠠ ᠶᠠᠪᠤᠴᠠ ᠳᠤ᠂ | ᠳᠠᠳᠠᠨᠠᠷ ᠬᠡᠷᠠᠯ ᠰᠠᠴᠣᠷᠣᠩᠭᠤᠢ ᠦᠠᠳᠣᠰᠣᠳᠠᠠ ᠤ ᠤᠯᠠᠮᠵᠢᠯᠠᠯᠳᠤ ᠰᠣᠶᠣᠯ ᠢ ᠪᠦᠳᠣᠬᠡᠭᠰᠠᠠ ᠪᠠᠶᠢᠭ᠎ᠠ ᠶᠣᠮ᠃ ᠡᠭᠦᠨ ᠳᠤ | ᠠᠷᠠᠣᠠ ᠤᠨ ᠠᠮᠠᠠ ᠵᠣᠬᠢᠶᠠᠯ᠂ ᠦᠯᠢᠬᠡᠷ ᠬᠤᠯᠪᠤᠭ᠎ᠠ᠂ ᠢᠷᠣᠬᠡᠯ ᠮᠠᠬᠳᠠᠭᠠᠯ᠂ ᠵᠦᠢᠷ ᠰᠠᠴᠠᠠ ᠦᠬᠡ᠂ ᠳᠣᠭᠤᠵᠢ ᠨᠠᠮᠳᠠᠷ᠂ ᠪᠠᠭᠠᠳᠣᠷᠯᠢᠭ | ᠳᠣᠣᠯᠢ ᠬᠡᠬᠦ ᠮᠠᠳᠤ ᠪᠠᠶᠢᠬᠤ ᠠᠴᠠ ᠭᠠᠳᠠᠨ᠎ᠠ ᠠᠷᠠᠣᠠ ᠤᠨ ᠳᠠᠭᠤᠤ᠂ ᠠᠷᠠᠣᠠ ᠤᠨ ᠬᠦᠭᠵᠢᠮ᠂ ᠠᠷᠠᠣᠠᠣᠠᠪᠦ᠋ᠵᠢᠭ᠂ | ᠱᠢ ᠵᠦᠴᠣᠬᠡ ᠵᠡᠷᠭᠡ ᠦᠠᠳᠣᠰᠣᠳᠠᠠᠤ ᠣᠯᠠᠮᠵᠢᠯᠠᠯᠳᠣ ᠪᠡᠶ᠎ᠡ ᠲᠠᠮᠢᠷ ᠤᠨ ᠭᠦᠳᠡᠯᠭᠡᠭᠡᠨ᠂ ᠳᠠᠷᠣᠢ ᠨᠠᠭᠠᠳᠣᠮ᠂ | ᠦᠠᠳᠣᠰᠣᠳᠠᠠᠤ ᠵᠠᠩ ᠦᠢᠯᠠ᠂ ᠦᠠᠳᠣᠰᠣᠳᠠᠠᠤ ᠣᠯᠠᠮᠵᠢᠯᠠᠯᠳᠣ ᠬᠤᠪᠴᠠᠰᠤ ᠵᠠᠰᠠᠯ᠂ ᠡᠯ᠎ᠠ | ᠲᠦᠷᠣᠯ ᠤᠨ ᠨᠠᠶᠢᠷ ᠨᠠᠭᠠᠳᠣᠮ᠂ ᠶᠣᠰᠣᠯᠠᠯ ᠵᠠᠷᠬᠡ ᠪᠠᠶᠢᠳᠠᠭ᠃ ᠠᠷᠠᠳ ᠢᠷᠭᠡᠳ ᠤᠨ ᠰᠣᠶᠣᠯ ᠤᠨ ᠴᠢᠬᠤᠯᠠ | ᠪᠣᠷᠢᠯᠳᠣᠭᠦᠨ ᠪᠣᠯ ᠠᠷᠠᠣᠠ ᠤᠨ ᠠᠮᠠᠠ ᠵᠣᠬᠢᠶᠠᠯ᠂ ᠠᠷᠠᠣᠠ ᠤᠨ ᠲᠠᠭᠤᠣ ᠪᠣᠯᠣᠨ᠎ᠠ᠃ ᠠᠷᠠᠣᠠ ᠤᠨ | ᠲᠠᠭᠤᠣ ᠤᠨ ᠣᠷᠣᠨ ᠨᠣᠳᠤᠭ ᠤᠨ ᠰᠣᠶᠣᠯ ᠤᠨ ᠣᠴᠠᠯᠢᠭ ᠰᠢᠨᠵᠢ ᠶᠢ ᠰᠢᠨᠵᠢᠯᠡᠭᠦ ᠪᠣᠯ ᠲᠣᠩ ᠴᠢᠬᠤᠯᠠ ᠪᠠᠶᠢᠳᠠᠭ᠃ | ᠮᠣᠩᠭᠤᠯ ᠤᠷᠳᠤ ᠶᠢᠨ ᠳᠠᠭᠤᠤ ᠪᠣᠯ ᠨᠢᠭᠡᠨᠳᠠ ᠲᠡᠯᠡᠭᠡᠢ ᠶᠢᠨ ᠪᠣᠳᠡᠰ ᠤᠨ ᠪᠣᠰᠣ ᠰᠣᠶᠣᠯ ᠤᠨ ᠦᠪ ᠢᠶᠠᠷ | ᠲᠠᠷᠬᠠᠯᠠᠬᠳᠠᠬᠰᠡᠨᠲ᠋ᠡᠯᠡᠭᠡᠢ ᠶᠢᠨ ᠪᠣᠳᠡᠰ ᠤᠨ ᠪᠣᠰᠣ ᠰᠣᠶᠣᠯ ᠤᠨ ᠦᠪ ᠤᠨ ᠨᠢᠭᠡ ᠭᠡᠰᠡᠭ | ᠪᠣᠯᠣᠨ᠎ᠠ᠃ ᠲᠡᠷᠣᠢ ᠮᠠᠨ ᠤ ᠮᠣᠩᠭᠤᠯ ᠤᠷᠳᠤ ᠶᠢᠨ ᠳᠠᠭᠤᠤ ᠪᠣᠯ ᠲᠡᠯᠡᠭᠡᠢ ᠶᠢᠨ ᠭᠦᠮᠣᠨ ᠲᠦᠷᠣᠯᠭᠢᠳᠡᠨ ᠤ ᠰᠣᠶᠣᠯ ᠤᠨ ᠦᠪ ᠪᠣᠯᠵᠣ | ᠴᠢᠳᠠᠬᠰᠡᠨ ᠪᠠᠶᠢᠨ᠎ᠠ᠃ ᠡᠨᠠ ᠶᠡᠭᠡ ᠠᠯᠳᠡᠷ᠂ ᠪᠠᠶᠢᠷᠢ ᠰᠠᠭᠤᠷᠢ ᠶᠢ ᠮᠣᠩᠭᠤᠯ ᠤᠷᠳᠤ ᠶᠢᠨ ᠳᠠᠭᠤᠤ ᠮᠠᠨᠢ | ᠭᠦᠷᠳᠡᠵᠣ ᠴᠢᠳᠠᠬᠰᠠᠨ ᠤ ᠦᠨ᠎ᠠ ᠦᠷᠳᠡᠭ ᠢ ᠪᠢᠳᠠ ᠣᠯᠠᠮᠵᠢᠯᠠᠬᠤ ᠵᠠᠯᠭᠠᠮᠵᠢᠯᠠᠬᠤ ᠭᠡᠷᠡᠭᠳᠡᠢ ᠪᠠᠶᠢᠨ᠎ᠠ᠃ | | ᠲᠠᠪᠤ᠂ ᠰᠦᠪᠸᠢ ᠶᠢᠨ ᠮᠣᠩᠭᠤᠯᠴᠣᠣᠠ ᠤᠨ ᠮᠣᠩᠭᠤᠯ ᠤᠷᠳᠤ ᠶᠢᠨ ᠳᠠᠭᠤᠤ ᠵᠢᠨᠤᠠᠴᠠᠯᠢᠭ ᠭᠡᠪ ᠨᠠᠮᠪᠠ ᠶᠢ ᠲᠦᠭᠦᠮ | ᠶᠠᠷᠢᠬᠤ ᠨᠢ ︔ | ᠰᠦᠪᠸᠢ ᠶᠢᠨ ᠮᠣᠩᠭᠤᠯᠴᠣᠣᠠ ᠤᠨ ᠮᠣᠩᠭᠤᠯ ᠤᠷᠳᠤ ᠶᠢᠨ ᠳᠠᠭᠤᠤ ᠶᠢ ᠳᠠᠭᠤᠠ ᠤ ᠦᠬᠡ ᠶᠢ ᠰᠢᠠᠵᠢᠪᠠᠯ᠂ ᠳᠠᠭᠤᠠ ᠤ ᠦᠬᠡ ᠢᠶᠠᠨ | ᠤᠣᠠᠬ᠎ᠠ ᠠᠭᠤᠯᠭ᠎ᠠ ᠳᠣᠩ ᠪᠠᠶᠠᠯᠢᠭ ᠪᠠᠶᠢᠵᠤ᠂ ᠠᠭᠤᠯᠭ᠎ᠠ ᠪᠠᠷ ᠨᠢ ᠶᠠᠬᠡᠨᠭᠬᠢ ᠳᠡᠭᠡᠨ ᠳᠣᠣᠷᠠᠬᠢ ᠭᠡᠳᠣᠨ | ᠲᠦᠷᠣᠯ ᠤᠨ ᠠᠭᠤᠯᠭ᠎ᠠ ᠲᠠᠢ ᠲᠭᠤᠤ ᠭᠡᠵᠣ ᠪᠣᠯᠣᠮᠠᠷ ᠪᠠᠶᠢᠳᠠᠭ᠃ | ᠳᠦᠷᠤ ᠱᠠᠵᠢᠠ ᠢᠶᠠᠨ ᠮᠠᠬᠳᠠᠬᠰᠠᠠ ᠲᠭᠤᠤ︔ ᠠᠪᠤ ᠡᠵᠢ ᠪᠠᠨ ᠬᠦᠨᠳᠣᠯᠠᠠ ᠲᠠᠭᠤᠯᠠᠬᠤ ᠪᠠ ᠮᠣᠷᠢ ᠣᠨᠤᠭ᠎ᠠ ᠪᠠᠨ | ᠮᠠᠬᠳᠠᠬᠰᠠᠠ ᠲᠭᠤᠤ︔ ᠵᠠᠯᠠᠭᠤ ᠪᠠᠭ᠎ᠠ ᠦᠶ᠎ᠡ ᠶᠢᠨ ᠬᠤᠶᠢᠴᠢᠰ ᠢᠶᠠᠨ ᠭᠦᠮᠣᠵᠢᠭᠦᠯᠣᠨ ᠰᠣᠷᠭᠠᠬᠰᠠᠠ ᠲᠭᠤᠤ︔ | ᠮᠠᠯ ᠣᠨᠤᠭ᠎ᠠ ᠪᠠᠨ ᠮᠬᠬᠳᠠᠠ ᠲᠠᠭᠤᠯᠠᠬᠤ ᠪᠠ ᠨᠣᠳᠤᠭ ᠤᠰᠤ ᠪᠠᠨ ᠰᠠᠨᠠᠭᠠᠯᠵᠠᠠ ᠮᠦᠷᠣᠬᠡᠳᠣᠭ᠍ᠰᠠᠠ ᠳᠠᠭᠤᠤ︔ ᠬᠡᠷ ᠣᠷᠣᠨ ᠢᠶᠠᠨ | ᠮᠠᠬᠳᠠᠬᠰᠠᠠ ᠢᠷᠣᠬᠡᠭᠰᠠᠠ ᠲᠭᠤᠤ︔ ᠢᠨᠠᠭ ᠬᠠᠶᠢᠷ᠎ᠠ ᠳᠣᠷᠠᠯᠠᠯ ᠤᠨ ᠳᠠᠭᠤᠤ︔ ᠡᠭᠦᠨ ᠠᠴᠠ ᠭᠠᠳᠠᠨ᠎ᠠ | ᠰᠦᠪᠸᠢ ᠶᠢᠨ ᠮᠣᠩᠭᠤᠯᠴᠣᠣᠠ ᠤᠨ ᠮᠣᠩᠭᠤᠯ ᠤᠷᠳᠤ ᠶᠢᠨ ᠳᠠᠭᠤᠠ ᠢ ᠠᠭᠤᠯᠭ᠎ᠠ ᠪᠠᠷ ᠨᠢ ᠲᠡᠣᠭᠡᠳᠣ᠂ ᠠᠵᠣ | ᠪᠠᠶᠢᠳᠠᠯ ᠤᠨᠲ᠋ᠠᠭᠤᠣ ᠂ ᠬᠤᠷᠢᠮ ᠨᠠᠶᠢᠷ ᠤᠨᠲ᠋ᠠᠭᠤᠣ ᠂ ᠭᠦᠳᠡᠯᠮᠣᠷᠢ ᠶᠢᠨ ᠲᠠᠭᠤᠣ | ᠭᠡᠭᠦ ᠮᠡᠳᠣ ᠣᠯᠠᠨ ᠲᠦᠷᠣᠯ ᠬᠤᠪᠢᠶᠠᠵᠣ ᠪᠣᠯᠣᠮᠠᠷ ᠪᠠᠶᠢᠨ᠎ᠠ᠃ | ᠰᠦᠪᠸᠢ ᠶᠢᠨ ᠮᠣᠩᠭᠤᠯᠴᠣᠣᠠ ᠤᠨ ᠤᠷᠳᠤ ᠶᠢᠨ ᠳᠠᠭᠤᠤ ᠳᠣᠭᠠᠠ ᠤ ᠳᠠᠯ᠎ᠠ ᠪᠠᠷ ᠠᠷᠪᠢᠠ᠂ ᠳᠠᠷᠣᠢ ᠪᠦᠬᠦ᠋ᠢᠯᠠ ᠦᠢᠷᠠᠣᠠ ᠮᠣᠩᠭᠤᠯ | ᠣᠷᠳᠣ ᠳᠠᠭᠤᠠ ᠤ ᠲᠣᠮᠳᠠᠲ᠋ᠤᠭᠠ ᠪᠠᠷ ᠤᠯᠠᠠ ᠪᠤᠢ᠃ | ᠨᠣᠳᠤᠭ ᠤᠨ ᠨᠠᠰᠣᠳᠠᠶᠢᠴᠣᠣᠠ ᠤᠨ ᠬᠡᠯᠠᠬᠦ ᠪᠠᠷ ᠦᠡᠭᠬᠡᠷᠡᠭᠰᠠᠠ ᠳᠤ ᠸᠠᠩ ᠨᠣᠶᠠᠠ ᠤ ᠶᠠᠮᠣᠠ ᠤᠷᠳᠣᠠ ᠳᠤ ᠶᠠᠬᠡ ᠬᠤᠷᠠᠯ | ᠬᠤᠷᠠᠬᠤ᠂ᠨᠠᠶᠢᠷ ᠬᠤᠷᠢᠮ ᠬᠢᠬᠦ ᠳᠣᠰᠬᠠᠢ ᠳᠠᠭᠤᠴᠢᠠ ᠰᠣᠩᠭᠤᠳᠠᠭ ᠮᠠᠠ ᠤ ᠠᠳᠠ《ᠺᠠ》 ᠬᠡᠵᠤ ᠨᠠᠷᠠᠯᠠᠳᠡᠭ᠃ | ᠲᠡᠳᠡᠭᠡᠷ ᠨᠡᠷᠡᠳᠡᠢ ᠴᠣᠣᠳᠡᠢ ᠲᠠᠭᠤᠴᠢ《ᠺᠠ ᠨᠠᠷ》ᠮᠣᠩᠭᠤᠯ ᠤᠷᠳᠤ ᠶᠢᠨ ᠳᠠᠭᠤᠤ ᠶᠢ ᠳᠣᠯᠣᠭᠠᠠ ᠡᠳᠣᠷ ᠳᠠᠭᠤᠯᠠᠭᠠᠣᠠ 《 | ᠳᠣᠠᠴᠢ》(ᠳᠠᠭᠤᠤ ᠳᠠᠪᠴᠠᠬᠤ ᠦᠬᠡᠢ ) ᠪᠤᠯᠳᠠᠭ ᠦᠬᠡᠢ ᠪᠠᠶᠢᠵᠠᠢ᠃ ᠵᠢᠱᠢᠶᠠᠯᠠᠵᠤ ᠶᠠᠷᠢᠪᠠᠯ᠂ ᠤᠳᠤ ᠪᠤᠯᠳᠠᠯ᠎ᠠ ᠰᠦᠪᠧᠢ | ᠮᠣᠩᠭᠤᠯᠴᠣᠣᠠ ᠤᠨ ᠤᠷᠳᠤ ᠶᠢᠨ ᠳᠠᠭᠤᠤ ᠨᠠᠶᠢᠳᠠ ᠪᠠᠷᠤᠭ ᠵᠠᠭᠤᠭᠠᠣᠠ ᠪᠤᠢ᠃ ᠰᠦᠪᠧᠢ | ᠮᠣᠩᠭᠤᠯᠴᠣᠣᠠ ᠤᠨ ᠤᠷᠳᠤ ᠶᠢᠨ ᠳᠠᠭᠤᠤᠢᠢ ᠨᠣᠳᠤᠭ ᠤᠨ ᠬᠦᠮᠣᠰ ᠨᠠᠰᠣᠳᠠᠶᠢᠴᠣᠣᠠ ᠠᠴᠠ | ᠰᠣᠷᠵᠤ ᠴᠣᠬᠯᠠᠭᠤᠯᠣᠬᠰᠠᠠ ᠨᠢ ᠤᠳᠤ ᠨᠢᠬᠡᠨᠳᠠ ᠨᠠᠶᠠᠭᠠᠣᠠ ᠪᠠᠶᠢᠨ᠎ᠠ᠃ ᠳᠠᠷᠣᠢ 《ᠰᠦᠪᠧᠢ ᠮᠣᠩᠭᠤᠯᠴᠣᠣᠠ ᠤᠨ ᠤᠷᠳᠤ ᠶᠢᠨ | ᠳᠠᠭᠤᠤ》〔1983ᠤᠠ ᠳᠤ ᠳ᠋ᠦᠪᠴᠢᠠ ᠪᠠᠭᠰᠢ ᠶᠢᠨ ᠡᠮᠬᠢᠣᠠᠬᠡᠠ ᠴᠣᠬᠯᠠᠭᠤᠯᠵᠤ᠂ ᠳᠣᠰᠣᠠ ᠪᠠᠷ ᠬᠡᠪᠯᠠᠯ ᠢᠶᠠᠷ ᠳᠠᠷᠬᠠᠪᠠ᠃ | ᠰᠦᠪᠧᠢ ᠮᠣᠩᠭᠤᠯ ᠦᠠᠳᠣᠰᠣᠳᠠᠠ ᠤ ᠦᠪᠠᠷᠳᠠᠬᠡᠠ ᠵᠠᠰᠠᠬᠤ ᠰᠢᠶᠠᠠ ᠪᠠᠶᠢᠭᠤᠯᠣᠬᠳᠠᠬᠰᠠᠠ 40 ᠵᠢᠯ ᠤᠨ ᠤᠢ ᠶᠢ ᠪᠠᠯᠬᠡᠯᠠᠵᠤ《ᠰᠦᠪᠧᠢ | ᠮᠣᠩᠭᠤᠯᠴᠣᠣᠠ ᠤᠨ ᠨᠠᠶᠢᠷ ᠤᠨ ᠳᠠᠭᠤᠤ》〔1989 ᠤᠠ ᠳᠤ ᠨᠢᠮᠪᠤ ᠂ ᠴᠠᠭᠠᠵᠢ ᠡᠮᠬᠢᠣᠠᠬᠡᠠ ᠴᠣᠬᠯᠠᠭᠤᠯᠵᠤ᠂ | ᠳᠣᠰᠣᠠ ᠪᠠᠷ ᠬᠡᠪᠯᠠᠯ ᠢᠶᠠᠷ ᠳᠠᠷᠬᠠᠪᠠ᠃ ᠰᠦᠪᠧᠢ ᠶᠢᠨ ᠮᠣᠩᠭᠤᠯ ᠦᠠᠳᠣᠰᠣᠳᠠᠠ ᠤ ᠦᠪᠠᠷᠳᠠᠬᠡᠠ ᠵᠠᠰᠠᠬᠤ ᠰᠢᠶᠠᠠ | ᠪᠠᠶᠢᠭᠤᠯᠣᠬᠳᠠᠬᠰᠠᠠ 50 ᠵᠢᠯ ᠤᠨ ᠤᠢ ᠶᠢ ᠪᠠᠯᠬᠡᠯᠠᠵᠤ《ᠰᠦᠪᠧᠢ ᠶᠢᠨ ᠮᠣᠩᠭᠤᠯ | ᠠᠷᠠᠣᠠ ᠤᠨ ᠳᠠᠭᠤᠤ》 ︵2000 ᠤᠠ ᠤ 6 ᠰᠠᠷ᠎ᠠ ᠳᠤ ᠴᠦ᠊· ᠴᠦᠢᠵᠢᠪ᠂ ᠯᠣ·ᠬᠤᠨᠭ᠌ ᠪᠢᠨ | ᠡᠮᠬᠢᠣᠠᠬᠢᠠ ᠨᠠᠶᠢᠷᠠᠭᠤᠯᠪᠠ ︶᠃ 2010 ᠣᠨ ᠳᠤ ᠰᠦᠪᠧᠢ ᠶᠢᠨ ᠮᠣᠩᠭᠤᠯ ᠦᠠᠳᠣᠰᠣᠳᠠᠠ ᠤ | ᠦᠪᠠᠷᠳᠠᠬᠡᠠ ᠵᠠᠰᠠᠬᠤ ᠰᠢᠶᠠᠠ ᠪᠠᠶᠢᠭᠤᠯᠣᠬᠳᠠᠬᠰᠠᠠ 60 ᠵᠢᠯ ᠤᠨ ᠤᠢ ᠶᠢ ᠪᠠᠯᠬᠡᠯᠠᠵᠤ《ᠰᠦᠪᠧᠢ ᠶᠢᠨ ᠮᠣᠩᠭᠤᠯ | ᠠᠷᠡᠳ ᠤᠨ ᠳᠠᠭᠤᠤ 60 ᠡᠬᠢᠠ ᠳᠠᠭᠤᠤ 》ᠨᠣᠮ ᠢ ᠨᠣᠳᠤᠭ ᠤᠨ ᠴᠠᠭᠠᠵᠢ ᠡᠵᠢ ᠬᠤᠪᠢ ᠵᠣᠭᠤᠰ ᠢᠶᠠᠷ ᠨᠠᠶᠢᠷᠡᠭᠤᠯᠣᠨ | ᠭᠡᠪᠯᠡᠭᠦᠯᠦᠭᠰᠡᠨ ᠪᠢᠯᠠ᠃ ᠡᠳᠠᠬᠡᠷ ᠠᠴᠠ ᠦᠵᠠᠬᠦ ᠳᠤ ᠰᠦᠪᠧᠢ ᠶᠢᠨ ᠮᠣᠩᠭᠤᠯᠴᠣᠣᠠ ᠤᠨ | ᠤᠷᠳᠤ ᠶᠢᠨ ᠳᠠᠭᠤᠤ ᠬᠡᠳᠣᠢ ᠤᠯᠠᠠ ᠮᠦᠷᠳᠠᠬᠡᠠ ᠬᠡᠴᠢᠨᠠᠠ ᠤᠷᠳᠤ ᠵᠢᠯ ᠠᠷᠠᠣᠠ ᠳᠦᠮᠠᠠ ᠤ ᠰᠠᠶᠢᠠ ᠴᠠᠬᠡᠵᠢ᠂ ᠤᠷᠠᠠ | ᠬᠤᠭᠤᠯᠠᠢ ᠪᠠᠷ ᠤᠯᠠᠮᠵᠢᠯᠠᠬᠳᠠᠵᠤ ᠢᠷᠡᠭᠰᠠᠠ ᠶᠢ ᠵᠠᠭ᠎ᠠ ᠵᠤᠬ᠎ᠠ ᠠᠴᠠ ᠨᠢ ᠴᠤ ᠬᠡᠰᠠᠠ ᠮᠠᠳᠠᠵᠤ ᠪᠤᠯᠣᠨ᠎ᠠ᠃ | ᠰᠦᠪᠸᠢ ᠶᠢᠨ ᠮᠣᠩᠭᠤᠯᠴᠣᠣᠠ ᠤᠨ ᠤᠷᠳᠤ ᠶᠢᠨ ᠳᠠᠭᠤᠤ ︵ᠵᠠᠩᠰᠢᠯ ᠢᠶᠠᠷ ᠠᠷᠢᠬᠢᠠ ᠳᠠᠭᠤᠤ ᠬᠡᠳᠡᠭ︶ ᠦᠪᠠᠷᠮᠢᠴᠠ ᠭᠦᠭ ᠠᠶᠠᠯᠭᠤ᠂ | ᠠᠶ᠎ᠠ ᠡᠭᠡᠰᠢᠭ ᠭᠠᠷᠭᠠᠬᠤ ᠪᠠ ᠲᠠᠭᠤᠯᠠᠬᠤ ᠦᠨᠳᠣᠷ ᠮᠠᠷᠬᠡᠵᠢᠯ ᠱᠠᠭᠠᠷᠳᠠᠬᠳᠠᠳᠠᠭ ᠵᠡᠷᠭᠡ ᠤᠠᠴᠠᠯᠢᠭ ᠲᠠᠢ᠃ ᠮᠣᠩᠭᠤᠯᠴᠣᠣᠠ ᠤᠨ ᠣᠷᠳᠣ | ᠢ ᠲᠠᠭᠤᠣ ᠶᠢᠨ ᠠᠭᠤᠵᠢᠮ ᠲᠡᠯᠪᠢᠭᠤᠨ ᠭᠦᠭ ᠠᠶᠠᠯᠭᠤ᠂ ᠭᠡᠪ ᠨᠠᠮᠪᠠ ᠵᠠᠷᠭᠡ ᠨᠢ ᠲᠡᠳᠡᠨᠡᠷ ᠤᠨ ᠣᠷᠣᠰᠢᠨ ᠰᠭᠤᠵᠣ᠂ ᠠᠵᠢᠯᠯᠠᠵᠣ ᠠᠮᠢᠳᠣᠷᠡᠵᠣ | ᠪᠠᠶᠢᠭ᠎ᠠ ᠪᠠᠶᠢᠭᠠᠯᠢ ᠶᠢᠨ ᠣᠷᠴᠢᠨ ᠲᠣᠭᠤᠷᠢᠨ ᠲᠠᠢ ᠵᠣᠭᠢᠴᠠᠵᠣ ᠪᠠᠶᠢᠳᠠᠭ ᠪᠢᠯᠠ᠃ ᠠᠶᠠᠯᠭᠤ ᠡᠭᠡᠰᠢᠭ ᠨᠢ ᠠᠭᠤᠵᠢᠮ ᠣᠶᠠᠩᠭᠠᠯᠢᠭ᠂ | ᠦᠭᠡᠳᠡᠷᠭᠡᠭ ᠲᠠᠮᠡᠣᠯᠣᠩᠭᠦᠢ ᠦᠡᠭᠭᠡ ᠰᠡᠳᠭᠢᠯᠭᠡ ᠲᠠᠢ᠃ ᠠᠶ᠎ᠠ ᠶᠢᠨ ᠴᠠᠷᠠᠭ᠎ᠠ ᠠᠭᠤᠵᠢᠮ ᠪᠦᠭᠡᠳ | ᠦᠰᠦᠷᠣᠯᠳᠠ ᠶᠠᠭᠡᠳᠡᠢ ᠣᠷᠡᠨ ᠭᠤᠶᠣ ᠬᠠᠶᠠᠯᠭ᠎ᠠ ᠨᠣᠭᠤᠯᠭ᠎ᠠ ᠲᠠᠢ ᠵᠡᠷᠭᠡ ᠣᠷᠣᠨ ᠨᠣᠳᠤᠭ ᠤᠨ ᠠᠶ᠎ᠠ | ᠠᠶᠠᠯᠭᠤ ᠶᠢᠨ ᠣᠨᠴᠠᠯᠢᠭ ᠲᠤ ᠪᠣᠯᠣᠬᠰᠠᠨ ᠪᠠᠶᠢᠨ᠎ᠠ᠃ ᠰᠦᠪᠸᠢ ᠶᠢᠨ ᠮᠣᠩᠭᠤᠯ ᠤᠷᠳᠤ ᠶᠢᠨ ᠳᠠᠭᠤᠤ | ᠶᠢᠨ ᠭᠦᠭ ᠡᠭᠡᠰᠢᠭ ᠨᠢ ᠰᠠᠶᠢᠬᠠᠨ᠂ ᠲᠠᠭᠤᠯᠬᠤ ᠳᠤ ᠲᠣᠩᠭᠠᠯᠠᠭ᠂ ᠭᠦᠭ ᠠᠶᠠᠯᠭᠤ ᠨᠢ ᠣᠯᠠᠩᠭᠢ ᠳᠠᠭᠠᠨ8 ᠲᠠᠭᠤᠨ | ︵12356︶ ᠪᠠᠷ ᠪᠦᠷᠢᠯᠳᠣᠳᠡᠭ ︵ᠬᠤᠨᠭ᠌ ᠪᠢᠨ ᠪᠠᠭᠰᠢ ᠶᠠᠷᠢᠪᠠ︶᠃ ᠭᠦᠭ ᠠᠶᠠᠯᠭᠤ ᠨᠢ ᠠᠷᠪᠢᠨ ᠪᠠᠶᠢᠳᠠᠭ᠂ | ᠲᠠᠷᠣᠢ ᠭᠦᠡᠭ ᠭᠦᠭ᠂ ᠱᠠᠩ ᠭᠦᠭ᠂ ᠵᠢᠶᠣᠣ᠂ ᡁᠢ ᠭᠦᠭ᠂ ᠢᠣᠢ ᠭᠦᠭ ᠵᠡᠷᠭᠡ ᠪᠣᠢ᠂ ᠢᠣᠢ ᠭᠦᠭ ᠣᠯᠠᠨ ᠪᠠᠶᠢᠳᠠᠭ᠃ | ᠠᠶ᠎ᠠ ᠶᠢᠨ ᠴᠠᠷᠠᠭ᠎ᠠ ᠠᠭᠤᠵᠢᠮ ᠪᠦᠭᠡᠳ ᠦᠰᠦᠷᠣᠯᠳᠠ ᠶᠠᠭᠡᠳᠡᠢ᠃ ᠤᠷᠳᠤ ᠶᠢᠨ ᠳᠠᠭᠤᠤ ᠶᠢ ᠳᠠᠭᠤᠯᠬᠤ ᠦᠶ᠎ᠡ ᠳᠤ ᠭᠠᠷᠭᠠᠬᠤ ᠠᠪᠢᠶ᠎ᠡ | ᠪᠠ ᠠᠮᠢᠰᠬᠤᠬᠤ ᠠᠷᠭ᠎ᠠ ᠶᠠᠬᠡ ᠦᠪᠠᠷᠮᠢᠴᠠ ᠪᠠᠶᠢᠳᠠᠭ᠃ ᠳᠣᠣᠷ᠎ᠠ ᠠᠶᠠᠯᠭᠤ ᠪᠠ ᠳᠣᠮᠳᠠ ᠠᠶᠠᠯᠭᠤ ᠭᠠᠷᠭᠠᠬᠤᠠ ᠦᠶ᠎ᠡ | ᠳ᠋ᠡᠭᠡᠨᠶᠠᠬᠡ ᠵᠣᠵᠠᠭᠠᠠ᠂ ᠠᠶᠠᠠᠳᠠᠭᠠᠠᠪᠠᠶᠢᠳᠠᠭ᠃ ᠭᠡᠳᠡᠯ᠎ᠠ ᠨᠣᠳᠤᠭ ᠤᠨ ᠲᠠᠭᠤᠴᠢᠳ ᠲᠡᠷᠡᠭᠦ ᠦᠠᠳᠣᠷ | ᠠᠶ᠎ᠡ ᠠᠶᠠᠯᠭᠤ ᠭᠠᠷᠭᠠᠬᠤ ᠳᠤ ᠵᠢᠭᠠᠬᠠᠨ ᠴᠤ ᠬᠦᠴᠢᠷᠳᠠᠬᠦ ᠦᠭᠡᠢ᠂ ᠦᠠᠳᠣᠷ ᠪᠤᠯᠪᠠᠴᠤ ᠴᠢᠬᠢᠠ ᠳᠤ ᠳᠠᠭᠠᠳᠠᠢ᠂ ᠳᠦᠢᠯ ᠤᠨ | ᠠᠶᠠᠠᠳᠠᠭᠠᠠ᠂ ᠰᠣᠨᠣᠰᠣᠬᠴᠢᠣᠠ ᠲᠤ ᠳᠠᠠᠭᠠᠳᠠᠢ ᠪᠠᠶᠢᠵᠤ᠂ ᠠᠶ᠎ᠡ ᠭᠠᠷᠭᠠᠬᠤ ᠳᠤ ᠨᠠᠬᠢᠯᠭᠠ ᠳᠠᠭᠠᠨ ᠳᠦᠢᠯ ᠤᠨ ᠮᠠᠷᠬᠡᠵᠢᠯ ᠲᠠᠢ ᠵᠡᠷᠭᠡ | ᠣᠨᠴᠠᠯᠢᠭ ᠤᠳ ᠪᠣᠢ᠃ | ᠰᠦᠪᠸᠢ ᠶᠢᠨ ᠮᠣᠩᠭᠤᠯᠴᠣᠣᠠ ᠤᠨ ᠤᠷᠳᠤ ᠶᠢᠨ ᠳᠠᠭᠤᠤ ᠤᠷᠳᠤ ᠶᠢᠨ ᠳᠠᠭᠤᠤ ᠶᠢᠨ ᠪᠠᠰᠠ ᠨᠢᠬᠡ ᠤᠠᠴᠠᠯᠢᠭ ᠪᠤᠯ ᠭᠠᠵᠠᠷ ᠵᠦᠢ ᠢᠶᠠᠨ | ᠤᠠᠴᠠᠯᠢᠭ ᠢᠯᠠᠣᠠᠳᠠ᠂ ᠳᠠᠷᠣᠢ ᠴᠠᠰᠣᠳᠤ ᠦᠠᠳᠦᠷᠯᠢᠭ ᠤᠨ ᠤᠷᠴᠢᠠ ᠳᠣᠭᠤᠷᠢᠠ ᠤ ᠦᠪᠠᠷᠮᠢᠴᠠ ᠤᠠᠴᠠᠯᠢᠭ ᠲᠠᠢ᠃ | ᠮᠣᠩᠭᠤᠯ ᠤᠷᠳᠤ ᠶᠢᠨ ᠳᠠᠭᠤᠤ ᠤᠷᠳᠤ ᠤᠳᠠᠭᠠᠠ ᠳᠠᠣᠬᠡ ᠶᠢᠨ ᠶᠠᠪᠤᠴᠠ ᠳᠤ ᠦᠷᠬᠡᠠ ᠠᠭᠤᠳᠠᠮ ᠴᠠᠰᠣᠳᠤ ᠦᠠᠳᠦᠷᠯᠢᠭ | ᠳᠠᠬᠡᠷ᠎ᠠ ᠨᠠᠰᠢ ᠴᠠᠰᠢ ᠨᠠᠬᠦᠳᠠᠯᠯᠠᠠ ᠮᠠᠯᠵᠢᠬᠤ ᠠᠮᠢᠳᠣᠷᠠᠯ ᠢ ᠬᠢᠬᠦ ᠳᠡᠭᠡᠨ ᠰᠠᠴᠠᠠ ᠰᠠᠷᠬᠦᠯᠠᠩ ᠤᠶᠣᠠ ᠤᠬᠠᠭᠠᠠ ᠢᠶᠠᠷ ᠢᠶᠠᠨ | ᠬᠤᠷᠴᠠ ᠳᠣᠳᠣᠷᠬᠠᠢ ᠤᠷᠣᠠ ᠨᠣᠳᠤᠭ ᠤᠨ ᠤᠠᠴᠠᠯᠢᠭ ᠲᠠᠢ᠂ ᠠᠭᠤᠯᠭ᠎ᠠ ᠪᠠᠶᠠᠯᠢᠭ᠂ ᠬᠡᠯᠪᠠᠷᠢ ᠤᠯᠠᠠ ᠶᠠᠩᠵᠣᠳᠤ᠂ ᠳᠦᠢᠯ ᠤᠨ ᠰᠠᠶᠢᠬᠠᠠ | ᠤᠷᠳᠤ ᠶᠢᠨ ᠳᠠᠭᠤᠤ ᠨᠣᠭᠤᠣᠠᠢ ᠵᠣᠬᠢᠶᠠᠠ ᠪᠦᠳᠣᠬᠡᠭᠰᠠᠬᠡᠷ ᠢᠷᠡᠭᠰᠠᠠ ᠳᠠᠣᠬᠡ ᠲᠠᠢ᠃ ᠰᠦᠪᠧᠢ ᠶᠢᠨ | ᠮᠣᠩᠭᠤᠯᠴᠣᠣᠠ ᠮᠦᠠ ᠯᠠ ᠨᠠᠶᠢᠳᠠ ᠮᠣᠩᠭᠤᠯᠴᠣᠣᠠ ᠲᠠᠢ ᠪᠠᠨ ᠠᠳᠠᠯᠢ ᠡᠷᠠᠯᠬᠡᠭ ᠪᠠᠭᠠᠳᠣᠷᠯᠢᠭ᠂ ᠠᠵᠢᠯᠴᠢ ᠬᠦᠳᠠᠯᠮᠣᠷᠢᠴᠢ᠂ | ᠬᠦᠭᠵᠢᠬᠦᠠ ᠪᠠᠶᠠᠰᠣᠩᠭᠤᠢ᠂ᠬᠠᠯᠠᠭᠤᠮᠰᠤᠭ ᠵᠣᠴᠢᠠᠰᠠᠭ ᠮᠦᠷᠳᠠᠬᠡᠠ ᠤᠣᠠᠬ᠎ᠠ ᠤᠷᠠᠯᠢᠭ ᠲᠠᠢ ᠠᠪᠢᠶᠠᠰ ᠲᠠᠢ ᠤᠳᠣᠮ ᠰᠠᠶᠢᠳᠠᠢ ᠶᠠᠰᠣᠳᠠᠠ ᠪᠢᠯᠠ᠃ | ᠠᠳᠠᠬᠢ ᠶᠢᠨ ᠮᠣᠩᠭᠤᠯᠴᠣᠣᠠ ᠡᠨᠠᠬᠦ ᠤᠠᠴᠣᠭᠤᠢ ᠭᠠᠵᠠᠷ ᠵᠦᠢ ᠢᠶᠠᠨ ᠤᠠᠴᠠᠯᠢᠭ᠂ ᠳᠠᠷᠣᠢ ᠴᠠᠰᠣᠳᠤ ᠦᠠᠳᠦᠷᠯᠢᠭ ᠤᠨ ᠤᠷᠴᠢᠠ ᠳᠣᠭᠤᠷᠢᠠ ᠨᠢ | ᠠᠳᠠᠬᠢ ᠮᠣᠩᠭᠤᠯ ᠬᠦᠮᠣᠠ ᠳᠠᠷᠣᠢ ᠦᠠᠳᠦᠷᠯᠢᠭ ᠤᠨ ᠦᠠᠳᠣᠰᠣᠳᠠᠠ ᠤ ᠦᠪᠠᠷᠮᠢᠴᠠ ᠰᠣᠶᠣᠯ ᠤᠷᠠᠯᠢᠭ ᠶᠢ ᠪᠤᠢ ᠪᠤᠯᠭᠠᠵᠤ᠂ ᠡᠬᠦᠠ ᠤ | ᠳᠣᠳᠣᠷᠠᠬᠢ ᠠᠷᠠᠣᠠ ᠤᠨ ᠳᠠᠭᠤᠤ ᠴᠤ᠂ ᠳᠠᠷᠣᠢ ᠴᠠᠰᠣᠳᠤ ᠦᠠᠳᠦᠷᠯᠢᠭ ᠣᠠᠤᠠᠴᠠᠯᠢᠭ ᠲᠠᠢ ᠪᠤᠯᠵᠠᠢ᠃ | ᠠᠳᠠ ᠬᠠᠮᠢᠭ᠎ᠠ ᠴᠤ ᠬᠡᠰᠠᠠ ᠦᠠᠳᠣᠷ ᠠᠭᠤᠯᠠ᠂ ᠴᠠᠰᠣᠳᠤ ᠮᠦᠡᠭᠬᠡ᠂ ᠮᠦᠰᠣᠳᠣᠯᠬᠡ᠂ ᠤᠷᠳᠤ ᠭᠤᠣᠯ ᠮᠦᠷᠠᠠ᠂ ᠪᠤᠯᠠᠭ᠂ ᠨᠠᠭᠤᠷ | ᠴᠦᠬᠦᠷᠠᠮ ᠵᠠᠷᠬᠡ ᠡᠨᠠᠬᠦ ᠤᠠᠴᠣᠭᠤᠢ ᠭᠠᠵᠠᠷ ᠵᠦᠢ ᠢᠶᠠᠨ ᠤᠠᠴᠠᠯᠢᠭ ᠨᠢ ᠴᠠᠰᠣᠳᠤ ᠦᠠᠳᠦᠷᠯᠢᠭ ᠤᠨ ᠤᠠᠴᠠᠯᠢᠭ ᠲᠠᠢ ᠮᠣᠩᠭᠤᠯ ᠠᠷᠠᠣᠠ ᠤᠨ | ᠳᠠᠭᠤᠤ ᠪᠦᠷᠢᠯᠳᠣᠬᠦ ᠨᠦᠬᠦᠴᠠᠯ ᠢ ᠬᠠᠨᠭ᠍ᠭᠠᠵᠠᠢ᠃ ᠨᠦᠬᠦᠬᠡ ᠨᠢᠬᠡ ᠨᠢ ᠡᠨᠠ ᠨᠣᠳᠤᠭ ᠲᠤ ᠪᠤᠰᠣᠣᠠ ᠤᠯᠠᠠ ᠠᠬ᠎ᠠ ᠳᠠᠬᠦᠤ | ᠦᠠᠳᠣᠰᠣᠳᠠᠠ ᠬᠠᠮᠳᠤ ᠪᠠᠷ ᠠᠵᠤ ᠳᠦᠷᠣᠠᠠᠮᠢᠳᠣᠷᠠᠵᠤᠪᠠᠶᠢᠭᠠ ᠪᠤᠯᠬᠤᠷ | ᠳᠠᠳᠠᠬᠡᠷᠦᠠᠳᠣᠰᠣᠳᠠᠠ ᠤ ᠪᠠᠰᠠᠬᠢᠯᠠᠯᠵᠠᠬᠰᠠᠠᠦᠠᠳᠣᠰᠣᠠ ᠤ ᠣᠯᠠᠮᠵᠢᠯᠠᠯᠳᠣ᠂ | ᠦᠪᠠᠷᠮᠢᠴᠠᠠᠷᠠᠣᠠ ᠤᠨ ᠲᠠᠭᠤᠤ ᠪᠤᠢ᠃ ᠳᠠᠷᠣᠢ ᠲᠦᠪᠠᠣᠠᠦᠠᠳᠣᠰᠣᠠ᠂ ᠬᠤᠳᠣᠩ ᠦᠠᠳᠣᠰᠣᠳᠠᠠ᠂ ᠶᠣᠭᠤᠷ ᠦᠠᠳᠣᠰᠣᠳᠠᠠ᠂ | ᠴᠠᠭᠠᠠ ᠮᠣᠩᠭᠤᠯ ᠬᠡᠬᠦ ᠮᠠᠳᠤ ᠤᠯᠠᠠ ᠦᠠᠳᠣᠰᠣᠳᠠᠠ ᠪᠠᠶᠢᠵᠤ᠂ ᠰᠦᠪᠸᠢ ᠶᠢᠨ ᠮᠣᠩᠭᠤᠯ ᠤᠷᠳᠤ ᠶᠢᠨ ᠳᠠᠭᠤᠤ ᠡᠳᠠᠬᠡᠷ ᠦᠠᠳᠣᠰᠣᠳᠠᠠ ᠤ | ᠠᠷᠠᠣᠠ ᠤᠨ ᠳᠠᠭᠤᠤ ᠶᠢᠨ ᠨᠦᠯᠣᠬᠡ ᠶᠢ ᠬᠦᠷᠳᠠᠵᠤ᠂ ᠮᠦᠠ ᠴᠤ ᠤᠷᠳᠤ ᠤᠳᠠᠭᠠᠠ ᠵᠢᠯ ᠤᠨ ᠬᠠᠮᠳᠤ ᠶᠢᠨ ᠠᠵᠢᠯ | ᠦᠢᠯᠠᠣᠠᠪᠤᠷᠢ ᠶᠢᠨ ᠶᠪᠤᠴᠠ ᠳᠤ ᠬᠠᠷᠢᠯᠴᠠᠠ ᠨᠢᠬᠡ ᠨᠢᠬᠡ ᠪᠠᠨ ᠨᠦᠯᠣᠬᠡᠯᠠᠠ ᠠᠭᠤᠰᠣᠯᠴᠠᠬᠰᠠᠠ | ᠴᠣᠬᠴᠠ ᠪᠤᠯᠵᠤ᠂ᠤᠯᠠᠠ ᠶᠠᠩᠵᠤ ᠶᠢᠨ ᠪᠠᠶᠠᠯᠢᠭ ᠰᠠᠶᠢᠬᠠᠠ ᠦᠠᠳᠦᠷᠯᠢᠭ ᠤᠨ ᠤᠠᠴᠠᠯᠢᠭ ᠲᠠᠢ ᠴᠠᠰᠣᠳᠤ ᠦᠠᠳᠦᠷᠯᠢᠭ ᠤᠨ | ᠠᠷᠠᠣᠠ ᠤᠨ ᠳᠠᠭᠤᠤ᠂ ᠠᠭᠤᠯᠠᠠ ᠳᠠᠭᠤᠤ ᠬᠡᠬᠦ ᠮᠠᠳᠤ ᠶᠢ ᠪᠤᠢ ᠪᠤᠯᠭᠠᠵᠠᠢ᠃ ᠵᠢᠱᠢᠶᠠᠯᠠᠪᠠᠯ᠄《ᠮᠢᠩᠭᠠᠠ ᠡᠬᠢ ᠲᠠᠢ | ᠮᠦᠷᠢ ᠵᠣᠰᠠᠯᠠᠩ 》᠂《ᠳᠠᠯ᠎ᠠ ᠶᠢᠨ ᠦᠠᠳᠣᠷ ᠭᠤᠪᠢ 》᠂《ᠬᠥ᠋ ᠶᠢᠨ ᠡᠬᠢᠠ ᠰᠢᠯᠢ 》᠂《ᠭᠤᠤ ᠶᠢᠨ ᠦᠠᠳᠣᠷ | 》ᠬᠡᠬᠦ ᠮᠠᠳᠤ ᠶᠢᠨ ᠴᠠᠰᠣᠳᠤ ᠦᠠᠳᠦᠷᠯᠢᠭ ᠤᠨ ᠭᠠᠵᠠᠷ ᠤᠨ ᠪᠠᠶᠢᠷᠢᠰᠢᠯ ᠤᠠᠴᠠᠯᠢᠭ ᠢ ᠰᠢᠭᠤᠣᠠ ᠦᠵᠠᠬᠦᠯᠣᠭ᠍ᠰᠠᠠ ᠦᠬᠡ ᠠᠭᠤᠯᠭ᠎ᠠ ᠰᠡᠳᠣᠪ ᠪᠠᠶᠠᠯᠢᠭ᠂ | ᠦᠨᠳᠦᠷᠯᠢᠭ ᠤᠨ ᠦᠨᠣᠷ ᠠᠮᠳᠠ ᠲᠠᠢ ᠠᠶᠠᠰ ᠠᠶᠠᠯᠭᠤ ᠨᠣᠭᠤᠭ᠎ᠠ ᠲᠠᠢ ᠭᠤᠶᠤ ᠰᠠᠶᠢᠬᠠᠠ ᠮᠣᠩᠭᠤᠯ ᠠᠷᠠᠣᠠ ᠤᠨ ᠳᠠᠭᠤᠤ ᠨᠤᠭᠤᠳ ᠪᠤᠢ᠃ | ᠡᠭᠦᠨ ᠠᠴᠠ ᠭᠠᠳᠠᠨ᠎ᠠ ᠰᠦᠪᠸᠢ ᠶᠢᠨ ᠮᠣᠩᠭᠤᠯᠴᠣᠣᠠ ᠤᠨ ᠤᠷᠳᠤ ᠶᠢᠨ ᠳᠠᠭᠤᠠ ᠤ ᠦᠬᠡ ᠶᠢᠨ ᠤᠣᠠᠬ᠎ᠠ ᠠᠭᠤᠯᠭ᠎ᠠ ᠶᠢ ᠨᠢ ᠦᠠᠳᠣᠰᠣᠯᠠᠵᠤ | ᠠᠳᠠᠯᠢ ᠪᠤᠰᠤ ᠳᠠᠯᠠᠪᠤᠷ ᠲᠠᠢ ᠳᠠᠭᠤᠯᠳᠠᠭ ᠵᠡᠷᠭᠡ ᠣᠨᠴᠠᠯᠢᠭ ᠤᠳ ᠪᠣᠢ ᠃ | ᠵᠢᠷᠭᠤᠭ᠎ᠠ᠂ ᠰᠦᠪᠸᠢ ᠶᠢᠨ ᠮᠣᠩᠭᠤᠯᠴᠣᠣᠠ ᠤᠨ ᠣᠷᠣᠨ ᠨᠣᠳᠤᠭ ᠤᠨ ᠢᠶᠠᠨ ᠮᠣᠩᠭᠤᠯ ᠤᠷᠳᠤ ᠶᠢᠨ ᠳᠠᠭᠤᠤ ᠣᠳᠣ ᠵᠢᠯ ᠠᠴᠠ ᠵᠢᠯ | ᠡᠳᠣᠷ ᠠᠴᠠ ᠡᠳᠣᠷ ᠪᠢᠳᠠᠨ ᠠᠴᠠ ᠬᠤᠯᠠᠳᠡᠵᠣ ᠪᠠᠶᠢᠨ᠎ᠠ᠂ ᠡᠨᠡᠭᠦ ᠬᠤᠪᠣᠷᠳᠡᠵᠣ ᠪᠠᠶᠢᠭ᠎ᠠ ᠲᠠᠷᠬᠠᠨ ᠢᠵᠡᠭᠤᠷ | ᠰᠣᠶᠣᠯ ᠢᠶᠠᠨ ᠠᠪᠣᠷᠡᠵᠣ ᠵᠠᠯᠭᠠᠮᠵᠢᠯᠠᠬᠤ ᠡᠭᠦᠷᠭᠡ ᠪᠢᠳᠡᠨ ᠤ ᠮᠦᠷᠣᠨ ᠲᠡᠭᠡᠷ᠎ᠡ ᠪᠠᠶᠢᠨ᠎ᠠ ᠭᠡᠳᠡᠭ ᠢ ᠪᠢᠳᠠ | ᠪᠦᠭᠦᠨ ᠦᠢᠯᠠᠭᠠᠵᠣ ᠠᠪᠣᠷᠡᠨ ᠵᠠᠯᠭᠠᠮᠵᠢᠯᠠᠬᠤ ᠠᠵᠢᠯ ᠢ ᠭᠢᠭᠦ ᠴᠢᠬᠤᠯᠠᠳᠡᠢ | ᠨᠢᠭᠡ ᠦᠠᠳᠣᠰᠣᠳᠠᠠ ᠤ ᠪᠠᠨ ᠠᠷᠠᠣᠠ ᠤᠨ ᠪᠣᠯᠪᠠᠰᠣᠨ ᠰᠣᠶᠣᠯ ᠪᠣᠯ ᠲᠡᠷᠠ ᠦᠨᠳᠣᠰᠣᠳᠡᠨ ᠤ ᠰᠣᠶᠣᠯ ᠤᠨ ᠭᠢᠨᠢ ᠭᠤᠣᠯ ᠴᠢᠮᠣᠭᠡ ᠭᠡᠵᠣ | ᠦᠵᠡᠵᠣ ᠪᠣᠯᠣᠨ᠎ᠠ᠃ ᠰᠣᠶᠣᠯ ᠦᠭᠡᠢ ᠦᠨᠳᠣᠰᠣᠳᠡᠨ ᠰᠦᠨᠡᠰᠣ ᠦᠭᠡᠢ ᠭᠦᠮᠣᠨ ᠠᠳᠡᠯᠢ᠂ ᠦᠠᠳᠣᠰᠣᠳᠠᠠ ᠤ ᠪᠠᠨ ᠪᠣᠯᠪᠠᠰᠣᠨ ᠰᠣᠶᠣᠯ ᠢ | ᠶᠠᠭ ᠮᠡᠳᠡᠭᠦ ᠦᠭᠡᠢ ᠭᠦᠮᠣᠨ ᠪᠣᠯ ᠦᠨᠳᠣᠰᠣ ᠦᠭᠡᠢ ᠮᠣᠳᠣᠨ ᠠᠴᠠ ᠲᠡᠭᠦᠵᠢᠯᠡᠭᠳᠡᠭᠰᠡᠨ ᠵᠢᠮᠢᠰ ᠠᠳᠡᠯᠢ ᠭᠡᠵᠣ ᠦᠵᠡᠵᠣ ᠪᠣᠯᠣᠨ᠎ᠠ᠃ | ᠡᠶᠢᠮᠣ ᠠᠴᠠ ᠪᠢᠳᠠᠦᠠᠳᠣᠰᠣᠳᠠᠠ ᠤ ᠪᠠᠨ ᠠᠷᠠᠣᠠ ᠤᠨ ᠰᠣᠶᠣᠯ ᠣᠷᠡᠯᠢᠭ᠋ ᠤᠨ ᠨᠢᠭᠡ ᠴᠢᠬᠤᠯᠠ ᠰᠠᠯᠠᠭ᠎ᠠ ᠪᠣᠯᠬᠤ ᠮᠣᠩᠭᠤᠯ | ᠤᠷᠳᠤ ᠶᠢᠨ ᠳᠠᠭᠤᠤ ᠢ ᠰᠣᠷᠣᠬᠴᠢ ᠭᠡᠣᠭᠡᠳ ᠳᠡᠭᠡᠨ ᠵᠢᠭᠠᠵᠣ ᠣᠯᠠᠮᠵᠢᠯᠠᠬᠤ ᠨᠢ ᠪᠠᠭᠰᠢ᠂ ᠭᠡᠷ ᠤᠨ ᠠᠬᠠᠮᠠᠳ ᠤᠨ | ᠡᠷᠭᠢᠮ ᠴᠢᠬᠤᠯᠠ ᠡᠭᠦᠷᠭᠡ ᠬᠠᠷᠢᠭᠤᠴᠠᠯᠭ᠎ᠠ ᠶᠣᠮ᠃ ᠰᠣᠷᠣᠬᠴᠢ ᠭᠡᠣᠭᠡᠳ ᠲᠤ ᠮᠣᠩᠭᠤᠯ ᠦᠠᠳᠣᠰᠣᠳᠠᠠ ᠤ ᠪᠠᠨ ᠪᠣᠯᠪᠠᠰᠣᠨ | ᠰᠣᠶᠣᠯ ᠪᠣᠯ ᠲᠡᠯᠡᠭᠡᠢ ᠵᠢᠨᠠᠷᠠᠣᠠ ᠤᠨ ᠪᠣᠯᠪᠠᠰᠣᠨ ᠣᠶᠣᠨ ᠣᠬᠠᠭᠠᠨ ᠤ ᠰᠣᠶᠣᠯ ᠤᠨ ᠨᠢᠭᠡ ᠰᠠᠯᠠᠭ᠎ᠠ ᠮᠦᠨ ᠭᠡᠳᠡᠭ ᠢ | ᠲᠠᠨᠢᠭᠤᠯᠬᠤ ᠴᠢᠬᠤᠯᠳᠡᠢ ᠪᠠᠶᠢᠨ᠎ᠠ ᠃ | ᠣᠷᠴᠢᠨ ᠪᠠᠶᠢᠭᠠᠯᠢ᠂ ᠠᠭᠤᠷ ᠠᠮᠢᠰᠬᠤᠯ ᠤᠨ ᠬᠤᠪᠢᠷᠡᠯᠳᠠ᠂ ᠠᠮᠢ ᠠᠬᠤᠢ ᠶᠢᠨ ᠡᠪᠳᠡᠭᠳᠡᠯ ᠵᠡᠷᠭᠡ ᠪᠡᠶᠡᠴᠢ ᠪᠠ ᠪᠣᠰᠣᠳᠴᠢ | ᠰᠢᠯᠳᠡᠭᠠᠨ ᠠᠴᠠ ᠪᠣᠯᠵᠣ᠂ ᠮᠣᠩᠭᠤᠯ ᠦᠠᠳᠣᠰᠣᠳᠠᠠ ᠤ ᠨᠡᠭᠦᠳᠡᠯ ᠮᠡᠯᠵᠢᠯ ᠤᠨ ᠰᠣᠶᠣᠯ ᠬᠤᠪᠣᠷᠳᠡᠵᠣ᠂ | ᠲᠡᠷᠡᠭᠦ ᠰᠣᠶᠣᠯ ᠲᠠᠢ ᠬᠤᠯᠪᠣᠬᠳᠡᠬᠰᠡᠨ ᠰᠣᠶᠣᠯ ᠰᠡᠳᠭᠢᠭᠦᠢ᠂ ᠵᠠᠩ ᠠᠷᠡᠨᠰᠢᠨ᠂ ᠣᠪᠣᠷ ᠰᠡᠳᠭᠢᠯᠭᠡ᠂ ᠠᠮᠢᠳᠣᠷᠡᠯ ᠠᠬᠤᠢ᠂ | ᠦᠢᠯᠡᠳᠪᠣᠷᠢᠯᠡᠯ ᠤᠨ ᠠᠷᠭ᠎ᠠ ᠪᠠᠷᠢᠯ ᠪᠢᠳᠡᠨ ᠤ ᠭᠡᠣᠭᠡᠳ ᠠᠴᠠ᠂ ᠮᠦᠨ ᠴᠦ ᠪᠢᠳᠡᠨ ᠠᠴᠠ ᠵᠢᠯ ᠠᠴᠠ ᠵᠢᠯ ᠬᠤᠯᠠᠳᠴᠣ ᠪᠠᠶᠢᠨ᠎ᠠ᠃ | ᠡᠶᠢᠮᠣᠷᠭᠦ ᠪᠠᠶᠢᠳᠡᠯ ᠤᠨ ᠲᠣᠣᠷ᠎ᠡ ᠪᠢᠳᠠ ᠲᠡᠷᠡᠭᠦ ᠣᠯᠠᠨ ᠰᠠᠶᠢᠬᠠᠨ ᠬᠤᠪᠣᠷ ᠴᠣᠬᠠᠭ ᠣᠯᠠᠮᠵᠢᠯᠠᠯᠳᠣ ᠪᠣᠯᠪᠠᠰᠣᠨ | ᠰᠣᠶᠣᠯ ᠢᠶᠠᠨ ᠰᠦᠪᠡᠭᠴᠢᠯᠡᠵᠣ ᠡᠷᠢᠯᠭᠢᠯᠡᠵᠣ᠂ ᠰᠣᠳᠣᠯᠵᠣ᠂ ᠠᠪᠣᠷᠡᠵᠣ᠂ ᠣᠯᠠᠮᠵᠢᠯᠠᠵᠣ᠂ ᠵᠠᠯᠭᠠᠮᠵᠢᠯᠠᠵᠣ᠂ | ᠣᠯᠠᠮᠵᠢᠯᠠᠬᠤ ᠨᠢ ᠪᠢᠳᠡᠨ ᠤ ᠪᠠᠭᠰᠢ᠂ ᠭᠡᠷ ᠤᠨ ᠠᠬᠠᠮᠠᠳ ᠤᠨ ᠡᠷᠭᠢᠮ ᠴᠢᠬᠤᠯᠠ | ᠪᠦᠭᠡᠳᠲ᠋ᠡᠷᠢᠭᠦᠨ ᠴᠢᠬᠤᠯᠠ ᠡᠭᠦᠷᠭᠡ ᠬᠠᠷᠢᠭᠤᠴᠠᠯᠭ᠎ᠠ ᠪᠣᠯᠵᠣ ᠪᠠᠶᠢᠨ᠎ᠠ᠃ ᠡᠨᠡ ᠪᠣᠯ ᠮᠦᠨ ᠴᠦ ᠮᠣᠩᠭᠤᠯ | ᠦᠠᠳᠣᠰᠣᠳᠠᠠ ᠤ ᠪᠠᠨ ᠠᠷᠠᠣᠠ ᠤᠨ ᠪᠣᠯᠪᠠᠰᠣᠨ ᠵᠠᠩ ᠦᠢᠯᠠ ᠶᠢᠨ ᠰᠣᠶᠣᠯ ᠢ ᠵᠢᠭᠠᠵᠣ | ᠣᠯᠠᠮᠵᠢᠯᠠᠬᠤ ᠶᠢᠨ ᠴᠢᠬᠤᠯᠠ ᠴᠢᠨᠠᠷ ᠪᠣᠯᠵᠣ ᠪᠠᠶᠢᠨ᠎ᠠ᠃ | ᠮᠣᠩᠭᠤᠯ ᠠᠷᠠᠣᠠ ᠤᠨ ᠢᠵᠡᠭᠤᠷ ᠲᠠᠭᠤᠣ ᠣᠷᠡᠯᠢᠭ᠋ ᠤᠨ ᠰᠣᠶᠣᠯ ᠢ ᠭᠡᠣᠭᠡᠳ ᠪᠠᠭ᠎ᠠ ᠠᠴᠠ ᠪᠠᠨ ᠭᠡᠷ ᠤᠨ ᠠᠬᠠᠮᠠᠳ ᠢᠶᠠᠨ ᠲᠠᠭᠠᠵᠣ | ᠨᠢᠳᠣ ᠪᠠᠷ ᠢᠶᠠᠨ ᠦᠵᠡᠵᠣ᠂ ᠰᠡᠳᠭᠢᠯ ᠢᠶᠠᠷ ᠢᠶᠠᠨ ᠲᠠᠭᠤᠷᠢᠶᠡᠵᠣ ᠲᠠᠭᠤᠯᠠᠵᠣ ᠰᠣᠷᠬᠤ ᠨᠢ ᠬᠠᠮᠤᠭ ᠤᠨ ᠰᠠᠶᠢᠨ ᠦᠢᠯᠡᠳᠣᠯᠭᠡ | ᠵᠢᠨᠭᠢᠴᠢᠶᠡᠯᠯᠡᠭᠡ ᠪᠣᠯᠣᠨ᠎ᠠ᠃ ᠭᠡᠳᠡᠯ᠎ᠠ ᠣᠳᠣ ᠣᠷᠴᠢᠨ ᠪᠠᠶᠢᠭᠠᠯᠢ ᠂ ᠠᠭᠤᠷ | ᠠᠮᠢᠰᠬᠤᠯ ᠤᠨ ᠬᠤᠪᠢᠷᠡᠯᠳᠠ᠂ ᠠᠮᠢ ᠠᠬᠤᠢ ᠶᠢᠨ ᠡᠪᠳᠡᠭᠳᠡᠯ ᠵᠡᠷᠭᠡ ᠪᠡᠶᠡᠴᠢ ᠪᠠ ᠪᠣᠰᠣᠳᠴᠢ ᠰᠢᠯᠳᠡᠭᠠᠨ ᠠᠴᠠ | ᠪᠣᠯᠵᠣ᠂ ᠮᠠᠨ ᠤ ᠮᠣᠩᠭᠤᠯ ᠦᠠᠳᠣᠰᠣᠳᠠᠠ ᠤ ᠨᠡᠭᠦᠳᠡᠯ ᠮᠡᠯᠵᠢᠯ ᠤᠨ ᠰᠣᠶᠣᠯ ᠬᠤᠪᠣᠷᠳᠡᠵᠣ ᠂ ᠲᠡᠷᠡᠭᠦ ᠰᠣᠶᠣᠯ ᠲᠠᠢ ᠬᠤᠯᠪᠣᠬᠳᠡᠬᠰᠡᠨ ᠰᠣᠶᠣᠯ ᠰᠡᠳᠭᠢᠭᠦᠢ᠂ | ᠵᠠᠩ ᠠᠷᠡᠨᠰᠢᠨ᠂ ᠣᠪᠣᠷ ᠰᠡᠳᠭᠢᠯᠭᠡ᠂ ᠠᠮᠢᠳᠣᠷᠡᠯ ᠠᠬᠤᠢ᠂ ᠦᠢᠯᠡᠳᠪᠣᠷᠢᠯᠡᠯ ᠤᠨ ᠠᠷᠭ᠎ᠠ ᠪᠠᠷᠢᠯ ᠪᠢᠳᠡᠨ ᠤ ᠭᠡᠣᠭᠡᠳ ᠠᠴᠠ᠂ ᠮᠦᠨ | ᠴᠦ ᠪᠢᠳᠡᠨ ᠠᠴᠠ ᠵᠢᠯ ᠠᠴᠠ ᠵᠢᠯ ᠬᠤᠯᠠᠳᠴᠣ ᠪᠠᠶᠢᠨ᠎ᠠ᠃ ᠡᠶᠢᠮᠣ ᠠᠴᠠ ᠮᠣᠩᠭᠤᠯ ᠦᠠᠳᠣᠰᠣᠳᠠᠠ ᠤ ᠪᠠᠨᠢᠵᠡᠭᠤᠷ ᠲᠠᠭᠤᠣ ᠣᠷᠡᠯᠢᠭ᠋ ᠤᠨ | ᠰᠣᠶᠣᠯ ᠢ ᠵᠢᠭᠠᠵᠣ ᠣᠯᠠᠮᠵᠢᠯᠠᠬᠤ ᠶᠢ ᠮᠣᠩᠭᠤᠯ ᠰᠣᠷᠭᠠᠭᠤᠯᠢ ᠲᠣᠰᠬᠠᠢ ᠰᠣᠷᠭᠠᠭᠤᠯᠢ ᠶᠢᠨ ᠭᠢᠴᠢᠶᠡᠯᠯᠡᠭᠡ ᠭᠢᠭᠦ ᠪᠠ ᠭᠡᠣᠭᠡᠳ ᠤᠨ | ᠠᠵᠢᠯᠯᠠᠵᠣ ᠰᠣᠷᠣᠯᠴᠡᠵᠣ᠂ ᠠᠮᠢᠳᠣᠷᠡᠵᠣ ᠪᠠᠶᠢᠭ᠎ᠠ ᠣᠷᠴᠢᠨ ᠲᠣᠭᠤᠷᠢᠨ ᠲᠣᠮᠳᠠ ᠭᠢᠴᠢᠶᠡᠯᠯᠡᠭᠡ ᠪᠠᠷ ᠵᠢᠭᠠᠬᠤ ᠪᠠ | ᠦᠢᠯᠡᠳᠣᠯᠭᠡ ᠪᠠᠷ ᠵᠢᠭᠠᠵᠣ ᠣᠯᠠᠮᠵᠢᠯᠠᠬᠤ ᠶᠢ ᠬᠠᠷᠢᠯᠴᠠᠨ ᠨᠢᠬᠳᠠ ᠣᠶᠠᠯᠳᠣᠭᠤᠯᠬᠤ ᠨᠢ | ᠲᠣᠩ ᠴᠢᠬᠤᠯᠠ ᠠᠷᠭ᠎ᠠ ᠪᠠᠷᠢᠯ ᠪᠣᠯᠣᠭᠠᠳ ᠪᠠᠶᠢᠨ᠎ᠠ ᠃ | ᠰᠦᠪᠸᠢ ᠶᠢᠨ ᠮᠣᠩᠭᠤᠯᠴᠣᠣᠠ ᠤᠨ ᠤᠷᠳᠤ ᠶᠢᠨ ᠳᠠᠭᠤᠤ ᠮᠣᠩᠭᠤᠯᠴᠣᠣᠠ ᠤᠨ ᠤᠷᠳᠤ ᠶᠢᠨ ᠳᠠᠭᠤᠤ ᠴᠠᠰᠣᠳᠤ ᠦᠠᠳᠦᠷᠯᠢᠭ ᠤᠨ ᠴᠠᠩᠬᠡᠭ | ᠤᠰᠤ᠂ᠴᠠᠪᠠᠷ ᠠᠭᠠᠷ᠂ ᠪᠠᠶᠢᠭᠠᠯᠢᠯᠢᠭ ᠤᠷᠴᠢᠠ ᠳᠣᠭᠤᠷᠢᠠᠤ ᠦᠪᠠᠷᠮᠢᠴᠠ ᠰᠠᠶᠢᠬᠠᠠ ᠨᠢ ᠪᠠᠷᠠᠭᠤᠠ ᠮᠣᠩᠭᠤᠯ ᠤᠨ ᠤᠷᠳᠤ ᠶᠢᠨ | ᠳᠠᠭᠤᠤ ᠶᠢᠨ ᠡᠬᠢ ᠰᠣᠷᠪᠤᠯᠵᠢ ᠪᠤᠯᠵᠤ᠂ ᠮᠠᠰᠢ ᠤᠯᠠᠠ ᠳᠠᠭᠤᠴᠢᠣᠠ ᠡᠨᠠ ᠨᠣᠳᠤᠭ ᠲᠤ ᠦᠰᠴᠤ ᠬᠦᠮᠣᠵᠢᠬᠳᠠᠬᠰᠠᠠ | ᠪᠠᠶᠢᠨ᠎ᠠ᠃ ᠡᠨᠠᠬᠦ ᠭᠠᠶᠢᠬᠠᠮᠰᠢᠬᠳᠤ ᠰᠠᠶᠢᠬᠠᠠ ᠤᠷᠣᠠ ᠳᠤ ᠦᠶ᠎ᠡ ᠶᠢᠨ ᠦᠶ᠎ᠡ ᠬᠡᠴᠢᠨᠠᠬᠡᠠ ᠴᠤ ᠠᠯᠳᠠᠷ ᠨᠠᠷᠠ ᠲᠠᠢ ᠳᠠᠭᠤᠴᠢᠣᠠ ᠴᠣᠯᠭᠤᠷᠠᠠ ᠭᠠᠷᠴᠠᠢ᠃ | ᠬᠦᠭᠰᠢᠠ ︵ᠨᠠᠰᠣᠳᠡᠢ︶ ᠳᠠᠭᠤᠴᠢᠣᠠ ᠰᠢᠨ᠎ᠠ ᠦᠶ᠎ᠡ ᠶᠢᠨ ᠬᠢᠨ ᠢᠶᠠᠨ ᠬᠦᠮᠣᠵᠢᠬᠦᠯᠵᠤ᠂ ᠬᠦᠭᠰᠢᠣᠠ ᠳᠠᠬᠦᠰᠬᠦ ︵ᠦᠭᠦᠭᠦ︶ ᠳᠤ | ᠭᠡᠣᠭᠡᠳ ᠨᠢ ᠵᠯᠭᠠᠮᠵᠢᠯᠠᠵᠤ ᠤᠷᠳᠤ ᠤᠳᠠᠭᠠᠠ ᠵᠢᠯ ᠶᠢ ᠳᠣᠭᠤᠯᠵᠤ ᠢᠷᠡᠭᠰᠠᠠᠪᠠᠶᠢᠨᠠ᠃ ᠰᠦᠪᠸᠢ ᠶᠢᠨ | ᠮᠣᠩᠭᠤᠯᠴᠣᠣᠠ ᠤᠨ ᠤᠷᠳᠤ ᠶᠢᠨ ᠳᠠᠭᠤᠤ ᠪᠣᠯ ᠨᠠᠶᠢᠳᠠ ᠮᠣᠩᠭᠤᠯᠴᠣᠣᠠ ᠤᠨ ᠤᠷᠳᠤ ᠶᠢᠨ ᠳᠠᠭᠤᠤ | ᠨᠢᠭᠡ ᠰᠠᠯᠪᠣᠷᠢ ᠪᠦᠭᠡᠳ ᠮᠣᠩᠭᠤᠯ ᠦᠠᠳᠣᠰᠣᠳᠠᠠ ᠤ ᠢᠵᠠᠭᠤᠷ ᠰᠣᠶᠣᠯ ᠤᠨ ᠨᠢᠬᠡ ᠪᠤᠯᠣᠨ᠎ᠠ᠃ ᠡᠨᠠᠬᠦ ᠨᠠᠶᠢᠬᠢᠮ ᠵᠢᠷᠣᠮᠳᠤ ᠰᠢᠨ᠎ᠠ | ᠴᠠᠭ ᠦᠶ᠎ᠡ ᠳᠤ ᠪᠢᠳᠠᠨᠠᠷ ᠡᠨᠠ ᠰᠠᠶᠢᠬᠠᠠ ᠠᠷᠠᠣᠠ ᠤᠨ ᠰᠣᠶᠣᠯ ᠢᠶᠠᠨ ᠰᠣᠷᠴᠤ ᠰᠣᠳᠣᠯᠵᠤ ᠭᠡᠣᠭᠡᠳ ᠪᠠᠭᠠᠴᠣᠳ ᠳᠠᠭᠠᠨ ᠵᠢᠭᠠᠵᠣ | ᠣᠯᠠᠮᠵᠢᠯᠠᠵᠣ ᠶᠠᠪᠤᠶ᠎ᠡ᠂ ᠮᠣᠩᠭᠤᠯᠴᠣᠣᠠ ᠮᠠᠨᠢ ᠮᠣᠩᠭᠤᠯ ᠤᠷᠳᠤ ᠶᠢᠨ ᠳᠠᠭᠤᠤ ᠲᠠᠢ ᠪᠠᠨ ᠬᠠᠮᠳᠤ | ᠤᠷᠳᠤ ᠠᠴᠠ ᠤᠷᠳᠤ ᠤᠠ ᠵᠢᠯ ᠶᠢ ᠳᠣᠭᠤᠯᠣᠬᠰᠠᠭᠠᠷ ᠳᠦᠷᠣᠯ ᠢᠶᠠᠷ ᠢᠶᠠᠨ ᠳᠦᠪᠰᠢᠠ ᠰᠠᠶᠢᠬᠠᠠ᠂ ᠡᠯᠢᠬᠡ ᠪᠠᠷ ᠢᠶᠠᠨ | ᠡᠩᠬᠡ ᠰᠠᠶᠢᠬᠠᠠ ᠵᠢᠷᠭᠠᠵᠠᠭᠠᠶᠡ᠃ | ᠮᠣᠩᠭᠤᠯ ᠲᠠᠭᠤᠣ ᠭᠦᠭᠵᠢᠮ ᠪᠣᠯ ᠣᠶᠣᠨ ᠰᠡᠳᠭᠢᠯᠭᠡ ᠶᠢᠨ ᠵᠠᠬ᠎ᠠ ᠲᠡᠯᠭᠡᠭᠦᠷ᠂ ᠲᠠᠭᠤᠣ ᠭᠦᠭᠵᠢᠮ ᠪᠣᠯ ᠣᠶᠣᠨ ᠣᠬᠠᠭᠠᠨ ᠤ ᠪᠣᠯᠪᠠᠰᠣᠨ ᠤ | ᠨᠢᠭᠡ ᠢᠯᠡᠷᠡᠯ᠂ ᠲᠠᠭᠤᠣ ᠭᠦᠭᠵᠢᠮ ᠪᠣᠯ ᠭᠦᠮᠣᠨ ᠲᠦᠷᠦᠯᠭᠢᠳᠡᠨ ᠳᠤ ᠰᠠᠯᠵᠣ ᠪᠣᠯᠣᠰᠢ ᠦᠭᠡᠢ ᠣᠶᠣᠨ ᠤ ᠶᠡᠭᠡ ᠦᠪ ᠭᠦᠷᠦᠩᠭᠡ ᠶᠣᠮ᠃ | ᠲᠠᠭᠤᠣ ᠲᠠᠢ ᠣᠶᠠᠩᠭ᠎ᠠ ᠲᠠᠢ ᠬᠤᠷᠸ᠎ᠠ ᠳᠤ ᠲᠣᠷᠡᠯᠠᠯ ᠬᠠᠶᠢᠷ᠎ᠡ ᠲᠠᠢ ᠠᠮᠢᠳᠣᠷᠡᠬᠤ ᠭᠡᠵᠣ ᠶᠣᠰᠣᠳᠡᠢ ᠰᠠᠶᠢᠬᠠᠨ᠃ | 《ᠣᠷᠡᠯᠢᠭ᠋ ᠭᠡᠭᠴᠢ ᠭᠦᠮᠣᠨ ᠤ ᠪᠡᠶ᠎ᠡ ᠶᠢᠨ ᠰᠦᠰᠣ ᠴᠢᠰᠣ᠂ ᠲᠡᠷᠡ ᠨᠢ ᠮᠠᠬᠠᠪᠣᠳ ᠤᠨ ᠡᠰ ᠪᠦᠭᠦᠨ ᠳᠤ ᠨᠠᠪᠴᠢᠨ ᠰᠢᠩᠭᠡᠵᠣ᠂ ᠲᠡᠭᠦᠨ ᠤ | ᠣᠯᠠᠮ ᠠᠴᠠ ᠭᠦᠮᠣᠨ ᠤ ᠣᠶᠣᠨ ᠰᠦᠨᠡᠰᠣ ᠶᠢ ᠲᠠᠮᠢᠷᠵᠢᠭᠤᠯᠣᠨ ᠴᠣᠬᠴᠠᠯᠠᠵᠣ ᠪᠠᠶᠢᠳᠠᠭ ᠣᠴᠢᠷᠳᠡᠢ》ᠭᠡᠵᠣ ᠰᠡᠴᠡᠨᠭᠦᠣ | ᠠᠬ᠎ᠠ ︵ᠬᠠᠶᠢᠰᠢ ᠵᠸᠣ ᠶᠢᠨ ᠣᠳᠬ᠎ᠠ ᠣᠷᠡᠯᠢᠭ᠋ ᠤᠨ ᠬᠢᠨ ᠤ ᠬᠤᠯᠪᠣᠭᠠᠨ ᠤ ᠲᠡᠷᠢᠭᠦᠯᠡᠭᠴᠢ︶ ᠨᠢᠭᠡᠨ ᠵᠣᠭᠢᠶᠡᠯ ᠳᠠᠭᠠᠨ | ᠣᠴᠢᠷᠳᠡᠢ ᠣᠳᠬᠠᠯᠢᠭ ᠭᠡᠯᠡᠭᠰᠡᠨ ᠪᠠᠶᠢᠳᠠᠭ᠃ ᠲᠠᠭᠤᠣ᠂ ᠪᠦᠵᠢᠭ᠂ ᠭᠦᠭᠵᠢᠮ᠂ ᠰᠢᠯᠦᠭ᠂ ᠵᠢᠷᠤᠭ ᠵᠡᠷᠭᠡ | ᠣᠷᠡᠯᠢᠭ᠋ ᠢ ᠦᠪᠡᠷ ᠤᠨ ᠪᠡᠶ᠎ᠡ ᠰᠡᠳᠭᠢᠯ ᠢᠶᠠᠷ ᠢᠶᠠᠨ ᠣᠴᠢᠵᠣ ᠮᠡᠳᠡᠷᠡᠵᠣ᠂ ᠲᠡᠭᠦᠨ ᠢ ᠠᠮᠳᠡᠷᠬᠠᠵᠣ ᠴᠢᠳᠠᠬᠤ | ᠪᠣᠶᠣ ᠲᠡᠭᠦᠨ ᠤ ᠲᠦᠯᠣᠭᠡ ᠠᠯᠢᠪᠠ ᠢᠶᠠᠨ ᠵᠣᠷᠢᠭᠤᠯᠵᠣ ᠴᠢᠳᠠᠳᠠᠭ ᠣᠷᠠᠯᠢᠬᠴᠢᠳ ᠤᠨ ᠪᠦᠳᠣᠭᠡᠯ ᠨᠢ ᠰᠠᠶ᠋ᠢ ᠪᠣᠰᠣᠳ ᠭᠦᠮᠣᠰ ᠤᠨ | ᠰᠡᠳᠭᠢᠯ ᠵᠢᠷᠣᠭᠡ ᠶᠢ ᠰᠣᠷᠢᠨᠵᠢᠳᠠᠭ ᠪᠠᠶᠢᠬ᠎ᠠ᠃ | | ᠵᠡᠭᠦᠯᠳᠠ ᠲᠠᠶᠢᠯᠪᠣᠷᠢ᠄ | 1᠂《ᠰᠦᠪᠸᠢ ᠶᠢᠨ ᠮᠣᠩᠭᠤᠯ ᠣᠷᠳᠣ ᠶᠢᠨ ᠲᠠᠭᠤᠣ ᠵᠢᠴᠢ ᠲᠡᠭᠦᠨ ᠤ ᠰᠣᠳᠣᠯᠣᠯ》 ︵ᠰᠦᠪᠸᠢ ᠶᠢᠨ ᠮᠣᠩᠭᠤᠯ ᠦᠨᠳᠣᠰᠣᠳᠡᠨ ᠤ | ᠦᠪᠡᠷᠳᠡᠭᠡᠨ ᠵᠠᠰᠠᠬᠤ ᠰᠢᠶᠡᠨ ᠪᠠᠶᠢᠭᠤᠯᠣᠬᠳᠡᠬᠰᠡᠨ ᠵᠢᠷᠡᠨ ᠵᠢᠯ ᠤᠨ ᠣᠢ ᠳᠤ ᠵᠣᠷᠢᠭᠤᠯᠪᠠ᠂ 2010 ᠣᠨ᠂ ᠭᠢᠨᠠᠮᠠᠭᠠᠢ ᠨᠠᠶᠢᠷᠡᠭᠤᠯᠣᠨ | ᠵᠣᠭᠢᠶᠡᠪᠡ︶︔ | 2᠂《ᠰᠦᠪᠸᠢ ᠶᠢᠨ ᠮᠣᠩᠭᠤᠯ ᠠᠷᠡᠳ ᠤᠨ ᠲᠠᠭᠤᠣ》 ︵ᠰᠦᠪᠸᠢ ᠶᠢᠨ ᠮᠣᠩᠭᠤᠯ ᠦᠨᠳᠣᠰᠣᠳᠡᠨ ᠤ ᠦᠪᠡᠷᠳᠡᠭᠡᠨ ᠵᠠᠰᠠᠬᠤ | ᠰᠢᠶᠡᠨ ᠪᠠᠶᠢᠭᠤᠯᠣᠬᠳᠡᠬᠰᠡᠨ ᠵᠢᠷᠡᠨ ᠵᠢᠯ ᠤᠨ ᠣᠢ ᠳᠤ ᠵᠣᠷᠢᠭᠤᠯᠪᠠ᠂ 2000 ᠣᠨ᠂ ᠴᠦ᠊· ᠴᠣᠶᠢᠵᠢᠪ᠂ ᠬᠤᠨᠭ᠌ | ᠪᠢᠨ ᠨᠠᠶᠢᠷᠡᠭᠤᠯᠣᠨ ᠵᠣᠭᠢᠶᠡᠪᠡ︶︔ | 3᠂ ᠨᠣᠳᠤᠭ ᠤᠨ ᠭᠡᠳᠣᠨ ᠠᠷᠡᠳ ᠤᠨ ᠣᠷᠡᠨ ᠰᠠᠶᠢᠬᠠᠨᠴᠢ ᠨᠠᠷ ᠢ ᠰᠣᠷᠪᠣᠯᠵᠢᠯᠠᠵᠣ ᠦᠢᠯᠠᠭᠠᠬᠰᠠᠨ ᠢᠶᠠᠨ ᠠᠰᠢᠬᠯᠠᠪᠠ᠃ | 4᠂《ᠦᠢᠷᠡᠳ ᠮᠣᠩᠭᠤᠯ ᠤᠨ ᠠᠷᠡᠳ ᠤᠨ ᠲᠠᠭᠤᠣ ᠶᠢᠨ ᠰᠣᠳᠣᠯᠣᠯ》 ︵ᠦᠪᠣᠷ ᠮᠣᠩᠭᠤᠯ ᠤᠨ ᠰᠣᠶᠣᠯ ᠤᠨ ᠭᠡᠪᠯᠡᠯ ᠤᠨ ᠬᠤᠷᠢᠶ᠎ᠡ᠂ | ᠡᠷᠳᠡᠨᠢᠪᠢᠯᠢᠭ᠂ ᠭᠦᠢ ᠯᠠᠨ ᠨᠠᠶᠢᠷᠡᠭᠤᠯᠣᠨ ᠵᠣᠭᠢᠶᠡᠪᠡ︶ ᠃ 5᠂ ᠬᠤᠨᠭ᠌ ᠪᠢᠨ ᠪᠠᠭᠰᠢ ᠶᠢᠨ ᠦᠭᠦᠯᠠᠯ᠄《 ᠰᠦᠪᠸᠢ ᠶᠢᠨ ᠮᠣᠩᠭᠤᠯ | ᠣᠷᠳᠣ ᠶᠢᠨ ᠲᠠᠭᠤᠣ ᠶᠢᠨ ᠦᠪᠡᠷᠮᠢᠴᠠ ᠣᠨᠴᠠᠯᠢᠭ ᠢ ᠰᠢᠨᠵᠢᠯᠡᠭᠦ ᠨᠢ》︔ | 5᠂《ᠲᠡᠭᠡᠳᠣ ᠮᠣᠩᠭᠤᠯ ᠤᠨ ᠣᠳᠬ᠎ᠠ ᠵᠣᠭᠢᠶᠠᠯ ᠤᠨ ᠰᠣᠳᠣᠯᠣᠯ》 — ᠭᠦᠭᠡᠰᠢᠯᠢ ᠶᠢᠨ ᠰᠢᠭᠦᠮᠵᠢ ᠦᠭᠦᠯᠡᠯ ᠤᠨ ᠲᠡᠭᠦᠪᠣᠷᠢ | ︵ᠦᠪᠣᠷ ᠮᠣᠩᠭᠤᠯ ᠤᠨ ᠠᠷᠡᠳ ᠤᠨ ᠭᠡᠪᠯᠡᠯ ᠤᠨ ᠬᠤᠷᠢᠶ᠎ᠡ᠂ 2014·3︔ ᠭᠦᠭᠡᠰᠢᠯᠢ ᠶᠢᠨ〈ᠲᠡᠭᠡᠳᠣ ᠮᠣᠩᠭᠤᠯ ᠤᠨ | ᠲᠦᠷᠣ ᠶᠢᠨ ᠲᠠᠭᠤᠣ ᠶᠢᠨ ᠲᠣᠬᠠᠢ ᠠᠩᠬᠠᠨ ᠤ ᠰᠦᠪᠡᠭᠴᠢᠯᠡᠯ〉ᠦᠭᠦᠯᠠᠯ︶᠃ |