| ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ | ᠪᠦᠷᠢᠨ ᠡᠮᠬᠢᠳᠬᠡᠯ︾ ᠬᠡᠪᠯᠡᠭᠳᠡᠯᠠ ᠬᠡᠰᠡᠨ ᠬᠠᠯᠠᠭᠤᠬᠠᠨ ᠰᠤᠷᠠᠭ ᠢᠶᠠᠷ ᠤᠷᠴᠢᠮ ᠰᠤᠷᠪᠤᠯᠵᠢᠯᠠᠬᠴᠢ ᠪᠤᠭᠤᠲᠤ | ᠬᠤᠳᠠ ᠶᠢᠨ ᠲᠠᠩᠰᠠ ᠡᠪᠬᠡᠮᠡᠯ ᠤᠨ ᠭᠠᠵᠠᠷ ᠲᠤ ᠬᠦᠷᠴᠦ ᠰᠤᠷᠪᠤᠯᠵᠢᠯᠠᠭ᠎ᠠ ᠠᠪᠤᠪᠠ᠃ ᠰᠢᠷ᠎ᠠ ᠬᠦᠷᠡᠩ | ᠦᠩᠬᠡ ᠪᠠᠷ ᠭᠠᠳᠠᠷᠯᠠᠬᠳᠠᠭᠰᠠᠨ ᠨᠠᠶᠢᠳᠠ 17 ᠪᠤᠳᠢ ᠬᠠᠳᠠᠭᠤ ᠬᠠᠪᠢᠰᠤᠳᠠᠢ ᠠᠷᠪᠠᠨ ᠵᠢᠷᠭᠤᠭᠠᠨ | ᠵᠦᠰᠤᠮ ᠤᠨ ᠨᠤᠮ ᠰᠤᠷᠪᠤᠯᠵᠢᠯᠠᠬᠴᠢ ᠶᠢᠨ ᠬᠠᠷᠠᠭᠠᠨ ᠳᠤ ᠢᠯᠴᠢ ᠲᠦᠭᠡᠭᠡᠨ ᠲᠤᠳᠤᠷᠠᠯ᠎ᠠ᠃ ᠪᠠᠳᠺᠡᠷ | ᠵᠤᠤ ᠶᠢᠨ 200 ᠵᠢᠯ ᠤᠨ ᠲᠡᠤᠬᠡᠨ ᠲᠡᠮᠳᠡᠭᠯᠡᠯ ᠦᠨᠤᠳᠤᠷ ᠢᠩᠬᠢᠵᠦ ᠤᠳᠤᠬᠢ ᠬᠡᠪᠯᠡᠯ ᠤᠨ | ᠮᠡᠷᠭᠡᠵᠢᠯ ᠢᠶᠠᠷ ᠪᠦᠷᠢᠨ ᠪᠦᠳᠦᠨ ᠢᠶᠠᠷ ᠢᠶᠠᠨ ᠤᠩᠰᠢᠬᠴᠢᠳ ᠲᠠᠢ ᠵᠤᠯᠭᠠᠯ᠎ᠠ᠂ | ᠦᠩᠬᠡᠷᠡᠭᠰᠡᠨ ᠳᠤ ᠲᠤᠰ ᠰᠦᠮ᠎ᠠ ᠶᠢᠨ ᠯᠠᠮᠠ ᠨᠠᠷ ᠤᠨ ᠦᠰᠦᠨ ᠪᠢᠷ ᠢᠶᠠᠷ ᠲᠡᠮᠳᠡᠭᠯᠡᠨ | ᠦᠯᠡᠳᠡᠭᠡᠭᠰᠡᠨ ᠰᠦᠮ᠎ᠠ ᠶᠢᠨ ᠦᠢᠯᠡ ᠬᠡᠷᠡᠭ᠂ ᠲᠤᠮᠤ ᠲᠤᠮᠤ ᠬᠡᠷᠡᠭ ᠶᠠᠪᠤᠳᠠᠯ ᠤᠨ ᠲᠡᠮᠳᠡᠭᠯᠡᠯ | ᠦᠨᠤᠳᠤᠷ ᠢᠩᠬᠢᠵᠦ ︽ᠲᠦᠪ ᠤᠨ ᠶᠡᠭᠡ ᠲᠡᠭᠡᠳᠤ ᠰᠤᠷᠭᠠᠭᠤᠯᠢ ᠶᠢᠨ ᠲᠡᠯᠡᠭᠡᠢ ᠶᠢᠨ ᠲᠡᠷᠢᠭᠦᠨ ᠤ ᠶᠡᠭᠡ | ᠰᠤᠷᠭᠠᠭᠤᠯᠢ ︵ᠰᠢᠨᠵᠢᠯᠡᠭᠡᠨ ᠤ ᠰᠠᠯᠠᠭ᠎ᠠ︶ ᠶᠢ ᠪᠦᠲᠦᠭᠡᠨ ᠪᠠᠶᠢᠭᠤᠯᠬᠤ ᠪᠤᠯᠤᠨ ᠤᠨᠴᠠᠯᠢᠬᠳᠤ | ᠬᠦᠭᠵᠢᠯᠳᠡ ᠶᠢ ᠵᠢᠯᠤᠭᠤᠳᠬᠤ ᠲᠤᠰᠬᠠᠢ ᠲᠦᠷᠦᠯ ᠤᠨ ᠪᠡᠯᠡ ᠮᠦᠩᠬᠦ ᠶᠢᠨ ᠲᠡᠮᠵᠢᠯᠭᠡ︾ | ᠶᠢ ᠬᠦᠷᠳᠡᠵᠦ ᠬᠡᠪᠯᠡᠭᠳᠡᠵᠦ ᠭᠠᠷᠤᠬᠰᠠᠨ ᠪᠠᠶᠢᠨ᠎ᠠ᠃ ᠮᠤᠩᠭᠤᠯ ᠲᠡᠤᠬᠡ ᠰᠤᠶᠤᠯ ᠤᠨ ᠴᠢᠬᠤᠯᠠ ᠪᠦᠷᠢᠯᠳᠤᠬᠦᠨ ᠪᠤᠯᠬᠤ | ᠰᠦᠮ᠎ᠠ ᠬᠡᠶᠢᠳ ᠤᠨ ᠰᠤᠶᠤᠯ ᠤᠨ ᠰᠢᠳᠦᠭᠡᠨ ᠪᠤᠷᠬᠠᠨ ᠦᠷᠦᠰᠢᠶᠡᠭᠰᠡᠨ ᠤ ᠴᠦ ᠪᠤᠯᠪᠠᠤ︖ ᠡᠰᠡᠭᠦᠯ ᠠ ᠪᠡᠳᠺᠠᠷ | ᠵᠤᠤ ᠶᠢᠨ ᠪᠤᠷᠬᠠᠨ ᠬᠡᠭᠡᠨ ᠢᠪᠡᠭᠡᠭᠰᠡᠨ ᠤ ᠴᠦ ᠪᠤᠯᠪᠠᠤ︖ ᠲᠡᠤᠬᠡ ᠶᠢᠨ ᠡᠯᠡᠭᠡᠯᠳᠡ ᠳᠤ ᠪᠠᠷᠤᠭ ᠯᠠ ᠰᠦᠢᠳᠬᠦ ᠳᠡᠭᠡᠨ | ᠰᠢᠬᠠᠬᠰᠠᠨ ᠡᠳᠡᠭᠡᠷ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ᠂ ᠰᠢᠨ᠎ᠠ | ᠴᠠᠭ ᠦᠶ᠎ᠠ ᠳᠤ ᠢᠩᠬᠢᠵᠦ ᠴᠤ᠋ ᠰᠢᠨ᠎ᠠ ᠪᠠᠷ ᠮᠡᠨᠳᠤᠯᠡᠯᠠ᠂ ᠴᠤᠭ ᠰᠦᠯᠳᠠ ᠲᠠᠢ ᠪᠠᠷ ᠠᠮᠢᠯᠠᠯ᠎ᠠ᠂ ᠰᠢᠨ᠎ᠠ ᠴᠠᠭ | ᠦᠶ᠎ᠠ ᠶᠢᠨ ᠮᠤᠩᠭᠤᠯ ᠰᠤᠳᠤᠯᠤᠯ ᠤᠨ ᠡᠷᠳᠡᠮᠳᠡᠠ ᠤ ᠬᠢᠷᠠᠬᠠᠢ ᠨᠢᠳᠤ᠂ ᠪᠤᠭᠤᠲᠤ ᠬᠤᠳᠠ ᠶᠢᠨ ᠨᠤᠳᠤᠭ | ᠤᠰᠤᠨ ᠤ ᠰᠤᠶᠤᠯ ᠤᠨ ᠨᠠᠨᠳᠢᠨ ᠦᠪ ᠢᠶᠠᠨ ᠬᠡᠰᠡᠨ ᠲᠡᠩᠰᠠ ᠡᠪᠬᠡᠮᠡᠯ ᠤᠨ ᠭᠠᠵᠠᠷ ᠤᠨ ᠠᠵᠢᠯᠳᠠᠨ ᠤ ᠨᠠᠨᠳᠢᠨ | ᠴᠢᠷᠮᠠᠶᠢᠯᠭ᠎ᠠ ᠪᠠᠷ ᠲᠡᠶᠢᠴᠢᠩ ᠬᠦᠷᠦᠨ ᠤ ᠦᠶ᠎ᠠ ᠶᠢᠨ ᠪᠡᠳᠺᠡᠷ ᠵᠤᠤ ᠶᠢᠨ ᠪᠦᠷᠢᠨ ᠲᠡᠤᠬᠡ ᠢᠩᠬᠢᠵᠦ ᠪᠢᠳᠡᠨ ᠤ ᠡᠮᠦᠨ᠎ᠠ ᠲᠡᠯᠭᠡᠭᠳᠡᠯ᠎ᠠ᠃ | | | | | | | | ᠪᠠᠳᠺᠡᠷ ᠵᠤᠤ ᠶᠢᠨ ᠭᠠᠳᠠᠷ ᠦᠵᠡᠮᠵᠢ | | | ᠮᠠᠨ ᠤ ᠦᠶ᠎ᠠ ᠳᠤ ᠬᠦᠷᠳᠡᠯ᠎ᠠ ᠪᠦᠷᠢᠨ ᠪᠦᠳᠤᠨ ᠢᠶᠠᠷ ᠤᠯᠠᠮᠵᠢᠯᠠᠬᠳᠠᠵᠦ | ᠢᠷᠡᠭᠰᠡᠨ ᠴᠤᠷ ᠤᠨ ᠭᠠᠭᠴᠠ ᠮᠤᠩᠭᠤᠯ ᠰᠦᠮ᠎ᠠ ᠬᠡᠶᠢᠳ ᠤᠨ ᠠᠷᠬᠢᠪ ᠤᠨ ᠪᠠᠷᠢᠮᠳᠠ | ︽ᠠᠷᠪᠠᠨ ᠵᠢᠷᠭᠤᠳᠤᠭᠠᠷ ᠵᠠᠭᠤᠨ ᠠᠴᠠ ᠨᠠᠰᠢ ᠮᠣᠩᠭᠤᠯ ᠭᠠᠵᠠᠷ ᠰᠦᠮ᠎ᠡ ᠬᠡᠶᠢᠳ ᠣᠯᠠᠰᠢᠷᠠᠵᠤ᠂ ᠲᠥᠪᠡᠳ ᠤᠨ | ᠪᠤᠷᠬᠠᠨ ᠤ ᠱᠠᠰᠢᠨ ᠮᠣᠩᠭᠤᠯ ᠤᠨ ᠨᠡᠶᠢᠭᠡᠮ᠂ ᠰᠣᠶᠣᠯ ᠢ ᠶᠡᠭᠡ ᠪᠠᠷ ᠨᠥᠯᠥᠭᠡᠯᠡᠬᠦ ᠪᠣᠯᠵᠠᠢ᠃ | ᠡᠶᠢᠮᠦ ᠠᠴᠠ ᠰᠦᠮ᠎ᠡ ᠬᠡᠶᠢᠳ ᠲᠤ ᠬᠤᠯᠪᠣᠭᠳᠠᠬᠤ ᠰᠤᠳᠤᠯᠭ᠎ᠠ ᠨᠢ ᠮᠣᠩᠭᠤᠯ ᠤᠨ ᠤᠯᠤᠰ ᠲᠥᠷᠥ᠂ ᠨᠡᠶᠢᠭᠡᠮ᠂ | ᠰᠣᠶᠣᠯ ᠤᠨ ᠣᠯᠠᠨ ᠠᠰᠠᠭᠤᠳᠠᠯ ᠢ ᠣᠶᠢᠯᠠᠭᠠᠬᠤ ᠴᠢᠬᠤᠯᠠ ᠠᠷᠭ᠎ᠠ ᠵᠠᠮ ᠪᠣᠯᠣᠭᠰᠠᠨ ᠪᠠᠶᠢᠨ᠎ᠠ᠃ ᠬᠠᠷᠢᠨ ᠲᠡᠦᠬᠡᠨ | ᠤᠷᠰᠢᠭ ᠢᠶᠠᠷ ᠮᠣᠩᠭᠤᠯ ᠭᠠᠵᠠᠷ ᠤᠨ ᠰᠦᠮ᠎ᠡ ᠬᠡᠶᠢᠳ ᠤᠳ ᠤᠨ ᠳᠣᠲᠣᠷ᠎ᠠ ᠪᠠᠳᠺᠠᠷ ᠵᠤᠤ ᠶᠢᠨ | ᠲᠡᠦᠬᠡᠨ ᠳᠠᠩᠰᠠ ᠯᠠ ᠮᠠᠨ ᠤ ᠦᠶ᠎ᠡ ᠳᠤ ᠪᠦᠷᠢᠨ ᠪᠦᠲᠦᠨ ᠢᠶᠠᠷ ᠤᠯᠠᠮᠵᠢᠯᠠᠭᠳᠠᠵᠤ ᠢᠷᠡᠵᠡᠢ᠃ | ᠤᠭ ᠠᠴᠠ ᠪᠠᠨ ᠮᠣᠩᠭᠤᠯ ᠭᠠᠵᠠᠷ ᠤᠨ ᠲᠣᠮᠣᠬᠠᠨ ᠰᠦᠮ᠎ᠡ ᠪᠥᠭᠡᠳ ᠠᠯᠳᠠᠷᠲᠤ ᠨᠣᠮ ᠤᠨ ᠰᠦᠮ᠎ᠡ | ᠪᠠᠶᠢᠭᠰᠠᠨ ᠤ ᠳᠡᠭᠡᠷ᠎ᠡ ᠬᠤᠶᠠᠷ ᠵᠠᠭᠤᠨ ᠵᠢᠯ ᠤᠨ ᠲᠡᠦᠬᠡᠨ ᠶᠠᠪᠤᠴᠠ ᠳᠤ ᠶᠡᠭᠡ ᠬᠡᠮᠵᠢᠶᠡᠨ ᠤ ᠳᠠᠩᠰᠠ ᠬᠠᠷ᠎ᠠ ᠪᠣᠢ ᠪᠣᠯᠵᠤ᠂ | ᠪᠦᠷᠢᠨ ᠪᠦᠲᠦᠨ ᠢᠶᠠᠷ ᠬᠠᠳᠠᠭᠠᠯᠠᠭᠳᠠᠵᠤ ᠢᠷᠡᠭᠰᠡᠨ ᠲᠤᠯᠠ ᠪᠠᠳᠺᠠᠷ ᠵᠤᠤ ᠶᠢᠨ ᠮᠣᠩᠭᠤᠯ ᠠᠷᠬᠢᠪ ᠤᠨ | ᠲᠡᠦᠬᠡ ᠶᠢᠨ ᠪᠠ ᠰᠤᠳᠤᠯᠭᠠᠨ ᠤ ᠦᠨ᠎ᠡ ᠴᠡᠨ᠎ᠡ ᠮᠠᠰᠢ ᠶᠡᠭᠡ ᠪᠣᠯᠵᠠᠢ︾᠃ ᠰᠤᠷᠪᠤᠯᠵᠢᠯᠠᠬᠴᠢ | ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ | ᠪᠠᠷᠢᠮᠳᠠ ᠨᠤᠭᠤᠳ ᠤᠨ ᠪᠦᠷᠢᠨ ᠡᠮᠬᠢᠳᠬᠡᠯ︾ ᠤᠨ ᠡᠷᠬᠢᠯᠡᠨ ᠨᠠᠶᠢᠷᠠᠭᠤᠯᠤᠬᠴᠢ᠂ | ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠶᠢᠨ ᠫᠷᠤᠹᠧᠰᠰᠤᠷ᠂ | ᠪᠠᠶᠢᠩᠭᠤ ᠶᠢᠨ ᠲᠡᠳ᠋ ᠵᠠᠬᠢᠷᠤᠯ᠂ ᠰᠤᠷᠭᠠᠨ ᠬᠦᠮᠦᠵᠢᠯ ᠤᠨ ᠶᠠᠮᠤᠨ ᠤ ᠴᠠᠩ ᠵᠢᠶᠠᠩ ᠡᠷᠳᠡᠮᠳᠡᠨ ᠢᠶᠠᠷ ᠤᠨᠴᠠ ᠤᠷᠢᠬᠰᠠᠨ | ᠫᠷᠤᠹᠧᠰᠰᠤᠷ ᠤᠶᠤᠨᠪᠢᠯᠢᠭ᠌ ᠢ ᠤᠳᠠᠰᠤ ᠪᠠᠷ ᠰᠤᠷᠪᠤᠯᠵᠢᠯᠠᠬᠤ ᠳᠤ ᠲᠡᠷᠡ ᠢᠩᠬᠢᠵᠦ ᠶᠠᠷᠢᠯ᠎ᠠ᠃ | ᠲᠠᠶᠢᠮᠤ ᠯᠡ ᠳ᠋ᠠ᠂ ᠶᠠᠭ ᠯᠠ ᠡᠨᠡ ᠬᠦ ᠬᠤᠪᠤᠷ ᠨᠠᠨᠳᠢᠨ ᠦᠨ᠎ᠠ ᠴᠠᠨ᠎ᠠ ᠪᠠᠷ ᠢᠶᠠᠨ ᠪᠠᠳᠺᠡᠷ ᠵᠤᠤ ᠶᠢᠨ ᠮᠤᠩᠭᠤᠯ | ᠲᠡᠤᠬᠡᠨ ᠠᠷᠬᠢᠪ ᠨᠢ 2017 ᠤᠨ ᠳᠤ ᠮᠤᠩᠭᠤᠯ ᠲᠡᠤᠬᠡ ᠰᠤᠶᠤᠯ ᠤᠨ ᠰᠤᠳᠤᠯᠤᠯ᠂ ᠮᠠᠨᠵᠤ ᠮᠤᠩᠭᠤᠯ | ᠬᠡᠯᠡᠨ ᠤ ᠠᠷᠬᠢᠪ ᠤᠨ ᠪᠠᠷᠢᠮᠳᠠ ᠪᠤᠯᠤᠨ ᠰᠤᠷᠪᠤᠯᠵᠢᠰ ᠤᠨ ᠰᠤᠳᠤᠯᠤᠯ᠂ ᠮᠤᠩᠭᠤᠯ ᠲᠦᠪᠡᠳ ᠤᠨ | ᠬᠠᠷᠢᠴᠠᠭᠠᠨ ᠤ ᠰᠤᠳᠤᠯᠤᠯ ᠪᠠ ᠲᠠᠶᠢᠴᠢᠩ ᠬᠦᠷᠦᠨ ᠤ ᠲᠡᠤᠬᠡ ᠶᠢᠨ ᠰᠤᠳᠤᠯᠤᠯ ᠤᠨ | ᠴᠢᠭᠯᠡᠯ ᠤᠳ ᠢᠶᠠᠷ ᠭᠤᠤᠯᠳᠠᠭᠤ ᠠᠵᠢᠯᠯᠠᠳᠠᠭ ᠤᠶᠤᠨᠪᠢᠯᠢᠭ᠌ ᠫᠷᠤᠹᠧᠰᠰᠤᠷ ᠤᠨ | ᠬᠠᠷᠠᠭᠠᠨ ᠳᠤ ᠤᠷᠤᠵᠦ᠂ ᠲᠠᠷᠠᠭᠠᠴᠢ ᠪᠠᠷ ᠨᠢ ᠲᠤᠮᠳᠠᠳᠤ ᠤᠯᠤᠰ ᠤᠨ ᠠᠷᠠᠳ ᠤᠨ ᠶᠡᠭᠡ | ᠰᠤᠷᠭᠠᠭᠤᠯᠢ ᠶᠢᠨ ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠪᠤᠯᠤᠨ ᠪᠤᠭᠤᠲᠤ | ᠬᠤᠳᠠ ᠶᠢᠨ ᠲᠠᠩᠰᠠ ᠡᠪᠬᠡᠮᠡᠯ ᠤᠨ ᠭᠠᠵᠠᠷ ᠬᠠᠮᠳᠤᠷᠠᠨ ᠲᠤᠰ ᠪᠦᠷᠢᠨ ᠡᠮᠬᠢᠳᠬᠡᠯ ᠢ ᠨᠠᠶᠢᠷᠠᠭᠤᠯᠤᠨ | ᠬᠡᠪᠯᠡᠭᠦᠯᠦᠭᠰᠡᠨ ᠪᠠᠶᠢᠨ᠎ᠠ᠃ | ᠠᠭᠤᠯᠭ᠎ᠠ ᠶᠢᠨ ᠬᠤᠪᠢ ᠳᠤ᠂ ᠨᠡᠶᠢᠳᠡ 17 ᠪᠤᠳᠢ ᠲᠤᠰ ᠡᠮᠬᠢᠳᠬᠡᠯ ᠳᠤ ᠲᠡᠭᠷᠢ ᠲᠡᠳᠬᠦᠭᠴᠢ ᠶᠢᠨ ᠠᠷᠪᠠᠨ | ᠲᠠᠪᠤᠳᠤᠭᠠᠷ ᠤᠨ ︵1750︶ ᠠᠴᠠ ᠢᠷᠭᠡᠨ ᠤᠯᠤᠰ ᠤᠨ ᠠᠩᠬᠠᠨ ᠤ | ᠤᠨ ︵1912︶ ᠪᠤᠯᠳᠠᠯᠠᠬᠢ ᠪᠦᠬᠦᠳᠡ 800 ᠭᠠᠷᠤᠢ ᠬᠤᠪᠢ ᠪᠠᠷᠢᠮᠳᠠ ᠶᠢ ᠡᠮᠬᠢᠳᠬᠡᠨ ᠤᠷᠤᠭᠤᠯᠵᠠᠢ᠃ ᠡᠳᠡᠭᠡᠷ | ᠠᠷᠬᠢᠪ ᠤᠨ ᠪᠠᠷᠢᠮᠳᠠ ᠨᠢ ᠪᠡᠳᠺᠡᠷ ᠵᠤᠤ ᠶᠢᠨ ᠰᠦᠮ᠎ᠠ ᠶᠢᠨ ᠬᠤᠷᠠᠯ ᠷᠠᠰᠠᠩ᠂ ᠱᠠᠰᠢᠨ ᠤ ᠦᠢᠯᠡ ᠠᠵᠢᠯᠯᠠᠭ᠎ᠠ᠂ | ᠬᠤᠸᠠᠷᠠᠭ ᠤᠳ ᠤᠨ ᠢᠷᠠᠯ ᠭᠠᠷᠤᠯ᠂ ᠬᠠᠷᠢᠶᠠᠳᠤ ᠠᠷᠠᠳ᠂ ᠰᠠᠩ ᠵᠢᠰᠠ᠂ ᠡᠷᠬᠢᠨ ᠲᠤᠭᠤᠷᠢᠨ ᠤ ᠮᠤᠩᠭᠤᠯ ᠬᠢᠳᠠᠳ | ᠢᠷᠭᠡᠨ ᠯᠦᠭᠡ ᠶᠢᠨ ᠬᠠᠷᠢᠯᠴᠠᠭ᠎ᠠ᠂ ᠮᠤᠩᠭᠤᠯ ᠵᠠᠰᠠᠭ ᠬᠤᠰᠢᠭᠤᠳ ᠯᠤᠭ᠎ᠠ ᠶᠢᠨ ᠬᠠᠷᠢᠯᠴᠠᠭ᠎ᠠ᠂ | ᠬᠤᠯᠠᠳᠠᠬᠢᠨ ᠢ ᠠᠮᠤᠷ ᠪᠣᠯᠭᠠᠬᠤ ᠬᠤᠲᠠ ᠶᠢᠨ ᠵᠠᠩᠵᠤᠨ᠂ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ | ᠶᠠᠮᠤᠨ ᠪᠤᠯᠤᠨ ᠢᠷᠭᠡᠨ ᠤᠯᠤᠰ ᠤᠨ ᠵᠠᠰᠠᠭ ᠤᠨ ᠭᠠᠵᠠᠷ ᠯᠤᠭ᠎ᠠ ᠶᠢᠨ ᠬᠠᠷᠢᠯᠴᠠᠭ᠎ᠠ᠂ ᠲᠦᠪᠡᠳ᠂ ᠬᠦᠬᠡᠨᠠᠭᠤᠷ | ᠪᠤᠯᠤᠨ ᠮᠤᠩᠭᠤᠯ ᠤᠨ ᠪᠤᠰᠤᠳ ᠰᠦᠮ᠎ᠠ ᠬᠡᠶᠢᠳ᠂ ᠶᠡᠬᠡᠰ ᠯᠠᠮᠠ ᠨᠠᠷ ᠯᠤᠭ᠎ᠠ ᠶᠢᠨ ᠬᠠᠷᠢᠯᠴᠠᠭ᠎ᠠ ᠬᠡᠬᠦ ᠵᠡᠷᠭᠡ | ᠠᠰᠠᠭᠤᠳᠠᠯ ᠤᠳ ᠲᠤ ᠬᠤᠯᠪᠤᠬᠳᠠᠵᠦ ᠪᠠᠶᠢᠭ᠎ᠠ ᠪᠠᠷ ᠢᠶᠠᠨ ᠲᠠᠶᠢᠴᠢᠩ ᠬᠦᠷᠦᠨ ᠤ | ᠦᠶ᠎ᠠ ᠶᠢᠨ ᠮᠤᠩᠭᠤᠯ ᠤᠨ ᠪᠤᠷᠬᠠᠨ ᠤ ᠱᠠᠰᠢᠨ ᠤ ᠲᠡᠤᠬᠡ ᠪᠤᠯᠤᠨ ᠰᠦᠮ᠎ᠠ ᠬᠡᠶᠢᠳ ᠤᠨ ᠲᠡᠤᠬᠡ ᠶᠢ | ᠰᠤᠳᠤᠯᠬᠤ ᠳᠤ ᠬᠤᠪᠤᠷ ᠨᠠᠨᠲᠢᠨ ᠪᠠᠷᠢᠮᠳᠠ ᠪᠤᠯᠤᠬᠰᠠᠨ ᠪᠠᠶᠢᠨ᠎ᠠ᠃ ᠡᠶᠢᠮᠤ ᠠᠴᠠ ᠡᠳᠡᠭᠡᠷ | ᠠᠷᠬᠢᠪ ᠤᠨ ᠬᠡᠪᠯᠡᠭᠳᠡᠭᠰᠡᠨ ᠨᠢ ᠮᠤᠩᠭᠤᠯ ᠤᠨ ᠰᠦᠮ᠎ᠠ ᠬᠡᠶᠢᠳ ᠤᠨ ᠲᠡᠤᠬᠡ ᠪᠤᠯᠤᠨ ᠰᠤᠶᠤᠯ | ᠲᠡᠤᠬᠡ ᠶᠢᠨ ᠰᠤᠳᠤᠯᠭᠠᠨ ᠳᠤ ᠲᠦᠯᠬᠢᠴᠠ ᠦᠢᠯᠡᠲᠦᠯ ᠦᠵᠡᠬᠦᠯᠬᠦ ᠨᠢ ᠯᠠᠪᠳᠠᠢ ᠶᠤᠮ᠃ | ︽ᠵᠠᠩᠵᠠ ᠬᠤᠳᠤᠬᠳᠤ ᠶᠢᠨ ᠬᠠᠷᠢᠶᠠᠳᠤ᠂ ᠠᠬᠤᠤ ᠶᠡᠭᠡ ᠤᠨᠤᠯᠳᠤ ᠰᠦᠮ᠎ᠠ ᠶᠢᠨ ᠪᠯᠠᠮ᠎ᠠ ᠨᠡᠷ᠂ ᠬᠡᠪᠬᠦᠢ᠂ ᠱᠠᠩᠵᠤᠤᠳᠪᠠ᠂ | ᠤᠮᠪᠤ᠂ ᠨᠢᠷᠪᠠ᠂ ᠨᠡᠶᠢᠳᠡ ᠤᠯᠠᠨ ᠯᠠᠮᠠ ᠨᠠᠷᠤᠨ ᠬᠢᠴᠢᠶᠡᠩᠬᠦ᠋ᠢᠯᠡᠨ᠂ ᠵᠠᠷᠯᠢᠭ ᠢᠶᠠᠷ ᠵᠠᠷᠤᠬᠰᠠᠨ ᠲᠦᠷᠦ ᠶᠢᠨ ᠶᠡᠭᠡ | ᠰᠠᠶᠢᠳ ᠠᠮᠪᠠᠨ ᠨᠤᠶᠠᠨ᠂ ᠴᠢᠬᠤᠯᠬᠠᠨ ᠤ ᠲᠡᠷᠢᠭᠦᠨ ᠲᠡᠷᠬᠠᠨ ᠪᠠᠶᠢᠯ᠎ᠠ ᠨᠤᠶᠠᠨ ᠲᠠᠨ᠎ᠠ ᠡᠷᠬᠦᠨ | ᠠᠶᠢᠯᠠᠳᠬᠠᠬᠤ ᠶᠢᠨ ᠤᠴᠢᠷ᠎ᠠ᠂ ᠮᠠᠨ ᠤ ᠪᠠᠭᠰᠢ ᠤᠷᠢᠳ ᠲᠦᠷᠤᠯ ᠤᠨ ᠪᠯᠠᠮ᠎ᠠ | ᠲᠦᠢᠩᠬᠦᠷ ᠪᠠᠨᠳᠢᠳᠠ ᠪᠦᠬᠦᠢ ᠴᠠᠭ ᠳᠤᠷ᠂ ᠤᠷᠠᠳ ᠮᠤᠤᠮᠢᠩᠭᠠᠨ ᠬᠤᠰᠢᠬᠤᠨ ᠤ ᠵᠠᠬ᠎ᠠ ᠶᠢᠨ ᠤᠢᠢᠷ᠎ᠠ | ᠨᠢᠭᠡᠨ ᠰᠦᠮ᠎ᠠ ᠪᠠᠶᠢᠬᠤᠯᠵᠦ᠂ ᠵᠠᠩᠵᠠ ᠬᠤᠳᠤᠬᠳᠤ ᠳᠤᠷ ᠡᠷᠭᠦᠨ ᠪᠠᠷᠢᠵᠦ᠂ ᠵᠠᠩᠵᠠ ᠬᠤᠳᠤᠬᠳᠤ ᠶᠢᠨ | ᠬᠠᠵᠠᠷ ᠠᠴᠠ ᠤᠯᠠᠮᠵᠢᠯᠠᠨ ᠵᠤᠷᠬᠠᠨ ᠳᠤᠷ ᠮᠡᠳᠡᠭᠦᠯᠵᠦ᠂ ᠵᠤᠷᠬᠠᠨ ᠠᠴᠠ ᠠᠶᠢᠯᠠᠳᠬᠠᠵᠦ᠂ | ᠵᠠᠷᠯᠢᠭ ᠢᠶᠠᠷ ᠨᠡᠷ᠎ᠠ ᠱᠠᠩᠨᠠᠬᠰᠠᠨ ᠪᠦᠯᠦᠭᠡ᠂ ᠡᠳᠦᠭᠡ ᠳᠤᠷ ᠬᠦᠷᠳᠡᠯ᠎ᠡ᠂ ᠮᠠᠨ ᠤ | ᠰᠦᠮ᠎ᠠ ᠶᠢᠨ ᠨᠤᠮ ᠤᠨ ᠰᠤᠷᠭᠠᠭᠤᠯᠢ ᠶᠢᠨ ᠵᠠᠩ ᠦᠢᠯᠡ᠂ ᠰᠦᠮ᠎ᠠ ᠶᠢᠨ ᠠᠯᠢᠪᠠ ᠬᠡᠷᠡᠭ ᠢ ᠴᠦᠮ | ᠵᠠᠩᠬᠢᠶ᠎ᠠ ᠬᠤᠳᠤᠬᠳᠤ ᠶᠢᠨ ᠬᠠᠵᠠᠷ ᠠᠴᠠ ᠵᠡᠬᠢᠭᠰᠡᠨ ᠲᠠᠬᠠᠵᠦ ᠶᠠᠪᠤᠬᠰᠠᠭᠠᠠᠷ ᠢᠷᠡᠭᠰᠡᠨ᠂ ᠲᠡᠭᠷᠢ ᠶᠢᠨ | ᠲᠡᠳᠬᠦᠭᠰᠡᠨ ᠤ ᠬᠤᠷᠢᠨ ᠲᠦᠷᠪᠡᠳᠦᠭᠡᠷ ᠤᠨ ᠤᠷᠠᠳ ᠮᠤᠤᠮᠢᠩᠭᠠᠨ ᠤ ᠵᠠᠰᠠᠭ ᠨᠤᠶᠠᠳ ᠤᠨ ᠬᠠᠵᠠᠷ ᠠᠴᠠ᠂ | ᠮᠠᠨ ᠤ ᠡᠨᠡ ᠰᠦᠮ᠎ᠠ ᠶᠢᠨ ᠲᠤᠬᠤᠷᠢᠨ ᠪᠡᠯᠴᠢᠭᠡᠷ ᠤᠨ ᠬᠠᠵᠠᠷ ᠶᠢ ᠨᠢᠭᠡᠮᠰᠦᠨ ᠦᠭᠯᠢᠭᠡ ᠪᠤᠯᠭᠠᠨ ᠦᠭᠴᠦ᠂ ᠯᠠᠮᠠᠨᠠᠷ | ᠪᠢᠳᠡᠨ ᠤ ᠭᠠᠷ ᠲᠤ ᠲᠤᠰ ᠲᠤᠰ ᠤᠨ ᠪᠠᠳᠤᠯᠠᠬᠤ ᠲᠠᠮᠠᠭᠠᠳᠤ ᠪᠢᠴᠢᠭ ᠦᠭᠭᠦᠭᠰᠡᠨ ᠪᠤᠯᠪᠠᠴᠦ᠂ ᠲᠡᠭᠷᠢ ᠶᠢᠨ | ᠲᠡᠳᠬᠦᠭᠰᠡᠨ ᠤ ᠬᠤᠴᠢᠨ ᠲᠤᠯᠤᠳᠤᠭᠠᠷ ᠤᠨ ᠳᠤ᠂ ᠲᠡᠳᠡᠭᠡᠷ ᠤᠨ ᠬᠤᠰᠢᠭᠤᠨ ᠤ ᠲᠤᠤᠷᠠᠳᠤ ᠲᠠᠶᠢᠵᠢᠨᠠᠷ ᠠᠷᠠᠳ | ᠲᠡᠮᠡᠴᠡᠯᠳᠤᠨ ᠵᠠᠭᠠᠯᠳᠤᠭᠰᠠᠨ ᠤᠴᠢᠷ ᠲᠤ᠂ ᠵᠠᠷᠯᠢᠭ ᠢᠶᠠᠷ ᠵᠠᠷᠤᠬᠰᠠᠨ ᠪᠠᠶᠢᠰᠠ ᠬᠤᠳᠤᠷᠠᠩᠭ᠎ᠠ ᠢᠷᠠᠵᠦ᠂ | ᠪᠠᠶᠢᠴᠠᠭᠠᠨ ᠰᠢᠳᠬᠡᠭᠡᠳ᠂ ᠠᠩᠬᠠᠨ ᠳᠤ ᠵᠠᠰᠠᠭ ᠤᠳ ᠤᠨ ᠲᠤᠷᠠᠳᠠᠢ ᠦᠭᠭᠦᠭᠰᠡᠨ ᠬᠠᠵᠠᠷ ᠢ ᠮᠦᠨ ᠬᠦ ᠶᠤᠰᠤᠭᠠᠷ | ᠲᠤᠬᠳᠠᠭᠠᠬᠤ ᠢ ᠠᠶᠢᠯᠠᠳᠬᠠᠪᠠ︾᠃ ᠡᠨᠡ ᠪᠤᠯ ︽ᠲᠠᠶᠢᠴᠢᠩ ᠬᠦᠷᠦᠨ ᠤ ᠦᠶ᠎ᠠ ᠶᠢᠨ | ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾ ᠤᠨ | ᠬᠤᠶᠠᠳᠤᠭᠠᠷ ᠪᠤᠳᠢ ᠳᠤ ᠪᠠᠶᠢᠭ᠎ᠠ 138 ᠨᠤᠮᠧᠷᠳᠤ ᠪᠠᠷᠢᠮᠳᠠ ᠳᠤ ᠪᠢᠴᠢᠭᠳᠡᠭᠰᠡᠨ ᠨᠢᠭᠡ ᠬᠡᠰᠡᠭ ᠠᠭᠤᠯᠭ᠎ᠠ ᠪᠤᠯᠤᠨ᠎ᠠ᠃ | ᠡᠨᠡ ᠬᠦ ᠠᠭᠤᠯᠭ᠎ᠠ ᠳᠤ ︽ᠪᠡᠳᠬᠡᠷ ᠵᠤᠤ ᠶᠢ ᠨᠢᠭᠡᠳᠦᠭᠡᠷ ᠲᠦᠷᠢ ᠶᠢᠨ ᠳ᠋ᠦᠢᠩᠬᠦᠷ ᠪᠠᠨᠳᠢᠳᠠ ᠤᠷᠠᠳ ᠮᠤᠤᠮᠢᠩᠭᠠᠨ | ᠬᠤᠰᠢᠭᠤᠨ ᠤ ᠵᠠᠬ᠎ᠠ ᠶᠢᠨ ᠤᠢᠢᠷ᠎ᠠ ᠪᠠᠶᠢᠭᠤᠯᠵᠦ᠂ ᠵᠠᠩᠬᠢᠶ ᠠ ᠬᠤᠳᠤᠬᠳᠤ ᠳᠤᠷ ᠡᠷᠭᠦᠨ ᠪᠠᠷᠢᠵᠦ᠂ | ᠵᠠᠩᠬᠢᠶ᠎ᠠ ᠬᠤᠳᠤᠬᠳᠤ ᠶᠢᠨ ᠬᠠᠷᠢᠶᠠᠳᠤ ᠰᠦᠮ᠎ᠠ ᠪᠤᠯᠤᠬᠰᠠᠨ ᠲᠡᠭᠡᠷ᠎ᠠ ᠪᠠᠨ ᠵᠠᠩᠬᠢᠶ᠎ᠠ ᠬᠤᠳᠤᠬᠳᠤ ᠶᠢᠨ | ᠬᠠᠵᠠᠷ ᠠᠴᠠ ᠴᠢᠩ ᠤᠯᠤᠰ ᠤᠨ ᠵᠠᠰᠠᠭ ᠤᠨ ᠭᠠᠵᠠᠷ ᠲᠤ ᠮᠡᠳᠡᠭᠦᠯᠵᠦ᠂ ᠴᠢᠩ ᠤᠯᠤᠰ ᠤᠨ ᠵᠠᠰᠠᠭ ᠤᠨ ᠭᠠᠵᠠᠷ ᠠᠴᠠ | ᠵᠠᠷᠯᠢᠭ ᠢᠶᠠᠷ ᠨᠡᠷ᠎ᠠ ᠱᠠᠩᠨᠠᠬᠰᠠᠨ ᠪᠠ ᠪᠡᠳᠺᠡᠷ ᠵᠤᠤ ᠨᠢ ᠨᠤᠮ ᠤᠨ ᠰᠤᠷᠭᠠᠭᠤᠯᠢ ᠶᠢᠨ ᠵᠠᠩ | ᠦᠢᠯᠡ ᠲᠠᠢ ᠵᠢᠴᠢ ᠪᠡᠳᠺᠡᠷ ᠵᠤᠤ ᠪᠠᠶᠢᠭᠤᠯᠤᠬᠳᠠᠬᠤ ᠦᠶ᠎ᠠ ᠳᠤ ᠤᠷᠠᠳ ᠮᠤᠤᠮᠢᠩᠭᠠᠨ ᠬᠤᠶᠠᠷ | ᠬᠤᠰᠢᠭᠤᠨ ᠤ ᠵᠠᠰᠠᠭ ᠨᠤᠶᠠᠳ ᠠᠴᠠ ᠰᠦᠮ᠎ᠠ ᠶᠢᠨ ᠲᠤᠭᠤᠷᠢᠨ ᠳᠤ ᠪᠡᠯᠴᠢᠭᠡᠷ ᠤᠨ ᠭᠠᠵᠠᠷ ᠭᠠᠷᠭᠠᠵᠦ | ᠦᠭᠭᠦᠭᠰᠡᠨ ᠪᠤᠯᠤᠨ ᠲᠡᠭᠦᠨ ᠤ ᠰᠡᠭᠦᠯᠡᠷ ᠡᠨᠡ ᠬᠤᠶᠠᠷ ᠬᠤᠰᠢᠭᠤᠨ ᠤ ᠲᠠᠶᠢᠵᠢᠨᠠᠷ ᠠᠷᠠᠳ ᠪᠡᠳᠺᠡᠷ | ᠵᠤᠤ ᠶᠢᠨ ᠪᠡᠯᠴᠢᠭᠡᠷ ᠤᠨ ᠭᠠᠵᠠᠷ ᠲᠤ ᠲᠠᠷᠢᠶ᠎ᠠ ᠲᠠᠷᠢᠵᠦ ᠲᠠᠪᠠᠨ ᠨᠤᠳᠤᠬᠯᠠᠬᠰᠠᠨ ᠵᠡᠷᠭᠡ ᠠᠴᠠ ᠪᠤᠯᠵᠦ | ᠵᠠᠷᠭᠤ ᠵᠠᠭᠠᠯᠳᠤᠭᠠᠨ ᠪᠤᠯᠤᠬᠰᠠᠨ︾ ᠵᠡᠷᠭᠡ ᠦᠨ᠎ᠠ ᠴᠠᠨ᠎ᠠ ᠲᠠᠢ ᠲᠡᠤᠬᠡᠨ ᠮᠠᠲ᠋ᠧᠷᠢᠶᠠᠯ ᠢ ᠮᠠᠰᠢ ᠤᠯᠠᠨ | ᠬᠠᠩᠭᠠᠬᠰᠠᠨ ᠪᠠᠶᠢᠨ᠎ᠠ᠃ ᠪᠡᠳᠺᠡᠷ ᠵᠤᠤ ᠶᠢᠨ ᠲᠡᠤᠬᠡ ᠰᠤᠶᠤᠯ ᠤᠨ ᠬᠠᠮᠢᠶᠠᠳᠠᠢ ᠡᠶᠢᠮᠤᠷᠬᠦᠤ | ᠰᠤᠳᠤᠯᠭᠠᠨ ᠰᠢᠨᠵᠢᠯᠡᠭᠡᠨ᠂ ᠴᠢᠩ ᠤᠯᠤᠰ ᠤᠨ ᠦᠶ᠎ᠠ ᠶᠢᠨ ᠮᠤᠩᠭᠤᠯ ᠤᠨ ᠪᠤᠷᠬᠠᠨ ᠤ ᠱᠠᠰᠢᠨ ᠤ ᠲᠡᠤᠬᠡ᠂ | ᠮᠤᠩᠭᠤᠯ ᠤᠷᠤᠨ ᠤ ᠰᠦᠮ᠎ᠠ ᠬᠡᠶᠢᠳ ᠪᠤᠯᠤᠨ ᠨᠠᠶᠢᠭᠡᠮ ᠠᠬᠤᠢ ᠶᠢᠨ ᠲᠡᠤᠬᠡ ᠶᠢᠨ ᠰᠤᠳᠤᠯᠭᠠᠨ ᠳᠤ ᠠᠰᠢᠬᠳᠠᠢ ᠤᠤᠷ ᠪᠠᠷᠢᠮᠳᠠ ᠨᠤᠭᠤᠳ᠂ | ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ | ᠪᠦᠷᠢᠨ ᠡᠮᠬᠢᠳᠬᠡᠯ︾ ᠲᠤᠳᠤᠷ᠎ᠠ ᠮᠠᠰᠢ ᠤᠯᠠᠨ ᠪᠠᠶᠢᠵᠦ᠂ ᠪᠠᠷᠤᠭ ᠪᠠᠷᠢᠮᠳᠠ ᠨᠢᠭᠡᠪᠦᠷᠢ ᠨᠢ ᠴᠦᠮ ᠬᠤᠪᠤᠷ | ᠴᠤᠬᠠᠭ ᠲᠡᠤᠬᠡ ᠶᠢᠨ ᠮᠠᠲ᠋ᠧᠷᠢᠶᠠᠯ ᠬᠡᠬᠦ ᠳᠤ ᠠᠬᠠᠳᠠᠬᠤ ᠪᠠᠷ ᠦᠭᠡᠢ᠃ | ᠪᠡᠳᠺᠡᠷ ᠵᠤᠤ ᠶᠢᠨ ᠪᠠᠶᠢᠭᠤᠯᠤᠬᠳᠠᠬᠰᠠᠨ ᠤᠨ ᠴᠠᠭ ᠢ ᠲᠡᠤᠬᠡ ᠶᠢᠨ ᠡᠰᠢ ᠪᠠᠷᠢᠮᠳᠠ | ᠲᠠᠢ ᠪᠠᠷ ᠲᠤᠳᠤᠷᠬᠠᠢᠢᠯᠠᠵᠦ ᠦᠩᠬᠡᠷᠡᠭᠰᠡᠡ ᠤ ᠪᠤᠷᠤᠭᠤ ᠶᠢ ᠵᠠᠯᠠᠷᠠᠭᠤᠯᠤᠯᠠ | ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠶᠢᠨ | ᠫᠷᠤᠹᠧᠰᠰᠤᠷ᠂ ᠪᠠᠶᠢᠩᠭᠤ ᠶᠢᠨ ᠲᠡᠳ᠋ ᠵᠠᠬᠢᠷᠤᠯ ᠤᠶᠤᠨᠪᠢᠯᠢᠭ᠌ ᠰᠤᠷᠪᠤᠯᠵᠢᠯᠠᠭ᠎ᠠ ᠳᠤ ᠶᠠᠷᠢᠬᠤ ᠳᠠᠭᠠᠨ᠄ | ︽ᠢᠨᠲ᠋ᠧᠷᠨᠧᠲ ᠲᠠᠬᠢ ᠲᠠᠨᠢᠯᠴᠠᠭᠤᠯᠭ᠎ᠠ ᠪᠣᠯᠣᠨ ᠪᠠᠳᠺᠠᠷ ᠵᠤᠤ ᠶᠢᠨ ᠥᠪᠡᠷ ᠤᠨ ᠬᠢᠨᠢ | ᠲᠠᠨᠢᠯᠴᠠᠭᠤᠯᠭ᠎ᠠ ᠳᠤ ᠴᠦᠮ ᠪᠠᠳᠺᠠᠷ ᠵᠤᠤ ᠶᠢ ᠳᠠᠶᠢᠴᠢᠩ ᠤᠯᠤᠰ ᠤᠨ ᠡᠩᠬᠡ | ᠠᠮᠤᠭᠤᠯᠠᠩ ᠤᠨ ᠦᠶ᠎ᠡ ᠳᠤ ᠪᠠᠷᠢᠯ᠎ᠠ ᠭᠡᠳᠡᠭ᠃ ᠭᠡᠲᠡᠯ᠎ᠡ ᠡᠨᠡ ᠨᠢ ᠦᠨᠡᠨ ᠳᠡᠭᠡᠨ ᠪᠤᠷᠤᠭᠤ ᠶᠤᠮ᠃ | ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠵᠢᠴᠢ ᠪᠤᠰᠤᠳ ᠲᠡᠤᠬᠡᠨ ᠪᠢᠴᠢᠭ | ᠮᠠᠲ᠋ᠧᠷᠢᠶᠠᠯ ᠢ ᠦᠨᠳᠤᠰᠤᠯᠡᠪᠡᠯ᠂ ᠪᠡᠳᠺᠡᠷ ᠵᠤᠤ ᠨᠢ ᠲᠡᠭᠷᠢ ᠲᠡᠳᠬᠦᠭᠴᠢ ᠶᠢᠨ ᠦᠶ᠎ᠠ ᠳᠤ | ᠪᠠᠶᠢᠭᠤᠯᠤᠬᠳᠠᠭᠰᠠᠨ ᠮᠦᠷᠳᠡᠭᠡᠨ 1750 ᠣᠨ ᠠᠴᠠ ᠡᠬᠢᠯᠡᠨ ᠪᠠᠷᠢᠭᠰᠠᠨ | ᠪᠠᠶᠢᠨ᠎ᠠ︾ ᠬᠡᠵᠦ ᠦᠪᠡᠷ ᠤᠨ ᠦᠵᠡᠯᠳᠡ ᠪᠠᠨ ᠶᠠᠷᠢᠯ᠎ᠠ᠃ | ᠤᠶᠤᠨᠪᠢᠯᠢᠭ᠌ ᠫᠷᠤᠹᠧᠰᠰᠤᠷ ᠶᠠᠷᠢᠬᠤ ᠳᠠᠭᠠᠨ᠂ ᠪᠤᠭᠤᠲᠤ ᠬᠤᠲᠠ ᠶᠢᠨ ᠳᠠᠩᠰᠠ ᠡᠪᠬᠡᠮᠡᠯ ᠤᠨ ᠭᠠᠵᠠᠷ ᠲᠤ ᠪᠠᠶᠢᠭ᠎ᠠ | ᠪᠠᠳᠺᠠᠷ ᠵᠤᠤ ᠶᠢᠨ ᠠᠷᠬᠢᠪ ᠲᠤ ︽ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠵᠠᠩᠭᠢᠶ᠎ᠠ | ᠬᠤᠲᠤᠭ ᠲᠤ ᠤᠷᠠᠳ ᠤᠨ ᠭᠠᠵᠠᠷ ᠤᠨ ᠬᠠᠷᠢᠶᠠᠲᠤ ᠵᠢᠪᠬᠤᠯᠠᠩ ᠲᠤ ᠳᠤ ᠷᠠᠪᠵᠠᠮᠪᠠ ᠪᠯᠤᠸᠠ ᠪᠽᠠᠩ | ᠷᠭᠢᠨᠯᠮᠽᠢᠠᠨ ᠰᠦᠮ᠎ᠡ ᠪᠠᠶᠢᠭᠤᠯᠬᠤ ᠪᠠ ᠤᠷᠠᠳ ᠤᠨ ᠨᠣᠶᠠᠳ ᠤᠨ ᠬᠠᠷᠢᠶᠠᠲᠤ ᠬᠡᠶᠢᠳ ᠤᠨ | ᠡᠵᠡᠯᠡᠭᠰᠡᠨ ᠣᠷᠣᠨ ᠤ ᠮᠣᠳᠣ ᠲᠡᠷᠢᠭᠦᠳᠡᠨ ᠳᠤ ᠬᠤᠣᠷᠯᠠᠯ ᠦᠯᠦ ᠦᠢᠯᠡᠳᠬᠦ ᠤᠴᠢᠷ᠎ᠠ ᠣᠯᠠᠭᠠᠨ | ᠴᠠᠪ ᠤᠨ ᠴᠢᠭᠤᠯᠭᠠᠨ ᠤ ᠬᠠᠷᠢᠶᠠᠲᠤ ᠳᠤ ᠥᠭᠭᠦᠭᠰᠡᠨ ᠮᠠᠭᠠᠳᠯᠠᠬᠤ ᠪᠢᠴᠢᠭ︾ ᠭᠡᠰᠡᠨ ᠨᠢᠭᠡ ᠪᠢᠴᠢᠭ | ᠪᠠᠶᠢᠭ᠎ᠠ ᠪᠥᠭᠡᠳ ᠲᠡᠷᠡ ᠪᠢᠴᠢᠭ ᠤᠨ ᠰᠡᠭᠦᠯ ᠳᠤ ᠡᠷ᠎ᠡ ᠭᠠᠯ ᠬᠤᠯᠤᠭᠠᠨ᠎ᠠ ᠵᠢᠯ ᠭᠡᠵᠦ ᠪᠣᠢ᠃ ᠬᠦᠮᠦᠰ | ᠲᠡᠭᠦᠨ ᠢᠶᠠᠷ ᠦᠨᠳᠦᠰᠦ ᠪᠣᠯᠭᠠᠭᠠᠳ ᠰᠦᠮ᠎ᠡ ᠶᠢ ᠡᠩᠬᠡ ᠠᠮᠤᠭᠤᠯᠠᠩ ᠤᠨ ᠦᠶ᠎ᠡ ᠳᠤ ᠪᠠᠷᠢᠯ᠎ᠠ | ᠭᠡᠳᠡᠭ ᠪᠠᠶᠢᠨ᠎ᠠ᠃ ᠭᠡᠲᠡᠯ᠎ᠡ ᠲᠡᠷᠡ ᠪᠢᠴᠢᠭ ᠨᠢ ᠡᠩᠬᠡ ᠠᠮᠤᠭᠤᠯᠠᠩ ᠤᠨ ᠦᠶ᠎ᠡ ᠶᠢᠨ ᠬᠢ ᠭᠡᠵᠢ ᠤᠤ︖ ᠡᠨᠡ | ᠠᠰᠠᠭᠤᠳᠠᠯ ᠢ ᠬᠠᠷᠢᠭᠤᠯᠬᠤ ᠳᠤ ᠡᠷ᠎ᠡ ᠭᠠᠯ ᠬᠤᠯᠤᠭᠠᠨ᠎ᠠ ᠵᠢᠯ ᠭᠡᠭᠴᠢ ᠶᠢ ᠲᠣᠳᠣᠯᠠᠬᠤ ᠨᠢ ᠴᠢᠬᠤᠯᠠ᠃ | | ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠭᠡᠭᠴᠢ ᠵᠠᠩᠵᠢᠶ᠎ᠠ ᠬᠤᠲᠤᠭᠲᠤ ᠶᠢᠨ ᠴᠣᠯᠠ᠃ ︽ᠳᠠᠶᠢᠴᠢᠩ | ᠤᠯᠤᠰ ᠤᠨ ᠪᠦᠭᠦᠳᠡ ᠬᠠᠤᠯᠢ ᠪᠢᠴᠢᠭ︾ ᠭᠡᠬᠦ ᠵᠡᠷᠭᠡ ᠶᠢᠨ ᠪᠠᠷᠢᠮᠲᠠ ᠳᠤ ᠦᠵᠡᠪᠡᠯ᠂ ᠡᠩᠬᠡ ᠠᠮᠤᠭᠤᠯᠠᠩ | ᠬᠠᠭᠠᠨ ᠪᠠᠷ ᠠᠩᠬ᠎ᠠ ᠡᠩᠬᠡ ᠠᠮᠤᠭᠤᠯᠠᠩ ᠤᠨ ᠳᠥᠴᠢᠨ ᠳᠥᠷᠪᠡᠳᠦᠭᠡᠷ ᠣᠨ ︵1705︶ ᠳᠤ᠂ ᠬᠤᠶᠠᠳᠤᠭᠠᠷ | ᠳᠦᠷᠢ ᠶᠢᠨ ᠵᠠᠩᠵᠢᠶ᠎ᠠ ᠬᠤᠲᠤᠭᠲᠤ ᠠᠭᠸᠠᠩᠯᠣᠪᠰᠠᠩᠴᠦ᠋ᠢᠳᠠᠨ ᠢ ᠭᠦ᠋ᠸ᠋ᠩ ᠳ᠋ᠢᠩ ᠹᠤᠤ ᠱᠠᠨ ᠭᠦ᠋ᠸᠠᠩᠴᠢ | ᠳ᠋ᠶᠠ᠋ ᠭᠦᠦᠰᠢ ᠴᠣᠯᠠ ᠡᠷᠭᠦᠮᠵᠢᠯᠡᠭᠰᠡᠨ ᠪᠠᠶᠢᠨ᠎ᠠ᠃ ᠠᠭᠸᠠᠩᠯᠣᠪᠰᠠᠩᠴᠦ᠋ᠢᠳᠠᠨ ᠡᠩᠬᠡ ᠠᠮᠤᠭᠤᠯᠠᠩ ᠤᠨ | ᠲᠠᠪᠢᠨ ᠲᠠᠪᠤᠳᠤᠭᠠᠷ ᠣᠨ ︵1716︶ ᠳᠤ ᠲᠠᠭᠠᠯᠠᠯ ᠲᠡᠭᠦᠰᠴᠡᠢ᠃ ᠡᠨᠡ ᠵᠠᠪᠰᠠᠷ᠎ᠠ ᠬᠤᠯᠤᠭᠠᠨ᠎ᠠ ᠵᠢᠯ | ᠨᠢᠭᠡ ᠯᠡ ᠲᠣᠬᠢᠶᠠᠯᠳᠤᠳᠠᠭ ᠨᠢ ᠡᠩᠬᠡ ᠠᠮᠤᠭᠤᠯᠠᠩ ᠤᠨ ᠳᠥᠴᠢᠨ ᠳᠣᠯᠣᠳᠤᠭᠠᠷ ᠣᠨ ︵1708︶ ᠪᠤᠶᠤ | ᠮᠣᠩᠭᠤᠯ ᠢᠶᠠᠷ ᠰᠢᠷ᠎ᠠ ᠬᠤᠯᠤᠭᠠᠨ᠎ᠠ ᠵᠢᠯ ᠪᠣᠯᠣᠨ᠎ᠠ᠃ ᠲᠡᠷᠡ ᠨᠢ ᠲᠦᠪᠡᠳ ᠢᠶᠠᠷ ᠡᠷ᠎ᠡ ᠭᠠᠯ | ᠬᠤᠯᠤᠭᠠᠨ᠎ᠠ ᠵᠢᠯ ᠪᠢᠰᠢ᠂ ᠬᠠᠷᠢᠨ ᠡᠷ᠎ᠡ ᠰᠢᠷᠣᠢ ᠬᠤᠯᠤᠭᠠᠨ᠎ᠠ ᠵᠢᠯ ᠮᠥᠨ᠃ ᠭᠤᠷᠪᠠᠳᠤᠭᠠᠷ | ᠳᠦᠷᠢ ᠶᠢᠨ ᠵᠠᠩᠵᠢᠶ᠎ᠠ ᠬᠤᠲᠤᠭᠲᠤ ᠷᠣᠯᠪᠢᠳᠣᠷᠵᠢ ᠨᠠᠶᠢᠷᠠᠯᠲᠤ ᠲᠥᠪ ᠤᠨ ᠠᠷᠪᠠᠨ ᠭᠤᠷᠪᠠᠳᠤᠭᠠᠷ ᠣᠨ | ︵1735︶ ᠳᠤ ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠡᠷᠭᠦᠮᠵᠢᠯᠡᠭᠳᠡᠭᠡᠳ ᠲᠡᠭᠷᠢ ᠲᠡᠳᠬᠦᠭᠴᠢ ᠶᠢᠨ | ᠲᠠᠪᠢᠨ ᠨᠢᠭᠡᠳᠦᠭᠡᠷ ᠣᠨ ︵1786︶ ᠣᠨ ᠳᠤ ᠲᠠᠭᠠᠯᠠᠯ ᠲᠡᠭᠦᠰᠦᠭᠰᠡᠨ ᠪᠠᠶᠢᠨ᠎ᠠ᠃ ᠡᠨᠡ ᠵᠠᠪᠰᠠᠷ᠎ᠠ | ᠬᠥᠬᠡ ᠬᠤᠯᠤᠭᠠᠨ᠎ᠠ ︵1744︶᠂ ᠤᠯᠠᠭᠠᠨ ᠬᠤᠯᠤᠭᠠᠨ᠎ᠠ ︵1756︶᠂ ᠰᠢᠷ᠎ᠠ ᠬᠤᠯᠤᠭᠠᠨ᠎ᠠ | ︵1768︶ ᠪᠣᠯᠣᠨ ᠴᠠᠭᠠᠨ ᠬᠤᠯᠤᠭᠠᠨ᠎ᠠ ︵1780︶ ᠭᠡᠬᠦ ᠳᠥᠷᠪᠡᠨ ᠬᠤᠯᠤᠭᠠᠨ᠎ᠠ ᠵᠢᠯ ᠲᠣᠬᠢᠶᠠᠯᠳᠤᠳᠠᠭ ᠢ | ᠲᠦᠪᠡᠳ ᠢᠶᠠᠷ ᠲᠤᠰ ᠪᠦᠷᠢ ᠡᠷ᠎ᠡ ᠮᠣᠳᠣᠨ ᠬᠤᠯᠤᠭᠠᠨ᠎ᠠ ᠵᠢᠯ᠂ ᠡᠷ᠎ᠡ ᠭᠠᠯ ᠬᠤᠯᠤᠭᠠᠨ᠎ᠠ ᠵᠢᠯ᠂ | ᠡᠷ᠎ᠡ ᠰᠢᠷᠣᠢ ᠬᠤᠯᠤᠭᠠᠨ᠎ᠠ ᠵᠢᠯ ᠪᠣᠯᠣᠨ ᠡᠷ᠎ᠡ ᠲᠡᠮᠦᠷ ᠬᠤᠯᠤᠭᠠᠨ᠎ᠠ ᠵᠢᠯ ᠭᠡᠳᠡᠭ᠃ ᠡᠳᠡᠭᠡᠷ ᠬᠤᠯᠤᠭᠠᠨ᠎ᠠ | ᠵᠢᠯ ᠤᠳ ᠲᠠᠢ ᠲᠣᠬᠢᠶᠠᠯᠳᠤᠭᠤᠯᠤᠨ ᠦᠵᠡᠪᠡᠰᠦ᠂ ᠳᠡᠭᠡᠷ᠎ᠡ ᠦᠭᠦᠯᠡᠭᠰᠡᠨ ᠲᠡᠷᠡ ᠪᠢᠴᠢᠭ ᠲᠤ | ᠭᠠᠷᠤᠭᠰᠠᠨ ᠡᠷ᠎ᠡ ᠭᠠᠯ ᠬᠤᠯᠤᠭᠠᠨ᠎ᠠ ᠵᠢᠯ ᠭᠡᠳᠡᠭ ᠨᠢ ᠭᠠᠷᠴᠠᠭ᠎ᠠ ᠦᠭᠡᠢ ᠲᠩᠷᠢ ᠲᠡᠳᠬᠦᠭᠴᠢ ᠶᠢᠨ | ᠬᠤᠷᠢᠨ ᠨᠢᠭᠡᠳᠦᠭᠡᠷ ᠣᠨ ᠪᠣᠯᠬᠤ ᠤᠯᠠᠭᠠᠨ ᠬᠤᠯᠤᠭᠠᠨ᠎ᠠ ᠵᠢᠯ ︵1756︶ ᠮᠥᠨ᠃ | ᠭᠡᠪᠡᠴᠦ ᠲᠤᠰ ᠪᠢᠴᠢᠭ ᠨᠢ ᠪᠤᠭᠤᠲᠤ ᠳᠤ ᠬᠠᠳᠠᠭᠠᠯᠠᠭᠳᠠᠵᠤ ᠪᠣᠢ ᠪᠠᠳᠺᠠᠷ ᠵᠤᠤ ᠶᠢᠨ ᠠᠷᠬᠢᠪ ᠤᠨ ᠳᠣᠲᠣᠷᠠᠬᠢ ᠬᠠᠮᠤᠭ ᠤᠨ | ᠡᠷᠲᠡᠨ ᠤ ᠪᠠᠷᠢᠮᠲᠠ ᠨᠢ ᠪᠢᠰᠢ᠃ ᠪᠤᠭᠤᠲᠤ ᠶᠢᠨ ᠮᠣᠩᠭᠤᠯ ᠠᠷᠬᠢᠪ ᠤᠨ ᠳᠣᠲᠣᠷ᠎ᠠ ᠲᠩᠷᠢ ᠲᠡᠳᠬᠦᠭᠴᠢ ᠶᠢᠨ ᠠᠷᠪᠠᠨ | ᠵᠢᠷᠭᠤᠳᠤᠭᠠᠷ ᠣᠨ ︵1751︶ ᠤ ᠪᠠᠷᠢᠮᠲᠠ ᠳᠤ ᠵᠢᠪᠬᠤᠯᠠᠩᠳᠤ ᠶᠢᠨ ᠰᠦᠮ᠎ᠡ | ︵ᠪᠠᠳᠺᠠᠷ ᠵᠤᠤ︶ ᠭᠡᠬᠦ ᠨᠡᠷ᠎ᠡ ᠳᠤᠷᠠᠳᠤᠭᠳᠠᠵᠤ ᠪᠠᠶᠢᠨ᠎ᠠ᠃ ᠡᠳᠡᠭᠡᠷ ᠠᠷᠬᠢᠪ ᠤᠨ ᠮᠡᠳᠡᠭᠡ ᠨᠦᠭᠦᠳ ᠢ | ᠪᠠᠳᠺᠠᠷ ᠵᠤᠤ ᠶᠢᠨ ᠬᠤᠲᠤᠭᠲᠤ ᠪᠣᠯᠬᠤ ᠠᠩᠬᠠᠳᠤᠭᠠᠷ ᠳᠦᠷᠢ ᠶᠢᠨ ᠳ᠋ᠦᠢᠩᠬᠦᠷ ᠬᠤᠲᠤᠭᠲᠤ | ᠯᠤᠪᠰᠠᠩᠵᠠᠯᠰᠠᠨ ᠤ ᠨᠠᠮᠲᠠᠷ ᠲᠠᠢ ᠤᠶᠠᠯᠳᠤᠭᠤᠯᠤᠨ ᠰᠢᠨᠵᠢᠪᠡᠯ᠂ ᠪᠠᠳᠺᠠᠷ ᠵᠤᠤ ᠶᠢ ᠶᠡᠭᠡ | ᠲᠥᠯᠥᠪ ᠲᠩᠷᠢ ᠲᠡᠳᠬᠦᠭᠴᠢ ᠶᠢᠨ ᠦᠶ᠎ᠡ ᠳᠤ ᠪᠠᠷᠢᠭᠰᠠᠨ ᠢ ᠮᠡᠳᠡᠵᠦ ᠪᠣᠯᠣᠨ᠎ᠠ᠃ ᠳᠡᠭᠡᠷ᠎ᠡ ᠦᠭᠦᠯᠡᠭᠰᠡᠨ ᠲᠡᠷᠡ ᠡᠷ᠎ᠡ ᠭᠠᠯ | ᠬᠤᠯᠤᠭᠠᠨ᠎ᠠ ᠵᠢᠯ ᠤᠨ ᠪᠢᠴᠢᠭ ᠨᠢ ᠪᠠᠳᠺᠠᠷ ᠵᠤᠤ ᠶᠢ ᠪᠠᠷᠢᠭᠰᠠᠨ ᠤ ᠰᠡᠭᠦᠯᠡᠷ ᠭᠤᠷᠪᠠᠳᠤᠭᠠᠷ ᠳᠦᠷᠢ ᠶᠢᠨ ᠵᠠᠩᠵᠢᠶ᠎ᠠ | ᠬᠤᠲᠤᠭᠲᠤ ᠠᠴᠠ ᠤᠯᠠᠭᠠᠨᠴᠠᠪ ᠤᠨ ᠴᠢᠭᠤᠯᠭᠠᠨ ᠤ ᠬᠤᠰᠢᠭᠤᠳ ᠲᠤ ᠰᠦᠮ᠎ᠡ ᠶᠢᠨ ᠡᠷᠬᠡ | ᠠᠰᠢᠭ ᠢ ᠬᠠᠮᠠᠭᠠᠯᠠᠲᠤᠭᠠᠢ ᠬᠡᠮᠡᠨ ᠪᠠᠭᠤᠯᠭᠠᠭᠰᠠᠨ ᠺᠠᠱᠤᠭ ᠵᠠᠷᠯᠢᠭ ᠮᠥᠨ ᠪᠣᠯᠣᠯᠲᠠᠢ᠃ | ᠳ᠋ᠦᠢᠩᠬᠦᠷ ᠬᠤᠲᠤᠭᠲᠤ ᠯᠣᠪᠰᠠᠩᠵᠠᠯᠰᠠᠨ ᠤ ᠨᠠᠮᠲᠠᠷ ᠲᠤ ᠦᠭᠦᠯᠡᠭᠰᠡᠨ ᠢᠶᠠᠷ᠂ ᠯᠣᠪᠰᠠᠩᠵᠠᠯᠰᠠᠨ ᠬᠠᠯᠬ᠎ᠠ ᠤᠳᠤᠮ ᠲᠠᠢ᠂ | ᠡᠪᠦᠭᠡ ᠡᠴᠢᠭᠡ ᠶᠢᠨ ᠦᠶ᠎ᠡ ᠠᠴᠠ ᠪᠠᠨ ᠲᠦᠮᠡᠳ ᠬᠤᠰᠢᠭᠤᠨ ᠳᠤ ᠰᠠᠭᠤᠵᠤ ᠪᠠᠶᠢᠭᠰᠠᠨ ᠪᠥᠭᠡᠳ ᠲᠡᠷᠡ ᠥᠪᠡᠷ ᠢᠶᠠᠨ | ᠲᠦᠮᠡᠳ ᠤᠨ ᠪᠠᠶᠠᠨ ᠵᠢᠷᠦᠬᠡ ᠶᠢᠨ ᠠᠶᠤᠰᠢ ᠬᠤᠳᠳᠤᠭ ᠭᠡᠰᠡᠨ ᠭᠠᠵᠠᠷ ᠲᠤ ᠲᠥᠷᠥᠭᠰᠡᠨ ᠪᠠᠶᠢᠨ᠎ᠠ᠃ | ᠪᠠᠭ᠎ᠠ ᠠᠴᠠ ᠪᠠᠨ ᠭᠡᠷ ᠠᠴᠠ ᠭᠠᠷᠴᠤ ᠯᠠᠮᠠ ᠪᠣᠯᠣᠭᠠᠳ᠂ ᠭᠠᠨᠵᠤᠤᠷᠪᠠ ᠬᠤᠲᠤᠭᠲᠤ ᠳᠤ | ᠱᠠᠪᠢᠯᠠᠨ ᠬᠤᠲᠤᠭᠲᠤ ᠶᠢᠨ ᠢᠲᠡᠭᠡᠯ ᠲᠠᠭᠠᠰᠢᠶᠠᠯ ᠢ ᠭᠦᠨ ᠣᠯᠣᠭᠰᠠᠨ ᠪᠥᠭᠡᠳ ᠮᠥᠨ ᠬᠤᠲᠤᠭᠲᠤ ᠶᠢᠨ | ᠠᠴᠢ ᠪᠠᠷ ᠭᠤᠷᠪᠠᠳᠤᠭᠠᠷ ᠳᠦᠷᠢ ᠶᠢᠨ ᠵᠠᠩᠵᠢᠶ᠎ᠠ ᠬᠤᠲᠤᠭᠲᠤ ᠷᠣᠯᠪᠢᠳᠣᠷᠵᠢ ᠲᠠᠢ ᠲᠠᠨᠢᠯᠴᠠᠭᠰᠠᠨ ᠪᠠᠶᠢᠨ᠎ᠠ᠃ | ᠬᠤᠶᠢᠨ᠎ᠠ ᠲᠦᠪᠡᠳ ᠲᠤ ᠬᠦᠷᠴᠦ ᠨᠣᠮ ᠰᠤᠷᠴᠤ᠂ ᠢᠯᠠᠩᠭᠤᠶ᠎ᠠ ᠴᠠᠭ ᠤᠨ ᠬᠦᠷᠳᠦᠨ ᠳᠤ ᠪᠣᠯᠪᠠᠰᠤᠷᠠᠭᠠᠳ ᠶᠡᠭᠡ ᠮᠡᠷᠭᠡᠨ | ᠳ᠋ᠦᠢᠩᠬᠦᠷ ᠪᠠᠨᠳᠢᠳᠠ ᠶᠢᠨ ᠴᠣᠯᠠ ᠬᠦᠷᠲᠡᠭᠰᠡᠨ ᠪᠠᠶᠢᠨ᠎ᠠ᠃ ᠮᠣᠩᠭᠤᠯ ᠭᠠᠵᠠᠷ ᠢᠶᠠᠨ ᠪᠤᠴᠠᠵᠤ | ᠢᠷᠡᠭᠰᠡᠨ ᠤ ᠰᠡᠭᠦᠯᠡᠷ ᠳᠣᠯᠣᠭᠠᠨ ᠨᠠᠭᠤᠷ ᠤᠨ ᠭᠠᠵᠠᠷ ᠳ᠋ᠠ ᠯᠠᠮᠠ ᠶᠢᠨ ᠲᠤᠰᠢᠶᠠᠯ ᠡᠭᠦᠷᠭᠡᠯᠡᠪᠡ᠃ | ᠰᠢᠷᠣᠢ ᠮᠣᠭᠠᠢ ᠵᠢᠯ ︵ᠰᠢᠷᠠᠭᠴᠢᠨ ᠮᠣᠭᠠᠢ ᠵᠢᠯ᠂ ᠲᠩᠷᠢ ᠲᠡᠳᠬᠦᠭᠴᠢ ᠶᠢᠨ ᠠᠷᠪᠠᠨ ᠳᠥᠷᠪᠡᠳᠦᠭᠡᠷ ᠣᠨ᠂ | 1749︶ ᠳᠤ ᠲᠡᠷᠡ ᠪᠠᠷ ᠬᠤᠪᠢᠨ ᠤ ᠰᠦᠮ᠎ᠡ ᠪᠠᠨ ᠪᠠᠷᠢᠬᠤ ᠪᠠᠷ ᠪᠣᠯᠵᠤ᠂ ᠭᠤᠷᠪᠠᠳᠤᠭᠠᠷ ᠳᠦᠷᠢ ᠶᠢᠨ ᠵᠠᠩᠵᠢᠶ᠎ᠠ ᠬᠤᠲᠤᠭᠲᠤ᠂ | ᠵᠢᠷᠦᠩ ᠬᠤᠲᠤᠭᠲᠤ ᠪᠣᠯᠣᠨ ᠭᠠᠯᠳᠠᠨ ᠰᠢᠷᠡᠭᠡᠲᠦ ᠶᠢᠨ ᠵᠡᠷᠭᠡ ᠶᠢᠨ ᠭᠤᠷᠪᠠᠨ ᠬᠤᠲᠤᠭᠲᠤ ᠳᠤ ᠵᠢᠪᠬᠤᠯᠠᠩᠲᠤ᠂ ᠵᠢᠭᠠᠰᠤᠲᠠᠢ | ᠪᠣᠯᠣᠨ ᠵᠠᠯᠠᠨ ᠭᠤᠷᠪᠠᠨ ᠭᠠᠵᠠᠷ ᠢ ᠠᠶᠢᠯᠠᠳᠬᠠᠭᠰᠠᠨ ᠳᠤ ᠵᠢᠪᠬᠤᠯᠠᠩᠲᠤ ᠶᠢ ᠰᠣᠩᠭᠤᠵᠤ ᠥᠭᠭᠦᠭᠰᠡᠨ ᠠᠵᠢ᠃ | ᠮᠥᠨ ᠵᠢᠯ ᠱᠠᠪᠢ ᠨᠠᠷ ᠲᠠᠢ ᠪᠠᠨ ᠵᠢᠪᠬᠤᠯᠠᠩᠲᠤ ᠶᠢᠨ ᠠᠭᠤᠯᠠᠨ ᠳᠤ ᠬᠦᠷᠴᠦ ᠭᠠᠵᠠᠷ ᠦᠵᠡᠵᠦ᠂ ᠰᠦᠮ᠎ᠡ ᠪᠠᠷᠢᠬᠤ | ᠰᠠᠶᠢᠨ ᠣᠷᠣᠨ ᠬᠠᠶᠢᠭᠠᠳ᠂ ᠵᠢᠪᠬᠤᠯᠠᠩᠲᠤ ᠶᠢᠨ ᠠᠭᠤᠯᠠ ᠶᠢᠨ ᠡᠩᠭᠡᠷ ︵ᠲᠡᠷᠡ ᠭᠠᠵᠠᠷ ᠢ ᠤᠳᠠ ᠶᠢᠨ | ᠭᠤᠤ ᠭᠡᠵᠦ ᠪᠠᠶᠢᠭᠰᠠᠨ ᠪᠣᠯᠣᠯᠲᠠᠢ︶ ᠲᠤ ᠪᠠᠷᠢᠬᠤ ᠪᠠᠷ ᠪᠣᠯᠪᠠ᠃ ᠬᠤᠶᠢᠲᠤ ᠣᠨ ᠨᠢ ᠮᠣᠷᠢᠨ ᠵᠢᠯ ︵ᠴᠠᠭᠠᠨ | ᠮᠣᠷᠢᠨ ᠵᠢᠯ᠂ ᠲᠩᠷᠢ ᠲᠡᠳᠬᠦᠭᠴᠢ ᠶᠢᠨ ᠠᠷᠪᠠᠨ ᠲᠠᠪᠤᠳᠤᠭᠠᠷ ᠣᠨ᠂ 1750︶ ᠳᠤ ᠴᠠᠭ ᠤᠨ | ᠬᠦᠷᠳᠦᠨ ᠤ ᠷᠠᠰᠠᠩ ᠢᠶᠠᠷ ᠡᠬᠢᠯᠡᠭᠦᠯᠦᠨ᠂ ᠰᠦᠮ᠎ᠡ ᠪᠠᠷᠢᠬᠤ ᠠᠵᠢᠯ ᠢ ᠪᠦᠬᠦ ᠲᠠᠯ᠎ᠠ ᠪᠠᠷ ᠡᠬᠢᠯᠡᠭᠦᠯᠦᠭᠡᠳ᠂ | 1752 ᠣᠨ ᠤ ᠡᠬᠢ ᠪᠠᠷ ᠰᠦᠮ᠎ᠡ ᠶᠢᠨ ᠶᠡᠭᠡ ᠲᠦᠯᠥᠪ ᠨᠢ ᠭᠠᠷᠤᠭᠠᠳ᠂ 1754 ᠣᠨ ᠳᠤ ᠳᠣᠯᠣᠳᠤᠭᠠᠷ ᠳᠦᠷᠢ ᠶᠢᠨ | ᠳᠠᠯᠠᠢ ᠯᠠᠮᠠ ᠠᠴᠠ ᠪᠠᠳᠺᠠᠷ ᠴᠦᠢᠯᠢᠩ ︵ᠴᠠᠭᠠᠨ ᠯᠢᠩᠬᠸ᠎ᠠ ᠶᠢᠨ ᠰᠦᠮ᠎ᠡ︶ ᠭᠡᠬᠦ ᠨᠡᠷ᠎ᠡ ᠰᠣᠶᠣᠷᠬᠠᠭᠤᠯᠵᠤ᠂ 1758 | ᠣᠨ ᠪᠣᠯᠬᠤ ᠳᠤ ᠪᠠᠷᠢᠯᠭ᠎ᠠ ᠶᠢᠨ ᠠᠵᠢᠯ ᠢ ᠦᠨᠳᠦᠰᠦᠨ ᠳᠡᠭᠡᠨ ᠳᠠᠭᠤᠰᠬᠠᠭᠰᠠᠨ ᠪᠠᠶᠢᠨ᠎ᠠ᠃ ᠬᠤᠵᠢᠮ ᠨᠢ ᠪᠠᠰᠠ | ᠰᠦᠮ᠎ᠡ ᠶᠢ ᠦᠷᠭᠡᠳᠭᠡᠵᠦ ᠪᠠᠷᠢᠭᠰᠠᠨ ᠶᠠᠪᠤᠳᠠᠯ ᠪᠣᠢ᠃ ᠪᠠᠳᠺᠠᠷ ᠵᠤᠤ ᠶᠢᠨ ᠮᠣᠩᠭᠤᠯ ᠠᠷᠬᠢᠪ | ᠯᠤᠪᠰᠠᠩᠵᠠᠯᠰᠠᠨ ᠤ ᠨᠠᠮᠲᠠᠷ ᠲᠠᠬᠢ ᠲᠡᠮᠳᠡᠭᠯᠡᠯ ᠲᠡᠦᠬᠡᠨ ᠦᠨᠡᠨ ᠲᠠᠢ ᠨᠡᠶᠢᠴᠡᠵᠦ | ᠪᠠᠶᠢᠭ᠎ᠠ ᠶᠢ ᠭᠡᠷᠡᠴᠢᠯᠡᠨ᠎ᠡ᠃ ᠪᠠᠳᠺᠠᠷ ᠵᠤᠤ ᠶᠢ 1750 ᠣᠨ ᠠᠴᠠ ᠡᠬᠢᠯᠡᠨ ᠪᠠᠷᠢᠭᠰᠠᠨ ᠪᠠᠶᠢᠨ᠎ᠠ᠃ | | ᠮᠤᠩᠭᠤᠯ ᠭᠠᠵᠠᠷ ᠤᠨ ᠨᠡᠷ᠎ᠠ ᠶᠢᠨ ᠰᠤᠳᠤᠯᠭᠠᠨ ᠳᠤ ᠦᠨ᠎ᠠ ᠴᠠᠨ᠎ᠠ ᠲᠠᠢ ᠮᠠᠲ᠋ᠧᠷᠢᠶᠠᠯ ᠬᠠᠩᠭᠠᠪᠠ | ︽ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠲᠤ ᠲᠡᠮᠳᠡᠭᠯᠡᠭᠳᠡᠭᠰᠡᠨ ᠭᠠᠵᠠᠷ ᠤᠨ ᠲᠡᠮᠳᠡᠭ ᠤᠪᠤᠭ᠎ᠠ ᠶᠢᠨ | ᠪᠠᠶᠢᠴᠠ ᠶᠢ ᠪᠢ ᠤᠳᠤ ᠦᠨᠳᠤᠰᠤᠨ ᠳᠡᠭᠡᠨ ᠡᠷᠢᠵᠦ ᠤᠯᠤᠯ᠎ᠠ︾ ᠬᠡᠵᠦ ᠪᠤᠭᠤᠲᠤ ᠬᠤᠳᠠ ᠶᠢᠨ | ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠤᠨ ᠪᠠᠶᠢᠴᠠᠭᠠᠨ ᠰᠤᠳᠤᠯᠤᠬᠴᠢ ᠰᠠᠴᠡᠨᠵᠠᠪ | ᠰᠤᠷᠪᠤᠯᠵᠢᠯᠠᠭ᠎ᠠ ᠳᠤ ᠶᠠᠷᠢᠵᠦ ᠪᠠᠶᠢᠯ᠎ᠠ᠃ ᠪᠠᠳᠺᠡᠷ ᠵᠤᠤ ᠶᠢᠨ ᠮᠤᠩᠭᠤᠯ ᠲᠡᠤᠬᠡᠨ | ᠠᠷᠬᠢᠪ ᠢ ᠢᠯᠡᠷᠡᠭᠦᠯᠦᠭᠰᠡᠨ ᠠᠴᠠ ᠨᠠᠭᠠᠰᠢ᠂ ᠲᠡᠷᠡ ᠦᠪᠡᠷ ᠤᠨ ᠲᠤᠬᠠᠢᠢᠯᠠᠬᠰᠠᠨ ᠠᠵᠢᠯ ᠲᠠᠢ ᠪᠠᠨ ᠤᠶᠠᠯᠳᠤᠭᠤᠯᠤᠨ ᠰᠤᠳᠤᠯᠵᠦ᠂ | ᠮᠦᠨ ᠲᠡᠭᠦᠨ ᠤ ᠲᠤᠳᠤᠷ᠎ᠠ ᠠᠴᠠ ᠵᠠᠷᠢᠮ ᠪᠠᠷᠢᠮᠳᠠ ᠶᠢ ᠰᠤᠩᠭᠤᠨ ᠲᠠᠶᠢᠯᠪᠤᠷᠢ ᠬᠠᠳᠠᠵᠦ ︽ᠮᠦᠩᠭᠡ ᠲᠤᠯᠭ᠎ᠠ︾ | ᠰᠡᠳᠬᠦᠯ ᠲᠡᠭᠡᠷ᠎ᠠ ᠨᠡᠶᠢᠳᠡᠯᠡᠬᠦᠯᠵᠦ ᠪᠠᠶᠢᠬᠰᠠᠨ ᠪᠠᠶᠢᠨ᠎ᠠ᠃ | ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ | ᠪᠦᠷᠢᠨ ᠡᠮᠬᠢᠳᠬᠡᠯ︾ ᠤᠨ 11 ᠨᠤᠮᠧᠷᠳᠤ ᠪᠠᠷᠢᠮᠳᠠ ᠳᠤ᠄ ︽ᠤᠷᠠᠳ ᠤᠨ ᠤᠯᠤᠰ ᠤᠨ ᠲᠦᠱᠢᠶᠠ | ᠬᠦᠩ ᠰᠤᠨᠤᠮᠵᠠᠮᠰᠠ᠂ ᠲᠤᠰᠠᠯᠠᠬᠴᠢ ᠲᠠᠶᠢᠵᠢ ᠠᠯᠳᠠ᠂ ᠴᠢᠮᠪᠠᠯ ᠲᠠᠨ ᠤ ᠲᠠᠮᠠᠭ᠎ᠠ ᠳᠤ ᠪᠢᠴᠢᠭ ᠦᠭᠬᠦ ᠶᠢᠨ ᠤᠴᠢᠷ᠂ | ᠪᠢᠳᠡ ᠵᠦᠪᠰᠢᠶᠡᠷᠡᠯ ᠨᠢᠭᠡᠳᠳᠦᠭᠰᠡᠨ ᠤ ᠡᠭᠦᠳᠡᠨ ᠠᠴᠠ ᠵᠢᠪᠬᠤᠯᠠᠩᠳᠤ ᠰᠦᠮ᠎ᠠ ᠶᠢᠨ ᠵᠢᠪᠠ ᠱᠠᠩ ᠲᠤᠷ ᠲᠠᠷᠢᠶ᠎ᠠ ᠶᠢᠨ | ᠬᠠᠵᠠᠷ ᠲᠡᠮᠳᠡᠭᠯᠡᠨ ᠪᠠᠷᠢᠬᠤ ᠠᠨᠤ᠂ ᠡᠮᠦᠨ᠎ᠠ ᠪᠡᠶ᠎ᠠ ᠴᠠᠬᠠᠨ ᠴᠢᠯᠤᠬᠤ᠂ ᠪᠠᠷᠠᠭᠤᠨ ᠡᠮᠦᠨ᠎ᠠ ᠪᠦᠩᠰᠦ ᠶᠢᠨ ᠬᠤᠸᠠ᠂ | ᠪᠠᠷᠠᠬᠤᠨ ᠪᠡᠶ᠎ᠠ ᠰᠠᠶᠢᠷ ᠤᠨ ᠬᠠᠭᠴᠠ ᠮᠤᠳᠤ᠂ ᠰᠠᠶᠢᠷ ᠲᠠᠭᠠᠵᠦ ᠪᠠᠷᠠᠭᠤᠨ ᠬᠤᠶᠢᠳᠤ ᠪᠡᠶ᠎ᠠ ᠴᠠᠬᠠᠨ ᠲᠤᠯᠤᠬᠠᠢ᠂ ᠴᠢᠬᠢ | ᠬᠤᠶᠢᠳᠤ ᠪᠡᠶ᠎ᠠ ᠰᠤᠩᠳᠤᠢ ᠬᠤᠸᠠ᠂ ᠵᠡᠬᠦᠨ ᠬᠤᠶᠢᠳᠤ ᠪᠡᠶ᠎ᠠ ᠬᠤᠷᠪᠠᠨ ᠮᠤᠳᠤᠨ ᠤ ᠲᠤᠪᠤ᠂ ᠰᠠᠶᠢᠷᠢ ᠲᠠᠭᠠᠵᠦ | ᠵᠡᠬᠦᠨ ᠡᠮᠦᠨ᠎ᠠ ᠠᠮᠠ ᠶᠢᠨ ᠭᠠᠭᠴᠠ ᠮᠤᠳᠤ᠂ ᠡᠨᠡ ᠵᠠᠪᠰᠠᠷ ᠵᠡᠪᠰᠠᠷ ᠲᠤᠷ ᠴᠦ ᠲᠡᠮᠳᠡᠭ ᠤᠪᠤᠭ᠎ᠠ ᠶᠢ᠂ | ᠰᠦᠮ᠎ᠠ ᠶᠢᠨ ᠨᠢᠷᠪᠠ ᠨᠠᠷ ᠯᠤᠭ᠎ᠠ᠂ ᠰᠤᠮᠤᠨ ᠤ ᠵᠠᠩᠬᠢ ᠵᠠᠨᠳᠠ ᠪᠠᠳᠤᠱᠢᠷᠢ ᠡᠳᠡ ᠬᠠᠮᠳᠤ ᠶᠠᠪᠤᠵᠦ ᠲᠠᠯᠪᠢᠪᠠ᠂ | ᠬᠤᠶᠢᠨᠠᠳᠠ ᠦᠭᠦᠯᠡᠨ ᠦᠯᠦ ᠪᠤᠯᠬᠤ ᠶᠢᠨ ᠲᠤᠯᠠᠳᠠ ᠪᠠᠳᠤᠯᠠᠵᠦ ᠲᠠᠮᠠᠭ᠎ᠠ ᠲᠠᠷᠤᠬᠰᠠᠨ ᠪᠢᠴᠢᠭ ᠲᠠᠢ ᠲᠤᠰᠢᠶᠠᠨ ᠦᠭᠪᠡ︾ | ᠬᠡᠵᠦ ᠲᠡᠮᠳᠡᠭᠯᠡᠭᠰᠡᠨ ᠪᠠᠶᠢᠳᠠᠭ᠃ ᠡᠭᠦᠨ ᠠᠴᠠ ᠪᠡᠳᠬᠡᠷ ᠵᠤᠤ ᠶᠢᠨ ᠤᠢᠢᠷ᠎ᠠ ᠤᠷᠴᠢᠮ ᠤᠨ ᠭᠠᠵᠠᠷ ᠤᠨ ᠨᠡᠷ᠎ᠠ ᠶᠢᠨ | ᠮᠤᠩᠭᠤᠯ ᠨᠠᠷᠠᠶᠢᠳᠤᠯ ᠢ ᠲᠤᠳᠤᠷᠬᠠᠢ ᠮᠡᠳᠡᠵᠦ ᠪᠤᠯᠬᠤ ᠶᠤᠮ᠃ | ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ | ᠪᠦᠷᠢᠨ ᠡᠮᠬᠢᠳᠬᠡᠯ︾ ᠳᠤ ᠠᠭᠤᠯᠠ ᠶᠢᠨ ᠤᠢ ᠴᠡᠴᠡᠷᠯᠢᠭ ᠢ ᠰᠦᠢᠳᠬᠡᠬᠦ ᠶᠢ ᠴᠠᠭᠠᠵᠠᠯᠠᠬᠰᠠᠨ ᠪᠠᠷᠢᠮᠳᠠ᠂ | ᠬᠡᠭᠡᠨ ᠬᠤᠪᠢᠯᠭᠠᠳ ᠢ ᠬᠡᠶᠢᠳ ᠤᠨ ᠠᠯᠳᠠᠨ ᠰᠢᠷᠡᠭᠡᠨ ᠳᠤ ᠵᠠᠯᠠᠬᠤ ᠲᠦᠭᠡᠮᠡᠯ ᠶᠡᠭᠡ ᠪᠠᠶᠠᠷ ᠨᠠᠶᠢᠷ ᠤᠨ | ᠵᠤᠬᠢᠴᠠᠭᠤᠯᠭ᠎ᠠ ᠪᠠᠶᠢᠷᠢᠯᠠᠭᠤᠯᠭᠠ᠂ ᠪᠦᠬᠡ ᠶᠢᠨ ᠱᠠᠩ ᠵᠡᠷᠭᠡ ᠶᠢ ᠲᠡᠮᠳᠡᠭᠯᠡᠭᠰᠡᠨ ᠪᠠᠷᠢᠮᠳᠠ | ᠪᠠᠶᠢᠬᠤ ᠶᠢ ᠰᠤᠷᠪᠤᠯᠵᠢᠯᠠᠬᠴᠢ ᠤᠯᠵᠦ ᠬᠠᠷᠠᠯ᠎ᠠ᠃ ᠡᠬᠡ ᠪᠠᠶᠢᠭᠠᠯᠢ ᠪᠠᠨ ᠡᠷᠬᠢᠮᠨᠠᠨ ᠬᠠᠶᠢᠷᠠᠯᠠᠳᠠᠭ | ᠰᠤᠶᠤᠯ ᠤᠨ ᠦᠵᠡᠯ ᠤᠬᠠᠮᠰᠠᠷ ᠡᠳᠡᠭᠡᠷ ᠠᠷᠬᠢᠪ ᠪᠠᠷᠢᠮᠳᠠ ᠳᠤ ᠪᠦᠷᠢᠨ ᠢᠯᠡᠷᠡᠬᠦ ᠪᠦᠭᠡᠳ᠂ ᠰᠦᠮ᠎ᠠ | ᠬᠡᠶᠢᠳ ᠤᠨ ᠲᠡᠤᠬᠡ ᠪᠤᠯ ᠮᠦᠨ ᠴᠦ ᠲᠤᠬᠠᠢ ᠶᠢᠨ ᠦᠶ᠎ᠠ ᠶᠢᠨ ᠨᠡᠶᠢᠭᠡᠮ ᠤᠨ ᠲᠡᠤᠬᠡ ᠶᠢᠨ ᠴᠢᠬᠤᠯᠠ | ᠪᠦᠷᠢᠯᠳᠤᠬᠦᠨ ᠪᠤᠯᠬᠤ ᠶᠢ ᠡᠳᠡᠭᠡᠷ ᠠᠷᠬᠢᠪ ᠪᠠᠷᠢᠮᠳᠠ ᠨᠤᠭᠤᠳ ᠪᠦᠷᠢᠨ ᠬᠡᠷᠡᠴᠢᠯᠡᠵᠦ ᠪᠠᠶᠢᠨ᠎ᠠ᠃ | | | ᠬᠠᠮᠢᠶ᠎ᠠ ᠪᠦᠬᠦᠢ ᠬᠤᠯᠪᠣᠭᠠᠰᠣ | ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠤᠳᠤ ᠪᠤᠭᠤᠲᠤ ᠬᠤᠳᠠ ᠶᠢᠨ ᠲᠠᠩᠰᠠ ᠡᠪᠬᠡᠮᠡᠯ ᠤᠨ | ᠭᠠᠵᠠᠷ ᠲᠤ ᠬᠠᠳᠠᠭᠠᠯᠠᠬᠳᠠᠵᠦ ᠪᠠᠶᠢᠨ᠎ᠠ᠂ ᠨᠡᠶᠢᠳᠡ 1668 ᠬᠤᠪᠢ᠂ ᠲᠡᠳᠡᠭᠡᠷ ᠨᠢ ᠡᠩᠬᠡ | ᠠᠮᠤᠭᠤᠯᠠᠩ ᠤᠨ ᠭᠤᠴᠢᠨ ᠲᠦᠷᠪᠡᠳᠦᠭᠡᠷ ᠤᠨ ︵1695 ᠤᠨ︶ | ᠠᠴᠠ ᠢᠷᠭᠡᠨ ᠤᠯᠤᠰ ᠤᠨ ᠭᠤᠴᠢᠨ ᠲᠤᠯᠤᠳᠤᠭᠠᠷ ᠤᠨ ︵1948︶ ᠬᠦᠷᠳᠡᠯᠡᠬᠢ ᠠᠷᠬᠢᠪ ᠪᠠᠷᠢᠮᠳᠠ ᠨᠤᠭᠤᠳ ᠪᠠᠶᠢᠵᠦ᠂ | ᠢᠷᠭᠡᠨ ᠤᠯᠤᠰ ᠤᠨ ᠦᠶ᠎ᠡ ᠶᠢᠨ ᠴᠥᠬᠡᠨ ᠬᠡᠳᠦᠨ ᠬᠢᠲᠠᠳ ᠪᠠᠷᠢᠮᠲᠠ ᠶᠢ ᠭᠠᠷᠭᠠᠪᠠᠯ ᠪᠤᠰᠤᠳ ᠨᠢ ᠴᠥᠮ ᠮᠣᠩᠭᠤᠯ | ᠪᠠᠷᠢᠮᠲᠠ ᠪᠣᠯᠣᠨ᠎ᠠ᠃ ᠡᠳᠡᠭᠡᠷ ᠠᠷᠬᠢᠪ ᠪᠠᠷᠢᠮᠳᠠ ᠨᠢ 2015 ᠣᠨ ᠳᠤ ︽ᠲᠣᠮᠲᠠᠲᠣ ᠣᠯᠣᠰ ᠤᠨ | ᠲᠠᠩᠰᠠ ᠡᠪᠬᠡᠮᠡᠯ ᠤᠨ ᠰᠣᠷᠪᠣᠯᠵᠢ ᠪᠢᠴᠢᠭ ᠤᠨ ᠨᠡᠷᠡᠰ︾ ᠲᠤ ᠣᠷᠣᠵᠠᠢ᠃ | ᠦᠩᠬᠡᠷᠡᠭᠰᠡᠨ ᠳᠤ ᠡᠳᠡᠭᠡᠷ ᠠᠷᠬᠢᠪ ᠪᠠᠷᠢᠮᠳᠠ ᠨᠢ ᠬᠤᠪᠢ ᠬᠦᠮᠦᠨ ᠤ ᠭᠠᠷ ᠲᠤ ᠬᠠᠳᠠᠭᠠᠯᠠᠬᠳᠠᠵᠦ ᠪᠠᠶᠢᠬᠰᠠᠨ ᠶᠤᠮ᠃ | ᠴᠦᠬᠡᠨ ᠲᠤᠭᠠᠳᠤ ᠦᠨᠳᠤᠰᠤᠳᠠᠨ ᠤ ᠬᠠᠭᠤᠴᠢᠨ ᠤ ᠨᠤᠮ ᠰᠤᠳᠤᠷ ᠢ ᠡᠮᠬᠢᠯᠡᠨ ᠲᠢᠭᠯᠡᠬᠦ ᠦᠶᠡᠰ᠂ ᠪᠤᠭᠤᠲᠤ | ᠬᠤᠳᠠ ᠶᠢᠨ ᠦᠨᠳᠤᠰᠤᠳᠠᠨ ᠤ ᠬᠡᠷᠡᠭ ᠡᠷᠬᠢᠯᠡᠬᠦ ᠵᠦᠪᠯᠡᠯ ᠨᠢ ᠬᠠᠳᠠᠭᠠᠯᠠᠬᠴᠢ ᠶᠢᠨ ᠭᠠᠷ ᠠᠴᠠ | ᠲᠡᠳᠡᠭᠡᠷ ᠤᠳ ᠢ ᠴᠤᠬᠯᠠᠭᠤᠯᠤᠨ ᠤᠯᠵᠦ᠂ 2008 ᠤᠨ ᠠᠴᠠ ᠡᠬᠢᠯᠡᠨ ᠭᠤᠷᠪᠠᠨ ᠵᠢᠯ ᠤᠨ | ᠴᠠᠭ ᠵᠠᠷᠤᠴᠠᠭᠤᠯᠵᠦ ᠪᠠᠶᠢᠭᠠᠳ ᠲᠡᠭᠦᠨ ᠤ ᠲᠤᠳᠤᠷᠠᠬᠢ 817 ᠬᠤᠪᠢ ᠠᠷᠬᠢᠪ ᠤᠨ ᠭᠠᠷᠴᠠᠭ ᠢ ᠲᠢᠭᠯᠡᠵᠦ᠂ ᠴᠦᠬᠡᠨ | ᠲᠤᠭᠠᠳᠤ ᠦᠨᠳᠤᠰᠤᠳᠠᠨ ᠤ ᠬᠠᠭᠤᠴᠢᠨ ᠤ ᠨᠤᠮ ᠰᠤᠳᠤᠷ ᠤᠨ ᠡᠮᠬᠢᠯᠡᠯ ᠳᠤ ᠪᠦᠷᠢᠳᠬᠡᠬᠦᠯᠦᠭᠰᠡᠨ ᠪᠠᠶᠢᠨ᠎ᠠ᠃ | ᠰᠡᠭᠦᠯᠡᠷ ᠨᠢ ᠡᠳᠡᠭᠡᠷ ᠠᠷᠬᠢᠪ ᠪᠠᠷᠢᠮᠲᠠ ᠶᠢ ᠨᠡᠩ ᠰᠠᠶᠢᠨ ᠢᠶᠠᠷ ᠬᠠᠳᠠᠭᠠᠯᠠᠨ ᠦᠯᠡᠳᠡᠭᠡᠬᠦ ᠶᠢᠨ | ᠡᠭᠦᠳᠡᠨ ᠠᠴᠠ᠂ ᠪᠤᠭᠤᠲᠤ ᠬᠤᠳᠠ ᠶᠢᠨ ᠦᠨᠳᠤᠰᠤᠳᠠᠨ ᠤ ᠬᠡᠷᠡᠭ ᠡᠷᠬᠢᠯᠡᠬᠦ ᠵᠦᠪᠯᠡᠯ ᠨᠢ ᠲᠡᠭᠦᠨ ᠢ ᠪᠤᠭᠤᠲᠤ ᠬᠤᠳᠠ ᠶᠢᠨ | ᠲᠠᠩᠰᠠ ᠡᠪᠬᠡᠮᠡᠯ ᠤᠨ ᠭᠠᠵᠠᠷ ᠲᠤ ᠬᠠᠨᠳᠢᠪᠯᠠᠵᠠᠢ᠃ ᠲᠡᠭᠦᠨ ᠠᠴᠠ ᠰᠡᠭᠦᠯᠡᠷ᠂ ᠪᠤᠭᠤᠲᠤ ᠬᠤᠳᠠ ᠶᠢᠨ ᠲᠠᠩᠰᠠ | ᠡᠪᠬᠡᠮᠡᠯ ᠤᠨ ᠭᠠᠵᠠᠷ ᠤᠨ ᠮᠡᠷᠭᠡᠵᠢᠯᠳᠡᠳ ᠠᠴᠠ ᠡᠳᠡᠭᠡᠷ ᠠᠷᠬᠢᠪ ᠪᠠᠷᠢᠮᠳᠠ ᠨᠤᠭᠤᠳ ᠲᠤ | ᠲᠤᠰᠬᠠᠢ ᠮᠡᠷᠭᠡᠵᠢᠯ ᠤᠨ ᠠᠪᠤᠷᠠᠯᠳᠠ ᠬᠠᠮᠠᠭᠠᠯᠠᠯᠳᠠ ᠬᠢᠵᠦ᠂ ᠨᠠᠭᠠᠯᠳᠤᠵᠦ ᠪᠠᠷᠢᠯᠳᠤᠬᠰᠠᠨ ᠢ ᠨᠢ ᠰᠠᠯᠭᠠᠨ᠂ | ᠦᠳᠡᠷᠡᠵᠦ ᠴᠤᠭᠤᠷᠤᠬᠰᠠᠨ ᠢ ᠨᠢ ᠨᠦᠬᠦᠵᠦ᠂ ᠪᠦᠬᠦ ᠪᠠᠷᠢᠮᠳᠠ ᠶᠢ ᠴᠠᠷᠳᠠᠨ ᠨᠠᠭᠠᠵᠦ ᠨᠤᠮᠧᠷᠯᠠᠨ ᠲᠢᠭᠯᠡᠭᠰᠡᠨ ᠢᠶᠠᠷ᠂ | ᠦᠨᠤᠳᠤᠷ ᠤᠨ ᠬᠡᠷᠡᠯ ᠵᠢᠷᠤᠭ ᠤᠨ ᠬᠡᠯᠪᠡᠷᠢ ᠪᠠᠷ ᠬᠡᠪᠯᠡᠭᠳᠡᠨ ᠲᠠᠷᠬᠠᠭᠠᠭᠳᠠᠬᠤ ᠶᠢᠨ ᠰᠠᠭᠤᠷᠢ ᠶᠢ ᠲᠠᠯᠪᠢᠭᠰᠠᠨ ᠪᠠᠶᠢᠨ᠎ᠠ᠃ | | | |