ᠰᠦᠷᠢᠶ᠎ᠡ ᠶᠢᠨ ᠪᠠᠺᠲ᠋ᠧᠷᠢ ᠶᠢ ᠬᠤᠯᠨ ᠵᠠᠶᠢᠯᠠᠭᠤᠯᠤᠶ᠎ᠠ
ᠨᠡᠶᠢᠲᠡᠯᠡᠭᠰᠡᠨ ᠴᠠᠭ᠄
2020/9/29
 ᠪᠤᠯᠪᠠᠰᠤᠷᠠᠯ ᠢ ᠴᠢᠩᠭᠠᠳᠬᠠᠨ᠂ ᠪᠡᠶ᠎ᠡ ᠶᠢᠨ ᠴᠢᠨᠰᠠᠭ᠎ᠠ ᠪᠠᠨ ᠨᠡᠮᠡᠭᠳᠡᠬᠦᠯᠵᠤ᠂ ᠵᠤᠬᠢᠰᠳᠠᠢ ᠪᠠᠷ ᠢᠳᠡᠵᠤ ᠤᠤᠭᠤᠪᠠᠯ ᠂ ᠰᠦᠷᠢᠶ᠎ᠡ ᠶᠢᠨ ᠪᠠᠺᠲ᠋ᠧᠷᠢ ᠶᠢ ᠢᠯᠠᠨ ᠲᠠᠪᠠᠭ᠋ᠤ ᠳᠤ ᠲᠤᠰᠠᠯᠠᠵᠤ ᠪᠤᠯᠤᠨ᠎ᠠ᠃ ᠬᠦᠷᠡᠩ ᠤᠨ ᠭᠠᠳᠠᠨᠠᠬᠢ ᠬᠡᠷᠡᠯ ᠢᠶᠠᠷ ᠪᠠᠺᠲ᠋ᠧᠷᠢ ᠶᠢ ᠠᠯᠠᠵᠤ᠂ ᠤᠷᠤᠰᠢᠨ ᠰᠠᠭᠤᠭ᠎ᠠ ᠤᠷᠴᠢᠨ ᠲᠤᠭᠤᠷᠢᠨ ᠳᠤ ᠪᠠᠨ ᠪᠠᠶᠢᠩᠭᠤ ᠰᠠᠯᠬᠢᠨ ᠨᠡᠪᠳᠡᠷᠡᠬᠦᠯᠦᠨ ᠠᠭᠠᠷ ᠰᠤᠯᠢᠵᠤ᠂ ᠬᠦᠨᠵᠢᠯᠨ ᠲᠡᠪᠢᠰᠬᠡᠷ᠂ ᠬᠤᠪᠴᠠᠰᠤ ᠪᠠᠨ ᠦᠷᠬᠦᠯᠵᠢ ᠨᠠᠷᠠᠨ  ᠤ ᠬᠡᠷᠡᠯ ᠳᠤ ᠡᠬᠡᠬᠡᠨ᠎ᠡ᠃ ᠬᠦᠮᠦᠨ ᠤᠯᠠᠨ ᠴᠤᠭᠯᠠᠷᠠᠳᠠᠭ ᠤᠯᠠᠨ ᠨᠡᠶᠢᠳᠡ ᠶᠢᠨ ᠲᠠᠯᠠᠪᠤᠷ ᠲᠤ ᠴᠦᠬᠡᠨ ᠬᠦᠷᠴᠦ᠂ N95 ᠠᠮᠠᠨ ᠪᠦᠭᠯᠡᠭᠡ ᠵᠡᠬᠦᠨ᠎ᠡ᠃ ᠬᠡᠷᠪᠡ ᠬᠡᠷ ᠲᠤ ᠴᠢᠨᠢ ᠠᠭᠤᠰᠬᠢᠨ ᠰᠦᠷᠢᠶ᠎ᠡ ᠡᠪᠡᠳᠴᠢᠳᠡᠨ ᠪᠠᠶᠢᠪᠠᠯ᠂ ᠦᠷᠦᠬᠡᠨ ᠳᠡᠭᠡᠨ ᠰᠠᠯᠬᠢ ᠨᠡᠪᠳᠡᠷᠡᠬᠦᠯᠵᠤ᠂ ᠡᠪᠡᠳᠴᠢᠳᠡᠨ ᠨᠢ ᠠᠮᠠᠨ ᠪᠦᠭᠯᠡᠭᠡ ᠵᠡᠬᠦᠵᠤ᠂ ᠬᠡᠷ ᠤᠨ ᠬᠦᠮᠦᠰ ᠲᠡᠭᠡᠨ ᠬᠠᠯᠳᠠᠪᠤᠷᠢᠯᠠᠬᠤ ᠠᠴᠠ ᠵᠠᠶᠢᠯᠠᠰᠬᠢᠨ᠎ᠠ᠃ ᠠᠭᠤᠰᠬᠢᠨ ᠰᠦᠷᠢᠶ᠎ᠡ ᠡᠪᠡᠳᠴᠢᠳᠡᠨ ᠲᠤᠷᠠᠪᠡᠷ ᠢᠶᠠᠨ ᠨᠤᠯᠮᠤᠬᠤ ᠦᠬᠡᠢ᠂ ᠴᠡᠷ ᠢᠶᠠᠨ ᠴᠠᠭᠠᠰᠤ ᠪᠠᠷ ᠪᠤᠭᠤᠳᠠᠯᠯᠠᠨ᠎ᠠ᠃ ᠤᠷᠴᠢᠮ ᠤᠨ ᠬᠤᠭᠤᠴᠠᠭᠠᠨ ᠳᠤ ᠠᠭᠤᠰᠬᠢᠨ ᠰᠦᠷᠢᠶ᠎ᠡ ᠡᠪᠡᠳᠴᠢᠳᠡᠨ ᠲᠠᠢ ᠤᠶᠢᠷᠠᠳᠤᠭᠰᠠᠨ ᠬᠦᠮᠦᠨ᠂ ᠦᠮᠡᠨ ᠡᠪᠡᠳᠴᠢᠨ ᠤ ᠸᠢᠷᠦ᠋ᠰ ᠬᠠᠯᠳᠠᠪᠤᠷᠢᠯᠠᠭᠰᠠᠳ᠂ ᠦᠯᠦ ᠬᠠᠯᠳᠠᠭᠠᠬᠤ ᠲᠤᠤᠷ᠎ᠠ ᠪᠤᠯᠤᠭᠰᠠᠳ᠂ ᠰᠢᠬᠢᠷ ᠰᠢᠵᠢᠩ ᠡᠪᠡᠳᠴᠢᠨ ᠤᠯᠤᠭᠰᠠᠳ᠂ ᠲᠤᠭᠤᠰᠤᠳᠤ ᠠᠭᠤᠰᠬᠢᠨ ᠡᠪᠡᠳᠴᠢᠳᠡᠨ᠂ ᠨᠠᠰᠤᠳᠠᠶᠢᠴᠤᠳ ᠵᠡᠷᠬᠡ ᠨᠢ ᠤᠨᠴᠠᠭᠠᠶᠢᠯᠠᠨ ᠠᠩᠬᠠᠷᠴᠦ ᠲᠤᠭᠳᠠᠭᠰᠠᠨ ᠬᠤᠭᠤᠴᠠᠭᠠᠨ ᠳᠤ ᠡᠮᠨᠡᠯᠬᠡ ᠶᠢᠨ ᠬᠤᠷᠢᠶᠠᠨ ᠳᠤ ᠬᠦᠷᠴᠦ ᠰᠦᠷᠢᠶ᠎ᠡ ᠡᠪᠡᠳᠴᠢᠨ ᠤ ᠪᠠᠶᠢᠴᠠᠭᠠᠯᠳᠠ ᠬᠢᠪᠡᠯ ᠵᠤᠬᠢᠨ᠎ᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号