ᠮᠣᠷᠢᠨ ᠬᠤᠭᠤᠷ ᠤᠨ ᠡᠭᠦᠰᠦᠯ
ᠨᠡᠶᠢᠲᠡᠯᠡᠭᠰᠡᠨ ᠴᠠᠭ᠄
2020/5/20
   ᠮᠣᠩᠭᠤᠯ ᠦᠨᠳᠦᠰᠦᠲᠡᠨ ᠤ ᠴᠤᠭᠤᠷ ᠤᠷᠠᠯᠢᠭ ᠲᠤ ᠮᠣᠷᠢᠨ ᠬᠤᠭᠤᠷ ᠨᠢ ᠬᠦᠭᠵᠢᠮᠳᠡᠬᠦᠷ  ᠤᠨ ᠴᠤᠭᠤᠷ ᠤᠨ ᠣᠷᠭᠢᠯ ᠪᠤᠯᠵᠣ᠂ ᠢᠯᠠᠩᠭᠤᠶ᠎ᠠ ᠰ᠊᠂ ᠷᠠᠰᠢ᠂  ᠰᠠᠩᠳᠦ᠋ᠭᠦᠷᠡᠩ᠂  ᠴᠢ  ·  ᠪᠤᠯᠠᠭ᠂  ᠪᠦᠷᠢᠨᠪᠠᠶᠠᠷ  ᠪᠠ  ᠳ᠋ᠠᠷᠮ᠎ᠠ  ᠵᠡᠷᠭᠡ  ᠠᠯᠢ  ᠣᠯᠠᠨ‌‍ᠰᠢᠯᠭᠠᠷᠠᠭᠰᠠᠨ ᠤᠷᠠᠯᠢᠭᠴᠢᠳ ᠤᠨ ᠰᠠᠶᠢᠵᠢᠷᠠᠭᠤᠯᠬᠤ ᠪᠠ ᠳᠡᠭᠡᠭᠰᠢᠯᠡᠭᠦᠯᠬᠦ ᠪᠠᠷ ᠳᠡᠮᠵᠢᠨ᠂ ᠡᠨᠡ ᠬᠦ ᠬᠦᠭᠵᠢᠮᠳᠡᠬᠦᠷ ᠨᠢ  ᠥᠷᠭᠡᠨ‌‍ᠲ᠋ᠡᠯᠭᠡᠷ ᠲᠦᠭᠡᠮᠡᠯᠵᠢᠵᠦ᠂ ᠳᠡᠯᠡᠬᠡᠶ ᠶᠢᠨ ᠳᠠᠭᠤᠤ ᠬᠥᠭᠵᠢᠮ ᠤᠨ ᠤᠷᠠᠯᠢᠭ ᠤᠨ ᠤᠢ ᠳᠣᠲᠣᠷᠠᠬᠢ  ᠦᠨᠡᠲᠦ  ᠡᠷᠳᠡᠨᠢ  ᠪᠣᠯᠤᠭᠰᠠᠨ‌‍ᠪᠠᠶᠢᠨ᠎ᠠ᠃ ᠭᠡᠪᠡᠴᠦ ᠮᠣᠷᠢᠨ ᠬᠤᠭᠤᠷ ᠤᠨ ᠡᠭᠦᠰᠦᠯ ᠤᠨ ᠲᠤᠬᠠᠢ ᠡᠷᠳᠡᠮ ᠰᠢᠨᠵᠢᠯᠡᠭᠡᠨ ᠤ ᠬᠢᠨ ᠶᠡᠷᠤᠨᠢ ᠨᠤᠲᠠᠯᠠᠯ ᠬᠢᠭᠡᠳᠦᠢ᠃         ᠲᠠᠯ᠎ᠠ ᠨᠤᠲᠤᠭ ᠲᠤ ᠨᠢᠭᠡ ᠡᠷᠲᠡᠨ ᠤ ᠤᠯᠠᠮᠵᠢᠯᠠᠯ ᠶᠠᠷᠢᠶ᠎ᠠ ᠪᠠᠶᠢᠳᠠᠭ᠂ ᠬᠥᠮᠦᠰ ᠠᠶᠢᠷᠠᠭ ᠤᠨ ᠰᠢᠨᠠᠭ᠎ᠠ ᠶᠢ ᠦᠬᠡᠷ ‍ᠦᠨ‌ᠠᠷᠠᠰᠤ ᠪᠠᠷ ᠪᠦᠷᠢᠵᠦ᠂ ᠮᠣᠷᠢᠨ ᠰᠡᠬᠦᠯ ᠤᠨ ᠬᠢᠯᠭᠠᠰᠣ ᠪᠠᠷ ᠬᠤᠶᠠᠷ ᠬᠥᠪᠴᠢ ᠲᠠᠲᠠᠵᠤ ᠬᠥᠭᠵᠢᠮᠳᠡᠭᠦᠷ ᠪᠣᠯᠭᠠᠨ ᠬᠦᠭᠵᠢᠮᠳᠡᠳᠡᠭ ᠢ︽ᠰᠢᠨᠠᠭᠠᠨ ᠬᠤᠭᠤᠷ︾ ᠬᠡᠮᠡᠳᠡᠭ ᠪᠠᠶᠢᠪᠠ᠃       ᠮᠣᠷᠢᠨ ᠬᠤᠭᠤᠷ ᠪᠣᠯ 19 ᠳ᠋ᠦ᠋ᠭᠡᠷ ᠵᠠᠭᠤᠨ ᠤ ᠰᠡᠭᠦᠯᠴᠢ ᠪᠠᠷ ᠰᠢᠨ᠎ᠡ ᠪᠠᠷ ᠮᠠᠨᠳᠤᠭᠰᠠᠨ ᠬᠥᠭᠵᠢᠮ ᠪᠣᠯᠤᠨ᠎ᠠ᠃ ᠲᠡᠭᠦᠨ‌‍ᠦ ᠪᠣᠢ ᠪᠣᠯᠣᠭᠰᠠᠨ ᠨᠢ ᠮᠥᠨ ᠴᠦ ᠤᠷᠳᠤ ᠤᠳᠠᠭᠠᠨ ᠬᠥᠭᠵᠢᠯᠲᠡ ᠶᠢ ᠦᠩᠭᠡᠷᠡᠭᠡᠭᠰᠡᠨ ᠪᠦᠬᠡᠳ ᠡᠨᠡ  ᠬᠦ  ᠶᠠᠪᠤᠴᠠ  ᠳ᠋ᠠᠭᠠᠨ‌ᠤᠯᠠᠨ ᠡᠰᠢᠲᠦ ᠰᠣᠶᠣᠯ ᠤᠨ ᠬᠦᠴᠦᠨ ᠵᠦᠶᠯ ᠤᠨ ᠨᠥᠯᠥᠭᠡ ᠶᠢ ᠣᠯᠤᠭᠰᠠᠨ ᠪᠠᠶᠢᠯ᠎ᠠ᠂ ᠡᠭᠦᠨ ᠳᠤ ᠡᠶᠢᠮᠣ ᠬᠡᠳᠦᠨ ᠵᠦᠶᠯ  ‍ᠦᠨ‌‍ᠬᠡᠯᠡᠯᠭᠡ ᠪᠠᠶᠢᠨ᠎ᠠ᠃        ᠶᠠᠭᠤᠨ ᠤ ᠤᠷᠢᠳ ᠪᠠᠷᠠᠭᠤᠨ ᠠᠹᠷᠢᠺᠠ ᠶᠢᠨ ᠣᠷᠣᠨ ᠤ RITI ᠬᠥᠭᠵᠢᠮ ᠪᠣᠯᠤᠨ᠎ᠠ᠃ ᠡᠨᠡ  ᠬᠦᠭᠵᠢᠮᠳᠡᠬᠦᠷ  ᠨᠢ‌‍ᠪᠠᠷᠠᠭᠤᠨ ᠠᠹᠷᠢᠺᠠ ᠶᠢᠨ ᠭᠠᠷᠠᠮ ᠤᠨ ᠬᠤᠲᠠ ᠳ᠋ᠠᠷᠺᠧᠯ  ᠠᠴᠠ ᠢᠷᠡᠯ  ᠎ ᠲᠠᠢ᠂  ᠮᠣᠷᠢᠨ  ᠰᠡᠭᠦᠯ  ᠎ ᠤᠨ  ᠬᠢᠯᠭᠠᠰᠣ ᠪᠠᠷ  ᠬᠢᠭᠰᠡᠨ‌ᠭᠠᠭᠴᠠ ᠬᠥᠪᠴᠢ ᠲᠠᠢ᠂ ᠮᠣᠷᠢᠨ ᠰᠡᠭᠦᠯᠲᠦ ᠶᠠᠲᠤᠭ᠎ᠠ ᠶᠢᠨ ᠨᠤᠮᠤ ᠲᠠᠢ᠂ ᠶᠠᠲᠤᠭ᠎ᠠ ᠶᠢᠨ ᠬᠠᠶᠢᠷᠴᠠᠭ ᠶᠢ ᠠᠪᠤᠷᠭᠤ  ᠮᠣᠭᠠᠶ  ᠵᠢᠨ‌ᠠᠷᠠᠰᠤ ᠪᠠᠷ ᠪᠦᠷᠢᠵᠠᠢ᠃        ᠳᠠᠷᠠᠭᠠᠯᠠᠪᠠᠯ ᠠᠹᠷᠢᠺᠠ ᠲᠢᠪ ᠤᠨ ᠡᠸ᠋ᠽᠢᠣᠪᠢᠶ᠎ᠡ ᠶᠢᠨ Masenqo᠎ ᠳᠤ ᠡᠨᠡ ᠬᠦ ᠬᠦᠭᠵᠢᠮᠳᠡᠬᠦᠷ ᠤᠨ  ᠬᠠᠶᠢᠷᠴᠠᠭ‌ᠨᠢ ᠳᠥᠷᠪᠡᠯᠵᠢᠨ ᠬᠡᠯᠪᠡᠷᠢ ᠲᠠᠢ ᠪᠠᠶᠢᠵᠣ᠂ ᠨᠢᠭᠤᠷ ᠢ ᠨᠢ‌ᠦᠬᠡᠷ ᠤᠨ ᠠᠷᠠᠰᠤ ᠪᠠᠷ ᠪᠦᠷᠢᠵᠦ᠂ ᠭᠠᠭᠴᠠ  ᠴᠢᠪᠬᠠᠳᠠᠰᠤᠲᠠᠢ᠂  ᠬᠡᠪ‌ᠨᠠᠮᠪᠠ ᠨᠢ ᠲᠦᠪᠯᠡᠭᠦᠨ ᠮᠥᠷᠲᠡᠭᠡᠨ ᠪᠣᠷᠣᠭᠵᠢᠭᠤᠨ᠃       ᠲᠠᠬᠢᠭᠠᠳ ᠬᠡᠯᠡᠪᠡᠯ᠂ ᠣᠳᠣᠬᠠᠨ ᠳᠤ ᠧᠦ᠋ᠷᠣᠫᠠ ᠲᠢᠪ ᠤᠨ ᠪᠠᠯᠺᠠᠨ ᠲᠠᠯ᠎ᠠ ᠨᠤᠲᠤᠭ  ᠎ ᠲᠤ  ᠮᠥᠨ  ᠯᠡ  ᠳᠡᠯᠭᠡᠷᠡᠵᠦ‌‍ᠪᠠᠶᠢᠭ᠎ᠠ ᠣᠯᠠᠮᠵᠢᠯᠠᠯᠳᠣ ᠭᠠᠭᠴᠠ ᠴᠢᠪᠬᠠᠳᠠᠰᠤᠲᠤ ᠬᠦᠭᠵᠢᠮᠳᠡᠬᠦᠷ Gusle ︵ᠺᠷᠤᠲ᠋ᠢᠶ᠎ᠠ ᠬᠡᠯᠡ︶ ᠪᠤᠯᠤᠨ᠎ᠠ᠃  Gusle  ᠵᠢ‌‍ᠶᠡᠷᠦ ᠳᠡᠭᠡᠨ ᠠᠷᠠᠳ ᠤᠨ ᠳᠠᠭᠤᠤ ᠪᠤᠶᠤ ᠲᠤᠤᠯᠢᠰ ᠬᠠᠪᠰᠤᠷᠤᠨ ᠬᠥᠭᠵᠢᠮᠳᠡᠬᠦ ᠳᠤ ᠬᠡᠷᠡᠭᠯᠡᠳᠡᠭ᠃  ᠬᠥᠭᠵᠢᠮᠳᠡᠬᠦ  ᠦᠶ᠎ᠡ  ᠎ ᠳᠤ᠂ᠬᠥᠭᠵᠢᠮᠳᠡᠭᠦᠷ ᠢᠶᠠᠨ ᠬᠤᠶᠠᠷ ᠡᠪᠦᠳᠦᠭ ᠤᠨ ᠳᠤᠮᠳᠠ ᠠᠰᠬᠠᠨ ᠬᠠᠪᠴᠢᠵᠤ᠂ ᠵᠡᠭᠦᠨ ᠭᠠᠷ ᠎ ᠤᠨ ᠬᠤᠷᠤᠭᠤ ᠪᠠᠷ ᠢᠶᠠᠨ ᠴᠢᠪᠬᠠᠳᠠᠬᠤ‌‍ᠪᠣᠯᠪᠠᠴᠤ ᠶᠠᠲᠤᠭ᠎ᠠ ᠶᠢᠨ ᠬᠥᠪᠴᠢ ᠨᠢ ᠶᠡᠷᠦ ᠠᠴᠠ ᠶᠠᠲᠤᠭ᠎ᠠ ᠶᠢᠨ ᠬᠦᠵᠦᠭᠦᠦ ᠲᠠᠢ ᠣᠶᠢᠷᠠᠳᠳᠠᠭ ᠦᠭᠡᠶ᠃        ᠳᠡᠭᠡᠷᠡᠬᠢ 3 ᠵᠦᠢᠯ ᠤᠨ ᠭᠠᠭᠴᠠ ᠴᠢᠪᠬᠠᠳᠠᠰᠤᠲᠤ ᠬᠦᠭᠵᠢᠮᠳᠡᠬᠦᠷ ᠲᠠᠢ ᠬᠠᠮᠤᠭ  ᠎ ᠤᠨ  ᠲᠥᠰᠦᠭᠡᠲᠡᠢ  ᠬᠦᠭᠵᠢᠮᠳᠡᠬᠦᠷ‌‍ᠪᠣᠯ Suhun khuuur (ᠰᠦᠬᠡᠨ ᠬᠤᠭᠤᠷ) ᠪᠣᠯᠤᠨ᠎ᠠ᠃ ᠡᠨᠡ ᠪᠣᠯ ᠮᠣᠩᠭᠤᠯ ᠦᠨᠳᠦᠰᠦᠲᠡᠨ ᠤ ᠡᠷᠲᠡᠨ  ᠎ ᠤ  ᠭᠠᠭᠴᠠ‌‍ᠴᠢᠪᠬᠠᠳᠠᠰᠤᠲᠤ ᠱᠦᠷᠭᠦᠭᠦᠯ ᠬᠥᠭᠵᠢᠮᠳᠡᠭᠦᠷ ᠪᠣᠯᠤᠨ᠎ᠠ᠃ ᠲᠡᠷᠡ ᠨᠢ ᠪᠤᠬ᠎ᠠ ᠶᠢᠨ ᠰᠦᠬᠡ (ᠪᠤᠷᠢᠶᠠᠳ  ᠨᠤᠲᠤᠭ  ᠎ ᠤᠨ  ᠠᠶᠠᠯᠭᠤ᠂ᠳᠠᠪᠤᠰᠠᠩ ᠤᠨ ᠤᠭᠤᠲᠠ ᠭᠡᠰᠡᠨ ᠤᠳᠬ᠎ᠠ ᠲᠠᠢ)᠎ ᠪᠠᠷ ᠨᠢᠭᠤᠷ  ᠢ ᠨᠢ ᠪᠦᠷᠢᠵᠦ᠂ ᠮᠣᠷᠢᠨ ᠰᠡᠭᠦᠯ ᠤᠨ ᠬᠢᠯᠭᠠᠰᠣ  ᠪᠠᠷ  ᠶᠠᠲᠤᠭ᠎ᠠ‌‍ᠶᠢᠨ ᠬᠥᠪᠴᠢ ᠬᠢᠵᠦ᠂ ᠬᠥᠭᠵᠢᠮᠳᠡᠬᠦ ᠳᠡᠭᠡᠨ ᠭᠠᠵᠠᠷ ᠰᠠᠭᠤᠭ᠎ᠠ ᠬᠡᠯᠪᠡᠷᠢ  ᠎ ᠪᠠᠷ  ᠬᠥᠪᠴᠢ  ᠎ ᠪᠠᠨ  ᠲᠠᠪᠤᠨ  ᠬᠤᠷᠤᠭᠤ  ᠎ ᠪᠠᠷ  ᠵᠶ᠋ᠠᠨ‌‍ᠴᠢᠯᠥᠭᠡᠲᠡᠶ ᠳᠠᠷᠤᠳᠠᠭ᠃        ᠮᠣᠷᠢᠨ ᠬᠤᠭᠤᠷ ᠬᠥᠭᠵᠢᠯ ᠤᠨ ᠲᠡᠤᠬᠡ ᠪᠠᠨ ᠪᠢᠴᠢᠭᠯᠡᠵᠦ᠂ ᠮᠣᠷᠢᠨ ᠬᠤᠭᠤᠷ ᠤᠨ ᠲᠠᠭᠤᠨ ᠲᠡᠦᠬᠡ ᠶᠢᠨ ᠣᠭᠲᠠᠷᠭᠤᠢ‌‍ᠶᠢᠨ ᠴᠡᠭᠡᠯ ᠳᠤ ᠴᠤᠤᠷᠢᠶᠠᠲᠤᠵᠤ᠂ ᠲᠤᠷᠠᠰᠬᠤ ᠲᠤᠰᠤᠮ ᠬᠥᠮᠦᠰ ᠤᠨ ᠰᠣᠨᠢᠷᠬᠠᠯ ᠢ ᠲᠠᠲᠠᠮ᠎ᠠ ᠰᠠᠶᠢᠬᠠᠨ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号