ᠠᠭᠤᠯᠠ ᠭᠡᠳᠡᠭ ᠡᠬᠡ ᠤᠷᠤᠨ ᠶᠤᠮ
ᠨᠡᠶᠢᠲᠡᠯᠡᠭᠰᠡᠨ ᠴᠠᠭ᠄
2023/10/31
ᠠᠭᠤᠯᠠ ᠭᠡᠳᠡᠭ ᠡᠬᠡ ᠤᠷᠤᠨ ᠶᠤᠮ                      ᠲᠤ᠋ · ᠪᠠᠳᠤᠪᠠᠶᠠᠷ   ᠲᠤᠮᠢᠶ᠎ᠠ ᠨᠢ ᠲᠠᠯ᠎ᠠ᠂ ᠲᠤᠭᠠᠨ ᠤ ᠤᠬᠠᠭᠠᠨ ᠤ ᠪᠠᠲᠤ ᠶᠤᠰᠤ ᠶᠢ ᠠᠭᠤᠯᠠ ᠭᠡᠨᠡᠮ       ᠲᠤᠭ ᠨᠢ ᠬᠠᠷᠭᠠᠨ᠎ᠠ᠂ ᠲᠤᠮᠳᠠᠷᠠᠰᠢ ᠦᠭᠡᠢ ᠶᠡᠭᠡ ᠭᠤᠪᠢ ᠶᠢ ᠠᠭᠤᠯᠠ ᠭᠡᠨᠡᠮ       ᠲᠤᠤᠯᠢ ᠶᠢᠨ ᠰᠢᠭᠤᠢ ᠠᠴᠠ ᠦᠷᠬᠦᠨ ᠨᠢᠰᠦᠭᠰᠡᠨ ᠠᠮᠤᠷ ᠠᠮᠤᠭᠤᠯᠠᠩ ᠢ ᠠᠭᠤᠯᠠ ᠭᠡᠨᠡᠮ       ᠲᠤᠭᠤᠯ ᠤᠨ ᠵᠡᠯᠡᠨ ᠳᠤ ᠢᠪᠢᠯᠤᠨ ᠠᠰᠬᠠᠷᠠᠭᠰᠠᠨ ᠦᠨᠢᠶᠡᠨ ᠰᠦ ᠶᠢ ᠠᠭᠤᠯᠠ ᠭᠡᠨᠡᠮ       ᠦᠳᠡᠭᠦᠰ ᠨᠢᠯᠬ᠎ᠠ ᠬᠤᠶᠠᠷ ᠤᠨ ᠦᠳᠡᠯᠬᠦ ᠦᠰᠭᠦ ᠶᠢᠨ ᠵᠠᠢ ᠶᠢ ᠠᠭᠤᠯᠠ ᠭᠡᠨᠡᠮ       ᠦᠷᠯᠦᠭᠡ ᠦᠳᠡᠰᠢ ᠬᠤᠶᠠᠷ ᠤᠨ ᠤᠷᠭᠤᠵᠤ ᠵᠢᠷᠭᠠᠬᠤ ᠨᠠᠷᠠ ᠶᠢ ᠠᠭᠤᠯᠠ ᠭᠡᠨᠡᠮ       ᠦᠨᠦᠴᠢᠨ ᠬᠦᠪᠡᠭᠦᠨ ᠢ ᠡᠷᠭᠦᠭᠰᠡᠨ ᠦᠷᠤᠪᠴᠢᠬᠡᠨ ᠡᠮᠡᠭᠡᠨ ᠢ ᠠᠭᠤᠯᠠ ᠭᠡᠨᠡᠮ       ᠦᠷ᠎ᠠ ᠶᠢᠨ ᠢᠶᠠᠨ ᠦᠷ᠎ᠠ ᠳᠤ ᠵᠠᠶᠠᠭᠠᠬᠤ ᠵᠢᠪᠬᠤᠭᠠᠳᠤ ᠡᠷ᠎ᠡ ᠬᠦᠮᠦᠨ ᠢ ᠠᠭᠤᠯᠠ ᠭᠡᠨᠡᠮ       ᠠᠭᠤᠯᠠ ᠭᠡᠳᠡᠭ ᠪᠤᠷᠤᠭ ᠡᠪᠡᠰᠤᠨ ᠤ ᠭᠠᠯ ᠨᠠᠭᠠᠴᠤ       ᠠᠭᠤᠯᠠ ᠭᠡᠳᠡᠭ ᠪᠤᠷᠤ ᠬᠦᠷᠦᠭᠡᠰᠦᠨ ᠤ ᠬᠠᠳᠠᠨ ᠵᠢᠷᠤᠭ       ᠠᠯᠳᠠᠨ ᠤᠷᠤᠢ ᠶᠢ ᠨᠢ ᠭᠠᠵᠠᠷ ᠤᠨ ᠰᠦᠷ ᠭᠡᠳᠡᠭ ᠶᠤᠮ       ᠠᠯᠳᠠᠷ ᠴᠠᠳᠢᠭ ᠢ ᠨᠢ ᠡᠬᠡ ᠤᠷᠤᠨ ᠭᠡᠳᠡᠭ ᠶᠤᠮ       ᠤᠳᠠᠭᠠᠨ ᠤᠷᠭᠤᠳᠠᠭ ᠢᠶᠠᠷ ᠢᠶᠠᠨ ᠮᠦᠩᠭᠡ ᠨᠠᠰᠤᠳᠠᠢ ᠲᠡᠭᠷᠢ ᠶᠢᠨ ᠪᠠᠭᠠᠨ᠎ᠠ ᠶᠢ ᠠᠭᠤᠯᠠ ᠭᠡᠨᠡᠮ       ᠦᠨᠳᠦᠷ ᠲᠤ ᠲᠡᠭᠦᠯᠢᠳᠡᠭ ᠢᠶᠠᠷ ᠢᠶᠠᠨ ᠭᠠᠵᠠᠷ ᠠᠮᠢᠳᠠᠢ ᠲᠠᠯ᠎ᠠ ᠶᠢᠨ ᠦᠷᠭᠦᠯᠵᠢᠯᠡᠯ ᠢ ᠠᠭᠤᠯᠠ ᠭᠡᠨᠡᠮ       ᠦᠨᠳᠦᠰᠦ ᠬᠦᠨ ᠢᠶᠠᠷ ᠢᠶᠠᠨ ᠦᠦᠬᠡ ᠲᠡᠤᠬᠡ ᠶᠢᠨ ᠠᠯᠳᠠᠨ ᠲᠤᠪᠴᠢᠶᠠᠨ ᠢ ᠠᠭᠤᠯᠠ ᠭᠡᠨᠡᠮ       ᠦᠷᠯᠦᠭ ᠰᠦᠷᠯᠢᠭ ᠢᠶᠠᠷ ᠢᠶᠠᠨ ᠡᠷᠳᠡᠨ ᠡᠳᠦᠭᠡ ᠶᠢᠨ ᠠᠮᠢᠳᠠᠢ ᠵᠢᠷᠤᠭ ᠢ ᠠᠭᠤᠯᠠ ᠭᠡᠨᠡᠮ       ᠴᠢᠯᠠᠭᠤᠨ ᠲᠡᠪᠡᠯ ᠲᠠᠢ ᠰᠢᠷᠦᠢ ᠮᠠᠬᠠᠪᠤᠳ ᠠᠳᠠᠯ᠎ᠠ ᠪᠠᠨ ᠤᠰᠤᠨ ᠤ ᠨᠡᠭᠦᠳᠡᠯ ᠢ ᠠᠭᠤᠯᠠ ᠭᠡᠨᠡᠮ       ᠬᠠᠳᠠᠨ ᠵᠢᠭᠦᠷ ᠲᠠᠢ ᠭᠤᠪᠢ ᠶᠢᠨ ᠪᠦᠷᠭᠦᠳ ᠠᠳᠠᠯ᠎ᠠ ᠪᠠᠨ ᠰᠡᠳᠭᠢᠯ ᠤᠨ ᠪᠢᠰᠢᠯᠭᠠᠯ ᠢ ᠠᠭᠤᠯᠠ ᠭᠡᠨᠡᠮ       ᠠᠰᠬ᠎ᠠ᠂ ᠱᠤᠪᠬᠤ ᠬᠠᠯᠢᠯ ᠠᠳᠠᠯ᠎ᠠ ᠪᠠᠨ ᠠᠮᠠᠷᠠᠭ ᠰᠢᠪᠠᠭᠤᠳ ᠤᠨ ᠠᠩᠭᠠᠷ ᠴᠠᠩᠭᠠᠷ ᠢ ᠠᠭᠤᠯᠠ ᠭᠡᠨᠡᠮ       ᠠᠷᠭᠠᠯᠢ ᠶᠠᠩᠭᠢᠷ ᠤᠨ ᠪᠡᠷᠭᠡ ᠠᠳᠠᠯ᠎ᠠ ᠪᠠᠨ ᠠᠶᠠᠨ ᠵᠢᠩ ᠤᠨ ᠲᠤᠯᠠᠭᠠᠨ ᠪᠠᠭᠤᠴᠠ ᠶᠢ ᠠᠭᠤᠯᠠ ᠭᠡᠨᠡᠮ       ᠠᠭᠤᠯᠠ ᠭᠡᠳᠡᠭ ᠡᠬᠡ ᠭᠠᠵᠠᠷ ᠤᠨ ᠨᠠᠪᠳᠠᠭ ᠰᠠᠪᠳᠠᠭ       ᠠᠭᠤᠯᠠ ᠭᠡᠳᠡᠭ ᠶᠡᠷᠡ ᠶᠢᠰᠦᠨ ᠲᠡᠭᠷᠢ ᠶᠢᠨ ᠵᠠᠷᠯᠢᠭ ᠤᠨ ᠡᠯᠴᠢᠨ       ᠬᠠᠳᠠᠨ ᠴᠤᠤᠷᠢᠶ᠎ᠠ ᠶᠢ ᠨᠢ ᠦᠬᠡ ᠬᠡᠯᠡ ᠭᠡᠳᠡᠭ ᠶᠤᠮ       ᠬᠠᠶᠢᠷᠬᠠᠨ ᠠᠯᠳᠠᠷ ᠢ ᠨᠢ ᠦᠨᠢ ᠮᠦᠩᠭᠡ ᠭᠡᠳᠡᠭ ᠶᠤᠮ       ᠬᠠᠪᠤᠷ ᠤᠨ ᠴᠠᠰᠤᠨ᠂ ᠵᠤᠨ ᠤ ᠴᠡᠴᠡᠭᠡᠰ᠂ ᠨᠠᠮᠤᠷ ᠤᠨ ᠦᠩᠭᠡ ᠶᠢ ᠠᠭᠤᠯᠠ ᠭᠡᠨᠡᠮ       ᠬᠠᠶᠢᠷ᠎ᠠ ᠶᠢᠨ ᠦᠨᠡᠨ᠂ ᠰᠡᠳᠭᠢᠯ ᠤᠨ ᠪᠦᠭᠡ᠂ ᠰᠠᠨᠠᠭᠠᠨ ᠤ ᠰᠠᠶᠢᠬᠠᠨ ᠢ ᠠᠭᠤᠯᠠ ᠭᠡᠨᠡᠮ       ᠡᠪᠦᠭᠡ ᠶᠢᠨ ᠰᠤᠷᠭᠠᠯ᠂ ᠡᠪᠤᠯ ᠤᠨ ᠵᠢᠪᠡᠷ᠂ ᠡᠪᠡᠰᠤᠨ ᠤ ᠨᠤᠭᠤᠭᠠᠨ ᠢ ᠠᠭᠤᠯᠠ ᠭᠡᠨᠡᠮ       ᠦᠨᠳᠦᠷ ᠲᠡᠭᠡᠳᠦ ᠰᠢᠳᠦᠭᠡᠨ ᠪᠦᠬᠦᠨ ᠢᠶᠠᠨ ᠦᠷᠦᠭᠡᠯ ᠠᠴᠠ ᠬᠠᠷᠠᠮᠨᠠᠵᠤ ᠠᠭᠤᠯᠠ ᠭᠡᠨᠡᠮ     ᠵᠠᠭᠤᠨ ᠵᠢᠯ ᠳᠤ ᠢᠮᠠᠬᠤ ᠤᠷᠭᠤᠳᠠᠭ ᠵᠤᠯᠭᠠᠷᠠᠰᠢ ᠦᠭᠡᠢ ᠤᠨ ᠴᠠᠭ ᠢ ᠠᠭᠤᠯᠠ ᠭᠡᠨᠡᠮ       ᠵᠢᠷᠭᠠᠯ ᠵᠤᠪᠠᠯ ᠵᠢᠷᠭᠠᠯ ᠭᠡᠮᠡᠬᠦᠢ ᠵᠢᠰᠦᠨ ᠲᠡᠭᠳᠡᠷ ᠵᠢᠬᠢᠷᠢᠭᠯᠡᠭᠰᠡᠨ ᠪᠡᠯᠭᠡ ᠲᠡᠮᠪᠡᠷᠢᠯ ᠢ ᠠᠭᠤᠯᠠ ᠭᠡᠨᠡᠮ       ᠵᠢᠷᠭᠤᠭᠠᠳᠠᠢ ᠲᠠᠶᠠᠭ ᠢᠶᠠᠨ ᠲᠤᠯᠤᠭᠰᠠᠨ ᠪᠤᠶᠠᠨ ᠵᠠᠶᠠᠭᠠᠨ ᠤ ᠲᠠᠯᠠᠯᠭ᠎ᠠ ᠶᠢ ᠠᠭᠤᠯᠠ ᠭᠡᠨᠡᠮ       ᠵᠢᠷᠤᠭᠰᠡᠨ ᠲᠦᠭᠡᠷᠭᠡ ᠶᠢ ᠠᠷᠭᠠᠳᠠᠬᠤᠢ ᠵᠤᠷᠪᠤᠰ ᠴᠠᠭᠠᠨ ᠭᠡᠭᠡ ᠶᠢ ᠰᠦᠮᠪᠤᠷ ᠰᠦᠮᠪᠤᠷ ᠠᠭᠤᠯᠠ ᠭᠡᠨᠡᠮ       ᠠᠭᠤᠯᠠ ᠭᠡᠳᠡᠭ ᠠᠮᠤᠷ ᠠᠮᠤᠭᠤᠯᠠᠩ ᠤᠨ ᠬᠡᠶᠢᠮᠤᠷᠢ       ᠠᠭᠤᠯᠠ ᠭᠡᠳᠡᠭ ᠦᠷᠦ ᠵᠢᠷᠤᠬᠡᠨ ᠤ ᠰᠢᠳᠦᠭᠡᠨ       ᠲᠤᠯᠠᠭᠠᠬᠠᠨ ᠨᠦᠮᠤᠷᠢ ᠶᠢ ᠨᠢ ᠡᠴᠢᠭᠡ ᠶᠢᠨ ᠡᠪᠤᠷ ᠭᠡᠳᠡᠭ ᠶᠤᠮ       ᠲᠠᠭᠤᠷᠢᠰᠬᠤ ᠢᠷᠡᠭᠡᠳᠦᠢ ᠶᠢ ᠨᠢ ᠦᠷ᠎ᠡ ᠶᠢᠨ ᠮᠢᠨᠢ ᠤᠬᠠᠭᠠᠨ ᠭᠡᠳᠡᠭ ᠶᠤᠮ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号