ᠮᠤᠩᠭᠤᠯᠴᠤᠤᠨ ᠤᠨ ᠬᠠᠳᠠᠭ ᠤᠨ ᠰᠤᠶᠤᠯ
ᠨᠡᠶᠢᠲᠡᠯᠡᠭᠰᠡᠨ ᠴᠠᠭ᠄
2020/7/7
ᠬᠠᠳᠠᠭ ᠪᠠᠷᠢᠬᠤ ᠪᠤᠯ ᠮᠤᠩᠭᠤᠯᠴᠤᠳ ᠤᠨ ᠬᠦᠨᠳᠤᠤᠨᠬᠡᠬᠦ᠂ ᠪᠠᠯᠬᠡᠳᠠᠬᠦ᠂ ᠪᠠᠶᠠᠷ ᠬᠦᠷᠬᠡᠬᠦ᠂ ᠵᠦᠩᠨᠠᠨ ᠢᠷᠤᠬᠡᠬᠦ᠂ ᠬᠦᠰᠠᠨ ᠨᠠᠶᠢᠳᠠᠬᠤ᠂ ᠠᠮᠠᠯᠠᠯᠳᠠ ᠬᠢᠬᠦ ᠵᠠᠷᠬᠡ ᠰᠠᠨᠠᠭ᠎ᠠ ᠪᠠᠨ ᠢᠯᠠᠤᠨᠬᠡᠬᠦ ᠬᠠᠳᠠᠭᠤ ᠴᠢᠩᠭ᠎ᠠ ᠬᠦᠨᠳᠤ ᠶᠢᠨ ᠶᠤᠰᠤᠨ ᠮᠦᠨ᠃ ᠮᠤᠩᠭᠤᠯᠴᠤᠤᠨ ᠤᠨ ᠬᠠᠳᠠᠭ ᠤᠨ ᠰᠤᠶᠤᠯ ᠳᠤ᠂ ᠬᠠᠳᠠᠭ ᠬᠡᠷᠡᠭᠯᠠᠬᠦ ᠶᠤᠰᠤ ᠵᠠᠩᠰᠢᠯ᠂ ᠬᠠᠳᠠᠭ ᠤᠨ ᠪᠡᠯᠬᠡᠳᠡᠯ ᠶᠤᠰᠤᠨ᠂ ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠠᠬᠦ ᠴᠠᠬᠡᠷ ᠶᠤᠰᠤᠨ ᠵᠡᠷᠬᠡ ᠤᠯᠠᠨ ᠨᠠᠷᠢᠨ ᠲᠤᠳᠤᠷᠬᠠᠢ ᠶᠤᠰᠤ ᠵᠠᠩᠰᠢᠯ ᠲᠠᠢ ᠪᠠᠶᠢᠳᠠᠭ᠃ ᠭᠡᠪᠡᠴᠦ ᠤᠳᠤᠬᠠᠨ ᠳᠤ ᠡᠳᠡᠭᠡᠷ ᠬᠠᠳᠠᠭ ᠲᠠᠢ ᠬᠤᠯᠪᠤᠭᠳᠠᠬᠤ ᠶᠤᠰᠦ ᠵᠠᠩᠰᠢᠯ ᠶᠡᠬᠡᠪᠡᠷ ᠮᠡᠷᠳᠡᠬᠳᠠᠨ ᠦᠬᠡᠷᠡᠴᠢᠯᠡᠭᠳᠡᠵᠦ ᠪᠤᠢ᠃ ᠵᠢᠱᠢᠶᠡᠯᠡᠪᠡᠯ᠂ ᠬᠠᠳᠠᠭ ᠢ ᠰᠢᠭᠤᠳ ᠬᠦᠮᠦᠨ ᠤ ᠬᠦᠵᠦᠬᠦᠨ ᠳᠤ ᠵᠡᠬᠦᠯᠬᠡᠬᠦ᠂ ᠰᠢᠷ᠎ᠠ ᠦᠩᠭᠡ ᠶᠢᠨ ᠬᠠᠳᠠᠭ᠂ ᠭᠦᠷᠦᠭ ᠵᠢᠷᠤᠭ ᠪᠤᠯᠤᠨ ᠲᠠᠷᠨᠢ ᠶᠢᠨ ᠦᠰᠦᠭ ᠲᠠᠢ ᠬᠠᠳᠠᠭ ᠢ ᠲᠤᠷ᠎ᠠ ᠪᠠᠷ ᠭᠡᠷᠡᠭᠯᠡᠬᠦ᠂ ᠬᠠᠳᠠᠭ ᠢ ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠬᠤ ᠵᠡᠷᠬᠡ ᠨᠢ ᠪᠦᠷ ᠤᠯᠠᠮᠵᠢᠯᠠᠯᠳᠦ ᠶᠤᠰᠤᠨ ᠳᠤ ᠨᠡᠶᠢᠴᠡᠬᠦ ᠦᠬᠡᠢ ᠶᠤᠮ᠃ ᠮᠤᠩᠭᠤᠯᠴᠤᠳ ᠠᠮᠢ ᠦᠬᠡᠢ ᠱᠤᠭᠤᠮᠠᠯ ᠪᠤᠶᠤ ᠮᠤᠳᠤ ᠴᠢᠯᠠᠭᠤ ᠵᠠᠷᠬᠡ ᠠᠪᠴᠤ ᠪᠠᠷᠢᠬᠤ ᠮᠠᠳᠠᠷᠠᠯ ᠦᠬᠡᠢ ᠦᠬᠦᠮᠠᠯ ᠪᠤᠳᠠᠰ ᠲᠤ ᠬᠠᠳᠠᠭ ᠢ ᠡᠯᠬᠦᠵᠤ ᠲᠠᠯᠪᠢᠳᠠᠭ ᠤᠴᠢᠷ ᠠᠴᠠ ᠠᠮᠢᠳᠦ ᠬᠦᠮᠦᠨ ᠤ ᠬᠦᠵᠦᠬᠦᠨ ᠳᠤ ᠬᠠᠳᠠᠭ ᠵᠡᠬᠦᠯᠬᠡᠬᠦ ᠦᠬᠡᠢ᠃ ᠰᠢᠷ᠎ᠠ ᠦᠩᠭᠡ ᠶᠢᠨ ᠬᠠᠳᠠᠭ ᠢ ᠮᠦᠭᠦᠯ ᠤᠨ ᠦᠩᠭᠡ ᠶᠢᠨ ᠪᠡᠯᠭᠡᠳᠠᠯ ᠭᠡᠵᠤ ᠦᠵᠡᠭᠦ ᠪᠤᠯᠬᠤᠷ ᠤᠭᠳᠤᠭᠤᠯ᠂ ᠦᠳᠡᠭᠦᠯ᠂ ᠬᠤᠷᠢᠮ ᠨᠠᠶᠢᠷ ᠲᠡᠭᠡᠷ᠎ᠠ ᠭᠡᠷᠡᠭᠯᠡᠭᠦ ᠦᠬᠡᠢ᠃ ᠬᠠᠳᠠᠭ ᠢ ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠪᠠᠯ᠂ ᠲᠦᠬᠡᠷᠢᠵᠤ ᠲᠡᠨᠤᠭᠦ ᠪᠤᠶᠤ ᠪᠠᠶ᠎ᠠ ᠳᠤ ᠡᠪᠡᠳᠴᠢᠨ ᠲᠤᠰᠬᠤ᠂ ᠮᠠᠯ ᠬᠤᠢ ᠨᠢ ᠰᠠᠯᠵᠤ ᠰᠠᠷᠨᠢᠭᠠᠳ ᠤᠷᠤ ᠮᠦᠷ ᠨᠢ ᠲᠠᠰᠤᠷᠬᠤ᠂ ᠬᠠᠴᠢᠨ ᠵᠢᠭᠳᠡᠢ ᠭᠠᠢ ᠵᠤᠪᠠᠯᠠᠩ ᠡᠮᠬᠡᠭ ᠠᠳᠡ ᠡᠵᠠᠨ ᠦᠭᠡᠢ ᠬᠠᠳᠠᠭ ᠲᠤᠨᠢ ᠤᠷᠤᠰᠢᠵᠤ᠂ ᠠᠳᠡ ᠲᠦᠢᠤᠨᠬᠡᠷ ᠨᠢ ᠲᠡᠨᠤᠴᠢᠯᠡᠭᠦ ᠪᠠ ᠡᠵᠠᠨ ᠢᠶᠠᠨ ᠡᠷᠢᠳᠡᠭ ᠬᠡᠮᠡᠨ ᠨᠠᠰᠤᠳᠠᠳ ᠬᠠᠭᠤᠴᠢᠯᠠᠳᠠᠭ ᠶᠤᠮ᠃ ᠲᠡᠷᠡ ᠮᠦᠷᠳᠡᠬᠡᠨ ᠬᠠᠳᠠᠭ ᠪᠠᠷᠢᠬᠤ᠂ ᠭᠡᠷᠡᠭᠯᠡᠬᠦ ᠶᠤᠰᠦ ᠵᠠᠩᠰᠢᠯ ᠢ ᠮᠡᠳᠡᠬᠦ ᠦᠬᠡᠢ ᠲᠤᠷ᠎ᠠ ᠲᠠᠪᠠ ᠪᠠᠷ ᠭᠡᠷᠡᠭᠯᠡᠪᠡᠯ ᠦᠷ᠎ᠠ ᠬᠡᠣᠭᠡᠳ ᠨᠢ ᠶᠡᠭᠡᠴᠤᠳ ᠢᠶᠠᠨ ᠭᠦᠨᠳᠤᠯᠡᠭᠦ ᠦᠭᠡᠢ ᠪᠤᠶᠤ ᠡᠯᠪᠡᠷᠢᠯ ᠵᠢᠷᠤᠮ ᠦᠭᠡᠢ ᠪᠤᠯᠬᠤ᠂ ᠠᠮᠠᠯᠠᠯᠳᠠ ᠭᠢᠭᠰᠡᠨ ᠠᠮᠠᠨ ᠲᠠᠩᠭᠠᠷᠢᠭ ᠭᠦᠴᠤᠨ ᠦᠭᠡᠢ ᠪᠤᠯᠵᠤ᠂ ᠭᠦᠮᠤᠨ ᠭᠦᠮᠤᠨ ᠤ ᠬᠤᠭᠤᠷᠤᠨᠳᠤ ᠢᠳᠡᠬᠡᠯ ᠦᠭᠡᠢ ᠪᠤᠯᠳᠠᠭ ᠠᠵᠢ᠃       ᠬᠠᠳᠠᠭ ᠤᠨ ᠲᠦᠷᠤᠯ ᠵᠦᠢᠯ ᠪᠠ ᠨᠠᠷᠠᠶᠢᠳᠤᠯ
    ᠮᠤᠩᠭᠤᠯᠴᠤᠤᠨ ᠤᠨ ᠬᠠᠳᠠᠭ ᠤᠨ ᠬᠢᠴᠨ ᠪᠦᠳᠤᠴᠨ ᠠᠴᠠ ᠨᠢ ᠦᠵᠠᠬᠦ ᠳᠤ
ᠮᠢᠨᠳᠠᠰᠤᠨ ᠤᠳᠠᠰᠤ ᠪᠠᠷ ᠨᠡᠬᠡᠭᠰᠠᠨ ᠴᠠᠭᠠᠨ ᠪᠤᠶᠤ ᠴᠡᠩᠬᠡᠷ ᠬᠦᠬᠡ ᠦᠩᠬᠡ ᠶᠢᠨ ᠭᠬᠢᠪ ᠪᠤᠯᠤᠨ᠎ᠠ᠃ ᠲᠠᠬᠦᠨ ᠢ ︽ᠠᠯᠳᠠ ᠲᠤᠷᠭᠠᠨ ᠠᠮᠠᠠ ᠴᠠᠭᠠᠨ ᠬᠠᠳᠠᠭ︾᠂ ︽ᠬᠦᠬᠡ ᠲᠤᠷᠭᠠᠨ ᠡᠩᠳᠤ ᠬᠠᠳᠠᠭ︾᠂ ︽ᠰᠠᠭᠠᠯᠢ ᠶᠢᠨ ᠲᠠᠬᠡᠵᠢ ᠶᠢᠨ ᠰᠠᠮᠪᠠᠢ ᠬᠠᠳᠠᠭ︾ ᠬᠡᠵᠤ ᠬᠤᠪᠢᠶᠠᠵᠤ  ᠪᠤᠯᠤᠨ᠎ᠠ᠃
    ᠠᠷᠪᠠᠨ ᠭᠤᠷᠪᠠᠳᠤᠭᠠᠷ ᠵᠠᠭᠤᠨ ᠤ ᠰᠠᠬᠦᠯᠴᠢ ᠶᠢᠨ ᠦᠶ᠎ᠠ ᠪᠠᠷ
ᠮᠤᠩᠭᠤᠯᠴᠤᠤᠨ ᠤᠨ ᠬᠠᠳᠠᠭ ᠢ ᠫᠠᠭᠪᠠ ᠯᠠᠮᠠ ᠬᠠᠮᠤᠭ ᠠᠩᠬ᠎ᠠ ᠤᠳᠠᠭ᠎ᠠ ︵1265 ᠤᠨ ᠳᠤ︶ ᠲᠦᠪᠠᠤᠨ ᠤᠨ ᠴᠠᠰᠤᠳᠤ ᠤᠷᠤᠨ ᠤ ᠲᠠᠬᠡᠳᠤ ᠲᠠᠪᠬᠤᠷᠭᠠᠳᠠᠨ ᠤ ᠲᠤᠮᠳᠠ ᠲᠠᠯᠬᠡᠷᠠᠬᠦᠯᠦᠭᠰᠡᠨ ᠠᠴᠠ᠂ ᠮᠤᠩᠭᠤᠯᠴᠤᠤᠨ ᠤᠨ ︽ᠬᠠᠳᠠᠭ ᠠᠯᠴᠢᠭᠤᠷ ᠢᠶᠠᠷ ᠪᠠᠯᠡᠭ ᠦᠭᠬᠦ ᠶᠤᠰᠤᠨ︾ ᠨᠢ ᠲᠦᠪᠠᠤᠨ ᠦᠨᠳᠤᠰᠤᠳᠠᠨ ᠤ ᠲᠤᠮᠳᠠ ᠶᠡᠭᠡ ᠯᠠ ᠬᠦᠷᠢᠶᠠᠯᠠᠯ ᠤᠯᠵᠤ ᠬᠦᠭᠵᠢᠬᠡᠤᠨ ᠪᠤᠷᠬᠠᠨ ᠱᠠᠰᠢᠨ ᠤ ᠦᠩᠬᠡ ᠪᠤᠳᠤᠭ᠂ ᠤᠣᠠᠬ᠎ᠠ ᠠᠭᠤᠯᠭ᠎ᠠ ᠲᠠᠢ ᠪᠤᠯᠵᠤ᠂ 16 ᠳ᠋ᠤᠭᠠᠷ ᠵᠠᠭᠤᠨ ᠤ ᠰᠠᠬᠦᠯᠴᠢ ᠪᠠᠷ ᠰᠢᠷ᠎ᠠ ᠶᠢᠨ ᠱᠠᠰᠢᠨ ᠢ ᠲᠠᠭᠠᠨ ᠮᠤᠩᠭᠤᠯ ᠤᠷᠤᠨ ᠳᠤ ᠪᠤᠴᠠᠨ ᠢᠷᠠᠬᠦ ᠳᠤ ᠬᠠᠳᠠᠭ ᠬᠡᠷᠡᠭᠯᠠᠬᠦ ᠶᠤᠰᠤᠨ ᠨᠢ ᠨᠡᠯᠢᠶᠡᠳ ᠤᠨᠳᠤᠤ ᠪᠤᠯᠵᠠᠢ᠃ ᠲᠤᠬᠠᠢᠢᠯᠠᠪᠠᠯ ᠬᠠᠳᠠᠭ ᠨᠢ ︽ᠲᠠᠰᠢ︾ ︵daxi︶ ︵ᠲᠡᠭᠰᠢ ᠬᠡᠵᠤ ᠴᠤ ᠬᠡᠯᠠᠨ᠎ᠠ︶᠂ ︽ᠰᠤᠨᠤᠮ  ︵ ᠰᠤᠤᠨᠤᠮ︶  ︾᠂ ︽ᠠᠶᠤᠰᠢ︾᠂ ︽ᠸᠠᠩᠳᠠᠠ︾᠂ ︽ᠨᠠᠩᠴᠢᠤᠨ︾ ︵ᠨᠠᠩᠵᠢᠤᠨ ᠪᠤᠶᠤ ᠨᠠᠩᠽᠢᠤᠨ ᠬᠡᠵᠤ ᠪᠠᠰᠨ ᠬᠡᠯᠠᠨ᠎ᠠ︶ ᠬᠠᠳᠠᠭ ᠬᠡᠬᠦ ᠮᠠᠳᠤ ᠶᠢᠨ ᠰᠢᠨ᠎ᠠ ᠲᠤᠳᠤᠳᠬᠠᠯ ᠨᠠᠷᠠᠰ ᠲᠠᠢ ᠪᠤᠯᠤᠬᠰᠠᠨ ᠪᠠᠶᠢᠨ᠎ᠠ᠃ ᠡᠨᠡ ᠨᠢ ᠲᠠᠷᠤᠢ ︽ᠬᠠᠳᠠᠭ︾ ᠬᠡᠳᠡᠭ ᠨᠠᠷ᠎ᠠ ᠲᠠᠢ ᠮᠤᠩᠭᠤᠯ ᠬᠦᠤ ᠲᠦᠪᠠᠤᠨ ᠲᠤ ᠤᠴᠢᠨ ᠯᠠᠮᠠ ᠪᠤᠯᠵᠤ᠂ ︽ᠨᠢᠨᠳᠠᠷ︾ ᠬᠡᠳᠡᠭ ᠲᠦᠪᠠᠤᠨ ᠨᠠᠷ᠎ᠠ ᠠᠪᠴᠤ᠂ ᠬᠡᠷ ᠲᠡᠭᠡᠨ ᠬᠠᠷᠢᠵᠤ ᠢᠷᠡᠭᠰᠠᠨ ᠲᠠᠢ ᠠᠳᠠᠯᠢ ᠨᠢᠬᠡᠨ ᠤᠴᠢᠷ ᠶᠤᠮ᠃ ᠦᠬᠡᠷ᠎ᠠ ᠪᠠᠷ ᠬᠡᠯᠠᠪᠠᠯ᠂ ︽ᠬᠠᠳᠠᠭ︾ ᠬᠡᠳᠡᠭ ᠨᠠᠷ᠎ᠠ ᠦᠬᠡ ᠬᠢᠳᠠᠤᠨ ᠲᠦᠪᠠᠤᠨ ᠢᠵᠠᠭᠤᠷ ᠬᠡᠯᠠᠨ ᠳᠤ ᠪᠠᠶᠢᠬᠤ ᠦᠬᠡᠢ ᠪᠤᠯᠬᠤᠷ ᠲᠠᠳᠠᠨ ᠤ ᠬᠡᠯᠠᠨ ᠳᠤ ᠪᠠᠶᠢᠬᠤ ︽ᠡᠩᠳᠤ︾ ᠪᠤᠶᠤ ︽ᠠᠯᠴᠢᠭᠤᠷ︾ ᠬᠡᠬᠦ ᠬᠠᠳᠠᠭ ᠲᠠᠢ ᠤᠶᠢᠷᠠᠯᠴᠠᠭ᠎ᠠ ᠤᠣᠠᠬ᠎ᠠ ᠪᠦ᠋ᠬᠦᠢ ︽ᠨᠢᠨᠳᠠᠷ︾ ᠬᠡᠬᠦ ᠨᠠᠷ᠎ᠠ ᠠᠪᠤᠭᠠᠤᠨ ᠨᠤᠳᠤᠭ ᠲᠠᠭᠠᠨ ᠪᠤᠴᠠᠵᠤ ᠢᠷᠠᠬᠦ ᠳᠤᠨᠢ ᠮᠤᠩᠭᠤᠯ ᠬᠦᠤ ᠪᠠᠨ ᠵᠠᠷᠢᠮ ᠬᠦᠮᠤᠨ ᠲᠦᠪᠠᠤᠨ ᠤᠨ ᠬᠦᠤ ᠪᠤᠯᠭᠠᠨ ᠠᠳᠠᠬᠦᠷᠠᠵᠠᠢ᠃
   
ᠬᠠᠳᠠᠭ ᠬᠡᠷᠡᠭᠯᠠᠬᠦ ᠶᠤᠰᠤ ᠵᠠᠩᠰᠢᠯ
    ᠮᠤᠩᠭᠤᠯᠴᠤᠤᠨ ︽ᠢᠳᠠᠬᠡᠨ ᠤ ᠲᠠᠬᠡᠵᠢ ᠡᠯᠢᠬᠡᠨ ᠴᠠᠭᠠᠨ ᠲᠠᠷᠠᠭ᠂ ᠡᠳ᠋ ᠤᠨ ᠲᠠᠬᠡᠵᠢ ᠡᠷᠳᠠᠨᠢ ᠶᠢᠨ ᠴᠠᠭᠠᠨ
ᠬᠠᠳᠠᠭ︾ ᠬᠡᠵᠤ ᠲᠦᠷᠤ ᠶᠢᠨ ᠶᠤᠰᠤᠯᠠᠯ ᠠᠴᠠ ᠠᠪᠤᠭᠠᠤᠨ ᠬᠤᠷᠢᠮ ᠨᠠᠶᠢᠷ ᠲᠤ ᠪᠦᠷ ᠬᠠᠳᠠᠭ ᠢ ᠲᠠᠬᠡᠳᠤᠯᠠᠨ ᠬᠡᠷᠡᠭᠯᠠᠳᠡᠭ ᠶᠤᠮ᠃ ᠡᠨᠠᠬᠦ ᠤᠷᠳᠤ ᠤᠳᠠᠭᠠᠨ ᠲᠠᠤᠬᠡ ᠶᠢᠨ ᠶᠠᠪᠤᠴᠨ ᠳᠤ ᠠᠶᠠᠨᠳᠠᠭᠠᠨ ᠲᠤᠭᠳᠠᠭᠰᠠᠨ ᠬᠦᠷᠢᠶ᠎ᠠ ᠬᠡᠪᠴᠢᠶ᠎ᠠ ᠶᠤᠰᠤ ᠭᠤᠷᠢᠮ ᠪᠤᠢ ᠪᠤᠯᠵᠤ᠂ ᠬᠡᠯᠪᠡᠷᠢᠵᠢᠨ ᠲᠤᠭᠳᠠᠭᠰᠠᠨ ᠪᠠᠶᠢᠳᠠᠭ᠃
    ᠬᠠᠳᠠᠭ ᠪᠠᠷᠢᠬᠤ ᠶᠤᠰᠤᠨ
    ︽ᠠᠯᠳᠠ ᠴᠠᠭᠠᠨ ᠠᠮᠠᠨ
ᠬᠠᠳᠠᠭ︾᠂ ︽ᠬᠦᠬᠡ ᠲᠤᠷᠭᠠᠨ ᠡᠩᠳᠤ ᠬᠠᠳᠠᠭ︾ ᠬᠡᠳᠡᠭ ᠢ ᠤᠯᠠᠩᠬᠢ ᠳᠠᠭᠠᠨ ᠭᠤᠷᠪᠠᠨ ᠠᠮᠨ ᠬᠠᠭᠠᠰ ᠤᠷᠳᠤ ᠤᠶᠢᠯᠠᠤᠨᠴᠤ᠂ ᠠᠬᠠᠮᠠᠤᠨ ᠨᠠᠰᠤᠳᠠᠨ ᠲᠤᠮᠤᠭᠠᠳᠠᠨ᠂ ᠬᠦᠨᠳᠤᠳᠤ ᠵᠤᠴᠢᠤᠨ ᠢᠶᠠᠨ ᠤᠭᠳᠤᠵᠤ᠂ ᠦᠳᠠᠬᠦ᠂ ᠨᠠᠰᠤᠨ ᠪᠠᠶᠠᠷ᠂ ᠬᠤᠷᠢᠮ ᠨᠠᠶᠢᠷ᠂ ᠰᠢᠨ᠎ᠠ ᠶᠢᠨ ᠵᠤᠯᠭᠠᠯᠳᠠ ᠳᠤ ᠬᠡᠷᠡᠭᠯᠠᠨ᠎ᠠ᠃ ᠡᠬᠦᠨ ᠢ ᠬᠠᠳᠠᠭ ᠪᠠᠷᠢᠬᠤ ᠶᠤᠰᠤ ᠬᠡᠨ᠎ᠠ᠃
    ᠬᠠᠳᠠᠭ ᠲᠠᠳᠠᠬᠤ ᠶᠤᠰᠤᠨ
    ᠬᠠᠳᠠᠭ
ᠲᠠᠳᠠᠬᠤ ᠶᠤᠰᠤᠨ ᠢ ᠪᠠᠰᠨ ︽ᠠᠮᠠᠨ ᠬᠠᠳᠠᠭ ᠲᠠᠯᠪᠢᠬᠤ ᠶᠤᠰᠤᠨ︾ ᠬᠡᠨ᠎ᠠ᠃ ᠡᠨᠡ ᠨᠢ ᠲᠠᠷᠤᠢ ᠡᠮᠴᠢ᠂ ᠲᠤᠮᠴᠢ᠂ ᠵᠠᠭᠤᠴᠢ᠂ ᠬᠡᠯᠠᠮᠤᠷᠴᠢ᠂ ᠬᠦᠭᠵᠢᠮᠴᠢ᠂ ᠢᠷᠤᠬᠡᠯᠴᠢ᠂ ᠬᠤᠷᠢᠮ ᠤᠨ ᠬᠤᠨᠵᠢᠨ ᠵᠠᠯᠠᠬᠤ ᠪᠠ ᠲᠦᠯᠬᠡ ᠦᠵᠠᠬᠦᠯᠬᠦ᠂ ᠡᠳᠤᠷ ᠦᠵᠠᠬᠦᠯᠬᠦ᠂ ᠴᠢᠨᠳᠠᠷ ᠤᠷᠤᠰᠢᠭᠤᠯᠬᠤ ᠵᠢᠴᠢ ᠤᠷᠤᠭ ᠲᠤᠭᠳᠠᠬᠤ ᠳᠤ ᠠᠮᠠᠨ ᠬᠠᠳᠠᠭ ᠲᠠᠯᠪᠢᠳᠠᠭ᠃ ᠡᠬᠦᠨ ᠳᠤ ᠰᠠᠭᠠᠯᠢ ᠶᠢᠨ ᠲᠠᠬᠢᠯ᠂ ᠰᠠᠮᠪᠠᠢ ᠬᠠᠳᠠᠭ ᠲᠠᠳᠠᠵᠤ᠂ ᠬᠡᠷ᠎ᠠ ᠪᠤᠯᠵᠤᠭ᠎ᠠ ᠶᠢᠨ ᠴᠢᠨᠠᠷ ᠲᠠᠢ ᠰᠠᠨᠠᠯ ᠨᠢᠬᠡᠤᠨᠴᠤ᠂ ᠤᠷᠢᠭᠰᠠᠨ ᠪᠠ ᠤᠷᠢᠭᠳᠠᠭᠰᠠᠨ ᠬᠤᠶᠠᠷ ᠡᠳᠠᠬᠡᠤᠨ ᠪᠦᠷ ᠵᠦᠪᠰᠢᠶᠠᠷᠠᠯᠴᠡᠭᠰᠠᠨ ᠤ ᠬᠦᠢᠴᠡᠤᠨᠬᠡᠯ ᠪᠤᠯᠳᠠᠭ᠃ ᠬᠡᠷᠪᠠ ᠤᠷᠢᠭᠳᠠᠭᠴᠢ ᠡᠳᠠᠬᠡᠤᠨ ᠤᠷᠢᠭᠴᠢ ᠶᠢᠨ ᠰᠠᠨᠠᠯ ᠢ ᠦᠯᠤ ᠵᠦᠪᠰᠢᠶᠠᠷᠠᠪᠠᠯ᠂ ᠬᠠᠳᠠᠭ ᠢ ᠨᠢ ᠬᠦᠯᠢᠶᠠᠨ ᠠᠪᠳᠠᠭ ᠦᠬᠡᠢ᠃ ᠤᠷᠢᠭᠳᠠᠭᠴᠢ ᠡᠳᠠᠬᠡᠤᠨ ᠤᠷᠢᠯᠭ᠎ᠠ ᠶᠢᠨ ᠬᠠᠳᠠᠭ ᠢ ᠬᠦᠯᠢᠶᠠᠨ ᠠᠪᠤᠪᠠᠯ᠂ ᠡᠩ ᠤᠨ ᠪᠠᠶᠢᠳᠠᠯ ᠲᠤᠤᠷ᠎ᠠ ᠪᠤᠴᠠᠭᠠᠵᠤ ᠪᠤᠯᠳᠠᠭ ᠦᠬᠡᠢ᠃ ᠤᠨᠴᠠᠭᠠᠢ ᠤᠴᠢᠷ ᠶᠠᠪᠤᠳᠠᠯ ᠲᠤᠬᠢᠶᠠᠯᠳᠤᠪᠠᠯ᠂ ᠤᠴᠢᠷ ᠰᠢᠯᠳᠠᠭᠠᠨ ᠢᠶᠠᠨ ᠲᠤᠳᠤᠷᠬᠠᠶᠢᠯᠠᠵᠤ ᠬᠠᠳᠠᠭ ᠢ ᠨᠢ ᠪᠤᠴᠠᠭᠠᠳᠠᠭ᠃ ᠡᠬᠦᠨ ᠠᠴᠠ ᠭᠠᠳᠠᠨ᠎ᠠ᠂ ᠪᠠᠰᠨ ᠤᠰᠤᠯ ᠪᠤᠷᠤᠭᠤ ᠭᠠᠷᠭᠠᠭᠰᠠᠨ ᠪᠤᠯ᠂ ᠤᠰᠤᠯᠳᠠᠬᠰᠠᠨ ᠡᠳᠠᠬᠡᠤᠨ ᠲᠡᠭᠡᠨ ᠬᠠᠳᠠᠭ ᠲᠠᠳᠠᠵᠤ᠂ ᠪᠤᠷᠤᠭᠤ ᠬᠦᠯᠢᠶᠠᠵᠤ᠂ ︽ᠪᠤᠷᠤᠭᠤ ᠲᠤᠯᠤᠭᠠᠢ︾ ᠮᠦᠷᠬᠦᠨ᠎ᠠ᠃ ᠮᠤᠩᠭᠤᠯᠴᠤᠤᠨ ᠤᠨ ︽ᠬᠠᠳᠠᠭ ᠲᠠᠳᠠᠵᠤ ᠪᠤᠷᠤᠭᠤ ᠲᠤᠯᠤᠭᠠᠢ ᠮᠦᠷᠬᠦᠬᠦ ᠶᠤᠰᠤ︾ ᠪᠤᠯ ᠬᠠᠮᠤᠭ ᠤᠨ ᠶᠡᠭᠡ ᠬᠦᠨᠳᠤ ᠬᠡᠴᠠᠬᠦᠤ ᠤᠰᠤᠯ ᠪᠤᠷᠤᠭᠤ ᠬᠦᠯᠢᠶᠠᠵᠤ ᠪᠠᠶᠢᠭ᠎ᠠ ᠶᠢᠨ ᠢᠯᠠᠷᠠᠯ ᠮᠦᠨ᠃ ᠡᠨᠡ ᠬᠦ ᠶᠤᠰᠤ ᠶᠢ ᠮᠤᠩᠭᠤᠯᠴᠤᠤᠨ ᠨᠠᠶᠢᠳᠠᠮ ᠳᠡᠭᠡᠨ ︽ᠬᠠᠳᠠᠭ ᠲᠠᠳᠠᠬᠤ ᠶᠤᠰᠤᠨ︾ ᠬᠡᠬᠦ ᠪᠤᠶᠤ ︽ᠠᠮᠠᠨ ᠬᠠᠳᠠᠭ ᠲᠠᠯᠪᠢᠬᠤ ᠶᠤᠰᠤᠨ︾ ᠬᠡᠨ᠎ᠠ᠃
    ᠰᠢᠷ᠎ᠠ ᠶᠢᠨ ᠱᠠᠰᠢᠨ ᠤ ᠨᠦᠯᠦᠬᠡᠨ ᠳᠠᠬᠢ ᠬᠠᠳᠠᠭ ᠬᠡᠷᠡᠭᠯᠠᠬᠦ ᠶᠤᠰᠤᠨ
    ᠮᠤᠩᠭᠤᠯᠴᠤᠤᠨ ᠤᠨ ᠬᠠᠳᠠᠭ ᠤᠨ
ᠰᠤᠶᠤᠯ ᠨᠢ 13 ᠳ᠋ᠤᠭᠠᠷ ᠵᠠᠭᠤᠨ ᠤ ᠰᠠᠬᠦᠯᠴᠢ ᠪᠠᠷ ᠲᠦᠪᠠᠤᠨ ᠤᠨ ᠴᠠᠰᠤᠳᠤ ᠤᠷᠤᠨ ᠳᠤ ᠤᠷᠤᠭᠠᠤᠨ 16 ᠳ᠋ᠤᠭᠠᠷ ᠵᠠᠭᠤᠨ ᠤ ᠰᠠᠬᠦᠯᠴᠢ ᠪᠠᠷ ᠰᠢᠷ᠎ᠠ ᠶᠢᠨ ᠱᠠᠰᠢᠨ ᠢ ᠲᠠᠭᠠᠵᠤ ᠤᠣᠯ ᠨᠤᠳᠤᠭ ᠲᠠᠭᠠᠨ ᠪᠤᠴᠠᠵᠤ ᠢᠷᠠᠬᠦ ᠳᠤ ᠨᠢᠬᠡᠨᠳᠠ ᠭᠤᠷᠪᠠᠨ ᠵᠠᠭᠤ ᠤᠷᠴᠢᠮ ᠵᠢᠯ ᠤᠨ ᠲᠠᠤᠬᠡ ᠶᠢᠨ ᠠᠶᠠᠨ ᠢ ᠲᠤᠭᠤᠯᠵᠤ ᠤᠣᠠᠬ᠎ᠠ ᠠᠭᠤᠯᠭ᠎ᠠ᠂ ᠲᠦᠷᠤᠯ ᠵᠦᠢᠯ ᠤᠨ ᠲᠠᠯ᠎ᠠ ᠪᠠᠷ ᠨᠠᠯᠢᠶᠠᠤᠨ ᠬᠤᠪᠢᠷᠠᠯᠳᠠ ᠭᠠᠷᠴᠤ᠂ ᠬᠡᠷᠡᠭᠯᠠᠬᠦ ᠬᠡᠷᠡᠭᠴᠡᠭᠡ ᠪᠠᠨ ᠲᠠᠭᠠᠵᠤ᠂ ︽ᠠᠶᠤᠰᠢ︾ ᠬᠠᠳᠠᠭ᠂ ︽ᠰᠤᠨᠤᠮ︾ ᠬᠠᠳᠠᠭ᠂ ︽ᠸᠠᠩᠳᠠᠨ︾ ᠬᠠᠳᠠᠭ᠂ ︽ᠨᠠᠩᠴᠢᠤᠨ︾ ᠬᠠᠳᠠᠭ᠂ ︽ᠲᠠᠰᠢ︾ ᠬᠠᠳᠠᠭ ᠬᠡᠬᠦ ᠮᠠᠳᠤ ᠨᠠᠷᠠᠶᠢᠳᠤᠯ ᠲᠠᠢ ᠪᠤᠯᠵᠠᠢ᠃ ᠡᠳᠠᠬᠡᠷ ᠬᠠᠳᠠᠭ ᠤᠳ ᠢ ᠪᠦᠷ ᠠᠳᠠᠯᠢ ᠪᠤᠰᠤ ᠤᠣᠠᠬ᠎ᠠ ᠠᠭᠤᠯᠬ᠎ᠠ ᠪᠠᠷ ᠬᠡᠷᠡᠭᠯᠠᠳᠡᠭ ᠪᠠᠶᠢᠨ᠎ᠠ᠃ ︽ᠠᠶᠤᠰᠢ︾ ᠬᠠᠳᠠᠭ ᠬᠡᠳᠡᠭ ᠨᠢ ᠨᠠᠰᠤᠨ ᠦᠯᠵᠠᠢ ᠪᠠᠯᠡᠭᠯᠠᠵᠤ᠂ ᠨᠠᠰᠤᠨ ᠪᠠᠶᠠᠷ ᠤᠨ ᠢᠷᠤᠬᠡᠯ ᠲᠠᠭᠠᠤᠨᠬᠠᠯ ᠬᠢᠬᠦ ᠳᠤ ᠪᠠᠷᠢᠬᠤ ᠬᠦᠬᠡ ᠴᠠᠭᠠᠨ ᠦᠩᠬᠡ ᠶᠢᠨ ᠬᠠᠳᠠᠭ ᠢ ᠵᠢᠭᠠᠳᠠᠭ᠃
    ︽ᠰᠤᠨᠤᠮ︾
ᠬᠠᠳᠠᠭ ᠭᠡᠳᠡᠭ ᠨᠢ ᠪᠤᠶᠠᠨ ᠬᠡᠰᠢᠭ ᠲᠠᠭᠤᠳᠠᠬᠤ᠂ ᠲᠠᠯᠠᠯᠭ᠎ᠠ ᠠᠪᠬᠤ ᠳᠤ ᠬᠡᠷᠡᠭᠯᠠᠬᠦ ᠬᠦᠬᠡ᠂ ᠴᠠᠭᠠᠨ ᠦᠩᠬᠡ ᠶᠢᠨ ᠬᠠᠳᠠᠭ ᠢ ᠵᠢᠭᠠᠳᠠᠭ᠃
    ︽ᠸᠠᠩᠳᠠᠨ︾ ᠬᠠᠳᠠᠭ ᠬᠡᠳᠡᠭ ᠢ ᠲᠦᠷᠤ ᠬᠦᠷᠤᠨ ᠤ ᠡᠷᠬᠡ ᠪᠦᠷᠢᠨ᠂ ᠵᠠᠰᠠᠭ ᠬᠤᠷᠴᠨ ᠶᠢ ᠪᠠᠯᠬᠡᠳᠠᠵᠤ ᠪᠠᠷᠢᠬᠤ
ᠴᠠᠭᠠᠨ ᠦᠩᠬᠡ ᠶᠢᠨ ᠤᠷᠳᠤ ᠬᠠᠳᠠᠭ ᠢ ᠵᠢᠭᠠᠨ᠎ᠠ᠃
    ︽ᠨᠠᠩᠴᠢᠤᠨ︾ ᠬᠠᠳᠠᠭ ᠬᠡᠳᠡᠭ ᠨᠢ ᠭᠤᠤᠯᠳᠠᠭᠤ
ᠲᠤᠳᠤᠭᠠᠳᠤ ᠲᠠᠬᠢᠯᠭ᠎ᠠ ᠳᠤ ᠬᠡᠷᠡᠭᠯᠠᠬᠦ ᠰᠢᠷ᠎ᠠ ᠦᠩᠬᠡ ᠶᠢᠨ ᠰᠠᠮᠪᠠᠢ ᠬᠠᠳᠠᠭ ᠪᠤᠯᠤᠨ᠎ᠠ᠃ ᠠᠷᠢᠬᠢ ᠰᠠᠷᠬᠤᠤᠨ ᠤᠨ ᠬᠠᠮᠳᠤ ᠳᠤᠨᠢ ᠲᠤᠳᠤᠭᠠᠳᠤ ᠲᠠᠬᠢᠯᠭ᠎ᠠ ᠳᠤ ᠬᠡᠷᠡᠭᠯᠠᠳᠡᠭ ᠪᠤᠯᠬᠤᠷ ︽ᠨᠠᠩᠴᠢᠤᠨ︾ ᠬᠠᠳᠠᠭ ᠡᠷᠬᠦᠬᠦ ᠬᠡᠵᠤ ᠨᠠᠷᠠᠯᠠᠬᠦ ᠪᠤᠯᠵᠠᠢ᠃
    ︽ᠲᠠᠰᠢ︾ ᠬᠠᠳᠠᠭ ᠢ ᠪᠠᠰᠨ ︽ᠲᠡᠭᠰᠢ︾ ᠬᠠᠳᠠᠭ ᠬᠡᠵᠤ ᠨᠠᠷᠠᠯᠠᠳᠡᠭ ᠴᠤ ᠪᠤᠢ᠃
ᠲᠠᠰᠢ ᠬᠠᠳᠠᠭ ᠨᠢ ᠭᠤᠤᠯᠳᠠᠭᠤ ᠬᠦᠬᠡ᠂ ᠴᠠᠭᠠᠨ ᠦᠩᠬᠡ ᠶᠢᠨ ᠰᠠᠮᠪᠠᠢ ᠶᠢ ᠵᠢᠭᠠᠵᠦ᠂ ᠶᠤᠰᠤᠯᠠᠯ ᠤᠨ ᠲᠤᠭ᠎ᠠ ᠬᠦᠢᠴᠠᠤᠨᠬᠡᠯ ᠤᠨ ᠴᠢᠨᠠᠷ ᠲᠠᠢ ᠲᠠᠬᠢᠯᠭ᠎ᠠ ᠪᠤᠶᠤ ᠪᠠᠯᠡᠭ ᠰᠠᠯᠳᠠ ᠶᠢᠨ ᠲᠤᠭ᠎ᠠ ᠬᠦᠢᠴᠠᠤᠨᠬᠡᠵᠤ ᠪᠦᠷᠢᠯᠳᠤᠬᠦᠯᠬᠦ ᠳᠤ ᠬᠡᠷᠡᠭᠯᠠᠨ᠎ᠠ᠃ ᠪᠠᠰᠠ ᠲᠠᠪᠤᠨ ᠬᠤᠰᠢᠭᠤ ᠮᠠᠯ ᠢ ᠤᠩᠭᠤᠯᠠᠵᠤ᠂ ᠰᠠᠳᠠᠷᠯᠠᠬᠦ ᠳᠤ ᠭᠡᠷᠡᠭᠯᠡᠳᠡᠭ᠃
    ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠠᠬᠦ ᠴᠠᠬᠡᠷ
ᠶᠤᠰᠤᠨ
    ᠪᠤᠷᠬᠠᠨ ᠤ ᠮᠤᠳᠤᠷ ᠪᠤᠶᠤ ᠬᠡᠬᠡᠨ ᠬᠤᠳᠤᠭᠳᠠᠨ ᠤ ᠮᠤᠳᠤᠷ ᠢᠶᠠᠷ ᠠᠳᠢᠰᠯᠠᠭᠰᠠᠨ ᠬᠠᠳᠠᠭ᠂ ᠲᠠᠯᠠᠯᠭ᠎ᠠ ᠶᠢᠨ ᠰᠤᠮᠤᠨ ᠳᠤ ᠤᠶᠠᠭᠰᠠᠨ
ᠬᠠᠳᠠᠭ᠂ ᠲᠦᠷᠤ ᠶᠢᠨ ᠠᠯ ᠲᠠᠮᠠᠭᠠᠳᠤ ᠪᠢᠴᠢᠬᠡᠰᠤ ᠲᠠᠢ ᠬᠠᠳᠠᠭ ᠢ ᠮᠤᠩᠭᠤᠯᠴᠤᠤᠨ ᠲᠤᠷᠠᠰᠬᠠᠯ ᠪᠤᠯᠭᠠᠨ ᠬᠠᠳᠠᠭᠠᠯᠠᠬᠤ ᠵᠠᠩᠰᠢᠯ ᠪᠤᠢ᠃
   
ᠮᠤᠩᠭᠤᠯᠴᠤᠤᠨ ︽ᠡᠳ᠋ ᠤᠨ ᠲᠡᠬᠡᠵᠢ ᠡᠷᠳᠠᠨᠢ ᠶᠢᠨ ᠴᠠᠭᠠᠨ ᠬᠠᠳᠠᠭ︾ ᠬᠡᠵᠤ ᠦᠵᠠᠳᠡᠭ ᠪᠤᠯᠬᠤᠷ ᠬᠠᠳᠠᠭ ᠢ ᠴᠠᠪᠠᠷ ᠰᠠᠶᠢᠬᠠᠨ ᠤᠷᠤᠨ ᠪᠠᠶᠢᠷᠢᠨ ᠳᠤ ᠬᠦᠨᠳᠤᠤᠨᠬᠡᠨ ᠬᠠᠳᠠᠭᠠᠯᠠᠳᠠᠭ ᠶᠤᠮ᠃ ᠮᠦᠨᠴᠤ ᠪᠠᠰᠨ ᠪᠠᠶ᠎ᠠ ᠳᠡᠭᠡᠨ ᠠᠪᠴᠤ ᠶᠠᠪᠤᠬᠤ ᠳᠤ ᠡᠷᠡᠭᠳᠠᠶᠢᠴᠤᠤᠨ ᠨᠢ ᠬᠦᠬᠦᠷ ᠲᠠᠯᠢᠩ ᠳᠠᠭᠠᠨ ᠬᠢᠬᠦ ᠪᠤᠶᠤ ᠵᠠᠬᠦᠨ ᠰᠦᠪᠡᠭᠡ ᠶᠢᠨ ᠪᠦᠰᠨ ᠳᠡᠭᠡᠨ ᠬᠠᠪᠴᠢᠭᠤᠯᠳᠠᠭ᠃ ᠡᠮᠡᠭᠳᠠᠶᠢᠴᠤᠤᠨ ᠨᠢ ᠡᠪᠤᠷᠯᠠᠬᠦ ᠪᠤᠶᠤ ᠬᠦᠬᠦᠷ ᠤᠨ ᠬᠡᠳᠠᠪᠴᠢ ︵ᠬᠠᠪᠳᠠᠭ᠎ᠠ︶ ᠲᠠᠢ ᠪᠠᠨ ᠬᠠᠮᠳᠤ ᠡᠩᠬᠡᠷ ᠲᠡᠭᠡᠨ ᠵᠠᠬᠦᠳᠡᠭ ᠵᠠᠩᠰᠢᠯ ᠲᠠᠢ ᠶᠤᠮ᠃
    ᠬᠠᠳᠠᠭ ᠤᠨ ᠠᠮᠨ ᠶᠢ ᠲᠠᠯᠬᠡᠵᠤ ᠪᠠᠷᠢᠬᠤ ᠶᠢ ᠴᠠᠬᠡᠷᠯᠠᠨ᠎ᠠ︔ ᠬᠠᠳᠠᠭ ᠤᠨ ᠠᠮᠨ ᠶᠢ ᠪᠤᠷᠤᠭᠤ ᠬᠠᠨᠳᠤᠭᠤᠯᠵᠤ ᠪᠠᠷᠢᠬᠤ ᠶᠢ ᠴᠠᠬᠡᠷᠯᠠᠨ᠎ᠠ︔
ᠠᠮᠢᠳᠤ ᠬᠦᠮᠤᠨ ᠬᠠᠳᠠᠭ ᠢᠶᠠᠷ ᠨᠢᠭᠤᠷ ᠢᠶᠠᠨ ᠪᠦᠳᠡᠬᠡᠬᠦ ᠶᠢ  ᠴᠠᠬᠡᠷᠯᠠᠨ᠎ᠠ᠃ ᠬᠠᠳᠠᠭ ᠢ ᠠᠮᠢᠳᠤ ᠬᠦᠮᠤᠨ ᠤ ᠬᠦᠵᠤᠬᠦᠨ ᠳᠤ ᠡᠯᠬᠦᠬᠦ᠂ ᠵᠠᠬᠦᠯᠬᠡᠬᠦ ᠶᠢ ᠴᠠᠬᠡᠷᠯᠠᠨ᠎ᠠ᠃ ᠤᠴᠢᠷ ᠨᠢ ᠮᠤᠩᠭᠤᠯ ᠬᠦᠮᠤᠨ ᠠᠮᠢ ᠦᠬᠡᠢ ᠱᠤᠭᠤᠮᠠᠯ ᠪᠤᠶᠤ ᠮᠤᠳᠤ ᠴᠢᠯᠠᠭᠤ ᠵᠠᠷᠬᠡ ᠠᠪᠴᠤ ᠪᠠᠷᠢᠬᠤ ᠮᠠᠳᠠᠷᠠᠯ ᠦᠬᠡᠢ ᠦᠬᠦᠮᠠᠯ ᠪᠤᠳᠠᠰ ᠲᠤ ᠬᠠᠳᠠᠭ ᠢ ᠡᠯᠬᠦᠵᠤ ᠲᠠᠯᠪᠢᠳᠠᠭ᠃ ᠠᠮᠢᠳᠤ ᠬᠦᠮᠤᠨ ᠳᠤ ᠡᠷᠬᠡᠪᠰᠢ ᠭᠠᠷ ᠲᠤᠨᠢ ᠪᠠᠷᠢᠭᠤᠯᠬᠤ ᠬᠡᠷᠡᠭᠳᠠᠢ᠂ ᠦᠬᠡᠢ ᠪᠤᠯ ᠠᠮᠢᠳᠤ ᠬᠦᠮᠤᠨ ᠢ ᠦᠬᠦᠮᠠᠯ ᠢᠶᠠᠷ ᠦᠵᠠᠵᠤ ᠲᠤᠷᠤᠮᠵᠢᠯᠠᠭᠰᠠᠨ ᠪᠠᠯᠬᠡ ᠲᠠᠮᠪᠠᠷᠢᠯ ᠦᠬᠡᠢ ᠶᠠᠪᠤᠳᠠᠯ ᠪᠤᠯᠤᠨ᠎ᠠ︔ ᠰᠢᠷ᠎ᠠ ᠦᠩᠬᠡ ᠶᠢᠨ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠬᠦᠯ᠂ ᠨᠠᠰᠤᠨ ᠪᠠᠶᠠᠷ ᠲᠤ ᠬᠡᠷᠡᠭᠯᠠᠬᠦ ᠶᠢ ᠴᠠᠬᠡᠷᠯᠠᠨ᠎ᠠ᠃ ᠤᠴᠢᠷ ᠨᠢ ᠰᠢᠷ᠎ᠠ ᠦᠩᠬᠡ ᠶᠢ ᠮᠤᠩᠭᠤᠯ ᠬᠦᠮᠤᠨ ᠮᠦᠬᠦᠯ ᠤᠨ ᠪᠠᠯᠬᠡᠳᠤ ᠦᠩᠬᠡ ᠪᠠᠷ ᠦᠵᠠᠳᠡᠭ︔ ᠪᠤᠷᠬᠠᠨ ᠤ ᠬᠦᠷᠤᠭ᠌ ᠵᠢᠷᠤᠭ ᠲᠠᠢ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠬᠦᠯ᠂ ᠨᠠᠰᠤᠨ ᠪᠠᠶᠠᠷ ᠲᠤ ᠬᠡᠷᠡᠭᠯᠠᠬᠦ ᠶᠢ  ᠴᠠᠬᠡᠷᠯᠠᠨ᠎ᠠ᠃ ᠤᠴᠢᠷ ᠨᠢ ᠪᠤᠷᠬᠠᠨ ᠢᠶᠠᠷ ᠬᠦᠮᠤᠨ ᠢ ᠤᠭᠳᠤᠵᠤ ᠦᠳᠠᠬᠦᠯᠬᠦ ᠠᠵᠢᠯᠯᠠᠭ᠎ᠠ ᠪᠤᠯ ᠵᠦᠢ ᠪᠤᠰᠤ ᠠᠵᠢᠯᠯᠠᠭ᠎ᠠ ᠬᠡᠵᠤ ᠦᠵᠠᠳᠡᠭ︔ ᠬᠠᠳᠠᠭ ᠢ ᠬᠠᠮᠢᠶ᠎ᠠ ᠨᠠᠮᠢᠶ᠎ᠠ ᠦᠬᠡᠢ ᠲᠠᠬᠡᠷ᠎ᠠ ᠲᠤᠤᠷ᠎ᠠ ᠬᠦᠳᠡᠭᠡ ᠭᠠᠳᠠᠭ᠎ᠠ ᠳᠤ ᠠᠰᠠᠭᠠᠭᠴᠢᠯᠠᠨ ᠬᠠᠶᠠᠬᠤ ᠶᠢ ᠴᠠᠬᠡᠷᠯᠠᠨ᠎ᠠ︔ ᠬᠠᠳᠠᠭ ᠢ ᠪᠤᠵᠠᠷᠯᠠᠬᠤ ᠪᠤᠶᠤ ᠪᠤᠵᠠᠷ ᠬᠠᠳᠠᠭ ᠬᠡᠷᠡᠭᠯᠠᠬᠦ ᠶᠢ ᠴᠠᠬᠡᠷᠯᠠᠨ᠎ᠠ︔ ᠬᠦᠨᠳᠤ ᠬᠦᠩᠬᠡᠨ ᠤ ᠢᠯᠭᠠᠯ ᠦᠬᠡᠢ ᠬᠠᠳᠠᠭ ᠲᠠᠳᠠᠬᠤ ᠪᠤᠶᠤ ᠪᠠᠷᠢᠬᠤ ᠶᠢ  ᠴᠠᠬᠡᠷᠯᠠᠨ᠎ᠠ᠃ ᠤᠴᠢᠷ ᠨᠢ ᠬᠠᠳᠠᠭ ᠲᠠᠳᠠᠬᠤ ᠨᠢ ᠠᠮᠠᠯᠠᠯᠳᠠ ᠬᠢᠵᠤ ᠠᠮᠠᠨ ᠲᠠᠩᠭᠠᠷᠢᠭ ᠲᠠᠯᠪᠢᠭᠰᠠᠨ ᠳᠤ ᠲᠤᠭᠠᠴᠢᠭᠳᠠᠨ᠎ᠠ︔ ᠬᠠᠳᠠᠭ ᠢ ᠲᠠᠪᠬᠤᠷᠯᠠᠨ ᠪᠠᠷᠢᠬᠤ ᠶᠢ ᠴᠠᠬᠡᠷᠯᠠᠨ᠎ᠠ︔ ᠬᠠᠳᠠᠭ ᠢ ᠡᠵᠠᠨ ᠡᠰᠢ ᠦᠬᠡᠢ ᠠᠳᠡ ᠲᠠᠨᠳᠠ ᠬᠠᠮᠢᠶ᠎ᠠ ᠨᠠᠮᠢᠶ᠎ᠠ ᠦᠬᠡᠢ ᠬᠠᠶᠠᠬᠤ ᠶᠢ ᠴᠠᠬᠡᠷᠯᠠᠨ᠎ᠠ᠃ ᠤᠴᠢᠷ ᠨᠢ ᠬᠠᠳᠠᠭ ᠢ ᠬᠦᠯᠢᠶᠠᠬᠦ ᠡᠵᠠᠨ ᠦᠬᠡᠢ ᠪᠤᠯ ᠠᠳᠠ ᠪᠤᠭ ᠤᠷᠤᠰᠢᠵᠤ ᠡᠵᠠᠨ ᠢᠶᠠᠨ ᠡᠷᠢᠨ᠎ᠠ  ᠬᠡᠳᠡᠭ᠃
   
ᠬᠠᠳᠠᠭ ᠤᠨ ᠪᠡᠯᠭᠡᠳᠡᠯ ᠶᠤᠰᠤ᠋‍ᠨ
    ᠯᠤᠪᠰᠠᠩᠴᠦ᠋ᠢᠳᠠᠨ ᠤ ︽ᠮᠤᠩᠭᠤᠯ ᠤᠨ ᠵᠠᠩ ᠠᠭᠠᠯᠢ ᠶᠢᠨ ᠤᠶᠢᠯᠠᠪᠤᠷᠢ︾ ᠬᠡᠳᠡᠭ ᠨᠤᠮ ᠳᠤ᠂ ︽ᠵᠢᠯᠤᠨ
ᠦᠩᠬᠡ ᠬᠦᠬᠡ ᠪᠤᠯᠪᠠᠰᠤ ᠮᠠᠨᠳᠤᠬᠤ᠂ ᠰᠢᠷ᠎ᠠ ᠪᠤᠯᠪᠠᠰᠤ ᠮᠦᠬᠦᠬᠦ᠂ ᠴᠠᠭᠠᠨ ᠪᠤᠯᠪᠠᠰᠤ ᠡᠬᠢᠯᠠᠬᠦ᠂ ᠬᠠᠷ᠎ᠠ ᠪᠤᠯᠪᠠᠰᠤ ᠬᠤᠷᠢᠶᠠᠬᠤ ᠪᠠᠷ ᠮᠠᠳᠠᠵᠤ ᠶᠠᠪᠤᠮᠤᠢ᠃ ᠲᠠᠶᠢᠮᠤ ᠶᠢᠨ ᠲᠤᠯᠨ ᠮᠤᠩᠭᠤᠯ ᠬᠦᠮᠤᠨ ᠬᠦᠬᠡ ᠴᠠᠭᠠᠨ ᠦᠩᠬᠡ ᠶᠢ ᠲᠠᠷᠢᠬᠦᠯᠠᠨ ᠵᠠᠷᠤᠮᠤᠢ︾ ᠬᠡᠵᠦ ᠲᠡᠮᠳᠡᠭᠯᠡᠵᠦ ᠪᠤᠢ᠃ ᠦᠬᠡᠷ᠎ᠠ ᠪᠠᠷ ᠬᠡᠯᠠᠪᠠᠯ ᠮᠤᠩᠭᠤᠯ ᠬᠦᠮᠤᠨ ᠴᠠᠭᠠᠨ᠂ ᠬᠦᠬᠡ ᠦᠩᠬᠡ ᠶᠢᠨ ᠬᠠᠳᠠᠭ ᠢ ᠭᠤᠤᠯᠴᠢᠯᠠᠨ ᠬᠡᠷᠡᠭᠯᠠᠨ᠎ᠠ᠃ ᠰᠢᠷ᠎ᠠ ᠦᠩᠬᠡ ᠶᠢᠨ ᠬᠠᠳᠠᠭ ᠢ ᠬᠦᠮᠤᠨ ᠬᠦᠮᠤᠨ ᠤ ᠬᠠᠷᠢᠴᠠᠭᠠᠨ ᠤ ᠬᠤᠭᠤᠷᠤᠨᠳᠤ ᠬᠡᠷᠡᠭᠯᠠᠬᠦ ᠦᠬᠡᠢ  ᠶᠤᠮ᠃
    ᠮᠤᠩᠭᠤᠯ ᠬᠦᠮᠤᠨ ᠴᠠᠭᠠᠨ ᠬᠠᠳᠠᠭ ᠢ ᠡᠷᠬᠢᠮᠯᠠᠨ ᠬᠡᠷᠡᠭᠯᠠᠳᠡᠭ ᠨᠢ ᠰᠠᠶᠢᠨ
ᠰᠠᠶᠢᠬᠠᠨ ᠤᠶᠢᠯᠨ ᠶᠢ ᠪᠦᠳᠤᠬᠡᠭᠴᠢ ᠪᠠᠷᠠᠭᠤᠨ ᠲᠠᠪᠢᠨ ᠲᠠᠪᠤᠨ ᠴᠠᠭᠠᠨ ᠲᠡᠭᠷᠢ ᠠᠴᠠ ᠢᠷᠠᠯᠳᠠ ᠲᠠᠢ ᠶᠤᠮ᠃ ᠦᠬᠡᠷ᠎ᠠ ᠪᠠᠷ ᠬᠡᠯᠠᠪᠠᠯ᠂ ᠮᠠᠨᠠᠭᠠᠨ ᠴᠠᠭᠠᠨ ᠲᠡᠭᠷᠢ᠂ ᠪᠠᠶᠠᠨ ᠴᠠᠭᠠᠨ ᠲᠡᠭᠷᠢ᠂ ᠪᠠᠳᠠᠷᠠᠩᠭᠤᠢ ᠴᠠᠭᠠᠨ ᠲᠡᠭᠷᠢ᠂ ᠨᠤᠮᠳᠤ ᠴᠠᠭᠠᠨ ᠲᠡᠭᠷᠢ᠂ ᠰᠢᠳᠤᠷᠭᠤ ᠴᠠᠭᠠᠨ ᠲᠡᠭᠷᠢ᠂ ᠴᠠᠶᠢᠷ ᠴᠠᠭᠠᠨ ᠲᠡᠭᠷᠢ᠂ ᠵᠠᠶᠠᠭᠠᠨ ᠴᠠᠭᠠᠨ  ᠲᠡᠭᠷᠢ᠂ ᠡᠪᠤᠬᠡᠨ ᠴᠠᠭᠠᠨ ᠲᠡᠭᠷᠢ᠂ ᠤᠩᠭᠤᠨ ᠴᠠᠭᠠᠨ ᠲᠡᠭᠷᠢ᠂ ᠤᠶᠤᠭᠠᠷ ᠴᠠᠭᠠᠨ ᠲᠡᠭᠷᠢ᠂ ᠪᠦᠰᠠᠯᠠᠬᠦᠷ ᠴᠠᠭᠠᠨ ᠲᠡᠭᠷᠢ᠂ ᠪᠤᠳᠠᠷᠠᠭᠠᠢ ᠴᠠᠭᠠᠨ ᠲᠡᠭᠷᠢ᠂ ᠲᠠᠶᠢᠴᠢᠨ ᠴᠠᠭᠠᠨ ᠲᠡᠭᠷᠢ᠂ ᠪᠠᠭᠠᠳᠤᠷ ᠴᠠᠭᠠᠨ ᠲᠡᠭᠷᠢ᠂ ᠢᠷᠤᠬᠡᠯ ᠤᠨ ᠴᠠᠭᠠᠨ ᠲᠡᠭᠷᠢ ᠬᠡᠬᠦ ᠮᠠᠳᠤ ᠪᠠᠷᠠᠭᠤᠨ ᠵᠦᠭ ᠤᠨ ᠲᠠᠪᠢᠨ ᠲᠠᠪᠤᠨ ᠴᠠᠭᠠᠨ ᠲᠡᠭᠷᠢ ᠶᠢ ᠨᠠᠶᠢᠯᠠᠬᠦᠯᠦᠬᠡᠤᠨ ︽ᠪᠠᠷᠠᠭᠤᠨ ᠵᠦᠭ ᠤᠨ ᠪᠠᠭᠠᠳᠤᠷ ᠴᠠᠭᠠᠨ ᠲᠡᠭᠷᠢ︾ ᠬᠡᠬᠦ ᠪᠤᠶᠤ ︽ᠡᠴᠢᠬᠡ ᠲᠡᠭᠷᠢ︾ ᠬᠡᠳᠡᠭ᠃ ᠮᠤᠩᠭᠤᠯ ᠬᠦᠮᠤᠨ ᠨᠦᠭᠴᠢᠭᠰᠡᠳ ᠢ ᠪᠠᠷᠠᠭᠤᠨ ᠬᠤᠶᠢᠰᠢ ᠬᠠᠨᠳᠤᠭᠤᠯᠤᠨ ᠰᠠᠶᠢᠨ ᠰᠠᠶᠢᠬᠠᠨ ᠢ ᠲᠠᠭᠠᠤᠨᠬᠠᠵᠤ ᠠᠭᠤᠷ ᠢ ᠬᠤᠷᠢᠶᠠᠳᠠᠭ ᠪᠦᠬᠡᠤᠨ ᠴᠠᠭᠠᠨ ᠬᠠᠳᠠᠭ ᠢᠶᠠᠷ ᠨᠢᠭᠤᠷ ᠢ ᠨᠢ ᠪᠦᠳᠡᠬᠡᠵᠤ ᠰᠠᠶᠢᠨ ᠰᠠᠶᠢᠬᠠᠨ ᠬᠤᠶᠢᠳᠤ ᠶᠢᠨ ᠮᠦᠷ ᠤᠯᠬᠤ ᠶᠢ  ᠪᠠᠯᠬᠡᠳᠠᠳᠡᠭ᠃
    ᠮᠤᠩᠭᠤᠯ ᠬᠦᠮᠤᠨ ᠢᠡᠭᠬᠢᠵᠦ ᠪᠠᠷᠠᠭᠤᠨ ᠲᠠᠪᠢᠨ ᠲᠠᠪᠤᠨ ᠴᠠᠭᠠᠨ ᠲᠡᠭᠷᠢ ᠶᠢ ᠡᠴᠢᠭᠡ
ᠲᠡᠭᠷᠢ ᠬᠡᠮᠠᠨ ᠰᠢᠳᠤᠵᠤ ᠴᠠᠭᠠᠨ ᠦᠩᠬᠡ ᠶᠢ ᠡᠷᠬᠢᠮᠨᠠᠨ ᠦᠵᠠᠵᠤ ᠤᠯᠤᠰ ᠤᠨ ᠲᠤᠭ ᠢᠶᠠᠨ ᠴᠠᠭᠠᠨ ᠢᠶᠠᠷ ᠬᠢᠵᠦ᠂ ᠲᠦᠷᠤ ᠶᠢᠨ ᠶᠤᠰᠤᠯᠠᠯ ᠳᠤ ᠴᠠᠭᠠᠨ ᠬᠤᠪᠴᠠᠰᠤ ᠡᠮᠤᠰᠴᠤ᠂ ᠴᠠᠭᠠᠨ ᠬᠠᠳᠠᠭ ᠬᠡᠷᠡᠭᠯᠠᠨ᠎ᠠ᠃

︽ᠮᠠᠷᠺᠤ ᠫᠤᠯᠤ ᠶᠢᠨ ᠵᠢᠭᠤᠯᠴᠢᠯᠠᠯ ᠤᠨ ᠲᠠᠮᠳᠡᠭᠯᠠᠯ︾ ᠳᠤ᠂ ᠴᠠᠭᠠᠨ ᠰᠠᠷ᠎ᠠ ᠪᠤᠯᠤᠮᠠᠭᠴᠨ ᠶᠡᠭᠡ ᠬᠠᠭᠠᠨ ᠠᠴᠠ ᠡᠬᠢᠯᠠᠨ ᠡᠬᠡᠯ ᠠᠷᠠᠤᠨ

ᠬᠦᠷᠳᠠᠯ᠎ᠠ ᠴᠦᠮ ᠴᠠᠭᠠᠨ ᠬᠤᠪᠴᠠᠰᠤ ᠡᠮᠤᠰᠴᠤ ᠴᠠᠭᠠᠨ ᠦᠩᠬᠡ ᠶᠢᠨ ᠪᠠᠯᠡᠭ ᠬᠦᠷᠬᠡᠯᠴᠠᠳᠡᠭ ᠬᠡᠵᠠᠢ᠃ ᠡᠶᠢᠮᠤ ᠠᠴᠠ

︽ᠶᠢᠰᠤᠨ ᠴᠠᠭᠠᠨ ᠪᠠᠯᠡᠭ︾ ᠪᠤᠯ ᠮᠤᠩᠭᠤᠯᠴᠤᠤᠨ ᠤᠨ ᠬᠠᠮᠤᠭ ᠤᠨ ᠡᠷᠬᠢᠮ ᠲᠠᠬᠡᠳᠤ ᠪᠠᠯᠡᠭ ᠮᠦᠨ᠃ ᠡᠨᠠᠬᠦ ᠶᠢᠰᠤ ᠶᠢᠰᠤ ᠨᠠᠶᠠᠨ ᠨᠢᠬᠡᠨ

ᠪᠠᠯᠡᠭ ᠲᠤ ᠪᠦᠷ ᠴᠠᠭᠠᠨ ᠬᠠᠳᠠᠭ ᠤᠷᠤᠳᠠᠭ ᠪᠤᠯᠬᠤᠷ ︽ᠶᠢᠰᠤᠨ ᠴᠠᠭᠠᠨ ᠪᠠᠯᠩ︾ ᠬᠡᠳᠡᠭ ᠶᠤᠮ᠃

    ᠮᠤᠩᠭᠤᠯ ᠬᠦᠮᠤᠨ ᠬᠦᠬᠡ ᠬᠠᠳᠠᠭ ᠢ ᠪᠠᠯᠭᠡᠰᠢᠶᠠᠨ ᠬᠡᠷᠡᠭᠯᠠᠳᠡᠭ ᠨᠢ᠂ ᠬᠦᠬᠡ ᠮᠦᠩᠬᠡ ᠲᠡᠭᠷᠢ ᠶᠢᠨ ᠬᠦᠬᠡ ᠴᠠᠭᠠᠨ ᠡᠬᠦᠯᠨ ᠶᠢ

ᠭᠠᠷ ᠲᠠᠭᠠᠨ ᠪᠠᠯᠬᠡᠳᠠᠯ ᠪᠤᠯᠭᠠᠨ ᠡᠷᠬᠦᠵᠤ ᠪᠠᠶᠢᠭ᠎ᠠ ᠨᠢ ᠲᠠᠷᠨ ᠶᠤᠮ᠃ ᠡᠨ᠋ᠨ ᠨᠢ ᠲᠠᠷᠤᠢ ᠬᠦᠬᠡ ᠦᠩᠬᠡ ᠶᠢ

ᠡᠰᠡᠨᠢᠯ ᠮᠠᠨᠳᠤᠯ ᠤᠨ ᠪᠠᠯᠬᠡᠳᠠᠯ ᠪᠤᠯᠭᠠᠵᠤ ᠡᠷᠳᠠ ᠲᠠᠬᠡᠳᠤ ᠴᠠᠭ ᠲᠤ ᠤᠯᠤᠰ ᠶᠤᠭᠠᠨ ︽ᠬᠦᠬᠡ ᠮᠤᠩᠭᠤᠯ ᠤᠯᠤᠰ︾ ᠬᠡᠵᠤ᠂

ᠤᠯᠤᠰ ᠤᠨ ᠲᠤᠭ ᠲᠠᠭᠠᠨ ᠬᠦᠬᠡ ᠦᠩᠬᠡ ᠶᠢᠨ ᠪᠠᠯᠬᠡᠳᠠᠯ ᠤᠷᠤᠭᠤᠯᠵᠠᠢ᠃ ᠢᠩᠬᠢᠬᠡᠤᠨ ᠪᠠᠰᠨ ᠨᠠᠶᠢᠰᠯᠠᠯ ᠢᠶᠠᠨ ︽ᠬᠦᠬᠡ ᠪᠠᠯᠭᠠᠰᠤ︾᠂

ᠬᠠᠭᠠᠨ ᠤ ᠤᠷᠳᠤ ᠪᠠᠨ ᠬᠦᠬᠡ ᠤᠷᠳᠤ᠂ ᠬᠠᠭᠠᠨ ᠤ ᠲᠠᠮᠠᠭ᠎ᠠ ᠪᠠᠨ ᠬᠦᠬᠡ ᠲᠠᠮᠠᠭ᠎ᠠ᠂ ᠤᠯᠤᠰ ᠤᠨ ᠲᠠᠤᠬᠡ ᠶᠢᠨ ᠲᠤᠯᠭᠤᠷ ᠪᠢᠴᠢᠭ ᠢ

︽ᠬᠦᠬᠡ ᠲᠠᠤᠬᠡ︾᠂ ︽ᠬᠦᠬᠡ ᠲᠠᠪᠳᠠᠷ︾᠂ ︽ᠬᠦᠬᠡ ᠰᠤᠳᠤᠷ︾ ᠬᠡᠵᠤ᠂ ︽ᠬᠦᠬᠡ ᠬᠠᠳᠠᠭ︾ ᠢᠶᠠᠷ

ᠬᠠᠮᠤᠭ ᠤᠨ ᠶᠡᠭᠡ ᠡᠰᠠᠨᠢᠯ ᠮᠠᠨᠳᠤᠯ ᠤᠨ ᠢᠷᠤᠬᠡᠯ ᠵᠦᠩᠨᠠᠯ ᠪᠤᠯᠭᠠᠵᠤ᠂ ᠬᠦᠨᠳᠤ ᠶᠢᠨ ᠶᠤᠰᠤᠨ ᠳᠤ ᠬᠡᠷᠡᠭᠯᠠᠬᠦ

ᠪᠤᠯᠤᠭᠰᠠᠨ ᠶᠤᠮ᠃

    ᠬᠠᠳᠠᠭ ᠤᠨ ᠰᠤᠶᠤᠯ ᠪᠤᠯ ᠡᠷᠳᠡᠨ ᠠᠴᠠ ᠠᠪᠤᠭᠠᠳ ᠠᠽᠢᠶ᠎ᠠ ᠡᠸᠦ᠋ᠷᠤᠫᠡ ᠬᠤᠶᠠᠷ ᠲᠢᠪ ᠤᠨ ᠤᠷᠤᠨ ᠢ ᠰᠤᠨᠳᠠᠯᠠᠨ ᠠᠮᠢᠳᠤᠷᠠᠵᠦ

ᠪᠠᠶᠢᠬᠰᠠᠨ ᠠᠯᠳᠠᠢ ᠢᠵᠠᠭᠤᠷ ᠬᠡᠯᠡᠨ ᠤ ᠤᠯᠠᠨ ᠠᠶᠢᠮᠠᠭ ᠤᠭᠰᠠᠭ᠎ᠠ ᠶᠢᠨ ᠬᠠᠮᠳᠤ ᠶᠢᠨ ᠰᠤᠶᠤᠯ ᠤᠨ ᠪᠠᠯᠬᠡ ᠲᠡᠮᠳᠡᠭ

ᠪᠤᠯᠬᠤ ᠪᠦᠭᠡᠳ ᠲᠡᠭᠷᠢᠯᠢᠭ ᠬᠦᠬᠡ ᠮᠤᠩᠭᠤᠯᠴᠤᠤᠨ ᠤᠨ ᠠᠮᠠᠨ ᠲᠠᠩᠭᠠᠷᠢᠭ ᠢᠶᠠᠨ ᠦᠭᠴᠤ ᠠᠨᠳᠠᠭᠠᠶᠢᠯᠠᠨ ᠬᠠᠳᠠᠨ

ᠲᠤᠭᠳᠠᠭᠠᠭᠰᠠᠨ ᠶᠡᠭᠡ ᠬᠦᠨᠳᠤᠳᠤ ᠰᠤᠶᠤᠯ ᠪᠤᠯᠤᠨ᠎ᠠ᠃

    ᠬᠠᠳᠠᠭ ᠤᠨ ᠰᠤᠶᠤᠯ ᠪᠤᠯ ᠮᠤᠩᠭᠤᠯᠴᠤᠤᠨ ᠤᠨ ᠤᠣᠭᠠᠨ ᠰᠤᠶᠤᠯ ᠮᠦᠨ

    ᠮᠤᠩᠭᠤᠯᠴᠤᠤᠨ ᠤᠨ ᠬᠠᠳᠠᠭ ᠤᠨ ᠡᠬᠦᠰᠤᠯ ᠢ ᠮᠤᠩᠭᠤᠯ ᠬᠦᠮᠤᠨ ᠤ ᠪᠠᠶᠢᠭᠠᠯᠢ ᠶᠢᠨ ᠦᠵᠡᠭᠳᠠᠯ ᠤᠨ ᠲᠤᠬᠠᠢ ᠰᠠᠷᠠᠨ ᠮᠠᠳᠠᠷᠠᠬᠦᠢ ᠶᠢᠨ

ᠠᠩᠬᠠᠨ ᠤ ᠰᠠᠷᠠᠯ ᠤᠨ ᠲᠠᠨᠢᠯᠳᠠ ᠶᠢᠨ ᠵᠠᠭᠪᠤᠷ ᠠᠴᠠ ᠪᠤᠢ ᠪᠤᠯᠤᠭᠰᠠᠨ ᠬᠡᠵᠤ ᠡᠷᠳᠠᠮᠳᠠᠨ ᠮᠠᠷᠬᠡᠤᠨ ᠦᠵᠠᠳᠡᠭ ᠪᠠᠶᠢᠨ᠎ᠠ᠃

ᠵᠢᠱᠢᠶᠠᠯᠠᠪᠠᠯ᠂ ᠡᠷᠳᠠᠨ ᠤ ᠮᠤᠩᠭᠤᠯᠴᠤᠤᠨ ᠬᠦᠬᠡ ᠮᠦᠩᠬᠡ ᠲᠡᠭᠷᠢ ᠶᠢᠨ ᠴᠠᠭᠠᠨ ᠨᠠᠷᠠᠨ ᠤ ᠬᠡᠷᠠᠯ ᠪᠤᠯᠤᠨ ᠬᠦᠬᠡ ᠤᠭᠳᠠᠷᠭᠤᠢ ᠶᠢᠨ ᠬᠦᠬᠡ

ᠡᠬᠦᠯᠨ ᠶᠢᠨ ᠭᠠᠳᠠᠭᠠᠯᠢᠭ ᠦᠩᠬᠡ ᠲᠦᠷᠰᠤ᠂ ᠬᠡᠯᠪᠠᠷᠢ ᠶᠢᠨ ᠲᠤᠳᠤᠭᠠᠯᠢᠭ ᠰᠠᠤᠨᠬᠢᠯᠬᠡ ᠲᠠᠢ ᠪᠠᠨ ᠨᠢᠬᠡᠳᠤᠬᠦᠯᠤᠨ

ᠤᠶᠢᠯᠠᠭᠠᠳᠠᠭ ᠪᠠᠶᠢᠭᠰᠠᠨ ᠠᠴᠠ ᠪᠠᠨ ᠬᠠᠮᠤᠭ ᠠᠩᠬᠠᠨ ᠤ ᠲᠦᠰᠤᠬᠡᠯᠠᠯ ᠪᠤᠯᠬᠤ ᠬᠦᠬᠡ ᠴᠠᠭᠠᠨ ᠬᠠᠳᠠᠭ ᠪᠤᠢ

ᠪᠤᠯᠵᠠᠢ ᠬᠡᠵᠤ ᠦᠵᠠᠳᠡᠭ᠃ ᠵᠢᠱᠢᠶᠠᠯᠠᠪᠠᠯ᠂ ︽ᠤᠷᠳᠤᠰ ᠬᠤᠷᠢᠮ︾ ᠤᠨ ᠢᠷᠤᠬᠡᠯ ᠳᠤ᠂ ᠬᠦᠬᠡ ᠴᠠᠭᠠᠨ

ᠬᠠᠳᠠᠭ ᠤᠨ ᠢᠷᠠᠯᠳᠠ ᠶᠢ ︽ᠠᠷᠢᠭᠤᠨ ᠴᠠᠭᠠᠨ ᠬᠠᠳᠠᠭ ᠨᠢ ᠬᠦᠬᠡ ᠦᠩᠬᠡ ᠶᠢᠨ ᠲᠡᠭᠷᠢ ᠶᠢᠨ ᠴᠢᠨᠠᠷ ᠲᠠᠢ︾

ᠬᠡᠵᠤ ᠲᠠᠶᠢᠯᠪᠤᠷᠢᠯᠠᠵᠤ ᠪᠤᠢ᠃ ᠡᠨ᠋ᠨ ᠨᠢ ᠲᠠᠷᠤᠢ ᠴᠠᠭᠠᠨ ᠨᠠᠷᠠᠨ ᠤ ᠪᠠᠯᠬᠡᠳᠠᠯ ᠠᠴᠠ ᠪᠤᠢ ᠪᠤᠯᠤᠭᠰᠠᠨ ᠴᠠᠭᠠᠨ ᠬᠠᠳᠠᠭ ᠪᠠ ᠬᠦᠬᠡ

ᠤᠭᠳᠠᠷᠭᠤᠢ ᠶᠢᠨ ᠬᠦᠬᠡ ᠡᠬᠦᠯᠨ ᠠᠴᠠ ᠪᠤᠢ ᠪᠤᠯᠤᠭᠰᠠᠨ ᠬᠦᠬᠡ ᠬᠠᠳᠠᠭ ᠪᠤᠯᠤᠨ᠎ᠠ᠃

    ᠡᠷᠳᠡᠮᠳᠡᠨ ᠰᠤᠳᠤᠯᠭᠠᠳᠠᠳ ᠤᠨ ︽ᠬᠠᠳᠠᠭ ᠪᠤᠯ ᠡᠨᠠᠤᠡᠭᠡᠭ ᠲᠦᠪᠠᠤᠨ ᠠᠴᠠ ᠡᠬᠢ ᠡᠬᠦᠰᠤᠯ ᠲᠠᠢ︾ ᠬᠡᠬᠦ ᠦᠵᠡᠯᠳᠡ ᠨᠢ ᠪᠤᠷᠤᠭᠤ ᠶᠤᠮ᠃

ᠲᠦᠪᠠᠤᠨ ᠤᠨ ᠡᠷᠳᠠᠮᠳᠠᠨ ᠪᠠᠰᠠᠩᠨᠤᠷᠪᠤ ︽ᠲᠦᠪᠠᠤᠨ ᠬᠢᠳᠠᠤᠨ ᠲᠤᠮᠤ ᠲᠤᠯᠢ︾ ᠳᠠᠬᠢ ︽ᠺᠠᠳᠠᠭ ︵kha᠂ btag︶ ᠪᠤᠯ

ᠨᠢᠬᠡ ᠵᠦᠢᠯ ᠤᠨ ᠨᠢᠭᠤᠷ ᠤᠴᠠᠷᠠᠬᠤ ᠳᠤ ᠪᠠᠯᠡᠭ ᠪᠤᠯᠭᠠᠳᠠᠭ ᠮᠢᠨᠳᠠᠰᠤᠨ ᠨᠡᠬᠡᠳᠠᠰᠤ︾ ᠬᠡᠰᠠᠨ ᠲᠠᠶᠢᠯᠪᠤᠷᠢ ᠶᠢ᠄ ︿ᠬᠠᠳᠠᠭ﹀ ᠬᠡᠳᠡᠭ

ᠦᠬᠡ ᠶᠢ ᠲᠦᠪᠠᠤᠨ ᠬᠡᠯᠨ ᠪᠠᠷ ᠠᠪᠢᠶᠠᠴᠢᠯᠠᠨ ᠤᠷᠴᠢᠭᠤᠯᠪᠠᠯ ︿ᠺᠠᠳᠠᠭ﹀ ᠪᠤᠯᠤᠨ᠎ᠠ᠃ ᠲᠦᠪᠠᠤᠨ ᠬᠡᠯᠠᠨ ᠤ ᠠᠪᠢᠶ᠎ᠠ

ᠬᠢᠬᠡᠤᠨ ᠦᠬᠡᠰ ᠤᠨ ᠰᠠᠩ ᠤᠨ ᠪᠦᠷᠢᠯᠳᠤᠬᠦᠨ ᠢ ᠦᠨᠳᠤᠰᠤᠯᠠᠪᠠᠯ᠂ ᠲᠠᠷᠨ ᠨᠢ ᠲᠦᠪᠠᠤᠨ ᠦᠬᠡ ᠪᠢᠰᠢ᠂ ᠬᠠᠷᠢᠨ

︿ᠬᠠᠳᠠᠭ﹀ ᠬᠡᠳᠡᠭ ᠮᠤᠩᠭᠤᠯ ᠦᠬᠡ ᠶᠢᠨ ᠲᠦᠪᠠᠤᠨ ᠠᠪᠢᠶᠠᠴᠢᠯᠠᠭ᠎ᠠ ᠪᠤᠯᠬᠤ ᠶᠣᠮ︾ ᠬᠡᠵᠤ ᠲᠤᠷᠠᠳᠤᠭᠰᠡᠨ ᠪᠦᠭᠡᠳ

ᠶᠤᠸᠠᠨ ᠤᠯᠤᠰ ᠤᠨ ᠬᠠᠭᠠᠨ ᠤ ᠪᠠᠭᠰᠢ ᠫᠠᠭᠪᠠ ᠯᠠᠮᠨ ᠪᠠᠷ ᠲᠠᠶᠢᠳᠤ ᠠᠴᠠ ᠲᠦᠪᠡᠳ ᠲᠤ ᠪᠤᠴᠠᠵᠤ ᠬᠠᠷᠢᠭᠰᠠᠨ ᠤ ᠲᠠᠷᠠᠭ᠎ᠠ

ᠲᠦᠪᠠᠤᠨ ᠤᠷᠤᠨ ᠤ ᠪᠤᠳᠢᠰᠠᠳ᠋ᠸ᠎ᠠ᠂ ᠪᠤᠷᠬᠠᠨ ᠤ ᠬᠦᠷᠤᠭ᠌ ᠲᠤ ᠬᠠᠳᠠᠭ ᠡᠷᠬᠦᠵᠤ᠂ ᠯᠠᠮᠠ ᠬᠤᠸᠠᠷᠠᠭ ᠨᠤᠶᠠᠤᠨ

ᠲᠦᠰᠢᠮᠠᠤᠨ ᠲᠤ ᠬᠠᠳᠠᠭ ᠬᠠᠶᠢᠷᠠᠯᠠᠭᠰᠠᠨ ᠤᠶᠢᠯᠨ ᠶᠠᠪᠤᠳᠠᠯ ᠠᠴᠠ ᠦᠵᠡᠪᠡᠯ᠂ ᠬᠠᠳᠠᠭ ᠨᠢ ᠮᠤᠩᠭᠤᠯ

ᠤᠷᠤᠨ ᠠᠴᠠ ᠲᠦᠪᠡᠳ ᠲᠤ ᠤᠷᠤᠭᠰᠠᠨ ᠬᠡᠵᠦ ᠦᠵᠡᠭᠰᠡᠨ ᠪᠠᠶᠢᠨ᠎ᠠ᠃

    ᠫᠠᠭᠪᠠ ᠯᠠᠮᠨ 1247 ᠤᠨ ᠳᠤ ᠮᠤᠩᠭᠤᠯ ᠤᠷᠤᠨ ᠳᠤ ᠵᠠᠯᠠᠭᠳᠡᠨ ᠶᠤᠸᠠᠨ ᠤᠯᠤᠰ ᠤᠨ ︽ᠶᠡᠭᠡ ᠡᠷᠳᠠᠨᠢᠳᠤ ᠨᠤᠮ ᠤᠨ ᠬᠠᠭᠠᠨ︾

ᠡᠷᠬᠦᠮᠵᠢᠯᠡᠭᠳᠡᠨ᠂ 29 ᠵᠢᠯ ᠮᠤᠩᠭᠤᠯ ᠤᠷᠤᠨ ᠳᠤ ᠰᠠᠭᠤᠵᠠᠢ᠃ ᠡᠨᠠᠬᠦ ᠬᠤᠭᠤᠴᠠᠭᠠᠨ ᠳᠠᠭᠠᠨ ᠲᠡᠷᠡᠪᠡᠷ 1265 ᠤᠨ ᠪᠤᠯᠤᠨ 1276

ᠤᠨ ᠳᠤ ᠲᠤᠰ ᠲᠤᠰ ᠬᠤᠶᠡᠷ ᠤᠳᠠᠭ᠎ᠠ ᠨᠤᠳᠤᠭ ᠲᠠᠭᠠᠨ ᠬᠠᠷᠢᠵᠠᠢ᠃ ᠡᠶᠢᠮᠤ ᠠᠴᠠ ᠫᠠᠭᠪᠠ ᠯᠠᠮᠨ ᠨᠢᠬᠡᠳᠤᠬᠡᠷ ᠤᠳᠠᠭ᠎ᠠ

ᠨᠤᠳᠤᠭ ᠲᠠᠭᠠᠨ ᠬᠠᠷᠢᠬᠤ ᠳᠠᠭᠠᠨ ᠮᠤᠩᠭᠤᠯ ᠤᠷᠤᠨ ᠠᠴᠠ ᠬᠠᠳᠠᠭ ᠠᠪᠴᠤ ᠲᠦᠪᠠᠤᠨ ᠲᠤ ᠲᠠᠯᠬᠡᠷᠠᠬᠦᠯᠤᠭ᠍ᠰᠠᠨ

ᠴᠠᠭ ᠵᠢᠯ ᠢ 1265 ᠤᠨ ᠬᠡᠵᠤ ᠪᠠᠳᠤᠯᠠᠵᠤ ᠪᠤᠯᠬᠤ ᠶᠤᠮ᠃

    ᠠᠷᠪᠠᠨ ᠭᠤᠷᠪᠠᠳᠤᠭᠠᠷ ᠵᠠᠭᠤᠨ ᠤ ᠰᠠᠬᠦᠯᠴᠢ ᠶᠢᠨ ᠦᠶ᠎ᠠ᠂ ᠦᠬᠡᠷ᠎ᠠ ᠪᠠᠷ ᠬᠡᠯᠠᠪᠠᠯ ᠫᠠᠭᠪᠠ ᠯᠠᠮᠠ ᠮᠤᠩᠭᠤᠯ ᠤᠷᠤᠨ ᠠᠴᠠ

ᠲᠦᠪᠠᠤᠨ ᠲᠤ ᠬᠠᠷᠢᠬᠤ ᠶᠢᠨ ᠡᠮᠤᠨ᠎ᠠ ᠲᠦᠪᠠᠤᠨ ᠬᠡᠯᠠᠨ ᠤ ᠦᠬᠡᠰ ᠤᠨ ᠰᠠᠩ ᠳᠤ ︽ᠺᠠᠳᠠᠭ︾ ᠬᠡᠳᠡᠭ ᠦᠬᠡ

ᠶᠠᠷᠤ ᠭᠠᠷᠳᠠᠭ ᠦᠬᠡᠢ ᠪᠦᠬᠡᠤᠨ ᠬᠢᠳᠠᠤᠨ ᠲᠦᠪᠠᠤᠨ ᠢᠵᠠᠭᠤᠷ ᠬᠡᠯᠠᠨ ᠳᠤ ᠴᠤ ᠲᠤᠰ ᠨᠡᠷ᠎ᠠ ᠦᠬᠡ ᠶᠠᠷᠤ ᠪᠠᠶᠢᠭᠰᠠᠨ ᠦᠬᠡᠢ ᠶᠤᠮ᠃

ᠵᠦᠪᠬᠡᠨ ︽ᠡᠩᠳᠤ︾ ᠪᠤᠶᠤ ︽ᠠᠯᠴᠢᠭᠤᠷ︾ ᠬᠡᠰᠠᠨ ᠮᠤᠩᠭᠤᠯᠴᠤᠤᠨ ᠤᠨ ︽ᠬᠠᠳᠠᠭ︾ ᠬᠡᠳᠡᠭ ᠦᠬᠡ ᠲᠠᠢ

ᠤᠶᠢᠷᠠᠯᠴᠠᠭ᠎ᠠ ᠤᠳᠬ᠎ᠠ ᠪᠦᠬᠦᠢ ︽ᠨᠢᠨᠳᠠᠷ︾ ᠬᠡᠬᠦ ᠨᠡᠷ᠎ᠠ ᠦᠬᠡ ᠪᠠᠶᠢᠪᠠ᠃ ᠬᠠᠷᠢᠨ ᠡᠬᠦᠨ ᠤ

ᠡᠰᠠᠷᠬᠦ ᠪᠠᠷ ᠮᠠᠨ ᠤ ᠮᠤᠩᠭᠤᠯ ᠬᠡᠯᠨ ᠲᠠᠢ ᠢᠵᠠᠭᠤᠷ ᠨᠢᠬᠡᠳᠠᠢ ᠠᠯᠳᠠᠢ ᠢᠵᠠᠭᠤᠷ ᠤᠨ ᠲᠦᠷᠺ ᠬᠡᠯᠠᠨ ᠳᠤ ᠠᠯᠢ

ᠡᠷᠳᠠ ︽ᠬᠠᠳᠠᠭ︾ ᠬᠡᠳᠡᠭ ᠦᠬᠡ ᠪᠠᠶᠢᠵᠠᠢ᠃

    ︽ᠮᠤᠩᠭᠤᠯ ᠪᠢᠴᠢᠭ ᠤᠨ ᠲᠤᠪᠴᠢ ᠲᠠᠤᠬᠡ︾ ᠬᠡᠳᠡᠭ ᠨᠤᠮ ᠳᠤ᠂ ︽ᠨᠠᠶᠢᠳᠠ ᠶᠢᠨ ᠤᠨ ᠲᠤᠭᠠᠯᠠᠯ ᠤᠨ 6 — 9 ᠳ᠋ᠤᠬᠡᠷ

ᠵᠠᠭᠤᠨ ᠤ ᠦᠶ᠎ᠠ ᠳᠤ ᠤᠮᠠᠷᠠᠳᠤ ᠤᠷᠤᠨ ᠳᠤ ᠮᠤᠩᠭᠤᠯ ᠬᠡᠯᠡᠳᠦ ᠠᠶᠢᠮᠠᠭ ᠤᠭᠰᠠᠭᠠᠳᠠᠨ ᠤ ᠲᠤᠳᠤᠷ᠎ᠠ᠂ ᠲᠤᠬᠠᠶᠢᠯᠠᠪᠠᠯ

ᠠᠷᠪᠠᠨ ᠤᠶᠢᠷᠠᠤᠨ᠂ ᠭᠤᠴᠢᠨ ᠲᠠᠲ᠋ᠠᠷ ᠵᠠᠷᠬᠡ ᠨᠢ ᠤᠷᠢᠤᠨ ᠬᠤᠵᠢᠤᠨ ᠲᠦᠷᠺ ᠬᠠᠭᠠᠨᠳᠤ ᠤᠯᠤᠰ᠂ ᠤᠶᠢᠭᠤᠷ ᠬᠠᠭᠠᠨᠳᠤ

ᠤᠯᠤᠰ ᠵᠢᠴᠢ ᠬᠢᠷᠬᠢᠰ ᠬᠠᠭᠠᠨᠳᠤ ᠤᠯᠤᠰ ᠲᠤ ᠨᠤᠶᠠᠷᠠᠬᠠᠭᠳᠠᠵᠤ ᠪᠠᠶᠢᠭᠰᠠᠨ ᠲᠤᠯᠨ᠂ ᠲᠠᠳᠠᠨ ᠤ ᠬᠡᠯᠨ ᠪᠤᠶᠤ ᠦᠰᠤᠭ᠌ ᠪᠢᠴᠢᠭ ᠤᠨ

ᠲᠠᠯ᠎ᠠ ᠪᠠᠷ ᠪᠦᠷ ᠲᠠᠬᠡᠷᠠᠬᠢ ᠬᠡᠳᠤᠨ ᠬᠠᠭᠠᠨᠳᠤ ᠤᠯᠤᠰ ᠤᠨ ᠨᠦᠯᠤᠬᠡ ᠶᠢ ᠬᠦᠷᠳᠡᠭᠰᠠᠨ ᠶᠤᠮ᠃ ᠦᠬᠡᠷ᠎ᠠ ᠪᠠᠷ ᠬᠡᠯᠠᠪᠠᠯ᠂ ᠡᠳᠠᠬᠡᠷ ᠠᠶᠢᠮᠠᠭ

ᠤᠭᠰᠠᠭᠠᠳᠠᠨ ᠤ ᠮᠤᠩᠭᠤᠯ ᠬᠡᠯᠨ ᠨᠢ ᠲᠦᠷᠺ ᠬᠡᠯᠠᠨ ᠤ ᠨᠦᠯᠤᠬᠡ ᠶᠢ ᠶᠡᠬᠡᠪᠠᠷ ᠬᠦᠷᠳᠠᠵᠤ᠂ ᠶᠡᠭᠡ ᠬᠡᠮᠵᠢᠶᠠᠨ ᠤ

ᠲᠦᠷᠺ ᠦᠬᠡᠰ ᠮᠤᠩᠭᠤᠯ ᠬᠡᠯᠠᠨ ᠳᠤ ᠤᠷᠤᠭᠰᠠᠨ︾ ᠬᠡᠵᠠᠢ᠃ ᠡᠶᠢᠮᠤ ᠠᠴᠠ ︽ᠬᠠᠳᠠᠭ︾ ᠪᠤᠯ ᠲᠦᠪᠠᠤᠨ ᠠᠴᠠ ᠮᠤᠩᠭᠤᠯ ᠳᠤ ᠤᠷᠤᠵᠤ

ᠢᠷᠡᠭᠰᠠᠨ ᠪᠢᠰᠢ᠂ ᠬᠠᠷᠢᠨ ᠮᠤᠩᠭᠤᠯ ᠠᠴᠠ ᠲᠦᠪᠠᠤᠨ ᠲᠤ ᠤᠷᠤᠭᠰᠠᠨ ᠭᠡᠳᠡᠭ ᠢ ᠪᠠᠳᠤᠯᠠᠵᠦ ᠪᠤᠯᠬᠤ ᠶᠤᠮ᠃

    ︽ᠮᠠᠷᠺᠦ ᠫᠤᠯᠤ ᠶᠢᠨ ᠵᠢᠭᠤᠯᠴᠢᠯᠠᠯ ᠤᠨ ᠲᠠᠮᠳᠡᠭᠯᠠᠯ︾ ᠳᠤ᠂ ︽ᠮᠤᠩᠭᠤᠯᠴᠤᠤᠨ ᠵᠤᠴᠢᠤᠨ ᠲᠠᠭᠠᠨ ᠬᠦᠷᠬᠡᠬᠦ ᠪᠠᠯᠡᠭ ᠤᠨ

ᠶᠠᠭᠤᠮᠠᠨ ᠤ ᠪᠠᠨ ᠲᠠᠬᠡᠷ᠎ᠠ ᠴᠠᠭᠠᠨ ᠱᠠ ᠠᠯᠴᠢᠭᠤᠷ ᠲᠠᠯᠪᠢᠳᠠᠭ︾ ᠬᠡᠵᠠᠢ᠃ ᠡᠨᠡ ᠪᠤᠯ ᠲᠠᠷᠤᠢ

ᠮᠤᠩᠭᠤᠯᠴᠤᠤᠨ ᠤᠨ ᠴᠠᠭᠠᠨ ᠬᠠᠳᠠᠭ ᠢ ᠴᠠᠭᠠᠨ ᠱᠠ ᠠᠯᠴᠢᠭᠤᠷ ᠬᠡᠵᠤ ᠤᠶᠢᠯᠠᠭᠠᠭᠰᠠᠨ ᠶᠠᠪᠤᠳᠠᠯ ᠪᠤᠯᠬᠤ ᠶᠤᠮ᠃

ᠡᠳᠠᠬᠡᠷ ᠲᠠᠮᠳᠡᠭᠯᠠᠯ ᠤᠳ ᠢ ᠦᠨᠳᠤᠰᠤᠯᠠᠨ ᠲᠦᠪᠠᠤᠨᠴᠤᠳ ᠮᠤᠩᠭᠤᠯ ᠬᠡᠯᠠᠨ ᠤ ︽ᠬᠠᠳᠠᠭ︾ ᠬᠡᠳᠡᠭ ᠨᠠᠷ᠎ᠠ ᠦᠬᠡ ᠶᠢ ︽ᠺᠠᠳᠠᠭ

︵kha᠂ btag︶︾ ᠬᠡᠮᠠᠨ ᠲᠦᠪᠠᠤᠨ ᠢᠶᠠᠷ ᠠᠪᠢᠶᠠᠴᠢᠯᠠᠨ ᠲᠠᠮᠳᠡᠭᠯᠠᠵᠤ ᠪᠠᠶᠢᠭ᠎ᠠ ᠶᠢ ᠲᠦᠪᠠᠤᠨ᠂ ᠮᠤᠩᠭᠤᠯ᠂ ᠬᠢᠳᠠᠤᠨ᠂ ᠲᠦᠷᠺ

ᠬᠡᠯᠠᠨ ᠤ ᠲᠤᠯᠢ ᠨᠤᠭᠤᠳ ᠠᠴᠠ ᠲᠤᠯᠭᠠᠨ ᠰᠤᠳᠤᠯᠵᠤ ᠦᠵᠠᠪᠠᠯ᠂ ︽ᠬᠠᠳᠠᠭ︾ ᠬᠡᠳᠡᠭ ᠦᠬᠡ ᠨᠢ ᠲᠦᠷᠺ ᠭᠠᠷᠤᠯ ᠲᠠᠢ ᠤᠶᠢᠭᠤᠷᠵᠢᠨ

ᠮᠤᠩᠭᠤᠯ ᠨᠠᠷ᠎ᠠ ᠦᠬᠡ ᠪᠤᠯᠬᠤ ᠶᠢ ᠪᠠᠳᠤᠯᠠᠵᠤ ᠪᠤᠯᠤᠨ᠎ᠠ᠃

    ︽ᠲᠦᠷᠺ ᠬᠡᠯᠠᠨ ᠤ ᠨᠤᠳᠤᠭ ᠤᠨ ᠠᠶᠠᠯᠭᠤᠨ ᠤ ᠲᠤᠷᠰᠢᠨ ᠬᠡᠷᠡᠭᠯᠠᠬᠦ ᠦᠬᠡᠰ ᠤᠨ ᠲᠤᠯᠢ︾ ᠶᠢᠨ ᠬᠤᠶᠠᠳᠤᠭᠠᠷ ᠪᠤᠳᠢ ᠶᠢᠨ

310 ᠳ᠋ᠤᠭᠠᠷ ᠨᠢᠭᠤᠷ ᠪᠤᠯᠤᠨ ︽ᠮᠤᠩᠭᠤᠯ ᠦᠬᠡᠰ ᠤᠨ ᠢᠵᠠᠭᠤᠷ ᠤᠨ ᠲᠤᠯᠢ︾ ᠶᠢᠨ 944 — 950 ᠳ᠋ᠤᠭᠠᠷ ᠨᠢᠭᠤᠷ ᠲᠤ᠂

︽ᠬᠠᠳᠠᠭ︾ ︵ᠺᠠᠳᠠᠭ︶ ᠤᠨ ᠢᠵᠠᠭᠤᠷ ᠢ ᠪᠦᠷ ᠨᠢᠬᠡᠳᠤᠯ ᠲᠠᠢ ᠪᠠᠷ ︽ᠬᠠᠳᠠ︾ ᠶᠢᠨ ᠡᠬᠦᠰᠤᠮᠠᠯ ᠦᠬᠡ ᠪᠤᠯᠭᠠᠵᠤ ᠲᠠᠶᠢᠯᠪᠤᠷᠢᠯᠠᠭᠠᠤᠨ᠂

︽ᠬᠠᠳᠠ︾ ᠬᠡᠳᠡᠭ ᠢᠵᠠᠭᠤᠷ ᠢ ︽ᠬᠠᠳᠠ ᠴᠢᠯᠠᠭᠤ︾᠂ ︽ᠬᠠᠳᠠᠭᠤ ᠵᠦᠬᠡᠯᠠᠨ ᠤ ᠬᠠᠳᠠᠭᠤ︾ ᠪᠤᠯᠤᠨ ︽ᠬᠠᠳᠠᠬᠤ ᠶᠢᠨ ᠬᠠᠳᠠ︾

︵ᠦᠳᠤᠵᠤ ᠬᠠᠳᠠᠬᠤ ᠶᠢᠨ︶ ᠪᠤᠯᠭᠠᠵᠤ᠂ ᠰᠢᠨ᠎ᠠ ᠦᠬᠡ ᠡᠬᠦᠰᠬᠡᠨ ᠲᠠᠶᠢᠯᠪᠤᠷᠢᠯᠠᠭᠰᠠᠨ ᠪᠠᠶᠢᠳᠠᠭ᠃

    ︽ᠬᠠᠳᠠᠭ︾ ᠤᠨ ᠢᠵᠠᠭᠤᠷ ᠨᠢ ︽ᠬᠠᠳᠠ︾ ︵ᠬᠠᠳᠠᠬᠤ︶ ᠮᠦᠨ᠃ ᠡᠬᠦᠨ ᠤ ᠲᠤᠤᠷ᠎ᠠ ᠨᠢ ︽‍ᠭ︾

ᠲᠠᠭᠠᠪᠤᠷᠢ ᠵᠠᠯᠭᠠᠭᠠᠤᠨ ︽ᠬᠠᠳᠠᠭ︾ ᠬᠡᠳᠡᠭ ᠬᠠᠳᠠᠭᠤ ᠴᠢᠩᠭ᠎ᠠ ᠶᠤᠰᠤ ᠶᠢ ᠵᠢᠭᠠᠵᠤ ᠴᠢᠳᠠᠬᠤ ᠪᠤᠳᠡᠰ ᠤᠨ ᠨᠠᠷ᠎ᠠ

ᠪᠤᠯᠵᠠᠢ᠃ ᠪᠠᠰᠨ ︽ᠬᠠᠳᠠᠭ + ᠠ — ᠬᠠᠳᠠᠬ᠎ᠠ ︵ᠬᠠᠳᠠᠭ᠎ᠠ︶︾ ᠬᠡᠰᠠᠨ ︽ᠡᠷᠬᠢᠮ ᠴᠢᠬᠤᠯᠨ︾ ᠬᠡᠰᠠᠨ ᠤᠣᠠᠬ᠎ᠠ ᠪᠦᠬᠦᠢ

ᠦᠬᠡ ᠪᠤᠢ ᠪᠤᠯᠵᠠᠢ᠃ ︽ᠬᠠᠳᠠᠭ᠎ᠠ︾ ᠬᠡᠳᠡᠭ ᠦᠬᠡ ᠶᠢ ᠤᠳᠤ ᠴᠤ ᠬᠡᠰᠠᠨ ᠬᠤᠷᠴᠢᠨ᠂ ᠪᠠᠭᠠᠷᠢᠨ ᠳᠤ ︽ᠡᠷᠬᠢᠮ ᠴᠢᠬᠤᠯᠨ︾

ᠬᠡᠰᠠᠨ ᠤᠳᠬ᠎ᠠ ᠪᠠᠷ ᠠᠮᠡᠨ ᠶᠠᠷᠢᠶᠠᠨ ᠳᠤ ᠨᠠᠶᠢᠳᠠᠮ ᠬᠡᠷᠡᠭᠯᠡᠭᠳᠡᠵᠦ ᠪᠤᠢ᠃ ︽ᠬᠠᠳᠠᠭ᠎ᠠ + ‍ᠯᠨ — ᠬᠠᠳᠠᠭᠠᠯᠨ︾ ᠬᠡᠰᠠᠨ

ᠡᠷᠬᠢᠮᠨᠠᠨ ᠬᠤᠷᠢᠶᠠᠬᠤ ᠶᠢ ᠵᠢᠭᠠᠭᠰᠠᠨ ᠦᠬᠡ ᠪᠤᠢ ᠪᠤᠯᠤᠭᠰᠠᠨ ᠪᠠᠶᠢᠨ᠎ᠠ᠃ ᠡᠶᠢᠮᠤ ᠠᠴᠠ ᠬᠠᠳᠠᠭ ᠪᠤᠯ

ᠮᠤᠩᠭᠤᠯᠴᠤᠤᠨ ᠤᠨ ᠬᠠᠳᠠᠭᠤ ᠴᠢᠩᠭ᠎ᠠ ᠶᠤᠰᠤ ᠳᠤ ᠬᠡᠷᠡᠭᠯᠠᠬᠦ ᠪᠠᠯᠬᠡᠳᠠᠯ ᠤᠨ ᠡᠳ᠋ ᠮᠦᠨ᠃ ︽ᠠᠮᠠᠨ

ᠬᠠᠳᠠᠭ ᠲᠠᠯᠪᠢᠬᠤ︾ ᠪᠤᠶᠤ ᠤᠷᠤᠭ ᠲᠦᠷᠤᠯ ᠤᠨ ᠬᠠᠷᠢᠴᠠᠭᠠᠨ ᠲᠠᠬᠡᠷ᠎ᠠ ︽ᠬᠠᠳᠠᠭ ᠠᠯᠴᠢᠭᠤᠷ︾ ᠲᠠᠯᠪᠢᠪᠠᠯ᠂ ᠤᠷᠤᠭ

ᠲᠦᠷᠤᠯ ᠤᠨ ᠬᠤᠯᠪᠤᠭ᠎ᠠ ᠵᠢᠩᠬᠢᠨᠢ ᠪᠠᠷ ᠪᠠᠳᠤᠯᠠᠭᠳᠠᠵᠤ ᠬᠦᠳᠠᠯᠤᠰᠢ ᠦᠬᠡᠢ ᠲᠤᠭᠳᠠᠪᠤᠷᠢᠳᠠᠢ ᠪᠤᠯᠤᠭᠰᠠᠨ ᠢ ᠢᠯᠡᠤᠨᠬᠡᠳᠡᠭ ᠶᠤᠮ᠃

ᠡᠨ᠋ᠨ ᠨᠢ ᠲᠠᠷᠤᠢ ᠬᠠᠳᠠᠭᠰᠠᠨ ᠬᠠᠳᠠᠭᠠᠰᠤ᠂ ᠦᠳᠤᠭ᠍ᠰᠠᠨ ᠦᠳᠤᠬᠡᠰᠤ ᠰᠢᠭ ᠰᠠᠯᠵᠤ ᠪᠤᠯᠤᠰᠢ ᠦᠬᠡᠢ ᠪᠤᠯᠳᠠᠭ᠃

    ᠵᠠᠬᠠᠴᠢᠨ ᠨᠤᠳᠤᠭ ᠲᠤ ︽ᠬᠠᠭᠤᠯᠤᠰᠢ ᠦᠬᠡᠢ ᠬᠤᠶᠢᠬ᠎ᠠ ᠪᠠᠨ ᠦᠭᠴᠤ᠂ ᠬᠠᠭᠤᠯᠤᠷᠠᠰᠢ ᠦᠬᠡᠢ ᠬᠠᠳᠠᠭ ᠢᠶᠠᠨ ᠪᠠᠷᠢᠶ᠎ᠠ︾ ᠬᠡᠵᠤ

ᠪᠠᠳᠤᠯᠠᠭ᠎ᠠ ᠶᠢᠨ ᠬᠠᠳᠠᠭ ᠲᠠᠳᠠᠳᠠᠭ ᠶᠤᠰᠤ ᠪᠠᠶᠢᠳᠠᠭ ᠪᠦᠬᠡᠤᠨ ᠪᠠᠷᠭᠤ ᠨᠤᠳᠤᠭ ᠲᠤ ᠴᠤ

︽ᠬᠠᠳᠠᠭ ᠲᠠᠯᠪᠢᠪᠠᠯ ᠬᠠᠳᠠᠭᠠᠰᠤ ᠪᠤᠯᠤᠨ᠎ᠠ︾ ᠬᠡᠵᠤ ᠶᠠᠷᠢᠳᠠᠭ᠃ ᠡᠨᠡ ᠨᠢ ᠲᠠᠷᠤᠢ ︽ᠬᠠᠳᠠᠭ ᠲᠠᠯᠪᠢᠬᠤ ᠶᠤᠰᠤ︾ ᠪᠤᠯ

ᠮᠤᠩᠭᠤᠯᠴᠤᠤᠨ ᠤᠨ ᠡᠷᠳᠠ ᠲᠠᠬᠡᠳᠤ ᠦᠶ᠎ᠠ ᠠᠴᠠ ᠤᠯᠠᠮᠵᠢᠯᠠᠨ ᠢᠷᠡᠭᠰᠠᠨ ᠠᠮᠠᠨ ᠲᠠᠩᠭᠠᠷᠢᠭ ᠢᠶᠠᠨ ᠦᠭᠬᠦᠭᠰᠠᠨ ᠬᠠᠳᠠᠭᠤ ᠴᠢᠩᠭ᠎ᠠ ᠶᠤᠰᠤ᠂

ᠬᠦᠨᠳᠤ ᠶᠢᠨ ᠶᠤᠰᠤᠨ ᠤ ᠬᠦᠨᠳᠤᠳᠤ ᠡᠳ᠋ ᠮᠦᠨ ᠬᠡᠰᠠᠨ ᠢ ᠬᠠᠷᠠᠭᠤᠯᠵᠤ ᠪᠤᠢ᠃

    ︽ᠲᠦᠷᠺ ᠬᠡᠯᠠᠨ ᠤ ᠨᠤᠳᠤᠭ ᠤᠨ ᠠᠶᠠᠯᠭᠤᠨ ᠤ ᠲᠤᠷᠰᠢᠨ ᠬᠡᠷᠡᠭᠯᠠᠬᠦ ᠦᠬᠡᠰ ᠤᠨ ᠲᠤᠯᠢ︾ ᠶᠢ ᠦᠨᠳᠤᠰᠤᠯᠠᠪᠠᠯ ᠡᠷᠳᠠᠨ ᠤ

ᠲᠦᠷᠺ ᠤᠨ ︽ᠬᠠᠳᠠᠭ︾ ᠬᠡᠳᠡᠭ ᠦᠬᠡ ᠪᠤᠯ ᠪᠠᠯᠡᠭ ᠲᠤ ᠦᠭᠬᠦ ᠠᠯᠴᠢᠭᠤᠷ ᠪᠤᠶᠤ ᠤᠯᠤᠰᠤ ᠮᠢᠨᠳᠠᠰᠤ ᠪᠠᠷ

ᠨᠠᠬᠡᠭᠰᠠᠨ ᠪᠦᠰ ᠵᠠᠷᠬᠡ ᠲᠤᠭᠳᠠᠪᠤᠷᠢ ᠳᠤ ᠬᠡᠷᠡᠭᠯᠠᠬᠦ ᠡᠩᠳᠤ ᠶᠢ ᠵᠢᠭᠠᠬᠤ ᠶᠤᠮ ᠪᠠᠶᠢᠨ᠎ᠠ᠃ ᠡᠨᠡ ᠨᠢ ᠲᠠᠷᠤᠢ

ᠤᠳᠤ ᠶᠢᠨ ᠤᠷᠳᠤᠰᠴᠤᠤᠨ ᠤᠨ ᠬᠦᠨᠳᠤ ᠶᠢᠨ ᠪᠤᠯᠵᠤᠭᠠᠨ ᠤ ᠶᠤᠰᠤᠨ ᠳᠠᠬᠢ ︽ᠠᠷᠢᠬᠢ ᠠᠯᠴᠢᠭᠤᠷ ᠤᠣᠭᠤᠯᠭᠠᠬᠤ︾᠂

︽ᠬᠠᠳᠠᠭ ᠠᠯᠴᠢᠭᠤᠷ ᠲᠠᠯᠪᠢᠬᠤ︾ ᠬᠡᠳᠡᠭ ᠨᠢ ᠠᠯᠳᠠᠢ ᠢᠵᠠᠭᠤᠷ ᠬᠡᠯᠠᠳᠦ ᠦᠨᠳᠦᠰᠦᠳᠡᠨ ᠨᠦᠭᠦᠳ ᠤᠨ ︽ᠬᠠᠳᠠᠭ ᠠᠯᠴᠢᠭᠤᠷ︾ ᠬᠡᠮᠠᠬᠦ

ᠲᠤᠭᠳᠠᠪᠤᠷᠢ ᠶᠢ ᠵᠢᠭᠠᠬᠤ ᠬᠤᠯᠪᠤᠭ᠎ᠠ ᠦᠬᠡ ᠠᠴᠠ ᠢᠷᠠᠯᠳᠠ ᠲᠠᠢ ᠬᠡᠳᠡᠭ ᠢ ᠬᠡᠷᠠᠴᠢᠯᠠᠵᠤ ᠪᠤᠢ᠃

ᠲᠦᠪᠠᠳᠴᠤᠤᠨ ᠡᠨ᠋ᠨ ᠬᠦ ︽ᠬᠠᠳᠠᠭ ᠠᠯᠴᠢᠭᠤᠷ︾ ᠬᠡᠳᠡᠭ ᠬᠤᠯᠪᠤᠭ᠎ᠠ ᠦᠬᠡ ᠶᠢ ᠠᠩᠬᠠᠨ ᠳᠠᠭᠠᠨ ︽ᠺᠠᠳᠠᠭ︾

ᠬᠡᠵᠤ ᠰᠢᠭᠤᠤᠨ ᠠᠪᠢᠶᠠᠴᠢᠯᠠᠨ ᠬᠡᠷᠡᠭᠯᠠᠵᠤ ᠪᠠᠶᠢᠭᠠᠤᠨ ᠰᠠᠬᠦᠯᠠᠷ ᠨᠢ ︽ᠠᠯᠴᠢᠭᠤᠷ︾ ᠬᠡᠰᠠᠨ ᠤᠣᠠᠬ᠎ᠠ ᠪᠠᠷ ᠨᠢ ︽ᠨᠢᠨᠳᠠᠷ︾ ᠬᠡᠵᠤ

ᠤᠷᠴᠢᠭᠤᠯᠤᠨ ᠬᠡᠷᠡᠭᠯᠠᠬᠦ ᠪᠤᠯᠵᠠᠢ᠃

    ᠮᠤᠩᠭᠤᠯ ᠬᠡᠯᠠᠨ ᠤ ᠦᠬᠡ ᠶᠢᠨ ᠭᠠᠷᠤᠯ ᠤᠨ ᠵᠦᠢ᠂ ᠦᠬᠡᠰ ᠤᠨ ᠰᠠᠩ ᠤᠨ ᠵᠦᠢ ᠪᠤᠯᠤᠨ ︽ᠲᠦᠪᠠᠤᠨ ᠦᠨᠳᠤᠰᠤᠳᠠᠨ ᠤ

ᠬᠠᠳᠠᠭ ᠤᠨ ᠰᠤᠶᠤᠯ ᠤᠨ ᠲᠠᠤᠬᠡ︾ ᠵᠡᠷᠬᠡ ᠲᠠᠤᠬᠡᠨ ᠮᠠᠲ᠋ᠧᠷᠢᠶᠠᠯ ᠠᠴᠠ ᠦᠵᠡᠪᠡᠯ᠂ ᠬᠠᠳᠠᠭ ᠤᠨ ᠰᠤᠶᠤᠯ ᠪᠤᠯ

ᠮᠤᠩᠭᠤᠯᠴᠤᠤᠨ ᠤᠨ ᠤᠣᠭᠠᠨ ᠰᠤᠶᠤᠯ ᠮᠦᠨ ᠨᠢ ᠪᠠᠳᠤᠳᠠᠢ ᠶᠤᠮ᠃



 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号