ᠴᠢᠩᠬᠢᠰ ᠤᠨ ᠪᠢᠯᠢᠭ ᠰᠤᠷᠭᠠᠯ ᠠᠴᠠ
ᠨᠡᠶᠢᠲᠡᠯᠡᠭᠰᠡᠨ ᠴᠠᠭ᠄
2021/2/23
 ᠪᠢᠯᠢᠭ ᠲᠠᠢ ᠮᠡᠷᠭᠡᠨ ᠠᠴᠠ ᠪᠢᠴᠢᠭ ᠲᠠᠢ ᠮᠤᠩᠬᠠᠭ ᠳᠡᠭᠡᠷ᠎ᠠ ᠥᠪᠡᠷ ᠤᠨ ᠭᠡᠮ ᠢ ᠪᠤᠰᠤᠳ ᠠᠴᠠ ᠠᠰᠠᠭᠤᠵᠤ ᠮᠡᠳᠡ ︕ ᠲᠥᠷᠤ ᠶᠤᠰᠤᠨ ᠤ ᠤᠰᠤᠯ ᠢ ᠰᠡᠴᠡᠳ ᠠᠴᠠ ᠠᠰᠠᠭᠤᠵᠤ ᠰᠤᠷᠤᠭᠳᠠᠬᠤᠢ ︕ ᠥᠪᠡᠷ ᠶᠢᠨ ᠪᠡᠶ᠎ᠡ ᠶᠢ ᠤᠬᠠᠭᠠᠷᠠᠨ ᠮᠡᠳᠡᠪᠡᠰᠤ ᠥᠪᠡᠷ᠎ᠡ ᠪᠤᠰᠤᠳ ᠢ ᠲᠤᠯᠢᠳᠠᠵᠤ ᠴᠢᠳᠠᠮᠤᠢ ᠬᠠᠷᠠᠴᠤ ᠢᠷᠭᠡᠨ ᠠᠷᠢᠬᠢᠨ ᠳᠤᠷ ᠰᠢᠨᠤᠪᠠᠰᠤ ᠮᠤᠷᠢ ᠤᠨᠤᠭ᠎ᠠ ᠮᠠᠯ ᠰᠥᠷᠥᠭ ᠬᠢᠭᠡᠳ ᠠᠯᠢᠪᠠ ᠡᠳ᠋ ᠬᠥᠷᠤᠩᠭᠡ ᠶᠦᠭᠡᠨ ᠰᠦᠢᠳᠭᠡᠨ ᠭᠤᠶᠢᠷᠠᠨᠴᠢ ᠪᠤᠯᠤᠮᠤᠢ ᠨᠤᠶᠠᠨ ᠲᠥᠰᠢᠮᠡᠳ ᠠᠷᠢᠬᠢᠨ ᠳᠤᠷ ᠰᠢᠨᠤᠪᠠᠰᠤ ᠬᠤᠪᠢ ᠵᠡᠶᠠᠭ᠎ᠠ ᠨᠢ ᠲᠡᠬᠦᠨ ᠢ ᠳᠠᠰᠤᠷᠠᠯ ᠦᠭᠡᠢ ᠲᠠᠷᠴᠢᠯᠠᠭᠠᠨ ᠵᠤᠪᠠᠭᠠᠵᠤ ᠠᠮᠤᠷ ᠵᠢᠮᠤᠷ ᠦᠯᠤ ᠠᠮᠢᠳᠤᠷᠠᠭᠤᠯᠤᠮᠤᠢ ᠠᠷᠢᠬᠢ ᠳᠠᠷᠠᠰᠤᠨ ᠬᠡᠮᠡᠭᠴᠢ ᠡᠨᠡᠷᠢᠩᠬᠦᠢ ᠬᠠᠷᠬᠢᠰ ᠰᠠᠶᠢᠨ ᠮᠠᠭᠤ ᠶᠠᠮᠠᠷ ᠬᠦᠮᠥᠨ ᠠᠬᠰᠠᠨ ᠴᠤ ᠪᠥᠬᠦᠨ ᠢ ᠮᠢᠨᠴᠤᠬᠦᠷᠡᠬᠦᠯᠤᠮᠤᠢ ᠠᠷᠢᠬᠢ ᠳᠠᠷᠠᠰᠤᠨ ᠭᠠᠷ ᠢ ᠮᠢᠨᠴᠤᠬᠦᠷᠡᠬᠦᠯᠤᠪᠡᠰᠤ ᠶᠠᠭᠤᠮ᠎ᠠ ᠠᠳᠬᠤᠬᠤᠢ ᠴᠢᠳᠠᠯ ᠲᠡᠩᠭᠡᠭᠡ ᠤᠷᠠᠨ ᠲᠡᠮ ᠢ ᠠᠯᠳᠡᠬᠳᠡᠭᠤᠯᠤᠮᠤᠢ ᠬᠥᠯ ᠢ ᠮᠢᠨᠴᠤᠭᠦᠷᠡᠬᠦᠯᠤᠪᠡᠰᠤ ᠬᠥᠳᠡᠯᠤᠨ ᠠᠯᠬᠤᠵᠤ ᠴᠢᠳᠠᠬᠤ ᠦᠭᠡᠢ ᠪᠤᠯᠭᠠᠮᠤᠢ ᠰᠡᠳᠬᠢᠯ ᠢ ᠮᠢᠨᠴᠤᠬᠦᠷᠡᠬᠦᠯᠤᠪᠡᠰᠤ ᠲᠤᠩᠭᠠᠨ ᠪᠤᠳᠤᠯᠬᠢᠯᠠᠬᠤ ᠲᠡᠬᠦᠰ ᠪᠥᠷᠢᠨ ᠤᠷ᠎ᠠ ᠴᠢᠳᠠᠯ ᠦᠭᠡᠢ ᠪᠤᠯᠤᠮᠤᠢ ᠠᠷᠢᠬᠢ ᠳᠠᠷᠠᠰᠤᠨ ᠪᠤᠢ ᠪᠥᠬᠦᠢ ᠰᠡᠷᠡᠯ ᠰᠡᠳᠬᠢᠴᠡ ᠶᠢᠨ ᠡᠷᠡᠬᠦᠯ ᠡᠩᠭᠡ ᠶᠢ ᠡᠪᠳᠡᠨ ᠪᠥᠷᠢᠯᠭᠡᠬᠦ
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号