ᠤᠮᠳᠤᠭᠠᠶᠢᠯᠠᠵᠤ ᠪᠤᠯᠤᠰᠢ ᠦᠬᠡᠢ ᠰᠦᠷᠢᠶ᠎ᠡ ᠶᠢᠨ ᠴᠢᠨᠠᠷᠳᠠᠢ ᠲᠠᠷᠢᠬᠢᠨ ᠪᠦᠷᠬᠦᠪᠴᠢ ᠶᠢᠨ ᠦᠷᠪᠢᠰᠦᠯ
ᠨᠡᠶᠢᠲᠡᠯᠡᠭᠰᠡᠨ ᠴᠠᠭ᠄
2020/9/29
ᠰᠦᠷᠢᠶ᠎ᠡ ᠶᠢᠨ ᠴᠢᠨᠠᠷᠳᠠᠢ ᠲᠠᠷᠢᠬᠢᠨ ᠪᠦᠷᠬᠦᠪᠴᠢ ᠶᠢᠨ ᠦᠷᠪᠢᠰᠦᠯ ᠤᠨ ᠶᠠᠷᠢᠭᠠᠴᠢᠨ ᠨᠢ ᠠᠭᠤᠰᠬᠢᠨ ᠰᠦᠷᠢᠶ᠎ᠡ ᠲᠠᠢ ᠠᠳᠠᠯᠢ ᠴᠦᠮ ᠠᠭᠤᠰᠬᠢᠨ ᠤ ᠮᠦᠴᠢᠷᠯᠢᠭ ᠰᠠᠪᠬᠠᠨᠴᠢᠷ ᠪᠠᠺᠲ᠋ᠧᠷᠢ ᠪᠤᠯᠤᠨ᠎ᠠ᠃ ᠬᠡᠪᠡᠴᠦ ᠠᠭᠤᠰᠬᠢᠨ ᠰᠦᠷᠢᠶ᠎ᠡ ᠪᠤᠯ ᠠᠮᠢᠰᠬᠤᠯ ᠤᠨ ᠵᠠᠮ ᠢᠶᠠᠷ ᠬᠠᠯᠳᠠᠪᠤᠷᠢᠯᠠᠬᠤ ᠡᠪᠡᠳᠴᠢᠨ᠂ ᠬᠡᠳᠡᠯ᠎ᠡ ᠰᠦᠷᠢᠶ᠎ᠡ ᠶᠢᠨ ᠴᠢᠨᠠᠷᠳᠠᠢ ᠲᠠᠷᠢᠬᠢᠨ ᠪᠦᠷᠬᠦᠪᠴᠢ ᠎ ᠶᠢᠨ ᠦᠷᠪᠢᠰᠦᠯ ᠤᠨ ᠲᠦᠷᠢᠮᠡᠬᠡᠶᠢᠯᠡᠳᠡᠭ ᠨᠢ ᠪᠤᠯ ᠮᠡᠳᠡᠷᠡᠯ ᠤᠨ ᠰᠢᠰᠲ᠋ᠧᠮ ᠪᠠᠶᠢᠵᠤ᠂ ᠬᠠᠯᠳᠠᠪᠤᠷᠢᠯᠡᠯ ᠡᠬᠦᠰᠬᠦ ᠦᠬᠡᠢ ᠪᠠᠶᠢᠳᠠᠭ᠃ ᠰᠦᠷᠢᠶ᠎ᠡ ᠶᠢᠨ ᠴᠢᠨᠠᠷᠳᠠᠢ ᠲᠠᠷᠢᠬᠢᠨ ᠪᠦᠷᠬᠦᠪᠴᠢ ᠶᠢᠨ ᠦᠷᠪᠢᠰᠦᠯ ᠪᠤᠯ ᠬᠡᠦᠬᠡᠳ ᠤᠨ ᠰᠦᠷᠢᠶ᠎ᠡ ᠲᠤᠮᠳᠠᠬᠢ ᠬᠠᠮᠤᠭ ᠤᠨ ᠴᠢᠬᠤᠯᠨ ᠨᠢᠬᠡ ᠵᠦᠢᠯ ᠤᠨ ᠲᠦᠷᠦᠯ ᠬᠡᠯᠪᠡᠷᠢ ᠪᠠᠶᠢᠵᠤ᠂ ᠶᠡᠷᠦᠳᠡᠬᠡᠨ 1 —3 ᠨᠠᠰᠤᠳᠠᠢ ᠬᠡᠦᠬᠡᠳ ᠲᠤ ᠤᠯᠠᠨ ᠲᠤᠬᠢᠶᠠᠯᠳᠤᠳᠠᠭ᠃ ᠰᠦᠷᠢᠶ᠎ᠡ ᠶᠢᠨ ᠴᠢᠨᠠᠷᠳᠠᠢ ᠲᠠᠷᠢᠬᠢᠨ ᠪᠦᠷᠬᠦᠪᠴᠢ ᠶᠢᠨ ᠦᠷᠪᠢᠰᠦᠯ ᠤᠨ ᠭᠤᠤᠯ ᠡᠪᠡᠳᠴᠢᠨ ᠤ ᠢᠯᠡᠷᠡᠯ ᠪᠤᠯ ᠬᠠᠯᠠᠭᠤᠷᠠᠬᠤ᠂ ᠪᠦᠬᠦ ᠪᠡᠶ᠎ᠡ ᠲᠠᠮᠢᠷ ᠠᠯᠳᠠᠬᠤ᠂ ᠢᠳᠡᠬᠡᠨ ᠤ ᠲᠤᠷᠰᠢᠯ ᠪᠠᠭᠤᠷᠠᠵᠤ᠂ ᠲᠤᠯᠤᠭᠠᠢ ᠡᠪᠡᠳᠦᠨ᠂ ᠤᠭᠰᠢᠭᠤᠯᠬᠤ ᠴᠢᠨᠠᠷᠳᠠᠢ ᠪᠦᠬᠡᠯᠵᠢᠵᠤ᠂ ᠲᠡᠷᠡᠴᠢᠯᠡᠨ ᠪᠡᠯᠬᠡ ᠶᠢᠨ ᠬᠢᠬᠡᠳ ᠮᠡᠳᠡᠷᠡᠯ ᠤᠨ ᠪᠠᠶᠢᠳᠠᠯ ᠬᠤᠪᠢᠷᠠᠬᠤ ᠵᠡᠷᠬᠡ ᠴᠢᠳᠠᠪᠤᠷᠢ ᠶᠢᠨ ᠰᠠᠭᠠᠳᠤᠯ ᠤᠨ ᠡᠪᠡᠳᠴᠢᠨ ᠤ ᠢᠯᠡᠷᠡᠯ ᠡᠬᠦᠰᠦᠨ᠎ᠡ᠃ ᠬᠡᠷᠪᠡ ᠰᠦᠷᠢᠶ᠎ᠡ ᠡᠪᠡᠳᠴᠢᠨ ᠤ ᠲᠡᠦᠬᠡ ᠲᠠᠢ ᠂ ᠡᠰᠡᠬᠦᠯ᠎ᠡ ᠰᠦᠷᠢᠶ᠎ᠡ ᠡᠪᠡᠳᠴᠢᠨ ᠤᠯᠤᠭᠰᠠᠳ ᠲᠠᠢ ᠤᠶᠢᠷᠠᠳᠤᠭᠰᠠᠨ ᠲᠡᠦᠬᠡ ᠲᠠᠢ᠂ ᠲᠡᠷᠡᠴᠢᠯᠡᠨ ᠲᠡᠬᠡᠷᠡᠬᠢ ᠡᠪᠡᠳᠴᠢᠨ ᠤ ᠢᠯᠡᠷᠡᠯ ᠡᠬᠦᠰᠬᠦ ᠦᠶ᠎ᠡ ᠳᠤ᠂ ᠲᠠᠷᠤᠶᠢᠬᠠᠨ ᠡᠮᠨᠡᠯᠬᠡ ᠶᠢᠨ ᠬᠤᠷᠢᠶᠠᠨ ᠳᠤ ᠬᠦᠷᠴᠦ ᠤᠨᠤᠰᠢᠯᠠᠭᠤᠯᠤᠨ ᠪᠠᠶᠢᠴᠠᠭᠠᠯᠳᠠ ᠬᠢᠵᠤ᠂ ᠤᠮᠳᠤᠭᠠᠶᠢᠯᠠᠭᠰᠠᠨ ᠠᠴᠠ ᠪᠤᠯᠵᠤ ᠡᠪᠡᠳᠴᠢᠨ ᠤ ᠪᠠᠶᠢᠳᠠᠯ ᠬᠦᠨᠳᠡᠷᠡᠵᠤ᠂ ᠬᠤᠶᠢᠰᠢᠳᠡ ᠶᠢᠨ ᠡᠮᠴᠢᠯᠡᠨ ᠵᠠᠰᠠᠬᠤ ᠦᠷ᠎ᠡ ᠳ᠋ᠦᠩ ᠢ ᠨᠦᠯᠦᠬᠡᠯᠡᠬᠦ ᠦᠬᠡᠢ ᠪᠠᠶᠢᠪᠠᠯ ᠵᠤᠬᠢᠨ᠎ᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号