ᠪᠤᠭᠤᠷᠤᠯ ᠴᠢᠯᠠᠭᠤ
ᠨᠡᠶᠢᠲᠡᠯᠡᠭᠰᠡᠨ ᠴᠠᠭ᠄
2020/4/14
ᠬᠠᠪᠤᠷ ᠤᠨ ᠬᠠᠶᠢᠯ ᠦᠨᠤᠷᠲᠦᠭᠲᠡᠵᠦ᠂ ᠲᠤᠯᠠᠭᠠᠨ ᠰᠠᠯᠬᠢᠨ ᠬᠠᠴᠡᠷᠳᠠᠬᠤ ᠳᠤ ᠪᠢ ᠦᠪᠡᠷ ᠤᠨ ᠡᠷᠭᠡ ᠦᠬᠡᠢ ᠬᠡᠷ ᠤᠷᠤᠭᠤ ᠪᠠᠨ ᠤᠲᠠᠰᠤᠲᠠᠬᠤ ᠶᠢ ᠰᠠᠨᠠᠲᠠᠭ᠃ ᠲᠤᠭᠯᠠᠵᠦ ᠨᠠᠭᠠᠳᠴᠦ ᠦᠰᠦᠭᠰᠡᠨ ᠮᠠᠩᠬ᠎ᠠ ᠲᠤᠯᠤᠭᠠᠳ᠂ ᠭᠤᠤᠯ ᠤᠰᠤ ᠪᠠᠨ ᠬᠦᠷᠲᠡᠯ᠎ᠠ ᠨᠢᠬᠡ ᠨᠢᠬᠡ ᠪᠠᠷ ᠠᠰᠠᠭᠤᠶ᠎ᠠ ᠬᠡᠵᠦ ᠪᠤᠲᠤᠲᠠᠭ ᠴᠦ ᠤᠯᠠᠨ ᠴᠠᠭ ᠢᠶᠠᠷ ᠶᠠᠷᠢᠵᠦ ᠰᠠᠭᠤᠬᠤ ᠴᠠᠭ ᠵᠠᠪ ᠠᠯᠢ ᠠᠯᠢᠨ ᠳᠤ ᠨᠢ ᠴᠦ ᠠᠯᠠᠭ᠎ᠠ ᠶᠤᠮ ᠳ᠋ᠡ︕ ᠡᠵᠢ ᠪᠢᠲᠡ ᠬᠤᠶᠠᠷ ᠲᠤ ᠁
     ᠨᠤᠲᠤᠭ ᠲᠠᠭᠠᠨ ᠬᠠᠷᠢᠭᠠᠲᠤᠢ
ᠨᠡᠯᠢᠶᠡᠳ ᠤᠲᠠᠴᠢᠬᠠᠯ᠎ᠠ︕ ᠠᠵᠢᠯ ᠠᠯᠪᠡ ᠶᠢᠨ ᠡᠷᠭᠡ ᠪᠠᠷ ᠬᠡᠬᠦ ᠤᠤ᠃ ᠤᠯᠠᠷᠢᠯ ᠤᠨ ᠰᠢᠪᠠᠭᠤᠳ ᠬᠦᠷᠲᠡᠯ᠎ᠠ ᠵᠢᠯ ᠳᠡᠭᠡᠨ ᠨᠢᠬᠡ ᠡᠷᠬᠢᠲᠡᠭ ᠠᠲᠠᠯ᠎ᠠ ᠤᠬᠠᠭᠠᠨ ᠲᠠᠢ ᠬᠦᠮᠤᠨ ᠤ ᠦᠷ᠎ᠡ ᠪᠢᠲᠡ ᠶᠠᠭᠠᠬᠢᠭᠠᠳ ᠨᠤᠲᠤᠭ ᠲᠠᠭᠠᠨ ᠤᠴᠢᠵᠦ ᠠᠮᠵᠢᠲᠠᠭ ᠦᠬᠡᠢ ᠶᠤᠮ ᠪᠤᠢ ᠁ ᠬᠤᠷᠲᠤᠨ ᠮᠠᠰᠢᠨ ᠢᠶᠠᠷ ᠭᠡᠲᠤᠭᠡᠨ ᠴᠠᠭ ᠶᠠᠪᠤᠬᠤ ᠳᠤ ᠯᠠ ᠬᠦᠷᠤᠭᠡᠳ ᠤᠴᠢᠴᠢᠬᠠᠲᠠᠭ ᠭᠠᠵᠠᠷ ᠢ ᠭᠡᠵᠦ ᠪᠤᠲᠤᠬᠤ ᠪᠠᠷ ᠤᠬᠢᠯᠠᠮᠠᠷ ᠰᠠᠨᠠᠭᠲᠠᠬᠤ ᠶᠤᠮ ᠡ᠃
     ᠤᠨ ᠴᠠᠭ ᠤᠨ ᠡᠯᠡᠬᠡᠯᠲᠡ᠂
ᠴᠠᠭ ᠠᠭᠤᠷ ᠤᠨ ᠬᠤᠪᠢᠷᠠᠯᠲᠠ ᠠᠴᠠ ᠪᠤᠯᠵᠦ ᠡᠯᠡᠰᠤᠨ ᠨᠤᠲᠤᠭ ᠮᠢᠨᠢ ᠨᠡᠯᠢᠶᠡᠳ ᠬᠤᠪᠢᠷᠠᠭᠰᠠᠨ ᠯᠠ ᠳ᠋ᠡ᠂ ᠬᠡᠬᠦ ᠳᠡᠭᠡᠨ ᠨᠤᠲᠤᠭ ᠮᠢᠨᠢ ᠶᠤᠮ ᠪᠤᠯᠬᠤᠷ ᠰᠡᠳᠬᠢᠯ ᠳᠤ ᠪᠡᠰᠠ ᠯᠠ ᠲᠡᠷᠡ ᠤᠩᠭᠤᠨ ᠲᠦᠷᠬᠦ ᠪᠠᠷ ᠢᠶᠠᠨ᠂ ᠪᠦᠭᠲᠦ᠋ᠢᠵᠦ ᠤᠷᠭᠤᠭᠰᠠᠨ ᠬᠠᠶᠢᠯᠡᠰᠤ᠂ ᠨᠤᠷᠠᠵᠦ ᠡᠯᠡᠭᠲᠡᠭᠰᠡᠨ ᠡᠷᠬᠢ᠂ ᠤᠷᠤᠢ ᠳᠠᠭᠠᠨ ᠪᠤᠷᠭᠠᠰᠤ ᠲᠠᠢ ᠮᠠᠩᠬ᠎ᠠ᠂ ᠤᠨᠲᠤᠷᠠᠭᠰᠠᠭᠠᠷ ᠯᠠ ᠪᠠᠶᠢᠭ᠎ᠠ ᠪᠠᠶᠠᠨ ᠪᠤᠯᠠᠭ᠂ ᠤᠰᠤᠨ ᠲᠤᠮᠲᠠ ᠨᠢ ᠭᠡᠪᠲᠡᠬᠦ ᠪᠤᠷᠬᠠᠨ ᠴᠢᠯᠠᠭᠤ ᠁ ᠡᠨᠡ ᠯᠠ ᠭᠡᠪ ᠲᠡᠭᠡᠨ ᠁ ᠡᠶᠢᠮᠤ ᠯᠠ ᠶᠠᠩᠵᠦ ᠪᠠᠷ ᠢᠶᠠᠨ ᠁
     ᠲᠡᠶᠢᠮᠤ ᠡ᠃
ᠡᠯᠡᠰᠤᠨ ᠠᠴᠠ ᠤᠨᠲᠤᠷᠤᠭᠰᠠᠨ ᠵᠢᠵᠢᠭᠬᠡᠨ ᠪᠤᠯᠠᠭ — ᠪᠠᠶᠠᠨ ᠪᠤᠯᠠᠭ ᠢᠶᠠᠨ ᠪᠢ᠂ ᠪᠡᠶ᠎ᠡ ᠶᠢ ᠮᠢᠨᠢ ᠤᠬᠢᠶᠠᠭᠰᠠᠨ ᠠᠷᠢᠭᠤᠨ ᠮᠦᠷᠡᠨ᠂ ᠤᠬᠠᠭᠠᠨ ᠢ ᠮᠢᠨᠢ ᠤᠮᠲᠠᠯᠠᠭᠰᠠᠨ ᠷᠠᠰᠢᠶᠡᠨ ᠤᠰᠤ ᠭᠡᠵᠦ ᠪᠤᠲᠤᠲᠠᠭ᠃ ᠪᠤᠯᠠᠭ ᠤᠨ ᠤᠰᠤᠨ ᠲᠤᠲᠤᠷ᠎ᠠ ᠪᠤᠷᠬᠠᠨ ᠤ ᠰᠠᠭᠤᠲᠠᠯ ᠪᠤᠯᠤᠨ ᠵᠠᠯᠠᠭᠲᠠᠭᠰᠠᠨ ᠡᠯᠢᠬᠡᠨ ᠬᠦᠷᠡᠩ ᠴᠢᠯᠠᠭᠤ ᠶᠢ ᠨᠤᠲᠤᠭ ᠤᠨ ᠮᠢᠨᠢ ᠬᠦᠮᠤᠰ ︽ᠪᠤᠷᠬᠠᠨ ᠲᠠᠯᠪᠢᠲᠠᠭ ᠴᠢᠯᠠᠭᠤ︾᠂ ︽ᠪᠤᠷᠬᠠᠨ ᠴᠢᠯᠠᠭᠤ︾ ᠬᠡᠵᠦ ᠲᠠᠭᠤᠲᠠᠲᠠᠭ᠃ ᠤᠷᠲᠤ ᠦᠷᠬᠡᠨ ᠢᠶᠠᠷ ᠢᠶᠠᠨ ᠲᠤᠬᠤᠢ ᠬᠢᠷᠢᠲᠠᠢ᠂ ᠦᠨᠲᠤᠷ ᠢᠶᠠᠷ ᠢᠶᠠᠨ ᠬᠤᠶᠠᠷ ᠲᠤᠬᠤᠢ ᠬᠢᠷᠢᠲᠠᠢ ︵ᠬᠦᠮᠤᠰ ᠤᠨ ᠬᠡᠯᠡᠬᠦ ᠪᠠᠷ᠂ ᠡᠯᠡᠰᠤᠨ ᠳᠤ ᠪᠤᠯᠠᠭᠲᠠᠴᠢᠬᠠᠭᠰᠠᠨ ᠪᠤᠯᠬᠤᠷ ᠶᠠᠭ ᠬᠡᠲᠤᠢ ᠦᠨᠲᠤᠷ ᠢ ᠨᠢ ᠮᠡᠲᠡᠬᠦ ᠦᠬᠡᠢ︶ ᠲᠡᠭᠰᠢ ᠲᠦᠷᠪᠡᠯᠵᠢᠨ ᠪᠠᠭᠠᠨ᠎ᠠ ᠬᠡᠯᠪᠡᠷᠢᠲᠠᠢ᠂ ᠲᠦᠪ ᠲᠤᠮᠲᠠ ᠪᠠᠨ ᠲᠡᠭᠰᠢ ᠲᠦᠷᠪᠡᠯᠵᠢᠨ ᠵᠢᠵᠢᠭᠬᠡᠨ ᠨᠦᠬᠡ ᠲᠠᠢ᠂ ᠡᠯᠢᠬᠡᠨ ᠬᠦᠷᠡᠩ ᠦᠩᠭᠡ ᠲᠠᠢ ᠡᠨᠡ ᠴᠢᠯᠠᠭᠤᠨ ᠤ ᠲᠦᠪ ᠲᠤᠮᠲᠠ ᠨᠢ ᠵᠠᠮᠪᠠᠯᠭᠠᠷᠪᠦ ᠪᠤᠷᠬᠠᠨ ᠪᠠᠶᠢᠵᠦ ᠬᠡᠨ᠎ᠡ᠃ ᠬᠦᠮᠤᠰ ᠲᠡᠭᠡᠲᠤᠯᠡᠨ ᠬᠦᠨᠳᠦᠳᠬᠡᠵᠦ᠂ ᠵᠢᠯ ᠵᠢᠯ ᠤᠨ ᠪᠢᠯᠢᠭ ᠤᠨ ᠲᠤᠭᠠᠯᠠᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠲᠦᠷᠪᠡᠨ ᠳᠤ ᠢᠲᠡᠭᠡᠨ ᠤ ᠲᠡᠭᠡᠵᠢ᠂ ᠠᠮᠲᠠᠲᠠᠨ ᠤ ᠤᠬᠢ ᠪᠠᠨ ᠡᠷᠬᠦᠨ ᠲᠠᠬᠢᠯᠭ᠎ᠠ ᠲᠠᠶᠢᠯᠠᠭ᠎ᠠ ᠲᠠᠯᠪᠢᠵᠦ᠂ ᠨᠠᠶᠢᠷ ᠨᠠᠭᠠᠲᠤᠮ ᠬᠢᠲᠡᠭ ᠪᠢᠯᠡ᠃ ᠡᠨᠡ ᠨᠠᠶᠢᠷ ᠲᠤ ᠮᠠᠨᠢ ᠦᠢᠷ᠎ᠡ ᠲᠦᠰᠦᠷ ᠤᠨ ᠬᠡᠲᠤᠨ ᠭᠠᠴᠡᠭᠠᠨ ᠤ ᠮᠠᠯᠴᠢᠳ ᠬᠤᠷᠠᠨ ᠴᠤᠭᠯᠠᠷᠠᠵᠦ᠂ ᠬᠤᠯᠠ ᠦᠢᠷ᠎ᠡ ᠶᠢᠨ ᠪᠦᠬᠡᠴᠢᠳ᠂ ᠤᠶᠠᠭᠠᠴᠢᠳ ᠤᠨ ᠲᠠᠮᠢᠷ ᠰᠢᠨᠲᠠᠰᠤ ᠪᠠᠨ ᠰᠦᠢᠭ᠌ᠰᠠᠨ ᠰᠠᠶᠢᠬᠠᠨ ᠨᠠᠶᠢᠷ ᠪᠤᠯᠲᠠᠭ ᠪᠢᠯᠡ᠃ ᠪᠠᠭ᠎ᠠ ᠪᠠᠶᠢᠬᠤ ᠳᠤ ᠲᠠᠰᠴᠦ ᠶᠠᠲᠠᠨ ᠬᠦᠯᠢᠶᠡᠲᠡᠭ ᠭᠡᠲᠤᠨ ᠡᠲᠤᠷ ᠤᠨ ᠨᠢᠬᠡ ᠨᠢ ᠪᠤᠯᠠᠭ ᠤᠨ ᠲᠠᠬᠢᠯᠭ᠎ᠠ ᠶᠢᠨ ᠡᠲᠤᠷ ᠶᠤᠮ᠃
     ᠡᠨᠡ ᠵᠢᠯ ᠤᠨ ᠪᠤᠯᠠᠭ ᠤᠨ ᠨᠠᠶᠢᠷ ᠤᠨ ᠦᠷᠯᠦᠬᠡ ᠡᠪᠦᠭᠡ ᠳᠤ ᠤᠲᠠᠰᠤ ᠠᠪᠴᠤ ︽ᠪᠤᠯᠠᠭ ᠤᠨ ᠢᠶᠠᠨ ᠲᠠᠭᠢᠯᠭ᠎ᠠ ᠳᠤ ᠪᠠᠰᠠ ᠯᠠ
ᠤᠴᠢᠵᠦ ᠲᠡᠶᠢᠯᠬᠦ ᠦᠬᠡᠢ︾ ᠭᠡᠪᠡᠯ᠂ ᠡᠪᠦᠭᠡ ᠮᠢᠨᠢ᠄ ︽ᠬᠠᠮᠢᠶ᠎ᠠ ᠦᠬᠡᠢ᠂ ᠮᠢᠨᠤ ᠬᠦᠤ᠂ ᠰᠡᠳᠬᠢᠯ ᠳᠤ ᠴᠢᠨᠢ ᠪᠠᠶᠢᠪᠠᠯ᠂ ᠮᠦᠷᠭᠦᠭᠰᠡᠨ ᠲᠠᠢ ᠠᠪ ᠠᠳᠠᠯᠢᠬᠠᠨ ᠡ ᠁ ᠴᠠᠢ ᠬᠤᠭᠤᠯᠠᠨ ᠤ ᠪᠠᠨ ᠲᠡᠭᠡᠵᠢ ᠶᠢ ᠵᠡᠬᠦᠨ ᠬᠤᠶᠢᠰᠢ ᠪᠠᠨ ᠨᠤᠲᠤᠭ ᠵᠦᠭ ᠢᠶᠠᠨ ᠡᠷᠬᠦᠵᠦ ᠪᠠᠢ︕︾ ᠬᠡᠵᠦ ᠬᠡᠯᠡᠭᠰᠡᠨ ᠶᠤᠮ᠃ ᠡᠪᠦᠭᠡ ᠮᠢᠨᠢ ᠭᠡᠲᠦ᠋ᠢᠪᠡᠷ ᠨᠠᠰᠤᠨ ᠰᠡᠬᠦᠲᠡᠷ ᠨᠠᠶᠠᠨ ᠭᠤᠷᠪᠡ ᠶᠢ ᠵᠤᠭᠤᠭᠯᠠᠭᠰᠠᠨ ᠴᠦ ᠤᠬᠠᠭᠠᠨ ᠰᠠᠷᠠᠭᠤᠯ᠂ ᠪᠠᠶ᠎ᠠ ᠲᠡᠩᠭᠡᠯᠡᠬᠦᠨ᠂ ᠬᠡᠯᠡᠬᠦ ᠦᠬᠡ ᠨᠢ ᠬᠦᠷᠲᠡᠯ᠎ᠠ ᠰᠡᠳᠬᠢᠯ ᠤᠨ ᠴᠢᠪᠬᠠᠲᠠᠰᠤ ᠶᠢ ᠬᠦᠨᠲᠡᠵᠦ᠂ ᠤᠬᠠᠭᠠᠷᠠᠯ ᠤᠨ ᠠᠶᠠᠰ ᠴᠤᠤᠷᠢᠶᠠᠲᠤᠭᠤᠯᠵᠦ ᠪᠠᠶᠢᠲᠠᠭ ᠤᠴᠢᠷ ᠠᠴᠠ ᠶᠠᠭᠤᠮ᠎ᠠ ᠯᠠ ᠪᠤᠯᠪᠠᠯ ᠡᠪᠦᠭᠡ ᠠᠴᠠ ᠠᠰᠠᠭᠤᠲᠠᠭ ᠨᠢ ᠵᠠᠩᠰᠢᠯ ᠪᠤᠯᠴᠢᠬᠠᠵᠠᠢ᠃ ᠬᠠᠷᠢ ᠬᠦᠨᠲᠡᠯᠡᠨ ᠤ ᠨᠤᠲᠤᠭ ᠳᠤ ᠲᠡᠮᠡᠴᠡᠵᠦ ᠲᠡᠮᠡᠤᠯᠵᠦ ᠶᠠᠪᠤᠬᠤ ᠳᠠᠭᠠᠨ ᠪᠢ ᠡᠪᠦᠭᠡ ᠶᠢᠨ ᠢᠶᠠᠨ ᠪᠤᠷᠬᠠᠨ ᠤᠬᠠᠭᠠᠨ ᠳᠤ ᠰᠢᠲᠤᠵᠦ᠂ ᠪᠤᠯᠠᠭ ᠤᠨ ᠢᠶᠠᠨ ᠪᠤᠷᠬᠠᠨ ᠴᠢᠯᠠᠭᠤᠨ ᠳᠤ ᠵᠠᠯᠪᠠᠷᠢᠬᠤ ᠳᠠᠭᠠᠨ ᠬᠡᠵᠢᠶᠡᠲᠡ ᠡᠨᠡ ᠬᠤᠶᠠᠷ ᠢ ᠶᠠᠮᠠᠷ ᠨᠢᠬᠡᠨ ᠤᠳᠬ᠎ᠠ ᠪᠠᠷ ᠢᠶᠠᠨ ᠬᠤᠯᠪᠤᠭᠠᠲᠠᠢ ᠬᠡᠵᠦ ᠰᠠᠨᠠᠲᠠᠭ᠂ ᠲᠡᠷᠤᠢ ᠡᠪᠦᠭᠡ ᠪᠠᠨ ᠪᠤᠭᠤᠷᠤᠯ ᠴᠢᠯᠠᠭᠤ ᠬᠡᠵᠦ᠂ ᠪᠤᠷᠬᠠᠨ ᠴᠢᠯᠠᠭᠤ ᠪᠠᠨ ᠪᠤᠭᠤᠷᠤᠯ ᠡᠪᠦᠭᠡ ᠪᠠᠨ ᠬᠡᠵᠦ ᠪᠤᠲᠤᠲᠠᠭ ᠬᠡᠰᠡᠨ ᠦᠬᠡ ᠯᠠ ᠳ᠋ᠧ᠃
     ᠡᠪᠦᠭᠡ ᠪᠠᠨ ᠪᠢ ᠴᠢᠯᠠᠭᠤ ᠰᠢᠭ᠋ ᠬᠠᠲᠠᠭᠤ ᠬᠦᠮᠤᠨ ᠬᠡᠵᠦ ᠪᠤᠲᠤᠲᠠᠭ᠃ ᠤᠷᠴᠢᠯᠠᠩ ᠬᠤᠷᠸ᠎ᠠ ᠶᠢᠨ ᠦᠪᠡᠷ ᠢᠶᠠᠨ ᠪᠦᠲᠦᠭᠰᠡᠨ ᠪᠦᠬᠦ
ᠵᠦᠢᠯᠠᠰ ᠤᠨ ᠲᠤᠲᠤᠷ᠎ᠠ ᠴᠢᠯᠠᠭᠤ ᠯᠠ ᠬᠠᠮᠤᠭ ᠤᠨ ᠬᠠᠲᠠᠭᠤ ᠪᠠᠶᠢᠲᠠᠭ ᠲᠤ ᠬᠡᠨ ᠬᠦᠮᠤᠨ ᠡᠷᠡᠭᠡᠯᠵᠡᠬᠦ ᠦᠬᠡᠢ ᠶᠤᠮ᠃ ᠢᠯᠡ ᠲᠤᠲᠤ ᠨᠢᠬᠡ ᠯᠠ ᠠᠭᠠᠰᠢ ᠲᠠᠢ᠂ ᠬᠡᠯᠡᠴᠢᠬᠡᠪᠡᠯ ᠬᠢᠬᠦ ᠦᠬᠡᠢ ᠪᠠᠶᠢᠵᠦ ᠪᠤᠯᠬᠤ ᠦᠬᠡᠢ ᠰᠢᠤ ᠬᠡᠵᠦ ᠲᠠᠩᠲᠠ ᠶᠠᠷᠢᠲᠠᠭ᠂ ᠠᠭᠤᠷᠯᠠᠭᠰᠠᠨ ᠴᠦ ᠪᠠᠶᠠᠷᠯᠠᠭᠰᠠᠨ ᠴᠦ ᠬᠠᠲᠠ ᠴᠢᠯᠠᠭᠤ ᠰᠢᠭ᠋ ᠲᠤᠪ ᠲᠤᠭᠤᠢ᠂ ᠤᠬᠠᠭᠠᠨ ᠨᠢ ᠪᠤᠯᠬᠤ ᠪᠠᠷ ᠢᠷ ᠲᠠᠢ ᠴᠢᠯᠠᠭᠤ ᠰᠢᠭ᠋ ᠬᠤᠷᠴᠡ᠃ ᠡᠶᠢᠮᠤ ᠯᠠ ᠬᠦᠮᠤᠨ ᠳ᠋ᠧ ᠡᠪᠦᠭᠡ ᠮᠢᠨᠢ︕ ᠡᠶᠢᠮᠤ ᠯᠠ ᠬᠠᠲᠠᠭᠤ ᠬᠦᠮᠤᠨ᠃
     ᠲᠡᠭᠡᠷ᠎ᠡ ᠵᠠᠭᠤᠨ ᠤ ᠲᠦᠴᠢᠭᠡᠳ ᠤᠨ ᠳᠤ ᠲᠦᠷᠪᠡᠭᠡᠨ
ᠨᠠᠰᠤᠨ ᠳᠠᠭᠠᠨ ᠡᠵᠢ ᠠᠴᠠ ᠪᠠᠨ ᠦᠨᠤᠴᠢᠷᠡᠵᠦ᠂ ᠮᠦᠨ ᠲᠡᠷᠡ ᠵᠢᠯ ᠠᠶᠢᠯ ᠭᠡᠷ ᠤᠨ ᠬᠢᠨᠢ ᠲᠦᠰᠢᠭ ᠶᠡᠭᠡ ᠠᠬ᠎ᠠ ᠨᠢ ᠡᠷᠲᠡᠮ ᠤᠨ ᠵᠢᠯᠤᠭᠤᠨ ᠳᠤ ᠲᠠᠲᠠᠭᠲᠠᠨ ᠠᠷᠡᠯ ᠤᠨ ᠶᠠᠫᠥᠨ ᠤᠷᠤᠭᠤ ᠶᠠᠪᠤᠭᠠᠳ᠂ ᠠᠴᠢᠲᠤ ᠠᠪᠤ᠂ ᠬᠤᠶᠠᠷ ᠠᠬ᠎ᠠ᠂ ᠦᠬᠢᠨ ᠲᠠᠭᠦᠤ ᠲᠠᠢ ᠪᠠᠨ ᠬᠠᠲᠠᠭᠤ ᠠᠮᠢᠲᠤᠷᠠᠯ ᠤᠨ ᠨᠤᠭᠤᠴᠠᠭᠠᠨ ᠲᠤᠮᠲᠠᠭᠤᠷ ᠲᠤᠭᠤᠴᠢᠨ ᠪᠠᠶᠢᠵᠦ ᠦᠨᠤᠲᠤᠷ ᠬᠦᠷᠦᠭᠰᠡᠨ ᠭᠡᠲᠡᠭ ᠡ᠃ ᠬᠡᠲᠡᠯ᠎ᠠ ᠡᠨᠡ ᠬᠦᠮᠤᠨ ᠰᠡᠳᠬᠢᠯ ᠴᠦᠬᠦᠷᠡᠭᠡ ᠦᠬᠡᠢ︕ ᠵᠢᠷᠭᠤᠭᠠᠨ ᠬᠡᠤᠭᠡᠳ ᠢᠶᠠᠨ ᠬᠦᠮᠤᠨ ᠪᠤᠯᠭᠠᠵᠦ᠂ ᠦᠪᠡᠷ ᠦᠪᠡᠷ ᠤᠨ ᠠᠮᠢᠲᠤᠷᠡᠯ ᠲᠠᠢ ᠨᠢ ᠵᠤᠯᠭᠠᠭᠤᠯᠵᠦ ᠦᠭᠭᠦᠭᠡᠳ᠂ ᠦᠪᠡᠷᠰᠡᠳ ᠢᠶᠠᠨ ᠬᠠᠷᠢᠨ ᠭᠡᠨ ᠳᠤ ᠨᠢ ᠴᠦ ᠲᠠᠷᠤᠭᠠᠰᠤ ᠪᠤᠯᠬᠤ ᠦᠬᠡᠢ ᠬᠡᠮᠡᠨ ᠬᠦᠯ ᠮᠠᠭᠤᠲᠠᠢ ᠡᠮᠡᠭᠡ ᠶᠢ ᠮᠢᠨᠢ ᠲᠦᠰᠢᠵᠦ ᠲᠤᠯᠤᠨ᠂ ᠬᠦᠢᠲᠡᠨ ᠬᠠᠯᠠᠭᠤᠨ ᠢᠶᠠᠨ ᠬᠤᠪᠢᠶᠠᠵᠦ ᠡᠳ᠋ᠯᠡᠨ ᠮᠠᠷᠭᠠᠰᠢ ᠤᠷᠤᠭᠤ ᠠᠯᠬᠤᠭᠰᠠᠭᠠᠷ ᠁ ᠤᠩᠭᠤᠨ ᠲᠠᠷᠬᠠᠨ ᠨᠤᠲᠤᠭ ᠤᠨ ᠮᠢᠨᠢ ᠰᠦᠭ ᠰᠦᠯᠲᠡ ᠶᠢ ᠡᠯᠢᠬᠡᠨ ᠳᠡᠭᠡᠨ ᠲᠡᠭᠡᠭᠡᠨ ᠤᠷᠤᠰᠬᠤ ᠪᠠᠶᠠᠨ ᠪᠤᠯᠠᠭ ᠮᠢᠨᠢ᠂ ᠡᠵᠡᠨ ᠲᠠᠢ ᠨᠤᠲᠤᠭ ᠢ ᠮᠢᠨᠢ ᠰᠠᠬᠢᠵᠦ ᠰᠠᠭᠤᠭ᠎ᠠ ᠪᠤᠷᠬᠠᠨ ᠴᠢᠯᠠᠭᠤ ᠮᠢᠨᠢ ᠡᠨᠡ ᠪᠦᠬᠦᠲᠡ ᠶᠢ ᠬᠠᠷᠠᠭᠰᠠᠭᠠᠷ᠂ ᠶᠠᠷᠢᠭᠰᠠᠭᠠᠷ᠃
     ᠡᠪᠦᠭᠡ ᠪᠠᠨ ᠪᠢ ᠴᠢᠯᠠᠭᠤ ᠰᠢᠭ᠋ ᠵᠦᠬᠡᠯᠡᠨ ᠬᠦᠮᠤᠨ ᠬᠡᠵᠦ ᠪᠤᠲᠤᠲᠠᠭ᠃ ᠪᠦᠲᠦᠷᠢᠵᠦ ᠦᠢᠴᠢᠬᠤ ᠳᠤ ᠮᠢᠨᠢ ᠢᠪᠡᠬᠡᠵᠦ ᠠᠷᠭᠠᠲᠠᠲᠠᠭ
ᠨᠤᠲᠤᠭ ᠤᠨ ᠢᠶᠠᠨ ᠪᠤᠷᠤ ᠴᠢᠯᠠᠭᠤ ᠶᠢ ᠪᠢ ᠢᠰᠡᠬᠡᠢ ᠰᠢᠭ ᠵᠦᠬᠡᠯᠡᠨ ᠬᠡᠵᠦ ᠪᠤᠲᠤᠲᠠᠭ ᠤᠨ ᠤᠴᠢᠷ ᠪᠠᠶᠢᠬᠤ ᠁
     ᠡᠪᠦᠭᠡ ᠮᠢᠨᠢ ᠨᠢᠬᠡ
ᠨᠠᠰᠤᠨ ᠳᠠᠭᠠᠨ ᠰᠤᠮᠤᠨ ᠤ ᠤᠳᠤᠷᠢᠳᠤᠯᠭ᠎ᠠ᠂ ᠪᠠᠷᠢᠭᠠᠲᠠ ᠶᠢᠨ ᠺᠠᠳ᠋ᠷ᠂ ᠮᠠᠯ ᠤᠨ ᠡᠮᠴᠢ᠂ ᠮᠠᠰᠢᠨ ᠤ ᠵᠢᠯᠤᠭᠤᠴᠢ᠂ ᠬᠤᠭᠤᠷ ᠢᠶᠠᠨ ᠪᠠᠷᠢᠪᠠᠯ ᠦᠯᠢᠭᠡᠷᠴᠢ᠂ ᠰᠦᠬᠡ ᠪᠠᠨ ᠪᠠᠷᠢᠪᠠᠯ ᠮᠤᠳᠤᠴᠢᠨ᠂ ᠬᠤᠷᠢᠮ ᠨᠠᠶᠢᠷ ᠲᠤ ᠬᠡᠯᠡᠮᠤᠷᠢᠴᠢ᠂ ᠬᠤᠸᠠᠩᠯᠢ ᠰᠡᠬᠦᠪᠡᠯ ᠦᠵᠡᠬᠡᠴᠢ ᠪᠤᠯᠵᠦ᠂ ᠴᠢᠲᠠᠬᠤ ᠦᠬᠡᠢ ᠮᠡᠲᠡᠬᠦ ᠦᠬᠡᠢ ᠶᠠᠭᠤᠮ᠎ᠠ ᠬᠡᠵᠦ ᠦᠬᠡᠢ᠂ ᠴᠢᠷᠠᠶᠢᠴᠢᠯᠠᠵᠦ ᠢᠷᠡᠭᠰᠡᠳ ᠲᠤ ︽ᠦᠬᠡᠢ︾ ᠬᠡᠵᠦ ᠬᠡᠯᠡᠯ ᠦᠬᠡᠢ᠂ ᠮᠠᠩᠬᠠᠨ ᠨᠤᠲᠤᠭ ᠲᠠᠭᠠᠨ ᠤᠯᠲᠠᠰᠢ ᠦᠬᠡᠢ ᠡᠷᠲᠠᠨᠢ ᠪᠠᠶᠢᠵᠦ ᠬᠡᠨ᠎ᠡ ᠡ᠃ ᠡᠮᠡᠭᠡ ᠶᠢᠨ ᠬᠡᠯᠡᠬᠦ ᠪᠠᠷ ᠡᠪᠦᠭᠡ ᠮᠢᠨᠢ ᠵᠠᠯᠠᠭᠤ ᠳᠠᠭᠠᠨ ᠬᠡᠲᠤᠨ ᠲᠦᠷᠦᠯ ᠤᠨ ᠬᠤᠭᠤᠷ ᠢ ᠬᠢᠯᠠᠷᠡᠲᠠᠯ᠎ᠠ ᠲᠠᠲᠠᠵᠦ᠂ ᠢᠷᠤᠭᠡᠯ ᠬᠤᠯᠪᠤᠭ᠎ᠠ ᠰᠠᠶᠢᠬᠠᠨ ᠬᠡᠯᠡᠲᠡᠭ ᠪᠠᠶᠢᠭᠰᠠᠨ᠃ ᠲᠠᠯᠠᠭᠠᠳ ᠤᠨ ᠳᠤ ᠦᠪᠤᠷ ᠮᠤᠩᠭᠤᠯ ᠤᠨ ︽ᠦᠯᠢᠭᠡᠷ ᠤᠨ ᠭᠡᠷ︾ ᠲᠤ ᠡᠪᠦᠭᠡ ᠶᠢ ᠮᠢᠨᠢ ᠬᠤᠭᠤᠷᠴᠢ ᠪᠠᠷ ᠠᠪᠬᠤ ᠪᠠᠷ ᠮᠤᠤᠡᠦ᠋ᠬᠢᠨ ᠪᠠᠭᠰᠢ ᠪᠡᠶ᠎ᠡ ᠪᠠᠷ ᠢᠶᠠᠨ ᠬᠦᠷᠬᠦ ᠳᠤ᠂ ︽ᠡᠴᠢᠭᠡ ᠲᠡᠭᠡᠲᠤ ᠶᠢᠨ ᠨᠤᠲᠤᠭ᠂ ᠡᠨᠡ ᠪᠡᠶ᠎ᠡ ᠶᠢ ᠮᠢᠨᠢ ᠦᠰᠭᠡᠭᠰᠡᠨ ᠭᠠᠵᠠᠷ ᠤᠰᠤ ᠪᠠᠨ ᠤᠷᠭᠢᠭᠠᠳ ᠶᠠᠪᠤᠴᠢᠬᠠᠵᠦ ᠪᠤᠯᠤᠨ᠎ᠡ ᠬᠡᠬᠦ ᠳᠤ ᠡᠵᠢ ᠠᠪᠤ ᠠᠴᠠ ᠮᠢᠨᠢ ᠦᠯᠡᠲᠡᠭᠰᠡᠨ ᠤᠬᠠᠭᠠᠨ ᠲᠤᠲᠠᠭᠤ ᠲᠡᠭᠦᠤ ᠪᠠᠨ ᠬᠠᠮᠢᠭ᠎ᠠ᠂ ᠬᠡᠨ ᠳᠤ ᠦᠭᠭᠦᠭᠡᠳ ᠶᠠᠪᠤᠨ᠎ᠠ ᠪᠤᠢ ᠪᠢ︖︾ ᠬᠡᠵᠦ ᠬᠡᠯᠡᠭᠡᠳ ᠤᠷᠤᠨ ᠤ ᠲᠦᠪ ᠠᠴᠠ ᠢᠷᠡᠭᠰᠡᠨ ᠬᠦᠮᠤᠰ ᠢ ᠪᠤᠴᠠᠭᠠᠭᠰᠠᠨ ᠬᠡᠲᠡᠭ ᠡ︕ ᠡᠨᠡ ᠪᠦᠬᠦᠲᠡ ᠦᠭᠡᠷᠡᠴᠢᠯᠠᠯᠲᠠ ᠬᠦᠭᠵᠢᠯᠲᠡ ᠶᠢᠨ ᠵᠠᠮ ᠢᠶᠠᠷ ᠦᠩᠭᠡ ᠲᠦᠷᠬᠦ ᠨᠢ ᠬᠤᠪᠢᠷᠠᠭᠰᠠᠨ ᠴᠦ ᠮᠠᠩᠬᠠᠨ ᠤ ᠤᠰᠤ ᠰᠢᠭ᠋ ᠲᠤᠩᠭᠠᠯᠠᠭ ᠰᠡᠳᠬᠢᠯ ᠨᠢ ᠠᠷᠢᠯᠤᠭ᠎ᠠ ᠦᠬᠡᠢ ᠮᠠᠯᠴᠢᠨ ᠲᠦᠮᠡᠨ ᠮᠢᠨᠢ ᠮᠡᠲᠡᠭᠰᠡᠭᠡᠷ ᠁ ᠤᠨ ᠴᠠᠭ ᠤᠨ ᠰᠡᠯᠬᠢᠨ ᠳᠤ ᠨᠠᠮᠠᠭ᠎ᠠ ᠰᠠᠯᠠᠭ᠎ᠠ ᠨᠢ ᠰᠢᠩᠭᠡᠷᠡᠭᠰᠡᠨ ᠴᠦ ᠡᠯᠡᠰᠤᠨ ᠨᠤᠲᠤᠭ ᠤᠨ ᠮᠢᠨᠢ ᠬᠦᠷᠤᠰᠤᠨ ᠳᠤ ᠬᠦᠨ ᠠᠴᠠ ᠬᠦᠨ ᠦᠨᠳᠦᠰᠦᠯᠡᠭᠰᠡᠨ ᠬᠦᠭᠰᠢᠨ ᠬᠠᠶᠢᠯᠠᠰᠤ ᠨᠤᠭᠤᠳ ᠴᠡᠭᠡᠵᠢᠯᠡᠭᠰᠡᠭᠡᠷ ᠡ᠃
     
ᠡᠪᠦᠭᠡ ᠪᠠᠨ ᠪᠢ ᠴᠢᠯᠠᠭᠤ ᠰᠢᠭ᠋ ᠤᠶᠠᠨ ᠬᠦᠮᠤᠨ ᠬᠡᠵᠦ ᠪᠤᠲᠤᠲᠠᠭ᠃ ︽ᠴᠢᠯᠠᠭᠤ ᠮᠢᠩᠭᠠᠨ ᠲᠠᠯ᠎ᠠ ᠲᠠᠢ︾᠃ ᠶᠠᠭᠠᠬᠢᠵᠦ ᠠᠰᠢᠭᠯᠠᠭᠰᠠᠨ ᠴᠦ ᠠᠴᠢ ᠲᠤᠰᠠ ᠪᠠᠨ ᠦᠭᠬᠦ ᠪᠠᠷ ᠢᠶᠠᠨ ᠦᠭᠬᠦᠨ᠎ᠡ ᠬᠡᠵᠦ ᠶᠠᠷᠢᠲᠠᠭ᠃
     ᠤᠰᠤ ᠨᠤᠲᠤᠭ ᠤᠨ ᠬᠢᠨᠢ
ᠡᠪᠦᠭᠡ ᠶᠢ ᠮᠢᠨᠢ ︽ᠠᠮᠪᠢ ᠠᠪᠤ︾ ᠬᠡᠵᠦ ᠬᠦᠨᠳᠦᠳᠬᠡᠨ ᠲᠠᠭᠤᠲᠠᠲᠠᠭ᠃ ᠡᠪᠦᠭᠡ ᠮᠢᠨᠢ ᠭᠡᠵᠢᠶᠡᠲᠡ ᠮᠡᠲᠡᠯᠬᠡ ᠬᠦᠮᠤᠨ ᠳᠤ ᠢᠯᠡᠭᠦᠲᠡᠬᠦ ᠦᠬᠡᠢ ᠬᠡᠵᠦ ᠶᠠᠷᠢᠲᠠᠭ᠃ ᠲᠠᠪᠤᠬᠠᠨ ᠨᠠᠰᠤ ᠲᠠᠢ ᠪᠠᠶᠢᠬᠤ ᠳᠤ ᠮᠢᠨᠢ ᠡᠯᠡᠰᠤᠨ ᠲᠡᠭᠡᠷ᠎ᠡ ᠲᠤᠤᠱᠢᠩ ᠤᠨ ᠡᠰᠢ ᠪᠠᠷ ᠴᠠᠭᠠᠨ ᠲᠤᠯᠤᠭᠠᠢ ᠵᠢᠭᠠᠭᠰᠠᠨ ᠢ ᠤᠲᠤ ᠪᠤᠯᠲᠠᠯ᠎ᠠ ᠮᠠᠷᠲᠠᠭ᠎ᠠ ᠦᠬᠡᠢ᠂ ᠦᠩᠭᠦᠷᠢᠵᠦ ᠦᠰᠦᠭᠰᠡᠨ ᠨᠤᠲᠤᠭ ᠤᠨ ᠮᠢᠨᠢ ᠡᠯᠡᠰᠤᠨ ᠬᠦᠲᠤᠯ ᠲᠡᠭᠡᠷ᠎ᠡ ᠪᠢᠴᠢᠭᠲᠡᠭᠰᠡᠨ ᠲᠡᠷᠡ ᠬᠡᠲᠤᠭᠡᠨ ᠡᠭᠡᠰᠢᠭ ᠢ ᠤᠲᠤ ᠪᠤᠯᠲᠠᠯ᠎ᠠ ᠪᠢ ᠭᠡᠷᠡᠭᠯᠡᠰᠡᠭᠡᠷ᠂ ᠶᠠᠷᠤᠨᠢ ᠲᠡᠬᠦᠨ ᠠᠴᠠ ᠦᠨᠡᠲᠡᠢ ᠡᠷᠲᠡᠮ ᠢ ᠪᠢ ᠤᠲᠤ ᠪᠤᠯᠲᠠᠯ᠎ᠠ ᠰᠤᠷᠤᠭ᠎ᠠ ᠦᠬᠡᠢ ᠳ᠋ᠡ᠃ ᠡᠪᠦᠭᠡ ᠮᠢᠨᠢ︕ ᠦᠨᠤᠲᠤᠷ ᠨᠠᠶᠠᠨ ᠨᠠᠰᠤᠨ ᠤ ᠲᠠᠪᠠᠭ᠎ᠠ ᠶᠢ ᠲᠠᠪᠠᠭᠰᠠᠨ ᠬᠡᠯ᠎ᠠ ᠴᠦ ᠴᠠᠭ ᠡᠷᠢᠨ ᠤ ᠬᠤᠪᠢᠷᠠᠯᠲᠠ ᠬᠦᠭᠵᠢᠯᠲᠡ᠂ ᠨᠡᠶᠢᠬᠡᠮ ᠲᠦᠷᠦ ᠶᠢᠨ ᠦᠴᠦᠭᠡᠲᠤᠷ ᠦᠨᠤᠲᠤᠷ ᠢ ᠶᠡᠭᠡᠲᠡ ᠠᠩᠬᠠᠷᠤᠨ᠂ ᠠᠯᠢ ᠤᠯᠤᠰ ᠨᠢ ᠶᠡᠷᠦᠩᠭᠡᠶᠢᠯᠡᠭᠴᠢ ᠪᠠᠨ ᠰᠤᠯᠢᠴᠢᠬᠠᠭᠰᠠᠨ᠂ ᠠᠯᠢ ᠤᠯᠤᠰ ᠲᠤ ᠨᠢ ᠲᠠᠶᠢᠨ ᠪᠤᠯᠤᠭᠰᠠᠨ᠂ ᠮᠡᠨ ᠤ ᠲᠡᠷᠢᠭᠦᠯᠦᠭᠴᠢ ᠶᠠᠭᠤ ᠬᠡᠵᠦ ᠬᠡᠯᠡᠭᠰᠡᠨ᠂ ᠮᠠᠷᠭᠠᠰᠢ ᠶᠠᠭᠠᠬᠢᠵᠦ ᠬᠦᠭᠵᠢᠬᠦ ᠪᠤᠯᠤᠨ᠎ᠡ ᠭᠡᠳ ᠮᠡᠨ ᠤ ᠮᠡᠲᠤ ᠶᠢᠨ ᠡᠲᠤᠷᠵᠢᠨ ᠲᠧᠯᠸᠢᠰ ᠱᠠᠭᠠᠶᠢᠵᠦ᠂ ᠭᠠᠷ ᠤᠲᠠᠰᠤ ᠪᠠᠷᠢᠭᠰᠠᠨ ᠵᠠᠯᠠᠭᠤᠰ ᠠᠴᠠ ᠢᠯᠡᠬᠦᠤ ᠮᠡᠲᠡᠵᠦ᠂ ᠭᠡᠷᠡᠭ ᠲᠠᠢ ᠶᠠᠭᠤᠮᠠᠨ ᠳᠤ ᠭᠡᠷᠡᠭᠯᠡᠪᠡᠯ ᠲᠡᠭᠦᠨ ᠠᠴᠠ ᠰᠠᠶᠢᠨ ᠶᠠᠭᠤᠮ᠎ᠠ ᠦᠬᠡᠢ᠂ ᠭᠡᠷᠡᠭ ᠦᠬᠡᠢ ᠶᠠᠭᠤᠮᠠᠨ ᠳᠤ ᠵᠠᠷᠤᠪᠠᠯ ᠲᠡᠭᠦᠨ ᠠᠴᠠ ᠮᠠᠭᠤ ᠶᠠᠭᠤᠮ᠎ᠠ ᠦᠬᠡᠢ ᠬᠡᠵᠦ ᠭᠠᠷ ᠤᠲᠠᠰᠤ ᠶᠢ ᠮᠢᠨᠢ ᠵᠢᠭᠠᠨ ᠬᠡᠯᠡᠬᠦ ᠳᠤ ᠨᠢ ︽ᠤᠲᠤ ᠯᠠ ᠶᠠᠩᠰᠢᠭᠠᠳ ᠡᠬᠢᠯᠡᠭᠰᠡᠨ ᠡ︾ ᠭᠡᠵᠦ ᠪᠤᠲᠤᠲᠠᠭ ᠪᠠᠶᠢᠭᠰᠠᠨ ᠰᠠᠨ᠃ ᠤᠲᠤ ᠪᠤᠲᠤᠬᠤ ᠳᠤ ᠶᠡᠭᠡᠯᠡ ᠯᠠ ᠤᠬᠠᠭᠠᠨ ᠨᠢᠭᠤᠭᠰᠠᠨ ᠦᠬᠡ ᠶᠤᠮ ᠳ᠋ᠡ᠃
     ᠤᠷᠴᠢᠯᠠᠩ ᠤᠨ ᠬᠠᠤᠯᠢ᠂ ᠬᠤᠷᠸ᠎ᠠ ᠶᠢᠨ ᠵᠢᠮ᠎ᠠ ᠪᠠᠷ ᠡᠪᠤᠭᠡᠷᠡᠭᠰᠡᠨ ᠨᠤᠲᠤᠭ᠂
ᠴᠢᠯᠠᠭᠤ᠂ ᠡᠪᠦᠭᠡ ᠭᠤᠷᠪᠡ ᠮᠢᠨᠢ ᠨᠢᠬᠡ ᠯᠠ ᠤᠳᠬ᠎ᠠ ᠪᠠᠷ ᠢᠶᠠᠨ ᠢᠵᠢᠯᠬᠡᠨ ᠮᠢᠨᠤ ᠰᠡᠳᠬᠢᠯ ᠤᠨ ᠤᠶᠠᠭᠠᠰᠤ ᠪᠢᠯᠡ ᠡ︕ ᠴᠠᠬᠠᠷ ᠶᠠᠰᠤᠨ ᠤ ᠬᠡᠯᠲᠡᠷᠬᠡᠢ᠂ ᠴᠠᠪᠢᠲᠡᠷ ᠮᠤᠷᠢ ᠲᠠᠢ ᠡᠪᠦᠭᠡ ᠮᠢᠨᠢ ᠮᠠᠷᠭᠠᠰᠢ ᠤᠷᠤᠭᠤ ᠪᠠᠨ ᠬᠠᠲᠠᠷᠢᠭᠤᠯᠤᠭᠰᠠᠭᠠᠷ ᠁
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号