ᠡᠬᠡ ᠮᠤᠩᠭᠤᠯ ᠬᠡᠯᠡ | ︵ᠬᠦᠲᠦᠯᠦᠭᠡ ᠭᠤᠷᠪᠠ︶ | ᠭᠠᠯᠪᠠ ᠶᠢᠷᠲᠢᠨᠴᠦ ᠲᠤᠭᠲᠠᠨᠢᠬᠤ ᠶᠢᠨ ᠦᠶ᠎ᠡ ᠳᠤ ᠭᠠᠭᠴᠠᠬᠠᠨ ᠠᠮᠢᠯᠠᠭᠰᠠᠨ ᠮᠤᠩᠭᠤᠯ ᠬᠡᠯᠡ ᠮᠢᠨᠢ | ᠭᠠᠳᠠᠭᠠᠳᠤ ᠲᠤᠳᠤᠭᠠᠳᠤ ᠶᠢ ᠨᠢᠭᠡᠳᠬᠡᠨ ᠳᠠᠭᠠᠭᠤᠯᠤᠭᠰᠠᠨ ᠭᠠᠶᠢᠬᠠᠮᠰᠢᠭᠲᠦ ᠲᠡᠮᠦᠵᠢᠨ ᠤ ᠪᠤᠰᠤᠭ᠎ᠠ | ᠪᠢᠴᠢᠭ ᠮᠢᠨᠢ ᠡᠪᠦᠭᠡ ᠳᠡᠭᠡᠳᠦᠰ ᠤᠨ ᠰᠤᠷᠭᠠᠯ ᠲᠠᠢ ᠡᠭᠡᠰᠢᠭ ᠢᠷᠠᠭᠤ ᠡᠬᠡ ᠬᠡᠯᠡ ᠮᠢᠨᠢ | ᠪᠤᠮ ᠰᠠᠶ᠎ᠠ ᠤᠭᠰᠠᠭ᠎ᠠ ᠶᠠᠰᠤᠲᠠᠨ ᠢ ᠪᠤᠶᠠᠨᠰᠠᠭ ᠨᠢᠭᠲᠠᠷᠠᠭᠤᠯᠤᠭᠰᠠᠨ ᠠᠭᠤᠤ ᠬᠡᠯᠡ ᠪᠤᠯᠪᠠᠰᠤᠨ | ᠴᠠᠭ ᠤᠨ ᠰᠠᠶᠢᠬᠠᠨ ᠰᠤᠷᠲᠠᠯ ᠢ ᠪᠦᠮᠪᠦᠷᠴᠡᠭ ᠲᠤ ᠮᠦᠩᠬᠡᠯᠡᠭᠰᠡᠨ ᠳᠠᠷᠬᠠᠨ ᠬᠡᠯᠡ ᠤᠳᠤᠮ ᠵᠠᠯᠭᠠᠨ | ᠦᠪᠯᠡᠵᠦ ᠢᠷᠡᠭᠰᠡᠨ ᠤᠵᠠᠭᠤᠷ ᠲᠠᠩᠰᠤᠭ ᠡᠬᠡ ᠬᠡᠯᠡ ᠮᠢᠨᠢ ᠠᠯᠤᠨ ᠡᠬᠡ ᠶᠢᠨ ᠨᠠᠨᠳᠢᠨ ᠰᠤᠷᠭᠠᠯ | ᠲᠠᠢ ᠠᠶᠠᠯᠭᠤ ᠲᠤᠳᠤᠬᠠᠨ ᠲᠦᠷᠦᠯᠬᠢ ᠬᠡᠯᠡ ᠠᠴᠢᠷ ᠦᠷᠡᠰ ᠢᠶᠠᠨ ᠬᠦᠮᠦᠵᠢᠭᠦᠯᠬᠦ | ᠠᠪᠢᠶ᠎ᠠ ᠪᠠᠷᠢᠮᠵᠢᠶ᠎ᠠ ᠲᠠᠢ ᠴᠡᠪᠡᠷᠬᠡᠨ ᠬᠡᠯᠡ ᠦᠶ᠎ᠡ ᠶᠢᠨ ᠦᠶ᠎ᠡ ᠳᠤ ᠳᠡᠭᠡᠳᠦᠯᠡᠨ ᠶᠠᠪᠤᠬᠤ ᠦᠨᠢᠷ | ᠪᠠᠶᠠᠨ ᠮᠤᠩᠭᠤᠯ ᠬᠡᠯᠡ ᠮᠢᠨᠢ᠃ ᠲᠠᠯ᠎ᠠ ᠨᠤᠲᠤᠭ ᠤᠨ ᠦᠯᠢᠭᠡᠷ ᠲᠠᠯ᠎ᠠ ᠨᠤᠲᠤᠭ | ᠤᠨ ᠦᠯᠢᠭᠡᠷ ᠲᠠᠰᠤᠷᠠᠰᠢ ᠦᠭᠡᠢ ᠦᠷᠭᠦᠯᠵᠢᠯᠡᠨ᠎ᠡ ᠲᠠᠪᠤᠨ ᠲᠢᠪ ᠤᠨ ᠴᠠᠭᠠᠨ᠎ᠠ ᠲᠠᠪᠤᠨ | ᠦᠩᠭᠡ ᠪᠠᠷ ᠰᠤᠯᠤᠩᠭᠠᠷᠠᠨ᠎ᠠ ᠲᠡᠤᠬᠡ ᠶᠢᠨ ᠤᠷᠲᠤ ᠠᠶᠠᠨ ᠳᠤ ᠲᠦᠭ ᠲᠦᠮᠡᠨ ᠢ ᠤᠷᠠᠶᠢᠯᠠᠨᠠ | ᠲᠠᠩᠰᠤᠭ ᠰᠤᠶᠤᠯ ᠤᠨ ᠦᠪ ᠢ ᠳᠡᠯᠡᠬᠡᠢ ᠳ᠋ᠠᠬᠢᠨ ᠳᠤ ᠪᠢᠰᠢᠷᠡᠨ᠎ᠡ ᠲᠠᠩᠬᠢᠯ ᠢᠷᠠᠭᠤ ᠬᠡᠯᠡᠨ ᠤ | ᠳᠠᠯᠠᠢ ᠪᠠᠶᠠᠨ ᠢ ᠪᠠᠭ᠋ᠠᠳᠤᠨ᠎ᠠ ᠳᠡᠯᠭᠡᠷ ᠬᠠᠩᠭᠠᠢ ᠨᠤᠲᠤᠭ ᠤᠨ ᠲᠦᠭᠡᠮᠡᠯ ᠡᠯᠪᠡᠭ ᠢ | ᠱᠠᠭᠰᠢᠨ᠎ᠠ ᠲᠡᠮᠡᠤᠯᠦᠨ ᠲᠡᠮᠡᠤᠯᠦᠨ ᠬᠦᠷᠬᠦ ᠲᠤᠳᠤᠭᠠᠳᠤ ᠰᠢᠳᠢ ᠶᠢ ᠪᠠᠭ᠋ᠠᠷᠬᠠᠨ᠎ᠠ ᠳᠠᠶᠠᠩ | ᠶᠢᠷᠲᠢᠨᠴᠦ ᠳᠤ ᠬᠤᠪᠤᠷᠬᠠᠨ ᠳᠠᠯᠳᠠ ᠨᠢᠭᠤᠴᠠ ᠶᠢ ᠭᠠᠶᠢᠬᠠᠯᠳᠤᠨᠠ ᠲᠡᠷᠡ ᠬᠤᠯᠠ ᠠᠴᠠ | ᠦᠪᠯᠡᠭᠰᠡᠨ ᠳᠠᠷᠬᠠᠨ ᠮᠤᠩᠭᠤᠯ ᠬᠡᠯᠡ ᠮᠢᠨᠢ ᠳᠠᠷᠤᠯᠠᠯ ᠮᠦᠯᠵᠢᠯ ᠤᠨ ᠳᠤᠮᠳᠠ ᠠᠴᠠ | ᠳᠠᠬᠢᠨ ᠠᠮᠢᠯᠠᠭᠰᠠᠨ ᠰᠢᠲᠦᠭᠡᠨ ᠮᠢᠨᠢ ᠲᠠᠲᠠᠳᠤᠩᠭ᠎ᠠ ᠨᠠᠷ ᠤᠨ ᠪᠦᠲᠦᠭᠡᠭᠰᠡᠨ ᠳᠠᠶᠢᠴᠢᠨ ᠢᠷᠠᠭᠤ | ᠤᠶᠠᠩᠭ᠎ᠠ ᠮᠢᠨᠢ ᠳᠠᠬᠢᠨ ᠳᠠᠬᠢᠨ ᠤᠩᠰᠢᠬᠤ ᠳᠤ ᠳᠠᠩᠳᠠ ᠪᠠᠨ ᠳᠤᠭᠳᠤᠯᠬᠤ ᠡᠭᠡᠰᠢᠭ ᠮᠢᠨᠢ | ᠳᠠᠬᠢᠯᠲᠠ ᠵᠠᠭᠤᠨ ᠢ ᠡᠯᠡᠭᠡᠭᠰᠡᠨ ᠲᠡᠤᠬᠡ ᠶᠢᠨ ᠠᠭᠤᠤ ᠬᠠᠭᠤᠳᠠᠰᠤ ᠮᠢᠨᠢ ᠳᠡᠭᠡᠷ᠎ᠡ ᠨᠢ ᠦᠯᠢᠭᠡᠷ | ᠢᠶᠠᠨ ᠪᠢᠴᠢᠬᠦ ᠳᠠᠭᠤᠷᠢᠰᠬᠤ ᠠᠯᠳᠠᠷ ᠤᠨ ᠲᠠᠮᠠᠭ᠎ᠠ ᠮᠢᠨᠢ ᠳᠡᠮᠡᠴᠡᠵᠦ ᠪᠤᠰᠤᠯᠴᠠᠭᠰᠠᠨ ᠦᠯᠢᠭᠡᠷ ᠤᠨ | ᠲᠦᠮᠡ ᠪᠤᠮᠠᠨ ᠭᠤᠭᠴᠤᠭ᠎ᠠ ᠶᠤᠮ ᠳᠦᠷᠢᠮᠡᠬᠡᠢ ᠶᠤᠰᠤᠨ ᠢ ᠳᠠᠭᠠᠷᠢᠭᠰᠠᠨ ᠲᠦᠪ ᠦᠨᠡᠨ | ᠭᠡᠷᠡᠴᠢ ᠶᠤᠮ ᠲᠦᠪᠰᠢᠨ ᠵᠢᠷᠭᠠᠯᠲᠦ ᠠᠮᠢᠳᠤᠷᠠᠯ ᠤᠨ ᠲᠦᠯᠬᠢᠭᠦᠷ ᠪᠤᠯᠤᠭᠰᠠᠨ ᠰᠢᠳᠢ ᠶᠤᠮ | ᠲᠤᠮᠤᠭᠠᠵᠢᠵᠤ ᠦᠰᠬᠦ ᠬᠡᠤᠬᠡᠳ ᠤᠨ ᠲᠦᠬᠦᠭᠡᠷᠴᠦ ᠮᠡᠳᠡᠬᠦ ᠤᠴᠢᠷ ᠶᠤᠮ ᠲᠠᠨᠠᠨ ᠴᠠᠭᠠᠨ ᠭᠡᠷ | ᠤᠨ ᠮᠢᠨᠢ ᠳᠡᠭᠡᠪᠦᠷ ᠢ ᠬᠡᠯᠬᠢᠬᠦ ᠵᠦᠢ ᠶᠤᠮ ᠲᠠᠯ᠎ᠠ ᠶᠢᠨ ᠠᠭᠤᠳᠠᠮ ᠢ ᠬᠠᠷᠠᠬᠤ ᠲᠤᠭᠤᠷᠭ᠎ᠠ | ᠶᠢᠨ ᠶᠡᠭᠡ ᠴᠤᠩᠬᠤ ᠶᠤᠮ ᠲᠤᠯᠭ᠎ᠠ ᠶᠢᠨ ᠭᠠᠯ ᠢᠶᠠᠨ ᠬᠦᠭᠵᠢᠭᠡᠬᠦ ᠲᠤᠲᠤᠭᠤ ᠶᠢᠨ ᠨᠠᠮᠵᠢᠭᠤᠨ | ᠴᠢᠮᠡᠭᠡ ᠶᠤᠮ ᠲᠤᠭᠤᠨᠤ ᠶᠢᠨ ᠭᠡᠷᠡᠯ ᠢ ᠬᠠᠷᠠᠬᠤ ᠲᠤᠳᠤᠬᠠᠨ ᠮᠤᠩᠭᠤᠯ ᠤᠯᠠᠮᠵᠢᠯᠠᠯ ᠶᠤᠮ | ᠲᠠᠪᠤᠨ ᠬᠤᠰᠢᠭᠤ ᠮᠠᠯ ᠢ ᠪᠠᠨ ᠳᠤᠳᠤᠮᠳᠠᠵᠤ ᠦᠰᠭᠡᠭᠰᠡᠨ ᠲᠣᠤᠯᠢ ᠶᠤᠮ ᠲᠠᠷᠠᠭ ᠠᠶᠢᠷᠠᠭ ᠴᠠᠭᠠᠨ | ᠢᠳᠡᠭᠡᠨ ᠢ ᠳᠡᠭᠡᠳᠦᠯᠡᠵᠦ ᠢᠷᠡᠭᠰᠡᠨ ᠠᠮᠢᠳᠤᠷᠠᠯ ᠶᠤᠮ ᠲᠠᠯ᠎ᠠ ᠨᠤᠲᠤᠭ ᠤᠨ ᠦᠯᠢᠭᠡᠷ | ᠲᠠᠪᠤᠨ ᠲᠢᠪ ᠲᠤ ᠬᠠᠩᠭᠢᠨᠠᠨ᠎ᠠ ᠲᠠᠩᠰᠤᠭ ᠢᠷᠠᠭᠤ ᠬᠡᠯᠡ ᠮᠢᠨᠢ ᠳᠤᠯᠤᠭᠠᠨ ᠡᠭᠡᠰᠢᠭ ᠢᠶᠠᠷ | ᠦᠪᠯᠡᠨᠡ ᠲᠦᠮᠡᠨ ᠠᠭᠲᠠ ᠶᠢᠨ ᠳᠠᠪᠬᠢᠯᠲᠠ ᠳᠤᠮᠤᠭ ᠬᠦᠤᠷᠨᠢᠭᠰᠡᠨ ᠲᠠᠯ᠎ᠠ ᠲᠡᠭᠷᠢ ᠶᠢᠨ | ᠵᠢᠭᠦᠷᠲᠦ ᠬᠦᠯᠦᠭ ᠳᠡᠭᠦᠯᠢᠨ ᠨᠢᠰᠦᠭᠰᠡᠨ ᠦᠯᠢᠭᠡᠷ ᠲᠦᠭᠦᠨ ᠲᠦᠭᠦᠨ ᠢᠷᠡᠬᠦ ᠲᠦᠷᠦᠯᠬᠢ | ᠨᠤᠲᠤᠭ ᠤᠨ ᠰᠤᠳᠤᠷ ᠳᠦᠷᠢᠮᠡᠬᠡᠢ ᠬᠦᠴᠦᠨ ᠢ ᠢᠯᠠᠭᠰᠠᠨ ᠲᠤᠭ ᠨᠠᠮᠢᠷᠠᠭᠰᠠᠨ ᠳᠠᠭᠤᠯᠠᠯ | ᠲᠦᠢᠳᠬᠡᠷ ᠰᠠᠮᠠᠭᠤᠨ ᠢ ᠳᠠᠷᠤᠭᠰᠠᠨ ᠳᠠᠶᠢᠴᠢᠨ ᠬᠦᠴᠦᠨ ᠤ ᠣᠮᠣᠭᠰᠢᠯ ᠳᠠᠪᠰᠢᠨ ᠳᠠᠪᠰᠢᠨ | ᠤᠷᠤᠭᠰᠢᠯᠠᠬᠤ ᠳᠠᠷᠬᠠᠨ ᠰᠦᠯᠳᠡ ᠶᠢᠨ ᠭᠢᠯᠪᠠᠭ᠎ᠠ ᠳᠠᠷᠠᠭᠠᠯᠠᠨ ᠳᠠᠷᠠᠭᠠᠯᠠᠨ ᠦᠪᠯᠡᠬᠦ | ᠲᠠᠯ᠎ᠠ ᠨᠤᠲᠤᠭ ᠤᠨ ᠦᠯᠢᠭᠡᠷ ᠳᠠᠬᠢᠨ ᠳᠠᠬᠢᠨ ᠤᠩᠰᠢᠬᠤ ᠲᠠᠯ᠎ᠠ ᠨᠤᠲᠤᠭ ᠤᠨ ᠳᠤᠮᠤᠭ︕ | ᠲᠠᠯ᠎ᠠ ᠨᠤᠲᠤᠭ ᠤᠨ ᠰᠠᠬᠢᠭᠤᠰᠤ ᠳᠡᠯᠭᠡᠷ ᠮᠤᠩᠭᠤᠯ ᠬᠡᠯᠡ ᠮᠢᠨᠢ | ᠳᠡᠭᠡᠳᠦ ᠠᠴᠠ ᠦᠪᠯᠡᠭᠰᠡᠨ ᠰᠤᠶᠤᠯ ᠳᠡᠯᠡᠬᠡᠢ ᠳ᠋ᠠᠬᠢᠨ ᠳᠤ ᠬᠠᠩᠭᠢᠨᠠᠭᠰᠠᠨ ᠲᠠᠯ᠎ᠠ ᠨᠤᠲᠤᠭ ᠤᠨ | ᠰᠠᠬᠢᠭᠤᠰᠤ ᠲᠦᠮᠡ ᠪᠤᠮᠠᠨ ᠬᠡᠯᠡᠲᠡᠨ ᠳᠤ ᠲᠤᠩᠬᠠᠭ ᠪᠤᠯᠤᠭᠰᠠᠨ ᠰᠤᠶᠤᠯ | ᠲᠡᠤᠬᠡ ᠶᠢᠨ ᠬᠠᠭᠤᠳᠠᠰᠤᠨ ᠳᠤ ᠭᠢᠯᠠᠯᠵᠠᠬᠤ ᠲᠠᠯ᠎ᠠ ᠨᠤᠲᠤᠭ ᠤᠨ ᠰᠠᠬᠢᠭᠤᠰᠤ ᠳᠠᠶᠠᠭᠠᠷ | ᠶᠠᠰᠤᠲᠠᠨ ᠢ ᠡᠶᠡᠰᠡᠭᠦᠯᠬᠦ ᠳᠠᠯᠠᠢ ᠪᠤᠶᠠᠨᠲᠦ ᠰᠢᠲᠦᠭᠡᠨ ᠮᠢᠨᠤ ᠲᠠᠪᠤᠨ ᠲᠢᠪ ᠲᠤ ᠳᠠᠭᠤᠷᠢᠰᠬᠤ | ᠲᠠᠯ᠎ᠠ ᠨᠤᠲᠤᠭ ᠤᠨ ᠰᠠᠬᠢᠭᠤᠰᠤ ᠲᠠᠵᠢ ᠦᠷᠭᠡᠨ ᠨᠤᠲᠤᠭ ᠤᠨ ᠲᠠᠩᠰᠤᠭ ᠪᠠᠶᠠᠨ ᠢ | ᠲᠡᠮᠳᠡᠭᠯᠡᠭᠰᠡᠨ ᠳᠠᠶᠠᠩ ᠤᠨ ᠰᠤᠨᠤᠷ ᠲᠤ ᠴᠣᠤᠷᠠᠶᠢᠯᠠᠬᠤ ᠲᠠᠯ᠎ᠠ ᠨᠤᠲᠤᠭ ᠤᠨ ᠰᠠᠬᠢᠭᠤᠰᠤ | ᠳᠦᠷᠦᠭᠡ ᠦᠨᠳᠡᠶᠢᠬᠦ ᠪᠠᠭᠠᠲᠤᠳ ᠤᠨ ᠳᠠᠶᠢᠴᠢᠨ ᠭᠠᠪᠢᠶ᠎ᠠ ᠶᠢ ᠪᠢᠴᠢᠭᠯᠡᠭᠰᠡᠨ ᠳᠠᠭᠤᠰᠤᠰᠢ | ᠦᠭᠡᠢ ᠤᠷᠠᠶᠢᠯᠠᠬᠤ ᠲᠠᠯ᠎ᠠ ᠨᠤᠲᠤᠭ ᠤᠨ ᠰᠠᠬᠢᠭᠤᠰᠤ ᠳᠤᠮᠤᠭ ᠲᠤᠤᠯᠢ ᠶᠢᠨ ᠡᠭᠡᠰᠢᠭ | ᠲᠠᠢ ᠲᠡᠭᠷᠢ ᠶᠢᠨ ᠢᠷᠠᠭᠤ ᠠᠶᠠᠯᠭᠤ ᠳᠠᠯᠠᠯᠤᠨ ᠳᠠᠯᠠᠯᠤᠨ ᠤᠷᠮᠠᠰᠢᠭᠤᠯᠬᠤ ᠲᠠᠯ᠎ᠠ ᠨᠤᠲᠤᠭ | ᠤᠨ ᠰᠠᠬᠢᠭᠤᠰᠤ ᠳᠡᠭᠡᠳᠦᠯᠡᠨ ᠡᠷᠬᠢᠮᠯᠡᠬᠦ ᠶᠤᠰᠤ ᠲᠠᠢ ᠲᠡᠤᠬᠡ ᠶᠢᠨ ᠰᠢᠲᠦᠭᠡᠨ ᠡᠷᠳᠡᠨᠢ | ᠳᠡᠭᠵᠢᠨ ᠮᠠᠨᠳᠤᠬᠤ ᠬᠤᠷᠤᠢ ᠲᠠᠯ᠎ᠠ ᠨᠤᠲᠤᠭ ᠤᠨ ᠰᠠᠬᠢᠭᠤᠰᠤ︕ | ᠲᠠᠯ᠎ᠠ ᠨᠤᠲᠤᠭ ᠤᠨ ᠲᠡᠮᠳᠡᠭᠯᠡᠯ ᠲᠦᠷᠦᠭᠰᠡᠨ ᠨᠤᠲᠤᠭ ᠤᠨ | ᠮᠢᠨᠢ ᠦᠵᠡᠮᠵᠢ ᠲᠦᠰᠢᠵᠦ ᠪᠤᠰᠤᠭᠰᠠᠨ ᠠᠭᠤᠯᠠ ᠬᠠᠶᠢᠷᠬᠠᠨ ᠲᠡᠮᠡᠤᠯᠦᠯ ᠵᠢᠳᠬᠦᠯ ᠤᠨ ᠤᠯᠠ | ᠮᠦᠷ ᠲᠠᠯ᠎ᠠ ᠨᠤᠲᠤᠭ ᠤᠨ ᠮᠢᠨᠢ ᠲᠡᠮᠳᠡᠭᠯᠡᠯ ᠳᠦᠷᠪᠡᠨ ᠤᠯᠠᠷᠢᠯ ᠢᠶᠠᠷ ᠨᠡᠭᠦᠳᠡᠯᠯᠡᠬᠦ | ᠲᠡᠤᠬᠡᠲᠦ ᠠᠮᠢᠳᠤᠷᠠᠯ ᠤᠨ ᠪᠠᠭᠤᠴᠠ ᠲᠡᠨᠢᠭᠦᠬᠡᠨ ᠬᠦᠳᠡᠭᠡ ᠶᠢᠨ ᠢᠪᠡᠭᠡᠯ ᠲᠠᠯ᠎ᠠ ᠨᠤᠲᠤᠭ ᠤᠨ | ᠮᠢᠨᠢ ᠲᠡᠮᠳᠡᠭᠯᠡᠯ ᠲᠡᠤᠬᠡ ᠶᠢᠨ ᠤᠯᠪᠠᠭ᠎ᠠ ᠰᠢᠩᠭᠡᠭᠰᠡᠨ ᠲᠠᠰᠤᠷᠠᠰᠢ ᠦᠭᠡᠢ ᠦᠷᠭᠦᠯᠵᠢᠯᠡᠯ | ᠲᠠᠢ ᠳᠡᠭᠵᠢᠷᠡᠯ ᠪᠠᠭᠤᠷᠠᠯ ᠢ ᠭᠡᠷᠡᠴᠢᠯᠡᠬᠦ ᠲᠠᠯ᠎ᠠ ᠨᠤᠲᠤᠭ ᠤᠨ ᠮᠢᠨᠢ ᠲᠡᠮᠳᠡᠭᠯᠡᠯ | ᠳᠠᠭᠤᠰᠣᠰᠢ ᠦᠭᠡᠢ ᠰᠣᠨᠣᠯᠵᠠᠬᠤ ᠲᠡᠭᠦᠰᠭᠡᠯ ᠦᠭᠡᠢ ᠠᠶᠠᠨ ᠤ ᠴᠡᠭ ᠲᠠᠯᠬᠢᠭᠳᠠᠯ ᠠᠮᠢᠯᠠᠯ ᠢ | ᠲᠠᠮᠠᠭᠠᠯᠠᠭᠰᠠᠨ ᠲᠠᠯ᠎ᠠ ᠨᠤᠲᠤᠭ ᠤᠨ ᠮᠢᠨᠢ ᠲᠡᠮᠳᠡᠭᠯᠡᠯ ᠳᠡᠷᠲᠡᠭᠡ ᠵᠠᠭᠤᠨ ᠠᠴᠠ ᠢᠷᠡᠭᠰᠡᠨ | ᠲᠠᠩᠰᠤᠭ ᠬᠦᠳᠡᠭᠡ ᠶᠢᠨ ᠦᠵᠡᠰᠭᠦᠯᠡᠩ ᠳᠠᠶᠠᠩ ᠤᠨ ᠬᠠᠷᠠᠭᠠᠨ ᠳᠤ ᠰᠦᠮᠡᠯᠵᠡᠬᠦ ᠲᠠᠯ᠎ᠠ | ᠨᠤᠲᠤᠭ ᠤᠨ ᠮᠢᠨᠢ ᠲᠡᠮᠳᠡᠭᠯᠡᠯ ᠳᠠᠬᠢᠨ ᠳᠠᠬᠢᠨ ᠤᠩᠰᠢᠬᠤ ᠳᠤ ᠲᠡᠤᠬᠡ ᠶᠢᠨ ᠬᠤᠩᠬ᠎ᠠ | ᠬᠠᠩᠭᠢᠨᠠᠨ᠎ᠠ ᠳᠠᠶᠠᠭᠠᠷ ᠲᠦᠮᠡᠨ ᠢ ᠰᠡᠭᠡᠭᠡᠷᠡᠭᠦᠯᠬᠦ ᠲᠠᠯ᠎ᠠ ᠨᠤᠲᠤᠭ ᠤᠨ ᠮᠢᠨᠢ ᠲᠡᠮᠳᠡᠭᠯᠡᠯ | ᠳᠡᠯᠭᠡᠨ ᠳᠡᠯᠭᠡᠨ ᠦᠵᠡᠬᠦ ᠳᠤ ᠳᠡᠯᠡᠬᠡᠢ ᠡᠵᠢ ᠮᠢᠨᠢ ᠭᠠᠩᠰᠠᠷᠠᠨ᠎ᠠ ᠳᠡᠷᠭᠡᠲᠡᠬᠢ ᠬᠦᠮᠦᠰ ᠢ | ᠤᠶᠠᠷᠠᠭᠤᠯᠬᠤ ᠲᠠᠯ᠎ᠠ ᠨᠤᠲᠤᠭ ᠤᠨ ᠮᠢᠨᠢ ᠲᠡᠮᠳᠡᠭᠯᠡᠯ︕ | | | | | | | | | | | | | | | | | | | | | | | | | | | | | | | | | | | | | | | | | | | | | | | | | | | | | | | | | | | | | | | | | |
| ᠁ |