ᠮᠤᠩᠭᠤᠯᠴᠤᠳ ︽ᠱᠠᠭᠠᠵᠠᠭᠠᠢ ᠱᠠᠬᠰᠢᠪᠠᠯ ᠰᠠᠶᠢᠨ ᠴᠢᠮᠡᠭᠡ ᠰᠤᠨᠤᠰᠤᠨ᠎ᠠ︕︾ ᠬᠡᠵᠦ᠂ ᠮᠤᠷᠢᠨ ᠪᠤᠯᠠᠭᠠᠨ ᠲᠡᠬᠡᠷ᠎ᠠ | ᠱᠠᠭᠠᠵᠠᠭᠠᠢ ᠰᠠᠭᠤᠵᠤ ᠱᠠᠬᠰᠢᠬᠤ ᠪᠤᠶᠤ ᠦᠳᠡ ᠶᠢᠨ ᠦᠶ᠎ᠡ ᠳᠤ ᠱᠠᠬᠰᠢᠪᠠᠯ ︽ᠠᠯᠤᠰ ᠠᠴᠠ | ᠵᠤᠴᠢᠨ ᠢᠷᠡᠨ᠎ᠡ︕︾ ᠬᠡᠳᠡᠭ᠃ ᠱᠠᠭᠠᠵᠠᠭᠠᠢ ᠶᠢᠨ ᠰᠡᠬᠦᠯ ᠬᠠᠮᠢᠭᠠᠰᠢ ᠪᠠᠨ ᠬᠠᠨᠳᠤᠵᠤ ᠪᠠᠶᠢᠪᠠᠯ ᠲᠡᠷᠡ | ᠵᠦᠭ ᠠᠴᠠ ᠵᠤᠴᠢᠨ ᠢᠷᠡᠨ᠎ᠡ᠂ ᠱᠠᠭᠠᠵᠠᠭᠠᠢ ᠶᠢᠨ ᠲᠤᠯᠤᠭᠠᠢ ᠬᠡᠷ ᠵᠦᠭ ᠬᠠᠨᠳᠤᠵᠤ ᠪᠠᠶᠢᠬᠤ ᠶᠢ ᠭᠠᠳᠠᠬᠰᠢ | ᠶᠠᠪᠤᠬᠰᠠᠨ ᠬᠦᠮᠦᠨ ᠬᠠᠷᠢᠵᠦ ᠢᠷᠡᠬᠦ ᠶᠢᠨ ᠪᠡᠯᠬᠡᠳᠡᠯ ᠬᠡᠳᠡᠭ᠃ ᠤᠢᠢᠷᠠᠳᠴᠤᠳ ᠨᠠᠷᠠ ᠭᠠᠷᠬᠤ ᠶᠢᠨ | ᠡᠮᠦᠨ᠎ᠡ ᠱᠠᠭᠠᠵᠠᠭᠠᠢ ᠱᠠᠬᠰᠢᠪᠠᠯ ︽ᠤᠯᠠᠭ᠎ᠠ ᠭᠠᠷᠤᠨ᠎ᠠ︕︾᠂ ᠦᠳᠡ ᠶᠢᠨ ᠦᠶ᠎ᠡ ᠳᠤ ᠱᠠᠬᠰᠢᠪᠠᠯ | ︽ᠬᠡᠶᠢᠴᠢᠨ ᠢᠷᠡᠨ᠎ᠡ︕ ᠰᠦᠨᠢ ᠱᠠᠬᠰᠢᠪᠠᠯ ︽ᠡᠪᠡᠳᠴᠢᠨ ᠵᠤᠪᠠᠯᠠᠩ ᠤᠷᠢᠶᠠᠨ᠎ᠠ︕︾ ᠬᠡᠳᠡᠭ᠃ ᠲᠡᠷᠡ ᠮᠦᠷᠳᠡᠬᠡᠨ | ᠪᠠᠶᠢᠭᠠᠯᠢ ᠴᠠᠭ ᠠᠭᠤᠷ ᠲᠠᠢ ᠬᠤᠯᠪᠤᠬᠳᠠᠭᠤᠯᠤᠨ ᠱᠠᠭᠠᠵᠠᠭᠠᠢ ᠶᠢᠨ ᠦᠢᠯᠡ ᠬᠦᠳᠡᠯᠬᠡᠬᠡᠨ ᠢ ᠨᠠᠷᠢᠨ ᠠᠵᠢᠬᠯᠠᠨ | ᠰᠢᠨᠵᠢᠯᠡᠭᠰᠡᠨ ᠪᠠᠶᠢᠳᠠᠭ᠃ ᠲᠤᠬᠠᠢᠢᠯᠠᠪᠠᠯ ︽ᠵᠤᠨ ᠤ ᠤᠯᠠᠷᠢᠯ ᠳᠤ ᠱᠠᠭᠠᠵᠠᠭᠠᠢ ᠤᠯᠠᠨ | ᠱᠠᠬᠰᠢᠪᠠᠯ ᠬᠤᠷ᠎ᠠ ᠪᠤᠷᠤᠭᠠᠨ ᠡᠯᠪᠡᠭᠰᠢᠨ᠎ᠡ᠃ ᠡᠪᠤᠯ ᠡᠬᠦᠷ ᠵᠦᠭ ᠢᠶᠠᠨ ᠴᠦᠪᠦᠳᠡᠯ ᠤᠯᠠᠨ ᠵᠦᠬᠡᠬᠡᠪᠡᠯ | ᠲᠡᠭᠷᠢ ᠬᠦᠢᠳᠡᠷᠡᠨ᠎ᠡ᠂ ᠬᠠᠪᠤᠷ ᠡᠬᠦᠷ ᠢᠶᠠᠨ ᠲᠡᠬᠡᠭᠰᠢ ᠬᠠᠨᠳᠤᠭᠤᠯᠵᠤ ᠪᠠᠷᠢᠵᠦ ᠪᠠᠶᠢᠪᠠᠯ ᠭᠠᠩ ᠵᠢᠯ ᠪᠤᠯᠤᠨ᠎ᠠ᠂ ᠬᠠᠵᠠᠭᠤ | ᠲᠡᠰᠢ ᠪᠠᠨ ᠬᠠᠨᠳᠤᠭᠤᠯᠤᠨ ᠪᠠᠷᠢᠵᠤ ᠪᠠᠶᠢᠪᠠᠯ ᠪᠤᠷᠤᠭᠠᠨ ᠡᠯᠪᠡᠭ ᠵᠢᠯ ᠪᠤᠯᠤᠨ᠎ᠠ︕︾ ᠬᠡᠬᠦ ᠪᠤᠶᠤ | ᠱᠠᠭᠠᠵᠠᠭᠠᠢ ︽ᠮᠦᠰᠦᠨ ᠲᠡᠬᠡᠷ᠎ᠡ ᠰᠠᠭᠤᠪᠠᠯ ᠲᠤᠯᠠᠭᠠᠨ ᠡᠪᠤᠯ ᠪᠤᠯᠤᠨ᠎ᠠ︕︾᠂ ︽ᠦᠷᠯᠦᠬᠡ | ᠡᠷᠳᠡ ᠮᠤᠳᠤᠨ ᠲᠡᠬᠡᠷ᠎ᠡ ᠰᠠᠭᠤᠵᠤ ᠱᠠᠬᠰᠢᠪᠠᠯ ᠪᠤᠷᠤᠭᠠᠨ ᠤᠷᠤᠨ᠎ᠠ︕︾ ᠬᠡᠳᠡᠭ᠃ ᠬᠤᠷᠴᠢᠨ ᠵᠡᠬᠦᠨ ᠭᠠᠷᠤᠨ | ᠬᠤᠶᠢᠳᠦ ᠬᠤᠰᠢᠭᠤᠨ ᠤ ᠬᠢᠨ ᠱᠠᠭᠠᠵᠠᠭᠠᠢ ᠦᠳᠡ ᠶᠢᠨ ᠡᠮᠦᠨ᠎ᠡ ᠱᠠᠬᠰᠢᠪᠠᠯ ᠰᠠᠶᠢᠨ ᠴᠢᠮᠡᠭᠡ ᠰᠤᠨᠤᠰᠤᠨ᠎ᠠ᠂ | ᠦᠳᠡ ᠶᠢᠨ ᠬᠤᠶᠢᠨ᠎ᠠ ᠱᠠᠬᠱᠢᠪᠠᠯ ︽ᠮᠠᠭᠤ ᠴᠢᠮᠡᠭᠡ ᠰᠤᠨᠤᠰᠤᠨ᠎ᠠ︕︾ ᠬᠡᠵᠦ ᠦᠵᠡᠳᠡᠭ ᠠᠴᠠ ᠱᠠᠭᠠᠵᠠᠭᠠᠢ | ᠱᠠᠬᠰᠢᠬᠤ ᠶᠢ ᠰᠤᠨᠤᠰᠤᠬᠰᠠᠭᠠᠷ ︽ᠰᠠᠶᠢᠨ ᠠᠮᠠ᠂ ᠰᠠᠶᠢᠨ ᠠᠮᠠ︕︾ ᠬᠡᠵᠦ ᠰᠢᠪᠰᠢᠳᠡᠭ᠃ | ᠰᠢᠯᠢ ᠶᠢᠨ ᠭᠤᠤᠯ ᠠᠶᠢᠮᠠᠭ ᠲᠤ ︽ᠰᠠᠶᠢᠨ ᠬᠡᠯᠡ᠂ ᠰᠠᠶᠢᠨ ᠬᠡᠯᠡ᠂ ᠰᠠᠭᠠᠷᠢᠨ ᠭᠤᠳᠤᠯ ᠤᠶᠤᠵᠤ ᠦᠭᠬᠦᠶ᠎ᠡ᠂ ᠪᠤᠵᠠᠭᠠᠢ ᠬᠡᠯᠡ᠂ | ᠪᠤᠯᠢᠭᠠᠷᠢᠨ ᠭᠤᠳᠤᠯ ᠤᠶᠤᠵᠦ ᠦᠭᠬᠦᠶ᠎ᠠ︕︾ ᠬᠡᠵᠦ ᠰᠠᠶᠢᠨ ᠴᠢᠮᠡᠭᠡ ᠬᠦᠷᠬᠡᠵᠦ ᠢᠷᠡᠬᠦ ᠶᠢ ᠬᠦᠰᠡᠮᠵᠢᠯᠡᠨ | ︽ᠭᠤᠳᠤᠯ ᠤᠶᠤᠵᠤ ᠦᠭᠬᠦᠶ᠎ᠠ︕︾ ᠬᠡᠵᠦ ᠠᠮᠠᠯᠳᠤᠨ ᠰᠢᠪᠰᠢᠳᠡᠭ᠃ ᠮᠤᠩᠭᠤᠯᠴᠤᠳ ︽ᠱᠠᠭᠠᠵᠠᠭᠠᠢ | ᠠᠯᠠᠪᠠᠯ ᠠᠩ ᠲᠤᠳᠠᠭᠠᠨᠠ︕︾ ᠬᠡᠬᠦ ᠪᠤᠶᠤ ︽ᠬᠡᠶᠢᠮᠦᠷᠢ ᠬᠡᠪᠳᠡᠨ᠎ᠡ︕︾ ᠬᠡᠵᠦ ᠦᠵᠡᠳᠡᠭ ᠠᠴᠠ | ᠱᠠᠭᠠᠵᠠᠭᠠᠢ ᠶᠢ ᠬᠠᠷᠪᠤᠵᠤ ᠨᠠᠮᠨᠠᠬᠤ ᠶᠢ ᠴᠡᠬᠡᠷᠯᠡᠳᠡᠭ᠃ |