ᠪᠤᠭᠤᠷᠤᠯ ᠴᠢᠯᠠᠭᠤ | ᠰ᠊ · ᠪᠤᠯᠤᠷ | ᠬᠠᠪᠤᠷ ᠤᠨ ᠬᠠᠶᠢᠯ ᠦᠨᠤᠷᠲᠥᠵᠦ᠂ ᠲᠤᠯᠠᠭᠠᠨ ᠰᠠᠯᠬᠢᠨ ᠬᠠᠴᠠᠷ ᠢ ᠢᠯᠪᠢᠬᠦ ᠳᠤ ᠪᠢ ᠦᠪᠡᠷ ᠤᠨ ᠡᠷᠭᠡ ᠦᠬᠡᠢ ᠬᠡᠷ | ᠤᠷᠤᠭᠤ ᠪᠠᠨ ᠤᠲᠠᠰᠤᠲᠠᠬᠤ ᠶᠢ ᠰᠠᠨᠠᠲᠠᠭ ᠶᠤᠮ᠃ ᠲᠤᠭᠯᠠᠵᠦ ᠨᠠᠭᠠᠳᠴᠦ ᠦᠰᠦᠭᠰᠡᠨ ᠮᠠᠩᠬ᠎ᠠ ᠲᠤᠯᠤᠭᠠᠳ᠂ | ᠭᠤᠤᠯ ᠤᠰᠤ ᠪᠠᠨ ᠬᠦᠷᠲᠡᠯ᠎ᠠ ᠨᠢᠬᠡ ᠨᠢᠬᠡ ᠪᠠᠷ ᠠᠰᠠᠭᠤᠶ᠎ᠠ ᠬᠡᠵᠦ ᠪᠤᠲᠤᠲᠠᠭ ᠴᠦ ᠤᠯᠠᠨ ᠴᠠᠭ ᠢᠶᠠᠷ ᠶᠠᠷᠢᠵᠦ | ᠰᠠᠭᠤᠬᠤ ᠴᠠᠭ ᠵᠠᠪ ᠠᠯᠢ ᠠᠯᠢᠨ ᠳᠤᠨᠢ ᠴᠦ ᠠᠯᠠᠭ᠎ᠠ ᠶᠤᠮ ᠳ᠋ᠡ︕ ᠡᠵᠢ ᠪᠢᠲᠡ ᠬᠤᠶᠠᠷ ᠲᠤ ᠁ | ᠨᠤᠲᠤᠭ ᠲᠠᠭᠠᠨ ᠬᠠᠷᠢᠭᠠᠲᠤᠢ ᠨᠡᠯᠢᠶᠡᠳ ᠤᠲᠠᠴᠢᠬᠠᠯᠠ︕ ᠠᠵᠢᠯ ᠠᠯᠪᠡ ᠶᠢᠨ ᠡᠷᠭᠡ ᠪᠠᠷ ᠬᠡᠬᠦ ᠤᠤ ᠳ᠋ᠧ︖ | ᠤᠯᠠᠷᠢᠯ ᠤᠨ ᠰᠢᠪᠠᠭᠤᠳ ᠬᠦᠷᠲᠡᠯ᠎ᠠ ᠵᠢᠯ ᠳᠡᠭᠡᠨ ᠨᠢᠬᠡ ᠡᠷᠬᠢᠲᠡᠭ ᠠᠲᠠᠯ᠎ᠠ ᠤᠬᠠᠭᠠᠨ ᠲᠠᠢ ᠬᠦᠮᠤᠨ ᠤ ᠦᠷ᠎ᠡ ᠪᠢᠲᠡ | ᠶᠠᠭᠠᠬᠢᠭᠠᠳ ᠨᠤᠲᠤᠭ ᠲᠠᠭᠠᠨ ᠤᠴᠢᠵᠦ ᠠᠮᠵᠢᠲᠠᠭ ᠦᠬᠡᠢ ᠶᠤᠮ ᠪᠤᠢ ᠁ ᠬᠤᠷᠲᠤᠨ ᠮᠠᠰᠢᠨ ᠢᠶᠠᠷ ᠭᠡᠲᠤᠭᠡᠨ | ᠴᠠᠭ ᠶᠠᠪᠤᠬᠤ ᠳᠤ ᠯᠠ ᠬᠦᠷᠤᠭᠡᠳ ᠤᠴᠢᠴᠢᠬᠠᠲᠠᠭ ᠭᠠᠵᠠᠷ ᠢ ᠭᠡᠵᠦ ᠪᠤᠲᠤᠬᠤ ᠪᠠᠷ ᠤᠬᠢᠯᠠᠮᠠᠷ ᠰᠠᠨᠠᠭᠲᠠᠬᠤ ᠶᠤᠮ᠃ | ᠤᠨ ᠵᠢᠯ ᠤᠳᠠᠭᠰᠡᠡ ᠴᠦ ᠨᠤᠲᠤᠭ ᠮᠢᠨᠢ ᠶᠤᠮ ᠪᠤᠯᠬᠤᠷ ᠮᠢᠨᠤ ᠰᠡᠳᠭᠢᠯ ᠳᠤ ᠪᠡᠰᠠ ᠯᠠ ᠲᠡᠷᠡ ᠤᠩᠭᠤᠨ | ᠲᠦᠷᠬᠦ ᠪᠠᠷ ᠢᠶᠠᠨ᠂ ᠪᠦᠭᠲᠦ᠋ᠵᠦ ᠤᠷᠭᠤᠭᠰᠠᠨ ᠬᠠᠶᠢᠯᠡᠰᠤ᠂ ᠨᠤᠷᠠᠵᠦ ᠡᠯᠡᠭᠲᠡᠭᠰᠡᠨ ᠡᠷᠬᠢ᠂ ᠤᠷᠤᠢ ᠳᠠᠭᠠᠨ | ᠪᠤᠷᠭᠠᠰᠤ ᠲᠠᠢ ᠮᠠᠩᠬ᠎ᠠ᠂ ᠤᠨᠲᠤᠷᠤᠭᠰᠠᠭᠠᠷ ᠯᠠ ᠪᠠᠶᠢᠭ᠎ᠠ ᠪᠠᠶᠠᠨᠪᠤᠯᠠᠭ᠂ ᠤᠰᠤᠨ ᠲᠤᠮᠲᠠ ᠨᠢ ᠭᠡᠪᠲᠡᠬᠦ ᠪᠤᠷᠬᠠᠨ | ᠴᠢᠯᠠᠭᠤ ᠁ ᠡᠨᠡ ᠯᠠ ᠭᠡᠪ ᠲᠤ ᠪᠠᠨ ᠁ ᠡᠶᠢᠮᠤ ᠯᠠ ᠶᠠᠩᠵᠦ ᠪᠠᠷ ᠢᠶᠠᠨ ᠁ᠲᠡᠶᠢᠮᠤ ᠡ᠂ | ᠡᠯᠡᠰᠤᠨ ᠠᠴᠠ ᠤᠨᠲᠤᠷᠤᠭᠰᠠᠨ ᠵᠢᠵᠢᠭᠬᠡᠨ ᠪᠤᠯᠠᠭ — ᠪᠠᠶᠠᠨᠪᠤᠯᠠᠭ ᠢᠶᠠᠨ ᠪᠢ᠂ ᠪᠡᠶ᠎ᠡ ᠶᠢ ᠮᠢᠨᠢ ᠤᠬᠢᠶᠠᠭᠰᠠᠨ | ᠠᠷᠢᠭᠤᠨ ᠮᠦᠷᠡᠨ᠂ ᠤᠬᠠᠭᠠᠨ ᠢ ᠮᠢᠨᠢ ᠤᠮᠲᠠᠯᠠᠭᠰᠠᠨ ᠷᠠᠰᠢᠶᠡᠨ ᠤᠰᠤ ᠭᠡᠵᠦ ᠪᠤᠲᠤᠲᠠᠭ᠃ ᠪᠤᠯᠠᠭ ᠤᠨ ᠮᠢᠨᠢ | ᠤᠰᠤᠨ ᠲᠤᠲᠤᠷ᠎ᠠ ᠪᠤᠷᠬᠠᠨ ᠤ ᠰᠠᠭᠤᠲᠠᠯ ᠪᠤᠯᠤᠨ ᠵᠠᠯᠠᠭᠲᠠᠭᠰᠠᠨ ᠡᠯᠢᠬᠡᠨ ᠬᠦᠷᠡᠩ ᠴᠢᠯᠠᠭᠤ ᠶᠢ ᠨᠤᠲᠤᠭ ᠤᠨ ᠮᠢᠨᠢ | ᠬᠦᠮᠤᠰ ᠪᠤᠷᠬᠠᠨ ᠴᠢᠯᠠᠭᠤ ᠭᠡᠳᠡᠭ᠃ ᠤᠷᠲᠤ ᠦᠷᠬᠡᠨ ᠢᠶᠠᠷ ᠢᠶᠠᠨ ᠲᠤᠬᠤᠢ ᠬᠢᠷᠢᠲᠠᠢ᠂ ᠦᠨᠲᠤᠷ ᠢᠶᠠᠷ ᠢᠶᠠᠨ ᠬᠤᠶᠠᠷ | ᠲᠤᠬᠤᠢ ᠬᠢᠷᠢᠲᠠᠢ ᠲᠡᠭᠰᠢ ᠲᠦᠷᠪᠡᠯᠵᠢᠨ ᠪᠠᠭᠠᠨ᠎ᠠ ᠬᠡᠯᠪᠡᠷᠢᠲᠠᠢ ᠲᠦᠪ ᠲᠤᠮᠲᠠ ᠪᠠᠨ ᠲᠡᠭᠰᠢ ᠲᠦᠷᠪᠡᠯᠵᠢᠨ ᠵᠢᠵᠢᠭᠬᠡᠨ | ᠨᠦᠬᠡ ᠲᠠᠢ᠂ ᠡᠯᠢᠬᠡᠨ ᠬᠦᠷᠡᠩ ᠦᠩᠭᠡ ᠲᠠᠢ ᠴᠢᠯᠠᠭᠤᠨ ᠤ ᠲᠦᠪ ᠲᠤᠮᠲᠠ ᠨᠢ ᠪᠤᠷᠬᠠᠨ ᠪᠠᠶᠢᠵᠦ ᠬᠡᠨ᠎ᠡ᠃ | ᠨᠤᠲᠤᠭ ᠤᠨ ᠬᠦᠮᠤᠰ ᠲᠠᠬᠦᠨ ᠢᠶᠠᠨ ᠲᠡᠭᠡᠲᠤᠯᠡᠨ ᠬᠦᠨᠳᠦᠳᠭᠡᠵᠦ᠂ ᠵᠢᠯ ᠵᠢᠯ ᠤᠨ ᠪᠢᠯᠢᠭ ᠤᠨ ᠲᠤᠭᠠᠯᠠᠯ ᠤᠨ | ᠵᠢᠷᠭᠤᠭᠠᠨ ᠰᠠᠷ᠎ᠠ ᠶᠢᠨ ᠰᠢᠨ᠎ᠡ ᠶᠢᠨ ᠲᠦᠷᠪᠡᠨ ᠳᠤ ᠢᠲᠡᠭᠡᠨ ᠤ ᠲᠡᠭᠡᠵᠢ᠂ ᠠᠮᠲᠠᠲᠠᠨ ᠤ ᠤᠬᠢ ᠪᠠᠨ ᠡᠷᠬᠦᠨ | ᠲᠠᠬᠢᠯᠭ᠎ᠠ ᠲᠠᠶᠢᠯᠭ᠎ᠠ ᠲᠠᠯᠪᠢᠵᠦ᠂ ᠨᠠᠶᠢᠷ ᠨᠠᠭᠠᠲᠤᠮ ᠬᠢᠲᠡᠭ ᠪᠢᠯᠡ᠃ | ᠡᠨᠡ ᠵᠢᠯ ᠤᠨ ᠪᠤᠯᠠᠭ ᠤᠨ ᠨᠠᠶᠢᠷ ᠤᠨ ᠦᠷᠯᠦᠬᠡ ᠡᠪᠦᠭᠡ ᠳᠤ ᠤᠲᠠᠰᠤ ᠠᠪᠴᠤ ︽ᠪᠤᠯᠠᠭ ᠤᠨ ᠢᠶᠠᠨ ᠲᠠᠭᠢᠯᠭ᠎ᠠ ᠳᠤ | ᠪᠠᠰᠠ ᠯᠠ ᠤᠴᠢᠵᠦ ᠲᠡᠶᠢᠯᠦᠭᠰᠡᠨ ᠦᠬᠡᠢ︾ ᠭᠡᠪᠡᠯ᠂ ᠡᠪᠦᠭᠡ ᠮᠢᠨᠢ᠄ ︽ᠬᠠᠮᠢᠶ᠎ᠠ ᠦᠬᠡᠢ︕ ᠮᠢᠨᠤ ᠬᠦᠤ᠂ | ᠰᠡᠳᠭᠢᠯ ᠳᠤ ᠴᠢᠨᠢ ᠪᠠᠶᠢᠪᠠᠯ ᠮᠦᠷᠭᠦᠭᠰᠡᠨ ᠲᠠᠢ ᠠᠪ ᠠᠳᠠᠯᠢᠬᠠᠨ᠃ ᠬᠦᠤ ᠮᠢᠨᠢ︕ ᠴᠠᠢ ᠬᠤᠭᠤᠯᠠᠨ ᠤ ᠪᠠᠨ | ᠲᠡᠭᠡᠵᠢ ᠶᠢ ᠵᠡᠬᠦᠨ ᠬᠤᠶᠢᠰᠢ ᠪᠠᠨ᠂ ᠨᠤᠲᠤᠭ ᠵᠦᠭ ᠢᠶᠠᠨ ᠡᠷᠬᠦᠵᠦ ᠪᠠᠢ︕︾ ᠬᠡᠵᠦ ᠬᠡᠯᠡᠭᠰᠡᠨ ᠶᠤᠮ᠃ ᠡᠪᠦᠭᠡ | ᠮᠢᠨᠢ ᠭᠡᠲᠦ᠋ᠢᠪᠡᠷ ᠨᠠᠰᠤᠨ ᠰᠡᠬᠦᠲᠡᠷ ᠨᠠᠶᠠᠨ ᠭᠤᠷᠪᠡ ᠶᠢ ᠵᠤᠭᠤᠭᠯᠠᠭᠰᠠᠨ ᠴᠦ ᠤᠬᠠᠭᠠᠨ ᠰᠠᠷᠠᠭᠤᠯ᠂ ᠪᠠᠶ᠎ᠠ | ᠲᠡᠩᠭᠡᠯᠡᠬᠦᠨ᠂ ᠬᠡᠯᠡᠬᠦ ᠦᠬᠡ ᠨᠢ ᠬᠦᠷᠲᠡᠯ᠎ᠠ ᠰᠡᠳᠭᠢᠯ ᠤᠨ ᠴᠢᠪᠬᠠᠲᠠᠰᠤ ᠶᠢ ᠬᠦᠨᠲᠡᠵᠦ᠂ ᠤᠬᠠᠭᠠᠷᠠᠯ ᠤᠨ ᠠᠶᠠᠰ | ᠴᠤᠤᠷᠢᠶᠠᠲᠤᠭᠤᠯᠵᠦ ᠪᠠᠶᠢᠲᠠᠭ ᠤᠴᠢᠷ ᠠᠴᠠ ᠶᠠᠭᠤᠮ᠎ᠠ ᠯᠠ ᠪᠤᠯᠪᠠᠯ ᠡᠪᠦᠭᠡ ᠠᠴᠠ ᠠᠰᠠᠭᠤᠲᠠᠭ ᠨᠢ ᠵᠠᠩᠰᠢᠯ | ᠪᠤᠯᠴᠢᠬᠠᠵᠠᠢ᠃ | ᠡᠪᠦᠭᠡ ᠪᠠᠨ ᠪᠢ ᠴᠢᠯᠠᠭᠤ ᠰᠢᠭ ᠬᠠᠲᠠᠭᠤ ᠬᠦᠮᠤᠨ ᠬᠡᠵᠦ ᠪᠤᠲᠤᠲᠠᠭ᠃ ᠤᠷᠴᠢᠯᠠᠩ ᠬᠤᠷᠸ᠎ᠠ ᠶᠢᠨ ᠦᠪᠡᠷ ᠢᠶᠠᠨ | ᠪᠦᠲᠦᠭᠰᠡᠨ ᠪᠦᠬᠦ ᠵᠦᠢᠯᠠᠰ ᠤᠨ ᠲᠤᠲᠤᠷ᠎ᠠ ᠴᠢᠯᠠᠭᠤ ᠯᠠ ᠬᠠᠮᠤᠭ ᠤᠨ ᠬᠠᠲᠠᠭᠤ ᠪᠠᠶᠢᠲᠠᠭ ᠲᠤ ᠬᠡᠨ ᠬᠦᠮᠤᠨ ᠴᠤ | ᠡᠷᠡᠭᠡᠯᠵᠡᠬᠦ ᠦᠬᠡᠢ ᠶᠤᠮ᠃ | ᠢᠯᠡ ᠲᠤᠲᠤ ᠨᠢᠬᠡ ᠯᠠ ᠠᠭᠠᠰᠢ ᠲᠠᠢ᠂ ᠬᠡᠯᠡᠴᠢᠬᠡᠪᠡᠯ ᠬᠢᠬᠦ ᠦᠬᠡᠢ ᠪᠠᠶᠢᠵᠦ ᠪᠤᠯᠬᠤ ᠦᠬᠡᠢ ᠰᠢᠤ ᠬᠡᠵᠦ ᠲᠠᠩᠲᠠ | ᠶᠠᠷᠢᠲᠠᠭ᠂ ᠠᠭᠤᠷᠯᠠᠭᠰᠠᠨ ᠴᠦ ᠪᠠᠶᠠᠷᠯᠠᠭᠰᠠᠨ ᠴᠦ ᠬᠠᠲᠠ ᠴᠢᠯᠠᠭᠤ ᠰᠢᠭ ᠲᠤᠪ ᠲᠤᠭᠤᠢ᠂ ᠤᠬᠠᠭᠠᠨ ᠨᠢ ᠢᠷ ᠲᠠᠢ | ᠴᠢᠯᠠᠭᠤ ᠰᠢᠭ ᠬᠤᠷᠴᠡ ᠁ ᠡᠶᠢᠮᠤ ᠯᠠ ᠬᠦᠮᠤᠨ ᠳ᠋ᠧ ᠡᠪᠦᠭᠡ ᠮᠢᠨᠢ︕ ᠡᠶᠢᠮᠤ ᠯᠠ ᠬᠠᠲᠠᠭᠤ ᠬᠦᠮᠤᠨ ᠳ᠋ᠧ︕ | | ᠲᠡᠭᠡᠷ᠎ᠡ ᠵᠠᠭᠤᠨ ᠤ ᠲᠦᠴᠢᠭᠡᠳ ᠤᠨ ᠳᠤ ᠲᠦᠷᠪᠡᠭᠡᠨ ᠨᠠᠰᠤᠨ ᠳᠠᠭᠠᠨ ᠡᠵᠢ ᠠᠴᠠ ᠪᠠᠨ ᠦᠨᠤᠴᠢᠷᠡᠵᠦ᠂ ᠮᠦᠨ | ᠲᠡᠷᠡ ᠵᠢᠯ ᠠᠶᠢᠯ ᠭᠡᠷ ᠤᠨ ᠬᠢᠨᠢ ᠲᠦᠰᠢᠭ ᠶᠡᠭᠡ ᠠᠬ᠎ᠠ ᠨᠢ ᠡᠷᠲᠡᠮ ᠤᠨ ᠵᠢᠯᠤᠭᠤ ᠳᠤ ᠲᠠᠲᠠᠭᠲᠠᠨ ᠠᠷᠡᠯ ᠤᠨ ᠶᠠᠫᠥᠨ | ᠤᠷᠤᠭᠤ ᠶᠠᠪᠤᠭᠠᠳ᠂ ᠠᠴᠢᠲᠤ ᠠᠪᠤ᠂ ᠬᠤᠶᠠᠷ ᠠᠬ᠎ᠠ᠂ ᠦᠬᠢᠨ ᠲᠠᠭᠦᠤ ᠲᠠᠢ ᠪᠠᠨ ᠬᠠᠲᠠᠭᠤ ᠠᠮᠢᠲᠤᠷᠠᠯ ᠤᠨ | ᠨᠤᠭᠤᠴᠠᠭ᠎ᠠ᠂ ᠴᠠᠭ ᠡᠷᠢᠨ ᠤ ᠬᠦᠢᠲᠡᠨ ᠴᠡᠪᠲᠡᠭ ᠤᠷᠤᠰᠬᠠᠯ ᠢ ᠲᠤᠭᠤᠯᠤᠨ ᠪᠠᠶᠢᠵᠦ ᠦᠨᠤᠲᠤᠷ ᠬᠦᠷᠦᠭᠰᠡᠨ ᠭᠡᠲᠡᠭ | ᠃ ᠬᠡᠲᠡᠯ᠎ᠠ ᠡᠨᠡ ᠬᠦᠮᠤᠨ ᠰᠡᠳᠭᠢᠯ ᠴᠦᠬᠦᠷᠡᠭᠡ ᠦᠬᠡᠢ︕ ᠵᠢᠷᠭᠤᠭᠠᠨ ᠬᠡᠤᠭᠡᠳ ᠢᠶᠠᠨ ᠬᠦᠮᠤᠨ ᠪᠤᠯᠭᠠᠵᠦ᠂ ᠦᠪᠡᠷ | ᠦᠪᠡᠷ ᠤᠨ ᠠᠮᠢᠲᠤᠷᠡᠯ ᠲᠠᠢ ᠨᠢ ᠵᠤᠯᠭᠠᠭᠤᠯᠵᠦ ᠦᠭᠭᠦᠭᠡᠳ᠂ ᠦᠪᠡᠷᠰᠡᠳ ᠢᠶᠠᠨ ᠬᠠᠷᠢᠨ ᠭᠡᠨ ᠳᠤᠨᠢ ᠴᠦ ᠲᠠᠷᠤᠭᠠᠰᠤ | ᠪᠤᠯᠬᠤ ᠦᠬᠡᠢ ᠬᠡᠮᠡᠨ ᠬᠦᠯ ᠮᠠᠭᠤᠲᠠᠢ ᠡᠮᠡᠭᠡ ᠶᠢ ᠮᠢᠨᠢ ᠲᠦᠰᠢᠵᠦ ᠲᠤᠯᠤᠨ᠂ ᠬᠦᠢᠲᠡᠨ ᠬᠠᠯᠠᠭᠤᠨ ᠢᠶᠠᠨ ᠬᠤᠪᠢᠶᠠᠵᠦ | ᠡᠳ᠋ᠯᠡᠨ ᠮᠠᠷᠭᠠᠰᠢ ᠤᠷᠤᠭᠤ ᠠᠯᠬᠤᠭᠰᠠᠭᠠᠷ ᠁ | ᠡᠪᠦᠭᠡ ᠪᠠᠨ ᠪᠢ ᠴᠢᠯᠠᠭᠤ ᠰᠢᠭ ᠵᠦᠬᠡᠯᠡᠨ ᠬᠦᠮᠤᠨ ᠬᠡᠵᠦ ᠪᠤᠲᠤᠲᠠᠭ᠃ ᠪᠦᠲᠦᠷᠢᠵᠦ ᠦᠢᠴᠢᠬᠤ ᠳᠤ ᠮᠢᠨᠢ ᠢᠪᠡᠵᠦ | ᠠᠷᠭᠠᠲᠠᠲᠠᠭ ᠨᠤᠲᠤᠭ ᠤᠨ ᠢᠶᠠᠨ ᠪᠤᠷᠤ ᠴᠢᠯᠠᠭᠤ ᠶᠢ ᠪᠢ ᠢᠰᠡᠬᠡᠢ ᠰᠢᠭ ᠵᠦᠬᠡᠯᠡᠨ ᠬᠡᠵᠦ ᠪᠤᠲᠤᠲᠠᠭ ᠶᠤᠮ ᠁ | ᠪᠦ᠋ᠭᠡ ᠮᠢᠨᠢ ᠨᠢᠬᠡ ᠨᠠᠰᠤᠨ ᠳᠠᠭᠠᠨ ᠪᠠᠷᠢᠭᠠᠲᠠ ᠶᠢᠨ ᠠᠵᠢᠯ᠂ ᠮᠠᠯ ᠤᠨ ᠡᠮᠴᠢ᠂ ᠮᠠᠰᠢᠨ ᠤ ᠵᠢᠯᠤᠭᠤᠴᠢ᠂ | ᠬᠤᠭᠤᠷ ᠢᠶᠠᠨ ᠪᠠᠷᠢᠪᠠᠯ ᠦᠯᠢᠭᠡᠷᠴᠢ᠂ ᠰᠦᠬᠡ ᠪᠠᠨ ᠪᠠᠷᠢᠪᠠᠯ ᠮᠤᠳᠤᠴᠢᠨ᠂ ᠬᠤᠷᠢᠮ ᠨᠠᠶᠢᠷ ᠲᠤ ᠬᠡᠯᠡᠮᠤᠷᠴᠢ᠂ | ᠴᠢᠲᠠᠬᠤ ᠦᠬᠡᠢ ᠮᠡᠲᠡᠬᠦ ᠦᠬᠡᠢ ᠶᠠᠭᠤᠮ᠎ᠠ ᠬᠡᠵᠦ ᠦᠬᠡᠢ᠂ ᠴᠢᠷᠠᠶᠢᠴᠢᠯᠠᠵᠦ ᠢᠷᠡᠭᠰᠡᠳ ᠲᠤ ︽ᠦᠬᠡᠢ︾ ᠬᠡᠵᠦ | ᠬᠡᠯᠡᠲᠡᠭ ᠦᠬᠡᠢ᠂ ᠴᠡᠶᠢᠯᠭᠠᠨ ᠬᠦᠨᠲᠡᠬᠦᠦ ᠵᠠᠩ ᠲᠠᠢ ᠪᠢᠯᠡ᠃ ᠡᠮᠡᠭᠡ ᠶᠢᠨ ᠬᠡᠯᠡᠬᠦ ᠪᠠᠷ ᠡᠪᠦᠭᠡ ᠮᠢᠨᠢ ᠵᠠᠯᠠᠭᠤ ᠳᠠᠭᠠᠨ | ᠲᠦᠷᠪᠡᠨ ᠤᠲᠠᠰᠤᠲᠤ ᠬᠤᠭᠤᠷ ᠢ ᠬᠢᠯᠠᠷᠠᠲᠠᠯ᠎ᠠ ᠲᠠᠲᠠᠵᠦ᠂ ᠦᠯᠢᠭᠡᠷ ᠬᠤᠯᠪᠤᠭ᠎ᠠ ᠰᠠᠶᠢᠬᠠᠨ ᠬᠡᠯᠡᠲᠡᠭ ᠪᠠᠶᠢᠭᠰᠠᠨ | ᠬᠡᠨ᠎ᠡ᠂ ᠲᠠᠯᠠᠭᠠᠳ ᠤᠨ ᠳᠤ ᠡᠪᠦᠭᠡ ᠶᠢ ᠦᠪᠤᠷ ᠮᠤᠩᠭᠤᠯ ᠤᠨ ︽ᠦᠯᠢᠭᠡᠷ ᠤᠨ ᠭᠡᠷ︾ ᠤᠨ ᠬᠤᠭᠤᠷᠴᠢ ᠪᠠᠷ | ᠠᠪᠬᠤ ᠪᠠᠷ ᠬᠦᠷᠬᠦ ᠳᠤ ︽ᠡᠴᠢᠭᠡ ᠲᠡᠭᠡᠲᠤ ᠶᠢᠨ ᠨᠤᠲᠤᠭ᠂ ᠡᠨᠡ ᠪᠡᠶ᠎ᠡ ᠶᠢ ᠮᠢᠨᠢ ᠦᠰᠭᠡᠭᠰᠡᠨ ᠭᠠᠵᠠᠷ ᠤᠰᠤ ᠪᠠᠨ | ᠤᠷᠭᠢᠭᠠᠳ ᠶᠠᠪᠤᠴᠢᠬᠠᠵᠦ ᠪᠤᠯᠤᠨ᠎ᠡ ᠬᠡᠬᠦ ᠳᠤ ᠡᠵᠢ ᠠᠪᠤ ᠠᠴᠠ ᠮᠢᠨᠢ ᠦᠯᠡᠲᠡᠭᠰᠡᠨ ᠤᠬᠠᠭᠠᠨ ᠲᠤᠲᠠᠭᠤ ᠬᠡᠤᠭᠡᠨ | ᠲᠡᠭᠦᠤ ᠪᠠᠨ ᠬᠠᠮᠢᠭ᠎ᠠ᠂ ᠬᠡᠨ ᠳᠤ ᠦᠭᠭᠦᠭᠡᠳ ᠶᠠᠪᠤᠨ᠎ᠠ ᠪᠤᠢ︖︾ ᠬᠡᠵᠦ ᠬᠡᠯᠡᠭᠡᠳ ᠬᠤᠴᠤᠷᠤᠭᠰᠠᠨ ᠬᠡᠲᠡᠭ︕ | ᠡᠨᠡ ᠪᠦᠬᠦᠲᠡ ᠶᠢ ᠦᠭᠡᠷᠠᠴᠢᠯᠠᠯᠲᠠ ᠬᠦᠭᠵᠢᠯᠲᠡ ᠶᠢᠨ ᠵᠠᠮ ᠢᠶᠠᠷ ᠦᠩᠭᠡ ᠲᠦᠷᠬᠦ ᠨᠢ ᠬᠤᠪᠢᠷᠠᠭᠰᠠᠨ ᠴᠦ ᠮᠠᠩᠬᠠᠨ ᠤ | ᠤᠰᠤ ᠰᠢᠭ ᠲᠤᠩᠭᠠᠯᠠᠭ ᠰᠡᠳᠭᠢᠯ ᠨᠢ ᠠᠷᠢᠯᠤᠭ᠎ᠠ ᠦᠬᠡᠢ ᠮᠠᠯᠴᠢᠨ ᠲᠦᠮᠡᠨ ᠮᠢᠨᠢ ᠮᠡᠲᠡᠭᠰᠡᠭᠡᠷ ᠁ ᠤᠨ | ᠴᠠᠭ ᠤᠨ ᠰᠡᠯᠬᠢᠨ ᠳᠤ ᠨᠠᠮᠠᠭ᠎ᠠ ᠰᠠᠯᠠᠭ᠎ᠠ ᠨᠢ ᠰᠢᠩᠭᠡᠷᠡᠭᠰᠡᠨ ᠴᠦ ᠡᠯᠡᠰᠤᠨ ᠨᠤᠲᠤᠭ ᠤᠨ ᠮᠢᠨᠢ ᠬᠦᠷᠤᠰᠤᠨ ᠳᠤ | ᠬᠦᠨ ᠠᠴᠠ ᠬᠦᠨ ᠦᠨᠳᠦᠰᠦᠯᠡᠭᠰᠡᠨ ᠬᠦᠭᠰᠢᠨ ᠬᠠᠶᠢᠯᠠᠰᠤ ᠨᠤᠭᠤᠳ ᠴᠡᠭᠡᠵᠢᠯᠡᠭᠰᠡᠭᠡᠷ ᠡ ᠁ | ᠡᠪᠦᠭᠡ ᠪᠠᠨ ᠪᠢ ᠴᠢᠯᠠᠭᠤ ᠰᠢᠭ ᠤᠶᠠᠨ ᠬᠦᠮᠤᠨ ᠬᠡᠵᠦ ᠪᠤᠲᠤᠲᠠᠭ᠃ ᠬᠦᠮᠤᠰ ᠴᠢᠯᠠᠭᠤ ᠮᠢᠩᠭᠠᠨ ᠲᠠᠯ᠎ᠠ ᠲᠠᠢ᠃ | ᠶᠠᠭᠠᠬᠢᠵᠦ ᠠᠰᠢᠭᠯᠠᠭᠰᠠᠨ ᠴᠦ ᠠᠴᠢ ᠲᠤᠰᠠ ᠪᠠᠨ ᠦᠭᠬᠦ ᠪᠠᠷ ᠢᠶᠠᠨ ᠦᠭᠬᠦᠨ᠎ᠡ ᠬᠡᠵᠦ ᠶᠠᠷᠢᠲᠠᠭ᠃ | ᠤᠰᠤ ᠨᠤᠲᠤᠭ ᠤᠨ ᠬᠢᠨ ᠡᠪᠦᠭᠡ ᠶᠢ ᠮᠢᠨᠢ ︽ᠠᠮᠪᠢ ᠠᠪᠤ︾ ᠬᠡᠵᠦ ᠬᠦᠨᠳᠦᠳᠭᠡᠨ ᠲᠠᠭᠤᠲᠠᠲᠠᠭ᠃ ᠡᠪᠦᠭᠡ ᠮᠢᠨᠢ | ᠮᠡᠲᠡᠯᠬᠡ ᠬᠦᠮᠤᠨ ᠳᠤ ᠭᠡᠵᠢᠶᠡᠲᠡ ᠢᠯᠡᠭᠦᠲᠡᠬᠦ ᠦᠬᠡᠢ ᠬᠡᠵᠦ ᠶᠠᠷᠢᠲᠠᠭ᠃ ᠨᠠᠮᠢᠢ ᠲᠠᠪᠤᠬᠠᠨ ᠨᠠᠰᠤᠲᠠᠢ ᠪᠠᠶᠢᠬᠤ ᠳᠤ | ᠡᠯᠡᠰᠤᠨ ᠲᠡᠭᠡᠷ᠎ᠡ ᠲᠤᠤᠱᠢᠩ ᠤᠨ ᠡᠰᠢ ᠪᠠᠷ ᠴᠠᠭᠠᠨ ᠲᠤᠯᠤᠭᠠᠢ ᠵᠢᠭᠠᠭᠰᠠᠨ ᠢ ᠤᠲᠤ ᠪᠤᠯᠲᠠᠯ᠎ᠠ ᠮᠠᠷᠲᠠᠭ᠎ᠠ ᠦᠬᠡᠢ᠂ | ᠡᠯᠡᠰᠤᠨ ᠬᠦᠲᠤᠯ ᠲᠡᠭᠡᠷ᠎ᠡ ᠪᠢᠴᠢᠭᠲᠡᠭᠰᠡᠨ ᠲᠡᠷᠡ ᠬᠡᠲᠤᠭᠡᠨ ᠡᠭᠡᠰᠢᠭ ᠢ ᠤᠲᠤ ᠪᠤᠯᠲᠠᠯ᠎ᠠ ᠪᠢ ᠭᠡᠷᠡᠭᠯᠡᠭᠰᠡᠭᠡᠷ᠂ | ᠶᠠᠷᠤ ᠨᠢ ᠳᠡᠬᠦᠨ ᠠᠴᠠ ᠦᠨᠡᠲᠡᠢ ᠡᠷᠲᠡᠮ ᠢ ᠪᠢ ᠤᠲᠤ ᠪᠤᠯᠲᠠᠯ᠎ᠠ ᠰᠤᠷᠤᠭ᠎ᠠ ᠦᠬᠡᠢ ᠳ᠋ᠡ᠃ ᠡᠪᠦᠭᠡ ᠮᠢᠨᠢ︕ | ᠦᠨᠤᠲᠤᠷ ᠨᠠᠶᠠᠨ ᠨᠠᠰᠤᠨ ᠤ ᠲᠠᠪᠠᠭ᠎ᠠ ᠶᠢ ᠲᠠᠪᠠᠭᠰᠠᠨ ᠬᠡᠯ᠎ᠠ ᠴᠦ ᠴᠠᠭ ᠡᠷᠢᠨ ᠤ ᠬᠤᠪᠢᠷᠠᠯᠲᠠ ᠬᠦᠭᠵᠢᠯᠲᠡ᠂ | ᠨᠡᠶᠢᠬᠡᠮ ᠲᠦᠷᠦ ᠶᠢᠨ ᠦᠴᠦᠭᠡᠲᠤᠷ ᠦᠨᠤᠲᠤᠷ ᠢ ᠶᠡᠭᠡᠲᠡ ᠠᠩᠬᠠᠷᠤᠨ᠂ ᠮᠠᠷᠭᠠᠰᠢ ᠶᠠᠭᠠᠬᠢᠵᠦ ᠬᠦᠭᠵᠢᠬᠦ ᠪᠤᠯᠤᠨ᠎ᠡ | ᠭᠡᠳ ᠮᠡᠨ ᠤ ᠮᠡᠲᠤ ᠶᠢᠨ ᠡᠲᠤᠷᠵᠢᠨ ᠲᠧᠯᠸᠢᠰ ᠱᠠᠭᠠᠶᠢᠵᠦ᠂ ᠭᠠᠷ ᠤᠲᠠᠰᠤ ᠪᠠᠷᠢᠭᠰᠠᠨ ᠵᠠᠯᠠᠭᠤᠰ ᠠᠴᠠ ᠢᠯᠡᠬᠦᠤ ᠶᠢ | ᠮᠡᠲᠡᠵᠦ᠂ ᠭᠡᠷᠡᠭ ᠲᠠᠢ ᠶᠠᠭᠤᠮᠠᠨ ᠳᠤ ᠭᠡᠷᠡᠭᠯᠡᠪᠡᠯ ᠲᠡᠭᠦᠨ ᠠᠴᠠ ᠰᠠᠶᠢᠨ ᠶᠠᠭᠤᠮ᠎ᠠ ᠦᠬᠡᠢ᠂ ᠭᠡᠷᠡᠭ ᠦᠬᠡᠢ | ᠶᠠᠭᠤᠮᠠᠨ ᠳᠤ ᠵᠠᠷᠤᠪᠠᠯ ᠲᠡᠭᠦᠨ ᠠᠴᠠ ᠮᠠᠭᠤ ᠶᠠᠭᠤᠮ᠎ᠠ ᠦᠬᠡᠢ ᠬᠡᠵᠦ ᠭᠠᠷ ᠤᠲᠠᠰᠤ ᠶᠢ ᠮᠢᠨᠢ ᠵᠢᠭᠠᠨ ᠬᠡᠯᠡᠬᠦ ᠳᠤᠨᠢ ︽ | ᠤᠲᠤ ᠯᠠ ᠶᠠᠩᠰᠢᠭᠠᠳ ᠡᠬᠢᠯᠡᠭᠰᠡᠨ ᠡ︾ ᠭᠡᠵᠦ ᠪᠤᠲᠤᠲᠠᠭ ᠪᠠᠶᠢᠭᠰᠠᠨ ᠶᠤᠮ᠃ ᠤᠲᠤ ᠪᠤᠲᠤᠬᠤ ᠳᠤ ᠶᠡᠭᠡᠯ᠎ᠡ ᠯᠠ | ᠤᠬᠠᠭᠠᠨ ᠨᠢᠭᠤᠭᠰᠠᠨ ᠦᠬᠡ ᠪᠠᠶᠢᠵᠦ ᠳ᠋ᠡ᠃ | ᠶᠠᠷᠤ ᠨᠢ ᠬᠦᠮᠤᠨ ᠭᠡᠲᠡᠭ ᠨᠠᠰᠤ ᠵᠢᠯ ᠨᠡᠮᠡᠭᠲᠡᠬᠦ ᠲᠤᠲᠤᠮ ᠢᠶᠠᠨ ᠯᠠ ᠤᠬᠠᠭᠠᠷᠠᠨ ᠲᠤᠮᠤᠭᠠᠵᠢᠵᠦ᠂ ᠦᠰᠴᠦ | ᠲᠦᠷᠦᠭᠰᠡᠨ ᠦᠯᠤᠬᠡᠢ ᠨᠤᠲᠤᠭ᠂ ᠡᠪᠦᠭᠡ ᠡᠮᠡᠭᠡ᠂ ᠠᠪᠤ ᠡᠵᠢ᠂ ᠠᠬ᠎ᠠ ᠲᠡᠭᠦᠤ ᠰᠠᠲᠤᠨ ᠢᠶᠠᠨ ᠢᠯᠡᠬᠦᠤ ᠰᠠᠨᠠᠲᠠᠭ ᠨᠢ | ᠤᠷᠴᠢᠯᠠᠩ ᠤᠨ ᠬᠠᠤᠯᠢ᠂ ᠬᠤᠷᠸ᠎ᠠ ᠶᠢᠨ ᠵᠢᠮ᠎ᠠ ᠶᠤᠮ ᠤᠤ ᠳ᠋ᠧ᠃ | ᠤᠷᠴᠢᠯᠠᠩ ᠤᠨ ᠬᠠᠤᠯᠢ᠂ ᠬᠤᠷᠸ᠎ᠠ ᠶᠢᠨ ᠵᠢᠮ᠎ᠠ ᠪᠠᠷ ᠡᠪᠤᠭᠡᠷᠡᠭᠰᠡᠨ ᠨᠤᠲᠤᠭ᠂ ᠴᠢᠯᠠᠭᠤ᠂ ᠡᠪᠦᠭᠡ ᠭᠤᠷᠪᠡ ᠮᠢᠨᠢ | ᠨᠢᠬᠡ ᠯᠠ ᠤᠳᠭ᠎ᠠ ᠪᠠᠷ ᠢᠶᠠᠨ ᠢᠵᠢᠯᠬᠡᠨ ᠮᠢᠨᠤ ᠰᠡᠳᠭᠢᠯ ᠤᠨ ᠤᠶᠠᠭᠠᠰᠤ ᠪᠢᠯᠡ ᠡ︕ᠶᠤᠰᠤᠲᠠᠢ ᠴᠢᠯᠠᠭᠤ ᠰᠢᠭ | ᠬᠠᠲᠠᠭᠤ᠂ ᠴᠢᠯᠠᠭᠤ ᠰᠢᠭ ᠵᠦᠬᠡᠯᠡᠨ᠂ ᠴᠢᠯᠠᠭᠤ ᠰᠢᠭ ᠤᠶᠠᠨ ᠬᠦᠮᠤᠨ ᠳ᠋ᠡ︕ | |