ᠭᠤᠪᠢ ᠶᠢᠨ ᠬᠢᠨ ᠨᠠᠮ ᠢᠶᠠᠨ ᠲᠠᠭᠠᠵᠦ ᠵᠢᠷᠭᠠᠨ᠎ᠠ
ᠨᠡᠶᠢᠲᠡᠯᠡᠭᠰᠡᠨ ᠴᠠᠭ᠄
2023/10/31
ᠭᠤᠪᠢ ᠶᠢᠨ ᠬᠢᠨ ᠨᠠᠮ ᠢᠶᠠᠨ ᠲᠠᠭᠠᠵᠦ ᠵᠢᠷᠭᠠᠨ᠎ᠠ                           ᠲ᠊ · ᠪᠠᠳᠤᠪᠤᠶᠠᠨ    ᠭᠤᠪᠢ ᠶᠢᠨ ᠬᠢᠨ ᠤᠰᠤ ᠪᠠᠨ ᠲᠠᠭᠠᠵᠦ ᠵᠢᠷᠭᠠᠨ᠎ᠠ    ᠭᠤᠪᠢ ᠶᠢᠨ ᠦᠵᠡᠰᠭᠦᠯᠡᠩ ᠪᠠᠶᠢᠭᠠᠯᠢ ᠳᠠᠭᠠᠨ ᠰᠡᠳᠭᠢᠯ ᠴᠡᠯᠮᠡᠭ ᠠᠮᠢᠳᠤᠷᠠᠵᠠᠭᠠᠨ᠎ᠠ  ᠭᠤᠸ᠎ᠠ ᠰᠠᠶᠢᠬᠠᠨ ᠢ ᠡᠷᠢᠯᠬᠢᠯᠡᠨ ᠴᠠᠬᠢᠯᠭᠠᠨ ᠭᠡᠷᠡᠯᠳᠦᠭᠦᠯᠭᠡ ᠭᠢᠯᠠᠯᠵᠠᠭᠤᠯᠵᠦ    ᠭᠤᠶᠤ ᠲᠠᠩᠰᠤᠭ ᠦᠷᠭᠦᠭᠡᠨ ᠳ᠋ᠡᠭᠡᠨ‌‍ᠶ᠋ᠢᠷᠲᠢᠨᠴᠦ ᠶᠢᠨ ᠰᠠᠶᠢᠬᠠᠨ ᠢ ᠰᠤᠨᠢᠷᠬᠠᠨ᠎ᠠ    ᠭᠠᠷ ᠤᠳᠠᠰᠤᠨ ᠲᠡᠭᠡᠷ᠎ᠡ ᠪᠠᠨ ᠮᠠᠯ ᠢᠶᠠᠨ ᠬᠠᠷᠢᠭᠤᠯᠵᠦ    ᠭᠠᠳᠠᠨ᠎ᠠ ᠶᠢᠨ ᠰᠢᠨ᠎ᠡ ᠮᠡᠷᠭᠡᠵᠢᠯ ᠢᠶᠠᠷ ᠨᠢᠳᠤ ᠪᠠᠨ ᠬᠤᠵᠢᠷᠯᠠᠵᠦ ᠲᠤᠭᠳᠤᠯᠤᠨ᠎ᠠ    ᠡᠷᠬᠡ ᠴᠢᠯᠦᠭᠡ ᠶᠢ ᠡᠩᠭᠡᠷ ᠲᠡᠭᠡᠨ ᠡᠷᠬᠡᠯᠡᠭᠦᠯᠦᠨ    ᠢᠪᠡᠭᠡᠯᠳᠤ ᠨᠠᠷᠠᠨ ᠤ ᠭᠡᠷᠡᠯ ᠢᠶᠠᠷ ᠠᠮᠢᠳᠤᠷᠠᠯ ᠢᠶᠠᠨ ᠴᠦᠷᠬᠦᠯᠡᠭᠰᠡᠨ    ᠭᠤᠪᠢ ᠶᠢᠨ ᠬᠢᠨ ᠨᠠᠮ ᠢᠶᠠᠨ ᠲᠠᠭᠠᠵᠦ ᠵᠢᠷᠭᠠᠨ᠎ᠠ    ᠰᠡᠳᠭᠢᠯ ᠤᠨ ᠦᠭᠡ ᠶᠢ ᠨᠢ ᠨᠠᠮ ᠯᠡ ᠬᠡᠯᠡᠵᠦ    ᠰᠢᠪᠡᠨᠡᠭᠰᠡᠨ ᠵᠡᠭᠦᠳᠤ ᠶᠢ ᠨᠢ ᠪᠡᠶᠡᠯᠡᠭᠦᠯᠵᠦ ᠦᠭᠭᠦᠭᠰᠡᠨ    ᠰᠡᠮᠡᠬᠡᠷ ᠲᠤᠷᠠᠰᠬᠤ ᠮᠦᠷᠦᠭᠡᠳᠤᠯ ᠢ ᠨᠢ ᠬᠦᠢᠴᠡᠳᠭᠡᠭᠰᠡᠨ    ᠰᠠᠶᠢᠬᠠᠨ ᠬᠦᠰᠡᠯ ᠵᠢᠷᠦᠬᠡᠨ ᠳᠤᠨᠢ ᠱᠠᠭᠯᠠᠭᠰᠠᠨ    ᠭᠤᠪᠢ ᠶᠢᠨ ᠬᠢᠨ ᠨᠠᠮ ᠢᠶᠠᠨ ᠲᠠᠭᠠᠵᠦ ᠵᠢᠷᠭᠠᠨ᠎ᠠ    ᠡᠷᠡᠭᠦᠯ ᠮᠡᠨᠳᠤ ᠶᠢ ᠪᠡᠯᠭᠡᠰᠢᠶᠡᠵᠦ ᠡᠩᠬᠡ ᠶᠢᠨ ᠵᠠᠶᠠᠭ᠎ᠠ ᠡᠳ᠋ᠯᠡᠭᠦᠯᠦᠭᠰᠡᠨ    ᠡᠷᠡᠭᠦᠯᠵᠢᠯ ᠤᠨ ᠲᠠᠭᠠᠳᠬᠠᠯ ᠳᠤ ᠨᠠᠰᠤᠳᠠᠶᠢᠴᠤᠤᠯ ᠢ ᠨᠢ ᠠᠰᠠᠷᠠᠭᠰᠠᠨ    ᠡᠪᠯᠢᠭ ᠤᠷᠤᠨ ᠰᠠᠭᠤᠴᠠ ᠶᠢ ᠨᠢ ᠲᠤᠬᠢᠷᠠᠭᠤᠯᠵᠦ    ᠡᠵᠡᠩᠨᠡᠬᠦ ᠡᠷᠬᠡ ᠴᠢᠯᠦᠭᠡ ᠶᠢ ᠨᠢ ᠵᠢᠷᠦᠬᠡᠨ ᠳᠤᠨᠢ ᠪᠠᠳᠤᠯᠠᠭᠰᠠᠨ    ᠰᠤᠶᠤᠯ ᠰᠤᠷᠭᠠᠨ ᠬᠦᠮᠦᠵᠢᠯ ᠢ ᠴᠢᠬᠤᠯᠠᠴᠢᠯᠠᠵᠦ    ᠰᠤᠷᠬᠤ ᠤᠢ ᠤᠬᠠᠭᠠᠨ ᠤ ᠬᠢᠨᠢ ᠵᠢᠭᠦᠷ ᠢ ᠨᠢᠰᠭᠡᠭᠰᠡᠨ    ᠭᠤᠪᠢ ᠶᠢᠨ ᠬᠢᠨ ᠨᠠᠮ ᠢᠶᠠᠨ ᠲᠠᠭᠠᠵᠦ ᠵᠢᠷᠭᠠᠨ᠎ᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号