ᠭᠤᠳᠤᠯ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠦ ᠬᠤᠪᠴᠠᠰᠦ ᠵᠠᠰᠠᠯ ᠤᠨ ᠴᠢᠬᠤᠯᠠ ᠨᠢᠬᠡᠨ ᠵᠦᠢᠯ ᠪᠤᠯᠬᠤ | ᠶᠤᠮ᠃ ᠲᠡᠷᠡ ᠨᠢ ᠨᠡᠬᠦᠳᠡᠯᠴᠢᠨ ᠦᠨᠳᠦᠰᠦᠳᠡᠨ ᠤ ᠠᠵᠦ ᠠᠮᠢᠳᠤᠷᠠᠯ ᠳᠤ ᠮᠠᠰᠢ ᠰᠠᠶᠢᠨ ᠵᠤᠬᠢᠴᠠᠳᠠᠬ ᠠᠴᠠ ᠤᠷᠳᠦ | ᠤᠳᠠᠭᠠᠨ ᠲᠠᠤᠭᠡᠨ ᠠᠶᠠᠨ ᠢ ᠮᠤᠩᠭᠤᠯᠴᠤᠳ ᠲᠠᠢ ᠬᠠᠮᠳᠦ ᠲᠤᠭᠤᠯᠵᠦ ᠢᠷᠡᠭᠰᠡᠨ ᠶᠤᠮ᠃ ᠬᠡᠪᠡᠴᠦ ᠨᠡᠶᠢᠬᠡᠮ ᠠᠵᠦ | ᠠᠬᠤᠢ ᠶᠢᠨ ᠲᠦᠷᠬᠡᠨ ᠬᠤᠪᠢᠰᠤᠯᠳᠠ ᠲᠤᠮᠳᠠ ᠮᠤᠩᠭᠤᠯᠴᠤᠳ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠲᠤ | ᠶᠡᠬᠡᠬᠡᠨ ᠬᠤᠪᠢᠷᠠᠯᠳᠠ ᠭᠠᠷᠴᠦ᠂ ᠡᠬᠦᠨ ᠢ ᠲᠠᠭᠠᠯᠳᠤᠨ ᠮᠤᠩᠭᠤᠯ ᠭᠤᠳᠤᠯ ᠨᠢ ᠠᠮᠢᠳᠤᠷᠠᠯ ᠳᠤ ᠦᠷᠬᠡᠨ ᠢᠶᠠᠷ | ᠬᠡᠷᠡᠭᠯᠡᠭᠳᠡᠬᠦ ᠪᠠᠨ ᠪᠤᠯᠢᠵᠦ᠂ ᠤᠷᠠᠯᠠᠵᠦ ᠤᠶᠤᠬᠤ ᠠᠷᠭ᠎ᠠ ᠮᠡᠷᠬᠡᠰᠢᠯ ᠪᠤᠯᠤᠨ ᠶᠤᠰᠦ ᠴᠡᠬᠡᠷ ᠴᠤ ᠮᠠᠷᠳᠠᠭᠳᠠᠨ | ᠤᠷᠬᠢᠭᠳᠠᠬᠤ ᠳᠤ ᠬᠦᠷᠴᠡᠢ᠃ ᠵᠤᠬᠢᠶᠠᠬᠴᠢ ᠵᠠᠷᠤᠳ ᠬᠤᠰᠢᠭᠤᠨ ᠤ ᠤᠷᠠᠨ ᠤᠶᠤᠳᠠᠯᠴᠢᠨ ᠰᠡᠷᠵᠢᠮᠡ ᠨᠠᠷ ᠢ | ᠰᠤᠷᠪᠤᠯᠵᠢᠯᠠᠵᠦ᠂ ᠤᠯᠠᠮᠵᠢᠯᠠᠯᠳᠦ ᠭᠤᠳᠦᠯ ᠬᠢᠬᠦ ᠠᠷᠭ᠎ᠠ ᠲᠡᠮ ᠪᠤᠯᠤᠨ ᠶᠤᠰᠦ ᠤᠴᠢᠷ ᠢ ᠲᠡᠮᠳᠡᠭᠯᠡᠭᠰᠡᠨ ᠶᠤᠮ᠃ | ᠴᠠᠪᠤᠭ ᠬᠠᠳᠠᠭᠠᠬᠤ ᠦᠯᠢᠭᠡᠷ ᠠᠪᠬᠤ ᠪᠠ ᠡᠰᠭᠡᠵᠦ ᠬᠠᠶᠢᠴᠢᠯᠠᠬᠤ | ᠭᠤᠳᠤᠯ ᠤᠶᠤᠬᠤ ᠳᠤ ᠶᠠᠭᠤᠨ ᠤ ᠡᠮᠦᠨ᠎ᠡ ᠰᠠᠭᠠᠭ ᠤᠨ ᠭᠤᠯᠢᠷ ᠢᠶᠠᠷ ᠰᠢᠩᠭᠡᠭᠡᠨ ᠰᠢᠭ ᠨᠠᠭᠠᠯᠳᠠ ᠴᠢᠨᠠᠵᠤ | ᠭᠤᠳᠤᠯ ᠤᠨ ᠤᠯᠠ ᠵᠤᠯᠤᠭ ᠬᠢᠭᠦ ᠳᠤ ᠭᠡᠷᠡᠭᠯᠡᠬᠦ ᠴᠠᠪᠤᠭ ᠢᠶᠠᠨ ᠬᠠᠳᠠᠭᠠᠨ᠎ᠠ᠃ ᠰᠠᠭᠠᠭ ᠤᠨ ᠭᠤᠯᠢᠷ ᠢᠶᠠᠷ ᠨᠠᠭᠠᠯᠳᠠ | ᠬᠢᠪᠡᠯ ᠴᠠᠪᠤᠭ ᠨᠢ ᠵᠦᠭᠡᠯᠡᠨ ᠰᠢᠭ ᠭᠠᠷᠳᠠᠭ ᠭᠡᠳᠡᠭ᠃ ᠮᠠᠲ᠋ᠧᠷᠢᠶᠠᠯ ᠤᠨ ᠬᠤᠪᠢ ᠳᠤ ᠴᠠᠪᠤᠭ ᠬᠠᠳᠠᠭᠠᠬᠤ ᠳᠤ | ᠭᠡᠷᠡᠭᠯᠡᠬᠦ ᠪᠦᠰ ᠢ ᠬᠦᠪᠦᠩ ᠨᠡᠭᠡᠮᠡᠯ ᠤᠨ ᠡᠳ᠋ ᠢ ᠰᠤᠩᠭᠤᠪᠠᠯ ᠨᠠᠭᠠᠯᠳᠤᠪᠤᠷᠢ ᠲᠠᠢ ᠰᠠᠶᠢᠬᠠᠨ ᠪᠠᠶᠢᠳᠠᠭ᠃ ᠴᠠᠪᠤᠭ | ᠬᠠᠳᠠᠭᠠᠬᠤ ᠳᠤ ᠭᠡᠷᠡᠭᠯᠡᠬᠦ ᠪᠦᠰ ᠢ ᠬᠠᠭᠤᠴᠢᠨ ᠲᠡᠪᠡᠯ ᠦᠮᠦᠳᠦ ᠶᠢ ᠬᠠᠨᠵᠠᠯᠠᠵᠤ ᠤᠬᠢᠶᠠᠭᠠᠳ ᠤᠶᠤᠳᠠᠯ ᠤᠨ | ᠬᠦᠷᠪᠠᠶᠢᠭ᠍ᠰᠡᠨ ᠵᠠᠯᠭᠠᠭᠠᠰᠤ ᠶᠢ ᠴᠦᠮ ᠢ ᠬᠠᠶᠢᠴᠢᠯᠠᠵᠤ ᠬᠠᠶᠠᠨ᠂ ᠤᠶᠤᠳᠠᠯ ᠤᠨ ᠦᠯᠡᠳᠡᠭᠳᠡᠯ ᠤᠳᠠᠰᠤ ᠶᠢ ᠴᠡᠪᠡᠷᠭᠡᠨ | ᠲᠡᠬᠦᠵᠦ ᠴᠡᠪᠡᠷᠯᠡᠨ᠎ᠡ᠃ ᠠᠩᠬᠠᠨ ᠳᠠᠭᠠᠨ ᠡᠷᠡᠭᠳᠡᠢ ᠬᠦᠮᠦᠨ ᠭᠡᠭᠡᠷ᠎ᠡ ᠭᠠᠳᠠᠨ᠎ᠠ ᠠᠮᠠᠷᠠᠬᠤ ᠳᠠᠭᠠᠨ ᠭᠤᠳᠤᠯ ᠢᠶᠠᠨ | ᠲᠡᠷᠡᠯᠡᠵᠦ ᠤᠨᠳᠠᠳᠠᠭ ᠪᠤᠯᠬᠤᠷ ᠡᠷᠡᠭᠳᠡᠢ ᠬᠦᠮᠦᠨ ᠤ ᠭᠤᠳᠤᠯ ᠤᠨ ᠴᠠᠪᠤᠭ ᠲᠤ ᠡᠮᠡᠭᠳᠡᠢ ᠬᠦᠮᠦᠨ ᠤ ᠦᠮᠦᠳᠦ ᠶᠢᠨ | ᠪᠦᠰ ᠢ ᠭᠡᠷᠡᠭᠯᠡᠳᠡᠭ ᠦᠭᠡᠢ᠃ ᠴᠡᠪᠡᠷᠭᠡᠨ ᠤᠬᠢᠶᠠᠭᠰᠠᠨ ᠲᠡᠪᠡᠯ ᠤᠨ ᠪᠦᠰ ᠢ ᠭᠡᠷᠡᠭᠯᠡᠳᠡᠭ᠃ ᠪᠦᠰ ᠢᠶᠠᠨ ᠭᠡᠳᠦᠨ | ᠲᠠᠪᠬᠤᠷ ᠦᠵᠦᠬᠦᠷ ᠢᠷᠮᠡᠭ ᠢ ᠨᠢ ᠶᠠᠭ ᠲᠠᠭ ᠲᠠᠭᠠᠷᠠᠭᠤᠯᠵᠤ ᠲᠡᠭᠰᠢ ᠰᠠᠶᠢᠬᠠᠨ ᠨᠠᠭᠠᠭᠰᠠᠨ ᠤ ᠲᠠᠷᠠᠭ᠎ᠠ ᠬᠠᠨ᠎ᠠ ᠪᠤᠶᠤ | ᠲᠡᠭᠰᠢᠭᠡᠨ ᠪᠠᠨᠵᠠᠨ ᠲᠡᠭᠡᠷ᠎ᠡ ᠨᠠᠭᠠᠯᠳᠤᠭᠤᠯᠵᠤ ᠬᠠᠳᠠᠭᠰᠠᠨ ᠤ ᠬᠤᠶᠢᠨ᠎ᠠ ᠰᠠᠶ᠋ᠢ ᠱᠠᠭᠠᠯᠵᠤ ᠠᠪᠤᠨ᠎ᠠ᠃ ᠶᠡᠷᠦ ᠳᠡᠭᠡᠨ | ᠤᠯᠠ ᠬᠢᠭᠦ ᠳᠤ ᠭᠡᠷᠡᠭᠯᠡᠬᠦ ᠴᠠᠪᠤᠭ ᠢ ᠭᠤᠷᠪᠠᠨ ᠲᠠᠪᠬᠤᠷ ᠢᠶᠠᠷ᠂ ᠵᠤᠯᠤᠭ ᠬᠢᠬᠦ ᠳᠤ ᠭᠡᠷᠡᠭᠯᠡᠬᠦ ᠴᠠᠪᠤᠭ ᠢ ᠲᠦᠷᠪᠡ ᠠᠴᠠ | ᠲᠠᠪᠤᠨ ᠲᠠᠪᠬᠤᠷ ᠢᠶᠠᠷ ᠲᠤᠰ ᠲᠤᠰ ᠬᠠᠳᠠᠭᠠᠨ᠎ᠠ᠃ ᠤᠯᠠ ᠨᠠᠭᠠᠬᠤ ᠴᠠᠪᠤᠭ ᠬᠠᠳᠠᠭᠠᠬᠤ ᠳᠤ ᠶᠡᠷᠦ ᠨᠢ ᠴᠠᠭᠠᠨ | ᠦᠩᠭᠡᠳᠡᠢ ᠪᠦᠰ ᠭᠡᠷᠡᠭᠯᠡᠵᠦ᠂ ᠵᠤᠯᠤᠭ ᠲᠦᠷᠡᠢ ᠶᠢᠨ ᠴᠠᠪᠤᠭ ᠬᠠᠳᠠᠭᠠᠬᠤ ᠳᠤ ᠬᠠᠷ᠎ᠠ ᠪᠤᠯᠤᠨ ᠬᠦᠨ ᠬᠦᠭᠡ | ᠦᠩᠭᠡ ᠲᠠᠢ ᠪᠦᠰ ᠢ ᠰᠤᠩᠭᠤᠳᠠᠭ᠃ ᠢᠩᠬᠢᠪᠡᠯ ᠤᠯᠠ ᠵᠤᠯᠤᠭ ᠤᠨ ᠦᠩᠭᠡᠨ ᠲᠠᠪᠬᠤᠷᠭ᠎ᠠ ᠨᠢ ᠡᠯᠡᠭᠳᠡᠵᠦ | ᠴᠤᠭᠤᠷᠤᠭᠰᠠᠨ ᠴᠤ ᠢᠯᠡᠷᠡᠵᠦ ᠭᠠᠷᠴᠤ ᠢᠷᠡᠬᠦ ᠲᠤᠳᠤᠷᠠᠬᠢ ᠪᠦᠰ ᠤᠨ ᠦᠩᠭᠡ ᠨᠢ ᠦᠩᠭᠡᠯᠡᠭᠰᠡᠨ ᠭᠠᠳᠠᠷ ᠤᠨ | ᠦᠩᠭᠡ ᠲᠠᠢ ᠬᠠᠷᠰᠢᠬᠤ ᠦᠭᠡᠢ ᠪᠠᠶᠢᠳᠠᠭ᠃ ᠶᠠᠭ ᠠᠳᠠᠯᠢ ᠦᠩᠭᠡ ᠲᠠᠢ ᠪᠦᠰ ᠤᠯᠳᠠᠬᠤ ᠦᠭᠡᠢ ᠪᠤᠯ ᠵᠤᠯᠤᠭ | ᠲᠦᠷᠡᠢ ᠶᠢᠨ ᠦᠩᠭᠡᠨ ᠲᠠᠯ᠎ᠠ ᠶᠢᠨ ᠲᠤᠤᠷ᠎ᠠ ᠬᠤᠶᠠᠷ ᠲᠠᠪᠬᠤᠷ ᠪᠦᠰ ᠢ ᠦᠩᠭᠡᠯᠡᠬᠦ ᠪᠦᠰ ᠲᠠᠢ ᠪᠤᠳᠤᠭ | ᠲᠠᠭᠠᠷᠠᠭᠤᠯᠵᠤ ᠬᠢᠨ᠎ᠡ᠃ | ᠭᠤᠳᠤᠯ ᠤᠨ ᠦᠯᠢᠭᠡᠷ ᠬᠢᠬᠦ ᠳᠤ ᠤᠷᠢᠳᠠᠪᠠᠷ ᠭᠤᠳᠤᠯ ᠡᠮᠦᠰᠬᠦ ᠡᠵᠡᠨ ᠤ ᠬᠢᠨᠢ ᠬᠦᠯ ᠤᠨ ᠶᠡᠭᠡ ᠪᠠᠭ᠎ᠠ ᠶᠢ ᠭᠡᠮᠵᠢᠵᠦ | ᠂ ᠭᠡᠮᠵᠢᠶ᠎ᠡ ᠳᠡᠭᠡᠨ ᠵᠤᠬᠢᠴᠠᠭᠤᠯᠤᠨ ᠤᠯᠠ ᠶᠢᠨ ᠦᠯᠢᠭᠡᠷ ᠢ ᠬᠠᠶᠢᠴᠢᠯᠠᠵᠤ᠂ ᠲᠠᠷᠠᠭ᠎ᠠ ᠳᠤ ᠨᠢ ᠭᠤᠳᠤᠯ ᠤᠨ | ᠤᠯᠠ ᠶᠢᠨ ᠦᠯᠢᠭᠡᠷ ᠤᠨ ᠶᠡᠭᠡ ᠪᠠᠭ᠎ᠠ ᠳᠤ ᠶᠠᠭ ᠰᠠᠶᠢᠬᠠᠨ ᠲᠠᠭᠠᠷᠠᠭᠤᠯᠤᠨ ᠵᠤᠬᠢᠴᠠᠭᠤᠯᠵᠤ ᠵᠤᠯᠤᠭ ᠪᠤᠯᠤᠨ | ᠲᠦᠷᠡᠢ ᠶᠢᠨ ᠦᠯᠢᠭᠡᠷ ᠭᠡᠪ ᠢ ᠲᠤᠰ ᠲᠤᠰ ᠲᠤ ᠨᠢ ᠴᠠᠭᠠᠰᠤ ᠪᠠᠷ ᠬᠠᠶᠢᠴᠢᠯᠠᠠ ᠠᠪᠤᠨ᠎ᠠ᠃ ᠭᠤᠳᠤᠯ ᠤᠨ ᠤᠯᠠ ᠶᠢᠨ | ᠦᠯᠢᠭᠡᠷ ᠠᠪᠬᠤ ᠳᠤ ᠡᠪᠤᠯ ᠵᠤᠨ ᠤ ᠬᠢ ᠢᠯᠭᠠᠭ᠎ᠠ ᠲᠠᠢ᠃ ᠵᠤᠨ ᠤ ᠭᠤᠳᠤᠯ ᠤᠨ ᠦᠯᠢᠭᠡᠷ ᠪᠤᠯ ᠪᠠᠷᠤᠭ | ᠬᠦᠯ ᠠᠴᠠ ᠨᠢ ᠬᠤᠷᠤᠭᠤ ᠢᠯᠡᠬᠦᠦ ᠶᠡᠭᠡ ᠠᠪᠴᠤ᠂ ᠡᠪᠤᠯ ᠤᠨ ᠭᠤᠳᠤᠯ ᠢ ᠪᠤᠯ ᠬᠤᠶᠠᠷ ᠬᠤᠷᠤᠭᠤ ᠭᠠᠷᠤᠢ ᠶᠡᠭᠡ | ᠠᠪᠳᠠᠭ᠃ ᠡᠬᠦᠨ ᠳᠤ ᠶᠠᠭ ᠲᠤᠭᠳᠠᠭᠰᠠᠨ ᠭᠡᠮᠵᠢᠶ᠎ᠡ ᠭᠡᠵᠦ ᠦᠭᠡᠢ᠃ ᠢᠩᠬᠢᠭᠡᠳ ᠰᠠᠶ᠋ᠢ ᠤᠯᠠ ᠵᠤᠯᠤᠭ ᠤᠨ | ᠦᠯᠢᠭᠡᠷ ᠭᠡᠪ ᠢᠶᠠᠨ ᠬᠠᠳᠠᠭᠠᠭᠰᠠᠨ ᠴᠠᠪᠤᠭ ᠲᠤ ᠪᠠᠨ ᠰᠢᠳᠡᠵᠦ ᠤᠶᠤᠭᠠᠳ ᠬᠦᠪᠡᠭᠡ ᠶᠢ ᠨᠢ ᠲᠠᠭᠠᠭᠤᠯᠵᠤ ᠲᠡᠭᠰᠢ | ᠰᠠᠶᠢᠬᠠᠨ ᠬᠠᠶᠢᠴᠢᠯᠠᠨ᠎ᠠ᠃ ᠤᠯᠠ ᠶᠢ ᠬᠠᠶᠢᠴᠢᠯᠠᠬᠤ ᠳᠤ ᠴᠠᠪᠤᠭ ᠢᠶᠠᠨ ᠦᠯᠢᠭᠡᠷ ᠭᠡᠪ ᠤᠨ ᠶᠤᠰᠤᠭᠠᠷ ᠨᠢᠭᠡ ᠨᠢᠭᠡ | ᠲᠠᠪᠬᠤᠷ ᠢᠶᠠᠷ ᠲᠠᠷᠠᠭ᠎ᠠ ᠲᠠᠷᠠᠭᠠᠯᠠᠨ ᠬᠠᠷᠢᠯᠴᠠᠨ ᠯᠠᠪᠳᠠᠭᠤᠨ ᠰᠢᠳᠡᠵᠦ ᠲᠤᠭᠳᠠᠭᠠᠭᠠᠳ ᠨᠡᠶᠢᠳᠡ ᠲᠤᠯᠤᠭᠠᠨ | ᠲᠠᠪᠬᠤᠷ ᠢ ᠲᠡᠩᠴᠠᠬᠦᠦ ᠪᠠᠷ ᠬᠠᠶᠢᠴᠢᠯᠠᠵᠤ ᠠᠪᠤᠨ᠎ᠠ᠃ ᠭᠡᠬᠦ ᠳᠡᠭᠡᠨ ᠴᠠᠪᠤᠭ ᠢ ᠢᠯᠡᠬᠦᠦ ᠲᠤᠳᠠᠭᠤ ᠬᠠᠶᠢᠴᠢᠯᠠᠵᠤ | ᠤᠭᠳᠤ ᠪᠤᠯᠬᠤ ᠦᠭᠡᠢ᠂ ᠵᠠᠪᠠᠯ ᠲᠡᠭᠰᠢᠭᠡᠨ ᠬᠠᠶᠢᠴᠢᠯᠠᠬᠤ ᠭᠡᠷᠡᠭᠳᠡᠢ᠃ ᠲᠤᠯᠤᠭᠠᠨ ᠲᠠᠪᠬᠤᠷ ᠤᠯᠠ ᠶᠢᠨ ᠴᠠᠪᠤᠭ ᠢ | ᠬᠠᠶᠢᠴᠢᠯᠠᠵᠤ ᠪᠠᠷᠠᠭᠰᠠᠨ ᠤ ᠰᠡᠬᠦᠯᠡᠷ ᠭᠡᠦᠭᠡᠨ ᠤᠯᠠ ᠪᠤᠯᠤᠨ ᠬᠠᠳᠠᠯᠭ᠎ᠠ ᠤᠯᠠ ᠶᠢ ᠨᠦᠬᠦᠭᠡ ᠲᠤᠯᠤᠭᠠᠨ ᠲᠠᠪᠬᠤᠷ | ᠴᠠᠪᠤᠭ ᠠᠴᠠ ᠵᠢᠭᠠᠬᠠᠨ ᠶᠡᠭᠡ ᠰᠢᠭ ᠬᠠᠶᠢᠴᠢᠯᠠᠵᠤ ᠡᠰᠭᠡᠨ᠎ᠡ᠃ | ᠤᠯᠠ ᠵᠤᠯᠤᠭ ᠨᠠᠭᠠᠬᠤ ᠪᠠ ᠤᠯᠠ ᠰᠢᠷᠢᠬᠦ | ᠬᠤᠶᠠᠷ ᠤᠯᠠ ᠶᠢᠨ ᠴᠠᠪᠤᠭ ᠢ ᠪᠦᠬᠦᠳᠡ ᠶᠢ ᠬᠠᠶᠢᠴᠢᠯᠠᠵᠤ ᠡᠰᠭᠡᠵᠦ ᠪᠠᠷᠠᠪᠠᠯ᠂ ᠴᠠᠭᠠᠨ ᠪᠦᠰ ᠢ ᠵᠢᠰᠢᠬᠦᠦ ᠪᠠᠷ | ᠬᠤᠷᠤᠭᠤ ᠢᠯᠡᠬᠦᠦ ᠦᠷᠭᠡᠨ ᠵᠦᠰᠦᠵᠦ ᠴᠠᠪᠤᠭ ᠤᠨ ᠢᠷᠮᠡᠭ ᠤᠨ ᠴᠠᠭᠠᠨ ᠪᠦᠰ ᠢᠶᠠᠨ ᠪᠠᠭ᠎ᠠ ᠴᠢᠩᠭᠠᠭᠠᠰᠬᠢᠵᠦ | ᠪᠠᠶᠢᠭᠠᠳ ᠨᠠᠭᠠᠪᠠᠯ ᠨᠠᠭᠠᠯᠳᠤᠪᠤᠷᠢ ᠲᠠᠢ ᠰᠠᠶᠢᠬᠠᠨ ᠪᠤᠯᠳᠠᠭ᠃ ᠭᠡᠦᠭᠡᠨ ᠤᠯᠠ ᠶᠢ ᠤᠳᠤ ᠪᠠᠷᠤᠭ ᠯᠡ ᠪᠦᠷ | ᠨᠤᠭᠤᠭᠠᠨ ᠦᠭᠡᠳᠡᠩ ᠢᠶᠠᠷ ᠴᠢᠮᠬᠢᠨ ᠨᠠᠭᠠᠵᠤ ᠪᠤᠢ᠃ ᠭᠡᠦᠭᠡᠨ ᠤᠯᠠ ᠠᠴᠠ ᠪᠤᠰᠤᠳ ᠤᠯᠠ ᠶᠢ ᠪᠦᠷ ᠴᠠᠭᠠᠨ | ᠪᠦᠰ ᠢᠶᠠᠷ ᠴᠢᠮᠬᠢᠳᠡᠭ᠃ ᠬᠠᠳᠠᠯᠭ᠎ᠠ ᠤᠯᠠ ᠶᠢ ᠴᠠᠭᠠᠨ ᠪᠦᠰ ᠢᠶᠠᠷ᠂ ᠭᠡᠦᠭᠡᠨ ᠤᠯᠠ ᠶᠢ ᠨᠤᠭᠤᠭᠠᠨ ᠦᠭᠡᠳᠡᠩ ᠢᠶᠠᠷ | ᠴᠢᠮᠬᠢᠬᠦ ᠳᠤ ᠴᠠᠭᠠᠨ ᠪᠦᠰ ᠨᠢ ᠦᠭᠡᠳᠡᠩ ᠠᠴᠠ ᠨᠢᠮᠭᠡᠨ ᠪᠤᠯᠬᠤᠷ ᠬᠠᠳᠠᠯᠭ᠎ᠠ ᠤᠯᠠ ᠨᠢ ᠠᠶᠠᠨᠳᠠᠭᠠᠨ ᠭᠡᠦᠭᠡᠨ | ᠤᠯᠠ ᠠᠴᠠ ᠦᠯᠦ ᠮᠡᠳᠡᠭᠳᠡᠮ᠎ᠡ ᠪᠠᠭ᠎ᠠ ᠬᠠᠷᠠᠭᠳᠠᠳᠠᠭ᠃ ᠴᠢᠮᠬᠢᠵᠦ ᠪᠠᠷᠠᠭᠰᠠᠨ ᠤᠯᠠ ᠶᠢᠨ ᠴᠠᠪᠤᠭ ᠤᠳ ᠢ | ᠬᠤᠭᠤᠷᠤᠨᠳᠦ ᠨᠢ ᠨᠠᠭᠠᠯᠳᠤᠭᠤᠯᠬᠤ ᠳᠠᠭᠠᠨ ᠴᠠᠪᠤᠭ ᠤᠳ ᠤᠨ ᠵᠠᠪᠰᠠᠷ ᠲᠤ ᠭᠤᠷᠪᠠᠨ ᠲᠠᠪᠬᠤᠷ ᠤᠨ ᠴᠠᠪᠤᠭ ᠢ ᠨᠢᠭᠡ | ᠨᠢᠭᠡ ᠲᠠᠪᠬᠤᠷ ᠨᠡᠮᠡᠵᠦ ᠨᠠᠭᠠᠳᠠᠭ᠃ ᠭᠡᠦᠭᠡᠨ ᠤᠯᠠ ᠶᠢᠨ ᠲᠤᠤᠭᠤᠷ ᠪᠤᠯ ᠬᠤᠶᠠᠷ ᠠᠴᠠ ᠭᠤᠷᠪᠠᠨ ᠲᠠᠪᠬᠤᠷ ᠴᠠᠪᠤᠭ | ᠨᠡᠮᠡᠵᠦ ᠨᠠᠭᠠᠬᠤ ᠳᠠᠭᠠᠨ ᠨᠢᠭᠡ ᠲᠠᠪᠬᠤᠷ ᠢ ᠨᠢ ᠪᠠᠭ᠎ᠠ ᠲᠤᠳᠤᠭᠰᠢ ᠪᠠᠨ ᠰᠢᠭ᠋ ᠨᠠᠭᠠᠪᠠᠯ ︵ᠪᠤᠰᠤᠳ ᠠᠴᠠ ᠪᠠᠨ | ᠪᠠᠭ᠎ᠠ ᠲᠤᠳᠠᠭᠤ ᠰᠢᠭ᠋ ︶ ᠢᠯᠡᠬᠦᠦ ᠵᠤᠬᠢᠷᠠᠳᠠᠭ᠃ ᠵᠠᠷᠢᠮ ᠬᠦᠮᠦᠨ ᠬᠠᠳᠠᠯᠭ᠎ᠠ ᠤᠯᠠ ᠶᠢ ᠴᠠᠪᠤᠭ ᠢᠶᠠᠷ ᠬᠢᠳᠡᠭ | ᠦᠭᠡᠢ᠂ ᠭᠡᠦᠭᠡᠨ ᠤᠯᠠ ᠪᠠᠨ ᠨᠠᠭᠠᠵᠤ ᠴᠢᠮᠬᠢᠭᠡᠳ ᠪᠠᠷᠠᠭᠰᠠᠨ ᠬᠤᠶᠢᠨ᠎ᠠ ᠴᠢᠮᠬᠢᠶᠡᠷᠢ ᠪᠠᠷ ᠭᠡᠷᠡᠭᠯᠡᠳᠡᠭ ᠴᠠᠭᠠᠨ | ᠵᠤᠷᠪᠤᠰ ᠪᠦᠰ ᠢᠶᠠᠨ ᠬᠤᠶᠠᠷ ᠲᠠᠪᠬᠤᠷᠯᠠᠭᠠᠳ ᠭᠡᠦᠭᠡᠨ ᠤᠯᠠ ᠶᠢᠨ ᠲᠡᠭᠡᠷ᠎ᠡ ᠭᠡᠦᠭᠡᠨ ᠤᠯᠠ ᠠᠴᠠ ᠮᠡᠳᠡᠭᠳᠡᠮ᠎ᠡ | ᠲᠤᠳᠠᠭᠤ ᠬᠠᠪᠰᠤᠷᠴᠤ ᠨᠠᠭᠠᠭᠠᠳ ᠲᠤᠮᠳᠠ ᠨᠢ ᠭᠠᠷᠤᠭᠰᠠᠨ ᠬᠤᠳᠤᠭᠤᠷ ᠲᠤᠳᠤᠷ᠎ᠠ ᠨᠢ ᠰᠤᠯᠠ ᠴᠠᠪᠤᠭ ᠨᠠᠭᠠᠵᠤ | ᠲᠦᠬᠦᠷᠭᠡᠳᠡᠭ᠃ ᠬᠠᠳᠠᠯᠭ᠎ᠠ ᠤᠯᠠ ᠬᠢᠭᠡᠳ ᠭᠡᠦᠭᠡᠨ ᠤᠯᠠ ᠠᠴᠠ ᠤᠨᠳᠤᠤ ᠲᠡᠭᠰᠢᠯᠡᠨ ᠨᠠᠭᠠᠭᠰᠠᠨ ᠭᠡᠰᠡᠭ ᠢ ᠲᠤᠮᠳᠠ | ᠤᠯᠠ ᠭᠡᠳᠡᠭ᠃ ᠲᠤᠮᠳᠠ ᠤᠯᠠ ᠶᠢ ᠵᠠᠪᠠᠯ ᠲᠤᠯᠤᠭᠠᠨ ᠲᠠᠪᠬᠤᠷ ᠨᠠᠭᠠᠬᠤ ᠲᠤᠭᠳᠠᠭᠠᠯ ᠲᠠᠢ ᠪᠢᠰᠢ ᠵᠠᠷᠢᠮ ᠳᠠᠭᠠᠨ 4 | — 5 ᠲᠠᠪᠬᠤᠷ ᠴᠤ ᠨᠠᠭᠠᠳᠠᠭ᠃ ᠤᠯᠠᠩᠬᠢ ᠳᠠᠭᠠᠨ ᠵᠠᠰᠠᠯ ᠳᠤ ᠡᠮᠦᠰᠬᠦ ᠭᠤᠳᠤᠯ ᠤᠨ ᠤᠯᠠ ᠶᠢ ᠢᠯᠡᠬᠦᠦ | ᠲᠠᠪᠬᠤᠷᠯᠠᠵᠤ ᠨᠠᠭᠠᠳᠠᠭ᠃ ᠬᠠᠮᠤᠭ ᠤᠨ ᠲᠤᠤᠷ᠎ᠠ ᠨᠢ ᠤᠷᠤᠳᠠᠭ ᠤᠯᠠ ᠶᠢ ᠠᠷᠤ ᠤᠯᠠ ᠭᠡᠳᠡᠭ᠃ ᠠᠷᠤ ᠤᠯᠠ ᠶᠢᠨ | ᠲᠡᠭᠡᠷ᠎ᠡ ᠨᠢᠭᠡ ᠲᠠᠪᠬᠤᠷ ᠴᠠᠪᠤᠭ ᠨᠡᠮᠡᠵᠦ ᠨᠠᠭᠠᠭᠠᠳ ᠦᠪᠴᠢ ᠴᠠᠭᠠᠨ ᠢᠶᠠᠷ ᠪᠦᠷᠬᠦᠭᠡᠵᠦ ᠨᠠᠭᠠᠨ᠎ᠠ᠃ ᠡᠬᠦᠨ ᠢ | ᠤᠯᠠ ᠶᠢᠨ ᠦᠩᠭᠡ ᠲᠠᠷᠤᠨ᠎ᠠ ᠭᠡᠳᠡᠭ᠃ ᠨᠠᠭᠠᠵᠤ ᠭᠠᠷᠭᠠᠭᠰᠠᠨ ᠤᠯᠠ ᠪᠠᠨ ᠲᠡᠷᠡ ᠪᠤᠶᠤ ᠲᠤᠭᠤᠰᠬ᠎ᠠ ᠮᠡᠳᠦ ᠶᠢᠨ | ᠬᠦᠨᠳᠦ ᠰᠢᠭ ᠶᠠᠭᠤᠮ᠎ᠠ ᠪᠠᠷ ᠲᠠᠷᠤᠵᠤ ᠭᠡᠳᠦᠨ ᠬᠤᠪᠢ ᠬᠠᠳᠠᠭᠰᠠᠨ ᠤ ᠲᠠᠷᠠᠭ᠎ᠠ ᠭᠠᠷᠭᠠᠵᠤ ᠲᠠᠬᠢᠨ ᠲᠡᠭᠰᠢᠯᠡᠨ | ᠵᠠᠰᠠᠨ᠎ᠠ᠃ | ᠨᠠᠭᠠᠵᠤ ᠬᠠᠳᠠᠭᠠᠭᠰᠠᠨ ᠤᠯᠠ ᠶᠢ ᠰᠢᠷᠢᠵᠦ ᠤᠶᠤᠬᠤ ᠳᠤ ᠰᠢᠯᠵᠢᠬᠦ ᠠᠴᠠ ᠨᠢ ᠰᠡᠷᠭᠡᠶᠢᠯᠡᠭᠡᠳ ᠤᠷᠢᠳᠠᠪᠠᠷ ᠬᠤᠯᠠ | ᠬᠤᠯᠠ ᠲᠤᠭᠤᠷᠢᠭᠤᠯᠵᠤ ᠨᠢᠭᠡ ᠮᠦᠷ᠂ ᠲᠤᠮᠳᠠᠭᠤᠷ ᠨᠢ ᠨᠢᠭᠡ ᠮᠦᠷ ᠰᠢᠳᠡᠵᠦ ᠤᠶᠤᠬᠰᠠᠨ ᠬᠤᠶᠢᠨ᠎ᠠ ᠨᠢᠭᠳᠠ ᠰᠢᠭ᠋ | ᠨᠢᠭᠡ ᠠᠴᠠ ᠬᠤᠶᠠᠷ ᠮᠦᠷ ᠲᠤᠭᠤᠷᠢᠭᠤᠯᠵᠤ ᠤᠶᠤᠨ᠎ᠠ᠃ ᠲᠤᠭᠤᠷᠢᠭᠤᠯᠵᠤ ᠪᠠᠷᠠᠭᠰᠠᠨ ᠤ ᠲᠠᠷᠠᠭ᠎ᠠ ᠰᠢᠳᠡᠭᠡᠷᠢ ᠪᠠᠨ | ᠠᠪᠴᠤ ᠬᠠᠶᠠᠭᠠᠳ ᠲᠠᠮᠤᠵᠤ ᠪᠡᠯᠡᠳᠭᠡᠭᠰᠡᠨ ᠤᠯᠤᠰᠤᠨ ᠤᠳᠠᠰᠤ ᠪᠠᠷ ᠰᠢᠷᠢᠨ᠎ᠡ᠃ ᠪᠤᠰᠤᠳ ᠭᠤᠯᠭᠤᠮᠠᠳᠠᠭᠠᠢ | ᠮᠠᠲ᠋ᠧᠷᠢᠶᠠᠯ ᠢᠶᠠᠷ ᠲᠠᠮᠤᠭᠰᠠᠨ ᠤᠳᠠᠰᠤ ᠪᠠᠷ ᠰᠢᠷᠢᠵᠦ ᠪᠤᠯᠳᠠᠭ ᠦᠭᠡᠢ᠃ | ᠵᠤᠯᠤᠭ ᠪᠤᠯᠤᠨ ᠲᠦᠷᠡᠢ ᠶᠢᠨ ᠦᠯᠢᠭᠡᠷ ᠢᠶᠠᠨ ᠴᠠᠪᠤᠭ ᠲᠠᠭᠠᠨ ᠰᠢᠳᠡᠵᠦ ᠤᠶᠤᠭᠠᠳ ᠬᠠᠶᠢᠴᠢᠯᠠᠵᠤ ᠠᠪᠤᠭᠰᠠᠨ | ᠬᠤᠶᠢᠨ᠎ᠠ ᠦᠩᠭᠡ ᠲᠠᠷᠤᠬᠤ ᠠᠴᠠ ᠪᠠᠨ ᠡᠮᠦᠨ᠎ᠡ ᠨᠠᠭᠠᠳᠤ ᠵᠠᠬ᠎ᠠ ᠳᠠᠭᠠᠨ ᠭᠤᠷᠪᠠ ᠠᠴᠠ ᠲᠦᠷᠪᠡᠨ ᠲᠠᠪᠬᠤᠷ ᠲᠠᠷᠤᠤ | ︵ᠡᠯᠡᠭᠳᠡᠭᠰᠡᠨ ᠢᠶᠠᠷ ᠪᠠᠭ᠎ᠠ ᠰᠢᠭ᠋᠂ ᠪᠠᠬᠢ ᠰᠢᠭ ᠪᠦᠰ᠂ ᠪᠠᠰᠠ ︽ᠲᠠᠷ ᠲᠠᠢ ᠰᠢᠭ᠋ ᠪᠦᠰ ︾ ᠭᠡᠳᠡᠭ ︶ ᠲᠠᠢ | ᠴᠢᠨᠡᠭᠡ ᠴᠠᠪᠤᠭ ᠬᠠᠳᠠᠭᠠᠬᠤ ᠳᠤ ᠭᠡᠷᠡᠭᠯᠡᠬᠦ ᠰᠤᠯᠠ ᠪᠦᠰ — ᠴᠠᠪᠤᠭ ᠤᠨ ᠪᠦᠰ ᠨᠠᠭᠠᠭᠠᠳ ᠦᠩᠭᠡ ᠲᠠᠷᠤᠨ᠎ᠠ᠃ | ᠢᠩᠬᠢᠵᠦ ᠨᠠᠭᠠᠬᠤ ᠪᠦᠰ ᠢ ᠵᠤᠯᠤᠭ ᠤᠨ ᠲᠠᠪᠬᠤᠴᠠᠭ᠎ᠠ ᠭᠡᠳᠡᠭ᠃ ᠵᠤᠯᠤᠭ ᠤᠨ ᠲᠠᠪᠬᠤᠴᠠᠭ᠎ᠠ ᠨᠠᠭᠠᠬᠤ ᠳᠠᠭᠠᠨ | ᠬᠠᠪᠴᠢᠶᠠᠷᠢ ᠪᠤᠯᠤᠨ ᠪᠤᠭᠤᠮ᠎ᠠ ᠶᠢᠨ ᠭᠡᠰᠡᠭ ᠲᠤ ᠰᠠᠪᠬ᠎ᠠ ᠶᠢᠨ ᠬᠢᠷᠢ ᠭᠠᠵᠠᠷ ᠦᠯᠡᠳᠡᠭᠡᠨ᠎ᠡ᠃ ᠲᠡᠭᠡᠪᠡᠯ ᠬᠤᠵᠢᠮ ᠨᠢ | ᠵᠤᠯᠤᠭ ᠬᠠᠪᠴᠢᠵᠦ ᠪᠤᠭᠤᠮᠠᠯᠠᠬᠤ ᠳᠤ ᠵᠤᠬᠢᠮᠵᠢᠳᠠᠢ ᠪᠤᠯᠳᠠᠭ᠃ ᠭᠤᠳᠤᠯ ᠤᠨ ᠵᠤᠯᠤᠭ ᠢ ᠶᠡᠷᠦ ᠳᠡᠭᠡᠨ ᠲᠤᠳᠤᠯᠠᠳᠠᠭ | ᠦᠭᠡᠢ᠃ ᠭᠤᠳᠤᠯ ᠤᠨ ᠦᠩᠭᠡ ᠶᠢ ᠪᠠᠷᠤᠭ ᠯᠡ ᠦᠭᠡᠳᠡᠩ ᠢᠶᠠᠷ ᠲᠠᠷᠤᠨ᠎ᠠ᠃ ᠡᠷᠳᠡ ᠳᠡᠭᠡᠨ ᠮᠠᠲ᠋ᠧᠷᠢᠶᠠᠯ ᠬᠤᠪᠤᠷ | ᠪᠠᠶᠢᠬᠤ ᠳᠤ ᠠᠷᠭ᠎ᠠ ᠦᠭᠡᠢ ᠳᠡᠭᠡᠨ ᠪᠦᠰ ᠢᠶᠠᠷ ᠴᠤ ᠦᠩᠭᠡ ᠲᠠᠷᠤᠳᠠᠭ ᠪᠠᠶᠢᠵᠠᠢ᠃ ᠦᠩᠭᠡ ᠲᠠᠷᠤᠵᠤ ᠪᠠᠷᠠᠪᠠᠯ | ᠵᠤᠯᠤᠭ ᠲᠦᠷᠡᠢ ᠶᠢᠨ ᠪᠦᠬᠦ ᠬᠦᠪᠡᠭᠡ ᠶᠢ ᠬᠦᠪᠦᠷᠢᠳᠦᠨ ᠤᠶᠤᠨ᠎ᠠ᠃ | ᠭᠡ ᠤᠭᠠᠯᠵᠠ ᠪᠠᠨ ᠪᠠᠭᠤᠯᠭᠠᠵᠤ ᠵᠢᠷᠤᠬᠤ | ᠮᠤᠩᠭᠤᠯ ᠭᠤᠳᠤᠯ ᠤᠨ ᠵᠤᠯᠤᠭ ᠲᠦᠷᠡᠢ ᠳᠤ ᠢᠯᠠᠩᠭᠤᠶ᠎ᠠ ᠵᠤᠯᠤᠭ ᠲᠡᠭᠡᠷ᠎ᠡ ᠦᠪᠴᠢ ᠳᠤ ᠨᠢ ᠴᠡᠴᠡᠭ ᠨᠠᠪᠴᠢ᠂ | ᠠᠮᠢᠳᠠᠨ ᠪᠤᠶᠤ ᠡᠯᠳᠡᠪ ᠰᠠᠶᠢᠬᠠᠨ ᠭᠡ ᠤᠭᠠᠯᠵᠠ ᠪᠠᠷ ᠤᠷᠠᠯᠠᠳᠠᠭ᠃ ᠭᠡ ᠤᠭᠠᠯᠵᠠ ᠪᠠᠷ ᠤᠷᠠᠯᠠᠬᠤ ᠡᠨᠡ | ᠤᠳᠬ᠎ᠠ ᠠᠴᠠ ᠨᠢ ᠭᠡᠯᠡᠪᠡᠯ ᠮᠤᠩᠭᠤᠯ ᠭᠤᠳᠤᠯ ᠤᠷᠠᠯᠠᠵᠤ ᠬᠢᠬᠦ ᠠᠵᠢᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ | ᠤᠷᠠᠯᠢᠭ ᠤᠨ ᠠᠵᠢᠯ᠃ ᠮᠤᠩᠭᠤᠯ ᠭᠤᠳᠤᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ | ᠪᠦᠳᠦᠭᠡᠭᠳᠡᠬᠦᠨ ᠪᠤᠯᠬᠤ ᠶᠤᠮ᠃ ᠵᠠᠷᠤᠳ ᠮᠤᠩᠭᠤᠯᠴᠤᠳ ᠮᠠᠨᠢ ᠡᠨᠡ ᠬᠦ ᠦᠨᠳᠦᠰᠦᠳᠡᠨ ᠤ ᠰᠤᠶᠤᠯ ᠤᠷᠠᠯᠢᠭ ᠢᠶᠠᠨ | ᠦᠨᠦᠳᠦᠷ ᠪᠤᠯᠳᠠᠯ᠎ᠠ ᠬᠠᠳᠠᠭᠠᠯᠠᠵᠤ᠂ ᠬᠠᠮᠠᠭᠠᠯᠠᠵᠤ᠂ ᠤᠯᠠᠮᠵᠢᠯᠠᠵᠤ᠂ ᠵᠠᠯᠭᠠᠮᠵᠢᠯᠠᠵᠤ ᠢᠷᠡᠭᠰᠡᠨ ᠨᠢ | ᠤᠯᠵᠠᠷᠬᠠᠭᠤᠰᠢᠳᠠᠢ᠃ ᠭᠤᠳᠤᠯ ᠤᠨ ᠵᠤᠯᠤᠭ ᠲᠦᠷᠡᠢ ᠲᠡᠭᠡᠷ᠎ᠡ ᠭᠡ ᠤᠭᠠᠯᠵᠠ ᠤᠷᠠᠯᠠᠬᠤ ᠳᠤ ᠤᠷᠢᠳᠠᠪᠠᠷ ᠵᠤᠯᠤᠭ | ᠲᠦᠷᠡᠢ ᠶᠢᠨ ᠦᠯᠢᠭᠡᠷ ᠬᠡᠪ ᠪᠤᠯᠬᠤ ᠴᠠᠭᠠᠰᠤᠨ ᠲᠡᠭᠡᠷ᠎ᠡ ᠭᠡ ᠤᠭᠠᠯᠵᠠ ᠪᠠᠨ ᠤᠷᠠᠯᠠᠨ ᠵᠢᠷᠤᠨ᠎ᠠ᠃ ᠠᠩᠬᠠᠨ ᠳᠠᠭᠠᠨ | ᠪᠤᠯ ᠴᠠᠭᠠᠰᠤᠨ ᠦᠯᠢᠭᠡᠷ ᠲᠠᠬᠢ ᠵᠢᠷᠤᠭ ᠲᠡᠭᠡᠷ᠎ᠡ ᠪᠠᠨ ᠣᠤ ᠶᠢᠨ ᠪᠢᠷ ᠤᠨ ᠭᠡᠮᠭᠡᠳᠡᠭ ᠢ ᠵᠢᠵᠢᠭ ᠰᠠᠪᠠᠨ ᠳᠤ | ᠵᠢᠭᠤᠷᠠᠭᠠᠳ ᠵᠡᠬᠦᠦ ᠶᠢᠨ ᠰᠦᠪᠡᠨ ᠲᠠᠯ᠎ᠠ ᠶᠢ ᠣᠤ ᠶᠢᠨ ᠪᠢᠷ ᠤᠨ ᠭᠡᠮᠭᠡᠳᠡᠭ ᠤᠨ ᠵᠢᠭᠤᠷᠠᠮᠠᠯ ᠳᠤ ᠲᠦᠷᠢᠵᠦ ᠠᠪᠤᠭᠠᠳ | ᠭᠡ ᠤᠭᠠᠯᠵᠠ ᠶᠢᠨ ᠵᠢᠷᠤᠭᠠᠰᠤ ᠲᠠᠭᠠᠭᠤᠯᠵᠤ ᠲᠤᠷᠰᠢ ᠳᠤ ᠨᠢ ᠲᠦᠷᠬᠢᠨ᠎ᠡ᠃ ᠨᠢᠭᠡ ᠤᠳᠠᠭ᠎ᠠ ᠲᠦᠷᠬᠢᠵᠦ ᠪᠠᠷᠠᠪᠠᠯ | ᠲᠡᠬᠦᠨ ᠢᠶᠠᠨ ᠵᠤᠯᠤᠭ ᠪᠤᠶᠤ ᠲᠦᠷᠡᠢ ᠶᠢᠨ ᠦᠩᠭᠡᠨ ᠲᠡᠭᠡᠷ᠎ᠡ ᠲᠡᠭᠰᠢᠭᠡᠨ ᠨᠠᠭᠠᠯᠳᠤᠭᠤᠯᠵᠤ ᠲᠠᠷᠤᠪᠠᠯ ᠵᠤᠯᠤᠭ ᠪᠤᠶᠤ | ᠲᠦᠷᠡᠢ ᠶᠢᠨ ᠦᠩᠭᠡᠨ ᠲᠠᠯ᠎ᠠ ᠳᠤ ᠣᠤ ᠶᠢᠨ ᠪᠢᠷ ᠤᠨ ᠴᠠᠭᠠᠨ ᠦᠩᠭᠡᠳᠡᠢ ᠭᠡ ᠵᠢᠷᠤᠭ ᠭᠠᠷᠳᠠᠭ᠃ ᠤᠳᠤ ᠪᠤᠯ | ᠤᠯᠠᠭᠠᠨ ᠪᠤᠶᠤ ᠬᠦᠭᠡ ᠪᠤᠳᠤᠭᠳᠠᠢ ᠲᠠᠷᠤᠮᠯᠠᠬᠤ ᠴᠠᠭᠠᠰᠤ ᠶᠢ ᠵᠤᠯᠤᠭ ᠪᠤᠯᠤᠨ ᠲᠦᠷᠡᠢ ᠶᠢᠨ ᠦᠩᠭᠡᠨ ᠲᠡᠭᠡᠷ᠎ᠡ ᠪᠠᠨ | ᠴᠢᠩᠭ᠎ᠠ ᠲᠠᠷᠤᠵᠤ ᠲᠡᠭᠡᠷ᠎ᠡ ᠠᠴᠠ ᠨᠢ ᠴᠠᠭᠠᠰᠤᠨ ᠦᠯᠢᠭᠡᠷ ᠢᠶᠠᠨ ᠲᠠᠭᠠᠷᠠᠭᠤᠯᠵᠤ ᠲᠠᠷᠤᠵᠤ ᠵᠢᠷᠤᠵᠤ ᠪᠠᠶᠢᠨ᠎ᠠ᠃ ᠨᠢᠭᠡ | ᠤᠳᠠᠭ᠎ᠠ ᠲᠠᠷᠤᠵᠤ ᠵᠢᠷᠤᠪᠠᠯ ᠵᠤᠯᠤᠭ ᠪᠤᠯᠤᠨ ᠲᠦᠷᠡᠢ ᠶᠢᠨ ᠦᠩᠭᠡᠨ ᠲᠠᠯ᠎ᠠ ᠳᠤ ᠤᠯᠠᠭᠠᠨ ᠪᠤᠶᠤ ᠬᠦᠭᠡ ᠪᠤᠳᠤᠭᠳᠤ | ᠭᠡ ᠤᠭᠠᠯᠵᠠᠨ ᠵᠢᠷᠤᠭ ᠰᠠᠭᠤᠳᠠᠭ᠃ ᠲᠡᠬᠦᠨ ᠢᠶᠠᠨ ᠨᠡᠩ ᠲᠤᠳᠤ ᠪᠤᠯᠭᠠᠬᠤ ᠶᠢᠨ ᠲᠦᠯᠦᠭᠡ ᠲᠡᠭᠡᠷ᠎ᠡ ᠠᠴᠠ ᠨᠢ | ᠮᠦᠩᠬᠦᠨ ᠦᠩᠭᠡᠳᠡᠢ ᠴᠠᠭᠠᠨ ᠪᠢᠷ ᠢᠶᠠᠷ ᠲᠠᠬᠢᠨ ᠲᠤᠳᠤᠷᠠᠭᠤᠯᠤᠨ ᠲᠠᠷᠤᠵᠤ ᠵᠢᠷᠤᠪᠠᠯ ᠭᠡ ᠤᠭᠠᠯᠵᠠ ᠨᠢ ᠮᠠᠰᠢ | ᠲᠤᠳᠤᠷᠬᠠᠢ ᠪᠤᠯᠴᠢᠬᠠᠳᠠᠭ᠃ ᠨᠦᠬᠦᠭᠡ ᠲᠠᠯ᠎ᠠ ᠶᠢᠨ ᠵᠤᠯᠤᠭ ᠲᠦᠷᠡᠢ ᠲᠡᠭᠡᠷ᠎ᠡ ᠰᠢᠯᠵᠢᠬᠦᠯᠬᠦ ᠳᠤ ᠪᠠᠨ ᠤᠭ ᠤᠨ | ᠵᠢᠷᠤᠭᠰᠠᠨ ᠵᠢᠷᠤᠭ ᠢᠶᠠᠨ ᠠᠪᠠᠴᠢᠵᠤ ᠲᠠᠭᠠᠷᠠᠭᠤᠯᠤᠭᠠᠳ ᠬᠦᠨᠳᠦ ᠰᠢᠭ ᠯᠤᠩᠬᠤ ᠰᠢᠭ᠋ ᠶᠠᠭᠤᠮ᠎ᠠ ᠪᠠᠷ ᠴᠢᠩᠭ᠎ᠠ | ᠴᠢᠩᠭ᠎ᠠ ᠲᠠᠷᠤᠪᠠᠯ ᠪᠤᠳᠤᠭ ᠨᠢ ᠤᠷᠤᠴᠢᠬᠠᠳᠠᠭ᠃ ᠭᠡᠬᠦ ᠳᠡᠭᠡᠨ᠂ ᠢᠩᠬᠢᠵᠦ ᠣᠤ ᠶᠢᠨ ᠪᠢᠷ ᠤᠨ ᠨᠤᠨᠳᠠᠭ ᠪᠤᠶᠤ | ᠲᠠᠷᠤᠮᠯᠠᠬᠤ ᠴᠠᠭᠠᠰᠤ ᠪᠠᠷ ᠭᠡ ᠵᠢᠷᠤᠭ ᠰᠢᠯᠵᠢᠬᠦᠯᠬᠦ ᠨᠢ ᠰᠢᠬᠯᠠᠬᠤ᠂ ᠲᠤᠭᠤᠴᠠᠬᠤ᠂ ᠤᠷᠢᠶᠠᠮᠠᠯ ᠤᠷᠢᠶᠠᠬᠤ᠂ | ᠬᠠᠳᠬᠤᠮᠠᠯ ᠬᠠᠳᠬᠤᠬᠤ ᠳᠤ ᠯᠡ ᠲᠤᠬᠢᠷᠠᠳᠠᠭ ᠠᠵᠢᠯ ᠤᠨ ᠶᠠᠪᠤᠴᠠ ᠪᠤᠯᠤᠨ᠎ᠠ᠃ ᠨᠠᠭᠠᠮᠠᠯ ᠪᠤᠯᠤᠨ ᠰᠡᠶᠢᠯᠦᠮᠠᠯ | ᠤᠷᠠᠯᠢᠭ ᠨᠢ ᠤᠨᠳᠤᠤ ᠤᠴᠢᠷ᠃ ᠨᠠᠭᠠᠮᠠᠯ ᠪᠤᠯᠤᠨ ᠰᠡᠶᠢᠯᠦᠮᠠᠯ ᠢ ᠤᠷᠠᠯᠠᠬᠤ ᠳᠤ ᠭᠡ ᠤᠭᠠᠯᠵᠠ ᠪᠠᠨ ᠲᠦᠷᠪᠡᠨ | ᠲᠠᠪᠬᠤᠷ ᠴᠠᠭᠠᠰᠤ ᠪᠠᠷ ᠲᠠᠪᠬᠤᠷᠯᠠᠨ ᠬᠠᠶᠢᠴᠢᠯᠠᠵᠤ ᠠᠪᠤᠭᠠᠳ ᠵᠤᠯᠤᠭ ᠲᠦᠷᠡᠢ ᠶᠢᠨ ᠦᠯᠢᠭᠡᠷ ᠵᠢᠷᠤᠭ ᠲᠡᠭᠡᠷ᠎ᠡ ᠪᠠᠨ | ᠨᠢᠭᠡ ᠨᠢᠭᠡ ᠪᠠᠷ ᠵᠤᠬᠢᠴᠠᠭᠤᠯᠤᠨ ᠨᠠᠭᠠᠵᠤ ᠲᠠᠭᠠᠷᠠᠭᠤᠯᠤᠨ᠎ᠠ᠃ | ᠡᠷᠡᠭᠳᠡᠢ ᠬᠦᠮᠦᠨ ᠤ ᠭᠤᠳᠤᠯ ᠤᠨ ᠵᠤᠯᠤᠭ ᠲᠦᠷᠡᠢ ᠲᠡᠭᠡᠷ᠎ᠡ ᠪᠤᠯ ᠤᠯᠠᠩᠬᠢ ᠳᠠᠭᠠᠨ ᠤᠷᠢᠶᠠᠮᠠᠯ᠂ ᠰᠢᠬᠯᠠᠬᠤ᠂ | ᠲᠤᠭᠤᠴᠠᠬᠤ᠂ ᠰᠡᠶᠢᠯᠦᠮᠠᠯ ᠵᠡᠷᠭᠡ ᠤᠷᠠᠯᠠᠯ ᠤᠨ ᠠᠷᠭ᠎ᠠ ᠶᠢ ᠭᠡᠷᠡᠭᠯᠡᠳᠡᠭ᠃ ᠡᠷᠡᠭᠳᠡᠢ ᠬᠦᠮᠦᠨ ᠤ ᠭᠤᠳᠤᠯ ᠳᠤ ᠨᠠᠭᠠᠮᠠᠯ | ᠪᠤᠯᠤᠨ ᠬᠠᠳᠬᠤᠮᠠᠯ ᠢ ᠪᠠᠷᠤᠭ ᠭᠡᠷᠡᠭᠯᠡᠳᠡᠭ ᠦᠭᠡᠢ᠃ ᠭᠡ ᠤᠭᠠᠯᠵᠠ ᠪᠠᠨ ᠬᠠᠳᠬᠤᠮᠠᠯ᠂ ᠨᠠᠭᠠᠮᠠᠯ᠂ ᠤᠷᠢᠶᠠᠮᠠᠯ᠂ | ᠰᠡᠶᠢᠮᠦᠯᠠᠯ ᠵᠡᠷᠭᠡ ᠤᠯᠠᠨ ᠭᠡᠯᠪᠡᠷᠢ ᠪᠠᠷ ᠤᠷᠠᠯᠠᠵᠤ ᠤᠶᠤᠬᠤ ᠶᠠᠪᠤᠴᠠ ᠨᠢ ᠭᠤᠳᠤᠯ ᠤᠶᠤᠳᠠᠯ ᠤᠨ ᠬᠠᠮᠤᠭ ᠤᠨ ᠶᠡᠭᠡ | ᠤᠷ᠎ᠠ ᠡᠷᠳᠡᠮ ᠰᠢᠯᠭᠠᠬᠤ ᠶᠠᠪᠤᠴᠠ ᠪᠤᠯᠬᠤ ᠶᠤᠮ᠃ ᠡᠳᠡᠭᠡᠷ ᠤᠷᠠᠯᠢᠭ ᠢ ᠤᠷᠠᠯᠠᠬᠤ ᠳᠤ ᠴᠦᠮ ᠭᠤᠳᠤᠯ ᠤᠨ | ᠬᠤᠩᠰᠢᠶᠠᠷ ᠲᠠᠯ᠎ᠠ ᠠᠴᠠ ᠡᠬᠢᠯᠡᠨ᠎ᠡ᠃ | ᠵᠠᠷᠤᠳ ᠨᠤᠳᠤᠭ ᠲᠤ ᠭᠤᠳᠤᠯ ᠢ ᠠᠵᠢᠯ ᠬᠦᠳᠡᠯᠮᠦᠷᠢ ᠬᠢᠬᠦ ᠳᠤ ᠡᠮᠦᠰᠬᠦ ᠠᠵᠢᠯ ᠤᠨ ᠭᠤᠳᠤᠯ ᠬᠢᠭᠡᠳ ᠨᠠᠶᠢᠷ | ᠬᠤᠷᠢᠮ ᠳᠤ ᠡᠮᠦᠰᠬᠦ ᠵᠠᠰᠠᠯ ᠤᠨ ᠭᠤᠳᠤᠯ ᠭᠡᠵᠦ ᠬᠤᠶᠠᠷ ᠵᠦᠢᠯ ᠢᠶᠠᠷ ᠢᠯᠭᠠᠵᠤ ᠬᠢᠳᠡᠭ᠃ ᠠᠵᠢᠯ ᠤᠨ ᠭᠤᠳᠤᠯ ᠢ | ᠪᠤᠯ ᠠᠮᠠᠷᠬᠠᠨ ᠡᠯᠡᠭᠳᠡᠳᠡᠭ ᠦᠭᠡᠢ ᠪᠦᠭᠡ ᠡᠳ᠋ ᠢᠶᠠᠷ ᠦᠩᠭᠡᠯᠡᠨ ᠬᠢᠬᠦ ᠶᠢ ᠡᠷᠬᠢᠮᠯᠡᠬᠦ ᠪᠦᠭᠡᠳ ᠪᠠᠬᠢ ᠵᠤᠵᠠᠭᠠᠨ | ᠤᠶᠤᠬᠤ ᠶᠢ ᠴᠢᠬᠤᠯᠠᠴᠢᠯᠠᠨ᠎ᠠ᠃ ᠠᠵᠢᠯ ᠤᠨ ᠭᠤᠳᠤᠯ ᠲᠡᠭᠡᠷ᠎ᠡ ᠤᠯᠠᠩᠬᠢ ᠳᠠᠭᠠᠨ ᠰᠢᠬᠯᠠᠬᠤ᠂ ᠲᠤᠭᠤᠴᠠᠬᠤ᠂ | ᠤᠷᠢᠶᠠᠬᠤ ᠵᠡᠷᠭᠡ ᠤᠶᠤᠳᠠᠯ ᠤᠳ ᠢ ᠤᠶᠤᠳᠠᠭ᠃ ᠵᠠᠰᠠᠯ ᠤᠨ ᠭᠤᠳᠤᠯ ᠢ ᠪᠤᠯ ᠠᠯᠢ ᠪᠤᠯᠬᠤ ᠪᠠᠷ ᠭᠤᠶᠤᠯᠠᠵᠤ | ᠤᠷᠠᠯᠠᠬᠤ ᠶᠢ ᠴᠢᠬᠤᠯᠠᠴᠢᠯᠠᠨ᠎ᠠ᠃ ᠡᠮᠡᠭᠳᠡᠢ ᠬᠦᠮᠦᠨ ᠤ ᠵᠠᠰᠠᠯ ᠤᠨ ᠭᠤᠳᠤᠯ ᠢ ᠪᠤᠯ ᠨᠠᠭᠠᠮᠠᠯ ᠪᠤᠶᠤ ᠬᠠᠳᠬᠤᠮᠠᠯ | ᠤᠷᠠᠯᠠᠯ ᠢᠶᠠᠷ ᠤᠷᠠᠯᠠᠳᠠᠭ᠃ ᠬᠠᠳᠬᠤᠮᠠᠯ ᠪᠤᠯ ᠲᠡᠭᠡᠷ᠎ᠡ ᠭᠡᠯᠡᠭᠰᠡᠨ ᠮᠡᠳᠦ ᠪᠠᠷ ᠭᠡ ᠤᠭᠠᠯᠵᠠ ᠪᠠᠨ ᠵᠤᠯᠤᠭ ᠲᠦᠷᠡᠢ | ᠲᠡᠭᠡᠷ᠎ᠡ ᠪᠠᠨ ᠰᠢᠯᠵᠢᠬᠦᠯᠵᠦ ᠪᠠᠭᠤᠯᠭᠠᠵᠤ ᠵᠢᠷᠤᠭᠠᠳ ᠬᠠᠳᠬᠤᠨ᠎ᠠ᠃ ᠨᠠᠭᠠᠮᠠᠯ ᠨᠢ ᠬᠠᠳᠬᠤᠮᠠᠯ ᠠᠴᠠ ᠨᠡᠩ ᠢᠯᠡᠬᠦᠦ | ᠪᠤᠳᠤᠯᠢᠶᠠᠨᠳᠠᠢ᠃ | ᠭᠤᠳᠤᠯ ᠪᠤᠭᠤᠮᠠᠯᠠᠬᠤ ᠬᠠᠪᠴᠢᠬᠤ ᠪᠠ ᠭᠤᠳᠤᠯ ᠬᠦᠷᠪᠡᠬᠦᠯᠬᠦ | ᠵᠤᠯᠤᠭ ᠲᠦᠷᠡᠢ ᠨᠦᠭᠦᠳ ᠢᠶᠠᠨ ᠤᠷᠠᠯᠠᠵᠤ ᠤᠶᠤᠵᠤ ᠪᠠᠷᠠᠭᠰᠠᠨ ᠤ ᠬᠤᠶᠢᠨ᠎ᠠ ᠵᠤᠯᠤᠭ ᠲᠦᠷᠡᠢ ᠶᠢ ᠬᠤᠶᠠᠷ | ᠬᠤᠶᠠᠷ ᠢᠶᠠᠷ ᠨᠢ ᠦᠩᠭᠡ ᠶᠢᠨ ᠲᠠᠯ᠎ᠠ ᠪᠠᠷ ᠨᠢ ᠬᠠᠪᠰᠤᠷᠴᠤ ᠪᠠᠶᠢᠭᠠᠳ ᠬᠤᠯᠪᠤᠵᠤ ᠤᠶᠤᠨ᠎ᠠ᠃ ᠡᠬᠦᠨ ᠢ ᠭᠤᠳᠤᠯ | ᠪᠤᠭᠤᠮᠠᠯᠠᠬᠤ ᠭᠡᠳᠡᠭ᠃ ᠪᠤᠭᠤᠮᠠᠯᠠᠬᠤ ᠳᠠᠭᠠᠨ ᠵᠤᠯᠤᠭ ᠲᠦᠷᠡᠢ ᠬᠤᠶᠠᠷ ᠤᠨ ᠵᠠᠪᠰᠠᠷ ᠲᠤ ᠨᠢ ᠲᠠᠰᠤᠮ ᠬᠢᠵᠦ | ᠨᠡᠶᠢᠯᠡᠬᠦᠯᠵᠦ ᠤᠶᠤᠨ᠎ᠠ᠃ ᠲᠠᠰᠤᠮ ᠤᠨ ᠲᠤᠭ᠎ᠠ ᠨᠢ 1 — 3 ᠪᠦᠷ ᠪᠠᠶᠢᠵᠤ ᠪᠤᠯᠤᠨ᠎ᠠ᠃ ᠡᠬᠦᠨ ᠢᠶᠠᠨ ᠨᠢᠭᠡ ᠪᠠᠷ | ᠪᠤᠭᠤᠮᠠᠯᠠᠬᠤ᠂ ᠬᠤᠶᠠᠷ ᠢᠶᠠᠷ ᠪᠤᠭᠤᠮᠠᠯᠠᠬᠤ᠂ ᠭᠤᠷᠪᠠ ᠪᠠᠷ ᠪᠤᠭᠤᠮᠠᠯᠠᠬᠤ ᠭᠡᠵᠦ ᠲᠤᠰᠪᠤᠷᠢ ᠨᠡᠷᠡᠯᠡᠳᠡᠭ᠃ ᠭᠤᠳᠤᠯ | ᠪᠤᠭᠤᠮᠠᠯᠠᠬᠤ ᠳᠠᠭᠠᠨ ᠬᠤᠩᠰᠢᠶᠠᠷ ᠤᠨ ᠲᠠᠯ᠎ᠠ ᠠᠴᠠ ᠡᠬᠢᠯᠡᠵᠦ ᠤᠶᠤᠨ᠎ᠠ᠃ ᠲᠠᠰᠤᠮ ᠢ ᠬᠤᠳᠠᠯᠳᠤᠭᠠᠨ ᠤ | ᠭᠠᠵᠠᠷ ᠠᠴᠠ ᠠᠪᠳᠠᠭ᠃ ᠬᠤᠳᠠᠯᠳᠤᠭᠠᠨ ᠤ ᠭᠠᠵᠠᠷ ᠠᠴᠠ ᠤᠯᠳᠠᠬᠤ ᠦᠭᠡᠢ ᠪᠠᠶᠢᠳᠠᠯ ᠲᠤᠤᠷ᠎ᠠ ᠡᠯᠵᠢᠭᠡᠨ ᠠᠷᠠᠰᠤ ᠶᠢ | ᠡᠯᠳᠡᠵᠦ ᠪᠤᠯᠪᠠᠰᠤᠷᠠᠭᠤᠯᠤᠭᠠᠳ ᠬᠠᠷ᠎ᠠ ᠪᠤᠳᠤᠭ ᠤᠷᠤᠭᠤᠯᠵᠤ ᠵᠠᠷᠤᠳᠠᠭ᠃ ᠭᠤᠳᠤᠯ ᠪᠤᠭᠤᠮᠠᠯᠠᠬᠤ ᠳᠤ ᠨᠡᠪᠳᠡᠭᠡᠯᠡᠬᠦ | ᠤᠶᠤᠳᠠᠯ ᠢᠶᠠᠷ ᠤᠶᠤᠳᠠᠭ᠃ ᠪᠤᠭᠤᠮᠠᠯᠠᠵᠤ ᠪᠠᠷᠠᠭᠰᠠᠨ ᠤ ᠲᠠᠷᠠᠭ᠎ᠠ ᠨᠡᠶᠢᠳᠡ ᠲᠦᠷᠪᠡᠨ ᠭᠡᠰᠡᠭ ᠪᠤᠯᠤᠭᠰᠠᠨ ᠵᠤᠯᠤᠭ | ᠲᠦᠷᠡᠢ ᠶᠢᠨ ᠨᠠᠶᠢᠯᠡᠪᠦᠷᠢ ᠪᠠᠨ ᠬᠤᠶᠠᠷ ᠬᠤᠶᠠᠷ ᠢᠶᠠᠷ ᠨᠢ ᠵᠠᠯᠭᠠᠵᠤ ᠨᠡᠶᠢᠯᠡᠬᠦᠯᠵᠦ ᠤᠶᠤᠬᠤ ᠳᠤ ᠪᠠᠨ ᠪᠤᠷᠪᠢ | ᠲᠦᠷᠡᠢ ᠶᠢᠨ ᠭᠡᠰᠡᠭ ᠲᠤ ᠤᠯᠠᠩᠬᠢ ᠳᠠᠭᠠᠨ ᠭᠤᠷᠪᠠ ᠭᠤᠷᠪᠠᠨ ᠲᠠᠰᠤᠮ ᠬᠢᠵᠦ ᠤᠶᠤᠨ᠎ᠠ᠃ ᠢᠩᠬᠢᠵᠦ ᠤᠶᠤᠬᠤ ᠶᠢ | ᠭᠤᠳᠤᠯ ᠬᠠᠪᠴᠢᠬᠤ ᠭᠡᠳᠡᠭ᠃ ᠭᠤᠷᠪᠠ ᠪᠠᠷ ᠪᠤᠭᠤᠮᠠᠯᠠᠭᠠᠳ ᠭᠤᠷᠪᠠ ᠪᠠᠷ ᠬᠠᠪᠴᠢᠬᠰᠠᠨ ᠭᠤᠳᠤᠯ ᠢ ᠦᠪᠴᠢ | ᠭᠤᠷᠪᠠᠨ ᠬᠠᠪᠴᠢᠶᠠᠷᠢ ᠲᠠᠢ ᠭᠤᠳᠤᠯ ᠭᠡᠳᠡᠭ᠃ ᠭᠤᠳᠤᠯ ᠬᠠᠪᠴᠢᠬᠤ ᠳᠤ ᠤᠯᠠᠯᠠᠬᠤ ᠤᠶᠤᠳᠠᠯ ᠢᠶᠠᠷ ᠤᠶᠤᠳᠠᠭ᠃ | ᠲᠠᠰᠤᠮ ᠢᠶᠠᠨ ᠬᠠᠪᠴᠢᠭᠤᠯᠬᠤ ᠳᠤ ᠪᠠᠨ ᠲᠠᠰᠤᠮ ᠤᠳ ᠤᠨ ᠵᠠᠪᠰᠠᠷ ᠲᠤ ᠨᠢ ᠨᠢᠭᠡ ᠤᠯᠤᠰᠤᠨ ᠤᠳᠠᠰᠤ ᠶᠢ ᠲᠡᠭᠰᠢᠭᠡᠨ | ᠰᠠᠶᠢᠬᠠᠨ ᠬᠠᠪᠴᠢᠭᠤᠯᠤᠨ᠎ᠠ᠃ ᠤᠯᠠᠨ ᠲᠠᠰᠤᠮ ᠬᠠᠪᠴᠢᠭᠤᠯᠵᠤ ᠤᠶᠤᠬᠤ ᠳᠤ ᠪᠠᠨ ᠲᠠᠰᠤᠮ ᠤᠳ ᠤᠨ ᠦᠷᠭᠡᠨ | ᠨᠠᠷᠢᠨ ᠢ ᠲᠦᠢᠯ ᠤᠨ ᠰᠠᠶᠢᠬᠠᠨ ᠲᠡᠭᠰᠢᠯᠡᠵᠦ ᠤᠶᠤᠬᠤ ᠭᠡᠷᠡᠭᠳᠡᠢ ᠪᠤᠯᠬᠤᠷ ᠤᠷᠢᠳᠠᠪᠠᠷ ᠬᠤᠯᠠ ᠬᠤᠯᠠ ᠰᠢᠳᠡᠵᠦ | ᠲᠤᠭᠳᠠᠭᠠᠭᠠᠳ ᠲᠠᠷᠠᠭ᠎ᠠ ᠳᠤ ᠨᠢ ᠰᠠᠶ᠋ᠢ ᠨᠢᠭᠳᠠᠯᠠᠵᠤ ᠤᠶᠤᠨ᠎ᠠ᠃ ᠭᠤᠳᠤᠯ ᠪᠤᠭᠤᠮᠠᠯᠠᠬᠤ ᠪᠤᠶᠤ ᠬᠠᠪᠴᠢᠬᠤ ᠳᠤ | ᠭᠤᠳᠤᠯ ᠤᠨ ᠵᠤᠯᠤᠭ ᠲᠦᠷᠡᠢ ᠶᠢᠨ ᠦᠩᠭᠡᠨ ᠲᠠᠯ᠎ᠠ ᠶᠢ ᠨᠢ ᠬᠠᠪᠰᠤᠷᠴᠤ ᠤᠯᠤᠰᠤᠨ ᠤᠳᠠᠰᠤ ᠪᠠᠷ ᠤᠶᠤᠳᠠᠭ | ᠪᠤᠯᠬᠤᠷ ᠮᠠᠰᠢ ᠬᠠᠳᠠᠭᠤ ᠪᠠᠶᠢᠳᠠᠭ᠃ ᠭᠤᠳᠤᠯ ᠬᠠᠪᠴᠢᠬᠤ ᠳᠤ ᠪᠠᠨ ᠪᠤᠭᠤᠮ᠎ᠠ ᠶᠢᠨ ᠭᠡᠰᠡᠭ ᠲᠠᠬᠢ ᠲᠠᠰᠤᠮ ᠤᠳ ᠢ | ᠮᠠᠰᠢ ᠬᠢᠴᠢᠶᠡᠵᠦ ᠲᠠᠪ ᠲᠡᠭᠰᠢᠭᠡᠨ ᠵᠤᠯᠭᠠᠭᠤᠯᠬᠤ ᠭᠡᠷᠡᠭᠳᠡᠢ᠃ ᠰᠠᠯᠠᠩ ᠡᠮᠡᠭᠳᠡᠢ ᠪᠤᠯ ᠲᠠᠰᠤᠮ ᠤᠳ ᠢ ᠲᠡᠭᠡᠭᠰᠢ | ᠲᠤᠷᠤᠭᠰᠢ ᠵᠦᠷᠢᠬᠦᠯᠴᠢᠭᠡᠳᠡᠭ ᠪᠤᠯᠬᠤ ᠪᠠᠷ ᠦᠵᠡᠬᠦ ᠳᠤ ᠮᠠᠭᠤᠬᠠᠢ ᠪᠤᠯᠳᠠᠭ᠃ ᠭᠤᠳᠤᠯ ᠤᠨ ᠬᠤᠩᠰᠢᠶᠠᠷ ᠲᠠᠯ᠎ᠠ ᠶᠢ | ᠤᠷᠢᠳᠠᠪᠠᠷ ᠬᠠᠪᠴᠢᠵᠤ ᠲᠠᠷᠠᠭ᠎ᠠ ᠳᠤ ᠨᠢ ᠰᠠᠶ᠋ᠢ ᠪᠤᠷᠪᠢ ᠶᠢᠨ ᠲᠠᠯ᠎ᠠ ᠶᠢ ᠨᠢ ᠬᠠᠪᠴᠢᠨ᠎ᠠ᠃ | ᠭᠤᠳᠤᠯ ᠢᠶᠠᠨ ᠪᠤᠭᠤᠮᠠᠯᠠᠵᠤ᠂ ᠬᠠᠪᠴᠢᠵᠤ ᠪᠠᠷᠠᠪᠠᠯ ᠪᠤᠭᠤᠮ᠎ᠠ ᠪᠤᠯᠤᠨ ᠬᠠᠪᠴᠢᠶᠠᠷᠢ ᠶᠢᠨ ᠤᠶᠤᠳᠠᠯ ᠤᠨ ᠭᠡᠰᠡᠭ ᠢ | ᠴᠢᠬᠢᠭᠳᠡᠭᠡᠵᠦ ᠭᠤᠳᠤᠯ ᠢᠶᠠᠨ ᠬᠦᠷᠪᠡᠬᠦᠯᠦᠨᠠ᠃ ᠭᠤᠳᠤᠯ ᠬᠦᠷᠪᠡᠬᠦᠯᠬᠦ ᠪᠤᠯ ᠮᠠᠰᠢ ᠶᠡᠭᠡ ᠬᠦᠴᠦ ᠴᠢᠳᠠᠯ | ᠭᠡᠷᠡᠭᠰᠡᠳᠡᠭ ᠠᠵᠢᠯ ᠪᠤᠯᠤᠨ᠎ᠠ᠃ ᠬᠦᠴᠦ ᠴᠢᠳᠠᠯ ᠮᠠᠭᠤ ᠡᠮᠡᠭᠳᠡᠢ ᠬᠦᠮᠦᠨ ᠬᠦᠷᠪᠡᠬᠦᠯᠵᠦ ᠲᠡᠶᠢᠯᠳᠡᠭ ᠠᠵᠤ ᠪᠢᠰᠢ | ᠤᠴᠢᠷ ᠠᠴᠠ ᠤᠯᠠᠩᠬᠢ ᠳᠠᠭᠠᠨ ᠡᠷᠡᠭᠳᠡᠢ ᠬᠦᠮᠦᠨ ᠢᠶᠠᠷ ᠭᠤᠳᠤᠯ ᠬᠦᠷᠪᠡᠬᠦᠯᠬᠦ ᠠᠵᠢᠯ ᠢ ᠬᠢᠯᠭᠡᠳᠡᠭ᠃ ᠢᠯᠠᠩᠭᠤᠶ᠎ᠡ | ᠡᠷᠡᠭᠳᠡᠢ ᠬᠦᠮᠦᠨ ᠤ ᠠᠵᠢᠯ ᠤᠨ ᠭᠤᠳᠤᠯ ᠨᠡᠩ ᠵᠤᠵᠠᠭᠠᠨ ᠪᠦᠭᠡᠳ ᠬᠠᠳᠠᠭᠤ ᠪᠠᠬᠢ ᠪᠠᠶᠢᠳᠠᠭ ᠪᠤᠯᠬᠤᠷ ᠬᠦᠴᠦ | ᠴᠢᠳᠠᠯ ᠮᠠᠭᠤᠳᠠᠢ ᠡᠮᠡᠭᠳᠡᠢ ᠬᠦᠮᠦᠨ ᠬᠦᠢᠴᠡᠳᠭᠡᠵᠦ ᠲᠡᠶᠢᠯᠳᠡᠭ ᠦᠬᠡᠢ᠃ ᠭᠤᠳᠤᠯ ᠢᠶᠠᠨ ᠬᠦᠷᠪᠡᠬᠦᠯᠦᠭᠰᠡᠨ ᠤ | ᠬᠤᠶᠢᠨ᠎ᠠ ᠬᠠᠪᠴᠢᠶᠠᠷᠢ ᠪᠤᠯᠤᠨ ᠪᠤᠭᠤᠮ᠎ᠠ ᠶᠢᠨ ᠴᠢᠬᠢᠭᠳᠡᠭᠡᠭᠰᠡᠨ ᠭᠡᠰᠡᠭ ᠤᠨ ᠤᠶᠤᠳᠠᠯ ᠢ ᠬᠤᠶᠠᠷ ᠲᠡᠶᠢᠰᠢ ᠲᠡᠯᠭᠡᠨ | ᠢᠷᠠᠵᠤ ᠰᠦᠭᠡ ᠶᠢᠨ ᠲᠤᠬᠤ ᠪᠠᠷ ᠲᠡᠭᠰᠢᠷᠡᠳᠡᠯᠡ ᠲᠡᠮᠳᠡᠢ ᠰᠠᠶᠢᠬᠠᠨ ᠵᠠᠨᠴᠢᠨ᠎ᠠ᠃ ᠲᠡᠭᠰᠢ ᠰᠠᠶᠢᠬᠠᠨ ᠪᠤᠯᠭᠠᠵᠤ | ᠲᠡᠶᠢᠯᠬᠦ ᠦᠭᠡᠢ ᠪᠤᠯ ᠬᠦᠮᠦᠨ ᠤ ᠬᠦᠯ ᠢ ᠡᠪᠡᠳᠭᠡᠨᠠ᠃ ᠭᠡᠳᠦ ᠬᠦᠴᠦᠳᠡᠢ ᠵᠠᠨᠴᠢᠪᠠᠯ ᠭᠤᠳᠤᠯ ᠤᠨ ᠦᠩᠭᠡ | ᠡᠯᠡᠭᠳᠡᠴᠢᠭᠡᠬᠦ ᠪᠤᠶᠤ ᠤᠶᠤᠭᠰᠠᠨ ᠤᠳᠠᠰᠤ ᠨᠢ ᠲᠠᠰᠤᠷᠠᠴᠢᠬᠠᠬᠤ ᠠᠴᠠ ᠬᠢᠴᠢᠶᠡᠬᠦ ᠭᠡᠷᠡᠭᠳᠡᠢ᠃ ᠭᠤᠳᠤᠯ ᠤᠨ ᠲᠡᠭᠡᠷ᠎ᠡ | ᠲᠦᠷᠡᠢ ᠶᠢᠨ ᠲᠡᠭᠡᠷ᠎ᠡ ᠬᠦᠪᠡᠭᠡ ᠶᠢ ᠤᠯᠠᠩᠬᠢ ᠳᠤ ᠪᠠᠨ ᠬᠤᠷᠭᠤᠢ ᠪᠤᠶᠤ ᠪᠦᠭᠡ ᠵᠤᠵᠠᠭᠠᠯᠢᠭ ᠪᠦᠰ ᠢᠶᠠᠷ ᠴᠢᠮᠬᠢᠵᠦ | ᠬᠦᠪᠡᠭᠡᠯᠡᠵᠦ ᠤᠶᠤᠨ᠎ᠠ᠃ ᠭᠡᠬᠦ ᠳᠡᠭᠡᠨ᠂ ᠦᠩᠭᠡ ᠪᠤᠳᠤᠭ ᠵᠤᠬᠢᠴᠠᠭᠤᠯᠤᠨ ᠭᠤᠶᠤ ᠰᠠᠶᠢᠬᠠᠨ ᠪᠤᠯᠭᠠᠬᠤ ᠶᠢ ᠮᠠᠰᠢ | ᠠᠩᠬᠠᠷᠴᠤ ᠤᠯᠠᠭᠠᠨ᠂ ᠨᠤᠭᠤᠭᠠᠨ᠂ ᠶᠠᠭᠠᠨ ᠮᠡᠳᠦ ᠶᠢᠨ ᠢᠯᠠ ᠲᠠᠢ ᠦᠩᠭᠡ ᠶᠢᠨ ᠪᠦᠰ ᠪᠤᠶᠤ ᠬᠤᠷᠭᠤᠢ ᠶᠢ | ᠰᠤᠩᠭᠤᠨ᠎ᠠ᠃ ᠲᠦᠷᠡᠢ ᠶᠢᠨ ᠬᠦᠪᠡᠭᠡ ᠳᠤ ᠰᠠᠶᠢᠯᠪᠤᠷᠢ ᠤᠶᠤᠬᠤ ᠬᠦᠮᠦᠰ ᠴᠤ ᠪᠤᠢ᠃ ᠭᠤᠳᠤᠯ ᠢᠶᠠᠨ ᠬᠦᠷᠪᠡᠬᠦᠯᠵᠦ | ᠬᠠᠪᠴᠢᠶᠠᠷᠢ ᠪᠤᠯᠤᠨ ᠪᠤᠭᠤᠮ᠎ᠠ ᠶᠢᠨ ᠤᠶᠤᠳᠠᠯ ᠤᠨ ᠭᠡᠰᠡᠭ ᠢ ᠲᠡᠭᠰᠢᠯᠡᠵᠦ ᠪᠠᠷᠠᠭᠰᠠᠨ ᠬᠤᠶᠢᠨ᠎ᠠ ᠤᠯᠠᠯᠠᠬᠤ ᠪᠠᠷ | ᠪᠡᠯᠡᠳᠭᠡᠨ᠎ᠡ᠃ | ᠭᠤᠳᠤᠯ ᠤᠯᠠᠯᠠᠬᠤ ᠶᠠᠪᠤᠴᠠ | ᠭᠤᠳᠤᠯ ᠤᠯᠠᠯᠠᠬᠤ ᠳᠤ ᠬᠤᠶᠠᠷ ᠦᠵᠦᠬᠦᠷ ᠲᠠᠢ ᠲᠠᠮᠤᠭᠰᠠᠨ ᠤᠨᠴᠠᠭᠠᠢ ᠰᠠᠶᠢᠨ ᠤᠯᠤᠰᠤᠨ ᠤᠳᠠᠰᠤ᠂ | ᠭᠤᠷᠪᠠᠯᠵᠢᠨ ᠰᠢᠪᠦᠭᠡ ᠶᠢ ᠪᠡᠯᠡᠳᠭᠡᠵᠦ ᠵᠤᠯᠤᠭ ᠢᠶᠠᠨ ᠤᠯᠠᠯᠠᠬᠤ ᠭᠡᠰᠡᠭ ᠢᠶᠠᠷ ᠨᠢ ᠴᠢᠬᠢᠭᠳᠡᠭᠡᠵᠦ ᠲᠤᠳᠤᠭᠰᠢ | ᠤᠯᠠᠯᠠᠬᠤ ᠭᠡᠮᠵᠢᠶ᠎ᠡ ᠪᠠᠨ ᠦᠵᠡᠵᠦ ᠨᠤᠭᠤᠯᠤᠭᠠᠳ ᠯᠠᠪᠳᠠᠭᠤᠨ ᠮᠦᠷ ᠤᠷᠤᠭᠤᠯᠤᠨ᠎ᠠ᠃ ᠲᠠᠷᠠᠭ᠎ᠠ ᠳᠤ ᠨᠢ | ᠭᠤᠳᠤᠯ ᠤᠨ ᠵᠤᠯᠤᠭ ᠤᠨ ᠬᠤᠩᠰᠢᠶᠠᠷ ᠤᠨ ᠲᠠᠯ᠎ᠠ ᠶᠢ ᠤᠯᠠ ᠵᠤᠯᠤᠭ ᠤᠨ ᠭᠤᠤᠯ ᠳᠤ ᠨᠢ ᠲᠠᠭᠠᠷᠠᠭᠤᠯᠵᠤ | ᠠᠰᠯᠠᠭᠤᠯᠵᠤ ᠪᠠᠶᠢᠭᠠᠳ ᠲᠤᠪᠬᠢᠵᠦ ᠲᠤᠭᠳᠠᠭᠠᠨ᠎ᠠ᠃ ᠲᠡᠭᠡᠭᠡᠳ ᠪᠤᠷᠪᠢ ᠶᠢᠨ ᠲᠠᠯ᠎ᠠ ᠠᠴᠠ ᠡᠬᠢᠯᠡᠵᠦ ᠤᠯᠠᠯᠠᠨᠠ᠃ | ᠭᠤᠳᠤᠯ ᠤᠯᠠᠯᠠᠬᠤ ᠳᠤ ᠤᠳᠠᠰᠤᠨ ᠤ ᠦᠵᠦᠬᠦᠷ ᠲᠤ ᠵᠡᠬᠦᠦ ᠰᠦᠪᠡᠯᠡᠳᠡᠭ ᠦᠭᠡᠢ᠃ ᠤᠷᠢᠳᠠᠪᠠᠷ ᠰᠢᠪᠦᠭᠡ ᠶᠢᠨ | ᠨᠦᠭᠡ ᠪᠠᠷ ᠭᠠᠳᠠᠨ᠎ᠠ ᠲᠠᠯ᠎ᠠ ᠠᠴᠠ ᠨᠢ ᠨᠢᠭᠡ ᠤᠳᠠᠰᠤᠨ ᠰᠦᠪᠡᠭᠴᠢ ᠪᠠᠨ ᠲᠤᠳᠤᠭᠰᠢ ᠲᠠᠳᠠᠵᠤ ᠤᠷᠤᠭᠤᠯᠤᠭᠠᠳ | ᠭᠠᠳᠠᠨ᠎ᠠ ᠲᠤᠳᠤᠨᠠᠬᠢ ᠤᠳᠠᠰᠤᠨ ᠤ ᠭᠡᠮᠵᠢᠶ᠎ᠡ ᠶᠢ ᠲᠡᠩᠴᠡᠬᠦᠤ ᠪᠤᠯᠭᠠᠵᠤ ᠲᠠᠳᠠᠨ᠎ᠠ᠃ ᠲᠠᠬᠢᠨ ᠭᠠᠳᠠᠨ᠎ᠠ ᠦᠯᠡᠳᠡᠭᠰᠡᠨ | ᠤᠳᠠᠰᠤ ᠶᠢ ᠤᠷᠤᠭᠰᠢᠯᠡᠵᠦ ᠬᠠᠳᠬᠤᠭᠰᠠᠨ ᠰᠢᠪᠦᠭᠡ ᠶᠢᠨ ᠨᠦᠭᠡ ᠪᠠᠷ ᠲᠤᠳᠤᠭᠰᠢ ᠭᠠᠷᠭᠠᠭᠠᠳ᠂ ᠲᠤᠳᠤᠷ | ᠲᠠᠯ᠎ᠠ ᠠᠴᠠ ᠨᠢ ᠵᠤᠬᠢᠬᠤ ᠤᠷᠳᠤ ᠪᠠᠷ ᠴᠢᠩᠭᠠᠭᠠᠵᠤ ᠭᠠᠷᠭᠠᠨ ᠤᠳᠠᠰᠤᠨ ᠤ ᠡᠷᠴᠢᠮ ᠢ ᠨᠢᠭᠡ ᠭᠡᠰᠡᠭ ᠲᠤ ᠨᠢ | ᠰᠤᠯᠠᠯᠠᠵᠤ ᠨᠦᠬᠦᠭᠡ ᠲᠤᠳᠤᠷ ᠲᠠᠯ᠎ᠠ ᠳᠠᠬᠢ ᠤᠳᠠᠰᠤᠨ ᠰᠦᠪᠡᠭᠴᠢ ᠪᠠᠨ ᠰᠤᠯᠠᠳᠬᠠᠭᠰᠠᠨ ᠡᠷᠴᠢᠮ ᠤᠨ ᠵᠠᠪᠰᠠᠷ ᠲᠤ | ᠬᠠᠪᠴᠢᠭᠤᠯᠤᠭᠠᠳ ᠭᠠᠳᠠᠨ᠎ᠠ ᠲᠠᠯ᠎ᠠ ᠶᠢᠨ ᠤᠳᠠᠰᠤ ᠪᠠᠨ ᠭᠡᠳᠡᠷᠬᠦ ᠪᠠᠨ ᠲᠠᠳᠠᠪᠠᠯ ᠰᠠᠶ᠋ᠢ ᠶᠢᠨ ᠲᠤᠳᠤᠷ ᠲᠠᠯ᠎ᠠ ᠳᠤ | ᠬᠠᠪᠴᠢᠭᠤᠯᠤᠭᠳᠠᠭᠰᠠᠨ ᠤᠳᠠᠰᠤᠨ ᠰᠦᠪᠡᠭᠴᠢ ᠭᠡᠳᠡᠷᠬᠦ ᠲᠠᠳᠠᠭᠰᠠᠨ ᠤᠳᠠᠰᠤ ᠶᠢ ᠲᠠᠭᠠᠵᠤ ᠭᠤᠳᠤᠯ ᠤᠨ ᠭᠠᠳᠠᠨ᠎ᠠ | ᠲᠠᠯ᠎ᠠ ᠳᠤ ᠭᠠᠷᠴᠤ ᠢᠷᠡᠳᠡᠭ᠃ ᠲᠡᠭᠡᠭᠰᠡᠨ ᠤ ᠬᠤᠶᠢᠨ᠎ᠠ ᠭᠠᠳᠠᠨ᠎ᠠ ᠲᠤᠳᠤᠨᠠᠬᠢ ᠬᠤᠶᠠᠷ ᠰᠦᠪᠡᠭᠴᠢ ᠶᠢ ᠡᠰᠡᠷᠬᠦ ᠪᠠᠷ | ᠵᠡᠷᠭᠡ ᠳᠤ ᠨᠢ ᠬᠤᠶᠠᠷ ᠲᠡᠶᠢᠰᠢ ᠴᠢᠩᠭᠠᠭᠠᠵᠤ ᠴᠢᠩᠭᠠᠯᠠᠳᠠᠭ᠃ ᠡᠨᠡ ᠮᠡᠳᠦ ᠪᠠᠷ ᠲᠠᠬᠢᠨ ᠲᠠᠪᠳᠠᠨ ᠬᠦᠢᠴᠡᠳᠭᠡᠵᠦ | ᠬᠢᠨ᠎ᠡ᠃ | ᠭᠤᠳᠤᠯ ᠭᠡᠯᠪᠢᠬᠦ ᠪᠠ ᠤᠶᠢᠮᠦᠰᠦ ᠤᠶᠤᠬᠤ | ᠤᠯᠠᠯᠠᠵᠤ ᠪᠠᠷᠠᠭᠰᠠᠨ ᠤ ᠲᠠᠷᠠᠭ᠎ᠠ ᠭᠤᠳᠤᠯ ᠢᠶᠠᠨ ᠴᠢᠬᠢᠭ ᠲᠠᠢ ᠪᠠᠶᠢᠬᠤ ᠶᠢ ᠵᠠᠪᠳᠤᠭᠤᠯᠤᠨ ᠬᠠᠭᠠᠰ ᠭᠤᠳᠤᠯ ᠬᠤᠮᠠᠭ | ᠬᠢᠵᠦ ᠲᠤᠰᠬᠠᠶᠢᠯᠠᠨ ᠪᠡᠯᠡᠳᠭᠡᠭᠰᠡᠨ ᠬᠡᠯᠪᠢᠬᠦᠷ ᠮᠤᠳᠤ ᠪᠠᠷ ᠨᠦᠳᠦᠵᠦ ᠭᠤᠳᠤᠯ ᠢᠶᠠᠨ ᠶᠠᠩᠵᠤ ᠤᠷᠤᠭᠤᠯᠵᠤ ᠭᠡᠯᠪᠢᠨᠡ | ᠃ ᠡᠪᠤᠯ ᠤᠨ ᠭᠤᠳᠤᠯ ᠳᠤ ᠪᠤᠯ ᠢᠰᠡᠭᠡᠢ ᠤᠶᠢᠮᠤᠰᠤ ᠬᠢᠬᠦ ᠪᠤᠶᠤ ᠬᠦᠪᠦᠩ ᠲᠠᠢ ᠤᠶᠢᠮᠤᠰᠤ ᠤᠶᠤᠵᠤ ᠬᠢᠨ᠎ᠡ᠃ | ᠢᠰᠡᠭᠡᠢ ᠤᠶᠢᠮᠦᠰᠦ ᠶᠢ ᠪᠤᠯ ᠦᠪᠡᠷ ᠢᠶᠠᠨ ᠦᠯᠢᠭᠡᠷ ᠭᠡᠪ ᠤᠨ ᠶᠠᠩᠵᠤ ᠪᠠᠷ ᠢᠶᠠᠨ ᠬᠢᠭᠡᠳ ᠭᠠᠷᠭᠠᠴᠢᠬᠠᠳᠠᠭ᠃ | ᠬᠦᠪᠦᠩ ᠲᠠᠢ ᠤᠶᠢᠮᠦᠰᠦ ᠶᠢ ᠪᠤᠯ ᠦᠯᠢᠭᠡᠷ ᠬᠡᠪ ᠤᠨ ᠶᠤᠰᠤᠭᠠᠷ ᠤᠯᠠ ᠪᠤᠯᠤᠨ ᠲᠦᠷᠡᠢ ᠶᠢ ᠨᠢ ᠡᠰᠭᠡᠵᠦ ᠠᠪᠤᠭᠠᠳ | ᠬᠦᠪᠦᠩ ᠲᠠᠯᠪᠢᠵᠦ ᠤᠶᠤᠵᠤ ᠪᠦᠳᠦᠭᠡᠨ᠎ᠡ᠃ ᠵᠠᠷᠢᠮ ᠳᠠᠭᠠᠨ ᠢᠰᠡᠭᠡᠢ ᠪᠤᠶᠤ ᠬᠦᠪᠦᠩ ᠤᠶᠢᠮᠦᠰᠦ ᠶᠢ ᠭᠤᠳᠤᠯ ᠤᠨ | ᠲᠦᠷᠡᠢ ᠠᠴᠠ ᠲᠡᠭᠡᠭᠰᠢ ᠬᠤᠶᠠᠷ ᠬᠤᠷᠤᠭᠤ ᠭᠠᠷᠭᠠᠵᠤ ᠤᠶᠢᠮᠦᠰᠦᠨ ᠲᠦᠷᠡᠢ ᠪᠠᠨ ᠬᠤᠷᠭᠤᠢ ᠪᠠᠷ ᠴᠢᠮᠡᠵᠦ ᠤᠶᠤᠳᠠᠭ | ᠃ ᠢᠩᠬᠢᠵᠦ ᠴᠢᠮᠡᠭᠰᠡᠨ ᠭᠡᠰᠡᠭ ᠢ ᠤᠶᠢᠮᠦᠰᠦᠨ ᠤᠮᠤᠭ ᠭᠡᠳᠡᠭ᠃ | ᠬᠠᠮᠢᠶ᠎ᠠ ᠪᠦᠬᠦᠢ ᠬᠤᠯᠪᠤᠭᠠᠰᠦ᠄ | ᠮᠤᠩᠭᠤᠯ ᠭᠤᠳᠤᠯ ᠤᠨ ᠳᠦᠷᠤᠯ ᠵᠦᠢᠯ ᠪᠤᠯᠤᠨ ᠬᠤᠯᠪᠤᠭᠳᠠᠬᠤ ᠨᠡᠷᠡᠶᠢᠳᠤᠯ ᠤᠳ | ᠮᠤᠩᠭᠤᠯ ᠭᠤᠳᠤᠯ ᠤᠨ ᠲᠦᠷᠦᠯ ᠵᠦᠢᠯ | ᠮᠤᠩᠭᠤᠯ ᠭᠤᠳᠤᠯ ᠢ ᠶᠡᠷᠦᠩᠬᠡᠢ ᠳᠤᠨᠢ ᠠᠷᠠᠰᠤᠨ ᠭᠤᠳᠤᠯ᠂ ᠢᠰᠡᠬᠡᠢ ᠭᠤᠳᠤᠯ᠂ ᠪᠦᠰ ᠭᠤᠳᠤᠯ ᠬᠡᠵᠦ ᠭᠤᠷᠪᠡ | ᠬᠤᠪᠢᠶᠡᠳᠠᠬ᠃ ᠬᠡᠯᠪᠡᠷᠢ ᠪᠠᠶᠢᠳᠠᠯ ᠢᠶᠠᠷ ᠨᠢ ᠪᠠᠰᠠ ᠰᠦᠬᠦᠬᠡᠢ ᠭᠤᠳᠤᠯ᠂ ᠦᠭᠡᠳᠡᠩ ᠭᠤᠳᠤᠯ᠂ ᠰᠤᠭᠰᠤᠯ ᠭᠤᠳᠤᠯ᠂ | ᠪᠤᠶᠢᠳᠤᠬ᠂ ᠰᠦᠪᠦᠬᠡᠷ ᠭᠤᠳᠤᠯ᠂ ᠪᠠᠶᠢᠪᠠᠭ᠂ ᠲᠡᠯᠳᠧ᠂ ᠦᠨᠳᠡᠬᠡᠨ ᠬᠠᠮᠠᠷᠳᠦ ᠭᠤᠳᠤᠯ ᠬᠡᠵᠦ ᠢᠯᠭᠠᠳᠠᠭ᠃ | ᠮᠤᠩᠭᠤᠯ ᠭᠤᠳᠤᠯ ᠤᠨ ᠶᠡᠷᠦᠩᠬᠡᠢ ᠤᠨᠴᠠᠯᠢᠬ ᠬᠡᠪᠡᠯ ᠲᠦᠷᠡᠢ ᠦᠨᠳᠦᠷ ᠪᠠᠶᠢᠳᠠᠭ᠃ ᠦᠨᠳᠦᠷ ᠲᠦᠷᠡᠢ ᠲᠠᠢ ᠭᠤᠳᠤᠯ | ᠡᠮᠦᠰᠪᠡᠯ ᠮᠤᠷᠢ ᠤᠨᠤᠬᠤ ᠳᠤ ᠲᠦᠷᠦᠬᠡᠨ ᠰᠤᠷ ᠲᠤ ᠱᠠᠭ᠎ᠠ ᠭᠤᠯᠭᠤᠬᠤ ᠦᠬᠡᠢ ᠪᠠᠶᠢᠳᠠᠭ᠃ | ᠠᠷᠠᠰᠤᠨ ᠭᠤᠳᠤᠯ ᠢ ᠪᠠᠰᠠ ᠪᠤᠯᠠᠭᠠᠷᠢ ᠭᠤᠳᠤᠯ᠂ ᠰᠢᠷᠢ ᠭᠤᠳᠤᠯ᠂ ᠬᠦᠮ ᠭᠤᠳᠤᠯ᠂ ᠲᠡᠭᠳᠡᠢ ᠭᠤᠳᠤᠯ᠂ | ᠪᠠᠭᠠᠷᠳᠠᠭ ᠭᠤᠳᠤᠯ ᠬᠡᠵᠦ ᠢᠯᠭᠠᠨ᠎ᠠ᠃ ᠠᠷᠠᠰᠤᠨ ᠭᠤᠳᠤᠯ ᠤᠨ ᠤᠯᠨ ᠵᠤᠯᠤᠭ᠂ ᠲᠦᠷᠡᠢ ᠶᠢ ᠦᠬᠡᠷ ᠤᠨ | ᠠᠷᠠᠰᠦ ᠪᠠᠷ ᠬᠢᠳᠡᠭ᠃ ᠮᠤᠷᠢᠨ ᠠᠷᠠᠰᠦ᠂ ᠢᠮᠠᠭᠠᠨ ᠠᠷᠠᠰᠦ ᠪᠠᠷ ᠤᠶᠤᠳᠠᠭ ᠴᠤ ᠪᠤᠢ᠃ ᠠᠷᠠᠰᠤᠨ ᠭᠤᠳᠤᠯ ᠪᠤᠯ | ᠮᠠᠯᠴᠢᠳ ᠤᠨ ᠵᠤᠨ ᠡᠪᠦᠯ ᠬᠡᠰᠡᠨ ᠦᠬᠡᠢ᠂ ᠬᠦᠭᠰᠢᠨ ᠵᠠᠯᠠᠭᠤ ᠬᠡᠰᠡᠨ ᠦᠬᠡᠢ ᠴᠦᠮ ᠡᠮᠦᠰᠳᠡᠭ᠃ ᠪᠠᠭᠠᠷᠳᠠᠭ | ᠭᠤᠳᠤᠯ ᠪᠤᠯ ᠠᠳᠤᠭᠤ ᠶᠢᠨ ᠰᠢᠷᠢ ᠪᠠᠷ ᠬᠢᠭᠰᠡᠨ ᠭᠤᠳᠤᠯ ᠮᠦᠨ᠃ ᠶᠡᠷᠦ ᠳᠡᠭᠡᠨ ᠪᠦᠰᠡᠳᠡᠶᠢᠴᠤᠳ ᠬᠡᠬᠡᠷ᠎ᠠ ᠬᠦᠳᠡᠭᠡ | ᠠᠵᠢᠯ ᠳᠤ ᠶᠠᠪᠤᠬᠤ ᠳᠤ ᠡᠮᠦᠰᠳᠡᠭ᠃ ᠲᠡᠷᠡ ᠨᠢ ᠲᠤᠯᠠᠭᠠᠨ᠂ ᠬᠦᠩᠬᠡᠨ ᠪᠦᠬᠡᠳ ᠬᠦᠯ ᠳᠤ ᠲᠤᠬᠢᠳᠠᠢ ᠪᠠᠶᠢᠳᠠᠭ᠃ | ᠢᠰᠡᠬᠡᠢ ᠭᠤᠳᠤᠯ ᠳᠤ ᠤᠶᠤᠮᠠᠯ ᠪᠠ ᠪᠤᠯᠭᠤᠮᠠᠯ ᠭᠤᠳᠤᠯ ᠬᠡᠬᠦ ᠬᠤᠶᠡᠷ ᠵᠦᠢᠯ ᠪᠤᠢ᠃ ᠤᠶᠤᠮᠠᠯ ᠢᠰᠡᠬᠡᠢ | ᠭᠤᠳᠤᠯ ᠢ ᠶᠡᠷᠦ ᠳᠡᠭᠡᠨ ᠠᠷᠠᠰᠤᠨ ᠭᠤᠳᠤᠯ ᠤᠨ ᠵᠤᠯᠤᠬ ᠲᠠᠢ ᠬᠠᠮᠳᠤᠷᠠᠭᠤᠯᠤᠨ ᠤᠶᠤᠳᠠᠭ ᠨᠢ ᠤᠯᠠᠨ ᠪᠤᠢ᠃ | ᠢᠰᠡᠬᠡᠢ ᠭᠤᠳᠤᠯ ᠢ ᠡᠪᠦᠯ ᠡᠮᠦᠰᠬᠦ ᠳᠤ ᠲᠤᠯᠠᠭᠠᠨ ᠮᠦᠷᠳᠡᠬᠡᠨ ᠬᠦᠡᠭᠬᠡᠨ ᠪᠠᠶᠢᠳᠠᠭ᠃ ᠢᠰᠡᠬᠡᠢ ᠪᠠᠷ ᠰᠢᠭᠤᠳ | ᠵᠤᠯᠠᠵᠦ ᠪᠤᠯᠭᠤᠬᠰᠠᠨ ᠭᠤᠳᠤᠯ ᠢ ᠪᠤᠶᠢᠳᠤᠭ ᠬᠡᠵᠦ ᠨᠡᠷᠡᠯᠡᠨ᠎ᠠ᠃ ᠲᠤᠮᠦ ᠬᠦᠮᠦᠨ ᠪᠤᠶᠢᠳᠤᠬ ᠡᠮᠦᠰᠬᠦ ᠨᠢ ᠶᠡᠭᠡ | ᠬᠤᠪᠤᠷ᠂ ᠬᠠᠷᠢᠨ ᠬᠡᠤᠭᠡᠳ ᠢᠯᠡᠩᠭᠤᠶ᠎ᠠ ᠨᠢᠯᠬ᠎ᠠ ᠬᠡᠤᠭᠡᠳ ᠲᠤ ᠡᠮᠦᠰᠬᠡᠬᠦ ᠨᠢ ᠤᠯᠠᠨ᠃ ᠪᠤᠶᠢᠳᠤᠭ ᠤᠨ ᠲᠦᠷᠡᠢ ᠶᠢ | ᠪᠦᠴᠡ ᠪᠠᠷ ᠪᠦᠴᠡᠯᠠᠨ ᠤᠶᠠᠨ᠎ᠠ᠃ | ᠪᠦᠰ ᠭᠤᠳᠤᠯ ᠢ ᠦᠬᠡᠳᠡᠩ ᠭᠤᠳᠤᠯ᠂ ᠤᠷᠢᠶᠡᠮᠡᠯ ᠭᠤᠳᠤᠯ᠂ ᠬᠠᠳᠬᠤᠮᠠᠯ ᠭᠤᠳᠤᠯ᠂ ᠰᠢᠷᠢᠮᠡᠯ ᠭᠤᠳᠤᠯ ᠬᠡᠬᠦ | ᠮᠡᠳᠦ ᠪᠠᠷ ᠢᠯᠭᠠᠵᠦ ᠨᠠᠷᠠᠯᠠᠨ᠎ᠠ᠃ ᠪᠦᠰ ᠭᠤᠳᠤᠯ ᠪᠤᠯ ᠲᠦᠷᠡᠢ᠂ ᠵᠤᠯᠤᠬ᠂ ᠤᠯᠠ᠂ ᠬᠠᠪᠴᠢᠶᠡᠷᠢ᠂ ᠬᠤᠨᠭ᠍ᠰᠢᠶᠡᠷ | ᠵᠡᠷᠬᠡ ᠪᠠᠷ ᠪᠦᠷᠢᠯᠳᠦᠨ᠎ᠠ᠃ ᠲᠦᠷᠡᠢ᠂ ᠵᠤᠯᠠᠭ᠂ ᠤᠯᠠ ᠶᠢ ᠤᠯᠠᠨ ᠲᠠᠪᠬᠤᠷ ᠪᠦᠰ ᠢᠶᠠᠷ ᠨᠠᠭᠠᠵᠦ᠂ ᠭᠠᠳᠠᠷᠯᠠᠵᠦ | ᠲᠤᠳᠤᠷᠯᠠᠭᠠᠳ ᠤᠶᠤᠵᠦ ᠪᠦᠳᠦᠬᠡᠳᠡᠭ᠃ | ᠭᠤᠳᠤᠯ ᠤᠶᠤᠬᠤ ᠳᠤ ᠬᠡᠷᠡᠭᠯᠡᠬᠦ ᠵᠦᠢᠯ | ᠮᠤᠩᠭᠤᠯ ᠭᠤᠳᠤᠯ ᠤᠶᠤᠬᠤ ᠳᠤ ᠭᠤᠤᠯᠳᠠᠭᠤ ᠲᠠᠪᠤᠨ ᠬᠤᠰᠢᠭᠤ ᠮᠠᠯ ᠤᠨ ᠠᠷᠠᠰᠤ ᠶᠢ ᠢᠳᠡᠭᠡᠯᠡᠨ ᠡᠯᠳᠡᠵᠤ | ᠪᠤᠯᠪᠠᠰᠤᠷᠠᠭᠤᠯᠤᠨ ᠬᠢᠭᠰᠡᠨ ᠪᠤᠯᠢᠭᠠᠷᠢ᠂ ᠰᠢᠷᠢ᠂ ᠰᠠᠷᠢᠰᠤ᠂ ᠢᠯᠡᠭᠡ᠂ ᠰᠤᠷ ᠪᠠ ᠪᠤᠳᠠ ᠮᠠᠯ ᠤᠨ ᠰᠢᠷᠪᠤᠰᠤ ᠶᠢ | ᠬᠡᠷᠡᠭᠯᠡᠨ᠎ᠡ᠃ ᠪᠠᠰᠠ ᠨᠠᠷᠢᠨ ᠳᠠᠰᠮᠠ ᠰᠤᠷ᠂ ᠬᠢᠯᠭᠠᠰᠤ᠂ ᠤᠯᠤᠰᠤ᠂ ᠳᠦᠷᠡᠰᠤ᠂ ᠮᠢᠨᠳᠠᠰᠤ ᠵᠡᠷᠭᠡ ᠶᠢ ᠬᠡᠷᠡᠭᠯᠡᠨ᠎ᠡ᠃ | ᠭᠤᠳᠤᠯ ᠤᠨ ᠡᠯ᠎ᠡ ᠭᠡᠰᠡᠭ ᠤᠨ ᠨᠡᠷᠡᠶᠢᠳᠤᠯ | ᠳᠦᠷᠡᠢ᠄ ᠭᠤᠳᠤᠯ ᠤᠨ ᠵᠤᠯᠤᠭ ᠤᠨ ᠳᠡᠭᠡᠷ᠎ᠡ ᠵᠠᠯᠭᠠᠬᠤ ᠭᠡᠰᠡᠭ ᠢ ᠳᠦᠷᠡᠢ ᠭᠡᠨ᠎ᠡ᠃ | ᠵᠤᠯᠤᠭ᠄ ᠭᠤᠳᠤᠯ ᠤᠨ ᠳᠦᠷᠡᠢ ᠶᠢᠨ ᠳᠤᠤᠷ᠎ᠠ ᠵᠠᠯᠭᠠᠬᠤ ᠭᠡᠰᠡᠭ ᠢ ᠵᠤᠯᠤᠭ ᠭᠡᠨ᠎ᠡ᠃ | ᠬᠠᠪᠴᠢᠶᠠᠷᠢ᠄ ᠭᠤᠳᠤᠯ ᠤᠨ ᠳᠦᠷᠡᠢ ᠪᠤᠯᠤᠨ ᠵᠤᠯᠤᠭ᠂ ᠳᠦᠷᠡᠢ ᠪᠤᠯᠤᠨ ᠳᠦᠷᠡᠢ ᠶᠢᠨ ᠵᠠᠯᠭᠠᠬᠤ ᠭᠡᠰᠡᠭ ᠲᠤ | ᠬᠠᠪᠴᠢᠭᠤᠯᠵᠤ ᠤᠶᠤᠬᠤ ᠭᠤᠷᠪᠠᠨ ᠮᠦᠷ ᠬᠠᠪᠳᠠᠭᠠᠢᠢᠯᠠᠵᠤ ᠵᠤᠰᠦᠭᠰᠡᠨ ᠰᠠᠷᠢᠰᠤ ᠶᠢ ᠬᠠᠪᠴᠢᠶᠠᠷᠢ ᠭᠡᠵᠤ ᠭᠡᠯᠡᠨ᠎ᠡ᠃ | | ᠵᠠᠤᠵᠠᠢ᠄ ᠭᠤᠳᠤᠯ ᠤᠨ ᠦᠰᠤᠭᠡᠢ ᠶᠢᠨ ᠳᠤᠳᠤᠷ᠎ᠠ ᠲᠠᠯ᠎ᠠ ᠳᠤ ᠤᠶᠤᠬᠤ ᠰᠢᠷᠢ ᠶᠢ ᠬᠡᠯᠡᠨ᠎ᠡ᠃ | ᠭᠤᠳᠤᠯ ᠤᠨ ᠳᠦᠷᠡᠶᠢᠪᠴᠢ᠄ ᠭᠤᠳᠤᠯ ᠤᠨ ᠳᠦᠷᠡᠢ ᠶᠢᠨ ᠬᠦᠪᠡᠭᠡᠨ ᠳᠤ ᠳᠡᠭᠡᠭᠰᠢ ᠢᠯᠡᠬᠦᠤ ᠭᠠᠷᠭᠠᠵᠤ ᠤᠶᠤᠬᠤ | ᠪᠠ ᠦᠢᠮᠤᠰᠤᠨ ᠤ ᠳᠦᠷᠡᠢ ᠳᠤ ᠬᠠᠳᠠᠬᠤ ᠬᠦᠪᠡᠭᠡ ᠶᠢ ᠬᠡᠯᠡᠨ᠎ᠡ᠃ | ᠭᠤᠳᠤᠯ ᠤᠨ ᠤᠯᠠ ᠶᠢᠨ ᠨᠡᠷᠡᠶᠢᠳᠤᠯ | ᠶᠡᠭᠡ ᠤᠯᠠ ᠭᠡᠳᠡᠭ ᠨᠢ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠪᠠᠷ | ᠳᠠᠪᠬᠤᠷᠯᠠᠭᠰᠡᠨ ᠪᠠᠭ᠎ᠠ ᠤᠯᠠ ᠶᠢᠨ ᠳᠤᠤᠷ᠎ᠠ ᠳᠠᠪᠬᠤᠷᠯᠠᠬᠤ ᠭᠡᠰᠡᠭ ᠢ ᠶᠡᠭᠡ ᠤᠯᠠ ᠭᠡᠨ᠎ᠡ᠃ ᠪᠠᠭ᠎ᠠ ᠤᠯᠠ ᠭᠡᠳᠡᠭ ᠨᠢ | ᠶᠡᠭᠡ ᠤᠯᠠ ᠠᠴᠠ ᠪᠠᠭ᠎ᠠ ᠨᠢᠮᠭᠡᠨ ᠪᠤᠶᠤ ᠠᠳᠠᠯᠢ ᠵᠤᠵᠠᠭᠠᠨ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ | ᠭᠡᠳᠤᠨ ᠳᠠᠪᠬᠤᠷ ᠰᠢᠷᠢ ᠶᠢᠨ ᠭᠡᠰᠡᠭ ᠢ ᠪᠠᠭ᠎ᠠ ᠤᠯᠠ ᠭᠡᠨ᠎ᠡ᠃ ᠪᠠᠭ᠎ᠠ ᠤᠯᠠ ᠶᠢᠨ ᠬᠦᠪᠡᠭᠡ ᠭᠡᠳᠡᠭ ᠨᠢ ᠪᠠᠭ᠎ᠠ | ᠤᠯᠠ ᠶᠢᠨ ᠬᠦᠪᠡᠭᠡ ᠶᠢ ᠳᠤᠭᠤᠷᠢᠭᠤᠯᠤᠨ ᠬᠦᠪᠡᠭᠡᠯᠡᠵᠤ ᠤᠶᠤᠭᠰᠡᠨ ᠰᠢᠷᠢ ᠪᠤᠶᠤ ᠰᠠᠷᠢᠰᠤ ᠶᠢ ᠬᠡᠯᠡᠨ᠎ᠡ᠃ | ᠭᠤᠳᠤᠯ ᠤᠨ ᠤᠯᠠ ᠭᠡᠳᠡᠭ ᠨᠢ ᠶᠡᠭᠡ ᠤᠯᠠ ᠶᠢᠨ ᠳᠡᠭᠡᠷ᠎ᠡ ᠨᠢ ᠪᠠᠭ᠎ᠠ ᠤᠯᠠ ᠪᠠᠨ ᠳᠠᠪᠬᠤᠷᠯᠠᠵᠤ ᠨᠠᠭᠠᠭᠠᠳ | ᠰᠢᠷᠢᠭᠰᠡᠨ ᠭᠡᠰᠡᠭ ᠢ ᠭᠤᠳᠤᠯ ᠤᠨ ᠤᠯᠠ ᠭᠡᠨ᠎ᠡ᠃ | ᠭᠤᠳᠤᠯ ᠤᠶᠤᠬᠤ ᠬᠡᠷᠡᠭᠰᠡᠯ | ᠵᠦᠰᠤᠬᠦᠷ᠂ ᠰᠡᠶᠢᠯᠤᠬᠦᠷ᠂ ᠵᠡᠬᠦᠤ᠂ ᠳᠠᠪᠠᠨᠡ᠂ ᠪᠠᠬᠢ ᠦᠢᠯᠡ ᠶᠢᠨ ᠬᠠᠶᠢᠴᠢ᠂ ᠭᠠᠨᠭ ᠰᠢᠪᠦᠭᠡ᠂ ᠵᠤᠭᠤᠳᠠᠭ | ᠵᠡᠷᠭᠡ ᠶᠢᠨ ᠪᠠᠭᠠᠵᠢ ᠶᠢ ᠬᠡᠷᠡᠭᠯᠡᠨ᠎ᠡ᠃ ᠪᠠᠰᠠ ᠠᠶᠢᠯ ᠪᠦᠷᠢ ᠳᠤ ᠶᠡᠭᠡ ᠪᠠᠭ᠎ᠠ ᠬᠦᠮᠤᠨ ᠤ ᠡᠮᠤᠰᠬᠦ ᠬᠤᠪᠴᠠᠰᠤ ᠬᠤᠨᠠᠷ | ᠂ ᠭᠤᠳᠤᠯ ᠤᠨ ᠡᠯ᠎ᠡ ᠭᠡᠰᠡᠭ ᠤᠨ ᠤᠯᠠᠨ ᠬᠡᠯᠪᠡᠷᠢ ᠶᠢᠨ ᠦᠯᠢᠭᠡᠷ ᠵᠬᠠᠪᠤᠷ ᠵᠡᠷᠭᠡ ᠵᠦᠢᠯ ᠢ ᠳᠡᠭᠡᠳᠤᠰ ᠠᠴᠠ ᠪᠠᠨ | ᠤᠯᠠᠮᠵᠢᠯᠠᠨ ᠦᠯᠡᠳᠡᠭᠡᠭᠰᠡᠨ ᠪᠠᠶᠢᠳᠠᠭ ᠶᠤᠮ᠃ |