ᠬᠦᠰᠠᠯᠠᠩ ᠪᠠ ᠬᠦᠴᠦᠨ ᠵᠣᠷᠢᠭ
ᠨᠡᠶᠢᠲᠡᠯᠡᠭᠰᠡᠨ ᠴᠠᠭ᠄
2023/10/31
ᠬᠦᠰᠠᠯᠠᠩ ᠪᠠ ᠬᠦᠴᠦᠨ ᠵᠣᠷᠢᠭ                        ᠨᠠ᠊ · ᠰᠡᠴᠡᠨᠪᠢᠯᠢᠭᠬᠦᠰᠡᠯᠡᠩ ᠠᠴᠠ ᠬᠦᠴᠦᠨ ᠵᠣᠷᠢᠭ ᠤᠨᠳᠤᠷᠳᠠᠭ ᠢ ᠡᠨᠡ ᠤᠳᠠᠭ᠎ᠠ ᠪᠢ ᠲᠠᠶᠢᠱᠠᠨ ᠠᠭᠤᠯᠠᠨ ᠳᠡᠭᠡᠷ᠎ᠡ ᠠᠴᠠ ᠨᠠᠷᠠ ᠮᠠᠨᠳᠤᠬᠤ ᠶᠢ ᠦᠵᠡᠬᠦ ᠳᠡᠭᠡᠨ ᠪᠤᠳᠤᠯ᠎ᠠ᠃ ᠠᠭᠤᠯᠠ ᠠᠪᠠᠷᠢᠵᠦ ᠪᠠᠶᠢᠬᠤ ᠳᠠᠭᠠᠨ ᠦᠪᠡᠷ ᠤᠨ ᠨᠢᠳᠦ ᠪᠠᠷ ᠢᠶᠠᠨ ᠬᠠᠷᠠᠵᠤ᠂ ᠪᠡᠶ᠎ᠡ ᠰᠡᠳᠭᠢᠯ ᠢᠶᠠᠷ ᠢᠶᠠᠨ ᠮᠡᠳᠡᠷᠡᠯ᠎ᠡ᠃ᠠᠵᠢᠯ ᠤᠨ ᠠᠮᠠᠷᠠᠯᠲᠠ ᠪᠠᠨ ᠠᠪᠬᠤ ᠪᠣᠯᠣᠭᠠᠳ ᠪᠠᠶᠢᠭᠰᠠᠨ ᠨᠠᠮᠤᠷ ᠤᠨ ᠡᠬᠢᠨ ᠤ ᠰᠠᠶᠢᠬᠠᠨ ᠴᠠᠭ ᠲᠤ ᠳᠠᠶᠢᠱᠠᠨ ᠠᠭᠤᠯᠠᠨ ᠳᠠᠭᠡᠷ᠎ᠡ ᠠᠴᠠ ᠡᠭᠦᠯᠡᠨ ᠳᠠᠯᠠᠢ ᠳᠡᠭᠡᠷ᠎ᠡ ᠨᠠᠷᠠᠨ ᠮᠠᠨᠳᠤᠬᠤ ᠳᠡᠯᠡᠬᠡᠢ ᠳᠤ ᠬᠤᠣᠰ ᠦᠭᠡᠢ ᠭᠤᠶᠤ ᠦᠵᠡᠮᠵᠢ ᠶᠢ ᠰᠣᠨᠢᠷᠬᠠᠬᠤ ᠠᠵᠠ ᠲᠣᠬᠢᠶᠠᠯ ᠬᠠᠷᠭᠤᠯ᠎ᠠ᠃ᠪᠢ ᠥᠬᠢᠨ ᠲᠠᠢ ᠪᠠᠨ ᠬᠤᠶᠠᠭᠤᠯᠠ ᠲᠠᠶᠢᠱᠠᠨ ᠠᠭᠤᠯᠠᠨ ᠳᠤ ᠠᠪᠠᠷᠢᠬᠤ ᠪᠠᠷ ᠲᠡᠷᠡ ᠡᠳᠦᠷ ᠤᠨ ᠦᠳᠡ ᠶᠢᠨ ᠬᠤᠶᠢᠨ᠎ᠡ ᠰᠠᠶᠢᠨ ᠤᠨᠲᠠᠵᠤ ᠠᠮᠠᠷᠠᠵᠤ ᠭᠠᠶᠢᠭᠤᠢ ᠭᠡᠭᠴᠢ ᠬᠤᠭᠤᠯᠠᠯᠠᠴᠢᠬᠠᠭᠠᠳ ᠵᠢᠨᠠᠨ ᠠᠴᠠ ᠲᠠᠢ ᠠᠨ᠂ ᠲᠠᠢ ᠠᠨ ᠠᠴᠠ ᠲᠠᠶᠢᠱᠠᠨ ᠠᠭᠤᠯᠠ ᠶᠢᠨ ᠬᠤᠷᠮᠤᠢ ᠳᠤ ᠬᠤᠷᠳᠤᠨ ᠤ ᠭᠠᠯᠲᠤ ᠲᠡᠷᠭᠡ ᠪᠠᠷ ᠬᠦᠷᠬᠦ ᠳᠤ ᠤᠷᠤᠢ ᠶᠢᠨ ᠠᠷᠪᠠᠨ ᠴᠠᠭ ᠬᠠᠭᠠᠰ ᠪᠣᠯᠵᠤ ᠪᠠᠶᠢᠯ᠎ᠠ᠃ ᠠᠳᠡ ᠬᠦᠮᠦᠨ ᠤ ᠳᠠᠯᠠᠢ ᠪᠤᠯᠵᠥ᠂ ᠡᠮᠤᠨ᠎ᠠ ᠢᠷᠡᠭᠰᠡᠨ ᠨᠢ ᠠᠭᠤᠯᠠ ᠠᠪᠠᠷᠢᠵᠤ ᠡᠬᠢᠯᠡᠭᠡᠳ ᠪᠦᠭᠡᠳ ᠨᠡᠮᠡᠨ ᠨᠡᠮᠡᠨ ᠢᠷᠡᠵᠦ ᠯᠡ ᠪᠠᠶᠢᠯ᠎ᠠ᠃ ᠬᠦᠮᠦᠰ ᠲᠠᠶᠠᠭ᠂ ᠭᠠᠷ ᠳ᠋ᠧᠩ᠂ ᠬᠦᠨᠡᠰᠦ ᠤᠰᠤ ᠠᠪᠤᠭᠰᠠᠨ ᠪᠦᠭᠡᠳ ᠠᠭᠤᠯᠠᠨ ᠤ ᠣᠷᠣᠢ ᠳᠤ ᠰᠡᠷᠢᠭᠦᠨ ᠬᠦᠢᠲᠡᠪᠳᠦᠷ ᠪᠠᠶᠢᠳᠠᠭ ᠤᠨ ᠤᠴᠢᠷ ᠵᠡᠷᠢᠮ ᠨᠢ ᠬᠦᠪᠦᠩ ᠳ᠋ᠠᠴᠠᠩ ᠴᠤ ᠡᠭᠦᠷᠥᠭᠰᠡᠨ ᠪᠠᠶᠢᠯ᠎ᠠ᠃ ᠪᠢᠳᠡ ᠬᠤᠶᠠᠷ ᠴᠤ ᠨᠢᠭᠡ ᠨᠢᠭᠡ ᠲᠠᠶᠠᠭ᠂ ᠨᠢᠭᠡ ᠭᠠᠷ ᠳ᠋ᠧᠩ᠂ ᠬᠦᠨᠡᠰᠦ ᠤᠰᠤ ᠠᠪᠤᠭᠠᠳ᠂ ᠠᠭᠤᠯᠠ ᠶᠢᠨ ᠤᠷᠤᠢ ᠶᠢᠨ ᠬᠠᠪᠢ ᠳᠤ ᠬᠦᠪᠦᠩ ᠬᠤᠪᠴᠠᠰᠤ ᠲᠦᠷᠢᠶᠡᠰᠦᠯᠡᠵᠦ ᠪᠠᠶᠢᠨ᠎ᠠ ᠭᠡᠰᠡᠨ ᠲᠤᠯᠠ ᠬᠦᠩᠭᠡᠨ ᠢ ᠪᠤᠳᠤᠭᠠᠳ ᠠᠪᠤᠭᠰᠠᠨ ᠦᠭᠡᠢ᠃ ᠪᠢᠳᠡ ᠰᠦᠨᠢ ᠶᠢᠨ ᠠᠷᠪᠠᠨ ᠴᠠᠭ ᠳᠥᠴᠢ ᠠᠴᠠ ᠬᠦᠮᠦᠰ ᠲᠠᠢ ᠴᠤᠭ ᠠᠭᠤᠯᠠ ᠠᠪᠠᠷᠢᠵᠦ ᠡᠬᠢᠯᠡᠯ᠎ᠡ᠃ᠠᠭᠤᠯᠠ ᠳᠠᠪᠠᠭᠤ ᠬᠦᠮᠦᠨ ᠤᠯᠠᠨ᠂ ᠪᠠᠷᠤᠭᠯᠠᠬᠤ ᠳᠤ ᠲᠦᠮᠡ ᠭᠠᠷᠤᠢ ᠴᠤ ᠪᠦᠷ ᠪᠠᠶᠢᠨ᠎ᠠ᠃ ᠤᠯᠠᠩᠭᠢ ᠨᠢ ᠵᠠᠯᠠᠭᠤᠴᠤᠳ ᠪᠠᠶᠢᠵᠤ᠂ ᠬᠡᠦᠬᠡᠳ ᠳᠠᠭᠠᠭᠤᠯᠤᠭᠰᠠᠨ ᠨᠢ ᠴᠤ ᠪᠤᠢ᠂ ᠵᠢᠷᠠ ᠭᠠᠷᠤᠭᠰᠠᠨ ᠨᠢ ᠬᠠᠷᠢᠨ ᠴᠦᠬᠡᠪᠲᠦᠷ ᠪᠠᠶᠢᠯ᠎ᠠ᠃ ᠡᠨᠡ ᠣᠯᠠᠨ ᠬᠦᠮᠦᠨ᠂ ᠲᠡᠷᠡ ᠬᠤᠯᠠ ᠠᠴᠠ ᠢᠷᠡᠵᠦ ᠬᠠᠷᠠᠩᠭᠤᠢ ᠱᠠᠲᠤ ᠪᠠᠷ ᠰᠥᠨᠢᠵᠢᠨ ᠠᠭᠤᠯᠠ ᠠᠪᠠᠷᠢᠨ᠎ᠠ ᠭᠡᠭᠴᠢ ᠦᠯᠢᠭᠡᠷ ᠳᠣᠮᠤᠭ ᠰᠢᠭ ᠴᠤ ᠰᠠᠨᠠᠭᠳᠠᠬᠤ ᠶᠤᠮ᠃ ᠭᠡᠲᠡᠯ᠎ᠡ ᠦᠨᠡᠨ︕ ᠡᠨᠡ ᠳᠤᠮᠳᠠ ᠪᠢᠳᠡ ᠬᠤᠶᠠᠷ ᠴᠤ ᠶᠠᠪᠤᠵᠤ ᠪᠠᠶᠢᠭ᠎ᠠ ᠰᠢᠦ᠃ ᠲᠡᠷᠡ ᠠᠯᠤᠰ ᠥᠨᠳᠦᠷ ᠲᠤ᠂ ᠲᠡᠭᠷᠢ ᠶᠢᠨ ᠲᠠᠩᠨᠠᠢ ᠳᠤ ᠰᠡᠭᠦᠳᠡᠭᠡᠨᠡᠵᠤ ᠪᠠᠶᠢᠭ᠎ᠠ ᠳ᠋ᠧᠩ ᠤᠨ ᠭᠡᠷᠡᠯ ᠪᠣᠯ ᠠᠭᠤᠯᠠ ᠶᠢᠨ ᠣᠷᠣᠢ ᠨᠢ ᠭᠡᠰᠡᠨ᠃ ᠲᠡᠭᠦᠨ ᠳᠡᠭᠡᠷ᠎ᠡ ᠭᠠᠷᠴᠤ ᠡᠭᠦᠯᠡᠨ ᠳᠠᠯᠠᠢ ᠳᠡᠭᠡᠷ᠎ᠡ ᠨᠠᠷᠠᠨ ᠮᠠᠨᠳᠤᠬᠤ ᠶᠢ ᠦᠵᠡᠨ᠎ᠡ᠃ ᠬᠦᠰᠡᠯ ᠳᠡᠭᠡᠨ ᠬᠦᠲᠦᠯᠥᠭᠳᠡᠭᠰᠡᠨ ᠬᠦᠮᠦᠨ ᠤ ᠤᠷᠤᠰᠬᠠᠯ︕ ᠡᠨᠡ ᠤᠷᠤᠰᠬᠠᠯ ᠤᠷᠤᠭᠤ ᠪᠠᠨ ᠪᠢᠰᠢ᠂ ᠬᠠᠷᠠᠩᠭᠤᠢ ᠴᠢᠯᠠᠭᠤᠨ ᠱᠠᠲᠤ ᠪᠠᠷ ᠠᠭᠤᠯᠠ ᠥᠭᠡᠳᠡ ᠱᠤᠤᠭᠢᠨ ᠤᠷᠤᠰᠤᠨ᠎ᠠ᠃ᠬᠦᠮᠦᠰ ᠴᠤᠭ ᠰᠦᠯᠳᠡ ᠪᠠᠳᠠᠷᠠᠭᠤᠨ ᠪᠠᠶᠢᠬᠤ ᠶᠢ ᠬᠠᠷᠠᠭᠠᠳ ᠪᠢ ᠴᠤ ᠦᠪᠡᠷ ᠤᠨ ᠡᠷᠬᠡ ᠦᠭᠡᠢ ᠵᠣᠷᠢᠭᠵᠢᠨ ᠬᠥᠭᠰᠡᠯ᠎ᠡ᠃ ᠵᠠᠭᠤᠭᠠᠳ ᠱᠠᠲᠤ ᠳᠠᠪᠠᠭᠤ ᠶᠢᠨ ᠦᠶ᠎ᠡ ᠪᠠᠷ ᠬᠦᠯᠦᠰᠦ ᠠᠰᠬᠠᠷᠠᠵᠤ᠂ ᠠᠮᠢᠰᠬᠤᠭ᠎ᠠ ᠴᠢᠬᠤᠯᠳᠠᠵᠤ᠂ ᠡᠪᠦᠳᠦᠭ ᠬᠦᠰᠢᠵᠦ ᠡᠬᠢᠯᠡᠯ᠎ᠡ᠃ ᠳᠥᠴᠢ ᠲᠠᠪᠢᠨ ᠱᠠᠲᠤ ᠠᠪᠠᠷᠢᠪᠠᠯ ᠠᠮᠠᠷᠠᠵᠤ ᠪᠣᠯᠬᠤ ᠪᠠᠭ᠎ᠠ ᠴᠢᠯᠠᠭᠤᠨ ᠲᠠᠪᠴᠠᠩ ᠲᠠᠢ ᠤᠴᠢᠷ ᠪᠠᠭ᠎ᠠ ᠠᠮᠠᠷᠠᠭᠠᠳ ᠠᠪᠠᠷᠢᠨ᠎ᠠ᠃ ᠲᠠᠪᠤ ᠵᠢᠷᠭᠤᠭᠠᠨ  ᠮᠧᠲᠷ ᠤᠨ ᠥᠷᠭᠡᠨ ᠱᠠᠳᠥ ᠪᠠᠷ ᠬᠦᠮᠦᠨ ᠳᠦᠭᠦᠷᠡᠩ᠃ ᠭᠠᠷ ᠳ᠋ᠧᠩ ᠤᠳ ᠭᠢᠯᠠᠯᠵᠠᠭᠠᠳ ᠦᠪᠡᠷ ᠤᠨ ᠳ᠋ᠧᠩ ᠢᠶᠠᠨ ᠠᠰᠠᠭᠠᠬᠤ ᠦᠭᠡᠢ ᠴᠤ ᠭᠡᠭᠡ ᠲᠠᠢ ᠪᠣᠯᠪᠠᠴᠤ ᠲᠠᠶᠠᠭ ᠤᠳ ᠲᠢᠭ ᠲᠠᠭ ᠳᠤᠤᠭᠠᠷᠴᠤ ᠬᠥᠯ ᠢᠶᠠᠷ ᠬᠥᠰᠢᠯᠳᠤᠭᠡᠳ ᠬᠢᠴᠢᠶᠡᠬᠦ ᠦᠭᠡᠢ ᠪᠣᠯ ᠪᠥᠳᠦᠷᠢᠬᠦ ᠪᠤᠶᠤ ᠪᠤᠰᠤᠳ ᠢ ᠪᠥᠳᠤᠷᠢᠭᠦᠯᠬᠦ ᠳᠤ ᠡᠨᠡᠭᠦᠬᠡᠨ ᠳᠤ ᠪᠠᠶᠢᠯ᠎ᠠ᠃ ᠲᠡᠭᠷᠢ ᠶᠢᠨ ᠳᠤᠮᠳᠠ ᠡᠭᠦᠳᠡ ᠬᠡᠮᠡᠬᠦ ᠭᠠᠵᠠᠷ ᠬᠦᠷᠬᠦ ᠳᠤ ᠳᠦᠷᠪᠡᠨ ᠮᠢᠩᠭ᠎ᠠ ᠳᠠᠪᠤᠨ ᠵᠠᠭᠤᠨ  ᠮᠧᠲᠷ᠃ ᠲᠠᠶᠠᠭ ᠢᠶᠠᠨ ᠲᠤᠯᠤᠨ ᠬᠦᠵᠦᠭᠦᠦ ᠰᠤᠩᠭᠠᠨ ᠨᠡᠯᠢᠶᠡᠳ ᠮᠠᠴᠤᠵᠤ ᠪᠠᠶᠢᠭᠠᠳ ᠠᠮᠠᠷᠠᠬᠤ ᠳᠠᠭᠠᠨ ᠭᠠᠷ ᠤᠳᠠᠰᠤᠨ ᠤ ᠪᠠᠨ ᠤᠳᠤᠷᠢᠳᠤᠮᠵᠢ ᠶᠢ ᠦᠵᠡᠬᠦ ᠳᠤ ᠰᠡᠶ᠋ᠢ ᠵᠠᠭᠤᠭᠠᠳᠬᠠᠨ  ᠮᠧᠲᠷ ᠤᠭᠤᠭᠰᠠᠨ ᠪᠠᠶᠢᠳᠠᠭ᠃ ᠱᠠᠲᠤᠨ ᠤ ᠬᠠᠵᠠᠭᠤ ᠳᠤ ᠠᠮᠠᠷᠠᠬᠤ ᠳᠠᠭᠠᠨ ᠳᠡᠭᠡᠭᠰᠢ ᠮᠠᠴᠤᠨ ᠥᠩᠭᠡᠷᠡᠬᠦ ᠬᠦᠮᠦᠰ ᠤᠨ ᠴᠢᠷᠠᠢ ᠶᠢᠨ ᠥᠩᠭᠡ᠂ ᠳᠦᠷᠢ ᠪᠠᠶᠢᠳᠠᠯ ᠢ ᠬᠠᠷᠠᠬᠤ ᠳᠤ ᠬᠦᠮᠥᠰᠭᠡ ᠵᠠᠩᠭᠢᠳᠤᠨ᠂ ᠬᠦᠯᠥᠰᠦ ᠪᠠᠨ ᠤᠷᠤᠰᠬᠠᠨ᠂ ᠲᠠᠶᠠᠭ ᠢᠶᠠᠨ ᠲᠤᠯᠤᠨ ᠱᠠᠲᠤ ᠱᠠᠲᠤ ᠪᠠᠷ ᠦᠭᠰᠦᠵᠦ᠂ ᠠᠮᠢᠰᠬᠤᠭᠠᠳᠠᠨ ᠶᠤᠤᠯᠠᠬᠤ ᠪᠤᠶᠤ ᠠᠮᠠᠨ ᠳᠠᠭᠠᠨ ᠶᠠᠭᠤᠮ᠎ᠠ ᠳᠦᠳᠦᠨᠡᠨ᠎ᠡ᠃ ᠳᠥᠷᠪᠡᠨ ᠮᠥᠴᠢᠯᠡᠭᠡᠳ ᠮᠠᠴᠤᠵᠤ ᠪᠠᠶᠢᠭ᠎ᠠ᠂ ᠲᠠᠩᠴᠤ ᠶᠠᠳᠠᠷᠠᠵᠤ ᠲᠦᠢᠯᠳᠠᠭᠰᠠᠨ ᠬᠦᠮᠦᠨ ᠴᠤ ᠬᠠᠷᠠᠭᠳᠠᠵᠤ ᠪᠠᠶᠢᠯ᠎ᠠ᠃ ᠮᠦᠨ ᠴᠤ ᠵᠣᠷᠢᠭᠲᠠᠢ ᠪᠠᠶᠢᠨ᠎ᠠ ᠰᠢᠦ︕ ᠲᠡᠭᠷᠢ ᠶᠢᠨ ᠳᠤᠮᠳᠠ ᠡᠭᠦᠳᠡ ᠥᠩᠭᠡᠷᠡᠭᠡᠳ ᠱᠠᠲᠤ ᠤᠯᠠᠮ ᠡᠭᠴᠡᠷᠡᠨ ᠦᠷᠭᠦᠯᠵᠢᠯᠡᠭᠡᠳ ᠠᠮᠠᠷᠠᠵᠤ ᠵᠤᠭᠰᠤᠬᠤ ᠲᠠᠪᠴᠠᠩ ᠴᠤ ᠦᠭᠡᠢ ᠪᠣᠯᠣᠭᠰᠠᠨ ᠲᠤᠯᠠ ᠭᠤᠴᠢ ᠳᠥᠴᠢᠨ ᠱᠠᠲᠤ ᠴᠢᠷᠮᠠᠶᠢᠵᠤ ᠮᠠᠴᠤᠭᠠᠳ ᠬᠠᠮᠢᠭ᠎ᠠ ᠪᠣᠯ ᠲᠡᠨᠳᠡ ᠪᠠᠨ ᠱᠠᠲᠤᠨ ᠳᠡᠭᠡᠷ᠎ᠡ ᠰᠠᠭᠤᠵᠤ ᠪᠠᠭ᠎ᠠ ᠠᠮᠠᠷᠠᠭᠠᠳ ᠴᠢᠨᠠᠭᠰᠢ ᠮᠠᠴᠤᠨ᠎ᠠ᠃ ᠲᠠᠶᠠᠭ ᠢᠶᠠᠨ ᠬᠤᠶᠠᠷ ᠭᠠᠷ ᠢᠶᠠᠷ ᠢᠶᠠᠨ ᠲᠤᠯᠵᠤ ᠭᠤᠷᠪᠠ ᠬᠦᠯᠯᠡᠨ ᠡᠷᠡᠦ ᠡᠪᠦᠳᠦᠭ ᠲᠤᠯᠤᠨ ᠮᠠᠴᠤᠨ᠎ᠠ᠃ ᠬᠦᠯᠥᠰᠦ ᠭᠡᠭᠴᠢ ᠬᠤᠪᠴᠠᠰᠤ ᠶᠢ ᠤᠬᠢᠶᠠᠵᠤ᠂ ︽ᠮᠠᠩᠨᠠᠢ ᠶᠢᠨ ᠬᠦᠯᠥᠰᠦ ᠪᠠᠨ ᠵᠤᠯᠤᠭ ᠲᠠᠭᠠᠨ ᠠᠷᠴᠢᠭᠠᠳ︾ ᠭᠡᠳᠡᠭ ᠢᠶᠠᠷ ᠵᠣᠪᠬᠢ ᠵᠠᠪᠠᠵᠢ ᠪᠠᠷ ᠤᠷᠤᠰᠤᠨ ᠣᠷᠣᠵᠣ ᠱᠣᠷᠪᠤᠭ ᠤᠷᠭᠢᠬᠤ ᠬᠥᠯᠥᠰᠦ ᠪᠠᠨ ᠥᠮᠥᠳᠦᠨ ᠳᠡᠭᠡᠨ ᠠᠷᠴᠢᠭᠠᠳ ︽ᠪᠢ ᠴᠢᠨᠢ ᠬᠡᠨ ᠤ ᠬᠤᠶᠢᠴᠢᠰ ᠪᠢᠯᠡ᠂ ᠵᠣᠷᠢᠭᠲᠠᠢ ᠪᠠᠶᠢᠬᠤ ᠨᠢ ᠲᠠᠭᠠᠷᠠᠨ᠎ᠠ︾ ᠭᠡᠵᠦ ᠪᠡᠶ᠎ᠡ ᠪᠠᠨ ᠵᠣᠷᠢᠭᠵᠢᠭᠤᠯᠤᠨ ᠰᠢᠳᠦ ᠵᠠᠭᠤᠨ ᠮᠠᠴᠤᠯ᠎ᠠ᠃ ︽ᠳᠤᠷ᠎ᠠ ᠳᠤ ᠰᠢᠷ᠎ᠠ ᠦᠭᠡᠢ︾ ᠭᠡᠵᠦ ᠡᠬᠦᠨ ᠢ ᠬᠡᠯᠡᠨ᠎ᠡ ᠪᠠᠶᠢᠬ᠎ᠠ︕ ᠳᠥᠷᠪᠡᠨ ᠴᠠᠭ ᠬᠠᠭᠠᠰ ᠪᠣᠯᠬᠤ ᠳᠤ ᠦᠷ ᠴᠠᠶᠢᠵᠤ ᠠᠭᠤᠯᠠ ᠶᠢᠨ ᠣᠷᠣᠢ ᠬᠠᠷᠠᠭᠳᠠᠵᠤ᠂ ᠬᠦᠰᠡᠯ ᠤᠨ ᠭᠡᠭᠡ ᠦᠵᠡᠭᠳᠡᠯ᠎ᠡ᠃ ᠠᠭᠤᠯᠠ ᠶᠢᠨ ᠣᠷᠣᠢ ᠳᠤ ᠮᠠᠴᠤᠨ ᠭᠠᠷᠴᠠᠭᠠᠵᠤ ᠨᠠᠷᠠ ᠮᠠᠨᠳᠤᠬᠤ ᠶᠢ ᠦᠵᠡᠬᠦ ᠲᠣᠬᠢᠲᠠᠢ ᠣᠷᠣᠨ ᠪᠠᠶᠢᠷᠢ ᠪᠠᠨ ᠣᠯᠵᠣ ᠵᠣᠭᠰᠣᠵᠠᠭᠠᠯ᠎ᠠ᠃ᠡᠭᠦᠯᠡᠨ ᠳᠠᠯᠠᠢ ᠳᠡᠭᠡᠷ᠎ᠡ ᠨᠠᠷᠠᠨ ᠮᠠᠨᠳᠤᠯ᠎ᠠ᠃ ᠪᠢ ᠥᠪᠡᠷ ᠤᠨ ᠡᠷᠬᠡ ᠦᠭᠡᠢ ᠬᠤᠷᠦ᠋ᠢᠯᠠᠨ ᠭᠦᠦᠬᠡᠶᠢᠯᠡᠵᠤ ᠪᠠᠶᠢᠭ᠎ᠠ ᠬᠦᠮᠦᠰ ᠤᠨ ᠬᠠᠷᠠᠴᠠ ᠶᠢ ᠬᠠᠷᠠᠯ᠎ᠠ᠃ ᠬᠦᠮᠦᠰ ᠤᠨ ᠬᠠᠷᠠᠴᠠ ᠠᠴᠠ ᠪᠠᠶᠠᠷᠲᠤ ᠬᠦᠰᠡᠯ ᠤᠨ ᠭᠡᠭᠡ ᠳᠤᠸᠠᠯᠠᠨ᠎ᠠ᠃ ᠣᠨᠴᠠᠭᠠᠶᠢᠯᠠᠨ ᠲᠡᠳᠡᠭᠡᠷ ᠵᠠᠯᠠᠭᠤᠰ ᠤᠨ ᠬᠠᠷᠠᠴᠠ᠂ ᠡᠭᠦᠯᠡᠨ ᠳᠠᠯᠠᠢ ᠳᠡᠭᠡᠷ᠎ᠡ ᠮᠠᠨᠳᠤᠨ ᠭᠠᠷᠬᠤ ᠨᠠᠷᠠᠨ ᠠᠴᠠ ᠴᠤ ᠭᠤᠶᠤ ᠬᠠᠷᠠᠭᠳᠠᠯ᠎ᠠ᠃ ᠵᠢᠷᠭᠤᠭᠠᠨ ᠮᠢᠩᠭ᠎ᠠ ᠭᠤᠷᠪᠠᠨ ᠵᠠᠭᠤ ᠵᠢᠷᠠᠨ ᠵᠢᠷᠭᠤᠭᠠᠨ ᠴᠢᠯᠠᠭᠤᠨ ᠱᠠᠲᠤ ᠪᠠᠷ ᠠᠷᠪᠠᠨ ᠨᠠᠢᠮᠠᠨ ᠭᠠᠵᠠᠷ ᠢ ᠵᠢᠷᠭᠤᠭᠠᠨ ᠴᠠᠭ ᠭᠠᠷᠤᠢ ᠬᠠᠷᠠᠩᠭᠤᠢ ᠪᠠᠷ ᠠᠶᠠᠯᠠᠵᠤ᠂ ᠭᠠᠵᠡᠷ ᠤᠨ ᠲᠥᠪᠰᠢᠨ ᠠᠴᠠ ᠪᠠᠨ ᠮᠢᠩᠭ᠎ᠠ ᠭᠤᠷᠪᠠᠨ ᠵᠠᠭᠤ ᠭᠠᠷᠤᠢ  ᠮᠧᠲᠷ᠂ ᠳᠠᠷᠤᠢ ᠳᠥᠷᠪᠡᠨ ᠵᠠᠭᠤᠨ ᠳᠠᠪᠬᠤᠷ ᠠᠰᠠᠷ ᠤᠨ ᠬᠢᠷᠢ ᠦᠨᠳᠦᠷ ᠤᠷᠬᠢᠯ ᠳᠤ ᠮᠠᠴᠤᠨ ᠭᠠᠷᠤᠭᠰᠠᠨ ᠬᠦᠰᠡᠯ ᠤᠨ ᠬᠠᠷᠠᠴᠠ ᠡᠨᠡ ᠪᠠᠶᠢᠯ᠎ᠠ᠃ᠲᠠᠶᠢᠱᠠᠨ ᠠᠭᠤᠯᠠᠨ ᠳᠡᠭᠡᠷ᠎ᠡ ᠠᠴᠠ ᠡᠭᠦᠯᠡᠨ ᠳᠠᠯᠠᠢ ᠳᠤ ᠨᠠᠷᠠᠨ ᠮᠠᠨᠳᠤᠬᠤ ᠶᠢ ᠦᠵᠡᠬᠦ ᠨᠢ ᠬᠦᠰᠡᠯᠡᠩ ᠤᠨ ᠲᠤᠬᠠᠢ ᠨᠢᠭᠡᠨ ᠳᠠᠯᠠᠪᠠᠢ ᠰᠣᠷᠢᠯᠲᠠ ᠪᠠᠶᠢᠵᠠᠢ᠃ ᠡᠭᠦᠨ ᠠᠴᠠ ᠪᠢ ᠬᠦᠰᠡᠯᠡᠩ ᠤᠨ ᠲᠥᠯᠥᠭᠡ ᠤᠷᠬᠢᠯᠳᠠᠭ ᠬᠦᠴᠦᠨ ᠵᠣᠷᠢᠭ᠂ ᠬᠦᠰᠡᠯᠡᠩ ᠢᠶᠠᠨ ᠪᠡᠶᠡᠯᠡᠭᠦᠯᠥᠭᠰᠡᠨ ᠪᠠᠶᠠᠷᠲᠤ ᠬᠠᠷᠠᠴᠠ ᠶᠢ ᠣᠯᠵᠤ ᠬᠠᠷᠠᠯ᠎ᠠ᠃ ᠡᠩᠬᠡ ᠵᠢᠷᠭᠠᠯᠠᠩᠲᠤ ᠡᠬᠡ ᠤᠷᠤᠨ ᠤ ᠮᠢᠨᠢ ᠡᠰᠡᠨᠢᠯ ᠬᠥᠭᠵᠢᠯ ᠶᠠᠭ ᠯᠠ ᠲᠠᠶᠢᠱᠠᠨ ᠠᠭᠤᠯᠠᠨ ᠠᠴᠠ ᠤᠷᠭᠤᠨ ᠮᠠᠨᠳᠤᠬᠤ ᠭᠡᠷᠡᠯᠲᠤ ᠨᠠᠷᠠᠨ ᠤ ᠲᠤᠶᠠᠭ᠎ᠠ ᠮᠡᠳᠤ ᠰᠠᠨᠠᠭᠳᠠᠨ᠎ᠠ ᠪᠢᠯᠡ︕
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号