7 ᠰᠠᠷ᠎ᠠ ᠶᠢᠨ 1 ᠤ ᠡᠳᠤᠷ᠂ ᠰᠢᠯᠢ ᠶᠢᠨ ᠬᠤᠳᠠ ᠶᠢᠨ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠠᠴᠠ | ᠭᠤᠤᠯᠯᠠᠨ ᠡᠷᠬᠢᠯᠡᠭᠰᠡᠨ ᠰᠢᠯᠢ ᠶᠢᠨ ᠬᠤᠳᠠ ᠶᠢᠨ ︽ᠳᠠᠯ᠎ᠠ ᠨᠤᠳᠤᠭ ᠤᠨ ᠬᠦᠪᠡᠭᠦᠳ ᠦᠬᠢᠳ ᠠᠭᠤᠣ ᠨᠠᠮ ᠢᠶᠠᠨ | ᠮᠠᠭᠳᠠᠨ ᠳᠠᠭᠤᠯᠠᠬᠤ︾ ᠪᠠᠷ ᠭᠤᠤᠯ ᠰᠡᠳᠦᠪ ᠪᠣᠯᠭᠠᠭᠰᠠᠨ ᠮᠤᠷᠢᠨ ᠨᠢᠷᠤᠭᠤᠨ ᠳᠡᠭᠡᠷᠡᠬᠢ ᠤᠯᠠᠭᠠᠨᠮᠥ᠋ᠴᠢᠷ ᠤᠨ ︽7. | 1︾ ᠢᠶᠠᠨ ᠪᠡᠯᠬᠡᠯᠡᠬᠦ ᠳᠤᠭᠤᠷᠢᠨ ᠳᠤᠭᠯᠠᠯᠳᠠ ᠶᠢᠨ ᠠᠵᠢᠯᠯᠠᠭ᠎ᠠ ᠵᠢᠴᠢ ︽ᠮᠣᠩᠭᠤᠯ ᠮᠣᠷᠢᠨ ᠤ ᠵᠣᠷᠢᠭ ᠰᠠᠨᠠᠭ᠎ᠠ ᠶᠢ | ᠪᠠᠳᠠᠷᠠᠭᠤᠯᠣᠨ ᠮᠣᠩᠭᠤᠯ ᠮᠣᠷᠢᠨ ᠤ ᠰᠣᠶᠣᠯ ᠢ ᠤᠯᠠᠮᠵᠢᠯᠠᠨ ᠵᠠᠯᠭᠠᠮᠵᠢᠯᠠᠬᠤ︾ ᠰᠢᠨ᠎ᠡ ᠴᠠᠭ ᠦᠶ᠎ᠡ ᠶᠢᠨ | ᠪᠣᠯᠪᠠᠰᠤᠨ ᠤ ᠠᠵᠢᠯᠯᠠᠭ᠎ᠠ ᠶᠢ ᠵᠣᠬᠢᠶᠠᠨ ᠪᠠᠶᠢᠭᠤᠯᠵᠣ᠂ ︽ᠳᠤᠮᠳᠠᠳᠤ ᠤᠯᠤᠰ ᠤᠨ ᠠᠳᠤᠭᠤᠨ ᠰᠣᠶᠣᠯ ᠤᠨ ᠲᠦᠪ︾ | ᠤᠨ ᠥᠪᠡᠷᠮᠢᠴᠡ ᠰᠣᠶᠣᠯ ᠤᠨ ᠣᠨᠴᠠᠯᠢᠭ ᠢ ᠬᠦᠢᠴᠡᠳ ᠢᠯᠡᠷᠡᠭᠦᠯᠵᠠᠢ᠃ | ᠠᠵᠢᠯᠯᠠᠭᠠᠨ ᠳᠤ ᠰᠢᠯᠢ ᠶᠢᠨ ᠬᠤᠳᠠ ᠶᠢᠨ ᠤᠯᠠᠭᠠᠨᠮᠦ᠋ᠴᠢᠷ ᠤᠨ ᠬᠡᠰᠢᠭᠦᠳ ᠪᠤᠯᠤᠨ ᠰᠢᠯᠢ ᠶᠢᠨ ᠬᠤᠳᠠ ᠶᠢᠨ | ᠹᠧᠩ ᠬᠤᠸᠠᠩ ᠮᠤᠷᠢᠨ ᠳᠠᠯᠠᠪᠠᠢ ᠶᠢᠨ ᠭᠡᠰᠢᠭᠦᠳ ᠢ ᠪᠠᠭᠲᠠᠭᠠᠭᠰᠠᠨ 21 ᠮᠤᠷᠢᠳᠠᠨ ᠤ ᠵᠢᠭᠰᠠᠭᠠᠯ ᠤᠨ ᠡᠩᠨᠡᠭᠡ ᠨᠢ | ᠰᠢᠯᠢ ᠶᠢᠨ ᠬᠤᠳᠠ ᠶᠢᠨ ᠭᠤᠤᠯ ᠵᠡᠭᠡᠯᠢ ᠪᠠᠷ ᠳᠤᠭᠤᠷᠢᠨ ᠳᠤᠭᠯᠠᠯᠳᠠ ᠪᠠᠨ ᠭᠠᠷᠭᠠᠵᠤ᠂ ᠨᠠᠮ ᠤᠨ ᠳᠤᠭ᠂ ᠤᠯᠤᠰ | ᠤᠨ ᠳᠤᠭ᠂ ᠤᠯᠠᠭᠠᠨᠮᠦ᠋ᠴᠢᠷ ᠤᠨ ᠳᠤᠭ ᠢᠶᠠᠨ ᠨᠠᠮᠢᠷᠠᠭᠤᠯᠤᠨ᠂ ︽ᠲᠠᠯ᠎ᠠ ᠨᠤᠲᠤᠭ ᠤᠨ ᠤᠳᠬ᠎ᠠ ᠤᠷᠠᠯᠢᠭ ᠤᠨ | ᠬᠦᠩᠭᠡᠨ ᠮᠣᠷᠢᠲᠤ ᠴᠡᠷᠢᠭ︾ ᠬᠡᠮᠡᠬᠦ ᠠᠯᠳᠠᠷ ᠢᠶᠠᠨ ᠳᠠᠭᠤᠷᠢᠰᠣᠭᠤᠯᠵᠣ᠂ ᠬᠦᠮᠦᠨ ᠠᠷᠠᠳ ᠲᠠᠭᠠᠨ ᠰᠤᠶᠤᠯ | ᠤᠷᠠᠯᠢᠭ ᠤᠨ ᠰᠤᠳᠤᠨ ᠬᠦᠷᠳᠡᠭᠡᠯ ᠣᠯᠭᠤᠨ᠂ ᠨᠠᠮ ᠪᠠᠶᠢᠭᠤᠯᠤᠭᠳᠠᠭᠰᠠᠨ 99 ᠵᠢᠯ ᠤᠨ ᠤᠢ ᠪᠠᠨ ᠤᠳᠬ᠎ᠠ | ᠳᠡᠬᠦᠯᠳᠡᠷ ᠪᠡᠯᠭᠡᠯᠡᠵᠠᠢ᠃ | | ᠤᠯᠠᠭᠠᠨᠮᠦ᠋ᠴᠢᠷ ᠤᠨ ᠬᠡᠰᠢᠭᠦᠳ ᠮᠠᠨᠢ ︽ᠮᠠᠯᠴᠢᠨ ᠳᠦᠮᠡᠨ ᠠᠭᠤᠣ ᠨᠠᠮ ᠢᠶᠠᠨ ᠮᠠᠭᠳᠠᠨ ᠳᠠᠭᠤᠯᠠᠨ᠎ᠠ︾ ︽ | ᠠᠵᠠ ᠶᠢᠨ ᠬᠤᠷᠸ᠎ᠠ ᠰᠢᠯᠢ ᠶᠢᠨ ᠬᠤᠳᠠ︾᠂ ︽ᠰᠢᠯᠢ ᠶᠢᠨ ᠭᠤᠤᠯ︾᠂ ︽ᠰᠠᠬᠢᠨ ᠪᠠᠷᠠᠯᠠᠵᠤ ᠬᠠᠷᠢᠯᠴᠠᠨ | ᠬᠠᠪᠰᠤᠷᠤᠯᠴᠠᠶ᠎ᠠ︾ ᠵᠡᠷᠭᠡ ᠤᠯᠠᠨ ᠰᠠᠶᠢᠬᠠᠨ ᠬᠦᠮᠦᠰ ᠤᠨ ᠰᠡᠳᠬᠢᠯ ᠳᠤ ᠬᠠᠳᠠᠩᠰᠢᠭᠰᠠᠨ ᠠᠶ᠎ᠠ ᠳᠠᠭᠤᠤ ᠪᠠᠨ | ᠡᠷᠬᠦᠨ ᠪᠠᠷᠢᠵᠤ᠂ ᠦᠠᠳᠤᠰᠤᠳᠠᠨ ᠤ ᠤᠷᠤᠨ ᠤ ᠰᠤᠶᠤᠯ ᠤᠨ ᠴᠡᠴᠡᠭᠯᠠᠯ᠂ ᠠᠵᠦ ᠠᠬᠤᠢ ᠶᠢᠨ ᠪᠦᠳᠤᠬᠡᠨ | ᠪᠠᠶᠢᠭᠤᠯᠤᠯᠳᠠ ᠶᠢᠨ ᠬᠦᠭᠵᠢᠯᠳᠠ᠂ ᠦᠠᠳᠤᠰᠤᠳᠠᠨ ᠤ ᠪᠦᠯᠬᠦᠮᠳᠠᠯ ᠳᠠᠪᠰᠢᠯᠳᠠ ᠶᠢ ᠦᠨᠡᠨᠬᠦ ᠬᠠᠷᠠᠭᠤᠯᠣᠨ᠂ ᠦᠷᠬᠡᠨ | ᠤᠯᠠᠨ ᠲᠦᠮᠡᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠦ᠂ ᠦᠪᠡᠷᠮᠢᠴᠡ ᠣᠨᠴᠠᠯᠢᠭ ᠲᠠᠢ ᠪᠠᠶᠠᠯᠢᠭ | ᠠᠭᠤᠯᠭ᠎ᠠ ᠪᠠᠷ ᠨᠠᠮ ᠪᠠᠶᠢᠭᠤᠯᠣᠭᠳᠠᠭᠰᠠᠨ ᠪᠠᠶᠠᠷ ᠤᠨ ᠡᠳᠦᠷ ᠢᠶᠠᠨ ᠪᠡᠯᠭᠡᠯᠡᠨ᠂ ᠨᠠᠮ ᠠᠷᠠᠳ ᠳᠦᠮᠡᠨ ᠤ ᠬᠦᠨ | ᠵᠤᠵᠠᠭᠠᠨ ᠬᠠᠶᠢᠷ᠎ᠠ ᠰᠡᠳᠬᠢᠯᠭᠡ ᠶᠢ ᠨᠡᠩ ᠵᠤᠵᠠᠭᠠᠳᠬᠠᠭᠰᠠᠨ ᠪᠠᠶᠢᠨ᠎ᠠ᠃ | | |