ᠬᠡᠯᠡ ᠪᠤᠯ ᠬᠦᠮᠦᠨ ᠲᠦᠷᠦᠯᠬᠢᠳᠡᠨ ᠤ ᠪᠤᠳᠤᠯ ᠰᠠᠨᠠᠯ ᠢᠶᠠᠨ ᠰᠤᠯᠢᠯᠴᠠᠬᠤ ᠬᠠᠮᠤᠭ ᠤᠨ ᠴᠢᠬᠤᠯᠠ | ᠬᠠᠷᠢᠯᠴᠠᠭᠠᠨ ᠤ ᠪᠠᠭᠠᠵᠢ ᠪᠤᠯᠤᠨ᠎ᠠ᠃ ᠬᠡᠯᠡ ᠲᠠᠢ ᠪᠤᠯᠤᠭᠰᠠᠨ ᠳᠡᠷᠡ ᠴᠠᠭ ᠠᠴᠠ ᠬᠦᠮᠦᠨ ᠲᠦᠷᠦᠯᠬᠢᠳᠡᠨ | ᠠᠳᠤᠭᠤᠰᠤ ᠠᠮᠢᠳᠠᠨ ᠠᠴᠠ ᠢᠯᠭᠠᠷᠠᠨ ᠤᠷᠳᠤ ᠤᠳᠠᠭᠠᠨ ᠳᠡᠦᠭᠡᠨ ᠶᠠᠪᠤᠴᠠ ᠳᠤ ᠳᠡᠭᠡᠳᠦ ᠬᠡᠮᠵᠢᠶ᠎ᠡ ᠪᠠᠷ ᠬᠦᠭᠵᠢᠭᠰᠡᠨ | ᠤᠶᠤᠨ ᠮᠡᠳᠡᠷᠡᠯ ᠢ ᠪᠤᠢ ᠪᠤᠯᠭᠠᠵᠠᠢ᠃ ᠨᠡᠶᠢᠭᠡᠮ ᠳᠡᠦᠭᠡ ᠶᠢᠨ ᠬᠦᠭᠵᠢᠯᠳᠡ ᠶᠢᠨ ᠶᠠᠪᠤᠴᠠ ᠳᠤ ᠬᠡᠯᠡ ᠶᠢ ᠳᠡᠮᠳᠡᠭᠯᠡᠬᠦ | ᠳᠡᠮᠳᠡᠭ — ᠦᠰᠦᠭ ᠪᠢᠴᠢᠭ ᠪᠤᠢ ᠪᠤᠯᠵᠠᠢ᠃ ᠬᠦᠮᠦᠨ ᠲᠦᠷᠦᠯᠬᠢᠳᠡᠨ ᠨᠢ ᠦᠰᠦᠭ ᠪᠢᠴᠢᠭ ᠲᠠᠢ | ᠪᠤᠯᠤᠭᠰᠠᠨ ᠠᠴᠠ ᠬᠤᠶᠢᠰᠢᠬᠢ ᠬᠡᠳᠦᠨ ᠮᠢᠩᠭᠠᠨ ᠵᠢᠯ ᠤᠨ ᠳᠤᠳᠤᠷ᠎ᠠ ᠤᠯᠠᠨ ᠦᠰᠦᠭ ᠪᠢᠴᠢᠭ ᠢ ᠡᠬᠦᠳᠦᠨ | ᠪᠦᠳᠦᠭᠡᠭᠰᠡᠨ ᠶᠤᠮ᠃ ᠵᠢᠷᠤᠭᠳᠤ ᠦᠰᠦᠭ ︵ᠳᠡᠯᠡᠭᠡᠢ ᠳᠡᠭᠡᠷ᠎ᠡ ᠬᠠᠮᠤᠭ ᠤᠨ ᠡᠷᠳᠡ ᠪᠤᠯᠤᠭᠰᠠᠨ ᠬᠢᠳᠡᠳ ᠦᠰᠦᠭ | ᠪᠤᠯᠤᠨ ᠶᠧᠵᠢᠫᠲ ᠦᠰᠦᠭ ᠪᠤᠯ ᠵᠢᠷᠤᠭᠳᠤ ᠦᠰᠦᠭ ᠠᠴᠠ ᠪᠤᠢ ᠪᠤᠯᠵᠠᠢ ︶᠂ ᠤᠳᠬᠠᠳᠤ ᠦᠰᠦᠭ ︵ | ᠳᠤᠭᠳᠠᠭᠰᠠᠨ ᠨᠢᠭᠡ ᠵᠢᠷᠤᠭ ᠲᠦᠷᠰᠦ ᠪᠤᠶᠤ ᠳᠡᠮᠳᠡᠭ ᠢᠶᠠᠷ ᠳᠤᠭᠳᠠᠭᠰᠠᠨ ᠨᠢᠭᠡ ᠤᠳᠬ᠎ᠠ ᠶᠢ ᠢᠯᠡᠳᠭᠡᠳᠡᠭ᠂ | ᠡᠷᠳᠡᠨ ᠤ ᠶᠧᠵᠢᠫᠲ ᠦᠰᠦᠭ᠂ ᠪᠠᠪᠢᠯᠤᠨ ᠤ ᠱᠠᠭᠠᠴᠠᠭᠳᠤ ᠦᠰᠦᠭ ᠪᠦᠷ ᠤᠳᠬᠠᠳᠤ ᠦᠰᠦᠭ ᠤᠨ ᠱᠠᠳᠤ ᠶᠢ | ᠳᠠᠮᠵᠢᠪᠠ᠂ ᠬᠢᠳᠡᠳ ᠦᠰᠦᠭ ᠪᠤᠯ ᠤᠳᠬᠠᠳᠤ ᠦᠰᠦᠭ ᠶᠤᠮ ︶᠂ ᠠᠪᠢᠶᠠᠳᠤ ᠦᠰᠦᠭ ︵ᠳᠤᠭᠳᠠᠭᠰᠠᠨ | ᠴᠦᠭᠡᠨ ᠳᠤᠭᠠᠨ ᠤ ᠦᠰᠦᠭ ᠤᠨ ᠳᠡᠮᠳᠡᠭ ᠢᠶᠠᠷ ᠬᠡᠯᠡᠨ ᠤ ᠠᠪᠢᠶᠠᠨ ᠤ ᠨᠢᠭᠡᠴᠢ ᠶᠢ ᠢᠯᠡᠳᠭᠡᠵᠦ᠂ ᠮᠠᠰᠢ ᠪᠠᠶᠠᠯᠢᠭ | ᠪᠦᠭᠡᠳ ᠨᠠᠷᠢᠨ ᠪᠤᠳᠤᠯᠢᠶᠠᠨᠳᠠᠢ ᠬᠡᠯᠡ ᠶᠢ ᠳᠡᠮᠳᠡᠭᠯᠡᠳᠡᠭ᠂ ᠰᠤᠷᠬᠤ ᠳᠤ ᠬᠢᠯᠪᠠᠷ᠂ ᠡᠵᠡᠮᠰᠢᠬᠦ ᠳᠤ ᠠᠮᠠᠷᠬᠠᠨ᠂ | ᠬᠠᠮᠤᠭ ᠤᠨ ᠰᠢᠨᠵᠢᠯᠡᠬᠦ ᠤᠬᠠᠭᠠᠨᠴᠢ ᠦᠰᠦᠭ ᠪᠢᠴᠢᠭ ᠪᠤᠯᠤᠨ᠎ᠠ ︶ ᠭᠡᠬᠦ ᠭᠤᠷᠪᠠᠨ ᠱᠠᠳᠤ ᠶᠢ ᠦᠩᠭᠡᠷᠡᠵᠡᠢ᠃ | ᠤᠨ ᠳᠤᠭᠠᠯᠠᠯ ᠠᠴᠠ ᠡᠮᠦᠨᠡᠬᠢ ᠵᠢᠷᠭᠤᠭᠠᠨ ᠮᠢᠩᠭᠠᠨ ᠵᠢᠯ ᠤᠨ ᠡᠮᠦᠨ᠎ᠡ ᠠᠹᠷᠢᠺᠠ ᠲᠢᠪ ᠤᠨ ᠶᠧᠵᠢᠫᠲ | ᠤᠯᠤᠰ ᠲᠤ ᠪᠤᠭᠳᠠᠰ ᠤᠨ ᠰᠡᠶᠢᠯᠪᠤᠷᠢ ᠦᠰᠦᠭ ᠬᠡᠮᠡᠨ ᠬᠦᠨᠳᠦᠳᠭᠡᠨ ᠨᠡᠷᠡᠯᠡᠭᠳᠡᠵᠦ ᠪᠠᠶᠢᠭᠰᠠᠨ ᠮᠢᠰᠢᠷ ᠦᠰᠦᠭ ᠪᠤᠢ | ᠪᠤᠯᠪᠠ᠃ ᠤᠨ ᠳᠤᠭᠠᠯᠠᠯ ᠠᠴᠠ ᠡᠮᠦᠨᠡᠬᠢ ᠲᠦᠷᠪᠡᠨ ᠮᠢᠩᠭᠠᠨ ᠵᠢᠯ ᠤᠨ ᠡᠮᠦᠨ᠎ᠡ ᠮᠢᠰᠢᠷ ᠦᠰᠦᠭ ᠠᠴᠠ ᠰᠧᠮᠢᠲ | ᠦᠰᠦᠭ ᠪᠤᠢ ᠪᠤᠯᠵᠦ᠂ ᠤᠨ ᠳᠤᠭᠠᠯᠠᠯ ᠠᠴᠠ ᠡᠮᠦᠨᠡᠬᠢ ᠬᠤᠶᠠᠷ ᠮᠢᠩᠭᠠᠨ ᠵᠢᠯ ᠤᠨ ᠡᠮᠦᠨ᠎ᠡ ᠰᠧᠮᠢᠲ ᠦᠰᠦᠭ ᠤᠨ | ᠰᠠᠭᠤᠷᠢᠨ ᠳᠡᠭᠡᠷ᠎ᠡ ᠹᠢᠨᠢᠬᠢ ᠴᠠᠭᠠᠨ ᠳᠤᠯᠤᠭᠠᠢ ᠡᠬᠦᠰᠴᠠᠢ᠃ ᠹᠢᠨᠢᠬᠢ ᠴᠠᠭᠠᠨ ᠳᠤᠯᠤᠭᠠᠢ ᠨᠢ ᠳᠡᠯᠡᠭᠡᠢ ᠳ᠋ᠠᠬᠢᠨ ᠤ | ᠬᠠᠮᠤᠭ ᠤᠨ ᠠᠩᠬᠠᠨ ᠤ ᠴᠠᠭᠠᠨ ᠳᠤᠯᠤᠭᠠᠢ ᠭᠡᠵᠡᠭᠡᠳᠡᠭ ᠪᠦᠭᠡᠳ ᠤᠳᠤ ᠶᠢᠨ ᠳᠡᠯᠡᠭᠡᠢ ᠳᠡᠭᠡᠷ᠎ᠡ ᠦᠷᠭᠡᠨ | ᠬᠡᠷᠡᠭᠯᠡᠭᠳᠡᠵᠦ ᠪᠠᠶᠢᠭ᠎ᠠ ᠴᠠᠭᠠᠨ ᠳᠤᠯᠤᠭᠠᠢ ᠨᠤᠭᠤᠳ ᠪᠤᠯ ᠪᠠᠷᠤᠭ ᠴᠦᠮ ᠹᠢᠨᠢᠬᠢ ᠴᠠᠭᠠᠨ ᠳᠤᠯᠤᠭᠠᠢ ᠠᠴᠠ ᠤᠯᠠᠷᠢᠨ | ᠪᠦᠷᠢᠯᠳᠤᠵᠠᠢ᠃ ᠹᠢᠨᠢᠬᠢ ᠴᠠᠭᠠᠨ ᠳᠤᠯᠤᠭᠠᠢ ᠨᠢ ᠡᠮᠦᠨᠡᠳᠦ ᠰᠧᠮᠢᠲ ᠦᠰᠦᠭ᠂ ᠠᠷᠠᠮ ᠦᠰᠦᠭ᠂ ᠭᠷᠸᠢᠭ ᠦᠰᠦᠭ | ᠬᠡᠮᠡᠬᠦ ᠭᠤᠷᠪᠠᠨ ᠰᠠᠯᠠᠭ᠎ᠠ ᠪᠤᠯᠵᠦ ᠬᠦᠭᠵᠢᠪᠡ᠃ | ᠡᠮᠦᠨᠡᠳᠦ ᠰᠧᠮᠢᠲ ᠦᠰᠦᠭ ᠠᠴᠠ ᠡᠨᠡᠳᠭᠡᠭ ᠦᠰᠦᠭ᠂ ᠳᠦᠪᠡᠳ ᠦᠰᠦᠭ ᠡᠬᠦᠰᠴᠦ᠂ ᠲᠦᠪᠡᠳ | ᠦᠰᠦᠭ ᠠᠴᠠ ᠲᠦᠷᠪᠡᠯᠵᠢᠨ ᠦᠰᠦᠭ ᠡᠬᠦᠰᠪᠡ᠃ ᠳᠤᠮᠳᠠᠳᠤ ᠰᠠᠯᠠᠭ᠎ᠠ ᠪᠤᠯᠬᠤ ᠠᠷᠠᠮ ᠦᠰᠦᠭ ᠠᠴᠠ ᠰᠢᠷᠢ | ᠦᠰᠦᠭ᠂ ᠨᠧᠰᠲ᠋ᠤᠷ ᠦᠰᠦᠭ ᠪᠤᠢ ᠪᠤᠯᠵᠦ᠂ ᠵᠢᠷᠭᠤᠭ᠎ᠠ ᠳᠤᠯᠤᠳᠤᠭᠠᠷ ᠵᠠᠭᠤᠨ ᠤ ᠦᠶ᠎ᠡ ᠳᠤ ᠰᠤᠭᠳᠠ ᠦᠰᠦᠭ | ᠡᠬᠦᠰᠴᠦ᠂ ᠰᠤᠭᠳᠠ ᠦᠰᠦᠭ ᠠᠴᠠ ᠡᠷᠳᠡᠨ ᠤ ᠤᠶᠢᠭᠤᠷ ᠦᠰᠦᠭ ᠡᠬᠦᠰᠦᠨ᠂ ᠤᠶᠢᠭᠤᠷ ᠦᠰᠦᠭ ᠤᠨ ᠰᠠᠭᠤᠷᠢᠨ | ᠳᠡᠭᠡᠷ᠎ᠡ ᠤᠶᠢᠭᠤᠷᠵᠢᠨ ᠮᠤᠩᠭᠤᠯ ᠦᠰᠦᠭ ᠡᠬᠦᠰᠴᠦ᠂ ᠤᠶᠢᠭᠤᠷᠵᠢᠨ ᠮᠤᠩᠭᠤᠯ ᠦᠰᠦᠭ ᠠᠴᠠ ᠳᠤᠳᠤ ᠦᠰᠦᠭ᠂ | ᠮᠠᠨᠵᠦ ᠦᠰᠦᠭ ᠡᠬᠦᠰᠪᠡ᠃ ᠤᠮᠠᠷᠠᠳᠤ ᠰᠠᠯᠠᠭ᠎ᠠ ᠪᠤᠯᠬᠤ ᠭᠷᠸᠢᠭ ᠦᠰᠦᠭ ᠠᠴᠠ ᠯᠠᠲ᠋ᠢᠨ ᠦᠰᠦᠭ ᠤᠨ ᠴᠠᠭᠠᠨ | ᠳᠤᠯᠤᠭᠠᠢ ᠡᠬᠦᠰᠴᠦ ᠪᠠᠷᠠᠭᠤᠨ ᠡᠸᠦ᠋ᠷᠦᠫᠠ᠂ ᠠᠮᠧᠷᠢᠺᠠ ᠲᠢᠪ᠂ ᠠᠹᠷᠢᠺᠠ ᠲᠢᠪ ᠤᠨ ᠤᠯᠠᠩᠬᠢ ᠦᠨᠳᠦᠰᠦᠳᠡᠨ ᠤ | ᠦᠰᠦᠭ ᠪᠢᠴᠢᠭ ᠪᠤᠯᠪᠠ᠃ ᠶᠢᠰᠦᠳᠦᠭᠡᠷ ᠵᠠᠭᠤᠨ ᠳᠤ ᠭᠷᠸᠢᠭ ᠦᠰᠦᠭ ᠠᠴᠠ ᠰᠠᠯᠧ ᠦᠰᠦᠭ ᠤᠨ ᠴᠠᠭᠠᠨ | ᠳᠤᠯᠤᠭᠠᠢ ᠡᠬᠦᠰᠴᠦ᠂ ᠡᠬᠦᠨ ᠠᠴᠠ ᠰᠢᠨ᠎ᠡ ᠮᠤᠩᠭᠤᠯ ᠦᠰᠦᠭ ᠪᠤᠢ ᠪᠤᠯᠪᠠ᠃ | ᠮᠤᠩᠭᠤᠯᠴᠤᠳ ᠦᠰᠦᠭ ᠪᠢᠴᠢᠭ ᠲᠠᠢ ᠪᠤᠯᠤᠭᠰᠠᠨ ᠠᠴᠠ ᠨᠠᠭᠠᠰᠢ ᠮᠢᠩᠭᠠᠭᠠᠳ ᠵᠢᠯ ᠤᠨ ᠳᠤᠷᠰᠢᠳᠡ᠂ | ᠤᠨᠴᠠᠭᠠᠶᠢᠯᠠᠨ ᠠᠷᠪᠠᠨ ᠭᠤᠷᠪᠠᠳᠤᠭᠠᠷ ᠵᠠᠭᠤᠨ ᠤ ᠡᠬᠢᠨ ᠳᠤ ᠮᠤᠩᠭᠤᠯ ᠬᠠᠭᠠᠨᠳᠤ ᠤᠯᠤᠰ ᠤᠨ ᠬᠡᠷᠡᠭᠴᠡᠭᠡᠨ ᠳᠤ | ᠤᠶᠢᠭᠤᠷᠵᠢᠨ ᠮᠤᠩᠭᠤᠯ ᠦᠰᠦᠭ ᠢ ᠳᠦᠭᠡᠮᠡᠯᠵᠢᠬᠦᠯᠦᠨ ᠬᠡᠷᠡᠭᠯᠡᠭᠰᠡᠨ ᠠᠴᠠ ᠨᠠᠰᠢ ᠠᠳᠠᠯᠢ ᠪᠤᠰᠤ ᠴᠠᠭ ᠦᠶ᠎ᠡ ᠳᠤ | ᠠᠳᠠᠯᠢ ᠪᠤᠰᠤ ᠬᠡᠷᠡᠭᠴᠡᠭᠡᠨ ᠳᠡᠭᠡᠨ ᠳᠤᠬᠢᠷᠠᠭᠤᠯᠤᠨ ᠦᠪᠡᠷ ᠤᠨ ᠦᠰᠦᠭ ᠪᠢᠴᠢᠭ ᠢᠶᠠᠨ ᠤᠯᠠᠨ ᠤᠳᠠᠭ᠎ᠠ ᠬᠠᠯᠠᠨ | ᠰᠠᠶᠢᠵᠢᠷᠠᠭᠤᠯᠬᠤ ᠪᠠ ᠰᠤᠯᠢᠵᠦ ᠦᠭᠡᠷᠡᠴᠢᠯᠡᠬᠦ ᠤᠷᠤᠯᠳᠤᠯᠭ᠎ᠠ ᠬᠢᠭᠰᠡᠭᠡᠷ ᠢᠷᠡᠭᠰᠡᠨ ᠶᠤᠮ᠃ ᠡᠨᠡ ᠬᠦ ᠪᠦᠬᠦᠢ ᠯᠡ | ᠦᠰᠦᠭ ᠪᠢᠴᠢᠭ ᠤᠨ ᠳᠡᠦᠭᠡ ᠶᠢ ᠰᠦᠪᠡᠭᠴᠢᠯᠡᠨ ᠰᠢᠨᠵᠢᠯᠡᠪᠡᠯ ᠭᠤᠤᠯᠳᠠᠭᠤ ᠬᠤᠶᠠᠷ ᠵᠦᠢᠯ ᠤᠨ ᠱᠤᠭᠤᠮ ᠢᠶᠠᠷ | ᠶᠠᠪᠤᠭᠳᠠᠵᠠᠢ᠃ ᠨᠢᠭᠡ ᠨᠢ ᠤᠶᠢᠭᠤᠷᠵᠢᠨ ᠮᠤᠩᠭᠤᠯ ᠦᠰᠦᠭ ᠢ ᠬᠠᠯᠠᠨ ᠰᠠᠶᠢᠵᠢᠷᠠᠭᠤᠯᠬᠤ ᠤᠷᠤᠯᠳᠤᠯᠭ᠎ᠠ ︵ᠠᠯᠢ | ᠭᠠᠯᠢ ᠦᠰᠦᠭ᠂ ᠳᠤᠳᠤ ᠦᠰᠦᠭ᠂ ᠸᠠᠬᠢᠨᠳᠠᠷᠠ ᠦᠰᠦᠭ ︶᠂ ᠨᠦᠬᠦᠭᠡ ᠨᠢ ᠡᠨᠡᠳᠭᠡᠭ ᠳᠦᠪᠡᠳ ᠦᠰᠦᠭ ᠪᠤᠶᠤ | ᠪᠤᠰᠤᠳ ᠬᠠᠷᠢ ᠦᠨᠳᠦᠰᠦᠳᠡᠨ ᠤ ᠦᠰᠦᠭ ᠪᠢᠴᠢᠭ ᠢ ᠦᠨᠳᠦᠰᠦᠯᠡᠨ ᠰᠢᠨ᠎ᠡ ᠦᠰᠦᠭ ᠵᠤᠬᠢᠶᠠᠵᠦ ᠤᠶᠢᠭᠤᠷᠵᠢᠨ | ᠮᠤᠩᠭᠤᠯ ᠦᠰᠦᠭ ᠢ ᠤᠷᠤᠯᠠᠭᠤᠯᠵᠦ ᠦᠭᠡᠷᠡᠴᠢᠯᠡᠬᠦ ᠤᠷᠤᠯᠳᠤᠯᠭ᠎ᠠ ︵ᠲᠦᠷᠪᠡᠯᠵᠢᠨ ᠦᠰᠦᠭ᠂ ᠰᠤᠶᠤᠩᠪᠤ | ᠦᠰᠦᠭ᠂ ᠺᠢᠷᠢᠯ ᠦᠰᠦᠭ ︶ ᠪᠤᠯᠤᠨ᠎ᠠ᠃ | 【 ᠤᠶᠢᠭᠤᠷᠵᠢᠨ ᠮᠤᠩᠭᠤᠯ ᠪᠢᠴᠢᠭ 】 | ᠤᠶᠢᠭᠤᠷᠵᠢᠨ ᠮᠤᠩᠭᠤᠯ ᠦᠰᠦᠭ ᠪᠤᠯ ᠮᠤᠩᠭᠤᠯᠴᠤᠳ ᠤᠨ ᠬᠠᠮᠤᠭ ᠤᠨ ᠠᠩᠬᠠᠨ ᠤ ᠦᠰᠦᠭ ᠪᠢᠴᠢᠭ ᠪᠤᠯᠬᠤ | ᠪᠦᠭᠡᠳ ᠮᠤᠩᠭᠤᠯᠴᠤᠳ ᠤᠨ ᠳᠤᠮᠳᠠ ᠬᠠᠮᠤᠭ ᠤᠨ ᠤᠷᠳᠤ ᠤᠳᠠᠭᠠᠨ ᠬᠤᠭᠤᠴᠠᠭ᠎ᠠ ᠬᠡᠷᠡᠭᠯᠡᠭᠳᠡᠭᠰᠡᠨ ᠦᠰᠦᠭ | ᠪᠢᠴᠢᠭ ᠪᠤᠯᠤᠨ᠎ᠠ᠃ ᠡᠨᠡ ᠬᠦ ᠦᠰᠦᠭ ᠪᠢᠴᠢᠭ ᠢ ᠮᠤᠩᠭᠤᠯᠴᠤᠳ ᠡᠷᠳᠡᠨ ᠤ ᠤᠶᠢᠭᠤᠷ ᠦᠰᠦᠭ ᠠᠴᠠ ᠵᠢᠭᠡᠯᠡᠨ | ᠠᠪᠴᠦ ᠬᠡᠷᠡᠭᠯᠡᠭᠰᠡᠨ ᠪᠤᠯᠬᠤᠷ ᠪᠦᠷ ︽ᠤᠶᠢᠭᠤᠷᠵᠢᠨ ᠮᠤᠩᠭᠤᠯ ᠦᠰᠦᠭ ︾ ᠬᠡᠵᠡᠭᠡᠳᠡᠭ᠃ ᠮᠤᠩᠭᠤᠯᠴᠤᠳ | ᠤᠶᠢᠭᠤᠷ ᠦᠰᠦᠭ ᠢ ᠬᠡᠷᠡᠭᠯᠡᠬᠦ ᠠᠴᠠ ᠡᠮᠦᠨ᠎ᠡ ᠤᠶᠢᠭᠤᠷᠴᠤᠳ ᠨᠢᠭᠡᠨᠳᠡ ᠬᠡᠷᠡᠭᠯᠡᠵᠦ ᠪᠤᠯᠪᠠᠰᠤᠷᠠᠭᠤᠯᠤᠨ ᠦᠰᠦᠭ ᠤᠨ | ᠪᠢᠴᠢᠯᠭᠡ ᠵᠢᠷᠤᠯᠭ᠎ᠠ᠂ ᠵᠦᠪ ᠪᠢᠴᠢᠬᠦ ᠲᠦᠷᠢᠮ ᠵᠡᠷᠭᠡ ᠳᠠᠯ᠎ᠠ ᠪᠠᠷ ᠨᠡᠯᠢᠶᠡᠳ ᠳᠡᠬᠦᠯᠳᠡᠷᠵᠢᠨ ᠳᠤᠭᠳᠠᠪᠤᠷᠢᠳᠠᠢ | ᠪᠤᠯᠤᠭᠰᠠᠨ ᠪᠠᠶᠢᠪᠠ᠃ ᠮᠤᠩᠭᠤᠯᠴᠤᠳ ᠤᠶᠢᠭᠤᠷ ᠦᠰᠦᠭ ᠢ ᠵᠢᠭᠡᠯᠡᠨ ᠠᠪᠴᠦ ᠦᠪᠡᠷ ᠤᠨ ᠬᠡᠯᠡ ᠪᠠᠨ | ᠳᠡᠮᠳᠡᠭᠯᠡᠬᠦ ᠳᠡᠭᠡᠨ ᠦᠰᠦᠭ ᠤᠨ ᠳᠡᠮᠳᠡᠭ ᠵᠢᠷᠤᠯᠭ᠎ᠠ᠂ ᠪᠢᠴᠢᠯᠭᠡ ᠶᠢᠨ ᠲᠢᠭ ᠮᠠᠶ᠋ᠢᠭ᠂ ᠵᠦᠪ ᠪᠢᠴᠢᠬᠦ ᠲᠦᠷᠢᠮ | ᠵᠡᠷᠭᠡ ᠶᠢ ᠳᠡᠳᠦᠢ ᠶᠡᠭᠡ ᠬᠦᠳᠡᠯᠭᠡᠯ ᠦᠭᠡᠢ ᠬᠡᠷᠡᠭᠯᠡᠭᠰᠡᠨ ᠪᠠᠶᠢᠵᠠᠢ᠃ ᠠᠷᠪᠠᠨ ᠭᠤᠷᠪᠠᠳᠤᠭᠠᠷ ᠵᠠᠭᠤᠨ ᠤ ᠡᠬᠢᠨ ᠳᠤ | ᠤᠶᠢᠭᠤᠷᠵᠢᠨ ᠮᠤᠩᠭᠤᠯ ᠦᠰᠦᠭ ᠨᠢ ᠲᠦᠷᠦ ᠶᠢᠨ ᠬᠡᠷᠡᠭᠴᠡᠭᠡᠨ ᠳᠤ ᠬᠡᠷᠡᠭᠯᠡᠭᠳᠡᠭᠰᠡᠨ ᠤ ᠳᠠᠷᠠᠭ᠎ᠠ ᠮᠤᠩᠭᠤᠯ ᠬᠡᠯᠡ | ᠪᠢᠴᠢᠭ ᠤᠨ ᠡᠷᠳᠡᠮᠳᠡᠨ ᠬᠦᠩᠭᠠᠵᠠᠯᠰᠠᠨ᠂ ᠴᠦᠢᠵᠢᠠᠤᠳᠰᠠᠷ᠂ ᠬᠦᠩᠭᠠᠠᠤᠳᠰᠠᠷ ᠵᠡᠷᠭᠡ ᠬᠦᠮᠦᠰ ︽ᠵᠢᠷᠦᠭᠡᠨ ᠤ | ᠳᠤᠯᠳᠤ ︾ ᠮᠡᠳᠦ ᠶᠢᠨ ᠬᠡᠯᠡᠨ ᠤ ᠵᠦᠢ ᠶᠢᠨ ᠪᠦᠳᠦᠭᠡᠯ ᠢ ᠳᠤᠭᠤᠷᠪᠢᠨ ᠪᠢᠴᠢᠵᠦ᠂ ᠤᠶᠢᠭᠤᠷᠵᠢᠨ ᠮᠤᠩᠭᠤᠯ | ᠦᠰᠦᠭ ᠤᠨ ᠳᠤᠬᠠᠢ ᠰᠤᠳᠤᠯᠭ᠎ᠠ ᠰᠢᠨᠵᠢᠯᠡᠭᠡ ᠬᠢᠵᠦ᠂ ᠮᠤᠩᠭᠤᠯ ᠦᠰᠦᠭ ᠤᠨ ᠳᠦᠷᠢᠮ ᠤᠨ ᠳᠤᠭᠳᠠᠪᠤᠷᠢᠵᠢᠨ | ᠲᠦᠷᠢᠮᠵᠢᠬᠦ ᠳᠤ ᠳᠡᠦᠭᠡᠳᠦ ᠭᠠᠪᠢᠶ᠎ᠠ ᠵᠢᠳᠬᠦᠯ ᠢ ᠦᠵᠡᠬᠦᠯᠵᠡᠢ᠃ ᠤᠶᠢᠭᠤᠷᠵᠢᠨ ᠮᠤᠩᠭᠤᠯ ᠪᠢᠴᠢᠭ ᠤᠨ | ᠳᠤᠷᠠᠰᠬᠠᠯ ᠳᠤ ᠬᠦᠰᠢᠶ᠎ᠡ ᠴᠢᠯᠠᠭᠤᠨ ᠤ ᠪᠢᠴᠢᠭ᠂ ᠬᠠᠷᠢᠯᠴᠠᠭᠠᠨ ᠤ ᠪᠢᠴᠢᠭ᠂ ᠵᠠᠷᠯᠢᠭ ᠠᠶᠢᠯᠠᠳᠬᠠᠯ ᠤᠨ ᠪᠢᠴᠢᠭ᠂ | ᠪᠢᠴᠢᠮᠡᠯ ᠪᠢᠴᠢᠭ ᠪᠠ ᠤᠶᠢᠰᠤᠨ ᠳᠡᠭᠡᠷᠡᠬᠢ ᠪᠢᠴᠢᠭ᠂ ᠳᠠᠮᠠᠭ᠎ᠠ ᠪᠠ ᠫᠠᠶᠢᠰᠠ ᠶᠢᠨ ᠪᠢᠴᠢᠭ᠂ ᠮᠤᠳᠤᠨ ᠪᠠᠷ ᠤᠨ | ᠪᠢᠴᠢᠭ᠂ ᠬᠠᠨ᠎ᠠ ᠶᠢᠨ ᠪᠢᠴᠢᠭ ᠠᠴᠠ ᠭᠠᠳᠠᠨ᠎ᠠ ᠪᠠᠰᠠ ᠤᠯᠠᠨ ᠳᠤᠷᠠᠰᠬᠠᠯᠳᠤ ᠮᠠᠲ᠋ᠧᠷᠢᠶᠠᠯ ᠤᠳ ᠪᠠᠶᠢᠨ᠎ᠠ᠃ |