ᠵᠦᠩ ᠤᠨ ᠬᠤᠷᠤᠭ᠎ᠠ
ᠨᠡᠶᠢᠲᠡᠯᠡᠭᠰᠡᠨ ᠴᠠᠭ᠄
2023/10/31
ᠵᠦᠩ ᠤᠨ ᠬᠤᠷᠤᠭ᠎ᠠ                                          ᠪᠠ᠊ · ᠵᠢᠷᠤᠮᠳᠥ    ᠨᠢᠳᠤᠨᠤᠨ ᠮᠠᠨ ᠤ ᠬᠢᠨ ᠳᠤ ᠬᠠᠪᠤᠷ ᠤᠨ ᠴᠢᠬᠢᠭ ᠶᠡᠭᠡ᠃ᠵᠤᠨ ᠨᠢ ᠶᠡᠭᠡ ᠪᠤᠷᠤᠭᠠᠨ ᠤᠰᠤ ᠲᠠᠢ ᠵᠢᠯ ᠪᠤᠯᠤᠭᠰᠠᠨ ᠶᠤᠮ᠃ ᠵᠤᠨ ᠤ ᠰᠡᠬᠦᠯ ᠰᠠᠷ᠎ᠠ ᠶᠢᠨ ᠨᠢᠭᠡ ᠤᠳᠠᠭᠠᠨ ᠤ ᠠᠭᠠᠳᠠᠷ ᠪᠤᠷᠤᠭᠠᠨ ᠳᠤ ᠠᠭᠤᠯᠠ ᠶᠢᠨ ᠤᠰᠤ ᠪᠠᠭᠤᠵᠤ ᠭᠤᠤᠯ ᠰᠦᠷᠳᠡᠢ ᠦᠶᠡᠷᠯᠡᠨ᠂ ᠭᠡᠷ ᠪᠠᠶᠢᠰᠢᠩ ᠬᠤᠷᠤᠭ᠎ᠠ ᠬᠤᠳᠠ ᠶᠢᠨ ᠲᠤᠮᠳᠠᠭᠤᠷ ᠨᠡᠶᠢᠳᠡᠮ ᠦᠶᠡᠷ᠂ ᠬᠠᠮᠢᠭᠠᠰᠢ ᠪᠠᠨ ᠬᠠᠷᠠᠭᠰᠠᠨ ᠴᠦ ᠤᠰᠤ᠂ ᠤᠷᠦ᠋ᠢᠬᠠᠨ ᠪᠤᠷᠤᠭᠠᠨ ᠨᠠᠮᠳᠠᠬᠤ ᠰᠢᠭ᠋ ᠪᠤᠯᠤᠭᠰᠠᠨ ᠴᠦ ᠡᠬᠦᠯᠡ ᠮᠥᠨ ᠯᠠ ᠨᠡᠳᠦ᠋ᠢᠭᠰᠡᠨ ᠬᠡᠪ ᠢᠶᠠᠷ ᠢᠶᠠᠨ᠂ ᠰᠠᠶ᠋ᠢ ᠯᠠ ᠵᠢᠷᠭᠤᠭ᠎ᠠ ᠪᠤᠯᠵᠤ ᠪᠠᠶᠢᠭ᠎ᠠ ᠪᠤᠯᠪᠠᠴᠤ ᠭᠠᠳᠠᠨ᠎ᠠ ᠲᠦᠨᠡᠷ ᠬᠠᠷᠠᠩᠭᠤᠢ᠃ ᠬᠤᠳᠠ ᠠᠴᠠ ᠢᠷᠡᠭᠰᠡᠨ ᠵᠢᠬᠡ ᠮᠢᠨᠢ ᠤᠰᠤᠨ ᠳᠤ ᠲᠤᠷᠠᠯᠠᠭᠠᠳ ᠪᠤᠯᠳᠠᠭ ᠦᠭᠡᠢ᠃— ᠨᠠᠭᠠᠴᠤ ᠡ᠂ ᠪᠢ ᠤᠰᠤ ᠪᠠᠷ ᠨᠠᠭᠠᠳᠤᠨ᠎ᠠ᠃— ᠨᠠᠭᠠᠴᠤ ᠡ᠂ ᠪᠢ ᠤᠰᠤᠨ ᠳᠤ ᠤᠩᠭᠤᠴᠠ ᠬᠦᠪᠦᠭᠦᠯᠦᠨ᠎ᠡ ᠭᠡᠳ ᠠᠮᠤᠷ ᠰᠠᠭᠤᠯᠭᠠᠬᠤ ᠦᠭᠡᠢ᠃— ᠮᠢᠨᠤ ᠬᠦᠤ ᠪᠤᠯᠬᠤ ᠦᠭᠡᠢ᠂ ᠡᠨᠡ ᠤᠰᠤ ᠲᠠᠨ ᠤ ᠬᠤᠳᠠ ᠶᠢᠨ ᠤᠰᠤ ᠲᠠᠢ ᠲᠠᠭᠠᠷᠠᠬᠤ ᠦᠭᠡᠢ᠂ ᠴᠢ ᠲᠡᠷᠡ ᠲᠠᠭᠤ ᠱᠤᠤᠭᠢᠶᠠᠨ᠂ ᠤᠷᠤᠰᠴᠤ ᠪᠠᠶᠢᠭ᠎ᠠ ᠬᠦᠴᠦ ᠶᠢ ᠨᠢ ᠬᠠᠷᠠᠬᠤ ᠦᠭᠡᠢ ᠤᠤ᠂ ᠴᠢ ᠲᠡᠷᠡ ᠡᠬᠦᠯᠡ ᠶᠢ ᠬᠠᠷᠠ᠂ ᠲᠡᠰ ᠬᠠᠷ᠎ᠠ ᠮᠦᠷᠳᠡᠭᠡᠨ ᠮᠤᠰᠭᠢᠷᠠᠨ ᠬᠤᠶᠢᠯᠠᠷᠠᠭᠠᠳ ᠠᠶᠢᠳᠠᠰ ᠲᠠᠢ ᠪᠠᠶᠢᠭ᠎ᠠ ᠪᠢᠰᠢ ᠤᠤ᠂ ᠪᠠᠷᠤᠭ ᠭᠡᠷ ᠤᠨ ᠤᠷᠤᠢ ᠲᠡᠭᠡᠷ᠎ᠡ ᠠᠴᠠ ᠲᠠᠷᠤᠯ᠎ᠠ᠃ᠨᠠᠭᠠᠴᠤ ᠵᠢᠭᠡ ᠬᠤᠶᠠᠭᠤᠯᠠ ᠨᠡᠯᠢᠶᠡᠳ ᠪᠤᠳᠤᠯᠢᠵᠤ ᠪᠠᠶᠢᠵᠤ ᠡᠪ ᠳᠦᠢ ᠪᠠᠨ ᠤᠯᠤᠯ᠎ᠠ᠃ᠲᠡᠷᠡ ᠰᠦᠨᠢ ᠦᠶ᠎ᠡ ᠦᠶ᠎ᠡ ᠭᠡᠷ ᠲᠤᠳᠤᠷᠠᠬᠢ ᠶᠢ ᠡᠳᠤᠷ ᠮᠡᠳᠤ ᠭᠡᠷᠡᠯᠳᠦᠬᠦᠯᠦᠨ ᠠᠶᠤᠩᠭ᠎ᠠ ᠨᠢᠵᠢᠬᠢᠨᠡᠨ ᠪᠠᠶᠢᠵᠤ ᠵᠠᠯᠭᠠᠭᠠᠳ ᠪᠤᠷᠤᠭᠠᠨ ᠬᠦᠴᠦᠳᠡᠢ ᠱᠠᠭᠢᠨ ᠤᠷᠤᠯ᠎ᠠ᠃ ᠰᠠᠶ᠋ᠢ ᠲᠦᠷᠦᠭᠰᠡᠨ ᠲᠤᠭᠤᠯ ᠪᠠᠷᠰ ᠠᠴᠠ ᠠᠶᠤᠳᠠᠭ ᠦᠭᠡᠢ ᠭᠡᠳᠡᠭᠴᠢᠯᠡᠨ ᠵᠢᠬᠡ ᠮᠢᠨᠢ ᠡᠨᠡ ᠶᠡᠭᠡ ᠪᠤᠷᠤᠭᠠᠨ ᠳᠤ ᠭᠠᠷᠴᠤ ᠠᠶᠤᠩᠭ᠎ᠠ ᠴᠠᠬᠢᠯᠬᠤ ᠶᠢ ᠦᠵᠡᠨ᠎ᠡ᠂ ᠭᠡᠷᠡᠯ ᠭᠠᠷᠬᠤ ᠶᠢ ᠦᠵᠡᠨ᠎ᠡ ᠭᠡᠳ ᠲᠠᠬᠢᠨ ᠨᠠᠮᠠᠶᠢ ᠱᠠᠯᠠᠭᠠᠵᠤ ᠭᠠᠷᠤᠯ᠎ᠠ᠃ ᠪᠢ ᠶᠤᠰᠤᠳᠠᠢ ᠨᠢᠯᠬ᠎ᠠ ᠠᠮᠢᠳᠠᠨ ᠢ ᠪᠤᠷᠬᠠᠨ ᠤ ᠪᠠᠨ ᠤᠷᠤᠨ ᠳᠤ ᠲᠠᠬᠢᠮᠠᠷ ᠪᠤᠯᠵᠤ ᠪᠠᠶᠢᠵᠤ ᠳᠦᠩᠭᠡᠵᠦ ᠤᠨᠳᠠᠭᠤᠯᠤᠯ᠎ᠠ᠃ ᠠᠶᠤᠩᠭ᠎ᠠ ᠶᠢᠨ ᠲᠠᠭᠤ ᠪᠤᠷᠤᠭᠠᠨ ᠤ ᠲᠠᠭᠤ ᠶᠢ ᠴᠢᠩᠨᠠᠨ ᠪᠢ ᠨᠦᠢᠷ ᠬᠤᠯᠵᠢᠪᠠ᠃ ᠡᠨᠡ ᠪᠤᠷᠤᠭᠠᠨ ᠤᠳᠤ ᠮᠠᠨ ᠤ ᠬᠢᠨ ᠤ ᠶᠠᠭᠤ ᠶᠠᠭᠤ ᠶᠢ ᠨᠢ ᠠᠪᠤᠭᠠᠳ ᠶᠠᠪᠤᠳᠠᠭ ᠶᠤᠮ ᠮᠡᠳᠡᠬᠦ ᠦᠭᠡᠢ᠂ ᠬᠡᠳᠤᠨ ᠡᠳᠤᠷ ᠴᠦ ᠦᠷᠬᠦᠯᠵᠢᠯᠡᠳᠡᠭ ᠶᠤᠮ ᠳ᠋ᠠ᠃ ᠬᠡᠬᠦ ᠳᠤ ᠪᠠᠨ ᠵᠤᠭᠰᠤᠬᠤ ᠡᠳᠤᠷ ᠪᠤᠢ᠂ ᠨᠠᠷᠠ ᠭᠠᠷᠬᠤ ᠪᠠᠷ ᠯᠠ ᠭᠠᠷᠤᠨ᠎ᠠ ᠭᠡᠵᠤ ᠡᠯᠳᠡᠪ ᠶᠠᠭᠤᠮ᠎ᠠ ᠪᠤᠳᠤᠵᠤ ᠭᠡᠪᠳᠡᠭᠰᠡᠬᠡᠷ ᠪᠢ ᠴᠦ ᠤᠨᠳᠠᠭᠠᠳ ᠦᠭᠴᠡᠢ᠃ᠮᠠᠷᠭᠠᠰᠢ ᠨᠢ ᠲᠡᠭᠷᠢ ᠰᠢᠷᠭᠡᠭ ᠡᠬᠦᠯᠡ ᠦᠭᠡᠢ ᠲᠤᠩᠭᠠᠯᠠᠭ᠃ ᠪᠢ ᠵᠢᠬᠡ ᠪᠠᠨ ᠢᠳᠡᠬᠦᠯᠵᠦ ᠤᠤᠭᠤᠯᠭᠠᠵᠤ ᠪᠠᠷᠠᠭᠠᠳ ᠤᠰᠤᠨ ᠭᠤᠳᠤᠯ ᠢ ᠨᠢ ᠡᠮᠦᠰᠦᠬᠦᠯᠦᠭᠡᠳ ᠬᠤᠳᠠᠨ ᠠᠴᠠ ᠭᠠᠷᠴᠤ ᠬᠦᠳᠦᠯᠦᠨ ᠠᠯᠬᠤᠯ᠎ᠠ᠃ ᠨᠠᠷᠠ ᠲᠡᠭᠡᠷ᠎ᠡ ᠬᠦᠭᠡᠷᠦᠬᠡᠳ᠂ ᠲᠤᠬᠤᠨ ᠲᠡᠭᠡᠷ᠎ᠡ ᠠᠴᠠ ᠬᠠᠯᠠᠭᠤᠨ ᠢᠯᠴᠢ ᠰᠢᠷᠠᠵᠤ ᠡᠭᠡᠭᠡ ᠯᠠ ᠦᠴᠦᠭᠡᠳᠦᠷ ᠤᠨ ᠲᠡᠭᠷᠢ ᠪᠢᠰᠢ ᠰᠢᠭ᠃ ᠡᠨᠡ ᠪᠤᠷᠤᠭᠠᠨ ᠦᠷᠬᠦᠯᠵᠢᠯᠡᠭᠰᠡᠨ ᠦᠭᠡᠢ ᠲᠠᠭᠤᠰᠤᠭᠰᠠᠨ ᠳᠤ ᠨᠢ ᠪᠢ ᠵᠠᠯᠪᠠᠷᠢᠯ᠎ᠠ᠃ ᠬᠤᠷᠤᠭ᠎ᠠ ᠬᠤᠳᠠᠨ ᠤ ᠵᠠᠪᠰᠠᠷ ᠵᠠᠭᠠᠯᠢᠬᠠᠢ ᠶᠢᠨ ᠤᠰᠤ ᠲᠠᠳᠠᠷᠠᠭᠰᠠᠨ ᠴᠦ ᠭᠤᠤᠯ ᠮᠥᠨ ᠯᠠ ᠦᠶᠡᠷᠯᠡᠭᠰᠡᠭᠡᠷ᠃ ᠪᠦᠬᠦ ᠬᠤᠳᠠ ᠤᠰᠤᠨ ᠤ ᠬᠦᠮᠦᠰ ᠭᠠᠷᠴᠤ ᠢᠷᠡᠭᠡᠳ ᠬᠦᠷᠵᠡ ᠰᠠᠪᠠ ᠪᠠᠷᠢᠵᠠᠭᠠᠨ ᠡᠶᠢᠰᠢ ᠳᠡᠶᠢᠰᠢ ᠤᠰᠤ ᠵᠠᠯᠠᠨ ᠭᠤᠤᠯ ᠤᠨ ᠬᠤᠶᠠᠷ ᠲᠠᠯ᠎ᠠ ᠠᠴᠠ ᠨᠢᠬᠡ ᠨᠢᠬᠡᠨ ᠢᠶᠠᠨ ᠲᠠᠭᠤᠳᠠᠯᠴᠠᠨ᠂ ᠬᠦᠬᠡ᠂ ᠨᠤᠭᠤᠭᠠᠨ᠂ ᠶᠠᠭᠠᠨ᠂ ᠬᠠᠷ᠎ᠠ ᠤᠰᠤᠨ ᠭᠤᠳᠤᠯ ᠤᠳ ᠵᠦᠷᠢᠯᠳᠤᠨ᠂ ᠬᠦᠭᠡᠷᠴᠦ ᠭᠠᠷᠤᠭᠰᠠᠨ ᠬᠤᠷᠴᠠ ᠨᠠᠷᠠᠨ ᠤ ᠲᠤᠤᠷ᠎ᠠ ᠤᠭᠢᠶᠠᠭᠳᠠᠭᠰᠠᠨ ᠪᠠᠶᠢᠰᠢᠩ ᠪᠠᠷᠢᠯᠭ᠎ᠠ ᠲᠠᠢ ᠨᠡᠶᠢᠯᠡᠭᠡᠳ ᠲᠡᠭᠡᠷ᠎ᠡ ᠨᠢ ᠬᠦᠭᠡ ᠲᠡᠭᠷᠢ ᠮᠡᠯᠴᠡᠶᠢᠨ ᠶᠤᠰᠤᠳᠠᠢ ᠯᠠ ᠲᠤᠰᠤᠨ ᠪᠤᠳᠤᠭ ᠤᠨ ᠵᠢᠷᠤᠭ ᠰᠢᠭ᠋ ᠬᠠᠷᠠᠭᠳᠠᠨ᠎ᠠ᠃ ᠢᠮᠠᠭᠠᠳ ᠰᠦᠷᠦᠭ ᠲᠠᠭᠠᠭᠤᠯᠤᠨ ᠠᠭᠤᠯᠠ ᠠᠪᠠᠷᠢᠭᠠᠳ ᠲᠡᠷᠡ ᠬᠤᠶᠢᠰᠢ ᠪᠠᠨ ᠵᠡᠭᠡᠷᠭᠡᠨ᠎ᠡ ᠶᠢᠨ ᠰᠢᠷᠡᠭᠡ ᠶᠢ ᠲᠠᠪᠠᠭᠠᠳ ᠨᠡᠬᠦᠳᠡᠯᠯᠡᠵᠦ ᠪᠠᠶᠢᠭ᠎ᠠ ᠡᠬᠦᠯᠡᠰ ᠰᠢᠭ ᠯᠠ ᠠᠯᠠᠭ᠎ᠠ ᠪᠤᠯᠤᠯ᠎ᠠ᠃ᠵᠢᠭᠡ ᠪᠢᠳᠡ ᠬᠤᠶᠠᠷ ᠤᠰᠤ ᠰᠢᠪᠠᠷ ᠲᠤᠮᠳᠠᠭᠤᠷ ᠬᠦᠳᠦᠯᠦᠯᠴᠡᠨ ᠠᠯᠬᠤᠪᠠ᠃ ᠨᠡᠯᠢᠶᠡᠳ ᠬᠠᠶᠠᠭᠳᠠᠮᠠᠯ ᠬᠤᠳᠠ ᠰᠠᠭᠤᠷᠢᠨ ᠦᠶᠡᠷ ᠲᠤ ᠤᠷᠤᠰᠤᠭᠠᠳ ᠠᠯᠠᠭ᠎ᠠ ᠪᠤᠯᠵᠠᠢ᠃ ᠪᠢᠳᠡ ᠬᠤᠶᠠᠷ ᠦᠶᠡᠷ ᠢ ᠦᠭᠰᠦᠨ ᠲᠡᠭᠡᠭᠰᠢ ᠠᠯᠬᠤᠯ᠎ᠠ᠃ ᠬᠤᠳᠳᠤᠭ ᠤᠨ ᠲᠡᠷᠭᠡᠳᠡᠭᠦᠷ ᠭᠠᠷᠬᠤ ᠳᠤ ᠪᠤᠳᠠᠨ ᠲᠡᠭᠡᠷ᠎ᠡ ᠪᠠᠶᠢᠭᠰᠠᠨ ᠬᠤᠪᠤᠭᠤ ᠠᠯᠠᠭ᠎ᠠ ᠪᠤᠯᠵᠠᠢ᠃ ᠮᠠᠨ ᠤ ᠬᠤᠳᠠ ᠤᠰᠤ ᠪᠠᠷ ᠢᠶᠠᠨ ᠬᠡᠳᠤᠨ ᠦᠶ᠎ᠡ ᠪᠠᠷ ᠢᠶᠠᠨ ᠵᠠᠷᠤᠵᠤ ᠪᠠᠶᠢᠭ᠎ᠠ ᠰᠠᠶᠢᠨ ᠬᠤᠪᠤᠭᠤ ᠶᠤᠮ ᠰᠠᠨ᠂ ᠬᠠᠶᠢᠷᠠᠨ ᠁ ᠤᠳᠤ ᠤᠯᠬᠤ ᠠᠴᠠ ᠦᠩᠭᠡᠷᠡᠭᠰᠡᠨ᠂ ᠬᠠᠪᠳᠠᠭᠠᠢ ᠶᠢᠨ ᠨᠠᠭᠤᠷ ᠠᠴᠠ ᠲᠡᠬᠦᠨ ᠢ ᠱᠦᠬᠦᠨ᠎ᠡ ᠭᠡᠳᠡᠭ ᠴᠢᠨᠢ ᠶᠤᠰᠤᠳᠠᠢ ᠠᠯᠠᠭᠠᠨ ᠤ ᠬᠤᠩᠬᠤᠷ ᠢ ᠬᠠᠵᠠᠬᠤ ᠲᠠᠢ ᠠᠳᠠᠯᠢ᠃ ᠡᠷᠬᠢ ᠪᠠᠭ᠎ᠠ ᠦᠭᠡᠢ ᠰᠡᠳᠡᠷᠡᠵᠡᠢ᠃ ᠡᠷᠬᠢᠨ ᠠᠴᠠ ᠪᠠᠷᠤᠭ ᠠᠷᠪᠠᠭᠠᠳ ᠠᠯᠬᠤᠮ ᠤᠨ ᠵᠠᠶᠢᠳᠠᠢ ᠪᠠᠶᠢᠳᠠᠭ ᠠᠵᠢᠶ᠎ᠠ ᠵᠠᠯᠠᠨ ᠤ ᠡᠪᠤᠯᠵᠢᠶᠡᠨ ᠤ ᠦᠨᠦᠴᠢᠨ ᠤᠶᠠᠭ᠎ᠠ ᠶᠢ ᠴᠦ ᠠᠪᠤᠭᠠᠳ ᠶᠠᠪᠤᠴᠢᠬᠠᠵᠠᠢ᠃ ᠬᠡᠤᠬᠡᠳ ᠤᠳ ᠭᠠᠳᠠᠨ᠎ᠠ ᠪᠠᠨ ᠠᠪᠴᠢᠷᠠᠵᠤ ᠪᠤᠯᠠᠨ᠎ᠠ ᠭᠡᠳ ᠪᠤᠯᠳᠠᠭ ᠦᠭᠡᠢ᠃ ᠬᠠᠷᠢᠨ ᠪᠢ ᠲᠠᠰᠤ ᠰᠡᠭᠰᠦᠷᠳᠡᠭ ᠪᠠᠶᠢᠯ᠎ᠠ᠃ ᠡᠨᠡ ᠤᠶᠠᠭ᠎ᠠ ᠶᠢ ᠠᠪᠤᠭᠠᠳ ᠬᠠᠶᠠᠴᠢᠬᠠᠪᠠᠯ ᠬᠤᠵᠢᠮ ᠠᠵᠢᠶ᠎ᠠ ᠵᠠᠯᠠᠨ ᠤ ᠪᠠᠭᠤᠷᠢ ᠶᠢᠨ ᠲᠤᠮᠵᠢᠶ᠎ᠠ ᠶᠢ ᠮᠡᠳᠡᠬᠦ ᠬᠦᠮᠦᠨ ᠠᠯᠠᠭ᠎ᠠ ᠪᠤᠯᠤᠨ᠎ᠠ᠃ ᠤᠶᠠᠭ᠎ᠠ ᠶᠠᠪᠤᠭᠰᠠᠨ ᠪᠠᠶᠢᠬᠤ ᠳᠤ ᠶᠡᠭᠡ ᠶᠠᠭᠤᠮ᠎ᠠ ᠲᠠᠭᠠᠭᠠᠳ ᠶᠠᠪᠤᠭᠰᠠᠨ ᠳ᠋ᠡ ᠭᠡᠳ ᠪᠢ ᠬᠠᠯᠠᠭᠯᠠᠨ ᠱᠤᠭᠰᠢᠷᠠᠪᠠ᠃— ᠨᠠᠭᠠᠴᠤ ᠡ᠂ ᠠᠳᠡ ᠪᠤᠯᠠᠭᠠᠳᠠᠢ ᠪᠠᠶᠢᠭᠰᠠᠨ ᠮᠤᠳᠤ ᠶᠠᠭᠠᠬᠢᠴᠢᠬᠠᠵᠤ ᠪᠤᠢ ᠭᠡᠵᠤ ᠵᠢᠭᠡ ᠶᠢᠨ ᠠᠰᠠᠭᠤᠭᠰᠠᠨ ᠢ ᠨᠠᠳᠠᠳᠤ ᠬᠠᠷᠢᠭᠤᠯᠬᠤ ᠰᠡᠬᠡᠬᠡ ᠪᠠᠶᠢᠭ᠎ᠠ ᠦᠭᠡᠢ᠃ᠪᠢᠳᠡ ᠬᠤᠶᠠᠷ ᠦᠷᠬᠦᠯᠵᠢᠯᠡᠨ ᠲᠡᠭᠡᠭᠰᠢ ᠶᠠᠪᠤᠯ᠎ᠠ᠃ ᠬᠠᠮᠳᠤ ᠶᠢᠨ ᠦᠶ᠎ᠡ ᠶᠢᠨ ᠲᠤᠮᠤ ᠵᠠᠳᠠᠭᠠᠢ ᠬᠤᠷᠤᠭ᠎ᠠ ᠠᠯᠠᠭ᠎ᠠ ᠪᠤᠯᠵᠠᠢ᠃ ᠪᠠᠷᠢᠭᠠᠳᠠ ᠶᠢᠨ ᠦᠶ᠎ᠡ ᠶᠢᠨ ᠰᠢᠪᠠᠷ᠂ ᠴᠢᠯᠠᠭᠤ᠂ ᠵᠦᠩ ᠵᠡᠷᠭᠡ ᠶᠠᠩᠵᠤ ᠶᠢᠨ ᠶᠠᠭᠤᠮ᠎ᠠ ᠪᠠᠷ ᠵᠡᠷᠭᠡᠯᠡᠵᠦ ᠪᠠᠷᠢᠭᠰᠠᠨ ᠨᠢᠭᠡ ᠲᠤᠮᠤ ᠬᠤᠷᠤᠭ᠎ᠠ ᠶᠢ ᠮᠠᠨ ᠤ ᠬᠢᠨ ᠬᠤᠳᠠ ᠪᠠᠷ ᠢᠶᠠᠨ ᠬᠠᠮᠵᠢᠵᠤ ᠭᠠᠳᠠᠭᠤᠷ ᠨᠢ ᠲᠤᠭᠤᠰᠬ᠎ᠠ ᠪᠠᠷ ᠪᠦᠷᠢᠭᠡᠳ ᠠᠳᠤᠭᠤ ᠲᠡᠯᠯᠡᠬᠦ᠂ ᠦᠷᠢᠶ᠎ᠡ ᠬᠠᠭᠠᠷᠢᠬᠤ᠂ ᠲᠡᠮᠡᠭᠡ ᠤᠭᠢᠶᠠᠬᠤ ᠵᠡᠷᠭᠡ ᠲᠤᠮᠤ ᠠᠵᠢᠯ ᠳᠤ ᠵᠠᠷᠤᠳᠠᠭ ᠪᠠᠶᠢᠭᠰᠠᠨ ᠶᠤᠮ᠃ ᠤᠳᠤ ᠪᠠᠶᠢᠬᠤ ᠦᠭᠡᠢ ᠪᠤᠯᠵᠠᠢ᠃ ᠲᠡᠷᠡ ᠵᠡᠬᠦᠨ ᠬᠡᠷᠡᠮ ᠤᠨ ᠬᠢᠨᠢ ᠨᠢᠭᠡ ᠭᠡᠰᠡᠭ ᠬᠡᠳᠤᠨ ᠠᠯᠳᠠ ᠶᠠᠭᠤᠮ᠎ᠠ ᠬᠠᠷᠢᠨ ᠵᠦᠪ ᠵᠦᠬᠡᠷ ᠬᠤᠴᠤᠷᠴᠢᠬᠠᠭᠰᠠᠨ ᠪᠠᠶᠢᠪᠠ᠃ ᠤᠴᠢᠭᠠᠳ ᠦᠵᠡᠭᠰᠡᠨ ᠴᠢᠨᠢ ᠬᠡᠳᠤᠨ ᠠᠯᠳᠠ ᠶᠢᠨ ᠵᠦᠩ ᠬᠡᠷᠡᠮ ᠯᠠ ᠪᠠᠶᠢᠨ᠎ᠠ᠃ ᠪᠢ ᠲᠡᠪᠳᠦᠵᠦ ᠨᠢᠯᠴᠠᠭᠠᠢ ᠪᠤᠯᠤᠭᠰᠠᠨ ᠵᠦᠩ ᠤᠨ ᠰᠢᠪᠠᠷ ᠠᠴᠠ ᠴᠢᠮᠬᠢᠵᠦ ᠠᠪᠤᠭᠠᠳ ᠢᠮᠡᠷᠴᠦ ᠦᠵᠡᠪᠡ᠃ ᠡᠨᠡ ᠬᠡᠤᠬᠡᠳ ᠤᠨ ᠬᠦᠯᠬᠦᠳᠡᠭ ᠬᠦᠭᠡᠰᠤᠨ ᠰᠢᠬᠢᠷ ᠤᠨ ᠨᠢᠯᠴᠠᠭᠠᠢ ᠰᠢᠬ ᠶᠠᠭᠤᠮ᠎ᠠ ᠭᠠᠷ ᠲᠤ ᠢᠮᠡᠷᠦᠭᠳᠡᠪᠡ᠃— ᠨᠠᠭᠠᠴᠤ ᠡ᠂ ᠡᠨᠡ ᠶᠠᠭᠠᠬᠢᠭᠠᠳ ᠦᠶᠡᠷ ᠲᠤ ᠤᠷᠤᠰᠤᠭᠰᠠᠨ ᠦᠭᠡᠢ ᠪᠤᠢ︖— ᠮᠢᠨᠤ ᠬᠦᠤ᠂ ᠡᠨᠡ ᠬᠡᠷᠡᠮ ᠢ ᠵᠦᠩ ᠬᠡᠷᠡᠮ ᠭᠡᠳᠡᠭ ᠶᠤᠮ᠂ ᠵᠦᠯᠭᠡᠳᠤ ᠭᠠᠵᠠᠷ ᠤᠨ ᠴᠢᠩᠭ᠎ᠠ ᠬᠠᠳᠠᠭᠤ ᠨᠠᠩᠬᠢ ᠰᠢᠷᠤᠢ ᠶᠢ ᠬᠢᠰᠬᠢᠵᠤ ᠲᠠᠯᠪᠢᠭᠠᠳ ᠪᠠᠷᠢᠭᠰᠠᠨ ᠪᠤᠯᠬᠤᠷ ᠶᠠᠮᠠᠷ ᠴᠤ ᠤᠰᠤ ᠦᠶᠡᠷ ᠠᠴᠠ ᠠᠶᠤᠳᠠᠭ ᠦᠭᠡᠢ ᠶᠤᠮ᠃— ᠶᠠᠭᠠᠬᠢᠭᠠᠳ︖ᠵᠢᠭᠡ ᠪᠢᠳᠡ ᠬᠤᠶᠠᠷ ᠤᠨ ᠠᠰᠠᠭᠤᠯᠳᠠ ᠬᠠᠷᠢᠭᠤᠯᠳᠠ ᠤᠶᠢᠯᠠᠭᠠᠬᠤ ᠤᠶᠢᠯᠠᠭᠠᠬᠤ ᠦᠭᠡᠢ ᠶᠢᠨ ᠬᠤᠭᠤᠷᠤᠨᠳᠤ ᠶᠠᠪᠤᠭᠳᠠᠭᠰᠠᠭᠠᠷ ᠪᠠᠶᠢᠯ᠎ᠠ᠃ ᠤᠷᠢᠳᠤ ᠮᠠᠨ ᠤ ᠬᠢᠨ ᠨᠠᠭᠤᠷ ᠪᠦᠷᠢᠳᠦ ᠶᠢᠨ ᠨᠤᠭᠤ ᠰᠠᠪᠠ ᠭᠠᠵᠠᠷ ᠤᠨ ᠵᠦᠯᠭᠡᠳᠤ ᠭᠠᠵᠠᠷ ᠢ ᠬᠦᠷᠵᠡ ᠪᠠᠷ ᠲᠦᠷᠪᠡᠯᠵᠢᠨ ᠬᠢᠰᠬᠢᠵᠦ ᠠᠪᠤᠭᠠᠳ ᠬᠤᠷᠤᠭ᠎ᠠ ᠪᠠᠶᠢᠰᠢᠩ ᠪᠠᠷᠢᠳᠠᠭ ᠪᠠᠶᠢᠭᠰᠠᠨ ᠶᠤᠮ᠃ ᠵᠠᠪᠰᠠᠷ ᠵᠠᠭᠠᠯᠢᠬᠠᠢ ᠪᠠᠷ ᠨᠢ ᠶᠠᠮᠠᠷ ᠴᠤ ᠨᠠᠭᠠᠯᠳᠠ ᠰᠢᠪᠠᠷ ᠭᠡᠵᠤ ᠵᠠᠷᠤᠳᠠᠭ ᠦᠭᠡᠢ᠂ ᠵᠦᠬᠡᠷ ᠯᠠ ᠪᠡᠶᠡᠨ ᠠᠴᠠ ᠨᠢ ᠱᠦᠬᠦᠷᠡᠭᠰᠡᠨ ᠴᠢᠭᠢᠭ ᠢᠶᠠᠷ ᠨᠢ ᠨᠠᠭᠠᠯᠳᠤᠭᠤᠯᠤᠭᠠᠳ ᠲᠠᠷᠤᠵᠤ ᠲᠠᠷᠤᠭᠠᠳ ᠰᠢᠬᠠᠭᠠᠳ ᠲᠠᠯᠪᠢᠴᠢᠬᠠᠳᠠᠭ ᠶᠤᠮ᠃ ᠬᠠᠳᠠᠪᠠᠯ ᠬᠤᠭᠤᠷᠤᠨᠳᠤ ᠪᠠᠨ ᠴᠤᠬᠤᠢ ᠰᠢᠭ᠋ ᠵᠢᠭᠤᠷᠠᠭᠠᠳ ᠪᠠᠷᠢᠯᠳᠤᠴᠢᠬᠠᠨ᠎ᠠ᠃ ᠵᠦᠩ ᠤᠨ ᠬᠤᠩᠬᠤᠷ ᠭᠡᠳ ᠵᠢᠵᠢᠭᠭᠡᠨ ᠬᠤᠩᠬᠤᠷ ᠤᠳ ᠠᠳᠡ ᠲᠡᠨᠳᠡ ᠦᠭᠡᠢ ᠪᠠᠶᠢᠳᠠᠭ ᠶᠤᠮ᠃ ᠮᠠᠯᠳᠠᠭᠰᠠᠨ ᠪᠢᠰᠢ ᠭᠡᠷᠴᠢᠵᠦ ᠠᠪᠤᠭᠰᠠᠨ ᠪᠤᠯᠬᠤᠷ ᠬᠦᠷᠦᠰᠦ ᠲᠤᠤᠷᠠᠬᠠᠨ ᠢᠶᠠᠨ ᠡᠳᠡᠭᠡᠨ᠎ᠡ᠃ ᠮᠠᠨ ᠤ ᠨᠤᠳᠤᠭ ᠤᠨ ᠪᠠᠷᠢᠯᠭ᠎ᠠ ᠪᠠᠶᠢᠰᠢᠩ ᠤᠨ ᠡᠬᠢ ᠰᠤᠷᠪᠤᠯᠵᠢ ᠨᠢ ᠴᠦ ᠬᠦᠷᠦᠰᠦ ᠰᠢᠷᠦᠢ ᠳᠤ ᠪᠠᠨ ᠪᠠᠶᠢᠳᠠᠭ ᠶᠤᠮ᠃ ᠦᠨᠦᠴᠢᠨ ᠬᠡᠷᠡᠮ ᠢ ᠨᠡᠯᠢᠶᠡᠳ ᠬᠠᠷᠠᠭᠠᠳ ᠪᠢ ᠵᠢᠭᠡ ᠪᠠᠨ ᠬᠦᠳᠦᠯᠦᠨ ᠪᠤᠴᠠᠪᠠ᠃ ᠵᠢᠭᠡ ᠪᠠᠶᠢᠨ ᠪᠠᠶᠢᠨ ᠡᠷᠬᠢᠨ ᠬᠠᠷᠠᠨ᠎ᠠ᠃ ᠪᠢ ᠵᠢᠬᠡ ᠶᠢᠨ ᠢᠶᠠᠨ ᠲᠤᠯᠤᠭᠠᠢ ᠶᠢ ᠢᠯᠪᠢᠭᠡᠳ ᠦᠬᠡᠳᠡ ᠠᠴᠠ ᠨᠢ ᠬᠠᠷᠠᠪᠠ᠃ ᠪᠢᠳᠠ ᠬᠤᠶᠠᠷ ᠤᠨ ᠬᠠᠷᠠᠴᠠ ᠮᠦᠷᠬᠦᠯᠳᠦᠪᠡ᠃ ᠦᠬᠡᠳᠡ ᠪᠠᠨ ᠰᠢᠷᠳᠡᠯᠴᠡᠭᠰᠡᠨ ᠲᠦᠷᠪᠡᠨ ᠨᠢᠳᠤ ᠡᠨᠡ ᠰᠠᠶᠢᠬᠠᠨ ᠨᠤᠳᠤᠭ ᠤᠨ ᠲᠠᠶᠢᠯᠤᠭᠳᠠᠰᠢ ᠦᠭᠡᠢ ᠤᠯᠠᠨ ᠨᠢᠭᠤᠴᠠ ᠭᠠᠶᠢᠬᠠᠮᠰᠢᠭᠳᠤ ᠷᠢᠳᠢ ᠰᠢᠳᠢ ᠶᠢ ᠪᠡᠶ᠎ᠡ ᠪᠡᠶᠡᠨ ᠳᠤ ᠪᠠᠨ ᠠᠭᠤᠰᠬᠠᠬᠤ ᠰᠢᠭ᠋ ᠶᠡᠭᠡ ᠤᠳᠠᠭᠠᠨ ᠰᠢᠷᠳᠡᠯᠴᠡᠯ᠎ᠡ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号