ᠵᠠᠮ ᠬᠠᠷᠢᠯᠴᠠᠭ᠎ᠠ ᠴᠢᠮᠡᠭᠡ ᠨᠡᠪᠲᠡᠷᠡᠯᠭᠡ
ᠨᠡᠶᠢᠲᠡᠯᠡᠭᠰᠡᠨ ᠴᠠᠭ᠄
2020/6/18
   ᠰᠢᠯᠢ ᠶᠢᠨ ᠬᠤᠲᠠ ᠶᠢᠨ ᠬᠢᠯᠢ ᠳᠣᠲᠣᠷᠠᠬᠢ ᠵᠠᠰᠠᠮᠠᠯ ᠵᠠᠮ ᠤᠨ ᠪᠦᠬᠦ ᠤᠷᠲᠤ ᠨᠢ 1500 ᠺᠢᠯᠣᠮᠧᠲᠷ᠂ ᠤᠯᠤᠰ ᠤᠨ ᠵᠠᠮ 207᠂ 303 ᠪᠣᠯᠤᠨ ᠮᠤᠵᠢ ᠶᠢᠨ ᠵᠠᠮ ᠤᠨ 101᠂ 307᠎ ᠨᠢ ᠬᠤᠲᠠ ᠶᠢᠨ ᠬᠢᠯᠢ ᠪᠠᠷ ᠲᠠᠭᠠᠷᠢᠨ ᠨᠡᠪᠲᠡᠷᠡᠵᠦ᠂  ᠰᠢᠯᠢ ᠶᠢᠨ ᠬᠤᠲᠠ— ᠴᠢᠭᠤᠯᠤᠯᠲᠦ ᠬᠠᠭᠠᠯᠭ᠎ᠠ ᠶᠢᠨ ᠦᠨᠳᠦᠷ ᠬᠤᠷᠲᠤᠴᠠᠲᠤ ᠵᠠᠰᠠᠮᠠᠯ ᠵᠠᠮ᠂ ᠳ᠋ᠠᠨᠳᠦ᠋ᠩ— ᠰᠢᠯᠢ ᠶᠢᠨ ᠬᠤᠲᠠ ᠶᠢᠨ ᠦᠨᠳᠦᠷ ᠬᠤᠷᠲᠤᠴᠠᠲᠤ ᠵᠠᠰᠠᠮᠠᠯ ᠵᠠᠮ ᠢ ᠪᠠᠶᠢᠭᠤᠯᠵᠤ ᠲᠠᠭᠤᠰᠬᠠᠭᠠᠳ ᠲᠡᠷᠭᠡ ᠨᠡᠪᠲᠡᠷᠡᠪᠡ᠃ ᠰᠢᠯᠢ ᠶᠢᠨ ᠬᠤᠲᠠ— ᠷᠠᠰᠢᠶᠠᠨᠪᠤᠯᠠᠭ ᠤᠨ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠵᠦ᠂ ᠤᠮᠠᠷᠠᠰᠢ ᠮᠣᠩᠭᠤᠯ ᠤᠯᠤᠰ ᠲᠤ ᠨᠡᠭᠡᠭᠡᠭᠰᠡᠨ ᠨᠢᠭᠡᠳᠦᠭᠡᠷ ᠳᠡᠰ ᠤᠨ ᠬᠠᠭᠤᠷᠠᠶ ᠵᠠᠮ ᠤᠨ ᠪᠤᠭᠤᠮᠲᠠ ᠪᠤᠯᠬᠤ ᠡᠷᠢᠶᠡᠨ ᠬᠤᠲᠠ᠂ ᠵᠡᠭᠦᠨ ᠬᠠᠲᠠᠪᠴᠢ ᠶᠢ ᠭᠡᠶᠢᠬᠦᠬᠦᠯᠵᠦ᠂ ᠵᠡᠭᠦᠨᠰᠢ ᠵᠡᠭᠦᠨ ᠬᠤᠶᠢᠲᠤ ᠣᠷᠣᠨ ᠤ ᠭᠤᠷᠪᠠᠨ ᠮᠤᠵᠢ᠂ ᠪᠠᠷᠠᠭᠤᠨᠰᠢ ᠬᠥᠬᠡᠬᠤᠲᠠ ᠪᠤᠭᠤᠲᠤ ᠣᠷᠳᠣᠰ ᠣᠷᠣᠨ ᠲᠠᠢ ᠵᠠᠯᠭᠠᠯᠳᠤᠵᠤ᠂ ᠡᠮᠦᠨᠡᠰᠢ ᠪᠡᠭᠡᠵᠢᠩ ᠲᠢᠶᠠᠨᠵᠢᠨ ᠲᠠᠩᠱᠠᠨ ᠬᠦᠷᠬᠦ ᠳᠡᠭᠡᠳᠦ ᠲᠡᠰ ᠤᠨ ᠵᠠᠰᠠᠮᠠᠯ ᠵᠠᠮ ᠤᠨ ᠲᠡᠭᠡᠭᠡᠪᠦᠷᠢ ᠶᠢᠨ ᠵᠠᠮ ᠱᠤᠭᠤᠮ ᠢ ᠨᠢᠭᠡᠨᠲᠡ ᠪᠦᠷᠢᠯᠳᠦᠭᠦᠯᠪᠡ᠃ ᠲᠡᠮᠦᠷ ᠵᠠᠮ ᠤᠨ ᠪᠦᠬᠦ ᠤᠷᠲᠤ ᠨᠢ 375 ᠺᠢᠯᠣᠮᠧᠲᠷ᠂ ᠰᠢᠯᠢ ᠶᠢᠨ ᠬᠤᠲᠠ — ᠰᠠᠩ ᠤᠨ ᠲᠠᠯᠠᠢ ᠶᠢᠨ ᠲᠡᠮᠦᠷ ᠵᠠᠮ᠂ ᠰᠢᠯᠢ ᠶᠢᠨ ᠬᠤᠲᠠ — ᠲᠤᠯᠤᠨ ᠨᠤᠤᠷ ᠤᠨ ᠲᠡᠮᠦᠷ ᠵᠠᠮ᠂ ᠰᠢᠯᠢ ᠶᠢᠨ ᠬᠤᠲᠠ— ᠤᠯᠠᠭᠠᠨᠬᠤᠲᠠ ᠶᠢᠨ ᠲᠡᠮᠦᠷ ᠵᠠᠮ᠂ ᠰᠢᠯᠢ ᠶᠢᠨ ᠬᠤᠲᠠ —  ᠡᠷᠢᠶᠠᠨ ᠬᠤᠲᠠ ᠶᠢᠨ ᠲᠡᠮᠦᠷ ᠵᠠᠮ᠂ ᠱᠧᠩ ᠯᠢ ᠪᠠᠷᠠᠭᠤᠨ ᠨᠢᠭᠡᠳᠦᠭᠡᠷ ᠨᠤᠮᠧᠷ  ᠪᠠᠷᠠᠭᠤᠨ ᠬᠤᠶᠠᠳᠤᠭᠠᠷ ᠨᠣᠮᠧᠷᠲᠤ ᠲᠡᠮᠦᠷ ᠵᠠᠮ ᠤᠨ ᠲᠤᠰᠬᠠᠢ ᠱᠤᠭᠤᠮ᠂ ᠱᠧᠩ ᠯᠢ ᠵᠡᠭᠦᠨ ᠬᠤᠶᠠᠳᠤᠭᠠᠷ ᠲᠡᠮᠦᠷ ᠵᠠᠮ ᠤᠨ ᠲᠤᠰᠬᠠᠢ ᠱᠤᠭᠤᠮ ᠵᠡᠷᠭᠡ 7 ᠵᠤᠷᠪᠤᠰ ᠲᠠᠮᠦᠷ ᠵᠠᠮ ᠢ ᠨᠢᠭᠡᠨᠲᠡ ᠪᠠᠶᠢᠭᠤᠯᠵᠤ᠂ ᠰᠢᠯᠢ ᠶᠢᠨ ᠬᠤᠲᠠ — ᠴᠢᠭᠤᠯᠤᠯᠲᠤ ᠬᠠᠭᠠᠯᠭ᠎ᠠ ᠶᠢᠨ ᠪᠡᠭᠡᠵᠢᠩ ᠳᠤ ᠤᠷᠤᠬᠤ ᠲᠦᠷᠭᠡᠨ ᠬᠤᠷᠳᠤᠴᠠᠲᠤ ᠲᠡᠮᠦᠷ ᠵᠠᠮ᠂ ᠰᠢᠯᠢ ᠶᠢᠨ ᠬᠤᠲᠠ ᠠᠴᠠ ᠬᠥᠬᠡᠬᠤᠲᠠ ᠪᠤᠭᠤᠲᠤ ᠬᠦᠷᠬᠦ ᠨᠢᠭᠡᠨᠲᠡ ᠪᠠᠶᠢᠭ᠎ᠠ ᠲᠡᠮᠦᠷ ᠵᠠᠮ ᠤᠨ ᠱᠤᠭᠤᠮ ᠤᠨ ᠬᠤᠷᠳᠤᠴᠠ ᠶᠢ ᠨᠡᠮᠡᠭᠳᠡᠬᠦᠯᠬᠦ ᠵᠡᠷᠭᠡ ᠢᠨᠵᠧᠨᠧᠷᠢᠩ ᠢ ᠡᠮᠬᠢ ᠵᠢᠷᠤᠮ ᠲᠠᠢ ᠪᠠᠷ ᠲᠦᠯᠬᠢᠨ ᠠᠬᠢᠭᠤᠯᠪᠠ᠃ 4C ᠲᠡᠰ ᠤᠨ ᠨᠢᠰᠬᠡᠯ ᠤᠨ ᠪᠠᠭᠤᠳᠠᠯ ᠳᠤ 767 ᠬᠡᠯᠪᠡᠷᠢ ᠶᠢᠨ ᠠᠶᠠᠨᠴᠢᠨ ᠤ ᠨᠢᠰᠬᠡᠯ ᠢ ᠨᠢᠰᠴᠦ ᠪᠠᠭᠤᠯᠭᠠᠵᠤ᠂ ᠪᠡᠭᠡᠵᠢᠩ᠂ ᠬᠥᠬᠡᠬᠤᠲᠠ ᠵᠡᠷᠭᠡ ᠭᠠᠵᠠᠷ ᠲᠤ ᠨᠢᠰᠬᠦ 6 ᠵᠤᠷᠪᠤᠰ ᠠᠶᠠᠯᠠᠯ ᠤᠨ ᠱᠤᠭᠤᠮ ᠢ ᠨᠡᠪᠲᠡᠷᠡᠭᠦᠯᠵᠦ᠂ ᠵᠢᠯ ᠤᠨ ᠳᠣᠲᠣᠷ᠎ᠠ ᠰᠢᠯᠢ ᠶᠢᠨ ᠬᠤᠲᠠ ᠠᠴᠠ ᠤᠯᠠᠭᠠᠨᠪᠠᠭᠠᠲᠤᠷ ᠬᠦᠷᠬᠦ ᠵᠡᠷᠭᠡ ᠣᠯᠠᠨ ᠤᠯᠤᠰ ᠤᠨ ᠠᠶᠠᠯᠠᠯ ᠤᠨ ᠱᠤᠭᠤᠮ ᠢ ᠨᠡᠪᠲᠡᠷᠡᠭᠦᠯᠬᠦ ᠪᠠᠷ ᠲᠥᠯᠥᠪᠯᠡᠵᠦ ᠪᠠᠶᠢᠨ᠎ᠠ᠃ ᠴᠠᠬᠢᠯᠭᠠᠨ ᠲᠣᠣᠷ ᠨᠢ ᠵᠡᠭᠦᠨᠰᠢ ᠪᠠᠷᠠᠭᠤᠨᠰᠢ ᠰᠤᠨᠲᠠᠯᠠᠨ ᠨᠡᠪᠲᠡᠷᠡᠵᠦ᠂ 500 ᠺᠢᠯᠣᠸᠠᠲ ᠤᠨ ᠬᠦᠴᠦᠳᠡᠯ ᠥᠭᠡᠷᠡᠴᠢᠯᠡᠬᠦ ᠥᠷᠲᠡᠭᠡ 2᠂ 220 ᠺᠢᠯᠣᠸᠠᠲ ᠤᠨ ᠬᠦᠴᠦᠳᠡᠯ ᠥᠭᠡᠷᠡᠴᠢᠯᠡᠬᠦ ᠥᠷᠲᠡᠭᠡ 1᠂ 110 ᠺᠢᠯᠣᠸᠠᠲ ᠤᠨ ᠬᠦᠴᠦᠳᠡᠯ ᠥᠭᠡᠷᠡᠴᠢᠯᠡᠬᠦ ᠥᠷᠲᠡᠭᠡ 12᠂ 35 ᠺᠢᠯᠣᠸᠠᠲ ᠤᠨ ᠬᠦᠴᠦᠳᠡᠯ ᠥᠭᠡᠷᠡᠴᠢᠯᠡᠬᠦ ᠥᠷᠲᠡᠭᠡ 17᠂ 10 ᠺᠢᠯᠣᠸᠠᠲ ᠤᠨ ᠨᠡᠭᠡᠭᠡᠵᠦ ᠬᠠᠭᠠᠬᠤ ᠥᠷᠲᠡᠭᠡ 1 ᠎ ᠶᠢ ᠪᠠᠶᠢᠭᠤᠯᠵᠤ᠂ ᠴᠠᠬᠢᠯᠭᠠᠨ ᠬᠦᠷᠭᠡᠬᠦ ᠱᠤᠭᠤᠮ ᠤᠨ ᠶᠡᠷᠦᠩᠬᠡᠶ ᠣᠷᠳᠣ ᠨᠢ 1820 ᠺᠢᠯᠣᠮᠧᠲᠷ᠂ ᠴᠠᠬᠢᠯᠭᠠᠨ ᠲᠦᠭᠡᠭᠡᠬᠦ ᠱᠤᠭᠤᠮ ᠤᠨ ᠪᠦᠬᠦ ᠤᠷᠲᠤ ᠨᠢ 4821 ᠺᠢᠯᠣᠮᠧᠲᠷ ᠪᠣᠯᠤᠨ᠎ᠠ᠃ ᠰᠢᠯᠢ ᠶᠢᠨ ᠭᠤᠣᠯ ᠠᠶᠢᠮᠠᠭ ᠠᠴᠠ ᠱᠠᠨᠳᠦ᠋ᠩ ᠬᠦᠷᠬᠦ ᠣᠨᠴᠠ ᠥᠨᠳᠥᠷ ᠬᠦᠴᠦᠳᠡᠯᠲᠦ ᠴᠠᠬᠢᠯᠭᠠᠨ ᠬᠦᠴᠦᠨ ᠢ ᠭᠠᠳᠠᠭᠰᠢ ᠬᠦᠷᠭᠡᠬᠦ ᠵᠠᠮ ᠪᠣᠯᠤᠨ ᠱᠧᠨ ᠬᠤᠸᠠ᠂ ᠳ᠋ᠠ ᠳᠠᠩ᠂ ᠤᠮᠠᠷᠠᠲᠤ ᠶᠢᠨ ᠴᠠᠬᠢᠯᠭᠠᠨ ᠬᠦᠴᠦᠨ᠂ ᠮᠧᠩ ᠨᠧᠩ ᠵᠡᠷᠭᠡ 4 ᠠᠭᠤᠷᠬᠠᠢ ᠶᠢᠨ ᠠᠮᠠᠰᠠᠷ ᠤᠨ ᠴᠠᠬᠢᠯᠭᠠᠨ ᠦᠢᠯᠡᠳᠪᠦᠷᠢ ᠶᠢ ᠲᠦᠷᠭᠡᠳᠬᠡᠨ ᠪᠠᠶᠢᠭᠤᠯᠵᠤ᠂ ᠬᠡᠰᠡᠭ ᠲᠥᠷᠥᠯ ᠵᠦᠢᠯ ᠢ ᠪᠠᠶᠢᠭᠤᠯᠵᠤ ᠳᠠᠭᠤᠰᠬᠠᠭᠠᠳ ᠠᠰᠢᠭᠯᠠᠯᠲᠠ ᠳᠤ ᠤᠷᠤᠭᠤᠯᠬᠤ ᠪᠠᠷ ᠲᠦᠯᠦᠪᠯᠡᠵᠦ ᠪᠤᠢ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号