ᠮᠢᠨᠦ ᠮᠤᠷᠢᠳᠠᠢ ᠪᠠᠭᠰᠢ
ᠨᠡᠶᠢᠲᠡᠯᠡᠭᠰᠡᠨ ᠴᠠᠭ᠄
2023/10/31
ᠮᠢᠨᠦ ᠮᠤᠷᠢᠳᠠᠢ ᠪᠠᠭᠰᠢ                    ᠪᠠ᠊ · ᠪᠠᠯᠵᠤᠣᠷᠮᠢᠨᠤ ᠪᠠᠭᠰᠢ ᠮᠤᠷᠢᠳᠠᠢ ᠪᠠᠭᠰᠢ᠃ ᠮᠠᠩᠬᠠᠨ ᠨᠤᠳᠤᠭ ᠲᠠᠭᠠᠨ ᠨᠠᠷᠠ ᠲᠠᠢ ᠤᠷᠤᠯᠳᠤᠨ ᠰᠠᠷᠠ ᠲᠠᠢ ᠮᠦᠴᠡᠭᠡᠷᠭᠡᠨ ᠮᠤᠷᠢ ᠪᠠᠨ ᠤᠨᠤᠵᠤ ᠮᠠᠯᠴᠢᠨ ᠠᠶᠢᠯ ᠢᠶᠠᠷ ᠡᠳᠦᠷ ᠪᠤᠯᠭᠠᠨ ᠶᠠᠪᠤᠳᠠᠭ᠃ ᠠᠶᠢᠯ ᠠᠶᠢᠮᠠᠭ ᠤᠨ ᠬᠡᠦᠬᠡᠳ ᠤᠳ ᠲᠤ ᠨᠤᠮ ᠪᠢᠴᠢᠭ ᠵᠢᠭᠠᠬᠤ ᠪᠠᠷ ᠡᠪᠦᠯ ᠤᠨ ᠶᠠᠰᠤ ᠶᠠᠩᠭᠢᠨᠠᠮ᠎ᠠ ᠬᠦᠢᠳᠡᠨ ᠰᠢᠭᠤᠷᠭᠠᠨ ᠳᠤ ᠪᠡᠭᠡᠷᠡᠵᠦ᠂ ᠵᠤᠨ ᠤ ᠵᠤᠯᠠᠢ ᠲᠦᠭᠡᠨᠡᠭᠰᠡᠨ ᠨᠠᠷᠠᠨ ᠳᠤ ᠰᠢᠷᠬᠠᠳᠠᠨ᠂ ᠬᠠᠭᠠᠰ ᠲᠠᠢ ᠬᠤᠭᠤᠰ ᠲᠠᠢ ᠬᠠᠪᠤᠷ ᠤᠨ ᠰᠠᠯᠬᠢᠨ ᠳᠤ ᠨᠢᠭᠤᠷ ᠨᠢᠳᠦ ᠦᠭᠡᠢ ᠭᠤᠶᠠᠳᠠᠭᠤᠯᠵᠤ᠂ ᠬᠠᠯᠢᠭᠤᠨ ᠨᠠᠮᠤᠷ ᠤᠨ ᠬᠠᠯᠠᠭᠤᠨ ᠴᠠᠭ ᠲᠤ ᠴᠦ ᠦᠪᠡᠷ ᠤᠨ ᠠᠯᠢᠪᠠ ᠪᠠᠨ ᠮᠠᠷᠳᠠᠨ ᠶᠠᠪᠤᠳᠠᠭ ᠰᠠᠨ᠃ ︽ᠯᠠ︾ ᠶᠢᠨ ᠭᠡᠷᠡᠯ ︽ᠤ ᠶᠢᠨ ᠪᠢᠷ︾ ᠰᠢᠭ ᠢᠶᠠᠨ ᠤᠶᠤᠨ ᠲᠠᠷᠢᠬᠢ᠂ ᠤᠬᠠᠭᠠᠨ ᠲᠠᠮᠢᠷ ᠢᠶᠠᠨ ᠦᠷᠡᠭᠳᠡᠭᠦᠯᠵᠦ᠂ ᠡᠮᠡᠭᠡᠯ ᠤᠨ ᠪᠦᠭᠦᠷᠭᠡᠨ ᠲᠡᠭᠡᠷ᠎ᠡ ᠪᠤᠷᠤᠭᠠᠨ ᠳᠤ ᠨᠤᠷᠴᠤ᠂ ᠨᠠᠷᠠ ᠰᠠᠯᠬᠢᠨ ᠳᠤ ᠪᠤᠷᠤᠯᠠᠵᠤ ᠶᠠᠪᠤᠬᠤ ᠳᠠᠭᠠᠨ ᠪᠠᠭᠰᠢ ᠮᠢᠨᠢ ᠨᠢᠭᠤᠷ ᠲᠡᠭᠡᠨ ᠭᠠᠯ ᠲᠠᠢ ᠨᠢᠳᠦᠨ ᠳᠡᠭᠡᠨ ᠴᠤᠭ ᠲᠠᠢ ᠮᠠᠯᠴᠢᠨ ᠠᠷᠠᠳ ᠤᠨ ᠢᠶᠠᠨ ᠦᠷ᠎ᠡ ᠬᠤᠶᠢᠴᠢᠰ ᠤᠨ ᠢᠷᠡᠭᠡᠳᠦᠢ ᠶᠢᠨ ᠲᠦᠯᠦᠭᠡ ᠰᠤᠶᠤᠯ ᠡᠷᠳᠡᠮ ᠢᠶᠠᠨ ᠬᠠᠷᠠᠮ ᠦᠭᠡᠢ ᠶᠡᠭᠦᠯᠡᠵᠦ ᠬᠡᠳᠦᠨ ᠦᠶ᠎ᠡ ᠶᠢᠨ ᠰᠤᠶᠤᠯ ᠪᠤᠯᠪᠠᠰᠤᠷᠠᠯ ᠲᠠᠢ ᠬᠦᠮᠦᠰ ᠢ ᠬᠦᠮᠦᠵᠢᠭᠦᠯᠵᠦ ᠢᠷᠡᠭᠰᠡᠨ ᠪᠢᠯᠡ᠃ᠮᠤᠷᠢᠳᠠᠢ ᠪᠠᠭᠰᠢ ᠮᠢᠨᠢ᠂ ᠡᠬᠡ ᠤᠯᠤᠰ ᠲᠠᠭᠠᠨ ᠰᠤᠶᠤᠯ ᠮᠡᠳᠡᠯᠭᠡ ᠲᠠᠢ᠂ ᠨᠡᠶᠢᠭᠡᠮ ᠨᠡᠶᠢᠳᠡ ᠳᠤ ᠬᠡᠷᠡᠭᠴᠡᠭᠡ ᠲᠠᠢ ᠦᠢ ᠤᠯᠠᠨ ᠬᠦᠮᠦᠰ ᠢ ᠬᠦᠮᠦᠵᠢᠬᠦᠯᠬᠦ ᠳᠡᠭᠡᠨ ᠦᠷᠭᠡᠨ ᠤᠯᠠᠨ ᠭᠡᠷ ᠤᠨ ᠠᠬᠠᠮᠠᠳ᠂ ᠬᠡᠦᠬᠡᠳ ᠪᠠᠭᠠᠴᠤᠳ ᠲᠠᠭᠠᠨ ᠭᠠᠪᠢᠶ᠎ᠠ ᠲᠤᠭᠠᠴᠢᠵᠤ᠂ ᠠᠴᠢ ᠬᠠᠷᠢᠭᠤᠯᠳᠠ ᠬᠦᠰᠡᠭᠡ ᠦᠭᠡᠢ᠂ ᠬᠠᠷᠢᠨ ᠠᠷᠠᠯ ᠤᠨ ᠱᠠᠷ ᠰᠢᠭ ᠶᠠᠪᠤᠭᠰᠠᠨ ᠪᠢᠯᠡ᠃ᠪᠢᠳᠡ‌‍ᠲ᠋ᠦ᠋ᠷᠦᠭᠦᠤ ᠵᠠᠭᠤᠨ ᠤ ᠵᠢᠷᠠᠭᠠᠳ ᠤᠨ ᠤ ᠰᠡᠭᠦᠯᠴᠢ ᠪᠠᠷ ᠮᠤᠷᠢᠳᠠᠢ ᠪᠠᠭᠰᠢ ᠶᠢᠨ ᠰᠤᠷᠤᠭᠴᠢ ᠪᠤᠯᠵᠤ ︽ᠠ︾ ᠦᠰᠦᠭ ᠤᠨ ᠠᠷᠠᠭ᠎ᠠ ᠰᠢᠳᠦ ᠶᠢ ᠨᠡᠶᠢᠯᠡᠭᠦᠯᠵᠦ ᠦᠰᠦᠭ ᠨᠢᠳᠦᠯᠡᠵᠦ᠂ ᠠᠷᠠᠪ ᠲᠤᠭ᠎ᠠ ᠶᠢᠨ ᠲᠦᠷᠪᠡᠨ ᠤᠶᠢᠯᠡᠳᠦᠯ ᠢ ᠪᠤᠳᠤᠵᠤ ᠰᠤᠷᠭᠠᠭᠤᠯᠢ ᠰᠤᠶᠤᠯ ᠶᠠᠭᠤ ᠭᠡᠳᠡᠭ ᠢ ᠤᠬᠠᠭᠠᠷᠠᠵᠤ ᠡᠬᠢᠯᠡᠭᠰᠡᠨ ᠶᠤᠮ ᠰᠠᠨ᠃ ᠲᠡᠷᠡ ᠦᠶ᠎ᠡ ᠠᠴᠠ ᠮᠤᠷᠢᠳᠠᠢ ᠪᠠᠭᠰᠢ ᠨᠠᠷ ᠤᠶᠤᠨ ᠤ ᠬᠤᠷ᠎ᠠ ᠪᠠᠷ ᠤᠭᠤᠷᠠᠭ ᠲᠠᠷᠢᠬᠢ ᠶᠢ ᠮᠢᠨᠢ ᠤᠮᠳᠠᠯᠠᠵᠤ᠂ ᠰᠤᠶᠤᠯ ᠤᠨ ᠠᠯᠳᠠᠨ ᠵᠢᠯᠤᠭᠤ ᠶᠢ ᠠᠳᠬᠤᠭᠤᠯᠵᠤ᠂ ᠡᠷᠳᠡᠮ ᠤᠨ ᠭᠠᠩ ᠲᠦᠷᠦᠭᠡ ᠶᠢ ᠢᠰᠬᠦᠯᠦᠬᠦᠯᠦᠨ ᠬᠦᠳᠡᠭᠡ ᠨᠤᠳᠤᠭ ᠲᠤ ᠰᠤᠶᠤᠯ ᠤᠨ ᠦᠷ᠎ᠡ ᠶᠢ ᠰᠠᠴᠤᠬᠰᠠᠨ ᠢᠶᠠᠷ᠂ ᠬᠦᠭᠡᠷᠦᠬᠦᠨ ᠴᠤᠪᠤᠭᠤ ᠬᠡᠦᠬᠡᠳ ᠤᠳ ᠠᠯᠤᠰ ᠤᠨ ᠬᠦᠰᠡᠯ ᠵᠦᠭ ᠵᠢᠭᠦᠷ ᠢᠶᠠᠨ ᠲᠡᠯᠭᠡᠭᠰᠡᠨ ᠶᠤᠮ᠃ᠪᠢᠳᠡᠨ ᠤ ᠲᠡᠷᠡ ᠦᠶ᠎ᠡ ᠭᠡᠵᠦ ᠬᠡᠯᠡᠬᠦ ᠶᠢᠨ ᠠᠷᠭ᠎ᠠ ᠦᠭᠡᠢ ᠶᠠᠳᠠᠭᠤᠬᠠᠨ ᠠᠮᠢᠳᠤᠷᠠᠯ ᠲᠠᠢ᠂ ᠢᠮᠠᠭᠠᠨ ᠠᠷᠠᠰᠤᠨ ᠬᠦᠨᠵᠢᠯᠡ ᠲᠠᠢ᠂ ᠲᠤᠬᠤᠢ ᠨᠢ ᠰᠡᠮᠡᠷᠬᠡᠢ᠂ ᠡᠪᠦᠳᠦᠭ ᠨᠢ ᠴᠤᠭᠤᠷᠬᠠᠢ᠂ ᠰᠢᠰᠢ ᠶᠢᠨ ᠪᠤᠳᠠᠭ᠎ᠠ᠂ ᠰᠠᠭᠠᠭ ᠤᠨ ᠭᠤᠯᠢᠷ ᠭᠤᠣᠯᠳᠠᠢ ᠢᠳᠡᠵᠦ ᠪᠠᠶᠢᠭᠰᠠᠨ ᠴᠠᠭ ᠶᠤᠮ᠃ ᠤᠯᠠᠩᠭᠢ ᠠᠶᠢᠯ ᠤᠨ ᠬᠡᠦᠬᠡᠳ ᠤᠳ ᠰᠤᠶᠤᠯ ᠤᠨ ᠮᠦᠷ ᠢ ᠬᠦᠭᠡᠭᠡᠵᠦ ᠂ ᠰᠤᠷᠭᠠᠭᠤᠯᠢ ᠶᠢᠨ ᠡᠭᠦᠳᠡ ᠶᠢ ᠠᠯᠬᠤᠬᠤ ᠨᠦᠬᠦᠴᠡᠯ ᠦᠭᠡᠢ ᠪᠠᠶᠢᠭᠰᠠᠨ ᠭᠡᠵᠦ ᠬᠡᠯᠡᠬᠦ ᠳᠤ ᠠᠭᠳᠠᠮᠠᠷ ᠦᠭᠡᠢ ᠴᠠᠭ ᠦᠶ᠎ᠡ᠃ᠭᠡᠪᠡᠴᠦ ᠮᠤᠷᠢᠳᠠᠢ ᠪᠠᠭᠰᠢ ᠮᠢᠨᠢ ᠨᠤᠮ ᠤᠨ ᠪᠤᠭᠴᠤ ᠪᠠᠨ ᠡᠭᠦᠷᠴᠦ᠂ ᠪᠢᠳᠡᠨ ᠳᠤ ᠰᠢᠨ᠎ᠡ ᠰᠠᠶᠢᠬᠠᠨ ᠬᠢᠴᠢᠶᠡᠯ ᠤᠨ ᠨᠤᠮ ᠠᠪᠴᠢᠷᠠᠨ ᠵᠢᠭᠠᠬᠤ ᠳᠠᠭᠠᠨ ᠬᠠᠯᠠᠰᠢᠷᠠᠬᠤ ᠶᠢ ᠮᠡᠳᠡᠳᠡᠭ ᠦᠭᠡᠢ᠃ ᠶᠠᠳᠠᠷᠠᠬᠤ ᠪᠠᠨ ᠴᠦ ᠬᠠᠮᠢᠶᠠᠷᠤᠯ ᠦᠭᠡᠢ ᠬᠠᠷᠢᠭᠤᠴᠠᠯᠭ᠎ᠠ ᠲᠠᠢ ᠰᠡᠳᠭᠢᠯᠭᠡ ᠪᠠᠷ ᠡᠭᠦᠷᠭᠡ ᠪᠠᠨ ᠪᠡᠶᠡᠯᠡᠬᠦᠯᠳᠡᠭ᠃ ᠨᠢᠭᠡ ᠡᠳᠦᠷ ᠨᠢᠭᠡ ᠴᠠᠭ ᠢ ᠴᠤ ᠠᠯᠳᠠ ᠠᠴᠠ ᠢᠯᠡᠭᠦᠤ ᠦᠵᠡᠵᠦ᠂ ᠬᠡᠦᠬᠡᠳ ᠤᠨ ᠲᠦᠯᠦᠭᠡ ᠶᠠᠮᠠᠷ ᠴᠤ ᠦᠷᠡᠭᠳᠡᠯ ᠭᠠᠷᠭᠠᠬᠤ ᠠᠴᠠ ᠪᠤᠴᠠᠳᠠᠭ ᠦᠭᠡᠢ ᠵᠤᠷᠢᠭ ᠰᠦᠰᠦ ᠲᠠᠢ ᠪᠠᠶᠢᠳᠠᠭ᠃ᠮᠢᠨᠦ ᠮᠤᠷᠢᠳᠠᠢ ᠪᠠᠭᠰᠢ᠂ ᠵᠢᠯ ᠤᠨ ᠲᠦᠷᠪᠡᠨ ᠤᠯᠠᠷᠢᠯ ᠢᠶᠠᠷ ᠲᠤᠭᠤᠷᠢᠨ ᠶᠠᠪᠤᠵᠤ ᠬᠢᠴᠢᠶᠡᠯ ᠢᠶᠠᠨ ᠵᠢᠭᠠᠬᠤ ᠳᠠᠭᠠᠨ ᠡᠪᠦᠯ ᠬᠠᠪᠤᠷ ᠵᠤᠨ ᠨᠠᠮᠤᠷ ᠭᠡᠵᠦ ᠤᠯᠠᠷᠢᠯ ᠬᠤᠪᠢᠶᠠᠨ ᠮᠠᠯᠵᠢᠯ ᠠᠮᠢᠳᠤᠷᠠᠯ ᠤᠨ ᠲᠤᠬᠠᠢ ᠴᠤ ᠵᠢᠭᠠᠳᠠᠭ᠃ ᠨᠤᠮ ᠪᠢᠴᠢᠭ ᠲᠤ ᠪᠠᠶᠢᠬᠤ ᠦᠭᠡᠢ ᠵᠦᠢᠯ ᠢ ᠤᠶᠢᠯᠡᠳᠦᠯᠭᠡ ᠲᠠᠢ ᠤᠶᠠᠯᠳᠤᠭᠤᠯᠤᠨ ᠮᠠᠯᠵᠢᠬᠤ ᠠᠮᠢᠳᠤᠷᠠᠯ ᠳᠤ ᠢᠯᠡᠭᠦᠤ ᠤᠶᠢᠷᠠᠳᠤᠭᠤᠯᠳᠠᠭ᠃ ᠡᠪᠦᠯ ᠪᠤᠯ ᠬᠤᠷᠤᠭ᠎ᠠ ᠬᠠᠰᠢᠶ᠎ᠠ ᠱᠦᠭᠦᠷᠳᠡᠬᠦ᠂ ᠬᠤᠨᠢ ᠲᠡᠵᠢᠭᠡᠬᠦ ᠵᠡᠷᠭᠡ ᠪᠠᠷ ᠪᠡᠶ᠎ᠡ ᠶᠢᠨ ᠴᠢᠳᠠᠯ ᠳᠤᠨᠢ ᠲᠤᠬᠢᠷᠠᠭᠤᠯᠳᠠᠭ᠃ ᠬᠠᠪᠤᠷ ᠤᠨ ᠲᠦᠯ ᠲᠤᠰᠬᠤ ᠦᠶ᠎ᠡ ᠪᠠᠷ ᠶᠡᠬᠡᠰ ᠢᠶᠠᠨ ᠲᠠᠭᠠᠵᠤ ᠬᠤᠷᠠᠭ᠎ᠠ ᠢᠰᠢᠭᠡ ᠲᠠᠯᠪᠢᠵᠤ ᠬᠠᠷᠢᠭᠤᠯᠬᠤ᠂ ᠵᠤᠨ ᠤ ᠴᠠᠭ ᠢᠶᠠᠷ ᠲᠤᠭᠤᠯ ᠬᠤᠷᠠᠭ᠎ᠠ ᠬᠠᠷᠢᠭᠤᠯᠬᠤ᠂ ᠨᠠᠮᠤᠷ ᠤᠨ ᠤᠯᠠᠷᠢᠯ ᠳᠤ ᠡᠪᠡᠰᠦ ᠨᠤᠮᠤᠯᠠᠬᠤ ᠵᠡᠷᠭᠡ ᠲᠦᠷᠪᠡᠨ ᠤᠯᠠᠷᠢᠯ ᠤᠨ ᠮᠠᠯᠵᠢᠯ ᠰᠤᠶᠤᠯ ᠤᠨ ᠬᠢᠴᠢᠶᠡᠯ ᠢ ᠪᠡᠶ᠎ᠡ ᠪᠠᠷ ᠨᠢ ᠬᠢᠯᠭᠡᠵᠦ ᠰᠤᠷᠭᠠᠳᠠᠭ᠃ ᠲᠡᠷᠡ ᠦᠶ᠎ᠡ ᠶᠢᠨ ᠬᠡᠦᠬᠡᠳ ᠤᠳ ᠨᠤᠮ ᠪᠢᠴᠢᠭ ᠠᠴᠠ ᠰᠤᠷᠴᠤ ᠲᠡᠶᠢᠯᠬᠦ ᠦᠭᠡᠢ ᠡᠷᠬᠢᠮ ᠨᠠᠨᠳᠢᠨ ᠤᠯᠠᠮᠵᠢᠯᠠᠯᠳᠤ ᠰᠤᠶᠤᠯ ᠢᠶᠠᠨ ᠠᠪᠤ ᠡᠵᠢ ᠠᠬᠠᠮᠠᠳ ᠨᠠᠷ ᠠᠴᠠ ᠪᠠᠨ ᠨᠡᠯᠢᠶᠡᠳ ᠰᠢᠰᠲ᠋ᠧᠮ ᠲᠠᠢ ᠮᠦᠷᠳᠡᠭᠡᠨ ᠪᠤᠯᠪᠠᠰᠤᠷᠠᠩᠭᠤᠢ ᠡᠵᠡᠮᠰᠢᠳᠡᠭ ᠨᠢ ᠮᠠᠨ ᠤ ᠮᠤᠷᠢᠳᠠᠢ ᠪᠠᠭᠰᠢ ᠶᠢᠨ ᠬᠠᠯᠠᠰᠢᠷᠠᠯ ᠦᠭᠡᠢ ᠵᠢᠳᠭᠦᠯ ᠤᠨ ᠠᠴᠢ ᠭᠠᠪᠢᠶ᠎ᠠ ᠪᠠᠶᠢᠵᠤ ᠲᠠᠭᠠᠷᠠᠨ᠎ᠠ ᠮᠤᠷᠢ ᠲᠠᠢ ᠪᠠᠭᠰᠢ ᠨᠠᠷ ᠵᠦᠪᠬᠡᠨ ᠮᠤᠷᠢ ᠤᠨᠤᠵᠤ ᠠᠶᠢᠯ ᠬᠤᠳᠠ ᠪᠠᠷ ᠭᠡᠰᠦᠳᠡᠭ ᠤᠯᠤᠰ ᠪᠢᠰᠢ᠂ ᠬᠠᠷᠢᠨ ᠤᠯᠤᠰ ᠦᠨᠳᠦᠰᠦᠳᠡᠨ ᠤ ᠪᠠᠨ ᠠᠯᠤᠰ ᠢᠷᠡᠭᠡᠳᠦᠢ ᠳᠤ ᠦᠪᠡᠷ ᠤᠨ ᠠᠯᠢᠪᠠ ᠪᠠᠨ ᠵᠤᠷᠢᠭᠤᠯᠵᠤ ᠶᠠᠪᠤᠭᠰᠠᠨ ᠰᠤᠶᠤᠯ ᠭᠡᠭᠡᠷᠡᠯ ᠤᠨ ᠶᠡᠭᠡ ᠵᠢᠳᠭᠦᠯᠳᠡᠨ ᠪᠠᠶᠢᠵᠤ᠂ ᠨᠠᠰᠤᠨ ᠲᠤᠷᠰᠢᠳᠠ ᠪᠠᠨ ᠤᠶᠤᠨ ᠤᠬᠠᠭᠠᠨ ᠤᠭᠤᠷᠠᠭ ᠲᠠᠷᠢᠬᠢ ᠪᠠᠨ ᠬᠦᠮᠦᠨ ᠤ ᠡᠮᠦᠨ᠎ᠡ ᠠᠴᠠ ᠰᠢᠪᠬᠠᠵᠤ ᠢᠷᠡᠭᠰᠡᠨ ᠨᠡᠷ᠎ᠡ ᠬᠦᠨᠳᠦᠳᠦ ᠬᠦᠮᠦᠰ ᠭᠡᠬᠦ ᠳᠤ ᠠᠭᠠᠳᠠᠬᠤ ᠤᠴᠢᠷ ᠦᠭᠡᠢ ᠰᠠᠨ ᠃ ᠲᠡᠳᠡ ᠪᠤᠯ ᠦᠨᠡᠨ ᠤ ᠲᠦᠯᠦᠭᠡ᠂ ᠦᠭᠡᠷ ᠲᠡᠷᠭᠡ ᠪᠠᠷ ᠲᠠᠦᠯᠠᠢ ᠶᠢ ᠬᠦᠢᠴᠡᠬᠦ ᠵᠤᠷᠢᠭ ᠰᠠᠨᠠᠭ᠎ᠠ ᠶᠢ ᠪᠠᠳᠠᠷᠠᠭᠤᠯᠵᠤ᠂ ᠡᠬᠡ ᠰᠤᠶᠤᠯ ᠤᠨ ᠦᠨᠢᠳᠡ ᠪᠠᠯᠠᠷᠠᠰᠢ ᠦᠭᠡᠢ ᠦᠨᠢ ᠮᠦᠩᠭᠡ ᠶᠢᠨ ᠬᠦᠰᠢᠶ᠎ᠡ ᠲᠤᠷᠠᠰᠬᠠᠯ ᠪᠠᠶᠢᠬᠤ ᠶᠤᠰᠤᠳᠠᠢ᠃ᠮᠤᠷᠢᠳᠠᠢ ᠪᠠᠭᠰᠢ ᠠᠴᠠ ᠪᠠᠨ ᠡᠷᠳᠡᠮ ᠤᠨ ᠰᠢᠮ᠎ᠡ ᠶᠢ ᠬᠦᠷᠳᠡᠵᠦ ᠦᠰᠦᠭᠰᠡᠨ᠂ ᠪᠢᠳᠡ ᠬᠡᠳᠦ᠋ᠪᠡᠷ ᠰᠢᠷ᠎ᠡ ᠭᠤᠯᠢᠷ ᠤᠨ ᠢᠰᠭᠡᠭᠦᠷ᠂ ᠰᠢᠰᠢ ᠶᠢᠨ ᠪᠤᠳᠠᠭᠠᠨ ᠤ ᠱᠦᠯᠦ ᠢᠳᠡᠵᠦ ᠤᠣᠭᠤᠵᠤ ᠪᠠᠶᠢᠭᠰᠠᠨ ᠴᠦ ᠰᠡᠳᠭᠢᠯ ᠰᠠᠨᠠᠭ᠎ᠠ ᠲᠡᠨᠢᠭᠦᠨ ᠪᠠᠶᠢᠭᠰᠠᠨ ᠰᠠᠨ᠃ ᠨᠡᠶᠢᠭᠡᠮ ᠬᠦᠭᠵᠢᠬᠡ ᠦᠭᠡᠢ ᠦᠶ᠎ᠡ ᠳᠤ ᠬᠦᠮᠦᠰ ᠤᠨ ᠠᠮᠢᠳᠤᠷᠠᠯ ᠤᠨ ᠬᠢᠷᠢ ᠲᠦᠪᠰᠢᠨ ᠲᠤᠣᠷ᠎ᠠ ᠪᠠᠶᠢᠭᠰᠠᠨ ᠪᠤᠯᠪᠠᠴᠤ ᠬᠡᠦᠬᠡᠳ ᠤᠳ ᠤᠨ ᠰᠤᠷᠤᠯᠴᠬᠠᠤ ᠤᠷᠮ᠎ᠠ ᠵᠤᠷᠢᠭ ᠰᠠᠶᠢᠨ ᠪᠠᠶᠢᠵᠤ᠂ ᠪᠠᠭᠰᠢ ᠶᠢᠨ ᠵᠢᠭᠠᠨ ᠰᠤᠷᠭᠠᠯᠳᠠ ᠶᠢᠨ ᠶᠠᠰᠤ ᠴᠢᠨᠠᠷ᠂ ᠵᠢᠭᠠᠨ ᠵᠢᠯᠤᠭᠤᠳᠤᠯᠭ᠎ᠠ ᠶᠢᠨ ᠬᠢᠷᠢ ᠬᠡᠮᠵᠢᠶ᠎ᠡ ᠨᠢ ᠰᠠᠶᠢᠨ᠂ ᠨᠡᠶᠢᠭᠡᠮ ᠨᠡᠶᠢᠳᠡ ᠶᠢᠨ ᠬᠦᠮᠦᠰ ᠪᠠ ᠭᠡᠷ ᠤᠨ ᠠᠬᠠᠮᠠᠳ ᠤᠨ ᠬᠠᠷᠢᠴᠠᠭ᠎ᠠ ᠰᠠᠶᠢᠨ ᠪᠠᠶᠢᠵᠤ᠂ ᠭᠡᠷ ᠤᠨ ᠠᠬᠠᠮᠠᠳ ᠤᠨ ᠬᠦᠨᠳᠦᠳᠭᠡᠯ ᠪᠢᠰᠢᠷᠡᠯ ᠢ ᠤᠯᠵᠤ᠂ ᠪᠠᠭᠰᠢ ᠪᠠᠨ ᠬᠦᠨᠳᠦᠳᠭᠡᠵᠦ᠂ ᠪᠠᠭᠰᠢ ᠨᠠᠷ ᠴᠦ ᠪᠢᠳᠡᠨ ᠢ ᠲᠦᠷᠦᠭᠰᠡᠨ ᠬᠡᠦᠬᠡᠳ ᠢᠶᠠᠨ ᠰᠢᠭ ᠬᠠᠶᠢᠷᠠᠯᠠᠳᠠᠭ ᠪᠠᠶᠢᠭᠰᠠᠨ ᠶᠤᠮ᠃ᠪᠠᠭᠰᠢ ᠬᠦᠮᠦᠨ ᠭᠡᠵᠦ ᠦᠨᠡᠨ ᠳᠡᠭᠡᠨ ᠠᠭᠤᠣ ᠶᠡᠭᠡ ᠶᠤᠮ᠃ ᠲᠡᠳᠡᠨ ᠤ ᠬᠦᠮᠦᠨ ᠮᠦᠰᠦ᠂ ᠠᠭᠤᠣ ᠶᠡᠭᠡ ᠰᠦᠷ ᠬᠦᠴᠦᠨ᠂ ᠠᠤᠭ᠎ᠠ ᠵᠠᠩ ᠴᠢᠨᠠᠷ ᠰᠤᠷᠤᠭᠴᠢᠳ ᠢᠶᠠᠨ ᠨᠠᠰᠤ ᠪᠠᠷ ᠨᠢ ᠳᠠᠭᠠᠭᠤᠯᠤᠨ ᠳᠠᠶᠢᠴᠢᠯᠠᠳᠠᠭ᠃ ᠲᠡᠳᠡ ᠪᠤᠯ ᠲᠦᠭ ᠲᠦᠮᠡᠨ ᠬᠡᠦᠬᠡᠳ ᠢ ᠰᠤᠶᠤᠯ ᠤᠨ ᠰᠢᠮ᠎ᠡ ᠪᠠᠷ ᠤᠭᠵᠢᠵᠤ ᠶᠠᠪᠤᠭᠰᠠᠨ ᠮᠤᠨᠳᠠᠭ ᠬᠦᠮᠦᠰ ᠶᠤᠮ᠃ᠲᠡᠶᠢᠮᠦ ᠡ᠂ ᠨᠠᠬᠢᠶ᠎ᠠ ᠶᠢ ᠠᠰᠬᠠᠷᠠᠭᠤᠯᠬᠤ ᠬᠦᠯᠦᠰᠦ ᠪᠠᠷ ᠢᠶᠠᠨ ᠠᠷᠢᠭᠤᠨ ᠰᠤᠶᠤᠯ ᠤᠨ ᠰᠢᠮᠡᠳᠦ ᠬᠦᠷᠦᠰᠦ ᠶᠢ ᠤᠮᠳᠠᠯᠠᠨ ᠲᠤᠭ᠎ᠠ ᠲᠤᠮᠰᠢ ᠦᠭᠡᠢ ᠰᠤᠶᠤᠯ ᠤᠨ ᠨᠠᠬᠢᠶ᠎ᠠ ᠶᠢ ᠪᠤᠶᠢᠵᠢᠭᠤᠯᠵᠤ᠂ ᠡᠬᠡ ᠤᠯᠤᠰ ᠤᠨ ᠦᠨᠳᠦᠰᠦᠳᠡᠨ ᠤ ᠪᠠᠨ ᠰᠠᠷᠠᠭᠤᠯ ᠢᠷᠡᠭᠡᠳᠦᠢ ᠶᠢᠨ ᠲᠦᠯᠦᠭᠡ ᠤᠶᠢᠭ᠎ᠠ ᠦᠭᠡᠢ ᠶᠡᠭᠡ ᠬᠦᠴᠦᠨ ᠴᠢᠳᠠᠯ ᠢᠶᠠᠨ ᠡᠷᠭᠦᠵᠦ ᠶᠠᠪᠤᠭᠰᠠᠨ ᠮᠤᠷᠢᠳᠠᠢ ᠪᠠᠭᠰᠢ ᠮᠢᠨᠢ᠂ ᠡᠯᠡᠰᠦ ᠮᠠᠩᠬᠠᠨ ᠤ ᠡᠬᠡ ᠨᠤᠳᠤᠭ ᠲᠠᠭᠠᠨ ᠦᠨᠢ ᠮᠦᠩᠭᠡ ᠰᠦᠨᠳᠡᠷᠯᠡᠬᠦ ᠮᠦᠩᠭᠡ ᠶᠢᠨ ᠬᠦᠰᠢᠶ᠎ᠡ ᠪᠢᠯᠡ᠃
 
ᠢᠷᠡᠯᠲᠡ᠄ ᠲᠦᠩᠯᠢᠶᠤᠤ ᠶᠢᠨ ᠮᠤᠩᠭᠤᠯ ᠰᠤᠨᠢᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号