ᠪᠤᠭᠤᠷᠤᠯ ᠴᠢᠯᠠᠭᠤ
ᠨᠡᠶᠢᠲᠡᠯᠡᠭᠰᠡᠨ ᠴᠠᠭ᠄
2023/10/31
ᠪᠤᠭᠤᠷᠤᠯ ᠴᠢᠯᠠᠭᠤ                           ᠰ᠊ · ᠪᠤᠯᠤᠷᠬᠠᠪᠤᠷ ᠤᠨ ᠬᠠᠶᠢᠯ ᠦᠨᠤᠷᠲᠥᠵᠦ᠂ ᠲᠤᠯᠠᠭᠠᠨ ᠰᠠᠯᠬᠢᠨ ᠬᠠᠴᠠᠷ ᠢ ᠢᠯᠪᠢᠬᠦ ᠳᠤ ᠪᠢ ᠦᠪᠡᠷ ᠤᠨ ᠡᠷᠭᠡ ᠦᠬᠡᠢ ᠬᠡᠷ ᠤᠷᠤᠭᠤ ᠪᠠᠨ ᠤᠲᠠᠰᠤᠲᠠᠬᠤ ᠶᠢ ᠰᠠᠨᠠᠲᠠᠭ ᠶᠤᠮ᠃ ᠲᠤᠭᠯᠠᠵᠦ ᠨᠠᠭᠠᠳᠴᠦ ᠦᠰᠦᠭᠰᠡᠨ ᠮᠠᠩᠬ᠎ᠠ ᠲᠤᠯᠤᠭᠠᠳ᠂ ᠭᠤᠤᠯ ᠤᠰᠤ ᠪᠠᠨ ᠬᠦᠷᠲᠡᠯ᠎ᠠ ᠨᠢᠬᠡ ᠨᠢᠬᠡ ᠪᠠᠷ ᠠᠰᠠᠭᠤᠶ᠎ᠠ ᠬᠡᠵᠦ ᠪᠤᠲᠤᠲᠠᠭ ᠴᠦ ᠤᠯᠠᠨ ᠴᠠᠭ ᠢᠶᠠᠷ ᠶᠠᠷᠢᠵᠦ ᠰᠠᠭᠤᠬᠤ ᠴᠠᠭ ᠵᠠᠪ ᠠᠯᠢ ᠠᠯᠢᠨ ᠳᠤᠨᠢ ᠴᠦ ᠠᠯᠠᠭ᠎ᠠ ᠶᠤᠮ ᠳ᠋ᠡ︕ ᠡᠵᠢ ᠪᠢᠲᠡ ᠬᠤᠶᠠᠷ ᠲᠤ ᠁ᠨᠤᠲᠤᠭ ᠲᠠᠭᠠᠨ ᠬᠠᠷᠢᠭᠠᠲᠤᠢ ᠨᠡᠯᠢᠶᠡᠳ ᠤᠲᠠᠴᠢᠬᠠᠯ᠎ᠠ︕ ᠠᠵᠢᠯ ᠠᠯᠪᠡ ᠶᠢᠨ ᠡᠷᠭᠡ ᠪᠠᠷ ᠬᠡᠬᠦ ᠤᠤ ᠳ᠋ᠧ︖ᠤᠯᠠᠷᠢᠯ ᠤᠨ ᠰᠢᠪᠠᠭᠤᠳ ᠬᠦᠷᠲᠡᠯ᠎ᠠ ᠵᠢᠯ ᠳᠡᠭᠡᠨ ᠨᠢᠬᠡ ᠡᠷᠬᠢᠲᠡᠭ ᠠᠲᠠᠯ᠎ᠠ ᠤᠬᠠᠭᠠᠨ ᠲᠠᠢ ᠬᠦᠮᠤᠨ ᠤ ᠦᠷ᠎ᠡ ᠪᠢᠲᠡ ᠶᠠᠭᠠᠬᠢᠭᠠᠳ ᠨᠤᠲᠤᠭ ᠲᠠᠭᠠᠨ ᠤᠴᠢᠵᠦ ᠠᠮᠵᠢᠲᠠᠭ ᠦᠬᠡᠢ ᠶᠤᠮ ᠪᠤᠢ ᠁ ᠬᠤᠷᠲᠤᠨ ᠮᠠᠰᠢᠨ ᠢᠶᠠᠷ ᠭᠡᠲᠤᠭᠡᠨ ᠴᠠᠭ ᠶᠠᠪᠤᠬᠤ ᠳᠤ ᠯᠠ ᠬᠦᠷᠤᠭᠡᠳ ᠤᠴᠢᠴᠢᠬᠠᠲᠠᠭ ᠭᠠᠵᠠᠷ ᠢ ᠭᠡᠵᠦ ᠪᠤᠲᠤᠬᠤ ᠪᠠᠷ ᠤᠬᠢᠯᠠᠮᠠᠷ ᠰᠠᠨᠠᠭᠲᠠᠬᠤ ᠶᠤᠮ᠃ᠤᠨ ᠵᠢᠯ ᠤᠳᠠᠭᠰᠡᠡ ᠴᠦ ᠨᠤᠲᠤᠭ ᠮᠢᠨᠢ ᠶᠤᠮ ᠪᠤᠯᠬᠤᠷ ᠮᠢᠨᠤ ᠰᠡᠳᠭᠢᠯ ᠳᠤ ᠪᠡᠰᠠ ᠯᠠ ᠲᠡᠷᠡ ᠤᠩᠭᠤᠨ ᠲᠦᠷᠬᠦ ᠪᠠᠷ ᠢᠶᠠᠨ᠂ ᠪᠦᠭᠲᠦ᠋ᠵᠦ ᠤᠷᠭᠤᠭᠰᠠᠨ ᠬᠠᠶᠢᠯᠡᠰᠤ᠂ ᠨᠤᠷᠠᠵᠦ ᠡᠯᠡᠭᠲᠡᠭᠰᠡᠨ ᠡᠷᠬᠢ᠂ ᠤᠷᠤᠢ ᠳᠠᠭᠠᠨ ᠪᠤᠷᠭᠠᠰᠤ ᠲᠠᠢ ᠮᠠᠩᠬ᠎ᠠ᠂ ᠤᠨᠲᠤᠷᠤᠭᠰᠠᠭᠠᠷ ᠯᠠ ᠪᠠᠶᠢᠭ᠎ᠠ ᠪᠠᠶᠠᠨᠪᠤᠯᠠᠭ᠂ ᠤᠰᠤᠨ ᠲᠤᠮᠲᠠ ᠨᠢ ᠭᠡᠪᠲᠡᠬᠦ ᠪᠤᠷᠬᠠᠨ ᠴᠢᠯᠠᠭᠤ ᠁ ᠡᠨᠡ ᠯᠠ ᠭᠡᠪ ᠲᠤ ᠪᠠᠨ ᠁ ᠡᠶᠢᠮᠤ ᠯᠠ ᠶᠠᠩᠵᠦ ᠪᠠᠷ ᠢᠶᠠᠨ ᠁ᠲᠡᠶᠢᠮᠤ ᠡ᠂ ᠡᠯᠡᠰᠤᠨ ᠠᠴᠠ ᠤᠨᠲᠤᠷᠤᠭᠰᠠᠨ ᠵᠢᠵᠢᠭᠬᠡᠨ ᠪᠤᠯᠠᠭ — ᠪᠠᠶᠠᠨᠪᠤᠯᠠᠭ ᠢᠶᠠᠨ ᠪᠢ᠂ ᠪᠡᠶ᠎ᠡ ᠶᠢ ᠮᠢᠨᠢ ᠤᠬᠢᠶᠠᠭᠰᠠᠨ ᠠᠷᠢᠭᠤᠨ ᠮᠦᠷᠡᠨ᠂ ᠤᠬᠠᠭᠠᠨ ᠢ ᠮᠢᠨᠢ ᠤᠮᠲᠠᠯᠠᠭᠰᠠᠨ ᠷᠠᠰᠢᠶᠡᠨ ᠤᠰᠤ ᠭᠡᠵᠦ ᠪᠤᠲᠤᠲᠠᠭ᠃ ᠪᠤᠯᠠᠭ ᠤᠨ ᠮᠢᠨᠢ ᠤᠰᠤᠨ ᠲᠤᠲᠤᠷ᠎ᠠ ᠪᠤᠷᠬᠠᠨ ᠤ ᠰᠠᠭᠤᠲᠠᠯ ᠪᠤᠯᠤᠨ ᠵᠠᠯᠠᠭᠲᠠᠭᠰᠠᠨ ᠡᠯᠢᠬᠡᠨ ᠬᠦᠷᠡᠩ ᠴᠢᠯᠠᠭᠤ ᠶᠢ ᠨᠤᠲᠤᠭ ᠤᠨ ᠮᠢᠨᠢ ᠬᠦᠮᠤᠰ ᠪᠤᠷᠬᠠᠨ ᠴᠢᠯᠠᠭᠤ ᠭᠡᠳᠡᠭ᠃ ᠤᠷᠲᠤ ᠦᠷᠬᠡᠨ ᠢᠶᠠᠷ ᠢᠶᠠᠨ ᠲᠤᠬᠤᠢ ᠬᠢᠷᠢᠲᠠᠢ᠂ ᠦᠨᠲᠤᠷ ᠢᠶᠠᠷ ᠢᠶᠠᠨ ᠬᠤᠶᠠᠷ ᠲᠤᠬᠤᠢ ᠬᠢᠷᠢᠲᠠᠢ ᠲᠡᠭᠰᠢ ᠲᠦᠷᠪᠡᠯᠵᠢᠨ ᠪᠠᠭᠠᠨ᠎ᠠ ᠬᠡᠯᠪᠡᠷᠢᠲᠠᠢ ᠲᠦᠪ ᠲᠤᠮᠲᠠ ᠪᠠᠨ ᠲᠡᠭᠰᠢ ᠲᠦᠷᠪᠡᠯᠵᠢᠨ ᠵᠢᠵᠢᠭᠬᠡᠨ ᠨᠦᠬᠡ ᠲᠠᠢ᠂ ᠡᠯᠢᠬᠡᠨ ᠬᠦᠷᠡᠩ ᠦᠩᠭᠡ ᠲᠠᠢ ᠴᠢᠯᠠᠭᠤᠨ ᠤ ᠲᠦᠪ ᠲᠤᠮᠲᠠ ᠨᠢ ᠪᠤᠷᠬᠠᠨ ᠪᠠᠶᠢᠵᠦ ᠬᠡᠨ᠎ᠡ᠃ ᠨᠤᠲᠤᠭ ᠤᠨ ᠬᠦᠮᠤᠰ ᠲᠠᠬᠦᠨ ᠢᠶᠠᠨ ᠲᠡᠭᠡᠲᠤᠯᠡᠨ ᠬᠦᠨᠳᠦᠳᠭᠡᠵᠦ᠂ ᠵᠢᠯ ᠵᠢᠯ ᠤᠨ ᠪᠢᠯᠢᠭ ᠤᠨ ᠲᠤᠭᠠᠯᠠᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠲᠦᠷᠪᠡᠨ ᠳᠤ ᠢᠲᠡᠭᠡᠨ ᠤ ᠲᠡᠭᠡᠵᠢ᠂ ᠠᠮᠲᠠᠲᠠᠨ ᠤ ᠤᠬᠢ ᠪᠠᠨ ᠡᠷᠬᠦᠨ ᠲᠠᠬᠢᠯᠭ᠎ᠠ ᠲᠠᠶᠢᠯᠭ᠎ᠠ ᠲᠠᠯᠪᠢᠵᠦ᠂ ᠨᠠᠶᠢᠷ ᠨᠠᠭᠠᠲᠤᠮ ᠬᠢᠲᠡᠭ ᠪᠢᠯᠡ᠃ᠡᠨᠡ ᠵᠢᠯ ᠤᠨ ᠪᠤᠯᠠᠭ ᠤᠨ ᠨᠠᠶᠢᠷ ᠤᠨ ᠦᠷᠯᠦᠬᠡ ᠡᠪᠦᠭᠡ ᠳᠤ ᠤᠲᠠᠰᠤ ᠠᠪᠴᠤ ︽ᠪᠤᠯᠠᠭ ᠤᠨ ᠢᠶᠠᠨ ᠲᠠᠭᠢᠯᠭ᠎ᠠ ᠳᠤ ᠪᠠᠰᠠ ᠯᠠ ᠤᠴᠢᠵᠦ ᠲᠡᠶᠢᠯᠦᠭᠰᠡᠨ ᠦᠬᠡᠢ︾ ᠭᠡᠪᠡᠯ᠂ ᠡᠪᠦᠭᠡ ᠮᠢᠨᠢ᠄ ︽ᠬᠠᠮᠢᠶ᠎ᠠ ᠦᠬᠡᠢ︕ ᠮᠢᠨᠤ ᠬᠦᠤ᠂ ᠰᠡᠳᠭᠢᠯ ᠳᠤ ᠴᠢᠨᠢ ᠪᠠᠶᠢᠪᠠᠯ ᠮᠦᠷᠭᠦᠭᠰᠡᠨ ᠲᠠᠢ ᠠᠪ ᠠᠳᠠᠯᠢᠬᠠᠨ᠃ ᠬᠦᠤ ᠮᠢᠨᠢ︕ ᠴᠠᠢ ᠬᠤᠭᠤᠯᠠᠨ ᠤ ᠪᠠᠨ ᠲᠡᠭᠡᠵᠢ ᠶᠢ ᠵᠡᠬᠦᠨ ᠬᠤᠶᠢᠰᠢ ᠪᠠᠨ᠂ ᠨᠤᠲᠤᠭ ᠵᠦᠭ ᠢᠶᠠᠨ ᠡᠷᠬᠦᠵᠦ ᠪᠠᠢ︕︾ ᠬᠡᠵᠦ ᠬᠡᠯᠡᠭᠰᠡᠨ ᠶᠤᠮ᠃ ᠡᠪᠦᠭᠡ ᠮᠢᠨᠢ ᠭᠡᠲᠦ᠋ᠢᠪᠡᠷ ᠨᠠᠰᠤᠨ ᠰᠡᠬᠦᠲᠡᠷ ᠨᠠᠶᠠᠨ ᠭᠤᠷᠪᠡ ᠶᠢ ᠵᠤᠭᠤᠭᠯᠠᠭᠰᠠᠨ ᠴᠦ ᠤᠬᠠᠭᠠᠨ ᠰᠠᠷᠠᠭᠤᠯ᠂ ᠪᠠᠶ᠎ᠠ ᠲᠡᠩᠭᠡᠯᠡᠬᠦᠨ᠂ ᠬᠡᠯᠡᠬᠦ ᠦᠬᠡ ᠨᠢ ᠬᠦᠷᠲᠡᠯ᠎ᠠ ᠰᠡᠳᠭᠢᠯ ᠤᠨ ᠴᠢᠪᠬᠠᠲᠠᠰᠤ ᠶᠢ ᠬᠦᠨᠲᠡᠵᠦ᠂ ᠤᠬᠠᠭᠠᠷᠠᠯ ᠤᠨ ᠠᠶᠠᠰ ᠴᠤᠤᠷᠢᠶᠠᠲᠤᠭᠤᠯᠵᠦ ᠪᠠᠶᠢᠲᠠᠭ ᠤᠴᠢᠷ ᠠᠴᠠ ᠶᠠᠭᠤᠮ᠎ᠠ ᠯᠠ ᠪᠤᠯᠪᠠᠯ ᠡᠪᠦᠭᠡ ᠠᠴᠠ ᠠᠰᠠᠭᠤᠲᠠᠭ ᠨᠢ ᠵᠠᠩᠰᠢᠯ ᠪᠤᠯᠴᠢᠬᠠᠵᠠᠢ᠃ᠡᠪᠦᠭᠡ ᠪᠠᠨ ᠪᠢ ᠴᠢᠯᠠᠭᠤ ᠰᠢᠭ ᠬᠠᠲᠠᠭᠤ ᠬᠦᠮᠤᠨ ᠬᠡᠵᠦ ᠪᠤᠲᠤᠲᠠᠭ᠃ ᠤᠷᠴᠢᠯᠠᠩ ᠬᠤᠷᠸ᠎ᠠ ᠶᠢᠨ ᠦᠪᠡᠷ ᠢᠶᠠᠨ ᠪᠦᠲᠦᠭᠰᠡᠨ ᠪᠦᠬᠦ ᠵᠦᠢᠯᠠᠰ ᠤᠨ ᠲᠤᠲᠤᠷ᠎ᠠ ᠴᠢᠯᠠᠭᠤ ᠯᠠ ᠬᠠᠮᠤᠭ ᠤᠨ ᠬᠠᠲᠠᠭᠤ ᠪᠠᠶᠢᠲᠠᠭ ᠲᠤ ᠬᠡᠨ ᠬᠦᠮᠤᠨ ᠴᠤ ᠡᠷᠡᠭᠡᠯᠵᠡᠬᠦ ᠦᠬᠡᠢ ᠶᠤᠮ᠃ᠢᠯᠡ ᠲᠤᠲᠤ ᠨᠢᠬᠡ ᠯᠠ ᠠᠭᠠᠰᠢ ᠲᠠᠢ᠂ ᠬᠡᠯᠡᠴᠢᠬᠡᠪᠡᠯ ᠬᠢᠬᠦ ᠦᠬᠡᠢ ᠪᠠᠶᠢᠵᠦ ᠪᠤᠯᠬᠤ ᠦᠬᠡᠢ ᠰᠢᠤ ᠬᠡᠵᠦ ᠲᠠᠩᠲᠠ ᠶᠠᠷᠢᠲᠠᠭ᠂ ᠠᠭᠤᠷᠯᠠᠭᠰᠠᠨ ᠴᠦ ᠪᠠᠶᠠᠷᠯᠠᠭᠰᠠᠨ ᠴᠦ ᠬᠠᠲᠠ ᠴᠢᠯᠠᠭᠤ ᠰᠢᠭ ᠲᠤᠪ ᠲᠤᠭᠤᠢ᠂ ᠤᠬᠠᠭᠠᠨ ᠨᠢ ᠢᠷ ᠲᠠᠢ ᠴᠢᠯᠠᠭᠤ ᠰᠢᠭ ᠬᠤᠷᠴᠡ ᠁ ᠡᠶᠢᠮᠤ ᠯᠠ ᠬᠦᠮᠤᠨ ᠳ᠋ᠧ ᠡᠪᠦᠭᠡ ᠮᠢᠨᠢ︕ ᠡᠶᠢᠮᠤ ᠯᠠ ᠬᠠᠲᠠᠭᠤ ᠬᠦᠮᠤᠨ ᠳ᠋ᠧ︕ᠲᠡᠭᠡᠷ᠎ᠡ ᠵᠠᠭᠤᠨ ᠤ ᠲᠦᠴᠢᠭᠡᠳ ᠤᠨ ᠳᠤ ᠲᠦᠷᠪᠡᠭᠡᠨ ᠨᠠᠰᠤᠨ ᠳᠠᠭᠠᠨ ᠡᠵᠢ ᠠᠴᠠ ᠪᠠᠨ ᠦᠨᠤᠴᠢᠷᠡᠵᠦ᠂ ᠮᠦᠨ ᠲᠡᠷᠡ ᠵᠢᠯ ᠠᠶᠢᠯ ᠭᠡᠷ ᠤᠨ ᠬᠢᠨᠢ ᠲᠦᠰᠢᠭ ᠶᠡᠭᠡ ᠠᠬ᠎ᠠ ᠨᠢ ᠡᠷᠲᠡᠮ ᠤᠨ ᠵᠢᠯᠤᠭᠤ ᠳᠤ ᠲᠠᠲᠠᠭᠲᠠᠨ ᠠᠷᠡᠯ ᠤᠨ ᠶᠠᠫᠥᠨ ᠤᠷᠤᠭᠤ ᠶᠠᠪᠤᠭᠠᠳ᠂ ᠠᠴᠢᠲᠤ ᠠᠪᠤ᠂ ᠬᠤᠶᠠᠷ ᠠᠬ᠎ᠠ᠂ ᠦᠬᠢᠨ ᠲᠠᠭᠦᠤ ᠲᠠᠢ ᠪᠠᠨ ᠬᠠᠲᠠᠭᠤ ᠠᠮᠢᠲᠤᠷᠠᠯ ᠤᠨ ᠨᠤᠭᠤᠴᠠᠭ᠎ᠠ᠂ ᠴᠠᠭ ᠡᠷᠢᠨ ᠤ ᠬᠦᠢᠲᠡᠨ ᠴᠡᠪᠲᠡᠭ ᠤᠷᠤᠰᠬᠠᠯ ᠢ ᠲᠤᠭᠤᠯᠤᠨ ᠪᠠᠶᠢᠵᠦ ᠦᠨᠤᠲᠤᠷ ᠬᠦᠷᠦᠭᠰᠡᠨ ᠭᠡᠲᠡᠭ ᠃ ᠬᠡᠲᠡᠯ᠎ᠠ ᠡᠨᠡ ᠬᠦᠮᠤᠨ ᠰᠡᠳᠭᠢᠯ ᠴᠦᠬᠦᠷᠡᠭᠡ ᠦᠬᠡᠢ︕ ᠵᠢᠷᠭᠤᠭᠠᠨ ᠬᠡᠤᠭᠡᠳ ᠢᠶᠠᠨ ᠬᠦᠮᠤᠨ ᠪᠤᠯᠭᠠᠵᠦ᠂ ᠦᠪᠡᠷ ᠦᠪᠡᠷ ᠤᠨ ᠠᠮᠢᠲᠤᠷᠡᠯ ᠲᠠᠢ ᠨᠢ ᠵᠤᠯᠭᠠᠭᠤᠯᠵᠦ ᠦᠭᠭᠦᠭᠡᠳ᠂ ᠦᠪᠡᠷᠰᠡᠳ ᠢᠶᠠᠨ ᠬᠠᠷᠢᠨ ᠭᠡᠨ ᠳᠤᠨᠢ ᠴᠦ ᠲᠠᠷᠤᠭᠠᠰᠤ ᠪᠤᠯᠬᠤ ᠦᠬᠡᠢ ᠬᠡᠮᠡᠨ ᠬᠦᠯ ᠮᠠᠭᠤᠲᠠᠢ ᠡᠮᠡᠭᠡ ᠶᠢ ᠮᠢᠨᠢ ᠲᠦᠰᠢᠵᠦ ᠲᠤᠯᠤᠨ᠂ ᠬᠦᠢᠲᠡᠨ ᠬᠠᠯᠠᠭᠤᠨ ᠢᠶᠠᠨ ᠬᠤᠪᠢᠶᠠᠵᠦ ᠡᠳ᠋ᠯᠡᠨ ᠮᠠᠷᠭᠠᠰᠢ ᠤᠷᠤᠭᠤ ᠠᠯᠬᠤᠭᠰᠠᠭᠠᠷ ᠁ᠡᠪᠦᠭᠡ ᠪᠠᠨ ᠪᠢ ᠴᠢᠯᠠᠭᠤ ᠰᠢᠭ ᠵᠦᠬᠡᠯᠡᠨ ᠬᠦᠮᠤᠨ ᠬᠡᠵᠦ ᠪᠤᠲᠤᠲᠠᠭ᠃ ᠪᠦᠲᠦᠷᠢᠵᠦ ᠦᠢᠴᠢᠬᠤ ᠳᠤ ᠮᠢᠨᠢ ᠢᠪᠡᠵᠦ ᠠᠷᠭᠠᠲᠠᠲᠠᠭ ᠨᠤᠲᠤᠭ ᠤᠨ ᠢᠶᠠᠨ ᠪᠤᠷᠤ ᠴᠢᠯᠠᠭᠤ ᠶᠢ ᠪᠢ ᠢᠰᠡᠬᠡᠢ ᠰᠢᠭ ᠵᠦᠬᠡᠯᠡᠨ ᠬᠡᠵᠦ ᠪᠤᠲᠤᠲᠠᠭ ᠶᠤᠮ ᠁ᠪᠦ᠋ᠭᠡ ᠮᠢᠨᠢ ᠨᠢᠬᠡ ᠨᠠᠰᠤᠨ ᠳᠠᠭᠠᠨ ᠪᠠᠷᠢᠭᠠᠲᠠ ᠶᠢᠨ ᠠᠵᠢᠯ᠂ ᠮᠠᠯ ᠤᠨ ᠡᠮᠴᠢ᠂ ᠮᠠᠰᠢᠨ ᠤ ᠵᠢᠯᠤᠭᠤᠴᠢ᠂ ᠬᠤᠭᠤᠷ ᠢᠶᠠᠨ ᠪᠠᠷᠢᠪᠠᠯ ᠦᠯᠢᠭᠡᠷᠴᠢ᠂ ᠰᠦᠬᠡ ᠪᠠᠨ ᠪᠠᠷᠢᠪᠠᠯ ᠮᠤᠳᠤᠴᠢᠨ᠂ ᠬᠤᠷᠢᠮ ᠨᠠᠶᠢᠷ ᠲᠤ ᠬᠡᠯᠡᠮᠤᠷᠴᠢ᠂ ᠴᠢᠲᠠᠬᠤ ᠦᠬᠡᠢ ᠮᠡᠲᠡᠬᠦ ᠦᠬᠡᠢ ᠶᠠᠭᠤᠮ᠎ᠠ ᠬᠡᠵᠦ ᠦᠬᠡᠢ᠂ ᠴᠢᠷᠠᠶᠢᠴᠢᠯᠠᠵᠦ ᠢᠷᠡᠭᠰᠡᠳ ᠲᠤ ︽ᠦᠬᠡᠢ︾ ᠬᠡᠵᠦ ᠬᠡᠯᠡᠲᠡᠭ ᠦᠬᠡᠢ᠂ ᠴᠡᠶᠢᠯᠭᠠᠨ ᠬᠦᠨᠲᠡᠬᠦᠦ ᠵᠠᠩ ᠲᠠᠢ ᠪᠢᠯᠡ᠃ ᠡᠮᠡᠭᠡ ᠶᠢᠨ ᠬᠡᠯᠡᠬᠦ ᠪᠠᠷ ᠡᠪᠦᠭᠡ ᠮᠢᠨᠢ ᠵᠠᠯᠠᠭᠤ ᠳᠠᠭᠠᠨ ᠲᠦᠷᠪᠡᠨ ᠤᠲᠠᠰᠤᠲᠤ ᠬᠤᠭᠤᠷ ᠢ ᠬᠢᠯᠠᠷᠠᠲᠠᠯ᠎ᠠ ᠲᠠᠲᠠᠵᠦ᠂ ᠦᠯᠢᠭᠡᠷ ᠬᠤᠯᠪᠤᠭ᠎ᠠ ᠰᠠᠶᠢᠬᠠᠨ ᠬᠡᠯᠡᠲᠡᠭ ᠪᠠᠶᠢᠭᠰᠠᠨ ᠬᠡᠨ᠎ᠡ᠂ ᠲᠠᠯᠠᠭᠠᠳ ᠤᠨ ᠳᠤ ᠡᠪᠦᠭᠡ ᠶᠢ ᠦᠪᠤᠷ ᠮᠤᠩᠭᠤᠯ ᠤᠨ ︽ᠦᠯᠢᠭᠡᠷ ᠤᠨ ᠭᠡᠷ︾ ᠤᠨ ᠬᠤᠭᠤᠷᠴᠢ ᠪᠠᠷ ᠠᠪᠬᠤ ᠪᠠᠷ ᠬᠦᠷᠬᠦ ᠳᠤ ︽ᠡᠴᠢᠭᠡ ᠲᠡᠭᠡᠲᠤ ᠶᠢᠨ ᠨᠤᠲᠤᠭ᠂ ᠡᠨᠡ ᠪᠡᠶ᠎ᠡ ᠶᠢ ᠮᠢᠨᠢ ᠦᠰᠭᠡᠭᠰᠡᠨ ᠭᠠᠵᠠᠷ ᠤᠰᠤ ᠪᠠᠨ ᠤᠷᠭᠢᠭᠠᠳ ᠶᠠᠪᠤᠴᠢᠬᠠᠵᠦ ᠪᠤᠯᠤᠨ᠎ᠡ ᠬᠡᠬᠦ ᠳᠤ ᠡᠵᠢ ᠠᠪᠤ ᠠᠴᠠ ᠮᠢᠨᠢ ᠦᠯᠡᠲᠡᠭᠰᠡᠨ ᠤᠬᠠᠭᠠᠨ ᠲᠤᠲᠠᠭᠤ ᠬᠡᠤᠭᠡᠨ ᠲᠡᠭᠦᠤ ᠪᠠᠨ ᠬᠠᠮᠢᠭ᠎ᠠ᠂ ᠬᠡᠨ ᠳᠤ ᠦᠭᠭᠦᠭᠡᠳ ᠶᠠᠪᠤᠨ᠎ᠠ ᠪᠤᠢ︖︾ ᠬᠡᠵᠦ ᠬᠡᠯᠡᠭᠡᠳ ᠬᠤᠴᠤᠷᠤᠭᠰᠠᠨ ᠬᠡᠲᠡᠭ︕ ᠡᠨᠡ ᠪᠦᠬᠦᠲᠡ ᠶᠢ ᠦᠭᠡᠷᠠᠴᠢᠯᠠᠯᠲᠠ ᠬᠦᠭᠵᠢᠯᠲᠡ ᠶᠢᠨ ᠵᠠᠮ ᠢᠶᠠᠷ ᠦᠩᠭᠡ ᠲᠦᠷᠬᠦ ᠨᠢ ᠬᠤᠪᠢᠷᠠᠭᠰᠠᠨ ᠴᠦ ᠮᠠᠩᠬᠠᠨ ᠤ ᠤᠰᠤ ᠰᠢᠭ ᠲᠤᠩᠭᠠᠯᠠᠭ ᠰᠡᠳᠭᠢᠯ ᠨᠢ ᠠᠷᠢᠯᠤᠭ᠎ᠠ ᠦᠬᠡᠢ ᠮᠠᠯᠴᠢᠨ ᠲᠦᠮᠡᠨ ᠮᠢᠨᠢ ᠮᠡᠲᠡᠭᠰᠡᠭᠡᠷ ᠁ ᠤᠨ ᠴᠠᠭ ᠤᠨ ᠰᠡᠯᠬᠢᠨ ᠳᠤ ᠨᠠᠮᠠᠭ᠎ᠠ ᠰᠠᠯᠠᠭ᠎ᠠ ᠨᠢ ᠰᠢᠩᠭᠡᠷᠡᠭᠰᠡᠨ ᠴᠦ ᠡᠯᠡᠰᠤᠨ ᠨᠤᠲᠤᠭ ᠤᠨ ᠮᠢᠨᠢ ᠬᠦᠷᠤᠰᠤᠨ ᠳᠤ ᠬᠦᠨ ᠠᠴᠠ ᠬᠦᠨ ᠦᠨᠳᠦᠰᠦᠯᠡᠭᠰᠡᠨ ᠬᠦᠭᠰᠢᠨ ᠬᠠᠶᠢᠯᠠᠰᠤ ᠨᠤᠭᠤᠳ ᠴᠡᠭᠡᠵᠢᠯᠡᠭᠰᠡᠭᠡᠷ ᠡ ᠁ᠡᠪᠦᠭᠡ ᠪᠠᠨ ᠪᠢ ᠴᠢᠯᠠᠭᠤ ᠰᠢᠭ ᠤᠶᠠᠨ ᠬᠦᠮᠤᠨ ᠬᠡᠵᠦ ᠪᠤᠲᠤᠲᠠᠭ᠃ ᠬᠦᠮᠤᠰ ᠴᠢᠯᠠᠭᠤ ᠮᠢᠩᠭᠠᠨ ᠲᠠᠯ᠎ᠠ ᠲᠠᠢ᠃ ᠶᠠᠭᠠᠬᠢᠵᠦ ᠠᠰᠢᠭᠯᠠᠭᠰᠠᠨ ᠴᠦ ᠠᠴᠢ ᠲᠤᠰᠠ ᠪᠠᠨ ᠦᠭᠬᠦ ᠪᠠᠷ ᠢᠶᠠᠨ ᠦᠭᠬᠦᠨ᠎ᠡ ᠬᠡᠵᠦ ᠶᠠᠷᠢᠲᠠᠭ᠃ᠤᠰᠤ ᠨᠤᠲᠤᠭ ᠤᠨ ᠬᠢᠨ ᠡᠪᠦᠭᠡ ᠶᠢ ᠮᠢᠨᠢ ︽ᠠᠮᠪᠢ ᠠᠪᠤ︾ ᠬᠡᠵᠦ ᠬᠦᠨᠳᠦᠳᠭᠡᠨ ᠲᠠᠭᠤᠲᠠᠲᠠᠭ᠃ ᠡᠪᠦᠭᠡ ᠮᠢᠨᠢ ᠮᠡᠲᠡᠯᠬᠡ ᠬᠦᠮᠤᠨ ᠳᠤ ᠭᠡᠵᠢᠶᠡᠲᠡ ᠢᠯᠡᠭᠦᠲᠡᠬᠦ ᠦᠬᠡᠢ ᠬᠡᠵᠦ ᠶᠠᠷᠢᠲᠠᠭ᠃ ᠨᠠᠮᠢᠢ ᠲᠠᠪᠤᠬᠠᠨ ᠨᠠᠰᠤᠲᠠᠢ ᠪᠠᠶᠢᠬᠤ ᠳᠤ ᠡᠯᠡᠰᠤᠨ ᠲᠡᠭᠡᠷ᠎ᠡ ᠲᠤᠤᠱᠢᠩ ᠤᠨ ᠡᠰᠢ ᠪᠠᠷ ᠴᠠᠭᠠᠨ ᠲᠤᠯᠤᠭᠠᠢ ᠵᠢᠭᠠᠭᠰᠠᠨ ᠢ ᠤᠲᠤ ᠪᠤᠯᠲᠠᠯ᠎ᠠ ᠮᠠᠷᠲᠠᠭ᠎ᠠ ᠦᠬᠡᠢ᠂ ᠡᠯᠡᠰᠤᠨ ᠬᠦᠲᠤᠯ ᠲᠡᠭᠡᠷ᠎ᠡ ᠪᠢᠴᠢᠭᠲᠡᠭᠰᠡᠨ ᠲᠡᠷᠡ ᠬᠡᠲᠤᠭᠡᠨ ᠡᠭᠡᠰᠢᠭ ᠢ ᠤᠲᠤ ᠪᠤᠯᠲᠠᠯ᠎ᠠ ᠪᠢ ᠭᠡᠷᠡᠭᠯᠡᠭᠰᠡᠭᠡᠷ᠂ ᠶᠠᠷᠤ ᠨᠢ ᠳᠡᠬᠦᠨ ᠠᠴᠠ ᠦᠨᠡᠲᠡᠢ ᠡᠷᠲᠡᠮ ᠢ ᠪᠢ ᠤᠲᠤ ᠪᠤᠯᠲᠠᠯ᠎ᠠ ᠰᠤᠷᠤᠭ᠎ᠠ ᠦᠬᠡᠢ ᠳ᠋ᠡ᠃ ᠡᠪᠦᠭᠡ ᠮᠢᠨᠢ︕ ᠦᠨᠤᠲᠤᠷ ᠨᠠᠶᠠᠨ ᠨᠠᠰᠤᠨ ᠤ ᠲᠠᠪᠠᠭ᠎ᠠ ᠶᠢ ᠲᠠᠪᠠᠭᠰᠠᠨ ᠬᠡᠯ᠎ᠠ ᠴᠦ ᠴᠠᠭ ᠡᠷᠢᠨ ᠤ ᠬᠤᠪᠢᠷᠠᠯᠲᠠ ᠬᠦᠭᠵᠢᠯᠲᠡ᠂ ᠨᠡᠶᠢᠬᠡᠮ ᠲᠦᠷᠦ ᠶᠢᠨ ᠦᠴᠦᠭᠡᠲᠤᠷ ᠦᠨᠤᠲᠤᠷ ᠢ ᠶᠡᠭᠡᠲᠡ ᠠᠩᠬᠠᠷᠤᠨ᠂ ᠮᠠᠷᠭᠠᠰᠢ ᠶᠠᠭᠠᠬᠢᠵᠦ ᠬᠦᠭᠵᠢᠬᠦ ᠪᠤᠯᠤᠨ᠎ᠡ ᠭᠡᠳ ᠮᠡᠨ ᠤ ᠮᠡᠲᠤ ᠶᠢᠨ ᠡᠲᠤᠷᠵᠢᠨ ᠲᠧᠯᠸᠢᠰ ᠱᠠᠭᠠᠶᠢᠵᠦ᠂ ᠭᠠᠷ ᠤᠲᠠᠰᠤ ᠪᠠᠷᠢᠭᠰᠠᠨ ᠵᠠᠯᠠᠭᠤᠰ ᠠᠴᠠ ᠢᠯᠡᠬᠦᠤ ᠶᠢ ᠮᠡᠲᠡᠵᠦ᠂ ᠭᠡᠷᠡᠭ ᠲᠠᠢ ᠶᠠᠭᠤᠮᠠᠨ ᠳᠤ ᠭᠡᠷᠡᠭᠯᠡᠪᠡᠯ ᠲᠡᠭᠦᠨ ᠠᠴᠠ ᠰᠠᠶᠢᠨ ᠶᠠᠭᠤᠮ᠎ᠠ ᠦᠬᠡᠢ᠂ ᠭᠡᠷᠡᠭ ᠦᠬᠡᠢ ᠶᠠᠭᠤᠮᠠᠨ ᠳᠤ ᠵᠠᠷᠤᠪᠠᠯ ᠲᠡᠭᠦᠨ ᠠᠴᠠ ᠮᠠᠭᠤ ᠶᠠᠭᠤᠮ᠎ᠠ ᠦᠬᠡᠢ ᠬᠡᠵᠦ ᠭᠠᠷ ᠤᠲᠠᠰᠤ ᠶᠢ ᠮᠢᠨᠢ ᠵᠢᠭᠠᠨ ᠬᠡᠯᠡᠬᠦ ᠳᠤᠨᠢ ︽ᠤᠲᠤ ᠯᠠ ᠶᠠᠩᠰᠢᠭᠠᠳ ᠡᠬᠢᠯᠡᠭᠰᠡᠨ ᠡ︾ ᠭᠡᠵᠦ ᠪᠤᠲᠤᠲᠠᠭ ᠪᠠᠶᠢᠭᠰᠠᠨ ᠶᠤᠮ᠃ ᠤᠲᠤ ᠪᠤᠲᠤᠬᠤ ᠳᠤ ᠶᠡᠭᠡᠯᠡ ᠯᠠ ᠤᠬᠠᠭᠠᠨ ᠨᠢᠭᠤᠭᠰᠠᠨ ᠦᠬᠡ ᠪᠠᠶᠢᠵᠦ ᠳ᠋ᠡ᠃ᠶᠠᠷᠤ ᠨᠢ ᠬᠦᠮᠤᠨ ᠭᠡᠲᠡᠭ ᠨᠠᠰᠤ ᠵᠢᠯ ᠨᠡᠮᠡᠭᠲᠡᠬᠦ ᠲᠤᠲᠤᠮ ᠢᠶᠠᠨ ᠯᠠ ᠤᠬᠠᠭᠠᠷᠠᠨ ᠲᠤᠮᠤᠭᠠᠵᠢᠵᠦ᠂ ᠦᠰᠴᠦ ᠲᠦᠷᠦᠭᠰᠡᠨ ᠦᠯᠤᠬᠡᠢ ᠨᠤᠲᠤᠭ᠂ ᠡᠪᠦᠭᠡ ᠡᠮᠡᠭᠡ᠂ ᠠᠪᠤ ᠡᠵᠢ᠂ ᠠᠬ᠎ᠠ ᠲᠡᠭᠦᠤ ᠰᠠᠲᠤᠨ ᠢᠶᠠᠨ ᠢᠯᠡᠬᠦᠤ ᠰᠠᠨᠠᠲᠠᠭ ᠨᠢ ᠤᠷᠴᠢᠯᠠᠩ ᠤᠨ ᠬᠠᠤᠯᠢ᠂ ᠬᠤᠷᠸ᠎ᠠ ᠶᠢᠨ ᠵᠢᠮ᠎ᠠ ᠶᠤᠮ ᠤᠤ ᠳ᠋ᠧ᠃ᠤᠷᠴᠢᠯᠠᠩ ᠤᠨ ᠬᠠᠤᠯᠢ᠂ ᠬᠤᠷᠸ᠎ᠠ ᠶᠢᠨ ᠵᠢᠮ᠎ᠠ ᠪᠠᠷ ᠡᠪᠤᠭᠡᠷᠡᠭᠰᠡᠨ ᠨᠤᠲᠤᠭ᠂ ᠴᠢᠯᠠᠭᠤ᠂ ᠡᠪᠦᠭᠡ ᠭᠤᠷᠪᠡ ᠮᠢᠨᠢ ᠨᠢᠬᠡ ᠯᠠ ᠤᠳᠭ᠎ᠠ ᠪᠠᠷ ᠢᠶᠠᠨ ᠢᠵᠢᠯᠬᠡᠨ ᠮᠢᠨᠤ ᠰᠡᠳᠭᠢᠯ ᠤᠨ ᠤᠶᠠᠭᠠᠰᠤ ᠪᠢᠯᠡ ᠡ︕ᠶᠤᠰᠤᠲᠠᠢ ᠴᠢᠯᠠᠭᠤ ᠰᠢᠭ ᠬᠠᠲᠠᠭᠤ᠂ ᠴᠢᠯᠠᠭᠤ ᠰᠢᠭ ᠵᠦᠬᠡᠯᠡᠨ᠂ ᠴᠢᠯᠠᠭᠤ ᠰᠢᠭ ᠤᠶᠠᠨ ᠬᠦᠮᠤᠨ ᠳ᠋ᠡ︕
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号