ᠨᠡᠶᠢᠭᠡᠮ ᠲᠣᠭᠤᠷᠢᠭ ᠲᠤ ᠦᠯᠡᠳᠡᠵᠦ ᠬᠤᠴᠣᠷᠣᠭᠰᠠᠨ ᠬᠦᠮᠦᠰ ᠢ ᠪᠣᠴᠠᠭᠠᠬᠤ ᠠᠯᠬᠤᠮ ᠳᠠᠷᠠᠭ᠎ᠠ
ᠨᠡᠶᠢᠲᠡᠯᠡᠭᠰᠡᠨ ᠴᠠᠭ᠄
2022/9/8
ᠨᠡᠶᠢᠭᠡᠮ ᠲᠣᠭᠤᠷᠢᠭ ᠲᠤ ᠦᠯᠡᠳᠡᠵᠦ ᠬᠤᠴᠣᠷᠣᠭᠰᠠᠨ ᠬᠦᠮᠦᠰ ᠢ ᠪᠣᠴᠠᠭᠠᠬᠤ ᠠᠯᠬᠤᠮ ᠳᠠᠷᠠᠭ᠎ᠠᠨᠢᠭᠡ᠂ ᠦᠯᠡᠳᠡᠵᠦ ᠬᠤᠴᠣᠷᠣᠭᠰᠠᠨ ᠬᠦᠮᠦᠰ ︽ᠲᠠᠯ᠎ᠠ ᠨᠣᠲᠤᠭ ᠤᠨ ᠭᠡᠷᠡᠯᠲᠦ ᠰᠣᠪᠣᠳ ᠰᠢᠯᠢ ᠶᠢᠨ ᠬᠤᠲᠠ︾ ᠣᠯᠠᠨ ᠨᠡᠶᠢᠲᠡ ᠶᠢᠨ ᠲᠠᠪᠴᠠᠩ ᠢ ᠠᠩᠬᠠᠷᠴᠣ᠂ ︽ᠰᠢᠯᠢ ᠶᠢᠨ ᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠠᠴᠠ ᠪᠣᠯᠵᠣ ᠦᠯᠡᠳᠡᠵᠦ ᠬᠤᠴᠣᠷᠣᠭᠰᠠᠨ ᠬᠦᠮᠦᠰ ᠢ ᠲᠦᠷᠦᠯ ᠬᠤᠪᠢᠶᠠᠨ ᠪᠣᠴᠠᠭᠠᠬᠤ ᠡᠷᠡᠮᠡᠯᠵᠡᠯ︾᠎ ᠤᠨ ᠬᠤᠶᠠᠷ ᠬᠡᠮᠵᠢᠯᠳᠦ ᠺᠤᠳ᠋ ᠢ ᠰᠢᠷᠪᠢᠵᠣ᠂
ᠨᠡᠶᠢᠭᠡᠮ ᠲᠣᠭᠤᠷᠢᠭ ᠲᠤ ᠡᠷᠡᠮᠡᠯᠵᠡᠵᠦ ᠰᠢᠯᠢ ᠶᠢᠨ ᠬᠤᠲᠠ ᠠᠴᠠ ᠭᠠᠷᠴᠣ ᠶᠠᠪᠣᠨ᠎ᠠ᠃ ︵ᠦᠯᠡᠳᠡᠵᠦ ᠬᠤᠴᠣᠷᠣᠭᠰᠠᠨ ᠬᠦᠮᠦᠰ ᠨᠢᠭᠡᠨᠲᠡ ᠪᠣᠴᠠᠵᠣ ᠶᠠᠪᠣᠬᠤ ᠪᠠᠷ ᠡᠷᠡᠮᠡᠯᠵᠡᠭᠰᠡᠨ ᠡᠰᠡᠬᠦ ᠶᠢ ᠡᠷᠬᠡᠪᠰᠢ ᠬᠠᠷᠭᠤᠭᠤᠯᠵᠤ ᠦᠵᠡᠬᠦ ᠬᠡᠷᠡᠭᠲᠡᠢ᠂ ᠬᠠᠷᠭᠤᠭᠤᠯᠬᠤ ᠠᠷᠭ᠎ᠠ᠄ ᠳᠠᠬᠢᠨᠲᠠ ᠰᠢᠷᠪᠢᠵᠦ ᠪᠡᠶ᠎ᠡ ᠶᠢᠨ ᠦᠨᠡᠮᠯᠡᠯ ᠤᠨ ᠨᠣᠮᠧᠷ ᠢᠶᠠᠨ ᠲᠠᠭᠯᠠᠨ᠎ᠠ᠂ ᠬᠡᠷᠪᠡ ᠲᠠᠪᠬᠤᠷ ᠲᠠᠭᠯᠠᠵᠣ ᠪᠠᠶᠢᠨ᠎ᠠ ᠭᠡᠰᠡᠨ ᠰᠠᠨᠠᠭᠤᠯᠭ᠎ᠠ ᠭᠠᠷᠴᠣ ᠢᠷᠡᠪᠡᠯ ᠨᠢᠭᠡᠨᠲᠡ ᠡᠷᠡᠮᠡᠯᠵᠡᠭᠰᠡᠨ ᠢ ᠭᠡᠷᠡᠴᠢᠯᠡᠨ᠎ᠡ᠃︶ᠬᠤᠶᠠᠷ᠂ ᠰᠠᠭᠤᠭ᠎ᠠ ᠨᠡᠶᠢᠭᠡᠮ ᠲᠣᠭᠤᠷᠢᠭ ᠠᠴᠠ ︽ᠰᠢᠯᠢ ᠶᠢᠨ ᠬᠤᠲᠠ ᠠᠴᠠ ᠭᠠᠷᠴᠣ ᠶᠠᠪᠣᠬᠤ ᠡᠷᠡᠮᠡᠯᠵᠡᠯ ᠤᠨ ᠵᠦᠪᠰᠢᠶᠡᠷᠡᠯ ᠤᠨ ᠬᠦᠰᠦᠨᠦᠭ︾᠎ ᠢ ᠲᠠᠭᠯᠠᠵᠣ᠂ ᠦᠯᠡᠳᠡᠵᠦ ᠬᠤᠴᠣᠷᠣᠭᠰᠠᠨ ᠬᠦᠮᠦᠰ ᠢ ᠬᠤᠪᠢᠶᠠᠨ ᠲᠠᠷᠬᠠᠭᠠᠬᠤ ᠲᠣᠰᠬᠠᠢ ᠠᠩᠭᠢ ᠳᠤ ᠲᠣᠰᠢᠶᠠᠨ ᠳᠠᠩᠰᠠᠯᠠᠭᠤᠯᠣᠨ᠎ᠠ᠃ᠭᠤᠷᠪᠠ᠂ ᠦᠯᠡᠳᠡᠵᠦ ᠬᠤᠴᠣᠷᠣᠭᠰᠠᠨ ᠬᠦᠮᠦᠰ ᠢ ᠬᠤᠪᠢᠶᠠᠨ ᠲᠠᠷᠬᠠᠭᠠᠬᠤ ᠲᠣᠰᠬᠠᠢ ᠠᠩᠭᠢ ︽ᠰᠢᠯᠢ ᠶᠢᠨ ᠬᠤᠲᠠ ᠎ ᠠᠴᠠ ᠭᠠᠷᠴᠣ ᠶᠠᠪᠣᠬᠤ ᠡᠷᠡᠮᠡᠯᠵᠡᠯ ᠤᠨ ᠵᠦᠪᠰᠢᠶᠡᠷᠡᠯ ᠤᠨ ᠬᠦᠰᠦᠨᠦᠭ︾᠎ ᠢ ᠲᠣᠰᠴᠣ ᠣᠯᠣᠭᠰᠠᠨ ᠤ ᠲᠠᠷᠠᠭ᠎ᠠ ᠦᠯᠡᠳᠡᠵᠦ ᠬᠤᠴᠣᠷᠣᠭᠰᠠᠨ ᠬᠦᠮᠦᠰ ᠢ ᠬᠤᠪᠢᠶᠠᠨ ᠲᠠᠷᠬᠠᠭᠠᠬᠤ ᠲᠣᠰᠬᠠᠢ ᠠᠩᠭᠢ ᠠᠴᠠ ᠦᠯᠡᠳᠡᠵᠦ ᠬᠤᠴᠣᠷᠣᠭᠰᠠᠨ ᠬᠦᠮᠦᠰ ᠤᠨ ᠰᠣᠷᠠᠭ ᠵᠠᠩᠬᠢ ᠶᠢ ᠰᠣᠳᠣᠯᠣᠨ ᠮᠠᠭᠠᠳᠯᠠᠨ᠎ᠠ᠃ᠳᠦᠷᠪᠡ᠂ ᠪᠣᠴᠠᠵᠣ ᠶᠠᠪᠣᠵᠣ ᠪᠣᠯᠬᠤ ᠨᠦᠭᠦᠴᠡᠯ ᠳᠤ ᠬᠦᠷᠦᠭᠰᠡᠨ ᠢ ᠲᠣᠭᠲᠠᠭᠠᠭᠰᠠᠨ ᠤ ᠳᠠᠷᠠᠭ᠎ᠠ ᠨᠡᠶᠢᠭᠡᠮ ᠲᠣᠭᠤᠷᠢᠭ ᠠᠴᠠ ᠦᠯᠡᠳᠡᠵᠦ ᠬᠤᠴᠣᠷᠣᠭᠰᠠᠨ ᠬᠦᠮᠦᠰ ᠲᠤ ᠡᠷᠡᠭᠦᠯ ᠮᠡᠨᠳᠦ ᠶᠢᠨ ᠪᠠᠶᠢᠴᠠᠭᠠᠯᠲᠠ ᠬᠢᠵᠦ᠂ ︽ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢᠨ ᠬᠦᠰᠦᠨᠦᠭ︾᠎ ᠢ ᠲᠠᠭᠯᠠᠨ ᠳᠠᠩᠰᠠᠯᠠᠨ ᠬᠠᠳᠠᠭᠠᠯᠠᠵᠣ᠂ ︽ᠪᠣᠴᠠᠵᠣ ᠶᠠᠪᠣᠬᠤ ᠬᠦᠮᠦᠰ ᠤᠨ ᠡᠷᠡᠭᠦᠯ ᠮᠡᠨᠳᠦ ᠶᠢ ᠮᠡᠳᠡᠭᠳᠡᠬᠦ ᠪᠢᠴᠢᠭ︾᠎ ᠢ ᠲᠠᠷᠬᠠᠭᠠᠵᠣ᠂ ︽ᠰᠢᠯᠢ ᠶᠢᠨ ᠬᠤᠲᠠ ᠳᠤ ᠦᠯᠡᠳᠡᠵᠦ ᠬᠤᠴᠣᠷᠠᠭᠰᠠᠨ ᠬᠦᠮᠦᠰ ᠤᠨ ᠪᠣᠴᠠᠵᠣ ᠶᠠᠪᠣᠬᠤ ᠭᠡᠷᠡᠴᠢᠯᠡᠯ︾᠎ ᠢ ᠭᠠᠷᠭᠠᠵᠣ᠂ ᠪᠣᠴᠠᠵᠣ ᠶᠠᠪᠣᠬᠤ ᠬᠦᠮᠦᠰ ᠲᠤ ᠡᠳ᠋ ᠪᠣᠳᠠᠰ ᠲᠠᠷᠬᠠᠭᠠᠨ ᠦᠭᠭᠦᠨ᠎ᠡ᠃︵ᠨᠢᠭᠡ︶ ᠦᠪᠡᠷᠲᠡᠭᠡᠨ ᠲᠡᠷᠭᠡ ᠵᠢᠯᠣᠭᠤᠳᠴᠣ ᠪᠣᠴᠠᠬᠤ᠄ ᠨᠡᠶᠢᠭᠡᠮ ᠲᠣᠭᠤᠷᠢᠭ ᠠᠴᠠ ᠲᠡᠷᠭᠡ ᠬᠦᠰᠬᠡ ᠶᠢ ᠠᠷᠢᠭᠤᠳᠬᠠᠨ ᠪᠢᠲᠡᠭᠦᠮᠵᠢᠯᠡᠬᠦ ᠴᠠᠭᠠᠰᠣ ᠨᠠᠭᠠᠨ᠎ᠠ᠃︵ᠬᠤᠶᠠᠷ︶ ᠨᠡᠶᠢᠲᠡ ᠶᠢᠨ ᠵᠠᠮ ᠬᠠᠷᠢᠯᠴᠠᠭᠠᠨ ᠤ ᠲᠡᠷᠭᠡ ᠬᠦᠰᠬᠡ ᠪᠠᠷ ᠪᠣᠴᠠᠬᠤ᠄ ᠬᠤᠲᠠ ᠶᠢᠨ ᠵᠢᠯᠣᠭᠤᠳᠬᠤ ᠬᠡᠯᠲᠡᠰ ᠨᠢ ᠡᠯ᠎ᠡ ᠬᠤᠰᠢᠭᠤ ᠰᠢᠶᠠᠨ ᠲᠠᠢ ᠬᠠᠷᠢᠯᠴᠠᠵᠣ᠂ ᠭᠦᠷᠭᠡᠵᠦ ᠲᠣᠰᠬᠤ ᠴᠠᠭ ᠵᠢᠴᠢ ᠲᠡᠷᠭᠡ ᠬᠦᠰᠭᠡ ᠶᠢ ᠲᠣᠭᠲᠠᠭᠠᠵᠣ᠂ ᠨᠡᠶᠢᠬᠡᠮ ᠲᠣᠭᠤᠷᠢᠭ ᠲᠤ ᠦᠯᠡᠳᠡᠵᠦ ᠬᠤᠴᠣᠷᠣᠭᠰᠠᠨ ᠬᠦᠮᠦᠰ ᠤᠨ ᠰᠠᠭᠤᠭ᠎ᠠ ᠨᠡᠶᠢᠭᠡᠮ ᠲᠣᠭᠤᠷᠢᠭ ᠎ ᠠᠴᠠ ᠲᠣᠭᠲᠠᠭᠰᠠᠨ ᠭᠠᠵᠠᠷ ᠲᠤ ᠨᠢ ᠬᠠᠮᠠᠭᠠᠯᠠᠨ ᠬᠦᠷᠭᠡᠨ᠎ᠡ᠃ᠦᠯᠡᠳᠡᠵᠦ ᠬᠤᠴᠣᠷᠣᠭᠰᠠᠨ ᠬᠦᠮᠦᠰ ᠨᠢ ᠪᠣᠴᠠᠵᠣ ᠶᠠᠪᠣᠬᠤ ᠳᠤ ᠪᠠᠨ ︽ᠪᠣᠴᠠᠵᠣ ᠶᠠᠪᠣᠬᠤ ᠬᠦᠮᠦᠰ ᠤᠨ ᠡᠷᠡᠭᠦᠯ ᠮᠡᠨᠳᠦ ᠶᠢ ᠮᠡᠳᠡᠭᠳᠡᠬᠦ ᠪᠢᠴᠢᠭ︾ ︽ᠰᠢᠯᠢ ᠶᠢᠨ ᠬᠤᠲᠠ ᠳᠤ ᠦᠯᠡᠳᠡᠵᠦ ᠬᠤᠴᠣᠷᠣᠭᠰᠠᠨ ᠬᠦᠮᠦᠰ ᠤᠨ ᠪᠣᠴᠠᠵᠣ ᠶᠠᠪᠣᠬᠤ ᠭᠡᠷᠡᠴᠢᠯᠡᠯ︾᠎ ᠢ ᠠᠪᠴᠣ ᠶᠠᠪᠣᠨ ᠨᠡᠶᠢᠭᠡᠮ ᠲᠣᠭᠤᠷᠢᠭ ᠨᠢ ︽ᠰᠢᠯᠢ ᠶᠢᠨ ᠬᠤᠲᠠ ᠠᠴᠠ ᠭᠠᠷᠴᠣ ᠶᠠᠪᠣᠬᠤ ᠡᠷᠡᠮᠡᠯᠵᠡᠯ ᠤᠨ ᠵᠦᠪᠰᠢᠶᠡᠷᠡᠯ ᠤᠨ ᠬᠦᠰᠦᠨᠦᠭ︾ ︽ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢᠨ ᠬᠦᠰᠦᠨᠦᠭ︾᠎ ᠢ ᠦᠯᠡᠳᠡᠭᠡᠨ ᠬᠠᠳᠠᠭᠠᠯᠠᠨ᠎ᠠ᠃ᠡᠯ᠎ᠡ ᠨᠡᠶᠢᠭᠡᠮ ᠲᠣᠭᠤᠷᠢᠭ ᠨᠢ ᠪᠣᠴᠠᠭᠰᠠᠨ ᠦᠯᠡᠳᠡᠵᠦ ᠬᠤᠴᠣᠷᠣᠭᠰᠠᠨ ᠬᠦᠮᠦᠰ ᠤᠨ ᠰᠣᠷᠠᠭ ᠵᠠᠩᠬᠢ ᠶᠢ ᠳᠠᠩᠰᠠᠯᠠᠨ ᠬᠠᠳᠠᠭᠠᠯᠠᠨ᠎ᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号