ᠠᠭᠤᠰᠬᠢᠨ ᠰᠦᠷᠢᠶ᠎ᠡ ᠤᠯᠪᠠᠯ᠂ ᠤᠮᠳᠤᠭᠠᠶᠢᠯᠠᠬᠤ ᠦᠬᠡᠢ᠂ ᠠᠶᠤᠵᠤ ᠰᠦᠷᠳᠡᠬᠦ ᠦᠬᠡᠢ᠂ ᠡᠷᠳᠡ ᠠᠴᠠ ᠡᠮᠴᠢᠯᠡᠨ ᠵᠠᠰᠠᠪᠠᠯ ᠦᠷ᠎ᠡ ᠳ᠋ᠦᠩ ᠰᠠᠶᠢᠨ᠃
ᠨᠡᠶᠢᠲᠡᠯᠡᠭᠰᠡᠨ ᠴᠠᠭ᠄
2020/9/29
ᠠᠭᠤᠰᠬᠢᠨ ᠰᠦᠷᠢᠶ᠎ᠡ ᠶᠢᠨ ᠦᠷᠬᠦᠯᠵᠢ ᠲᠤᠬᠢᠶᠠᠯᠳᠤᠳᠠᠭ ᠡᠪᠡᠳᠴᠢᠨ ᠤ ᠪᠠᠶᠢᠳᠠᠯ ᠪᠤᠯ ᠬᠠᠨᠢᠶᠠᠯᠭᠠᠬᠤ᠂ ᠴᠠᠷ ᠲᠠᠢ ᠬᠠᠨᠢᠶᠠᠬᠤ᠂ ᠴᠢᠰᠤ ᠪᠠᠷ ᠬᠠᠨᠢᠶᠠᠯᠭᠠᠬᠤ ᠪᠤᠶᠤ ᠴᠠᠷ ᠲᠤᠮᠳᠠ ᠴᠢᠰᠤ ᠲᠠᠭᠠᠯᠳᠤᠬᠤ ᠪᠤᠯᠤᠨ᠎ᠠ᠃ ᠬᠡᠷᠪᠡ ᠡᠳᠡᠬᠡᠷ ᠡᠪᠡᠳᠴᠢᠨ ᠤ ᠪᠠᠶᠢᠳᠠᠯ ᠦᠷᠬᠦᠯᠵᠢᠯᠡᠬᠡᠳ 2 ᠭᠠᠷᠠᠭ ᠠᠴᠠ ᠲᠡᠭᠡᠭᠰᠢ ᠪᠤᠯᠪᠠᠯ᠂ ᠲᠠᠷᠤᠢ ᠠᠭᠤᠰᠬᠢᠨ ᠰᠦᠷᠢᠶ᠎ᠡ ᠤᠯᠤᠭᠰᠠᠨ ᠪᠠᠶᠢᠵᠤ ᠮᠡᠳᠡᠬᠦ ᠲᠤᠯᠨ ᠴᠠᠭ ᠲᠠᠷᠤᠢ ᠳᠤᠨᠢ ᠲᠤᠬᠠᠢ ᠶᠢᠨ ᠭᠠᠵᠠᠷ ᠤᠨ ᠰᠦᠷᠢᠶ᠎ᠡ ᠡᠪᠡᠳᠴᠢᠨ ᠤ ᠲᠤᠭᠳᠠᠭᠰᠠᠨ ᠴᠢᠭ ᠤᠨ ᠡᠮᠴᠢᠯᠡᠬᠡᠨ ᠤ ᠪᠠᠶᠢᠭᠤᠯᠤᠮᠵᠢ ᠳᠤ ᠬᠦᠷᠴᠦ ᠤᠨᠤᠰᠢᠯᠠᠭᠤᠯᠤᠨ ᠪᠠᠶᠢᠴᠠᠭᠠᠨ᠎ᠠ᠃ ᠠᠭᠤᠰᠬᠢᠨ ᠰᠦᠷᠢᠶ᠎ᠡ ᠤᠯᠪᠠᠯ ᠡᠮᠴᠢ ᠶᠢᠨ ᠦᠬᠡ ᠪᠠᠷ ᠴᠠᠭ ᠲᠤᠨᠢ ᠡᠮ ᠤᠤᠭᠤᠵᠤ ᠡᠮᠴᠢᠯᠡᠨ ᠵᠠᠰᠠᠨ᠎ᠠ᠃ ᠦᠬᠡᠢ ᠪᠤᠯ ᠡᠷᠡᠬᠦᠯ ᠴᠢᠬᠢᠷᠠᠭ ᠢ ᠴᠢᠨᠢ ᠬᠦᠨᠳᠦ ᠨᠤᠴᠢᠳᠠᠢ ᠬᠤᠬᠢᠷᠠᠭᠤᠯᠵᠤ᠂ ᠲᠡᠷᠡᠴᠢᠯᠡᠨ ᠠᠮᠢᠰᠬᠤᠯ ᠲᠤᠷᠤᠶᠢᠳᠠᠬᠤ ᠪᠠ ᠦᠬᠦᠨ᠎ᠡ᠃ ᠲᠤᠳᠤᠯᠠᠭᠰᠠᠨ ᠤ ᠲᠠᠷᠠᠭᠠᠬᠢ ᠠᠭᠤᠰᠬᠢᠨ ᠰᠦᠷᠢᠶ᠎ᠡ ᠡᠪᠡᠳᠴᠢᠳᠡᠨ ᠬᠡᠷᠪᠡ ᠡᠮᠴᠢ ᠶᠢᠨ ᠵᠠᠬᠢᠶ᠎ᠠ ᠪᠠᠷ ᠪᠦᠬᠦᠶᠢᠯᠨ ᠡᠮᠴᠢᠯᠡᠬᠦ ᠶᠠᠪᠤᠴᠨ ᠶᠢ ᠨᠠᠷᠢᠨ ᠨᠢᠮᠪᠠᠢ ᠪᠡᠶᠡᠯᠡᠬᠦᠯᠪᠡᠯ᠂ ᠤᠯᠠᠩᠬᠢ ᠲᠤᠭᠠᠨ ᠤ ᠡᠪᠡᠳᠴᠢᠳᠡᠨ ᠪᠦᠷ ᠡᠳᠡᠬᠡᠷᠡᠨ᠎ᠡ᠃ ᠠᠭᠤᠰᠬᠢᠨ ᠰᠦᠷᠢᠶ᠎ᠡ ᠡᠪᠡᠳᠴᠢᠳᠡᠨ ᠬᠡᠷᠪᠡ ᠲᠦᠷᠪᠡᠨ ᠵᠦᠭ ᠲᠤ ᠲᠤᠷᠠᠪᠡᠷ ᠢᠶᠠᠨ ᠡᠮᠴᠢ ᠡᠷᠢᠵᠤ᠂ ᠰᠦᠷᠢᠶ᠎ᠡ ᠡᠪᠡᠳᠴᠢᠨ ᠤ ᠲᠤᠭᠳᠠᠭᠰᠠᠨ ᠴᠢᠭ ᠤᠨ ᠡᠮᠴᠢᠯᠡᠬᠡᠨ ᠤ ᠪᠠᠶᠢᠭᠤᠯᠭ᠎ᠠ ᠳᠤ ᠬᠦᠷᠴᠦ ᠰᠢᠨᠵᠢᠯᠡᠬᠦ ᠤᠬᠠᠭᠠᠨᠴᠢ ᠲᠦᠷᠢᠮᠵᠢᠯ ᠲᠠᠢ ᠡᠮᠴᠢᠯᠡᠨ ᠵᠠᠰᠠᠬᠤ ᠦᠬᠡᠢ᠂ ᠡᠰᠡᠬᠦᠯ᠎ᠡ ᠡᠮᠴᠢ ᠶᠢᠨ ᠵᠠᠬᠢᠶ᠎ᠠ ᠶᠢ ᠲᠠᠭᠠᠬᠤ ᠦᠬᠡᠢ ᠡᠮ ᠢᠶᠠᠨ ᠵᠤᠭᠰᠤᠪᠠᠯ᠂ ᠲᠤᠩ ᠬᠢᠯᠪᠠᠷᠬᠠᠨ ᠢᠶᠠᠷ ᠡᠮ ᠳᠤ ᠲᠠᠭᠠᠭᠠᠮᠠᠭᠠᠢ ᠠᠭᠤᠰᠬᠢᠨ ᠰᠦᠷᠢᠶ᠎ᠡ ᠡᠬᠦᠰᠬᠦ ᠪᠤᠯᠭᠠᠨ᠎ᠠ᠃ ᠬᠡᠷᠪᠡ ᠡᠮ ᠳᠤ ᠲᠠᠭᠠᠭᠠᠮᠠᠭᠠᠢ ᠠᠭᠤᠰᠬᠢᠨ ᠰᠦᠷᠢᠶ᠎ᠡ ᠡᠬᠦᠰᠪᠡᠯ ᠡᠮᠴᠢᠯᠡᠨ ᠰᠠᠶᠢᠨ ᠪᠤᠯᠬᠤ ᠪᠤᠯᠤᠯᠴᠠᠭ᠎ᠠ ᠶᠡᠬᠡᠪᠡᠷ ᠲᠤᠷᠤᠭᠰᠢᠯᠠᠵᠤ᠂ ᠡᠮᠴᠢᠯᠡᠨ ᠵᠠᠰᠠᠬᠤ ᠰᠦᠢᠳᠬᠡᠯ ᠴᠦ ᠪᠠᠰᠨ ᠶᠡᠬᠡᠪᠡᠷ ᠨᠡᠮᠡᠭᠳᠡᠨ᠂ ᠦᠪᠡᠷ ᠤᠨ ᠪᠡᠶ᠎ᠡ ᠮᠠᠬᠠᠪᠤᠳ  ᠲᠠᠭᠠᠨ ᠲᠤᠩ ᠶᠡᠭᠡ ᠬᠤᠬᠢᠷᠠᠯ ᠠᠪᠴᠢᠷᠠᠬᠤ ᠪᠠᠷ ᠦᠯᠦ ᠪᠠᠷᠠᠨ᠂ ᠬᠡᠷ ᠪᠦᠯᠢ ᠳᠡᠭᠡᠨ ᠪᠠᠰᠨ ᠬᠦᠨᠳᠦ ᠨᠤᠴᠢᠳᠠᠢ ᠠᠵᠤ ᠠᠬᠤᠢ ᠶᠢᠨ ᠡᠬᠦᠷᠬᠡᠯᠡᠯ ᠠᠪᠴᠢᠷᠠᠬᠤ ᠪᠤᠯᠤᠨ᠎ᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号