ᠤᠯᠠᠭᠠᠨᠮᠦ᠋ᠴᠢᠷ ᠬᠡᠬᠦ ᠦᠨᠳᠤᠷ ᠠᠭᠤᠯᠠ ᠪᠠᠨ ᠡᠷᠬᠢᠨ ᠬᠠᠷᠠᠬᠤᠶ᠎ᠠ
ᠨᠡᠶᠢᠲᠡᠯᠡᠭᠰᠡᠨ ᠴᠠᠭ᠄
2020/7/7
2017 ᠤᠨ ᠤ 11 ᠰᠠᠷ᠎ᠠ ᠶᠢᠨ 21 ᠤ ᠡᠳᠦᠷ ᠶᠡᠷᠦᠩᠭᠡᠢ ᠱᠦᠵᠢ ᠰᠢ ᠶᠢᠨ ᠫᠢᠡᠭ ᠰᠢᠯᠢ ᠶᠢᠨ ᠭᠤᠤᠯ ᠠᠶᠢᠮᠠᠬ ᠤᠨ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠡᠰᠢᠬᠦᠳ ᠲᠤ ᠬᠠᠷᠢᠭᠤ ᠵᠠᠬᠢᠳᠠᠯ ᠢᠷᠡᠬᠦᠯᠦᠭᠰᠡᠨ ᠢᠶᠠᠷ᠂ ᠦᠪᠦᠷ ᠮᠤᠩᠭᠤᠯ ᠪᠤᠯᠤᠨ ᠪᠦᠬᠦ ᠤᠯᠤᠰ ᠤᠨ ᠤᠳᠬ᠎ᠠ ᠤᠷᠠᠯᠢᠬ ᠤᠨ ᠡᠳᠡᠬᠡᠳ ᠤᠨ ᠬᠢᠨ ᠳᠤ ᠤᠯᠠᠭᠠᠨᠮᠦ᠋ᠴᠢᠷ ᠠᠴᠠ ᠰᠤᠷᠤᠯᠴᠠᠬᠤ ᠬᠠᠯᠠᠭᠤᠨ ᠦᠷᠨᠢᠯᠳᠡ ᠭᠠᠷᠴᠤ᠂ ᠡᠬᠦᠨ ᠢ ᠲᠠᠭᠠᠯᠳᠤᠨ ᠤᠯᠠᠨ ᠠᠷᠪᠢᠨ ᠶᠠᠷᠢᠶ᠎ᠠ ᠪᠤᠯᠤᠨ ᠵᠤᠬᠢᠶᠠᠯ ᠨᠡᠶᠢᠳᠡᠯᠡᠭᠳᠡᠵᠦ᠂ ᠤᠯᠠᠭᠠᠨᠮᠦ᠋ᠴᠢᠷ ᠤᠨ ᠬᠠᠮᠢᠶ᠎ᠠ ᠲᠠᠢ ᠠᠰᠠᠭᠤᠳᠠᠯ ᠤᠨ ᠲᠤᠬᠠᠢ ᠵᠠᠳᠠᠯᠵᠤ ᠰᠤᠳᠤᠯᠤᠬᠰᠠᠨ ᠨᠢ ᠮᠠᠰᠢ ᠬᠦᠨᠵᠡᠬᠡᠢ ᠪᠦᠬᠡᠳ ᠤᠨᠤᠪᠴᠢᠳᠠᠢ ᠪᠤᠯᠵᠤ ᠴᠢᠳᠠᠪᠠ᠃ ᠡᠶᠢᠮᠦ ᠪᠤᠯᠬᠤᠷ ᠲᠤᠰ ᠵᠤᠬᠢᠶᠠᠯ ᠳᠠᠭᠠᠨ ᠪᠢ ᠲᠡᠶᠢᠮᠦ ᠤᠯᠠᠨ ᠶᠤᠰᠤ ᠤᠴᠢᠷ ᠢ ᠶᠠᠷᠢᠬᠤ ᠦᠬᠡᠢ᠂ ᠬᠠᠷᠢᠨ ᠮᠠᠨ ᠤ ᠠᠬᠠᠮᠠᠳ ᠦᠶ᠎ᠠ ᠶᠢᠨ ᠤᠳᠬ᠎ᠠ ᠤᠷᠠᠯᠢᠬ ᠤᠨ ᠠᠵᠢᠯᠳᠠᠳ ᠲᠤ ᠠᠪᠴᠤ ᠬᠡᠯᠡᠪᠡᠯ ᠤᠯᠠᠭᠠᠨᠮᠦ᠋ᠴᠢᠷ ᠤᠨ ᠦᠵᠡᠭᠳᠡᠯ ᠪᠤᠯᠤᠨ ᠤᠯᠠᠭᠠᠨᠮᠦ᠋ᠴᠢᠷ ᠤᠨ ᠰᠤᠶᠤᠯ ᠨᠢ ᠪᠢᠳᠡᠨ ᠤ ᠬᠦᠮᠦᠨ ᠪᠦᠬᠦᠨ ᠲᠠᠢ ᠰᠢᠭᠤᠳ ᠪᠤᠶᠤ ᠲᠠᠮ ᠤᠨ ᠬᠠᠷᠢᠴᠠᠭ᠎ᠠ ᠬᠤᠯᠪᠤᠭ᠎ᠠ ᠲᠠᠢ ᠪᠠᠶᠢᠳᠠᠬ ᠢ ᠦᠬᠦᠯᠡᠬᠦ ᠬᠡᠰᠡᠨ ᠶᠤᠮ᠃ ᠤᠯᠠᠭᠠᠨᠮᠦ᠋ᠴᠢᠷ ᠨᠢ ᠶᠠᠬ ᠯᠡ ᠦᠨᠳᠤᠷ ᠰᠦᠷᠯᠢᠭ ᠬᠠᠨ ᠠᠭᠤᠯᠠ ᠰᠢᠬ ᠢᠶᠠᠨ ᠰᠡᠬᠦ᠋ᠢᠨ ᠰᠦᠨᠳᠡᠷᠯᠡᠵᠤ᠂ ᠦᠵᠡᠬᠦ ᠲᠤᠰᠤᠮ ᠢᠶᠠᠨ ᠡᠬᠡᠯᠢᠳᠡᠢ᠂ ᠡᠷᠬᠢᠴᠡᠬᠦᠯᠬᠦ ᠲᠤᠳᠤᠮ ᠢᠶᠠᠨ ᠬᠠᠶᠢᠷᠠᠯᠠᠯᠳᠠᠢ ᠰᠠᠨᠠᠬᠳᠠᠨ᠎ᠠ ᠪᠢᠯᠡ᠃
     ᠮᠠᠷᠳᠠᠬᠳᠠᠰᠢ ᠦᠬᠡᠢ ᠲᠡᠷᠡ ᠰᠦᠨᠢ
     
ᠪᠢ ᠠᠩᠬ᠎ᠠ ᠤᠳᠠᠭ᠎ᠠ ᠪᠠᠨ ᠤᠯᠠᠭᠠᠨᠮᠦ᠋ᠴᠢᠷ ᠤᠨ ᠲᠤᠬᠯᠠᠯᠳᠠ ᠶᠢ ᠰᠤᠨᠢᠷᠬᠠᠬᠰᠠᠨ ᠨᠢ ᠤᠳᠤ ᠠᠴᠠ 53 ᠵᠢᠯ ᠤᠨ ᠡᠮᠦᠨᠡᠬᠢ ᠤᠴᠢᠷ ᠪᠠᠶᠢᠵᠤ ᠮᠠᠷᠳᠠᠬᠳᠠᠰᠢ ᠦᠬᠡᠢ ᠲᠤᠷᠠᠳᠬᠠᠯ ᠪᠤᠯᠵᠤ ᠰᠡᠳᠬᠢᠯ ᠳᠤ ᠬᠤᠨᠤᠬᠰᠢᠵᠠᠢ᠃ 1965 ᠤᠨ ᠤ ᠨᠠᠮᠤᠷ᠂ ᠪᠢ ᠲᠤᠮᠳᠠᠳᠤ ᠤᠯᠤᠰ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠶᠢᠨ ᠲᠠᠭᠤᠤ ᠬᠦᠭᠵᠢᠮ ᠤᠨ ᠤᠨᠤᠯ ᠤᠨ ᠰᠠᠯᠪᠤᠷᠢ ᠠᠴᠠ ᠲᠡᠬᠦᠰᠦᠨ ᠰᠤᠷᠭᠠᠭᠤᠯᠢ ᠳᠠᠭᠠᠨ ᠦᠯᠡᠳᠡᠨ ᠠᠵᠢᠯᠯᠠᠪᠠ᠃ ᠦᠪᠦᠷ ᠮᠤᠩᠭᠤᠯ ᠤᠨ ᠤᠯᠠᠭᠠᠨᠮᠦ᠋ᠴᠢᠷ ᠤᠨ ᠲᠤᠭᠤᠷᠢᠨ ᠲᠤᠬᠯᠠᠯᠳᠠ ᠤᠳᠠᠯ ᠦᠬᠡᠢ ᠪᠡᠬᠡᠵᠢᠩ ᠳᠤ ᠢᠷᠡᠵᠤ ᠲᠤᠬᠯᠠᠯᠳᠠ ᠭᠠᠷᠭᠠᠬᠤ ᠴᠢᠮᠡᠭᠡ ᠨᠢ ᠲᠤᠬᠠᠢ ᠶᠢᠨ ᠦᠶ᠎ᠠ ᠳᠤ ᠮᠠᠰᠢ ᠶᠡᠭᠡ ᠰᠤᠨᠢᠨ ᠮᠡᠳᠡᠭᠡ ᠪᠤᠯᠵᠤ ᠪᠡᠬᠡᠵᠢᠩ ᠳᠤ ᠪᠠᠶᠢᠭ᠎ᠠ ᠮᠤᠩᠭᠤᠯᠴᠤᠳ ᠤᠨ ᠲᠤᠮᠳᠠ ᠬᠠᠯᠠᠭᠤᠨ ᠲᠤᠰᠬᠠᠯ ᠭᠠᠷᠪᠠ᠃ ᠬᠦᠮᠦᠰ ᠬᠤᠭᠤᠷᠤ ᠵᠠᠭᠤᠷ᠎ᠠ ᠪᠠᠨ ᠴᠢᠮᠡᠭᠡ ᠦᠭᠴᠤ ᠬᠤᠨᠤᠬ ᠲᠤᠭᠠᠯᠠᠨ ᠬᠦᠯᠢᠶᠡᠵᠤ᠂ ᠨᠡᠶᠢᠰᠯᠡᠯ ᠤᠨ ᠤᠷᠠᠯᠢᠬ ᠤᠨ ᠲᠠᠶᠢᠰᠠᠨ ᠳᠤ ᠨᠤᠳᠤᠭ ᠤᠨ ᠢᠶᠠᠨ ᠤᠯᠠᠭᠠᠨᠮᠦ᠋ᠴᠢᠷ ᠤᠨ ᠭᠤᠴᠤ ᠲᠤᠬᠯᠠᠯᠳᠠ ᠶᠢ ᠰᠤᠨᠢᠷᠬᠠᠬᠤ ᠪᠠᠷ ᠬᠦᠰᠡᠵᠤ ᠪᠠᠶᠢᠪᠠ᠃ ᠬᠦᠯᠢᠶᠡᠭᠰᠡᠭᠡᠷ ᠪᠠᠶᠢᠵᠦ ᠡᠨᠡ ᠡᠳᠦᠷ ᠦᠨᠡᠬᠡᠷ ᠬᠦᠷᠴᠤ ᠢᠷᠡᠯ᠎ᠠ᠂ ᠪᠢ ᠴᠢᠷᠮᠠᠶᠢᠵᠤ ᠪᠠᠶᠢᠭᠠᠳ ᠬᠤᠶᠠᠷ ᠪᠢᠯᠧᠲ ᠤᠯᠵᠤ᠂ ᠲᠠᠭᠤᠤ ᠬᠦᠭᠵᠢᠮ ᠤᠨ ᠤᠨᠤᠯ ᠤᠨ ᠰᠠᠯᠪᠤᠷᠢ ᠶᠢᠨ ᠤᠶᠤᠳᠠᠨ ᠮᠠᠨᠳᠤᠬᠤ ᠲᠠᠢ ᠬᠠᠮᠳᠦ ᠬᠠᠢ ᠳ᠋ᠢᠶᠠᠨ ᠵᠦᠴᠦᠬᠡ ᠶᠢᠨ ᠲᠠᠯᠠᠪᠠᠢ ᠳᠤ ᠬᠦᠷᠦᠭᠰᠡᠨ ᠶᠤᠮ᠃
     
ᠢᠷᠠᠭᠤ ᠬᠦᠭᠵᠢᠮ ᠴᠤᠤᠷᠢᠶᠠᠳᠤᠵᠤ᠂ ᠲᠤᠷᠭᠠᠨ ᠬᠦᠰᠢᠬᠡ ᠰᠡᠬᠦᠭᠳᠡᠵᠤ᠂ ᠤᠯᠠᠭᠠᠨᠮᠦ᠋ᠴᠢᠷ ᠤᠨ ᠲᠤᠬᠯᠠᠯᠳᠠ ᠡᠬᠢᠯᠡᠯ᠎ᠠ᠃ ᠪᠦᠬᠦ ᠠᠩᠬᠢ ᠶᠢᠨ 12 ᠲᠤᠬᠯᠠᠬᠴᠢ ᠡᠬᠡᠯᠵᠢᠯᠡᠨ ᠲᠠᠶᠢᠰᠠᠨ ᠳᠤ ᠭᠠᠷᠴᠤ᠂ ᠨᠡᠶᠢᠳᠡ 17 ᠲᠤᠬᠯᠠᠯᠳᠠ ᠭᠠᠷᠭᠠᠪᠠ᠃ ᠪᠦᠬᠦ ᠲᠤᠬᠯᠠᠯᠳᠠ ᠨᠢ ᠤᠬᠤᠷ ᠠᠪᠰᠠᠷ ᠭᠤᠴᠤ ᠰᠠᠶᠢᠬᠠᠨ᠂ ᠬᠡᠯᠪᠡᠷᠢ ᠨᠢ ᠤᠯᠠᠨ ᠶᠠᠩᠵᠤ ᠶᠢᠨ ᠠᠮᠢᠳᠤ ᠴᠤᠪᠤᠭᠤᠯᠢᠬ᠃ ᠭᠤᠴᠤᠯᠠᠯ ᠲᠠᠭᠤᠤ᠂ ᠭᠤᠴᠤᠯᠠᠯ ᠬᠦᠭᠵᠢᠮ᠂ ᠭᠤᠴᠤᠯᠠᠯ ᠪᠦᠵᠢᠭ᠂ ᠬᠤᠯᠪᠤᠭ᠎ᠠ᠂ ᠡᠯᠬᠦᠯᠴᠡᠭᠡ ᠪᠠᠶᠢᠬᠤ ᠪᠦᠬᠡᠳ ᠪᠠᠰᠠ ᠪᠠᠭ᠎ᠠ ᠨᠠᠶᠢᠷᠠᠯ ᠲᠠᠭᠤᠤ᠂ ᠬᠠᠮᠳᠤ ᠶᠢᠨ ᠬᠦᠭᠵᠢᠮ᠂ ᠬᠠᠮᠳᠤ ᠶᠢᠨ ᠪᠦᠵᠢᠭ ᠪᠠᠶᠢᠵᠤ᠂ ᠠᠭᠤᠯᠭ᠎ᠠ ᠨᠢ ᠪᠤᠳᠠᠳᠠᠢ ᠲᠠᠢ ᠤᠢᠢᠷᠠᠳᠤᠵᠤ᠂ ᠲᠠᠯ᠎ᠠ ᠨᠤᠳᠤᠭ ᠤᠨ ᠠᠮᠢᠳᠤᠷᠠᠯ ᠤᠨ ᠦᠨᠦᠷ ᠠᠮᠳᠠ ᠪᠠᠷ ᠪᠢᠯᠬᠠᠵᠤ ᠪᠠᠶᠢᠪᠠ᠃ ᠲᠤᠬᠯᠬᠠᠴᠢᠳ ᠤᠨ ᠲᠤᠬᠯᠠᠯᠳᠠ ᠨᠢ ᠪᠤᠷᠤᠬᠵᠢᠭᠤᠨ ᠰᠠᠶᠢᠬᠠᠨ᠂ ᠰᠡᠳᠬᠢᠯᠬᠡ ᠤᠷᠬᠢᠯᠤᠮ᠎ᠠ᠂ ᠢᠳᠡᠬᠡᠯ ᠲᠡᠬᠦᠯᠳᠡᠷ ᠪᠠᠶᠢᠵᠤ ᠪᠦᠬᠦ ᠲᠠᠯᠠᠪᠠᠢ ᠶᠢᠨ ᠦᠵᠡᠭᠴᠢᠳ ᠦᠶ᠎ᠠ ᠦᠶ᠎ᠠ ᠠᠯᠠᠭ᠎ᠠ ᠲᠠᠰᠢᠨ ︽ᠰᠠᠶᠢᠨ᠂ ᠰᠠᠶᠢᠨ︾ ᠬᠡᠵᠤ ᠤᠤᠬᠠᠢ ᠬᠠᠰᠬᠢᠷᠴᠤ᠂ ᠲᠠᠯᠠᠪᠠᠢ ᠲᠠᠶᠠᠭᠠᠷ ᠬᠠᠯᠠᠭᠤᠨ ᠬᠦᠭᠵᠢᠶᠡᠨ ᠪᠢᠯᠬᠠᠵᠠᠢ᠃
     ᠲᠠᠶᠢᠰᠠᠨ ᠲᠡᠬᠡᠷᠡᠬᠢ ᠬᠡᠳᠦᠨ
ᠮᠤᠩᠭᠤᠯ ᠭᠤᠤᠯ ᠲᠤᠬᠯᠠᠬᠴᠢ ᠶᠢᠨ ᠤᠯᠠᠩᠬᠢ ᠨᠢ ᠮᠠᠯᠵᠢᠬᠤ ᠲᠠᠷᠢᠶᠠᠯᠠᠬᠤ ᠤᠷᠤᠨ ᠠᠴᠠ ᠢᠷᠡᠭᠰᠡᠨ ᠶᠤᠮ᠃ ᠵᠢᠱᠢᠶᠠᠯᠠᠪᠠᠯ ᠮᠦᠯᠠᠨ ᠪᠤᠯ ᠲᠤᠰ ᠠᠩᠬᠢ ᠶᠢᠨ ᠭᠤᠴᠤᠯᠠᠯ ᠲᠠᠭᠤᠴᠢᠨ ᠪᠠᠶᠢᠵᠤ ᠲᠤᠬᠠᠢ ᠶᠢᠨ ᠵᠢᠯ ᠰᠠᠶ᠋ᠢ ᠬᠤᠷᠢᠨ ᠬᠤᠶᠠᠷᠳᠠᠢ ᠪᠠᠶᠢᠪᠠ᠃ ᠲᠡᠷᠡ ︽ᠦᠪᠦᠷ ᠮᠤᠩᠭᠤᠯ ᠰᠠᠶᠢᠬᠠᠨ︾᠂ ︽ᠲᠠᠯ᠎ᠠ ᠨᠤᠳᠤᠭ ᠤᠨ ᠡᠵᠡᠨ︾ ᠵᠡᠷᠭᠡ ᠲᠠᠭᠤᠤ ᠶᠢ ᠲᠠᠭᠤᠯᠠᠪᠠ᠃ ᠲᠡᠬᠦᠨ ᠤ ᠲᠠᠭᠤᠨ ᠤ ᠦᠡᠭᠭᠡ ᠴᠡᠪᠡᠷ ᠲᠤᠩᠭᠠᠯᠠᠬ᠂ ᠢᠷᠠᠭᠤ ᠤᠶᠠᠩᠭᠠᠯᠢᠬ ᠪᠦᠬᠡᠳ ᠰᠤᠬᠳᠠᠭ᠎ᠠ ᠰᠠᠶᠢᠬᠠᠨ ᠪᠠᠶ᠎ᠠ ᠭᠠᠯᠪᠢᠷ᠂ ᠭᠤᠶᠤ ᠦᠵᠡᠰᠬᠦᠯᠡᠩ ᠦᠡᠭᠭᠡ ᠵᠢᠰᠦ ᠠᠴᠠ ᠨᠢ ᠬᠤᠪᠤᠷ ᠤᠯᠳᠠᠬᠤ ᠰᠠᠶᠢᠨ ᠲᠤᠬᠯᠠᠬᠴᠢ ᠬᠡᠳᠡᠭ ᠨᠢ ᠮᠡᠳᠡᠭᠳᠡᠵᠤ ᠪᠠᠶᠢᠪᠠ᠃ ᠮᠤᠷᠢᠨ ᠬᠤᠭᠤᠷ ᠤᠨ ᠭᠤᠴᠤᠯᠠᠯ ᠬᠦᠭᠵᠢᠮᠴᠢᠨ ᠲᠠᠷᠮ᠎ᠠ ᠦᠬᠡᠷᠡᠴᠢᠯᠡᠨ ᠨᠠᠶᠢᠷᠠᠭᠤᠯᠤᠬᠰᠠᠨ ︽ᠴᠡᠴᠡᠭ ᠲᠤ ᠰᠤᠬᠳᠤᠭᠤᠷᠠᠬᠰᠠᠨ ᠡᠷᠪᠡᠬᠡᠢ︾᠂ ︽ᠬᠦᠳᠡᠯᠮᠦᠷᠢ ᠶᠢᠨ ᠵᠢᠱᠢᠶᠠᠴᠢ ᠨᠠᠪᠴᠢᠮ᠎ᠠ︾ ᠵᠡᠷᠭᠡ ᠶᠢ ᠤᠷᠤᠰᠤᠮ᠎ᠠ ᠰᠠᠶᠢᠬᠠᠨ ᠬᠦᠭᠵᠢᠮᠳᠡᠵᠤ ᠦᠪᠡᠷ ᠤᠨ ᠬᠡᠮᠵᠢᠶᠡᠯᠡᠰᠢ ᠦᠬᠡᠢ ᠠᠯᠤᠰ ᠢᠷᠡᠬᠡᠳᠦᠢ ᠲᠠᠢ ᠬᠡᠳᠡᠭ ᠢᠶᠠᠨ ᠢᠯᠡᠷᠡᠬᠦᠯᠵᠤ ᠪᠠᠶᠢᠪᠠ᠃ ᠷᠠᠰᠢᠠᠤᠤᠨᠼᠡᠷ ︽ᠪᠠᠭᠠᠳᠤᠷ ᠠᠳᠤᠭᠤᠴᠢᠨ︾ ᠬᠡᠳᠡᠭ ᠬᠤᠯᠪᠤᠭ᠎ᠠ ᠶᠢ ᠲᠠᠭᠠᠭᠤᠯᠤᠨ ᠲᠠᠭᠤᠯᠠᠵᠤ᠂ ᠤᠯᠠᠮᠵᠢᠯᠠᠯᠳᠤ ᠲᠠᠭᠤᠤᠷᠢᠯᠢᠬ ᠤᠨ ᠬᠡᠯᠪᠡᠷᠢ ᠪᠠᠷ ᠮᠠᠯᠴᠢᠨ ᠲᠦᠮᠡᠨ ᠤ ᠬᠦᠳᠡᠯᠮᠦᠷᠢ ᠦᠢᠯᠡᠳᠪᠦᠷᠢᠯᠡᠯ ᠢ ᠠᠮᠢᠳᠤᠯᠢᠬ ᠢᠯᠡᠷᠡᠬᠦᠯᠵᠤ᠂ ᠱᠤᠬ ᠶᠦᠮᠦᠷᠯᠢᠭ ᠬᠦᠡᠭᠭᠡᠨ ᠢᠯᠭᠤᠮ ᠪᠠᠶᠢᠵᠤ ᠬᠦᠮᠦᠰ ᠤᠨ ᠤᠷᠮ᠎ᠠ ᠪᠠᠬ᠎ᠠ ᠶᠢ ᠲᠠᠳᠠᠵᠤ ᠪᠠᠶᠢᠪᠠ᠃ ᠪᠠᠰᠠ ᠡᠮᠡᠭᠳᠡᠢ ᠶᠢᠨ ᠭᠤᠴᠤᠯᠠᠯ ᠪᠦᠵᠢᠭ ︽ᠠᠶᠠᠭᠠᠨ ᠪᠦᠵᠢᠭ︾᠂ ᠬᠠᠮᠳᠤ ᠶᠢᠨ ᠪᠦᠵᠢᠭ ︽ᠲᠠᠯ᠎ᠠ ᠨᠤᠳᠤᠭ ᠤᠨ ᠡᠷᠦᠬᠡ ᠶᠢᠨ ᠴᠡᠷᠢᠭ︾᠂ ᠨᠠᠶᠢᠷᠠᠯ ᠬᠦᠭᠵᠢᠮ ︽ᠨᠢᠬᠡᠳᠦᠯ ᠤᠨ ᠠᠳᠤᠭᠤᠨ ᠰᠦᠷᠦᠭ︾ ᠵᠡᠷᠭᠡ ᠲᠤᠬᠯᠠᠯᠳᠠ ᠨᠢ ᠮᠠᠰᠢ ᠭᠤᠶᠤ ᠪᠠᠶᠢᠯ᠎ᠠ᠃
   
 ᠨᠡᠶᠢᠰᠯᠡᠯ ᠳᠤ ᠤᠷᠤᠵᠤ ᠲᠤᠬᠯᠠᠯᠳᠠ ᠭᠠᠷᠭᠠᠬᠰᠠᠨ ᠲᠤᠰ ᠤᠯᠠᠭᠠᠨᠮᠦ᠋ᠴᠢᠷ ᠤᠨ ᠬᠡᠰᠢᠬᠦᠳ ᠨᠢ ᠮᠤᠩᠭᠤᠯ᠂ ᠬᠢᠳᠡᠳ᠂ ᠲᠠᠭᠤᠷ᠂ ᠡᠸᠠᠩᠬᠢ ᠵᠡᠷᠭᠡ ᠲᠦᠷᠪᠡᠨ ᠦᠨᠳᠤᠰᠤᠳᠠᠨ ᠤ ᠲᠤᠬᠯᠠᠬᠴᠢᠳ ᠢᠶᠠᠷ ᠪᠦᠷᠢᠯᠳᠦᠵᠤ᠂ ᠦᠨᠳᠤᠰᠤᠳᠠᠨ ᠤ ᠪᠦᠯᠬᠦᠮᠳᠡᠯ ᠤᠨ ᠡᠩᠨᠡᠭᠡ ᠪᠤᠯᠤᠬᠰᠠᠨ ᠪᠠᠶᠢᠯ᠎ᠠ᠃ ᠰᠡᠬᠦᠯᠡᠷ ᠨᠢ ᠡᠨᠡ ᠬᠦ ᠡᠩᠨᠡᠭᠡ ᠠᠴᠠ ᠬᠡᠳᠦᠨ ᠠᠯᠳᠠᠷᠳᠤ ᠤᠯᠠᠭᠠᠨᠮᠦ᠋ᠴᠢᠷ ᠤᠨ ᠤᠷᠠᠯᠢᠬᠴᠢᠨ ᠴᠤᠯᠭᠤᠷᠠᠨ ᠭᠠᠷᠤᠬᠰᠠᠨ ᠶᠤᠮ᠃ ᠡᠬᠦᠨ ᠳᠤ᠂ ᠠᠯᠳᠠᠷᠳᠤ ᠲᠠᠭᠤᠴᠢᠨ ᠮᠦᠯᠠᠨ᠂ ᠮᠤᠷᠢᠨ ᠬᠤᠭᠤᠷᠴᠢᠨ ᠲᠠᠷᠮ᠎ᠠ᠂ ᠲᠠᠭᠤᠤᠷᠢᠯᠢᠬ ᠤᠨ ᠤᠷᠠᠯᠢᠬᠴᠢᠨ ᠷᠠᠰᠢᠠᠤᠳᠼᠡᠷ᠂ ᠬᠦᠭᠵᠢᠮ ᠤᠨ ᠵᠤᠬᠢᠶᠠᠯᠴᠢ ᠦᠨᠡᠨᠴᠢ ᠵᠡᠷᠭᠡ ᠪᠠᠶᠢᠯᠴᠠᠨ᠎ᠠ᠃
     ᠤᠯᠠᠭᠠᠨᠮᠦ᠋ᠴᠢᠷ ᠤᠨ ᠲᠤᠬᠯᠠᠯᠳᠠ ᠨᠢ ᠮᠢᠨᠦ ᠤᠷᠮ᠎ᠠ
ᠰᠡᠳᠬᠢᠯᠬᠡ ᠶᠢ ᠤᠷᠢᠳᠤ ᠭᠠᠷᠤᠭ᠎ᠠ ᠦᠬᠡᠢ ᠤᠷᠬᠢᠯᠤᠭᠤᠯᠵᠤ᠂ ᠪᠠᠭ᠎ᠠ ᠨᠠᠰᠤ ᠪᠠᠨ ᠡᠷᠬᠡ ᠦᠬᠡᠢ ᠲᠤᠷᠠᠰᠤᠨ ᠰᠠᠨᠠᠭᠠᠯᠵᠠᠯ᠎ᠠ᠃ ᠪᠤᠴᠠᠬᠤ ᠵᠠᠮ ᠳᠠᠭᠠᠨ ᠪᠢ ︽ᠬᠡᠷᠪᠡ ᠪᠢ ᠲᠦᠪ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠳᠤ ᠰᠢᠯᠭᠠᠨ ᠤᠷᠤᠬᠰᠠᠨ ᠦᠬᠡᠢ ᠪᠤᠯ ᠯᠠᠪᠳᠠᠢ ᠤᠯᠠᠭᠠᠨᠮᠦ᠋ᠴᠢᠷ ᠲᠤ ᠤᠷᠤᠨ᠎ᠠ︾ ᠬᠡᠵᠤ ᠪᠤᠳᠤᠯ᠎ᠠ᠃ ᠪᠠᠭ᠎ᠠ ᠳᠠᠭᠠᠨ ᠪᠢ ᠠᠶᠢᠯ ᠲᠤᠰᠬᠤᠨ ᠲᠤᠭᠤᠷᠢᠵᠤ ᠬᠤᠭᠤᠷ ᠲᠠᠳᠠᠨ ᠦᠯᠢᠬᠡᠷ ᠬᠡᠯᠡᠳᠡᠭ ᠬᠤᠭᠤᠷᠴᠢ ᠪᠤᠯᠤᠶ᠎ᠠ ᠬᠡᠰᠡᠨ ᠬᠦᠰᠡᠯ ᠲᠠᠢ ᠪᠠᠶᠢᠵᠠᠢ᠃ ᠶᠠᠬ ᠯᠡ ᠡᠨᠡ ᠤᠷᠤᠢ ᠲᠤᠬᠯᠠᠯᠳᠠ ᠭᠠᠷᠭᠠᠬᠰᠠᠨ ᠤᠯᠠᠭᠠᠨᠮᠦ᠋ᠴᠢᠷ ᠤᠨ ᠤᠯᠠᠩᠬᠢ ᠬᠡᠰᠢᠬᠦᠨ ᠲᠠᠢ ᠠᠳᠠᠯᠢ ᠪᠠᠷ ᠪᠢ ᠪᠠᠰᠠ ᠬᠤᠷᠴᠢᠨ ᠨᠤᠳᠤᠭ ᠤᠨ ᠬᠦᠳᠡᠭᠡ ᠲᠤᠰᠬᠤᠨ ᠳᠤ ᠠᠮᠢᠳᠤᠷᠠᠵᠤ ᠪᠠᠶᠢᠬᠰᠠᠨ ᠶᠤᠮ᠃ ᠮᠢᠨᠦ ᠡᠵᠢ ᠪᠤᠯ ᠲᠤᠬᠠᠢ ᠶᠢᠨ ᠭᠠᠵᠠᠷ ᠤᠷᠤᠨ ᠤ ᠪᠠᠨ ᠨᠡᠷᠡᠳᠤ ᠠᠷᠠᠳ ᠤᠨ ᠲᠠᠭᠤᠴᠢᠨ ᠪᠠᠶᠢᠬᠰᠠᠨ ᠢᠶᠠᠷ ᠪᠢ ᠬᠠᠷᠠᠬᠠᠨ ᠪᠠᠭ᠎ᠠ ᠠᠴᠠ ᠪᠠᠨ ᠬᠡᠷ ᠪᠦᠯᠢ ᠶᠢᠨ ᠨᠦᠯᠦᠬᠡ ᠶᠢ ᠬᠦᠷᠳᠡᠵᠤ ᠠᠷᠠᠳ ᠤᠨ ᠲᠠᠭᠤᠤ ᠬᠦᠭᠵᠢᠮ ᠳᠤ ᠠᠷᠭ᠎ᠠ ᠦᠬᠡᠢ ᠲᠤᠷ᠎ᠠ ᠪᠠᠭ᠋ᠠᠳᠠᠢ ᠪᠤᠯᠵᠠᠢ᠃ ᠲᠡᠬᠡᠬᠡᠳ ᠠᠷᠪᠠᠭᠠᠳ ᠨᠠᠰᠤᠨ ᠳᠠᠭᠠᠨ ᠠᠷᠠᠳ ᠤᠨ ᠲᠠᠭᠤᠤ ᠲᠠᠭᠤᠯᠠᠨ᠂ ᠬᠤᠯᠪᠤᠭ᠎ᠠ ᠬᠡᠯᠡᠵᠤ ᠴᠢᠨᠠᠬᠰᠢᠯᠠᠨ ᠬᠤᠭᠤᠷᠴᠢ ᠶᠢ ᠲᠠᠭᠤᠷᠢᠶᠠᠨ ᠬᠤᠭᠤᠷ ᠤᠨ ᠦᠯᠢᠬᠡᠷ ᠬᠡᠯᠠᠳᠡᠭ ᠪᠠᠶᠢᠪᠠ᠃ ᠦᠨᠡᠨ ᠳᠡᠭᠡᠨ ᠲᠡᠷᠡ ᠦᠶᠡᠰ ᠪᠢ ᠨᠢᠬᠡᠨᠳᠡ ᠪᠢᠴᠢᠬᠠᠨ ᠬᠤᠭᠤᠷᠴᠢ ᠪᠤᠯᠵᠤ᠂ ᠤᠪᠤᠶᠢᠨ ᠳᠤ ᠦᠬᠡᠢ ᠪᠠᠷ ᠠᠷᠠᠳ ᠤᠨ ᠤᠷᠠᠯᠢᠬᠴᠢᠨ ᠤ ᠵᠠᠮ ᠢᠶᠠᠷ ᠠᠯᠬᠤᠵᠤ ᠪᠠᠶᠢᠪᠠ᠃ ᠠᠶᠢᠯ ᠤᠨ ᠡᠪᠦᠭᠡ ᠡᠮᠡᠬᠡᠳ ᠨᠠᠮᠠᠢᠢ ᠲᠤᠰᠬᠠᠢᠢᠯᠠᠨ ᠬᠡᠷ ᠲᠡᠭᠡᠨ ᠲᠠᠭᠤᠳᠠᠵᠤ ᠠᠪᠠᠴᠢᠭᠠᠳ ᠠᠷᠠᠳ ᠤᠨ ᠲᠠᠭᠤᠤ ᠲᠠᠭᠤᠯᠠᠭᠤᠯᠬᠤ ᠪᠤᠶᠦ ᠦᠯᠢᠬᠡᠷ ᠬᠤᠯᠪᠤᠭ᠎ᠠ ᠬᠡᠯᠡᠬᠦᠯᠬᠦ ᠳᠡᠭᠡᠨ ᠠᠮᠳᠠᠷᠬᠠᠨ ᠰᠤᠨᠤᠰᠴᠤ ᠰᠠᠭᠤᠬᠰᠠᠨ ᠲᠡᠳᠡᠨ ᠤ ᠵᠠᠷᠢᠮᠠᠳ ᠨᠢ ᠨᠢᠯᠪᠤᠰᠤ ᠠᠰᠬᠠᠷᠠᠭᠤᠯᠵᠤ ᠪᠠᠶᠢᠳᠠᠭ᠃ ᠮᠠᠨ ᠤ ᠠᠶᠢᠯ ᠤᠨ ᠮᠤᠩᠭᠤᠯᠴᠤᠳ ᠦᠯᠢᠬᠡᠷ ᠬᠤᠯᠪᠤᠭ᠎ᠠ ᠰᠤᠨᠤᠰᠬᠤ ᠲᠤᠷᠠᠳᠠᠢ ᠨᠢ ᠦᠨᠡᠨ᠃ ᠡᠪᠦᠯ ᠤᠷᠤᠬᠤ ᠪᠤᠯᠭᠠᠨ ᠭᠠᠳᠠᠨ᠎ᠠ ᠭᠠᠵᠠᠷ ᠠᠴᠠ ᠬᠤᠭᠤᠷᠴᠢ ᠵᠠᠯᠠᠬᠤ ᠳᠤ ᠮᠠᠰᠢ ᠲᠦᠬᠦᠮ ᠦᠬᠡᠢ ᠪᠤᠯᠬᠤᠷ ᠠᠶᠢᠯ ᠤᠨ ᠠᠬᠠᠮᠠᠳᠴᠤᠤᠯ ᠵᠦᠪᠯᠡᠵᠤ ᠨᠠᠮᠠᠢᠢ ᠠᠶᠢᠯ ᠤᠨ ᠲᠤᠰᠬᠠᠢ ᠬᠤᠭᠤᠷᠴᠢ ᠪᠤᠯᠭᠠᠨ ᠬᠦᠮᠦᠵᠢᠬᠦᠯᠬᠦ ᠪᠠᠷ ᠲᠤᠭᠳᠠᠪᠠ᠃ ᠠᠶᠢᠯ ᠤᠨ ᠠᠯᠳᠠᠷ ᠬᠦᠨᠳᠤᠳᠠᠢ ︽ᠤ ᠡᠪᠦᠭᠡ︾ ᠲᠡᠷᠬᠡᠨ ᠤ ᠬᠤᠭᠤᠷᠬᠠᠢ ᠬᠦᠷᠳᠤ ᠠᠴᠠ ᠨᠢᠬᠡ ᠬᠡᠰᠡᠭ ᠬᠠᠳᠠᠭᠤ ᠮᠤᠳᠤ ᠶᠢ ᠬᠢᠷᠦᠬᠡᠳᠦᠵᠤ ᠠᠪᠤᠭᠠᠳ ᠨᠠᠳᠠᠳᠤ ᠲᠦᠷᠪᠡᠨ ᠤᠳᠠᠰᠤᠳᠤ ᠬᠤᠭᠤᠷ ᠬᠢᠵᠤ ᠦᠭᠬᠦ ᠪᠠᠷ ᠪᠡᠯᠡᠳᠬᠡᠵᠤ ᠪᠠᠶᠢᠪᠠ᠃
     1951
ᠤᠨ ᠤ ᠬᠠᠪᠤᠷ᠂ ᠲᠡᠷᠡ ᠲᠦᠷᠪᠠᠨ ᠤᠳᠠᠰᠤᠳᠤ ᠬᠤᠭᠤᠷ ᠢ ᠬᠢᠵᠦ ᠲᠠᠭᠤᠰᠬᠤ ᠠᠴᠠ ᠡᠮᠦᠨ᠎ᠠ ᠪᠢ ᠬᠡᠷ ᠨᠤᠳᠤᠭ ᠠᠴᠠ ᠪᠠᠨ ᠰᠠᠯᠬᠤ ᠪᠤᠯᠪᠠ᠃ ᠮᠢᠨᠦ ᠡᠬᠡᠴᠢ ᠰᠡᠴᠡᠨᠳᠠᠷᠢᠬᠢ ᠪᠤᠯ ᠦᠪᠦᠷ ᠮᠤᠩᠭᠤᠯ ᠤᠨ ᠲᠠᠭᠤᠤ ᠪᠦᠵᠢᠭ ᠤᠨ ᠪᠦᠯᠬᠦᠮ ᠤᠨ ᠪᠦᠵᠢᠭᠴᠢᠨ ᠶᠤᠮ᠃ ᠲᠡᠷᠡ ᠨᠠᠮ᠎ᠠ ᠶᠢ ᠲᠤᠰᠴᠤ ᠠᠪᠠᠴᠢᠭᠠᠳ ᠴᠢᠭᠤᠯᠤᠯᠳᠤ ᠬᠠᠭᠠᠯᠭ᠎ᠠ ᠶᠢᠨ ᠪᠠᠭ᠎ᠠ ᠰᠤᠷᠭᠠᠭᠤᠯᠢ ᠳᠤ ᠬᠦᠷᠬᠡᠨ ᠪᠢᠴᠢᠭ ᠦᠵᠡᠬᠦᠯᠵᠤ᠂ ᠲᠠᠷᠠᠭ᠎ᠠ ᠵᠢᠯ ᠳᠤᠨᠢ ᠰᠤᠷᠭᠠᠭᠤᠯᠢ ᠪᠠᠨ ᠲᠠᠭᠠᠭᠠᠳ ᠬᠦᠬᠡᠬᠤᠳᠠ ᠳᠤ ᠨᠡᠬᠦᠵᠤ ᠢᠷᠡᠵᠡᠢ᠃ ᠢᠡᠭᠬᠢᠬᠡᠳ ᠮᠢᠨᠦ ᠠᠮᠢᠳᠤᠷᠠᠯ ᠤᠨ ᠵᠠᠮ ᠳᠤ ᠠᠰᠤᠷᠤ ᠶᠡᠭᠡ ᠬᠤᠪᠢᠷᠠᠯᠳᠠ ᠭᠠᠷᠴᠤ᠂ ᠪᠠᠭ᠎ᠠ ᠨᠠᠰᠤᠨ ᠤ ᠬᠤᠭᠤᠷᠴᠢ ᠪᠤᠯᠬᠤ ᠬᠦᠰᠡᠯ ᠴᠤ ᠢᠡᠭᠬᠢᠬᠡᠳ ᠲᠡᠬᠦᠰᠴᠠᠢ᠃ 1953 ᠤᠨ ᠤ ᠨᠠᠮᠤᠷ᠂ ᠪᠢ ᠲᠦᠪ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠳᠤ ᠰᠢᠯᠭᠠᠬᠳᠠᠨ ᠤᠷᠤᠪᠠ᠃ ᠰᠤᠷᠭᠠᠭᠤᠯᠢ ᠳᠤ ᠶᠠᠪᠤᠬᠤ ᠠᠴᠠ ᠡᠮᠦᠨ᠎ᠠ ᠤᠷᠤᠢ ᠨᠢ ᠬᠠᠮᠳᠤ ᠰᠤᠷᠤᠯᠭᠠᠳᠠᠨ ᠬᠦᠮᠤᠵᠢᠯᠳᠦ ᠨᠠᠳᠠᠳᠤ ᠬᠠᠪᠰᠤᠷᠤᠨ ᠬᠤᠪᠴᠠᠰᠤ ᠶᠢ ᠤᠬᠢᠶᠠᠵᠤ ᠦᠭᠪᠠ᠃ ᠬᠤᠳᠳᠤᠭ ᠤᠨ ᠬᠠᠵᠠᠭᠤᠳᠠ ᠬᠤᠶᠠᠭᠤᠯᠠ ᠤᠴᠦ᠋ᠢᠨ ᠬᠤᠪᠴᠠᠰᠤ ᠤᠬᠢᠶᠠᠬᠤ ᠳᠠᠭᠠᠨ ᠤᠳᠠᠳᠠᠯ᠎ᠠ ᠦᠬᠡ ᠲᠠᠭᠤᠨ ᠦᠬᠡᠢ ᠪᠠᠶᠢᠬᠰᠠᠨ ᠢᠶᠠᠨ ᠪᠢ ᠲᠡᠰᠬᠡᠯ ᠦᠬᠡᠢ ᠤᠬᠢᠯᠠᠪᠠ᠃ ᠬᠦᠮᠤᠵᠢᠯᠳᠤ᠄ ︽ᠴᠢ ᠲᠡᠶᠢᠮᠦ ᠰᠠᠶᠢᠨ ᠰᠤᠷᠭᠠᠭᠤᠯᠢ ᠳᠤ ᠰᠢᠯᠭᠠᠨ ᠤᠷᠤᠬᠰᠠᠨ ᠴᠢᠨᠢ ᠰᠠᠶᠢᠨ ᠤᠴᠢᠷ ᠰᠢᠦ᠂ ᠶᠠᠭᠤᠨ ᠳᠤ ᠤᠬᠢᠯᠠᠬᠤ ᠶᠤᠮ︾ ᠬᠡᠵᠤ ᠬᠡᠯᠡᠭᠰᠡᠨ ᠪᠤᠯᠪᠠᠴᠤ ᠲᠡᠷᠡ ᠦᠪᠡᠷ ᠢᠶᠠᠨ ᠴᠤ ᠲᠡᠰᠬᠡᠯ ᠦᠬᠡᠢ ᠤᠬᠢᠯᠠᠴᠢᠬᠠᠪᠠ᠃
     1957 ᠤᠨ ᠤ 6 ᠰᠠᠷ᠎ᠠ ᠳᠤ᠂ ᠰᠢᠯᠢ ᠶᠢᠨ ᠭᠤᠤᠯ ᠠᠶᠢᠮᠠᠬ ᠤᠨ ᠰᠦᠨᠢᠳ
ᠪᠠᠷᠠᠭᠤᠨ ᠬᠤᠰᠢᠭᠤᠨ ᠳᠤ ᠠᠩᠬᠠᠳᠠᠬᠴᠢ ᠤᠯᠠᠭᠠᠨᠮᠦ᠋ᠴᠢᠷ ᠪᠠᠶᠢᠭᠤᠯᠤᠬᠳᠠᠵᠤ ᠬᠦᠮᠦᠵᠢᠯᠳᠤ ᠤᠯᠠᠭᠠᠨᠮᠦ᠋ᠴᠢᠷ ᠤᠨ ᠬᠡᠰᠢᠬᠦᠨ ᠪᠤᠯᠵᠤ ᠰᠡᠬᠦᠯᠳᠡᠵᠤ ᠤᠯᠠᠭᠠᠨᠮᠦ᠋ᠴᠢᠷ ᠤᠨ ᠠᠩᠬᠢ ᠶᠢᠨ ᠲᠠᠷᠤᠭ᠎ᠠ ᠪᠤᠯᠵᠤ ᠲᠡᠪᠰᠢᠵᠠᠢ᠃ ᠲᠤᠷᠠᠳᠤᠭᠤᠰᠢᠳᠠᠢ ᠨᠢ ᠬᠡᠪᠡᠯ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠲᠤ ᠮᠢᠨᠦ ᠲᠠᠨᠢᠯ ᠪᠠᠰᠠ ᠨᠢᠬᠡ ᠪᠠᠶᠢᠬᠰᠠᠨ ᠨᠢ ᠦᠯᠵᠡᠶᠢᠳᠤᠬᠳᠠᠬᠤ ᠪᠤᠯᠤᠨ᠎ᠠ᠃ ᠲᠡᠷᠡ ᠪᠤᠯ ᠬᠠᠷᠠᠮᠦ᠋ᠷᠠᠨ ᠮᠤᠵᠢ ᠶᠢᠨ ᠲᠦᠷᠪᠡᠳ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠤ ᠬᠦᠮᠦᠨ᠃ ᠮᠢᠨᠦ ᠪᠦᠯᠦ ᠠᠬ᠎ᠠ ᠶᠢᠨ ᠰᠠᠳᠤᠨ ᠨᠢ ᠪᠦᠬᠡᠳ ᠮᠠᠨ ᠤ ᠬᠤᠯᠠ ᠶᠢᠨ ᠰᠠᠳᠤᠨ ᠪᠤᠯᠬᠤᠷ ᠦᠷᠬᠦᠯᠵᠢ ᠮᠠᠨ ᠤ ᠠᠶᠢᠯ ᠳᠤ ᠲᠤᠭᠤᠷᠢᠬᠤ ᠪᠠᠷ ᠢᠷᠡᠳᠡᠭ᠃ ᠦᠯᠵᠡᠶᠢᠳᠤᠬᠳᠠᠬᠤ ᠪᠠᠭ᠎ᠠ ᠳᠠᠭᠠᠨ ᠰᠦᠮ᠎ᠠ ᠬᠡᠶᠢᠳ ᠤᠨ ᠬᠡᠬᠡᠨ ᠪᠠᠶᠢᠵᠤ ᠲᠡᠬᠦᠨ ᠤ ᠲᠤᠬᠠᠢ ᠲᠤᠮᠤᠬᠯᠢᠬ ᠦᠯᠢᠬᠡᠷ ᠢ ᠪᠢ ᠪᠠᠭ᠎ᠠ ᠳᠠᠭᠠᠨ ᠴᠦᠬᠡᠨ ᠪᠤᠰᠤ ᠰᠤᠨᠤᠰᠴᠤ ᠪᠠᠶᠢᠬᠰᠠᠨ ᠶᠤᠮ᠃ ᠲᠡᠷᠡ ᠲᠠᠭᠤᠤ ᠬᠦᠭᠵᠢᠮ ᠳᠤ ᠲᠤᠩ ᠲᠤᠷ᠎ᠠ ᠪᠠᠭ᠋ᠠᠳᠠᠢ᠂ ᠬᠠᠷᠠᠬᠠᠨ ᠪᠠᠭ᠎ᠠ ᠠᠴᠠ ᠪᠠᠨ ᠲᠦᠷᠪᠡᠨ ᠤᠳᠠᠰᠤᠳᠤ ᠬᠤᠭᠤᠷ ᠲᠠᠳᠠᠵᠤ᠂ ᠠᠷᠠᠳ ᠤᠨ ᠲᠠᠭᠤᠤ ᠲᠠᠭᠤᠯᠠᠵᠤ᠂ ᠬᠤᠯᠪᠤᠭ᠎ᠠ ᠬᠡᠯᠡᠳᠡᠭ ᠪᠠᠶᠢᠪᠠ᠃ ᠰᠦᠮ᠎ᠠ ᠳᠤ ᠰᠠᠭᠤᠵᠤ ᠬᠡᠬᠡᠨ ᠪᠤᠯᠤᠬᠰᠠᠨ ᠢᠶᠠᠷ ᠬᠠᠷᠠᠬᠠᠨ ᠪᠠᠭ᠎ᠠ ᠳᠠᠭᠠᠨ ᠶᠠᠫᠤᠨ ᠳᠤ ᠲᠦᠷᠪᠡᠨ ᠵᠢᠯ ᠰᠤᠷᠤᠯᠴᠠᠵᠤ᠂ ᠮᠤᠩᠭᠤᠯ ᠬᠢᠳᠡᠳ ᠲᠦᠪᠡᠳ ᠶᠠᠫᠤᠨ ᠲᠦᠷᠪᠡᠨ ᠬᠡᠯᠡ ᠶᠢ ᠡᠵᠡᠮᠰᠢᠭᠰᠡᠨ ᠪᠠᠶᠢᠪᠠ᠃ ᠬᠤᠵᠢᠮ ᠨᠢ ᠰᠦᠮ᠎ᠠ ᠠᠴᠠ ᠰᠠᠯᠤᠭᠠᠳ ᠴᠡᠷᠢᠭ ᠲᠤ ᠤᠷᠤᠵᠤ᠂ ᠰᠤᠯᠤᠩᠭᠤᠰ ᠲᠤ ᠬᠦᠷᠴᠤ ᠠᠮᠧᠷᠢᠺᠠ ᠶᠢ ᠡᠰᠡᠷᠬᠦᠴᠡᠨ ᠰᠤᠯᠤᠩᠭᠤᠰ ᠢ ᠲᠤᠰᠠᠯᠠᠬᠤ ᠲᠠᠶᠢᠨ ᠳᠤ ᠤᠷᠤᠯᠴᠠᠵᠤ᠂ ᠴᠡᠷᠢᠭ ᠠᠴᠠ ᠬᠠᠯᠠᠬᠳᠠᠬᠰᠠᠨ ᠤ ᠲᠠᠷᠠᠭ᠎ᠠ ᠰᠦᠨᠢᠳ ᠪᠠᠷᠠᠭᠤᠨ ᠬᠤᠰᠢᠭᠤᠨ ᠤ ᠤᠯᠠᠨ ᠲᠦᠮᠡᠨ ᠤ ᠰᠤᠶᠤᠯ ᠤᠨ ᠤᠷᠳᠤᠨ ᠳᠤ ᠠᠵᠢᠯᠯᠠᠨ᠂ ᠤᠯᠠᠭᠠᠨᠮᠦ᠋ᠴᠢᠷ ᠤᠨ ᠠᠩᠬᠠᠨ ᠤ ᠲᠠᠷᠤᠭ᠎ᠠ ᠪᠠᠷ ᠲᠤᠮᠢᠯᠠᠬᠳᠠᠬᠰᠠᠨ ᠪᠢᠯᠡ᠃ ᠬᠤᠵᠢᠮ ᠨᠢ ᠲᠡᠷᠡ ᠦᠪᠡᠷ ᠢᠶᠠᠨ ᠤᠯᠠᠭᠠᠨᠮᠦ᠋ᠴᠢᠷ ᠠᠴᠠ ᠠᠵᠢᠯ ᠰᠢᠯᠵᠢᠭᠰᠡᠨ ᠪᠤᠯᠪᠠᠴᠤ ᠬᠡᠦᠬᠡᠨ ᠬᠠᠰ ᠢᠶᠠᠨ ᠤᠯᠠᠭᠠᠨᠮᠦ᠋ᠴᠢᠷ ᠲᠤ ᠤᠷᠤᠭᠤᠯᠦᠨ ᠬᠦᠮᠦᠵᠢᠬᠦᠯᠵᠡᠢ᠃ ᠦᠬᠡᠷᠡᠴᠢᠯᠡᠯᠳᠡ ᠨᠡᠬᠡᠬᠡᠯᠳᠡ ᠬᠢᠭᠰᠡᠨ ᠠᠩᠬᠠᠨ ᠤ ᠬᠤᠭᠤᠴᠠᠭᠠᠨ ᠳᠤ ᠦᠯᠵᠠᠶᠢᠳᠤᠬᠳᠠᠬᠤ ᠰᠦᠨᠢᠳ ᠪᠠᠷᠠᠭᠤᠨ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠪᠤᠯᠵᠤ ᠤᠯᠠᠭᠠᠨᠮᠦ᠋ᠴᠢᠷ ᠤᠨ ᠬᠦᠭᠵᠢᠯᠳᠡ ᠲᠠᠪᠰᠢᠯᠳᠠ ᠶᠢ ᠮᠦᠨ ᠠᠩᠬᠠᠷᠤᠨ ᠬᠠᠯᠠᠮᠵᠢᠯᠠᠵᠤ ᠪᠠᠶᠢᠪᠠ᠃
     ︽ᠬᠠᠷ᠎ᠠ ᠠᠪᠳᠠᠷ᠎ᠠ︾ ᠶᠢᠨ ᠰᠡᠩᠭᠡᠷᠡᠬᠦᠯᠦᠯ
     
︽ᠡᠨᠡ ᠭᠤᠷᠪᠠᠨ ᠬᠠᠭᠤᠳᠠᠰᠤ ᠶᠠᠭᠠᠨ ᠦᠡᠭᠬᠡᠳᠡᠢ ᠴᠠᠭᠠᠰᠤᠨ ᠤ ᠲᠤᠬᠯᠠᠯᠳᠠ ᠶᠢᠨ ᠫᠷᠦᠭᠷᠡᠮ ᠢ ᠲᠤᠬᠠᠢ ᠶᠢᠨ ᠵᠢᠯ ᠳᠤ ᠪᠡᠬᠡᠵᠢᠩ ᠳᠤ ᠲᠤᠬᠯᠠᠯᠳᠠ ᠭᠠᠷᠭᠠᠬᠤ ᠳᠠᠭᠠᠨ ᠬᠡᠷᠡᠭᠯᠡᠭᠰᠡᠨ ᠰᠢᠦ︾ ᠬᠡᠮᠡᠨ ᠰᠠᠶᠢᠨ ᠨᠠᠶᠢᠵᠠ ᠷᠠᠰᠢᠠᠤᠳᠼᠡᠷ ᠮᠢᠨᠢ ᠨᠠᠳᠠ ᠳᠠᠭᠠᠨ ᠭᠤᠪᠢᠭᠤᠯᠵᠤ ᠦᠭᠬᠦᠭᠰᠡᠨ ᠶᠤᠮ᠃ ᠫᠷᠦᠭᠷᠡᠮ ᠤᠨ ᠬᠠᠭᠤᠳᠠᠰᠤᠨ ᠤ ᠡᠮᠦᠨ᠎ᠠ ᠨᠢᠭᠤᠷ ᠲᠤ ᠤᠯᠠᠭᠠᠨᠮᠦ᠋ᠴᠢᠷ ᠤᠨ ᠲᠤᠬᠠᠢ ᠲᠤᠪᠴᠢ ᠲᠠᠨᠢᠯᠴᠠᠭᠤᠯᠭ᠎ᠠ ᠶᠢ ᠢᠡᠭᠬᠢᠵᠤ ᠪᠢᠴᠢᠵᠤ ᠪᠠᠶᠢᠯ᠎ᠠ᠄ ᠤᠯᠠᠭᠠᠨᠮᠦ᠋ᠴᠢᠷ ᠪᠤᠯ ᠨᠢᠬᠡ ᠵᠦᠢᠯ ᠤᠨ ᠶᠡᠷᠦᠩᠭᠡᠶᠢᠯᠡᠭᠰᠡᠨ ᠴᠢᠨᠠᠷᠳᠠᠢ ᠰᠤᠶᠤᠯ ᠤᠨ ᠨᠢᠬᠡᠴᠢ ᠪᠠᠶᠢᠵᠤ᠂ ᠤᠯᠠᠩᠬᠢ ᠳᠠᠭᠠᠨ 12 ᠬᠦᠮᠦᠨ ᠢᠶᠠᠷ ᠪᠦᠷᠢᠯᠳᠦᠳᠡᠭ᠃ ᠲᠤᠬᠯᠠᠯᠳᠠ ᠭᠠᠷᠭᠠᠬᠤ᠂ ᠬᠠᠪᠰᠤᠷᠤᠨ ᠵᠢᠯᠤᠭᠤᠳᠬᠤ᠂ ᠤᠬᠠᠭᠤᠯᠭ᠎ᠠ ᠬᠢᠬᠦ ᠵᠡᠷᠭᠡ ᠭᠤᠷᠪᠠᠨ ᠵᠦᠢᠯ ᠤᠨ ᠬᠡᠯᠪᠡᠷᠢ ᠪᠠᠷ ᠲᠠᠮᠵᠢᠭᠤᠯᠤᠨ ᠦᠷᠬᠡᠨ ᠠᠭᠤᠳᠠᠮ ᠬᠦᠳᠡᠭᠡ ᠲᠤᠰᠬᠤᠨ ᠮᠠᠯᠵᠢᠬᠤ ᠤᠷᠤᠨ ᠳᠤ ᠨᠡᠶᠢᠬᠡᠮ ᠵᠢᠷᠤᠮ ᠤᠨ ᠰᠢᠨ᠎ᠠ ᠤᠳᠬ᠎ᠠ ᠤᠷᠠᠯᠢᠬ ᠢ ᠬᠦᠷᠬᠡᠵᠤ᠂ ᠨᠡᠶᠢᠬᠡᠮ ᠵᠢᠷᠤᠮ ᠤᠨ ᠰᠢᠨ᠎ᠠ ᠰᠤᠶᠤᠯ ᠢ ᠲᠦᠬᠡᠮᠡᠯᠵᠢᠬᠦᠯᠵᠤ᠂ ᠬᠦᠳᠡᠭᠡ ᠲᠤᠰᠬᠤᠨ ᠮᠠᠯᠵᠢᠬᠤ ᠤᠷᠤᠨ ᠤ ᠨᠡᠶᠢᠬᠡᠮ ᠵᠢᠷᠤᠮ ᠤᠨ ᠵᠢᠬᠰᠠᠭᠠᠯ ᠤᠨ ᠭᠠᠵᠠᠷ ᠢ ᠡᠵᠡᠯᠡᠨ ᠪᠠᠬᠢᠵᠢᠬᠦᠯᠬᠦ ᠳᠤ ᠢᠳᠡᠪᠬᠢᠳᠡᠢ ᠴᠢᠷᠮᠠᠶᠢᠯᠭ᠎ᠠ ᠭᠠᠷᠭᠠᠵᠠᠢ ᠬᠡᠰᠡᠨ ᠪᠢᠴᠢᠬᠡᠰᠦᠳᠡᠢ ᠪᠠᠶᠢᠪᠠ᠃
     ᠪᠢ ᠲᠦᠪ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ᠂
ᠲᠤᠮᠳᠠᠳᠤ ᠤᠯᠤᠰ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠳᠤ ᠰᠤᠷᠤᠯᠴᠠᠵᠤ ᠪᠠᠶᠢᠬᠰᠠᠨ ᠬᠤᠭᠤᠴᠠᠭᠠᠨ ᠳᠠᠭᠠᠨ ᠪᠠᠷᠤᠬ ᠵᠢᠯ ᠪᠤᠯᠭᠠᠨ ᠬᠦᠳᠡᠭᠡ ᠪᠠᠭᠤᠵᠤ ᠬᠦᠳᠡᠯᠮᠦᠷᠢ ᠳᠤ ᠤᠷᠤᠯᠴᠠᠬᠤ ᠪᠤᠶᠤ ᠵᠤᠬᠢᠶᠠᠨ ᠪᠦᠲᠦᠬᠡᠯᠬᠡ ᠬᠢᠳᠡᠭ᠃ ᠵᠠᠷᠢᠮ ᠳᠠᠭᠠᠨ ᠤᠳᠬ᠎ᠠ ᠤᠷᠠᠯᠢᠬ ᠤᠨ ᠤᠬᠠᠭᠤᠯᠬᠤ ᠠᠩᠬᠢ ᠳᠤ ᠤᠷᠤᠯᠴᠠᠨ ᠵᠤᠬᠢᠶᠠᠨ ᠪᠦᠲᠦᠬᠡᠬᠦ ᠡᠬᠦᠷᠬᠡ ᠬᠦᠢᠴᠡᠳᠬᠡᠬᠦ ᠶᠢᠨ ᠲᠠᠭᠠᠤ ᠳᠠᠭᠠᠨ ᠪᠠᠰᠠ ᠲᠠᠶᠢᠰᠠᠨ ᠳᠤ ᠭᠠᠷᠴᠤ ᠲᠤᠬᠯᠠᠯᠳᠠ ᠭᠠᠷᠭᠠᠳᠠᠬ᠃ ᠦᠨᠡᠨ ᠢ ᠬᠡᠯᠡᠬᠦ ᠳᠤ᠂ ᠲᠡᠬᠡᠷ᠎ᠠ ᠵᠠᠭᠤᠨ ᠤ ᠵᠢᠷᠠᠭᠠᠳ ᠤᠨ ᠤ ᠦᠶ᠎ᠠ ᠶᠢᠨ ᠦᠪᠦᠷ ᠮᠤᠩᠭᠤᠯ ᠤᠨ ᠮᠠᠯᠵᠢᠬᠤ ᠲᠠᠷᠢᠶᠠᠯᠠᠬᠤ ᠤᠷᠤᠨ ᠳᠤ 12 ᠲᠤᠬᠯᠠᠬᠴᠢ ᠨᠢᠬᠡ ᠲᠠᠶᠢᠰᠠ ᠲᠤᠬᠯᠠᠯᠳᠠ ᠭᠠᠷᠭᠠᠬᠤ ᠬᠡᠭᠴᠢ ᠦᠨᠡᠬᠡᠷ ᠬᠢᠯᠪᠠᠷ ᠪᠤᠰᠤ ᠶᠠᠪᠤᠳᠠᠯ ᠶᠤᠮ᠃
     ᠤᠯᠠᠭᠠᠨᠮᠦ᠋ᠴᠢᠷ ᠤᠨ ᠬᠦᠮᠦᠨ ᠤ ᠲᠤᠭ᠎ᠠ ᠴᠦᠬᠡᠨ᠃
ᠲᠡᠳᠡ ᠬᠦᠬᠡ ᠲᠡᠭᠷᠢ ᠪᠠᠷ ᠬᠦᠰᠢᠬᠡ ᠪᠤᠯᠭᠠᠵᠤ᠂ ᠬᠦᠷᠦᠰᠦᠳᠦ ᠲᠡᠯᠡᠬᠡᠢ ᠪᠠᠷ ᠲᠠᠶᠢᠰᠠ ᠪᠤᠯᠭᠠᠳᠠᠬ ᠢᠶᠠᠷ ᠲᠤᠬᠯᠠᠯᠳᠠ ᠭᠠᠷᠭᠠᠬᠤ ᠳᠤ ᠮᠠᠰᠢ ᠲᠦᠬᠦᠮ ᠪᠠᠶᠢᠳᠠᠬ᠃ ᠤᠬᠤᠷ ᠠᠪᠰᠠᠷᠬᠠᠨ ᠭᠤᠴᠤ ᠰᠠᠶᠢᠬᠠᠨ ᠤᠯᠠᠭᠠᠨᠮᠦ᠋ᠴᠢᠷ ᠤᠨ ᠲᠤᠭᠯᠠᠯᠳᠠ ᠨᠢ ᠬᠤᠭᠤᠰᠤᠨ ᠭᠠᠵᠠᠷ ᠠᠴᠠ ᠭᠠᠷᠴᠤ ᠢᠷᠡᠭᠰᠡᠨ ᠪᠢᠰᠢ᠂ ᠬᠠᠷᠢᠨ ᠮᠤᠩᠭᠤᠯ ᠦᠨᠳᠤᠰᠤᠳᠠᠨ ᠤ ᠠᠷᠠᠳ ᠤᠨ ᠤᠷᠠᠯᠢᠬ ᠤᠨ ᠰᠢᠯᠢᠳᠡᠭ ᠤᠯᠠᠮᠵᠢᠯᠠᠯ ᠠᠴᠠ ᠡᠬᠦᠰᠦᠯ ᠲᠠᠢ ᠶᠤᠮ᠃ 1953 ᠤᠨ ᠤ ᠨᠠᠮᠤᠷ᠂ ᠪᠢ ᠲᠦᠪ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠳᠤ ᠰᠤᠷᠤᠯᠴᠠᠬᠤ ᠪᠠᠷ ᠤᠴᠢᠬᠤ ᠠᠴᠠ ᠡᠮᠦᠨᠡᠬᠡᠨ ᠮᠢᠨᠦ ᠬᠠᠮᠳᠤ ᠰᠤᠷᠤᠯᠭᠠᠳᠠᠨ ᠸᠴᠢᠷ ᠨᠠᠮᠠᠢᠢ ᠡᠷᠢᠵᠤ ᠢᠷᠡᠬᠡᠳ ᠲᠡᠬᠦᠨ ᠤ ᠡᠪᠦᠭᠡ ᠰᠧᠷᠠᠰᠢ ᠨᠠᠰᠤᠳᠠᠨ ᠨᠠᠮᠠᠢᠢ ᠬᠡᠷ ᠲᠡᠭᠡᠨ ᠲᠠᠭᠤᠳᠠᠵᠤ ᠴᠠᠢ ᠤᠤᠭᠤᠯᠭᠠᠬᠤ ᠬᠡᠵᠤ ᠪᠠᠶᠢᠨ᠎ᠠ ᠬᠡᠪᠡ᠃
ᠪᠢᠳᠡ ᠬᠦᠬᠡ ᠴᠠᠢ ᠤᠤᠭᠤᠬᠤ ᠶᠢᠨ ᠲᠠᠭᠠᠤ ᠨᠠᠰᠤᠳᠠᠨ ᠤ
ᠬᠤᠭᠤᠷᠳᠠᠬᠤ ᠶᠢ ᠬᠢᠴᠢᠶᠠᠨ ᠰᠤᠨᠤᠰᠤᠨ᠎ᠠ᠃ ᠰᠧᠷᠠᠰᠢ ᠨᠠᠰᠤᠳᠠᠨ᠄ ︽ᠰᠤᠨᠤᠰᠬᠤᠯ᠎ᠠ ᠴᠢ ᠲᠦᠪ ᠤᠨ ᠲᠠᠭᠤᠤ ᠬᠦᠭᠵᠢᠮ ᠤᠨ ᠲᠡᠬᠡᠳᠦ ᠰᠤᠷᠭᠠᠭᠤᠯᠢ ᠶᠢᠨ ᠬᠠᠷᠢᠶᠠᠳᠤ ᠳᠤᠮᠳᠠᠳᠤ ᠰᠤᠷᠭᠠᠭᠤᠯᠢ ᠳᠤ ᠰᠢᠯᠭᠠᠬᠳᠠᠨ ᠤᠷᠤᠬᠰᠠᠨ ᠬᠡᠨ᠎ᠠ᠃ ᠦᠨᠡᠬᠡᠷ ᠪᠤᠯᠵᠤ ᠪᠠᠶᠢᠨ᠎ᠠ᠃ ᠲᠡᠬᠡᠬᠡᠳ ᠰᠤᠷᠭᠠᠭᠤᠯᠢ ᠳᠤ ᠤᠷᠤᠭᠠᠳ ᠶᠠᠮᠠᠷ ᠬᠦᠭᠵᠢᠮ ᠰᠤᠷᠤᠶ᠎ᠠ ᠬᠡᠵᠤ ᠪᠤᠳᠤᠵᠤ ᠪᠠᠶᠢᠨ᠎ᠠ ᠪᠤᠢ︖︾ ᠬᠡᠵᠤ ᠲᠦᠪ ᠶᠡᠬᠡᠮᠰᠦᠭ ᠢᠶᠠᠷ ᠠᠰᠠᠭᠤᠬᠤ ᠳᠤᠨᠢ ᠪᠢ ᠶᠠᠭᠤ ᠬᠡᠯᠡᠬᠦ ᠪᠠᠨ ᠤᠯᠵᠤ ᠶᠠᠳᠠᠪᠠ᠃ ᠨᠠᠰᠤᠳᠠᠨ ᠮᠢᠨᠦ ᠪᠠᠶᠢᠳᠠᠯ ᠢ ᠦᠵᠡᠬᠡᠳ ᠢᠨᠢᠶᠡᠮᠰᠦᠭᠯᠡᠨ ᠭᠠᠷ ᠤᠨ ᠬᠤᠷᠤᠭᠤ ᠶᠢ ᠪᠠᠭ᠋ᠠᠨ ᠰᠢᠨᠵᠢᠬᠡᠳ᠄ ︽ᠮᠠᠨ ᠤ ᠮᠤᠩᠭᠤᠯ ᠬᠡᠦᠬᠡᠳ ᠡᠨᠡ ᠰᠤᠷᠭᠠᠭᠤᠯᠢ ᠳᠤ ᠰᠢᠯᠭᠠᠵᠤ ᠤᠷᠤᠬᠤ ᠬᠡᠭᠴᠢ ᠬᠢᠯᠪᠠᠷ ᠪᠤᠰᠤ᠂ ᠬᠡᠪᠡᠴᠤ ᠴᠢ ᠶᠠᠭᠠᠬᠢᠬᠰᠠᠨ ᠴᠤ ᠦᠨᠦ ᠬᠠᠷ᠎ᠠ ᠠᠪᠳᠠᠷ᠎ᠠ ᠠᠴᠠ ᠰᠤᠷᠴᠤ ᠪᠤᠯᠬᠤ ᠦᠬᠡᠢ ᠰᠢᠦ︾ ᠬᠡᠪᠡ᠃ ᠤᠤᠯ ᠨᠢ ᠰᠧᠷᠠᠰᠢ ᠨᠠᠰᠤᠳᠠᠨ ᠤ ᠬᠡᠯᠡᠵᠤ ᠪᠠᠶᠢᠭ᠎ᠠ ᠬᠠᠷ᠎ᠠ ᠠᠪᠳᠠᠷ᠎ᠠ ᠬᠡᠳᠡᠭ ᠨᠢ ᠲᠡᠬᠦᠯᠳᠠᠷ ᠬᠤᠭᠤᠷ ᠢ ᠵᠢᠭᠠᠵᠤ ᠪᠠᠶᠢᠭ᠎ᠠ ᠠᠵᠢ᠃ ︽ᠲᠡᠬᠦᠯᠳᠡᠷ ᠬᠤᠭᠤᠷ ᠬᠡᠵᠦ ᠰᠠᠶᠢᠨ ᠨᠢ ᠰᠠᠶᠢᠨ ᠪᠤᠯᠪᠠᠴᠤ ᠬᠡᠳᠦᠷᠬᠡᠢ ᠲᠤᠮᠤ ᠬᠡᠳᠦᠷᠬᠡᠢ ᠬᠦᠨᠳᠤ᠂ ᠶᠠᠬ ᠯᠠ ᠬᠠᠷ᠎ᠠ ᠠᠪᠳᠠᠷ᠎ᠠ ᠰᠢᠬ ᠪᠠᠶᠢᠵᠤ᠂ ᠮᠤᠷᠢᠨ ᠲᠡᠷᠬᠡ ᠪᠠᠷ ᠲᠡᠬᠡᠬᠡᠵᠤ ᠶᠠᠪᠤᠬᠤ ᠳᠤ ᠲᠦᠬᠦᠮ ᠦᠬᠡᠢ᠃ ᠮᠠᠰᠢᠨ ᠲᠡᠷᠬᠡᠨ ᠲᠡᠬᠡᠷ᠎ᠠ ᠰᠠᠶ᠋ᠢ ᠲᠡᠬᠡᠬᠡᠵᠤ ᠪᠤᠯᠤᠨ᠎ᠠ᠂ ᠬᠡᠷᠪᠡ ᠴᠢ ᠲᠡᠬᠦᠯᠳᠡᠷ ᠬᠤᠭᠤᠷ ᠰᠤᠷᠪᠠᠯ ᠬᠡᠷᠬᠢᠨ ᠬᠦᠳᠡᠭᠡ ᠪᠠᠭᠤᠵᠤ ᠮᠠᠯᠴᠢᠳ ᠲᠤ ᠲᠤᠬᠯᠠᠯᠳᠠ ᠭᠠᠷᠭᠠᠵᠤ ᠦᠭᠳᠡᠭ ᠪᠢᠯᠡ︾ ᠬᠡᠵᠦ ᠨᠠᠰᠤᠳᠠᠨ ᠲᠠᠶᠢᠯᠪᠤᠷᠢᠯᠠᠨ ᠶᠠᠷᠢᠯ᠎ᠠ᠃ ᠰᠧᠷᠠᠰᠢ ᠨᠠᠰᠤᠳᠠᠨ ᠪᠤᠯ ᠬᠡᠳᠦᠨ ᠠᠷᠪᠠᠨ ᠵᠢᠯ ᠤᠨ ᠲᠤᠷᠰᠢ ᠠᠶᠢᠯ ᠲᠤᠰᠬᠤᠨ ᠢᠶᠠᠷ ᠲᠤᠭᠤᠷᠢᠨ᠂ ᠮᠠᠯᠴᠢᠨ ᠲᠠᠷᠢᠶᠠᠴᠢᠨ ᠳᠤ ᠲᠠᠭᠤᠤ ᠲᠠᠭᠤᠯᠠᠨ ᠬᠦᠭᠵᠢᠮ ᠰᠤᠨᠤᠰᠬᠠᠨ ᠶᠠᠪᠤᠬᠰᠠᠠ ᠠᠷᠠᠳ ᠤᠨ ᠤᠷᠠᠯᠢᠬᠴᠢᠨ ᠬᠦᠮᠦᠨ᠃ ᠲᠡᠷᠡ ᠦᠪᠡᠷ ᠤᠨ ᠦᠢᠯᠡᠳᠦᠯᠬᠡ ᠪᠠᠷ ᠢᠶᠠᠨ ᠡᠶᠢᠮᠦ ᠨᠢᠬᠡᠨ ᠶᠤᠰᠤ ᠤᠴᠢᠷ ᠢ ᠤᠬᠠᠮᠵᠢᠯᠠᠬᠰᠠᠨ ᠠᠵᠢ᠄ ᠬᠦᠳᠡᠭᠡ ᠨᠤᠳᠤᠬ ᠲᠤ ᠲᠤᠬᠯᠠᠯᠳᠠ ᠭᠠᠷᠭᠠᠬᠤ ᠬᠦᠮᠦᠨ ᠵᠠᠪᠠᠯ ᠬᠦᠡᠭᠭᠡᠨ ᠭᠠᠪᠰᠢᠭᠠᠢ ᠠᠮᠢᠳᠤ ᠴᠤᠪᠤᠭᠤᠯᠢᠬ ᠪᠠᠶᠢᠵᠤ᠂ ᠦᠷᠬᠡᠨ ᠤᠯᠠᠨ ᠮᠠᠯᠴᠢᠨ ᠲᠦᠮᠡᠨ ᠤ ᠲᠦᠯᠦᠬᠡ ᠪᠤᠳᠤᠯᠬᠢᠯᠠᠬᠤ ᠬᠡᠷᠡᠭᠳᠡᠢ᠃ ᠢᠡᠭᠬᠢᠬᠡᠳ ᠪᠢ ᠰᠧᠷᠠᠰᠢ ᠨᠠᠰᠤᠳᠠᠨ ᠤ ᠰᠤᠷᠭᠠᠯ ᠵᠠᠬᠢᠶ᠎ᠠ ᠶᠢ ᠴᠡᠬᠡᠵᠢᠯᠡᠨ ᠰᠠᠨᠠᠭᠠᠴᠢᠯᠠᠭ᠎ᠠ ᠠᠴᠠ ᠪᠠᠨ ᠲᠠᠬᠦᠯᠳᠡᠷ ᠬᠤᠭᠤᠷ ᠰᠤᠷᠬᠤ ᠦᠬᠡᠢ ᠬᠡᠵᠤ ᠰᠤᠷᠭᠠᠭᠤᠯᠢ ᠳᠠᠭᠠᠨ ᠭᠤᠶᠤᠴᠢᠯᠠᠬᠰᠠᠨ ᠶᠤᠮ᠃
     ᠤᠷᠠᠯᠢᠬ ᠤᠨ
ᠲᠤᠬᠯᠠᠯᠳᠠ ᠶᠢᠨ ᠬᠡᠯᠪᠡᠷᠢ ᠶᠢ ︽ᠲᠤᠮᠤ᠂ ᠲᠤᠮᠳᠠ᠂ ᠪᠠᠭ᠎ᠠ︾ ᠬᠡᠵᠤ ᠬᠤᠪᠢᠶᠠᠳᠠᠭ᠃ ᠮᠤᠩᠭᠤᠯᠴᠤᠳ ᠴᠤ ᠡᠶᠢᠮᠦ ᠪᠠᠶᠢᠳᠠᠬ᠃ ᠶᠡᠷᠦ ᠶᠢᠨ ᠪᠠᠶᠢᠳᠠᠯ ᠳᠤ ᠤᠷᠳᠤᠨ ᠤ ᠲᠠᠭᠤᠤ ᠬᠦᠭᠵᠢᠮ ᠪᠤᠯᠤᠨ ᠱᠠᠰᠢᠨ ᠤ ᠲᠠᠭᠤᠤ ᠬᠦᠭᠵᠢᠮ ᠤᠨ ᠤᠯᠠᠩᠬᠢ ᠨᠢ ᠲᠤᠮᠤ ᠬᠡᠯᠪᠡᠷᠢ ᠶᠢᠨ ᠲᠤᠬᠯᠠᠯᠳᠠ ᠳᠤ ᠤᠷᠤᠳᠠᠬ᠃ ᠲᠡᠦᠬᠡᠨ ᠮᠠᠲ᠋ᠧᠷᠢᠶᠠᠯ ᠳᠤ ᠲᠡᠮᠳᠡᠭᠯᠡᠭᠰᠡᠨ ᠢᠶᠠᠷ᠂ ᠶᠤᠸᠠᠨ ᠤᠯᠤᠰ ᠤᠨ ᠦᠶ᠎ᠠ ᠶᠢᠨ ᠤᠷᠳᠤᠨ ᠤ ᠲᠠᠭᠤᠤ ᠬᠦᠭᠵᠢᠮ ᠳᠤ ᠬᠡᠳᠦᠨ ᠵᠠᠭᠤᠨ ᠬᠦᠮᠦᠨ ᠤᠷᠤᠯᠴᠠᠳᠠᠬ᠃ ᠤᠮᠠᠷᠠᠳᠤ ᠶᠤᠸᠠᠨ ᠤᠯᠤᠰ ᠤᠨ ᠦᠶ᠎ᠠ ᠶᠢᠨ ᠤᠷᠳᠤᠨ ᠤ ᠲᠠᠭᠤᠤ ᠬᠦᠭᠵᠢᠮ ᠤᠨ ᠬᠦᠷᠢᠶ᠎ᠠ ᠬᠡᠪᠴᠢᠶ᠎ᠠ ᠨᠢ ᠬᠠᠷᠢᠨ ᠪᠠᠭᠠᠰᠤᠭᠠᠳ ᠬᠦᠭᠵᠢᠮ ᠤᠨ ᠠᠩᠬᠢ ᠨᠢ ᠵᠦᠪᠬᠡᠨ 15 ᠬᠦᠮᠦᠨ ᠤᠷᠴᠢᠮ ᠯᠡ ᠪᠤᠯᠤᠬᠰᠠᠨ ᠪᠠᠶᠢᠪᠠ᠃ ᠰᠦᠮ᠎ᠠ ᠶᠢᠨ ᠬᠤᠷᠠᠯ ᠳᠤ ᠯᠠᠮ᠎ᠠ ᠨᠠᠷ ᠴᠠᠮ ᠬᠠᠷᠠᠶᠢᠬᠤ ᠳᠤ ᠬᠠᠮᠤᠭ ᠠᠷᠪᠢᠨ ᠳᠠᠭᠠᠨ 60 ᠬᠦᠮᠦᠨ ᠬᠦᠷᠳᠡᠭ ᠪᠠᠶᠢᠪᠠ᠃ ᠬᠠᠷᠢᠨ ᠠᠷᠠᠳ ᠤᠨ ᠲᠠᠭᠤᠤ ᠬᠦᠭᠵᠢᠮ ᠨᠢ ᠪᠠᠭ᠎ᠠ ᠬᠡᠯᠪᠡᠷᠢ ᠶᠢᠨ ᠲᠤᠬᠯᠠᠯᠳᠠ ᠪᠠᠷ ᠭᠤᠤᠯ ᠪᠤᠯᠭᠠᠳᠠᠬ᠃ ᠲᠤᠤᠯᠢ᠂ ᠬᠦᠬᠡᠮᠠᠢ᠂ ᠠᠷᠠᠳ ᠤᠨ ᠲᠠᠭᠤᠤ᠂ ᠮᠤᠷᠢᠨ ᠬᠤᠭᠤᠷ ᠪᠤᠶᠤ ᠡᠰᠡᠬᠦᠯ᠎ᠠ ᠦᠯᠢᠬᠡᠷ᠂ ᠬᠤᠯᠪᠤᠭ᠎ᠠ ᠶᠢᠨ ᠠᠯᠢ ᠶᠢ ᠴᠤ ᠬᠡᠳ ᠭᠤᠴᠤᠯᠠᠯ ᠲᠠᠭᠤᠤ ᠪᠤᠶᠤ ᠭᠤᠴᠤᠯᠠᠯ ᠬᠦᠭᠵᠢᠮ ᠢᠶᠠᠷ ᠲᠠᠭᠤᠯᠠᠨ ᠲᠤᠭᠯᠠᠳᠠᠭ ᠪᠠᠶᠢᠵᠠᠢ᠃ ᠦᠨᠡᠨ ᠳᠡᠭᠡᠨ ᠬᠦᠬᠡᠮᠠᠢ ᠨᠢ ᠭᠠᠭᠴᠠ ᠬᠤᠭᠤᠯᠠᠢ ᠪᠠᠷ ᠲᠡᠭᠷᠢᠯᠢᠭ ᠡᠭᠡᠰᠢᠭᠯᠡᠩ ᠢ ᠴᠢᠪᠠᠭᠳᠠᠨ᠂ ᠤᠷᠳᠤ ᠶᠢᠨ ᠲᠠᠭᠤᠤ ᠶᠢᠨ ᠤᠶᠠᠩᠭ᠎ᠠ ᠰᠢᠷᠤᠩᠬᠠᠢᠢᠯᠠᠯ ᠨᠢ ᠠᠭᠠᠷ ᠮᠠᠨᠳᠤᠯ ᠳᠤ ᠴᠤᠤᠷᠢᠶᠠᠳᠤᠨ᠂ ᠬᠦᠮᠦᠰ ᠤᠨ ᠰᠡᠳᠬᠢᠯ ᠢ ᠴᠢᠪᠬᠠᠳᠠᠬᠤ ᠬᠡᠮᠵᠢᠶ᠎ᠠ ᠨᠢ ᠶᠠᠮᠠᠷ ᠴᠤ ᠲᠤᠮᠤ ᠶᠡᠭᠡ ᠰᠢᠮᠫᠤᠨᠢ ᠬᠦᠭᠵᠢᠮ ᠤᠨ ᠠᠩᠬᠢ ᠪᠤᠶᠤ ᠨᠠᠶᠢᠷᠠᠯ ᠲᠠᠭᠤᠤ ᠶᠢᠨ ᠪᠦᠯᠬᠦᠮ ᠠᠴᠠ ᠲᠤᠤᠷᠠᠳᠠᠬᠤ ᠦᠬᠡᠢ ᠶᠤᠮ᠃ ᠡᠬᠦᠨ ᠤ ᠡᠰᠡᠷᠬᠦ ᠪᠠᠷ ᠰᠡᠳᠦᠪ ᠮᠠᠲ᠋ᠧᠷᠢᠶᠠᠯ ᠠᠭᠤᠯᠭ᠎ᠠ ᠶᠢᠨ ᠬᠤᠪᠢ ᠳᠤ ᠠᠪᠴᠤ ᠦᠵᠡᠪᠡᠯ ᠮᠤᠩᠭᠤᠯ ᠦᠨᠳᠤᠰᠤᠳᠠᠨ ᠤ ᠤᠷᠠᠯᠢᠬ ᠨᠢ ᠪᠠᠭ᠎ᠠ ᠪᠠᠷ ᠶᠡᠭᠡ ᠶᠢ ᠬᠠᠷᠠᠭᠤᠯᠬᠤ ᠳᠠᠭᠠᠨ ᠴᠢᠳᠠᠮᠠᠭᠠᠢ ᠪᠠᠶᠢᠵᠤ᠂ ᠲᠠᠪᠠᠯᠭᠠᠨ ᠲᠤᠯᠬᠢᠶᠠᠨ ᠰᠦᠷ ᠭᠠᠶᠢᠬᠠᠮᠰᠢᠬᠳᠠᠢ ᠨᠡᠶᠢᠬᠡᠮ ᠠᠬᠤᠢ ᠶᠢ ᠠᠮᠢᠳᠤᠯᠢᠭ ᠢᠶᠠᠷ ᠢᠯᠡᠷᠡᠬᠦᠯᠵᠤ ᠴᠢᠳᠠᠬᠰᠠᠨ ᠪᠠᠶᠢᠳᠠᠬ᠃
     
ᠤᠯᠠᠭᠠᠨᠮᠦ᠋ᠴᠢᠷ ᠤᠨ 12 ᠬᠦᠮᠦᠨ ᠤ ᠲᠤᠬᠯᠠᠯᠳᠠ ᠶᠢᠨ ᠠᠩᠬᠢ ᠳᠤ ᠬᠤᠶᠠᠷ ᠮᠤᠩᠭᠤᠯ ᠬᠡᠷ ᠲᠠᠢ ᠪᠤᠯ ᠬᠠᠨᠭ᠍ᠭᠠᠮᠵᠢᠳᠡᠢ᠃ ᠰᠧᠷᠠᠰᠢ ᠨᠠᠰᠤᠳᠠᠨ ᠤ ᠬᠡᠯᠡᠭᠰᠡᠨ ᠬᠠᠷ᠎ᠠ ᠠᠪᠳᠠᠷ᠎ᠠ ᠪᠤᠯᠬᠤ ᠲᠡᠬᠦᠯᠳᠡᠷ ᠬᠤᠭᠤᠷ ᠢ ᠦᠨᠦᠳᠦᠷ ᠪᠤᠯᠤᠬᠰᠠᠨ ᠴᠤ ᠬᠦᠳᠡᠭᠡ ᠠᠪᠴᠤ ᠪᠠᠭᠤᠭᠠᠳ ᠲᠤᠭᠤᠷᠢᠨ ᠲᠤᠬᠯᠠᠬᠤ ᠳᠤ ᠬᠦᠴᠢᠷ ᠲᠠᠢ ᠶᠤᠮ᠃ ᠲᠡᠶᠢᠮᠦ ᠠᠴᠠ ᠪᠠᠨ ᠦᠪᠦᠷ ᠮᠤᠩᠭᠤᠯ ᠤᠨ ᠲᠠᠭᠤᠤ ᠬᠦᠭᠵᠢᠮ ᠤᠨ ᠪᠦᠯᠬᠦᠮ ᠨᠢ ᠬᠦᠳᠡᠭᠡ ᠪᠠᠭᠤᠵᠤ ᠲᠤᠬᠯᠠᠯᠳᠠ ᠭᠠᠷᠭᠠᠬᠤ ᠳᠠᠭᠠᠨ ᠤᠯᠠᠭᠠᠨᠮᠦ᠋ᠴᠢᠷ ᠤᠨ ᠮᠠᠶ᠋ᠢᠬ ᠤᠨ ᠠᠷᠭ᠎ᠠ ᠠᠪᠴᠤ᠂ ᠬᠡᠳᠦᠨ ᠲᠤᠭᠤᠢᠢᠯᠠᠩ ᠬᠤᠪᠢᠶᠠᠨ ᠪᠠᠭ᠎ᠠ ᠲᠤᠬᠯᠠᠯᠳᠠ ᠪᠡᠯᠡᠳᠬᠡᠵᠤ᠂ ᠵᠠᠮ ᠬᠤᠪᠢᠶᠠᠨ ᠲᠤᠬᠯᠠᠯᠳᠠ ᠭᠠᠷᠭᠠᠳᠠᠬ᠃ ᠢᠡᠭᠬᠢᠬᠡᠳ ᠦᠵᠡᠪᠡᠯ ᠲᠠᠯ᠎ᠠ ᠨᠤᠳᠤᠭ ᠲᠤ ᠤᠯᠠᠭᠠᠨᠮᠦ᠋ᠴᠢᠷ ᠮᠡᠨᠳᠦᠯᠡᠭᠰᠡᠨ ᠨᠢ ᠵᠦᠪᠬᠡᠨ ᠮᠠᠯᠵᠢᠬᠤ ᠤᠷᠤᠨ ᠤ ᠤᠷᠴᠢᠨ ᠲᠤᠭᠤᠷᠢᠨ ᠠᠴᠠ ᠯᠡ ᠪᠤᠯᠤᠬᠰᠠᠨ ᠪᠢᠰᠢ᠂ ᠬᠠᠷᠢᠨ ᠤᠯᠠᠮᠵᠢᠯᠠᠯᠳᠤ ᠰᠢᠯᠢᠳᠡᠭ ᠤᠷᠠᠯᠢᠬ ᠤᠨ ᠲᠤᠬᠯᠠᠯᠳᠠ ᠶᠢᠨ ᠬᠡᠯᠪᠡᠷᠢ ᠪᠠᠨ ᠪᠦᠲᠦᠬᠡᠯᠴᠢ ᠪᠠᠷ ᠵᠠᠯᠭᠠᠮᠵᠢᠯᠠᠵᠤ᠂ ᠦᠨᠳᠤᠰᠤᠳᠠᠨ ᠤ ᠤᠷᠠᠯᠢᠬ ᠤᠨ ᠬᠦᠭᠵᠢᠯᠳᠡ ᠶᠢᠨ ᠵᠢᠮ᠎ᠠ ᠶᠤᠰᠤᠨ ᠳᠤ ᠨᠡᠶᠢᠴᠡᠭᠰᠡᠨ᠂ ᠦᠷᠬᠡᠨ ᠤᠯᠠᠨ ᠮᠠᠯᠴᠢᠨ ᠲᠠᠷᠢᠶᠠᠴᠢᠨ ᠤ ᠰᠤᠶᠤᠯ ᠤᠷᠠᠯᠢᠬ ᠤᠨ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠬᠤ ᠰᠠᠶᠢᠨ ᠬᠡᠯᠪᠡᠷᠢ ᠪᠤᠯᠬᠤ ᠤᠯᠠᠭᠠᠨᠮᠦ᠋ᠴᠢᠷ ᠢᠶᠠᠨ ᠡᠷᠢᠵᠤ ᠤᠯᠤᠬᠰᠠᠨ ᠳᠠᠭᠠᠨ ᠶᠤᠮ᠃
ᠨᠡᠶᠢᠬᠡᠮ ᠤᠨ ᠬᠦᠭᠵᠢᠯᠳᠡ ᠪᠤᠯᠤᠨ ᠰᠢᠨᠵᠢᠯᠡᠬᠦ ᠤᠬᠠᠭᠠᠨ
ᠮᠡᠷᠭᠡᠵᠢᠯ ᠤᠨ ᠲᠠᠪᠰᠢᠯᠳᠠ ᠶᠢ ᠲᠠᠭᠠᠯᠳᠤᠨ ᠤᠯᠠᠭᠠᠨᠮᠦ᠋ᠴᠢᠷ ᠤᠨ ᠡᠩᠨᠡᠭᠡ ᠨᠢ ᠲᠤᠮᠤ᠂ ᠲᠤᠰᠬᠠᠢᠢᠵᠢᠬᠤ ᠵᠦᠭ ᠬᠦᠭᠵᠢᠬᠦ ᠪᠤᠯᠪᠠ ᠤᠤ︖ ᠬᠡᠪᠡᠯ ᠬᠡᠯᠡᠯᠬᠡᠨ ᠦᠬᠡᠢ ᠡᠶᠢᠮᠦ ᠪᠢᠰᠢ ᠶᠤᠮ᠃ ᠬᠠᠷᠢᠨ ᠡᠬᠦᠨ ᠲᠠᠢ ᠡᠰᠡᠷᠬᠦ ᠪᠠᠷ ᠨᠡᠶᠢᠬᠡᠮ ᠬᠡᠳᠦᠢ ᠬᠦᠭᠵᠢᠵᠤ᠂ ᠰᠢᠨᠵᠢᠯᠡᠬᠦ ᠤᠬᠠᠭᠠᠨ ᠮᠡᠷᠭᠡᠵᠢᠯ ᠬᠡᠳᠦᠢ ᠲᠠᠪᠰᠢᠬᠤ ᠲᠤᠳᠤᠮ ᠬᠦᠮᠦᠨ ᠤ ᠬᠡᠪ ᠴᠢᠨᠠᠷ ᠪᠤᠯᠤᠨ ᠡᠷᠳᠡᠮ ᠴᠢᠳᠠᠪᠤᠷᠢ ᠤᠯᠠᠮ ᠲᠡᠭᠡᠭᠰᠢᠯᠡᠵᠤ᠂ ᠤᠷᠠᠯᠢᠬ ᠤᠨ ᠲᠤᠬᠯᠠᠯᠳᠠ ᠶᠢᠨ ᠪᠦᠯᠬᠦᠮ ᠤᠯᠠᠮ ᠪᠠᠭ᠎ᠠ ᠬᠡᠯᠪᠡᠷᠢ ᠶᠢᠨ᠂ ᠦᠪᠡᠷᠮᠢᠴᠡ ᠰᠢᠨᠵᠢ ᠲᠠᠢ ᠪᠤᠯᠬᠤ ᠶᠤᠮ᠃ ᠦᠪᠦᠷ ᠮᠤᠩᠭᠤᠯ ᠤᠨ ᠲᠠᠭᠤᠤ ᠬᠦᠭᠵᠢᠮ ᠤᠨ ᠹᠷᠦᠨᠲ ᠲᠤ ᠡᠯ᠎ᠠ ᠵᠦᠢᠯ ᠤᠨ ᠬᠠᠮᠳᠤᠯᠢᠬ ᠬᠤᠷ᠎ᠠ ᠶᠢᠨ ᠲᠠᠷᠠᠭᠠᠬᠢ ᠬᠤᠯᠤᠰᠤᠨ ᠰᠦᠶ᠎ᠠ ᠮᠡᠳᠦ ᠴᠤᠯᠭᠤᠷᠠᠨ ᠭᠠᠷᠴᠤ ᠤᠯᠤᠰ ᠤᠨ ᠲᠤᠳᠤᠭᠠᠳᠤ ᠭᠠᠳᠠᠭᠠᠳᠤ ᠶᠢᠨ ᠤᠷᠠᠯᠢᠬ ᠤᠨ ᠲᠠᠶᠢᠰᠠᠨ ᠳᠤ ᠢᠯᠡᠷᠡᠵᠤ ᠪᠠᠶᠢᠭ᠎ᠠ ᠪᠤᠯ ᠡᠬᠦᠨ ᠤ ᠪᠤᠳᠠᠳᠦ ᠬᠡᠷᠡᠴᠢ ᠶᠤᠮ᠃ ᠵᠢᠱᠢᠶᠠᠯᠠᠵᠤ ᠬᠡᠯᠡᠪᠡᠯ ︽ᠠᠨᠳᠠ ᠬᠠᠮᠳᠤᠯᠢᠬ︾᠂ ︽ᠬᠠᠨᠭ᠍ᠭᠠᠢ ᠬᠠᠮᠳᠤᠯᠢᠬ︾ ᠬᠡᠬᠦ ᠮᠡᠳᠦ᠂ ᠤᠯᠠᠩᠬᠢ ᠨᠢ ᠲᠠᠪᠤ ᠵᠢᠷᠭᠤᠭᠠᠨ ᠬᠦᠮᠦᠨ ᠢᠶᠠᠷ ᠪᠦᠷᠢᠯᠳᠦᠵᠤ ᠤᠯᠠᠭᠠᠨᠮᠦ᠋ᠴᠢᠷ ᠤᠨ 12 ᠬᠦᠮᠦᠨ ᠤ ᠤᠷᠤᠨ ᠲᠤᠭ᠎ᠠ ᠶᠢᠨ ᠭᠤᠷᠪᠠᠨ ᠤ ᠨᠢᠬᠡ ᠶᠢ ᠯᠡ ᠡᠵᠡᠯᠡᠵᠤ ᠪᠠᠶᠢᠨ᠎ᠠ᠃ ᠦᠬᠡᠷ᠎ᠠ ᠪᠠᠷ ᠬᠡᠯᠡᠪᠡᠯ ᠤᠯᠠᠭᠠᠨᠮᠦ᠋ᠴᠢᠷ ᠨᠢ ᠴᠠᠬ ᠦᠶ᠎ᠠ ᠯᠦᠭᠡ ᠵᠡᠷᠭᠡ ᠪᠠᠷ ᠤᠷᠤᠬᠰᠢᠯᠠᠵᠤ᠂ ᠰᠢᠨ᠎ᠠ ᠴᠠᠬ ᠦᠶ᠎ᠠ ᠶᠢᠨ ᠱᠠᠭᠠᠷᠳᠠᠯᠭ᠎ᠠ ᠳᠤ ᠨᠡᠶᠢᠴᠡᠬᠦᠯᠦᠨ᠂ ᠬᠦᠷᠢᠶ᠎ᠠ ᠬᠡᠪᠴᠢᠶ᠎ᠠ ᠪᠠᠨ ᠴᠤᠮᠬᠠᠳᠬᠠᠨ ᠲᠤᠬᠯᠠᠯᠳᠠ ᠪᠠᠨ ᠰᠢᠯᠢᠳᠡᠭᠵᠢᠬᠦᠯᠬᠦ ᠦᠬᠡᠢ ᠪᠤᠯ ᠴᠠᠬ ᠦᠶ᠎ᠠ ᠠᠴᠠ ᠬᠤᠴᠤᠷᠴᠤ ︽ᠬᠠᠮᠳᠤᠯᠢᠬ︾ ᠤᠨ ᠬᠡᠯᠪᠡᠷᠢ ᠪᠠᠷ ᠤᠷᠤᠯᠠᠭᠤᠯᠤᠬᠳᠠᠵᠤ ᠮᠡᠳᠡᠨ᠎ᠠ᠃
     ︽ᠰᠠᠷᠠᠨ᠎ᠠ ᠴᠡᠴᠡᠭ ᠤᠯᠠᠯᠵᠠᠨ ᠲᠡᠯᠬᠡᠷᠡᠨ᠎ᠠ︾
     ᠵᠢᠷᠠᠭᠠᠳ ᠵᠢᠯ ᠤᠨ ᠲᠤᠷᠰᠢᠬᠢ ᠤᠯᠠᠭᠠᠨᠮᠦ᠋ᠴᠢᠷ ᠤᠨ
ᠠᠮᠵᠢᠯᠳᠠ ᠪᠦᠲᠦᠮᠵᠢ ᠶᠢ ᠵᠠᠪᠠᠯ ᠦᠨᠡᠯᠡᠬᠦ ᠴᠢᠬᠤᠯᠠᠳᠠᠢ ᠶᠤᠮ᠃ ᠤᠯᠠᠭᠠᠨᠮᠦ᠋ᠴᠢᠷ ᠤᠨ ᠠᠮᠵᠢᠯᠳᠠ ᠪᠦᠲᠦᠮᠵᠢ ᠶᠢ ᠭᠤᠤᠯᠳᠠᠭᠤ ᠰᠢᠯᠢᠳᠡᠭ ᠪᠦᠲᠦᠬᠡᠯ᠂ ᠤᠷᠠᠯᠢᠬ ᠤᠨ ᠴᠢᠳᠠᠪᠤᠷᠢᠳᠠᠨ ᠪᠤᠯᠤᠨ ᠦᠵᠡᠯ ᠰᠠᠨᠠᠭ᠎ᠠ ᠤᠪᠤᠷ ᠰᠤᠷᠳᠠᠯ ᠬᠡᠬᠦ ᠭᠤᠷᠪᠠᠨ ᠲᠠᠯ᠎ᠠ ᠪᠠᠷ ᠮᠠᠭᠠᠳᠯᠠᠵᠦ ᠪᠤᠯᠤᠨ᠎ᠠ᠃
     ᠡᠩ ᠲᠡᠷᠢᠬᠦᠨ ᠳᠤ᠂
ᠦᠯᠡᠮᠵᠢ ᠤᠯᠠᠨ ᠰᠢᠯᠢᠳᠡᠭ ᠤᠷᠠᠯᠢᠬ ᠤᠨ ᠪᠦᠲᠦᠬᠡᠯ ᠢ ᠵᠤᠬᠢᠶᠠᠨ ᠪᠦᠲᠦᠬᠡᠵᠤ ᠲᠤᠬᠯᠠᠬᠰᠠᠨ ᠶᠠᠪᠤᠳᠠᠯ ᠪᠤᠯ ᠤᠯᠠᠭᠠᠨᠮᠦ᠋ᠴᠢᠷ ᠤᠨ ᠴᠢᠬᠤᠯᠡ ᠨᠢᠬᠡᠨ ᠬᠤᠪᠢ ᠨᠡᠮᠡᠷᠢ ᠪᠤᠯᠤᠨ᠎ᠠ᠃ ᠳᠡᠳᠡᠨ ᠤ ᠮᠠᠰᠢ ᠤᠯᠠᠨ ᠰᠤᠩᠭᠤᠳᠠᠬ ᠪᠦᠲᠦᠬᠡᠯ ᠨᠢ ᠦᠨᠳᠤᠰᠤᠳᠠᠨ ᠤ ᠤᠷᠠᠯᠢᠬ ᠤᠨ ᠡᠷᠳᠡᠨᠢᠰ ᠤᠨ ᠰᠠᠩ ᠤᠨ ᠬᠤᠪᠤᠷ ᠨᠠᠨᠳᠢᠨ ᠦᠪ ᠬᠦᠷᠦᠩᠭᠡ ᠪᠤᠯᠤᠬᠰᠠᠨ ᠪᠠᠶᠢᠳᠠᠬ᠃ ᠡᠳᠡᠬᠡᠷ ᠲᠤᠬᠯᠠᠯᠳᠠ ᠶᠢᠨ ᠬᠠᠮᠳᠤ ᠶᠢᠨ ᠤᠨᠴᠠᠯᠢᠬ ᠬᠡᠪᠡᠯ ᠮᠠᠯᠴᠢᠨ ᠲᠠᠷᠢᠶᠠᠴᠢᠨ ᠤ ᠠᠮᠢᠳᠤᠷᠠᠯ ᠢ ᠲᠤᠰᠬᠠᠵᠤ᠂ ᠪᠤᠳᠠᠳᠠᠢ ᠲᠠᠢ ᠤᠢᠢᠷᠠᠳᠤᠵᠤ᠂ ᠤᠯᠠᠨ ᠲᠦᠮᠡᠨ ᠲᠠᠢ ᠤᠢᠢᠷᠠᠳᠤᠵᠤ᠂ ᠬᠡᠯᠪᠡᠷᠢ ᠮᠠᠶ᠋ᠢᠬ ᠨᠢ ᠤᠯᠠᠨ ᠶᠠᠩᠵᠤ ᠶᠢᠨ᠂ ᠠᠮᠢᠳᠤ ᠴᠤᠪᠤᠭᠤᠯᠢᠬ᠂ ᠤᠷᠤᠨ ᠨᠤᠳᠤᠬ ᠤᠨ ᠦᠨᠦᠷ ᠠᠮᠳᠠ ᠪᠠᠷ ᠪᠢᠯᠬᠠᠮ᠎ᠠ ᠪᠠᠶᠢᠳᠠᠬ᠃ ︽ᠰᠠᠷᠠᠨ᠎ᠠ ᠴᠡᠴᠡᠭ ᠤᠯᠠᠯᠵᠠᠨ ᠲᠡᠯᠬᠡᠷᠡᠨ᠎ᠠ︾ ᠬᠡᠳᠡᠭ ᠲᠠᠭᠤᠤ ᠶᠢᠨ ᠨᠡᠷ᠎ᠠ ᠪᠠᠷ ᠤᠯᠠᠭᠠᠨᠮᠦ᠋ᠴᠢᠷ ᠤᠨ ᠤᠷᠠᠯᠢᠬ ᠤᠨ ᠵᠤᠬᠢᠶᠠᠨ ᠪᠦᠲᠦᠬᠡᠯᠬᠡ ᠶᠢᠨ ᠬᠦᠭᠵᠢᠯ ᠴᠡᠴᠡᠭᠯᠡᠯ ᠢ ᠵᠦᠢᠷᠯᠡᠬᠦ ᠳᠤ ᠮᠠᠰᠢ ᠵᠤᠬᠢᠮᠵᠢᠳᠠᠢ ᠪᠢᠯᠡ᠃
     
ᠤᠯᠠᠭᠠᠨᠮᠦ᠋ᠴᠢᠷ ᠤᠨ ᠵᠤᠬᠢᠶᠠᠨ ᠪᠦᠲᠦᠬᠡᠭᠰᠡᠨ ᠲᠠᠭᠤᠤ ᠨᠤᠭᠤᠳ ᠨᠢ ᠢᠷᠠᠭᠤ ᠤᠶᠠᠩᠭᠠᠯᠢᠬ ᠭᠤᠶᠤ ᠰᠠᠶᠢᠬᠠᠨ᠂ ᠰᠡᠳᠬᠢᠯᠬᠡ ᠤᠷᠬᠢᠯᠤᠮ᠎ᠠ ᠪᠢᠯᠬᠠᠮ᠎ᠠ ᠪᠠᠶᠢᠵᠤ ᠢᠯᠭᠤᠮ ᠲᠤᠳᠤ ᠦᠨᠳᠤᠰᠤᠳᠠᠨ ᠤ ᠬᠡᠪ ᠨᠠᠮᠪᠠ ᠪᠤᠯᠤᠨ ᠤᠷᠤᠨ ᠨᠤᠳᠤᠬ ᠤᠨ ᠤᠨᠴᠠᠯᠢᠬ ᠢᠶᠠᠷ ᠢᠶᠠᠨ ᠤᠷᠤᠨ ᠤ ᠲᠤᠳᠤᠨ᠎ᠠ ᠭᠠᠳᠠᠨ᠎ᠠ ᠦᠷᠬᠡᠨ ᠲᠡᠯᠬᠡᠷ ᠲᠠᠷᠬᠠᠨ ᠲᠡᠯᠬᠡᠷᠡᠵᠤ᠂ ᠦᠨᠳᠤᠰᠤᠳᠠᠨ ᠨᠦᠭᠦᠳ ᠤᠨ ᠰᠤᠨᠤᠰᠤᠬᠴᠢᠳ ᠤᠨ ᠪᠠᠭ᠋ᠠᠷᠦᠯ ᠬᠦᠷᠢᠶᠡᠯᠡᠯ ᠢ ᠤᠯᠤᠬᠰᠠᠨ ᠪᠠᠶᠢᠳᠠᠬ᠃ ᠲᠦᠯᠦᠬᠡᠯᠡᠭᠴᠢ ᠪᠦᠲᠦᠬᠡᠯ ᠤᠳ ᠠᠴᠠ ᠲᠤᠷᠠᠳᠪᠠᠯ᠂ ︽ᠮᠠᠤ ᠲᠡᠷᠢᠬᠦᠯᠡᠭᠴᠢ ᠡ᠂ ᠲᠠᠯ᠎ᠠ ᠨᠤᠳᠤᠭ ᠤᠨ ᠠᠷᠠᠳ ᠲᠦᠮᠡᠨ ᠲᠠᠨ ᠢ ᠪᠠᠨ ᠬᠠᠶᠢᠷᠠᠯᠠᠨ᠎ᠠ︾᠂ ︽ᠲᠠᠯ᠎ᠠ ᠨᠤᠳᠤᠭ ᠲᠤ ᠮᠦᠡᠭᠭᠡ ᠶᠢᠨ ᠨᠠᠷᠠᠨ ᠰᠠᠴᠤᠷᠠᠨ ᠮᠠᠨᠳᠤᠯ᠎ᠠ︾᠂ ︽ᠦᠨᠢᠷ ᠲᠠᠩᠰᠤᠬ ᠦᠵᠡᠰᠬᠦᠯᠡᠩᠳᠤ ᠰᠠᠶᠢᠬᠠᠨ ᠦᠪᠦᠷ ᠮᠤᠩᠭᠤᠯ︾᠂ ︽ᠮᠠᠯᠴᠢᠨ ᠲᠦᠮᠡᠨ ᠨᠠᠮ ᠢᠶᠠᠨ ᠲᠠᠭᠤᠯᠠᠨ᠎ᠠ︾᠂ ︽ᠰᠠᠷᠠᠨ᠎ᠠ ᠴᠡᠴᠡᠭ ᠤᠯᠠᠯᠵᠠᠨ ᠲᠡᠯᠬᠡᠷᠡᠨ᠎ᠠ︾᠂ ︽ᠤᠮᠠᠷᠠᠳᠤ ᠬᠢᠯᠢ ᠶᠢᠨ ᠮᠠᠬᠳᠠᠭᠠᠯ ᠲᠠᠭᠤᠤ︾᠂ ︽ᠰᠡᠳᠬᠢᠯ ᠤᠨ ᠬᠠᠶᠢᠷᠠᠳᠤ ᠬᠤᠪᠢᠰ ᠢᠶᠠᠨ ᠬᠦᠭᠵᠢᠮᠳᠡᠶ᠎ᠠ︾᠂ ︽ᠵᠸᠦ ᠶᠡᠷᠦᠩᠭᠡᠢ ᠰᠠᠶᠢᠳ ᠮᠢᠨᠢ ᠮᠤᠷᠢᠨ ᠬᠤᠭᠤᠷ ᠰᠤᠨᠤᠰᠬᠤ ᠲᠤᠷᠠᠳᠠᠢ︾᠂ ︽ᠤᠭᠠᠯᠵᠠ ᠰᠡᠶᠢᠯᠦᠭᠰᠡᠨ ᠡᠮᠡᠬᠡᠯ︾ ᠵᠡᠷᠭᠡ ᠪᠤᠢ᠃
     ᠲᠠᠭᠤᠤ ᠶᠢᠨ ᠪᠦᠲᠦᠬᠡᠯ ᠠᠴᠠ ᠭᠠᠳᠠᠨ᠎ᠠ ᠭᠤᠴᠤᠯᠠᠯ ᠪᠦᠵᠢᠭ᠂ ᠲᠠᠭᠤᠤᠷᠢᠯᠢᠬ ᠤᠷᠠᠯᠢᠬ ᠪᠠ ᠪᠠᠭ᠎ᠠ ᠲᠠᠭᠤᠯᠠᠯᠳᠤ
ᠵᠦᠴᠦᠬᠡ ᠵᠡᠷᠭᠡ ᠲᠠᠯ᠎ᠠ ᠪᠠᠷ ᠴᠤ ᠤᠯᠠᠭᠠᠨᠮᠦ᠋ᠴᠢᠷ ᠤᠨ ᠬᠢᠨ ᠪᠠᠭ᠎ᠠ ᠪᠤᠰᠤ ᠰᠤᠳᠤᠨ ᠪᠦᠲᠦᠬᠡᠯ ᠵᠤᠬᠢᠶᠠᠨ ᠪᠦᠲᠦᠭᠡᠵᠤ ᠢᠯᠡᠷᠬᠡᠢ ᠠᠮᠵᠢᠯᠳᠠ ᠤᠯᠵᠠᠢ᠃ ᠲᠦᠯᠦᠬᠡᠯᠡᠭᠴᠢ ᠪᠦᠲᠦᠬᠡᠯ ᠬᠡᠪᠡᠯ᠂ ᠭᠤᠴᠤᠯᠠᠯ ᠪᠦᠵᠢᠭ ︽ᠮᠠᠯᠴᠢᠳ ᠤᠨ ᠪᠠᠶᠠᠰᠤᠯ︾᠂ ︽ᠰᠠᠪᠬᠠᠨ ᠪᠦᠵᠢᠭ︾᠂ ︽ᠤᠰᠤ ᠨᠠᠭᠠᠳᠤᠬᠴᠢ ᠬᠡᠦᠬᠡᠨ︾᠂ ︽ᠬᠠᠷᠢ ᠳᠤ ᠮᠤᠷᠳᠠᠬᠤ ᠠᠴᠠ ᠡᠮᠦᠨᠡᠬᠡᠨ︾ ᠵᠡᠷᠭᠡ ᠪᠤᠢ᠃ ᠤᠯᠠᠨ ᠬᠦᠮᠦᠨ ᠤ ᠪᠦᠵᠢᠭ ︽ᠰᠤᠯᠤᠩᠭ᠎ᠠ︾᠂ ︽ᠰᠦᠨᠢ ᠶᠢᠨ ᠮᠠᠨᠠᠭ᠎ᠠ︾ ︽ᠮᠦᠡᠭᠭᠡᠵᠤᠯᠠ︾᠂ ︽ᠲᠠᠯᠠᠯᠭᠠᠨ ᠪᠠᠶᠠᠷ︾ ᠪᠤᠢ᠃ ᠶᠤᠰᠦ ᠵᠠᠩᠰᠢᠯ ᠤᠨ ᠰᠡᠳᠦᠪᠳᠦ ᠲᠠᠭᠤᠤ ᠪᠦᠵᠢᠭ ︽ᠭᠠᠨᠭ᠌ ᠲᠤᠯᠭ᠎ᠠ︾᠂ ︽ᠤᠷᠳᠤᠰ ᠬᠤᠷᠢᠮ︾ ᠵᠡᠷᠭᠡ ᠪᠤᠢ᠃ ᠬᠤᠯᠪᠤᠭ᠎ᠠ ᠪᠤᠯᠤᠨ ᠲᠠᠭᠤᠤᠷᠢᠯᠢᠬ ᠤᠷᠠᠯᠢᠬ ᠲᠤ ︽ᠠᠳᠤᠭᠤᠴᠢᠨ ᠪᠠᠭᠠᠳᠤᠷ︾᠂ ︽ᠠᠭᠤᠯᠠᠨ ᠳᠤ ᠭᠠᠷᠴᠤ ᠪᠠᠷᠰ ᠢ ᠴᠤᠬᠢᠬᠰᠠᠨ︾ ᠪᠤᠢ᠃ ᠪᠠᠭ᠎ᠠ ᠲᠠᠭᠤᠯᠠᠯᠳᠤ ᠵᠦᠴᠦᠬᠡ ᠳᠤ᠂ ︽ᠤᠷᠢᠯᠭ᠎ᠠ︾᠂ ︽ᠠᠯᠤᠰ ᠠᠴᠠ ᠢᠷᠡᠭᠰᠡᠨ ᠵᠠᠬᠢᠳᠠᠯ︾᠂ ︽ᠬᠦᠭᠰᠢᠨ ᠬᠠᠶᠢᠯᠠᠰᠦ︾ ᠵᠡᠷᠭᠡ ᠪᠤᠢ᠃
     ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ
ᠪᠠᠶᠢᠭᠤᠯᠤᠬᠳᠠᠬᠰᠠᠨ ᠠᠴᠠ ᠨᠠᠭᠠᠰᠢ᠂ ᠲᠠᠭᠤᠤ ᠬᠦᠭᠵᠢᠮ ᠤᠨ ᠵᠤᠬᠢᠶᠠᠨ ᠪᠦᠲᠦᠬᠡᠯᠬᠡ ᠢᠯᠡᠷᠬᠡᠢ ᠬᠦᠭᠵᠢᠵᠤ ᠯᠤᠳᠤ ᠶᠡᠭᠡ ᠠᠮᠵᠢᠯᠳᠠ ᠤᠯᠵᠠᠢ᠃ ᠡᠳᠡᠬᠡᠷ ᠲᠠᠭᠤᠤ ᠬᠦᠭᠵᠢᠮ ᠤᠨ ᠬᠡᠯᠪᠡᠷᠢ ᠨᠢ ᠤᠯᠠᠨ ᠶᠠᠩᠵᠤ ᠶᠢᠨ᠂ ᠬᠡᠪ ᠨᠠᠮᠪᠠ ᠨᠢ ᠰᠤᠳᠤᠨ ᠰᠠᠶᠢᠬᠠᠨ ᠪᠠᠶᠢᠵᠤ ᠭᠤᠴᠤᠯᠠᠯ ᠲᠠᠭᠤᠤ᠂ ᠡᠯᠬᠦᠬᠡ ᠲᠠᠭᠤᠤ᠂ ᠲᠤᠬᠯᠠᠯᠳᠠ ᠶᠢᠨ ᠲᠠᠭᠤᠤ ᠪᠠᠶᠢᠬᠤ ᠪᠦᠬᠡᠳ ᠪᠠᠰᠠ ᠬᠦᠭᠵᠢᠮ ᠤᠨ ᠬᠠᠪᠰᠤᠷᠤᠯ ᠦᠬᠡᠢ ᠨᠠᠶᠢᠷᠠᠯ ᠲᠠᠭᠤᠤ᠂ ᠰᠢᠮᠫᠤᠨᠢ ᠨᠠᠶᠢᠷᠠᠯ ᠲᠠᠭᠤᠤ ᠵᠡᠷᠭᠡ ᠮᠦᠴᠡᠯᠬᠡ ᠲᠠᠭᠤᠤ ᠪᠠᠶᠢᠯᠴᠠᠵᠤ᠂ ᠦᠨᠢᠷ ᠴᠡᠴᠡᠭ ᠰᠢᠭ ᠮᠢᠷᠠᠯᠵᠠᠵᠤ᠂ ᠦᠡᠭᠭᠡ ᠬᠢᠯᠪᠠᠭ᠎ᠠ ᠪᠦᠷᠢᠳᠦᠭᠰᠡᠨ ᠪᠠᠶᠢᠳᠠᠬ᠃ ᠲᠠᠭᠤᠤ ᠬᠦᠭᠵᠢᠮ ᠤᠨ ᠲᠡᠦᠬᠡ ᠶᠢᠨ ᠬᠠᠷᠠᠭᠠᠰᠤ ᠠᠴᠠ ᠠᠪᠴᠤ ᠬᠡᠯᠡᠪᠡᠯ ᠦᠪᠦᠷ ᠮᠤᠩᠭᠤᠯ ᠤᠨ ᠲᠠᠭᠤᠤ ᠬᠦᠭᠵᠢᠮ ᠤᠨ ᠵᠤᠬᠢᠶᠠᠨ ᠪᠦᠳᠦᠬᠡᠯᠬᠡ ᠨᠢ ᠶᠡᠭᠡ ᠲᠦᠯᠦᠪ ᠭᠤᠷᠪᠠ ᠤᠳᠠᠭ᠎ᠠ ᠶᠢᠨ ᠬᠦᠭᠵᠢᠯᠳᠡ ᠶᠢᠨ ᠤᠷᠬᠢᠯ ᠳᠤ ᠬᠦᠷᠦᠭᠰᠡᠨ ᠪᠢᠯᠡ᠃
     ︵ᠨᠢᠬᠡ︶ ᠤᠯᠠᠨ ᠲᠦᠮᠡᠨ ᠤ ᠲᠠᠭᠤᠤ᠂ ᠺᠢᠨᠣ᠋ ᠶᠢᠨ
ᠲᠠᠭᠤᠤ ᠶᠢᠨ ᠴᠠᠬ ᠬᠤᠭᠤᠴᠠᠭ᠎ᠠ — ᠲᠡᠬᠡᠷ᠎ᠠ ᠵᠠᠭᠤᠨ ᠤ ᠲᠠᠪᠢᠭᠠᠳ ᠤᠨ ᠠᠴᠠ ᠨᠠᠭᠠᠰᠢ ᠦᠪᠦᠷ ᠮᠤᠩᠭᠤᠯ ᠤᠨ ᠲᠠᠭᠤᠤ ᠪᠦᠵᠢᠭ ᠤᠨ ᠪᠦᠯᠬᠦᠮ ᠨᠢ ᠲᠠᠭᠤᠤ ᠬᠦᠭᠵᠢᠮ ᠤᠨ ᠵᠤᠬᠢᠶᠠᠨ ᠪᠦᠳᠦᠬᠡᠯᠬᠡ ᠶᠢᠨ ᠭᠤᠤᠯ ᠴᠤᠬᠴᠠ ᠪᠤᠯᠤᠬᠰᠠᠨ ᠶᠤᠮ᠃ ᠲᠦᠡᠭᠹᠦ᠋᠂ ᠮᠧᠯᠴᠡᠭ᠂ ᠮᠡᠷᠭᠡᠵᠢᠬᠦ ᠵᠡᠷᠭᠡ ᠬᠦᠭᠵᠢᠮ ᠤᠨ ᠵᠤᠬᠢᠶᠠᠯᠴᠢ ᠨᠡᠷ ︽ᠤᠪᠤᠭᠠᠨ ᠳᠠᠬᠢ ᠠᠭᠤᠯᠵᠠᠯᠳᠠ︾᠂ ︽ᠲᠤᠬᠤᠨᠢᠭᠤᠯᠬᠤ ᠤᠭᠤᠳᠠ︾᠂ ︽ᠲᠠᠯ᠎ᠠ ᠨᠤᠳᠤᠭ ᠲᠤ ᠮᠦᠡᠭᠭᠡ ᠶᠢᠨ ᠨᠠᠷᠠᠨ ᠰᠠᠴᠤᠷᠠᠨ ᠮᠠᠨᠳᠤᠯ᠎ᠠ︾᠂ ︽ᠲᠠᠯ᠎ᠠ ᠨᠤᠳᠤᠭ ᠤᠨ ᠦᠷᠯᠦᠬᠡ ᠶᠢᠨ ᠤᠶᠠᠩᠭ᠎ᠠ︾᠂ ︽ᠮᠦᠡᠭᠬᠦᠨ ᠭᠤᠤᠯ︾᠂ ︽ᠦᠪᠦᠷ ᠮᠤᠩᠭᠤᠯ ᠰᠠᠶᠢᠬᠠᠨ︾᠂ ︽ᠱᠠᠩᠬᠠᠢ ᠬᠢᠴᠡᠳᠡᠢ ᠪᠠᠨᠳᠤᠤᠲ᠋ᠢ︾ ᠵᠡᠷᠭᠡ ᠲᠠᠭᠤᠤ ᠶᠢ ᠵᠤᠬᠢᠶᠠᠨ ᠪᠦᠲᠦᠬᠡᠵᠤ᠂ ᠤᠷᠤᠨ ᠤᠯᠤᠰ ᠴᠢᠨᠡᠬᠰᠢᠯᠠᠭᠠᠳ ᠲᠠᠶᠠᠩ ᠲᠡᠯᠡᠬᠡᠢ ᠳᠤ ᠲᠠᠭᠤᠷᠢᠰᠤᠬᠰᠠᠨ ᠪᠢᠯᠡ᠃ ᠴᠠᠬ ᠤᠨ ᠲᠠᠯ᠎ᠠ ᠠᠴᠠ ᠦᠵᠡᠪᠡᠯ ᠲᠡᠬᠡᠷ᠎ᠠ ᠵᠠᠭᠤᠨ ᠤ ᠵᠢᠷᠠᠭᠠᠳ ᠤᠨ ᠤ ᠲᠤᠮᠳᠠᠴᠢ ᠬᠤᠭᠤᠴᠠᠭ᠎ᠠ ᠪᠤᠯᠳᠠᠯ᠎ᠠ ᠡᠨᠡ ᠬᠦ ᠱᠠᠳᠤ ᠨᠢ 20 ᠭᠠᠷᠤᠢ ᠵᠢᠯ ᠦᠷᠬᠦᠯᠵᠢᠯᠡᠭᠰᠡᠨ ᠪᠠᠶᠢᠨ᠎ᠠ᠃
     ︵ᠬᠤᠶᠠᠷ︶ ᠤᠯᠠᠭᠠᠨᠮᠦ᠋ᠴᠢᠷ ᠤᠨ ᠲᠠᠭᠤᠤ ᠬᠦᠭᠵᠢᠮ ᠤᠨ
ᠴᠠᠬ ᠬᠤᠭᠤᠴᠠᠭ᠎ᠠ — ᠲᠡᠬᠡᠷ᠎ᠠ ᠵᠠᠭᠤᠨ ᠤ ᠵᠢᠷᠠᠭᠠᠳ ᠤᠨ ᠤ ᠲᠤᠮᠳᠠᠴᠢ ᠬᠤᠭᠤᠴᠠᠭ᠎ᠠ ᠠᠴᠠ ᠨᠠᠭᠠᠰᠢ ᠤᠯᠠᠭᠠᠨᠮᠦ᠋ᠴᠢᠷ ᠨᠢ ᠲᠠᠭᠤᠤ ᠬᠦᠭᠵᠢᠮ ᠤᠨ ᠵᠤᠬᠢᠶᠠᠨ ᠪᠦᠲᠦᠬᠡᠯᠬᠡ ᠶᠢᠨ ᠭᠤᠤᠯ ᠴᠤᠬᠴᠠ ᠪᠤᠯᠪᠠ᠃ ᠲᠤᠯᠭᠠᠭᠤᠷᠢ᠂ ᠰᠠᠩᠵᠠᠢ᠂ ᠲᠤᠤ · ᠰᠠᠩᠵᠠᠢ᠂ ᠪᠤᠤ ᠬᠦᠢ᠂ ᠲᠤᠷᠵᠢ᠂ ᠦᠨᠡᠨᠴᠢ ᠵᠡᠷᠭᠡ ᠵᠠᠯᠠᠭᠤ ᠬᠦᠭᠵᠢᠮ ᠤᠨ ᠵᠤᠬᠢᠶᠠᠯᠴᠢ ᠨᠠᠷ ᠨᠢᠬᠡ ᠪᠦᠯᠦᠭ ᠰᠢᠯᠢᠳᠡᠭ ᠲᠠᠭᠤᠤ ᠶᠢ ᠵᠤᠬᠢᠶᠠᠨ ᠪᠦᠲᠦᠬᠡᠪᠡ᠃ ᠮᠦᠯᠠᠨ᠂ ᠵᠢᠩᠬᠤᠸᠠᠷ᠂ ᠯᡁᠠᠰᠦ᠋ᠷᠦᠩ᠂ ᠨᠠᠰᠤᠨ ᠵᠡᠷᠭᠡ ᠠᠯᠳᠠᠷᠳᠤ ᠲᠠᠭᠤᠴᠢᠳ ᠤᠯᠤᠰ ᠤᠨ ᠲᠤᠳᠤᠭᠠᠳᠤ ᠭᠠᠳᠠᠭᠠᠳᠤ ᠳᠤ ᠠᠯᠳᠠᠷ ᠮᠠᠨᠳᠤᠵᠠᠢ᠃ 1964 ᠤᠨ ᠠᠴᠠ 1965 ᠤᠨ ᠪᠤᠯᠳᠠᠯ᠎ᠠ᠂ ᠵᠸᠦ ᠶᠡᠷᠦᠩᠭᠡᠢ ᠰᠠᠶᠢᠳ ᠤᠨ ᠲᠤᠳᠤᠨᠤ ᠬᠠᠶᠢᠷ᠎ᠠ ᠬᠠᠯᠠᠮᠵᠢᠯᠠᠯ ᠲᠤᠤᠷ᠎ᠠ ᠤᠯᠠᠭᠠᠨᠮᠦ᠋ᠴᠢᠷ ᠪᠦᠬᠦ ᠤᠯᠤᠰ ᠤᠨ ᠤᠳᠬ᠎ᠠ ᠤᠷᠠᠯᠢᠬ ᠤᠨ ᠹᠷᠦᠨᠲ ᠤᠨ ᠨᠢᠬᠡᠨ ᠲᠤᠬ ᠬᠡᠵᠤ ᠦᠨᠡᠯᠡᠭᠳᠡᠪᠡ᠃ ᠤᠯᠠᠨ ᠤ ᠮᠡᠳᠡᠬᠡᠵᠢ ᠪᠠᠷ᠂ ᠦᠪᠦᠷ ᠮᠤᠩᠭᠤᠯ ᠤᠨ ᠲᠠᠭᠤᠤ ᠪᠦᠵᠢᠭ ᠤᠨ ᠪᠦᠯᠬᠦᠮ ᠪᠤᠯᠤᠨ ᠪᠤᠰᠤᠳ ᠠᠶᠢᠮᠠᠬ ᠬᠤᠳᠠ ᠶᠢᠨ ᠱᠠᠳᠤᠨ ᠤ ᠤᠷᠠᠯᠢᠬ ᠤᠨ ᠪᠦᠯᠬᠦᠮ ᠨᠢ ᠨᠢᠬᠡᠨ ᠦᠶ᠎ᠠ ᠲᠠᠮᠫᠤᠷᠠᠬᠤ ᠪᠠᠶᠢᠳᠠᠯ ᠳᠤ ᠤᠷᠤᠵᠤ᠂ ᠬᠡᠪ ᠤᠨ ᠵᠤᠬᠢᠶᠠᠨ ᠪᠦᠲᠦᠬᠡᠵᠤ ᠲᠤᠬᠯᠠᠬᠤ ᠠᠵᠢᠯᠯᠠᠭ᠎ᠠ ᠪᠠᠨ ᠪᠡᠶᠡᠯᠡᠬᠦᠯᠵᠦ ᠲᠡᠶᠢᠯᠬᠦ ᠦᠬᠡᠢ ᠪᠤᠯᠪᠠ᠃ ᠵᠤᠯ ᠢᠶᠠᠷ ᠤᠯᠠᠭᠠᠨᠮᠦ᠋ᠴᠢᠷ ᠬᠡᠪ ᠤᠨ ᠵᠤᠬᠢᠶᠠᠨ ᠪᠦᠲᠦᠬᠡᠬᠦ ᠪᠠ ᠲᠤᠬᠯᠠᠬᠤ ᠠᠵᠢᠯᠯᠠᠭ᠎ᠠ ᠪᠠᠨ ᠪᠠᠷᠢᠮᠳᠠᠯᠠᠵᠤ᠂ ᠦᠷᠬᠡᠨ ᠤᠯᠠᠨ ᠲᠦᠮᠡᠨ ᠤ ᠰᠤᠶᠤᠯ ᠤᠷᠠᠯᠢᠬ ᠤᠨ ᠠᠮᠢᠳᠤᠷᠠᠯ ᠢ ᠪᠠᠶᠠᠯᠢᠬᠵᠢᠭᠤᠯᠵᠤ ᠢᠷᠡᠵᠡᠢ᠃ ᠴᠠᠬ ᠤᠨ ᠲᠠᠯ᠎ᠠ ᠪᠠᠷ ᠠᠪᠴᠤ ᠦᠵᠡᠪᠡᠯ ᠲᠡᠬᠡᠷ᠎ᠠ ᠵᠠᠭᠤᠨ ᠤ ᠶᠡᠷᠡᠬᠡᠳ ᠤᠨ ᠤ ᠲᠤᠮᠳᠠᠴᠢ ᠪᠤᠯᠳᠠᠯ᠎ᠠ ᠡᠨᠡ ᠬᠦ ᠱᠠᠳᠤ ᠦᠶ᠎ᠠ ᠨᠢ 30 ᠵᠢᠯ ᠰᠢᠬᠠᠮ ᠦᠷᠬᠦᠯᠵᠢᠯᠡᠪᠡ᠃
     ᠤᠯᠠᠭᠠᠨᠮᠦ᠋ᠴᠢᠷ ᠤᠨ ᠲᠠᠭᠤᠤ ᠶᠢᠨ ᠠᠶᠢᠵᠠᠮ ᠬᠦᠭ ᠨᠢ ᠢᠷᠠᠭᠤ ᠰᠤᠨᠤᠰᠬᠤᠯᠠᠩ ᠪᠦᠬᠡᠳ
ᠦᠨᠳᠤᠰᠤᠳᠠᠨ ᠤ ᠬᠡᠪ ᠨᠠᠮᠪᠠ ᠪᠠᠷ ᠦᠳᠬᠡᠨ᠂ ᠤᠷᠠᠯᠢᠬᠴᠢ ᠴᠢᠨᠠᠷ ᠢᠶᠠᠷ ᠴᠢᠩᠭ᠎ᠠ ᠪᠦᠬᠡᠳ ᠦᠵᠠᠯ ᠰᠠᠨᠠᠭ᠎ᠠ ᠠᠭᠤᠯᠭ᠎ᠠ ᠨᠢ ᠵᠦᠪ ᠡᠷᠡᠬᠦᠯ ᠪᠠᠶᠢᠵᠤ ᠮᠤᠩᠭᠤᠯ ᠦᠨᠳᠤᠰᠤᠳᠠᠨ ᠤ ᠠᠷᠠᠳ ᠲᠦᠮᠡᠨ ᠤ ᠰᠠᠶᠢᠨ ᠰᠠᠶᠢᠬᠠᠨ ᠬᠠᠶᠢᠷ᠎ᠠ ᠰᠡᠳᠬᠢᠯᠬᠡ ᠶᠢ ᠢᠯᠡᠷᠡᠬᠦᠯᠦᠭᠰᠡᠨ ᠪᠠᠶᠢᠳᠠᠬ᠃ ᠤᠳᠤ ᠪᠤᠯᠳᠠᠯ᠎ᠠ ︽ᠮᠠᠯᠴᠢᠨ ᠲᠦᠮᠡᠨ ᠨᠠᠮ ᠢᠶᠠᠨ ᠲᠠᠭᠤᠯᠠᠨ᠎ᠠ︾᠂ ︽ᠰᠠᠷᠠᠨ᠎ᠠ ᠴᠡᠴᠡᠭ ᠤᠯᠠᠯᠵᠠᠨ ᠲᠡᠯᠬᠡᠷᠡᠨ᠎ᠠ︾ ᠵᠡᠷᠭᠡ ᠲᠠᠭᠤᠤ ᠨᠤᠭᠤᠳ ᠨᠢ ᠤᠯᠠᠨ ᠤ ᠲᠤᠮᠳᠠ ᠦᠷᠬᠡᠨ ᠢᠶᠠᠷ ᠲᠠᠷᠬᠠᠵᠤ ᠬᠡᠵᠢᠶ᠎ᠠ ᠰᠤᠨᠤᠰᠤᠬᠰᠠᠨ ᠴᠤ ᠬᠡᠮᠵᠢᠶᠠᠯᠠᠰᠢ ᠦᠬᠡᠢ ᠠᠮᠢᠵᠢᠷᠠᠯ ᠤᠨ ᠬᠦᠴᠦᠨ ᠪᠢᠯᠬᠠᠵᠤ ᠪᠠᠶᠢᠳᠠᠬ᠃
ᠠᠳᠡ ᠬᠦᠷᠳᠡᠯ᠎ᠠ ᠶᠡᠷᠢᠬᠤ ᠳᠤ ᠡᠶᠢᠮᠦ ᠨᠢᠬᠡ ᠦᠯᠢᠬᠡᠷ ᠪᠤᠳᠤᠬᠳᠠᠯ᠎ᠠ᠄ ︽ᠠᠷᠪᠠᠨ
ᠵᠢᠯ ᠤᠨ ᠰᠠᠮᠠᠭᠤᠷᠠᠯ︾ ᠲᠠᠭᠤᠰᠤᠭᠠᠳ ᠤᠳᠠᠭᠠᠳᠤᠢ ᠪᠠᠶᠢᠬᠰᠠᠨ ᠲᠡᠷᠡ ᠨᠢᠬᠡᠨ ᠵᠢᠯ᠂ ᠪᠢ ᠨᠢᠬᠡ ᠮᠤᠩᠭᠤᠯ ᠦᠨᠳᠤᠰᠤᠳᠠᠨ ᠤ ᠺᠠᠳ᠋ᠷ ᠲᠠᠢ ᠵᠤᠭᠤᠬᠳᠠᠬᠤ ᠳᠤ ᠲᠡᠷᠡ ᠨᠠᠳᠠ ᠳᠤ ︽ᠮᠦᠯᠠᠨ ᠮᠢᠨᠦ ᠠᠮᠢ ᠶᠢ ᠠᠪᠤᠷᠠᠬᠰᠠᠨ ᠰᠢᠦ︾ ᠬᠡᠵᠦ ᠶᠠᠷᠢᠬᠰᠠᠨ ᠪᠢᠯᠡ᠃ ᠤᠤᠯ ᠨᠢ ᠲᠡᠷᠡ ᠬᠤᠷᠢᠬᠳᠠᠵᠤ ᠪᠠᠶᠢᠬᠰᠠᠨ ᠬᠤᠭᠤᠴᠠᠭᠠᠨ ᠳᠤ ᠲᠠᠮᠤᠯᠠᠯ ᠲᠠᠷᠴᠢᠯᠠᠭᠠᠯ ᠢ ᠲᠡᠰᠪᠦᠷᠢᠯᠡᠵᠤ ᠲᠠᠶᠢᠯᠬᠦ ᠦᠬᠡᠢ ᠪᠤᠯᠵᠦ᠂ ᠠᠮᠢᠳᠤᠷᠠᠯ ᠳᠤ ᠢᠳᠡᠬᠡᠯ ᠠᠯᠳᠠᠨ ᠠᠮᠢ ᠪᠠᠨ ᠬᠤᠤᠷᠯᠠᠬᠤ ᠪᠠᠷ ᠰᠢᠢᠳᠴᠠᠢ᠃ ᠲᠡᠬᠡᠳᠡᠯ᠎ᠠ ᠬᠡᠨᠡᠳᠳᠡ ᠲᠤᠮᠤ ᠯᠠᠪᠠᠷ ᠠᠴᠠ ᠮᠤᠩᠭᠤᠯ ᠲᠠᠭᠤᠤ ᠰᠤᠨᠤᠰᠳᠠᠵᠤ ᠢᠷᠠᠭᠤ ᠴᠡᠬᠡᠯᠬᠡᠨ ᠠᠶ᠎ᠠ ᠬᠦᠭ ᠲᠤᠨᠢ ᠤᠷᠬᠢᠯᠤᠮ᠎ᠠ ᠰᠡᠳᠬᠢᠯᠬᠡ ᠠᠭᠤᠯᠵᠤ ᠪᠠᠶᠢᠬᠰᠠᠨ ᠢᠶᠠᠷ ᠲᠡᠷᠡ ᠲᠡᠰᠬᠡᠯ ᠦᠬᠡᠢ ᠨᠢᠯᠪᠤᠰᠤ ᠠᠰᠬᠠᠷᠠᠭᠤᠯᠪᠠ᠃ ᠲᠡᠷᠡ ᠨᠢ ᠶᠠᠬ ᠮᠦᠯᠠᠨ ᠤ ᠲᠠᠭᠤᠯᠠᠬᠰᠠᠨ ︽ᠮᠠᠤ ᠲᠡᠷᠢᠬᠦᠯᠡᠭᠴᠢ ᠡ᠂ ᠲᠠᠯ᠎ᠠ ᠨᠤᠳᠤᠭ ᠤᠨ ᠠᠷᠠᠳ ᠲᠦᠮᠡᠨ ᠲᠠᠨ ᠢ ᠪᠠᠨ ᠬᠠᠶᠢᠷᠠᠯᠠᠨ᠎ᠠ︾ ᠬᠡᠰᠡᠨ ᠲᠠᠭᠤᠤ ᠪᠠᠶᠢᠪᠠ ᠬᠡᠨ᠎ᠠ᠃ ᠲᠤᠮᠤ ᠯᠠᠪᠠᠷ ᠲᠤ ᠦᠷᠯᠦᠬᠡ ᠪᠤᠯᠭᠠᠨ ︽ᠪᠠᠭᠤᠵᠤ ᠦᠭ︾ ᠬᠡᠵᠤ ᠰᠢᠬᠠᠮᠳᠠᠭᠤᠯᠬᠤ ᠪᠤᠶᠤ ᠪᠤᠷᠤᠭᠤᠰᠢᠶᠠᠨ ᠰᠢᠬᠦᠮᠵᠢᠯᠡᠬᠦ ᠲᠡᠮᠡᠴᠡᠯ ᠢᠶᠠᠷ ᠲᠦᠬᠦᠷᠴᠤ ᠪᠠᠶᠢᠬᠰᠠᠨ ᠴᠢᠨᠢ ᠦᠨᠦᠳᠦᠷ ᠶᠠᠭᠠᠬᠢᠭᠠᠳ ᠮᠤᠩᠭᠤᠯ ᠲᠠᠭᠤᠤ ᠲᠠᠯᠪᠢᠴᠢᠬᠠᠬᠰᠠᠨ ᠶᠤᠮ ᠬᠡᠵᠤ ᠲᠡᠷᠡ ᠪᠤᠳᠤᠵᠤ ᠦᠵᠡᠬᠡᠳ᠂ ᠤᠯᠤᠰ ᠲᠦᠷᠦ ᠶᠢᠨ ᠠᠭᠤᠷ ᠠᠮᠢᠰᠬᠤᠯ ᠳᠤ ᠤᠳᠠᠯ ᠦᠬᠡᠢ ᠬᠤᠪᠢᠷᠠᠯᠳᠠ ᠭᠠᠷᠬᠤ ᠪᠠᠶᠢᠬ᠎ᠠ ᠬᠡᠳᠡᠭ ᠢ ᠰᠡᠷᠭᠡᠭ ᠢᠶᠠᠷ ᠲᠠᠨᠢᠵᠠᠢ᠃ ᠢᠡᠭᠬᠢᠬᠡᠳ ᠲᠡᠷᠡ ᠤᠷᠢᠳᠠᠪᠠᠷ ᠵᠢᠭᠠᠬᠠᠨ ᠬᠦᠯᠢᠶᠠᠵᠤ᠂ ᠪᠠᠶᠢᠳᠠᠯ ᠢ ᠦᠵᠡᠵᠤ ᠪᠠᠶᠢᠭᠠᠳ ᠮᠡᠳᠡᠶ᠎ᠠ ᠬᠡᠵᠤ ᠪᠠᠶ᠎ᠠ ᠪᠠᠨ ᠬᠤᠷᠢᠬᠯᠠᠬᠰᠠᠨ ᠬᠡᠨ᠎ᠠ᠃ ᠦᠨᠡᠬᠡᠷ ᠴᠤ ᠲᠡᠬᠦᠨ ᠤ ᠵᠢᠱᠢᠭᠰᠡᠨ ᠢᠶᠠᠷ ᠨᠠᠮ ᠤᠨ ᠶᠢᠰᠤᠳᠦᠬᠡᠷ ᠶᠡᠭᠡ ᠬᠤᠷᠠᠯ ᠬᠤᠷᠠᠯᠳᠤᠵᠦ᠂ ᠮᠠᠤ ᠲᠡᠷᠢᠬᠦᠯᠡᠭᠴᠢ ᠶᠢᠨ ᠵᠢᠭᠠᠪᠤᠷᠢ ᠶᠤᠰᠤᠭᠠᠷ ᠠᠬᠠᠮᠠᠳ ᠺᠠᠳ᠋ᠷ ᠢ ᠴᠢᠯᠦᠬᠡᠯᠡᠵᠤ ᠡᠬᠢᠯᠡᠭᠰᠡᠨ ᠪᠠᠶᠢᠪᠠ᠃ ᠤᠳᠠᠯ ᠦᠬᠡᠢ ᠲᠡᠷᠡ ᠴᠤ ᠴᠢᠯᠦᠬᠡᠯᠡᠭᠳᠡᠵᠤ ᠬᠤᠪᠢ ᠵᠠᠶᠠᠭᠠᠨ ᠤ ᠬᠠᠳᠠᠭᠤ ᠲᠠᠪᠠᠭᠠᠨ ᠠᠴᠠ ᠮᠤᠯᠳᠤᠷᠠᠵᠠᠢ᠃
     ᠤᠨᠴᠠ ᠠᠩᠬᠠᠷᠤᠭᠤᠰᠢᠳᠠᠢ ᠨᠢ ᠬᠡᠪᠡᠯ᠂
ᠤᠯᠠᠭᠠᠨᠮᠦ᠋ᠴᠢᠷ ᠤᠨ ᠲᠦᠯᠦᠭᠡᠯᠡᠬᠦ ᠴᠢᠨᠠᠷᠳᠠᠢ ᠲᠠᠭᠤᠤ ᠨᠢ ᠤᠷᠢᠶ᠎ᠠ ᠯᠤᠽᠦ᠋ᠡᠭ ᠮᠠᠶ᠋ᠢᠬ ᠤᠨ ᠪᠤᠶᠤ ᠤᠷᠢᠯᠠᠵᠤ ᠬᠠᠰᠬᠢᠷᠠᠬᠤ ᠬᠡᠬᠦ ᠮᠡᠳᠦ ᠶᠢᠨ ᠲᠤᠬᠠᠢ ᠶᠢᠨ ᠤᠨᠴᠠᠭᠠᠢ ᠴᠠᠬ ᠦᠶ᠎ᠠ ᠶᠢᠨ ᠨᠦᠯᠦᠬᠡ ᠶᠢ ᠲᠡᠮᠡᠢ ᠬᠦᠷᠳᠡᠭᠰᠡᠨ ᠦᠬᠡᠢ ᠶᠤᠮ᠃ ᠲᠤᠬᠠᠢ ᠶᠢᠨ ᠦᠶ᠎ᠠ ᠳᠤ ᠤᠯᠠᠭᠠᠨᠮᠦ᠋ᠴᠢᠷ ᠤᠨ ᠠᠶᠠᠯᠭᠤ ᠵᠤᠬᠢᠶᠠᠬᠴᠢᠳ ᠨᠢ ᠵᠠᠯᠠᠭᠤᠴᠤᠳ ᠢᠶᠠᠷ ᠭᠤᠤᠯᠯᠠᠵᠦ ᠪᠠᠶᠢᠬᠰᠠᠨ ᠠᠳᠠᠯ᠎ᠠ ᠪᠠᠨ ᠦᠵᠡᠯ ᠰᠠᠨᠠᠭ᠎ᠠ ᠪᠤᠯᠤᠨ ᠤᠷᠠᠯᠢᠬ ᠤᠨ ᠲᠠᠯ᠎ᠠ ᠪᠠᠷ ᠬᠡᠷᠬᠢᠨ ᠢᠡᠭᠬᠢᠵᠤ ᠪᠤᠯᠪᠠᠰᠤᠷᠠᠩᠭᠤᠢ ᠬᠡᠮᠵᠢᠶᠡᠨ ᠳᠤ ᠬᠦᠷᠴᠤ ᠲᠡᠶᠢᠯᠦᠭᠰᠡᠨ ᠪᠤᠢ︖ ᠬᠡᠳᠡᠭ ᠤᠨ ᠦᠨᠳᠤᠰᠤ ᠰᠢᠯᠳᠠᠭᠠᠨ ᠨᠢ ᠬᠠᠰᠢᠯᠠ ᠡᠳᠡᠬᠡᠷ ᠵᠠᠯᠠᠭᠤ ᠠᠶᠠᠯᠭᠤ ᠵᠤᠬᠢᠶᠠᠯᠴᠢ ᠨᠠᠷ ᠤᠯᠠᠨ ᠲᠦᠮᠡᠨ ᠤ ᠲᠤᠮᠳᠠ ᠬᠦᠨᠵᠡᠬᠡᠶᠢᠷᠡᠨ᠂ ᠠᠮᠢᠳᠤᠷᠠᠯ ᠲᠠᠢ ᠤᠢᠢᠷᠠᠳᠤᠵᠤ᠂ ᠦᠷᠬᠡᠨ ᠤᠯᠠᠨ ᠲᠦᠮᠡᠨ ᠤ ᠪᠠᠶᠠᠷ ᠪᠠᠶᠠᠰᠤᠯ ᠭᠤᠨᠢᠬ ᠵᠤᠪᠠᠨᠢᠯ ᠢ ᠤᠢᠢᠯᠠᠭᠠᠵᠤ᠂ ᠲᠡᠳᠡᠨ ᠤ ᠬᠦᠰᠡᠯ ᠪᠤᠳᠤᠯ ᠢ ᠢᠯᠡᠷᠡᠬᠦᠯᠦᠭᠰᠡᠨ ᠳᠡᠭᠡᠨ ᠪᠠᠶᠢᠭ᠎ᠠ ᠶᠤᠮ᠃ ᠮᠠᠯᠴᠢᠨ ᠲᠠᠷᠢᠶᠠᠴᠢᠨ ᠲᠡᠶᠢᠮᠦᠷᠬᠦᠤ ᠤᠷᠢᠶ᠎ᠠ ᠯᠤᠽᠦ᠋ᠡᠭ ᠮᠠᠶ᠋ᠢᠬ ᠤᠨ ᠤᠷᠢᠯᠠᠵᠤ ᠬᠠᠰᠬᠢᠷᠬᠤ ᠬᠡᠯᠪᠡᠷᠢ ᠶᠢᠨ ᠲᠠᠭᠤᠤ ᠳᠤ ᠲᠤᠷ᠎ᠠ ᠦᠬᠡᠢ ᠭᠡᠳᠡᠭ ᠢ ᠲᠡᠳᠡᠨᠤᠰ ᠮᠡᠳᠡᠵᠦ᠂ ᠮᠠᠯᠴᠢᠨ ᠲᠠᠷᠢᠶᠠᠴᠢᠨ ᠤ ᠭᠤᠸ᠎ᠠ ᠲᠠᠭᠠᠰᠢᠶᠠᠯ ᠤᠨ ᠤᠢᠢᠯᠠᠭᠠᠬᠳᠠᠬᠤᠨ ᠠᠴᠠ ᠡᠬᠦᠰᠴᠤ᠂ ᠴᠠᠬ ᠦᠶ᠎ᠠ ᠶᠢᠨ ᠰᠢᠯᠭᠠᠯᠳᠠ ᠶᠢ ᠲᠠᠭᠠᠭᠠᠵᠤ ᠴᠢᠳᠠᠬᠰᠠᠨ ᠰᠠᠶᠢᠨ ᠪᠦᠲᠦᠬᠡᠯ ᠢ ᠵᠤᠬᠢᠶᠠᠨ ᠪᠦᠲᠦᠬᠡᠭᠰᠡᠨ ᠳᠤ ᠪᠠᠶᠢᠭ᠎ᠠ ᠶᠤᠮ᠃
     
︵ᠭᠤᠷᠪᠠ︶ ᠲᠠᠯ᠎ᠠ ᠨᠤᠳᠤᠭ ᠤᠨ ᠲᠠᠭᠤᠤ ᠬᠦᠭᠵᠢᠮ ᠤᠨ ᠴᠠᠬ ᠬᠤᠭᠤᠴᠠᠭ᠎ᠠ — ᠲᠡᠬᠡᠷ᠎ᠠ ᠵᠠᠭᠤᠨ ᠤ ᠶᠡᠷᠡᠬᠡᠳ ᠤᠨ ᠤ ᠲᠤᠮᠳᠠᠴᠢ ᠬᠤᠭᠤᠴᠠᠭ᠎ᠠ ᠠᠴᠠ ᠨᠠᠭᠠᠰᠢ᠂ ᠲᠠᠭᠤᠤ ᠬᠦᠭᠵᠢᠮ ᠤᠨ ᠵᠤᠬᠢᠶᠠᠨ ᠪᠦᠲᠦᠬᠡᠯᠬᠡ ᠳᠤ ᠤᠯᠠᠨ ᠡᠰᠢᠴᠢᠯᠡᠭᠰᠡᠨ᠂ ᠦᠪᠡᠷᠮᠢᠴᠡ ᠤᠨᠴᠠᠯᠢᠬ ᠲᠠᠢ ᠪᠠᠶᠢᠳᠠᠯ ᠢᠯᠡᠷᠡᠪᠡ᠃ ᠬᠦᠭᠵᠢᠮ ᠤᠨ ᠵᠤᠬᠢᠶᠠᠯᠴᠢ᠂ ᠲᠠᠭᠤᠤ ᠶᠢᠨ ᠦᠬᠡ ᠵᠤᠬᠢᠶᠠᠬᠴᠢ ᠪᠤᠯᠤᠨ ᠲᠠᠭᠤᠴᠢᠨ ᠨᠢ ᠴᠢᠯᠦᠬᠡᠳᠡᠢ ᠪᠠᠷ ᠬᠠᠮᠳᠤᠷᠠᠨ᠂ ᠰᠢᠯᠢᠳᠡᠭ ᠲᠠᠭᠤᠤ ᠵᠤᠬᠢᠶᠠᠨ ᠪᠦᠳᠦᠬᠡᠬᠦ ᠨᠢ ᠢᠳᠡᠭ ᠢᠳᠡᠭ ᠢᠶᠠᠷ ᠨᠢᠬᠡ ᠵᠦᠢᠯ ᠤᠨ ᠬᠡᠪᠰᠢᠯ ᠪᠤᠯᠵᠤ ᠪᠦᠷᠢᠯᠳᠦᠪᠠ᠃ ᠲᠠᠯ᠎ᠠ ᠨᠤᠳᠤᠭ ᠤᠨ ᠲᠠᠭᠤᠤ ᠬᠦᠭᠵᠢᠮ ᠤᠨ ᠲᠦᠯᠦᠭᠡᠯᠡᠬᠦ ᠴᠢᠨᠠᠷᠳᠠᠢ ᠬᠦᠭᠵᠢᠮ ᠤᠨ ᠵᠤᠬᠢᠶᠠᠯᠴᠢ ᠳᠤ ᠤᠯᠠᠭᠠᠨᠲᠤᠬ᠂ ᠰ᠊ · ᠡᠩᠭᠡᠪᠠᠶᠠᠷ᠂ ᠰᠡᠴᠡᠨᠴᠤᠬᠳᠤ᠂ ᠷᠢᠸᠠᠳᠢ᠂ ᠲᠠᠭᠤᠤ ᠶᠢᠨ ᠦᠬᠡ ᠵᠤᠬᠢᠶᠠᠬᠴᠢ ᠺᠧ ᠮᠢᠩ ᠨᠠᠷ ᠪᠠᠶᠢᠨ᠎ᠠ᠃ ᠲᠦᠯᠦᠬᠡᠯᠡᠭᠦ ᠴᠢᠨᠠᠷᠳᠠᠢ ᠪᠦᠲᠦᠬᠡᠯ ᠨᠢ᠂ ︽ᠬᠦᠯᠦᠨ ᠪᠤᠶᠢᠷ ᠤᠨ ᠲᠠᠯ᠎ᠠ ᠨᠤᠳᠤᠭ︾᠂ ︽ᠲᠡᠭᠷᠢ ᠶᠢᠨ ᠬᠢᠵᠠᠭᠠᠷ︾᠂ ︽ᠬᠡᠷ ᠲᠡᠭᠡᠨ ᠬᠠᠷᠢᠶ᠎ᠠ︾᠂ ︽ᠠᠪᠤ ᠡᠵᠢ ᠶᠢᠨ ᠨᠤᠳᠤᠬ ᠤᠰᠤᠨ︾᠂ ︽ᠬᠠᠨ ᠲᠡᠭᠷᠢ ᠠᠯᠠᠱᠠ︾᠂ ︽ᠪᠢ ᠲᠠᠯ᠎ᠠ ᠨᠤᠳᠤᠭ ᠲᠠᠢ ᠪᠠᠨ ᠪᠤᠯᠵᠤᠭ᠎ᠠ ᠲᠠᠢ︾᠂ ︽ᠬᠦᠬᠡ ᠮᠤᠩᠭᠤᠯ ᠤᠨ ᠦᠨᠳᠦᠷᠯᠢᠭ︾᠂ ︽ᠴᠢᠨᠳᠠᠭᠠᠨ ᠴᠠᠭᠠᠨ ᠦᠷᠦᠬᠡ︾ ᠵᠡᠷᠭᠡ ᠪᠤᠢ᠃ ᠴᠠᠬ ᠤᠨ ᠲᠠᠯ᠎ᠠ ᠠᠴᠠ ᠠᠪᠴᠤ ᠦᠵᠡᠪᠡᠯ ᠲᠤᠰ ᠱᠠᠳᠤ ᠨᠢ ᠨᠢᠬᠡᠨᠳᠡ 20 ᠭᠠᠷᠤᠢ ᠵᠢᠯ ᠦᠷᠬᠦᠯᠵᠢᠯᠡᠵᠤ ᠤᠳᠤ ᠪᠠᠰᠠ ᠬᠦᠭᠵᠢᠭᠰᠡᠬᠡᠷ ᠪᠠᠶᠢᠨ᠎ᠠ᠃
     ᠠᠳᠡ ᠲᠤᠳᠤᠷᠬᠠᠢᠢᠯᠠᠬᠤ
ᠴᠢᠬᠤᠯᠠ ᠲᠠᠢ ᠵᠦᠢᠯ ᠬᠡᠪᠡᠯ᠂ ︽ᠤᠯᠠᠨ ᠲᠦᠮᠡᠨ ᠤ ᠲᠠᠭᠤᠤ᠂ ᠺᠢᠨᠣ᠋ ᠶᠢᠨ ᠲᠠᠭᠤᠤ — ᠤᠯᠠᠭᠠᠨᠮᠦ᠋ᠴᠢᠷ ᠤᠨ ᠲᠠᠭᠤᠤ — ᠲᠠᠯ᠎ᠠ ᠨᠤᠳᠤᠭ ᠤᠨ ᠲᠠᠭᠤᠤ︾ ᠬᠡᠵᠤ ᠲᠦᠷᠦᠯ ᠠᠩᠬᠢᠯᠠᠬᠰᠠᠨ ᠨᠢ ᠬᠠᠷᠢᠴᠠᠩᠭᠤᠢ ᠪᠠᠶᠢᠳᠠᠬ᠃ ᠦᠪᠦᠷ ᠮᠤᠩᠭᠤᠯ ᠤᠨ ᠲᠠᠭᠤᠤ ᠬᠦᠭᠵᠢᠮ ᠤᠨ ᠵᠤᠬᠢᠶᠠᠨ ᠪᠦᠲᠦᠬᠡᠯᠬᠡ ᠶᠢᠨ ᠪᠦᠬᠦ ᠪᠠᠶᠢᠳᠠᠯ ᠢ ᠬᠤᠷᠢᠶᠠᠩᠭᠤᠢᠢᠯᠠᠬᠰᠠᠨ ᠪᠢᠰᠢ᠃ ᠵᠢᠱᠢᠶᠠᠯᠠᠪᠠᠯ ᠶᠦᠡᠭᠷᠦᠪ᠂ ᠠᠯᠳ᠋ᠬᠠᠠᠭᠤᠯᠠ᠂ ᠬᠦᠭᠵᠢᠬᠦ ᠨᠠᠷ ᠤᠨ ᠤᠶᠠᠩᠭ᠎ᠠ ᠶᠢᠨ ᠲᠠᠭᠤᠤ ᠵᠢᠴᠢ ᠰ᠊ · ᠡᠩᠭᠡᠪᠡᠶᠠᠷ ᠤᠨ ᠬᠦᠭᠵᠢᠮ ᠤᠨ ᠬᠠᠪᠰᠤᠷᠤᠯ ᠦᠬᠡᠢ ᠨᠠᠶᠢᠷᠠᠯ ᠲᠠᠭᠤᠤ ᠵᠡᠷᠭᠡ ᠨᠢ ᠪᠦᠷ ᠰᠤᠩᠭᠤᠳᠠᠬ ᠪᠦᠲᠦᠬᠡᠯ ᠪᠤᠯᠬᠤ ᠶᠤᠮ᠃ ᠠᠳᠡ ᠶᠠᠷᠢᠵᠤ ᠪᠠᠶᠢᠭ᠎ᠠ ᠪᠤᠯ ᠤᠯᠠᠭᠠᠨᠮᠦ᠋ᠴᠢᠷ ᠤᠨ ᠲᠠᠭᠤᠤ ᠶᠢᠨ ᠵᠤᠬᠢᠶᠠᠨ ᠪᠦᠲᠦᠬᠡᠯᠬᠡ ᠪᠤᠯᠬᠤᠷ ᠠᠳᠡ ᠵᠢᠬᠰᠠᠭᠠᠨ ᠤᠷᠤᠭᠤᠯᠤᠬᠰᠠᠨ ᠦᠬᠡᠢ ᠶᠢ ᠲᠤᠳᠤᠷᠬᠠᠢᠢᠯᠠᠶ᠎ᠠ᠃
     
︵ᠤᠯᠠᠯᠵᠢ᠄ 1938 ᠤᠨ —᠂ ᠤᠭ ᠨᠠᠷ᠎ᠠ ᠨᠢ ᠵᠡᠮᠰᠦ᠂ ᠮᠤᠩᠭᠤᠯ ᠦᠨᠳᠦᠰᠦᠳᠡᠨ᠂ ᠬᠢᠷᠢᠨ ᠮᠤᠵᠢ ᠶᠢᠨ ᠬᠦᠮᠦᠨ᠃ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠰᠤᠳᠤᠯᠤᠬᠴᠢ᠂ ᠲᠤᠮᠳᠠᠳᠦ ᠤᠯᠤᠰ ᠤᠨ ᠲᠠᠭᠤᠤ ᠬᠦᠭᠵᠢᠮ ᠤᠨ ᠲᠡᠭᠡᠳᠦ ᠰᠤᠷᠭᠠᠭᠤᠯᠢ ᠶᠢᠨ ᠤᠨᠴᠠ ᠤᠷᠢᠬᠰᠠᠨ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ᠂ ᠦᠪᠦᠷ ᠮᠤᠩᠭᠤᠯ ᠤᠨ ᠤᠷᠠᠯᠢᠭ ᠤᠨ ᠲᠡᠬᠡᠳᠦ ᠰᠤᠷᠭᠠᠭᠤᠯᠢ ᠶᠢᠨ ᠤᠨᠴᠠ ᠤᠷᠢᠬᠰᠠᠨ ᠫᠷᠤᠹᠧᠰᠰᠤᠷ︶
 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号