ᠪᠢ ᠬᠥᠳᠡᠭᠡ ᠶᠢᠨ ᠪᠣᠷᠤ ᠬᠡᠥᠬᠡᠳ | ᠪᠠ᠊ · ᠱᠢᠷᠥᠨᠴᠢᠮᠡᠭ | ᠴᠠᠬᠢᠭᠤᠷ ᠴᠠᠩᠳᠤᠬᠰᠠᠨ ᠡᠪᠥᠯ ᠤᠨ | ᠵᠢᠪᠠᠷ ᠲᠤᠨᠤᠬᠰᠠᠨ ᠥᠳᠡᠰᠢ ᠶᠢ | ᠲᠡᠨᠳᠡ ᠨᠢ ᠴᠠᠷᠴᠠᠭᠠᠵᠤ | ᠲᠡᠷᠭᠡᠯ ᠰᠠᠷᠠᠨ ᠤ ᠴᠠᠭᠠᠨ ᠲᠤᠶᠠᠭ᠎ᠠ ᠪᠠᠷ | ᠥᠣᠷ ᠤᠨ ᠪᠦᠷᠦᠩᠭᠦᠢ ᠶᠢ ᠰᠥᠯᠡᠨ | ᠡᠩᠭᠡᠷ ᠲᠤᠯᠤᠭᠠᠨ ᠬᠤᠳᠳᠤᠭ ᠬᠡᠮᠡᠬᠦ | ᠥᠩ ᠰᠢᠮᠡᠯᠢᠭ ᠨᠣᠳᠤᠭ ᠤᠨ | ᠵᠠᠶᠢᠳᠠᠰᠤ ᠰᠢᠭ᠋ ᠵᠢᠭᠲᠡᠶᠢᠬᠡᠨ | ᠵᠢᠭᠠᠬᠠᠨ ᠲᠣᠯᠣᠭᠠᠢ ᠶᠢᠨ ᠡᠩᠭᠡᠷ ᠲᠤ | ᠲᠠᠪᠤᠨ ᠬᠠᠨ᠎ᠠ ᠲᠠᠢ ᠭᠡᠷ ᠤᠨ | ᠲᠣᠭᠤᠷᠢᠭ ᠬᠥᠬᠡ ᠪᠠᠭᠤᠴᠠᠨ ᠤ ᠪᠠᠨ | ᠲᠤᠬᠤᠮ ᠤᠨ ᠴᠢᠨᠡᠭᠡᠨ ᠵᠠᠢ ᠳᠤ | ᠡᠵᠢ ᠮᠢᠨᠢ ᠨᠠᠮᠠᠶᠢ ᠲᠦᠷᠦᠭᠰᠡᠨ | ᠪᠢ ᠬᠥᠳᠡᠭᠡ ᠶᠢᠨ ᠪᠣᠷᠤ ᠬᠡᠥᠬᠡᠳ | ᠠᠷᠤᠭ ᠲᠥᠰᠢᠵᠤ ᠰᠠᠭᠤᠬᠰᠠᠨ | ᠠᠴᠢᠯᠠᠯᠳᠤ ᠡᠵᠢ ᠶᠢᠨ ᠢᠶᠠᠨ ᠬᠠᠯᠠᠭᠤᠨ ᠬᠡᠪᠡᠯᠢ ᠠᠴᠠ | ᠲᠣᠯᠣᠭᠠᠨ ᠭᠤᠣᠯ ᠤᠨ ᠮᠥᠰᠥ ᠶᠢ ᠴᠤᠭᠤᠷᠠᠳᠠᠯ᠎ᠠ ᠴᠢᠷᠠᠯᠠᠵᠤ | ᠠᠯᠠᠭ ᠲᠤᠭᠤᠯ ᠤᠨ ᠵᠥᠭᠡᠯᠡᠨ ᠨᠢᠷᠤᠭᠤᠨ ᠲᠡᠭᠡᠷ᠎ᠡ | ᠠᠷᠠᠢ ᠭᠡᠵᠥ ᠤᠨᠠᠬᠤ ᠳᠤ ᠮᠢᠨᠢ | ᠬᠥᠬᠡ ᠰᠣᠷ ᠲᠠᠳᠠᠭᠤᠯᠤᠨ ᠲᠥᠷᠡᠯᠵᠡᠬᠦ | ᠠᠷᠭᠠᠯ ᠤᠨ ᠴᠤᠭ ᠲᠠᠢ | ᠲᠤᠯᠭ᠎ᠠ ᠶᠢᠨ ᠭᠠᠯ ᠮᠠᠨᠴᠦ᠋ᠢᠯᠠᠵᠤ | ᠨᠠᠮᠠᠶᠢ ᠦᠯᠴᠢᠷ ᠪᠤᠯᠭᠠᠬᠰᠠᠨ | ᠪᠢ ᠬᠥᠳᠡᠭᠡ ᠶᠢᠨ ᠪᠣᠷᠤ ᠬᠡᠥᠬᠡᠳ | ᠠᠳᠤᠭᠤ ᠮᠠᠨᠠᠵᠤ ᠬᠡᠭᠡᠷ᠎ᠡ ᠬᠤᠨᠤᠬᠰᠠᠨ ᠠᠪᠤ ᠮᠢᠨᠢ | ᠠᠲᠠᠷ ᠲᠠᠯ᠎ᠠ ᠶᠢᠨ ᠬᠥᠨᠳᠡᠭᠳᠡᠭᠡ ᠦᠭᠡᠢ | ᠠᠷᠢᠭᠤᠨ ᠲᠤᠩᠭᠠᠯᠠᠭ ᠠᠭᠠᠷ ᠢ | ᠠᠳᠤᠭᠤᠨ ᠤ ᠥᠨᠥᠷ ᠲᠠᠢ | ᠠᠷᠠᠰᠤᠨ ᠲᠡᠪᠡᠯ ᠳᠤ ᠪᠠᠨ ᠡᠪᠥᠷᠯᠡᠨ ᠢᠷᠡᠵᠤ | ᠠᠳᠬᠤᠨ ᠴᠢᠨᠡᠭᠡᠨ ᠨᠠᠮᠠᠶᠢ | ᠡᠩᠭᠡᠷ ᠲᠤ ᠪᠠᠨ ᠲᠡᠪᠡᠷᠢᠵᠤ | ᠡᠷᠡᠭᠦᠯ ᠡᠩᠬᠡ ᠥᠰᠭᠡᠭᠰᠡᠨ | ᠪᠢ ᠬᠥᠳᠡᠭᠡ ᠶᠢᠨ ᠪᠣᠷᠤ ᠬᠡᠥᠬᠡᠳ | ᠠᠳᠬᠤ ᠳᠦᠭᠦᠷᠬᠦ ᠦᠭᠡᠢ | ᠠᠭᠠᠷᠤᠤᠯ ᠬᠤᠷᠤᠳ ᠢᠶᠠᠨ ᠴᠤ | ᠠᠶᠢᠯ ᠰᠠᠭᠠᠬᠠᠯᠳᠠ ᠳᠤ ᠪᠠᠨ ᠬᠤᠪᠢᠶᠠᠵᠤ ᠲᠦᠭᠡᠭᠡᠳᠡᠭ | ᠠᠭᠤᠤ ᠲᠡᠭᠡᠳᠥᠰ ᠤᠨ ᠢᠶᠠᠨ | ᠠᠮᠢᠨᠴᠢᠷ ᠦᠭᠡᠢ ᠵᠠᠩ ᠢ | ᠠᠪᠤ ᠡᠵᠢ ᠠᠴᠠ ᠪᠠᠨ ᠥᠪᠯᠡᠵᠤ ᠲᠡᠭᠡᠳᠥᠯᠡᠭᠰᠡᠨ | ᠪᠢ ᠬᠥᠳᠡᠭᠡ ᠶᠢᠨ ᠪᠣᠷᠤ ᠬᠡᠥᠬᠡᠳ | ᠠᠶᠢᠷᠠᠭ ᠥᠨᠥᠷᠳᠦᠵᠤ | ᠠᠭᠢ ᠨᠢᠳᠥᠯᠡᠭᠰᠡᠨ | ᠠᠯᠳᠠᠨ ᠬᠥᠷᠥᠰᠥᠳᠤ ᠲᠡᠯᠡᠬᠡᠢ ᠪᠠᠨ | ᠡᠯᠢᠭᠡ ᠪᠠᠷ ᠢᠶᠠᠨ ᠲᠡᠪᠡᠷᠢᠵᠦ ᠮᠦᠯᠬᠦᠬᠦ ᠳᠤ | ᠤᠨᠠᠬᠰᠠᠨ ᠡᠨᠡ ᠨᠣᠳᠤᠭ ᠤᠨ ᠮᠢᠨᠢ ᠡᠨᠧᠷᠭᠢ | ᠢᠪᠡᠭᠡᠵᠤ ᠲᠡᠮᠨᠡᠭᠰᠡᠨ | ᠬᠠᠳᠠᠪᠴᠢ ᠪᠠᠨ ᠲᠦᠰᠢᠵᠤ | ᠬᠥᠯ ᠳᠤ ᠣᠷᠣᠬᠤ ᠳᠤ ᠪᠠᠨ | ᠬᠤᠷᠭᠤᠯ ᠤᠨ ᠲᠥᠯᠭᠡ ᠰᠢᠭ | ᠪᠥᠮᠪᠥᠷᠢᠵᠤ ᠲᠤᠩᠭᠤᠷᠴᠤ ᠤᠨᠠᠬᠤ ᠳᠤ ᠮᠢᠨᠢ | ᠬᠠᠶᠢᠳᠠᠭ ᠢᠩᠭᠡ ᠵᠤᠬᠳᠦᠷ ᠢᠶᠠᠨ | ᠲᠡᠪᠢᠰᠴᠦ ᠵᠦᠭᠡᠯᠡᠯᠡᠭᠰᠡᠨ | ᠬᠥᠷᠡᠩ ᠤᠯᠠᠭᠠᠨ ᠦᠨᠢᠶᠡᠨ ᠤ ᠰᠦ ᠨᠢ | ᠢᠪᠢᠯᠵᠥ ᠠᠷᠭᠠᠳᠠᠭᠰᠠᠨ | ᠢᠰᠢᠭᠡ ᠬᠤᠷᠠᠭ᠎ᠠ ᠲᠠᠢ ᠪᠠᠨ | ᠲᠠᠭᠤ ᠪᠠᠨ ᠠᠪᠤᠯᠴᠠᠨ ᠲᠤᠬᠯᠠᠯᠳᠤᠬᠰᠠᠨ | ᠪᠢ ᠬᠥᠳᠡᠭᠡ ᠶᠢᠨ ᠪᠣᠷᠤ ᠬᠡᠥᠬᠡᠳ | ᠠᠪᠤ ᠶᠢᠨ ᠤᠨᠤᠳᠠᠭ | ᠰᠠᠷ᠎ᠠ ᠲᠠᠢ ᠬᠥᠷᠡᠩ ᠮᠢᠨᠢ | ᠳᠡᠯ ᠢᠶᠠᠨ ᠪᠤᠰᠬᠠᠵᠤ ᠡᠷᠭᠦᠬᠦ ᠳᠤ ᠨᠢ | ᠦᠨᠳᠡᠶᠢᠵᠥ ᠪᠥᠭᠦᠷᠭᠡ ᠲᠥᠰᠢᠭᠰᠡᠨ | ᠪᠢ ᠬᠥᠳᠡᠭᠡ ᠶᠢᠨ ᠪᠣᠷᠤ ᠬᠡᠥᠬᠡᠳ | ᠲᠣᠭᠤᠨᠣ ᠪᠠᠷ ᠳᠤᠰᠤᠬᠰᠠᠨ ᠨᠠᠷᠠ | ᠲᠤᠯᠭ᠎ᠠ ᠶᠢ ᠵᠥᠪ ᠲᠣᠭᠤᠷᠢᠭᠠᠳ | ᠲᠡᠭᠡᠭᠰᠢᠯᠡᠬᠦ ᠳᠤ ᠨᠢ | ᠴᠠᠭ ᠢ ᠲᠠᠨᠢᠬᠰᠠᠨ | ᠲᠤᠲᠤᠭᠤᠨ ᠤ ᠵᠠᠪᠰᠠᠷ ᠢᠶᠠᠷ ᠳᠤᠰᠤᠬᠰᠠᠨ ᠭᠡᠷᠡᠯ ᠠᠴᠠ | ᠰᠠᠴᠣᠷᠠᠭ ᠭᠡᠯᠪᠡᠷᠢ ᠶᠢ ᠤᠬᠠᠭᠠᠷᠠᠬᠰᠠᠨ | ᠪᠢ ᠬᠥᠳᠡᠭᠡ ᠶᠢᠨ ᠪᠣᠷᠤ ᠬᠡᠥᠬᠡᠳ | ᠲᠣᠭᠤᠭᠠᠨ ᠳᠤ ᠬᠦᠬᠡᠷᠦᠬᠦᠯᠥᠭᠰᠡᠨ ᠦᠷᠦᠮ᠎ᠡ | ᠲᠤᠭᠤᠷᠢᠭ ᠲᠦᠷᠰᠦ ᠶᠢ ᠵᠢᠭᠠᠬᠰᠠᠨ | ᠨᠦᠮᠵᠦᠭ ᠵᠦᠭᠡᠯᠡᠨ ᠡᠵᠢ ᠶᠢᠨ ᠮᠢᠨᠢ | ᠨᠤᠭᠤᠯᠵᠤ ᠲᠠᠯᠪᠢᠬᠰᠠᠨ ᠦᠷᠥᠮ᠎ᠡ | ᠰᠠᠷᠠᠨ ᠬᠡᠯᠪᠡᠷᠢ ᠶᠢ ᠮᠡᠳᠡᠭᠦᠯᠥᠭᠰᠡᠨ | ᠪᠢ ᠬᠥᠳᠡᠭᠡ ᠶᠢᠨ ᠪᠣᠷᠤ ᠬᠡᠥᠬᠡᠳ | ᠬᠤᠷᠠᠭᠠᠨ ᠳᠤ ᠪᠠᠨ ᠶᠠᠪᠤᠬᠤ ᠳᠤ ᠳᠣᠬᠤᠢ ᠬᠢᠷᠢᠬᠡᠨ | ᠲᠤᠤᠱᠢᠩ ᠤᠨ ᠡᠰᠢ ᠨᠢ ᠴᠦ | ᠦᠳᠡ ᠪᠣᠯᠬᠤ ᠶᠢ ᠵᠢᠭᠠᠳᠠᠭ | ᠬᠤᠳᠠᠨ ᠤ ᠣᠯᠠᠨ ᠬᠡᠥᠬᠡᠳ ᠤᠳ ᠲᠠᠢ | ᠬᠤᠨᠢᠨ ᠤ ᠵᠥᠭᠡᠯᠡᠨ ᠬᠤᠭ ᠲᠡᠭᠡᠷ᠎ᠡ | ᠠᠶᠢᠯ ᠪᠣᠯᠵᠤ ᠨᠠᠭᠠᠳᠬᠤ ᠳᠤ | ᠠᠶᠠᠭ᠎ᠠ ᠱᠠᠭᠠᠵᠠᠩ ᠤᠨ ᠬᠠᠭᠠᠷᠬᠠᠢ ᠨᠢ ᠬᠥᠷᠳᠡᠯ᠎ᠡ | ᠡᠪᠯᠡᠭᠦᠯᠵᠥ ᠵᠥᠢᠳᠡᠭ ᠠᠮᠢᠳᠤᠷᠠᠬᠤ ᠶᠢᠨ ᠵᠢᠮ᠎ᠡ ᠶᠢ | ᠤᠬᠠᠭᠠᠷᠠᠭᠤᠯᠵᠤ ᠦᠭᠳᠡᠭ | ᠪᠢ ᠬᠥᠳᠡᠭᠡ ᠶᠢᠨ ᠪᠣᠷᠤ ᠬᠡᠥᠬᠡᠳ | ᠤᠨᠢ ᠪᠠᠨ ᠲᠣᠭᠠᠯᠠᠵᠣ ᠲᠤᠭ᠎ᠠ ᠰᠤᠷᠤᠬᠰᠠᠨ | ᠤᠳᠤᠮ ᠢᠶᠠᠨ ᠦᠪᠯᠡᠵᠥ ᠢᠰᠡᠭᠡᠢ ᠤᠷᠠᠯᠠᠬᠰᠠᠨ | ᠮᠤᠳᠤᠨ ᠠᠶᠠᠭᠠᠨ ᠠᠴᠠ ᠰᠦ ᠤᠤᠭᠤᠵᠤ | ᠬᠡᠯᠡ ᠳᠤ ᠣᠷᠣᠬᠰᠠᠨ | ᠮᠤᠳᠤᠨ ᠲᠡᠷᠭᠡᠨ ᠲᠡᠭᠡᠷ᠎ᠡ ᠥᠯᠢᠭᠡᠷ ᠰᠣᠨᠣᠰᠴᠤ | ᠣᠳᠣᠨ ᠣᠬᠳᠠᠷᠭᠤᠢ ᠶᠢ ᠠᠩᠬ᠎ᠠ ᠬᠠᠷᠠᠬᠰᠠᠨ | ᠠᠭᠤᠯᠠᠰ ᠤᠨ ᠴᠤᠤᠷᠢᠶ᠎ᠠ ᠶᠢ ᠨᠢ ᠴᠢᠩᠨᠠᠵᠤ | ᠠᠭᠤᠳᠠᠮ ᠨᠣᠳᠤᠭ ᠢᠶᠠᠨ ᠪᠠᠭ᠋ᠠᠷᠬᠠᠬᠰᠠᠨ | ᠤᠰᠤᠨ ᠤ ᠳᠣᠯᠭᠢᠶᠠᠨ ᠢ ᠨᠢ ᠲᠠᠭᠤᠷᠢᠶᠠᠵᠤ | ᠤᠭᠠᠯᠵᠠ ᠡᠰᠭᠡᠵᠤ ᠤᠷᠠᠯᠠᠬᠰᠠᠨ | ᠬᠠᠪᠤᠷ ᠤᠨ ᠥᠷᠯᠥᠭᠡ | ᠬᠤᠨᠢ ᠲᠦᠢᠬᠯᠠᠬᠤ ᠳᠤ | ᠲᠠᠭᠤᠤ ᠠᠶᠠᠯᠵᠤ ᠰᠤᠷᠤᠬᠰᠠᠨ | ᠬᠤᠶᠢᠨ᠎ᠠ ᠪᠠᠨ ᠪᠠᠶᠢᠳᠠᠭ | ᠬᠤᠪᠤᠷᠬᠠᠨ ᠵᠢᠭᠠᠬᠠᠨ ᠣᠷᠣᠢ ᠪᠠᠨ ᠲᠠᠪᠠᠨ ᠪᠠᠶᠢᠵᠤ | ᠥᠭᠡᠳᠡ ᠪᠠᠨ ᠮᠠᠴᠤᠬᠤ ᠶᠢ ᠵᠤᠷᠢᠬᠯᠠᠬᠰᠠᠨ | ᠥᠳᠡᠰᠢ ᠶᠢᠨ ᠰᠡᠯᠡᠭᠦᠨ ᠳᠤ ᠥᠨᠢᠶ᠎ᠡ ᠰᠠᠭᠠᠬᠤ ᠠᠶᠢᠵᠠᠮ ᠢᠶᠠᠷ ᠨᠢ | ᠬᠥᠯᠥᠭ ᠮᠣᠷᠢᠳ ᠤᠨ ᠬᠥᠩᠭᠡᠨ ᠥᠥᠷᠰᠡᠭᠡᠨ ᠰᠢᠭ | ᠬᠥᠭᠵᠢᠮ ᠬᠥᠭᠯᠡᠭᠰᠡᠨ | ᠴᠡᠴᠡᠭ ᠰᠢᠭ ᠲᠠᠯ᠎ᠠ ᠳᠤ ᠪᠠᠨ ᠲᠤᠬᠯᠠᠨ ᠪᠠᠶᠢᠵᠤ | ᠵᠢᠷᠤᠭ ᠵᠢᠷᠤᠬᠰᠠᠨ | ᠵᠡᠭᠡᠷ᠎ᠡ ᠶᠢᠨ ᠰᠥᠷᠥᠭ ᠲᠠᠢ ᠤᠷᠤᠯᠳᠤᠨ ᠪᠠᠶᠢᠵᠤ | ᠰᠢᠯᠦᠭ ᠤᠶᠠᠩᠭᠠᠯᠠᠬᠰᠠᠨ | ᠵᠡᠯᠡᠨ ᠲᠡᠭᠡᠷ᠎ᠡ ᠲᠤᠭᠤᠯ ᠳᠠᠲᠠᠵᠤ | ᠴᠢᠳᠠᠯ ᠳᠤ ᠣᠷᠣᠬᠰᠠᠨ | ᠵᠦᠯᠭᠡᠨ ᠲᠡᠭᠡᠷ᠎ᠡ ᠢᠰᠡᠭᠡᠢ ᠵᠤᠯᠠᠵᠤ | ᠵᠤᠯᠤᠭ ᠤᠨ ᠰᠢᠷᠢᠭᠡᠰᠦ ᠰᠢᠭ ᠠᠮᠢᠳᠤᠷᠠᠯ ᠢ | ᠵᠢᠷᠤᠬᠯᠠᠵᠤ ᠲᠣᠭᠤᠷᠪᠢᠬᠰᠠᠨ | ᠪᠢ ᠬᠥᠳᠡᠭᠡ ᠶᠢᠨ ᠪᠣᠷᠤ ᠬᠡᠥᠬᠡᠳ | ᠦᠯᠮᠡᠢ ᠬᠠᠳᠬᠤᠬᠤ | ᠵᠠᠩᠭᠤᠤ ᠪᠠᠷ ᠬᠠᠳᠠᠭᠤᠵᠢᠬᠰᠠᠨ | ᠵᠤᠯᠠᠢ ᠲᠥᠭᠡᠨᠡᠬᠦ | ᠨᠠᠷᠠ ᠪᠠᠷ ᠬᠥᠷᠥᠰᠥᠯᠡᠭᠰᠡᠨ | ᠪᠢ ᠬᠥᠳᠡᠭᠡ ᠶᠢᠨ ᠪᠣᠷᠤ ᠬᠡᠥᠬᠡᠳ | ᠬᠥᠬᠡ ᠲᠡᠭᠷᠢ ᠶᠢᠨ ᠬᠠᠶᠠᠭ᠎ᠠ ᠠᠴᠠ | ᠬᠥᠬᠡᠷᠥᠬᠦᠢ ᠡᠵᠢ ᠮᠢᠨᠢ | ᠨᠠᠷᠠ ᠡᠭᠦᠷᠥᠨ ᠪᠠᠶᠢᠵᠤ | ᠬᠤᠶᠢᠮᠤᠷ ᠢᠶᠠᠨ ᠲᠤᠯᠠᠭᠠᠴᠠᠭᠤᠯᠤᠬᠰᠠᠨ | ᠥᠨᠳᠥᠷ ᠠᠭᠤᠯᠠ ᠰᠢᠭ᠋ | ᠨᠥᠮᠥᠷᠢ ᠪᠤᠯᠤᠬᠰᠠᠨ ᠠᠪᠤ ᠮᠢᠨᠢ | ᠠᠭᠲᠠ ᠶᠢᠨ ᠨᠢᠷᠤᠭᠤᠨ ᠲᠡᠭᠡᠷ᠎ᠡ ᠳᠡᠭᠦᠷᠦᠨ ᠪᠠᠶᠢᠵᠤ | ᠭᠠᠵᠠᠷ ᠤᠰᠤ ᠪᠠᠨ ᠲᠠᠨᠢᠭᠤᠯᠣᠬᠰᠠᠨ | ᠪᠢ ᠬᠥᠳᠡᠭᠡ ᠶᠢᠨ ᠪᠣᠷᠤ ᠬᠡᠥᠬᠡᠳ | ᠤᠰᠤ ᠪᠡᠯᠴᠢᠭᠡᠷ ᠢᠶᠠᠨ ᠲᠠᠭᠠᠨ | ᠳᠡᠨᠵᠢ ᠬᠤᠳᠣᠯᠵᠠᠭᠤᠯᠤᠨ ᠨᠡᠭᠦᠵᠥ | ᠤᠭᠤᠷᠠᠭ ᠰᠢᠷᠭᠠᠯ ᠪᠠᠶᠢᠭᠠᠯᠢ ᠲᠠᠢ ᠪᠠᠨ | ᠡᠶᠡᠯᠳᠡᠨ ᠡᠪᠰᠡᠵᠤ ᠵᠢᠷᠭᠠᠳᠠᠭ | ᠪᠤᠷᠬᠠᠨ ᠰᠢᠭ᠋ ᠴᠠᠶᠢᠯᠭᠠᠨ ᠰᠠᠨᠠᠭ᠎ᠠ ᠲᠠᠢ | ᠪᠣᠷᠤᠭ ᠪᠣᠷᠤᠬᠵᠢᠭᠤᠨ ᠠᠷᠠᠳ ᠤᠨ ᠢᠶᠠᠨ ᠳᠤᠮᠳᠠ | ᠬᠥᠮᠥᠨ ᠪᠤᠯᠵᠤ ᠪᠤᠶᠢᠵᠢᠬᠰᠠᠨ | ᠪᠢ ᠬᠥᠳᠡᠭᠡ ᠶᠢᠨ ᠪᠣᠷᠤ ᠬᠡᠥᠬᠡᠳ᠃ |