ᠮᠣᠩᠭᠤᠯ ᠵᠦᠴᠦᠭᠡ ᠤᠷᠠᠯᠢᠭ ᠤᠨ ᠪᠦᠯᠭᠦᠮ ᠤᠨ ᠭᠢᠯᠪᠡᠭᠡᠨ ᠵᠦᠴᠦᠭᠡ ᠱᠤᠭ ᠵᠦᠴᠦᠭᠡ ᠶᠢᠨ ᠲᠤᠰᠬᠠᠢ ᠲᠤᠬᠯᠠᠯᠳᠠ ᠶᠠᠪᠤᠭᠳᠠᠪᠠ
ᠨᠡᠶᠢᠲᠡᠯᠡᠭᠰᠡᠨ ᠴᠠᠭ᠄
2023/12/1
ᠮᠣᠩᠭᠤᠯ ᠵᠦᠴᠦᠭᠡ ᠤᠷᠠᠯᠢᠭ ᠤᠨ ᠪᠦᠯᠭᠦᠮ ᠤᠨ ᠭᠢᠯᠪᠡᠭᠡᠨ ᠵᠦᠴᠦᠭᠡ ᠱᠤᠭ ᠵᠦᠴᠦᠭᠡ ᠶᠢᠨ ᠲᠤᠰᠬᠠᠢ ᠲᠤᠬᠯᠠᠯᠳᠠ ᠶᠠᠪᠤᠭᠳᠠᠪᠠᠥᠪᠥᠷ ᠮᠣᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠤᠨ ᠮᠣᠩᠭᠤᠯ ᠵᠦᠴᠦᠭᠡ ᠤᠷᠠᠯᠢᠭ ᠤᠨ ᠪᠦᠯᠭᠦᠮ ᠤᠨ ᠭᠢᠯᠪᠡᠭᠡᠨ ᠵᠦᠴᠦᠭᠡ ᠱᠤᠭ ᠵᠦᠴᠦᠭᠡ ᠶᠢᠨ 3 ᠳᠠᠯᠠᠪᠠᠢ ᠲᠤᠰᠬᠠᠢ ᠲᠤᠬᠯᠠᠯᠳᠠ ᠣᠶᠢᠷ᠎ᠠ ᠳᠤ ᠭᠦᠭᠡᠬᠤᠳᠠ ᠶᠢᠨ ᠦᠯᠢᠭᠡᠷ ᠤᠷᠠᠯᠢᠭ ᠤᠨ ᠣᠷᠳᠣᠨ ᠳᠤ ᠶᠠᠪᠤᠭᠳᠠᠪᠠ᠃ ᠲᠤᠰᠬᠠᠢ ᠲᠤᠬᠯᠠᠯᠳᠠ ᠳᠤ ︽︿ᠡᠯᠢᠭᠡ ᠶᠢ ᠮᠢᠨᠢ ᠳᠡᠪᠲᠦᠭᠡᠵᠦ᠂ ᠡᠩᠭᠡᠷ ᠲᠤ ᠮᠢᠨᠢ ᠨᠠᠷᠠ ᠪᠣᠯᠣᠨ ᠮᠠᠨᠳᠤᠭᠰᠠᠨ ᠦᠷ᠎ᠡ ᠶᠤᠮ ᠰᠢᠦ ᠳ᠋ᠧ﹀ᠭᠡᠵᠦ ᠠᠪᠤ ᠨᠢ ᠬᠡᠦᠬᠡᠨ ᠢᠶᠠᠨ ᠰᠠᠨᠠᠭᠠᠳ ᠡᠩᠰᠡᠷᠡᠲᠡᠯ᠎ᠡ ᠤᠬᠢᠯᠠᠵᠤ ᠰᠠᠭᠤᠭᠰᠠᠨ︾ ᠭᠢᠯᠪᠡᠭᠡᠨ ᠵᠦᠴᠦᠭᠡ ︽ᠤᠭᠤᠷᠠᠭ ᠤᠨ ᠦᠨᠦᠷ ᠲᠠᠢ ᠴᠠᠮᠴᠠ︾᠎ ᠨᠢ ᠥᠪᠡᠷ ᠤᠨ ᠡᠷᠬᠡ ᠦᠭᠡᠢ ᠦᠵᠡᠭᠴᠢᠳ ᠢ ᠤᠶᠠᠷᠠᠨ ᠳᠣᠭᠳᠣᠯᠤᠭᠤᠯᠤᠯ᠎ᠠ᠃ ᠲᠤᠰ ᠲᠤᠬᠯᠠᠯᠳᠠ ᠳᠤ ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ ᠶᠡᠭᠡ ᠬᠠᠶᠢᠷ᠎ᠠ ᠶᠢᠨ ᠦᠯᠢᠭᠡᠷ ᠢ ᠠᠪᠤ ᠶᠢᠨ ᠵᠣᠭᠰᠣᠴᠠ ᠠᠴᠠ ᠰᠢᠨ᠎ᠡ ᠬᠠᠷᠠᠭ᠎ᠠ᠂ ᠰᠢᠨ᠎ᠡ ᠰᠡᠳᠬᠢᠮᠵᠢ ᠪᠠᠷ ᠨᠠᠶᠢᠷᠠᠭᠤᠯᠵᠤ᠂ ᠦᠨᠳᠦᠰᠦᠲᠡᠨ ᠤ ᠶᠡᠭᠡ ᠪᠦᠯᠬᠦᠮᠳᠡᠯ ᠪᠣᠯᠣᠨ ᠡᠴᠢᠭᠡ ᠡᠬᠡ ᠶᠢᠨ ᠭᠤᠶᠠᠴᠢ ᠦᠭᠡᠢ ᠠᠭᠤᠤ ᠬᠠᠶᠢᠷ᠎ᠠ ᠎ ᠶᠢ ᠤᠷᠠᠯᠢᠭ ᠢᠶᠠᠷ ᠲᠣᠭᠯᠠᠨ ᠦᠵᠡᠭᠦᠯᠵᠡᠢ᠃ ︽ᠪᠢᠳᠡ ᠲᠤᠰᠬᠠᠢ ᠲᠤᠬᠯᠠᠯᠳᠠ ᠪᠠᠨ ᠡᠨᠡ ᠵᠢᠯ ᠤᠨ ᠡᠬᠢᠨ ᠠᠴᠠ ᠪᠡᠯᠡᠳᠬᠡᠵᠦ᠂ ᠨᠡᠶᠢᠭᠡᠮ ᠤᠨ ᠵᠢᠵᠢᠭᠬᠡᠨ ᠠᠰᠠᠭᠤᠳᠠᠯ ᠢᠶᠠᠷ ᠨᠡᠶᠢᠭᠡᠮ ᠵᠢᠷᠤᠮ ᠤᠨ ᠭᠤᠣᠯᠯᠠᠭᠴᠢ ᠦᠷᠳᠡᠭ ᠤᠨ ᠦᠵᠡᠯᠲᠡ ᠶᠢ ᠬᠠᠷᠠᠭᠤᠯᠵᠤ᠂ ᠲᠤᠮᠳᠠᠳᠦ ᠶᠢᠨ ᠦᠨᠳᠦᠰᠦᠲᠡᠨ ᠤ ᠰᠢᠯᠢᠳᠡᠭ ᠬᠡᠪ ᠰᠤᠷᠲᠠᠯ ᠪᠠ ᠡᠷᠬᠢᠮ ᠳᠡᠭᠡᠳᠦ ᠦᠵᠡᠯ ᠰᠠᠨᠠᠭ᠎ᠠ ᠶᠢ ᠰᠤᠷᠳᠠᠯᠴᠢᠯᠠᠬᠰᠠᠨ ᠶᠤᠮ︾ ᠭᠡᠵᠦ ᠮᠣᠩᠭᠤᠯ ᠵᠦᠴᠦᠭᠡ ᠤᠷᠠᠯᠢᠭ ᠤᠨ ᠪᠦᠯᠭᠦᠮ ᠤᠨ ᠳᠡᠳ᠋ ᠳᠠᠷᠤᠭ᠎ᠠ ᠳ᠋ᠧ ᠮᠢᠩ ᠬᠡᠯᠡᠨ᠎ᠡ᠃ ᠭᠢᠯᠪᠡᠭᠡᠨ ᠵᠦᠴᠦᠭᠡ ︽ᠤᠭᠤᠷᠠᠭ ᠤᠨ ᠦᠨᠦᠷ ᠲᠠᠢ ᠴᠠᠮᠴᠠ︾᠎ ᠠᠴᠠ ᠭᠠᠳᠠᠨ᠎ᠠ᠂ ᠲᠤᠰ ᠪᠦᠯᠭᠦᠮ ᠤᠨ ᠲᠣᠭᠯᠠᠭᠴᠢᠳ ᠪᠠᠰᠠ ᠳᠠᠭᠤᠯᠠᠬᠤ᠂ ᠪᠥᠵᠢᠭᠯᠡᠬᠦ᠂ ᠶᠠᠷᠢᠬᠤ᠂ ᠲᠣᠭᠯᠠᠬᠤ ᠵᠡᠷᠭᠡ ᠤᠷ᠎ᠠ ᠠᠪᠢᠶᠠᠰᠯᠢᠭ ᠲᠤᠬᠯᠠᠯᠳᠠ ᠪᠠᠷ ᠢᠶᠠᠨ ᠡᠴᠢᠭᠡ ᠡᠬᠡᠴᠦᠦᠯ ᠤᠨ ᠰᠤᠷᠭᠠᠨ ᠬᠥᠮᠦᠵᠢᠯ ᠤᠨ ᠲᠤᠬᠠᠢ ᠣᠶᠢᠯᠠᠭᠠᠯᠲᠠ ᠳᠤᠲᠠᠮᠠᠭ ᠠᠴᠠ ᠪᠣᠯᠵᠤ᠂ ᠤᠯᠠᠨ ᠢᠨᠢᠶᠡᠳᠦᠮ ᠲᠠᠢ ᠮᠥᠷᠲᠡᠭᠡᠨ ᠰᠡᠳᠬᠢᠭᠦᠰᠢᠲᠡᠢ ᠦᠯᠢᠭᠡᠷ ᠭᠠᠷᠭᠠᠭᠰᠠᠨ ᠱᠤᠭ ᠵᠦᠴᠦᠭᠡ ︽ᠳ᠋ᠥᠸᠧ ᠳ᠋ᠥᠸᠧ ᠶᠢᠨ ᠪᠤᠬᠢᠨᠢᠳᠤᠯ︾᠂ ᠭᠡᠷ ᠤᠨ ᠰᠤᠷᠭᠠᠨ ᠬᠥᠮᠦᠵᠢᠯ ᠢ ᠬᠥᠩᠭᠡᠪᠴᠢᠯᠡᠵᠦ᠂ ᠬᠡᠭᠡᠯᠢ ᠬᠠᠭ᠋ᠤᠤᠯᠢ ᠲᠦᠯᠬᠢᠬᠦ ᠶᠢ ᠪᠤᠳᠤᠳᠠᠭ ᠨᠡᠶᠢᠭᠡᠮ ᠤᠨ ᠭᠠᠵᠢᠭᠤ ᠬᠡᠪ ᠰᠤᠷᠲᠠᠯ ᠢ ᠬᠠᠷᠠᠭᠤᠯᠤᠭᠰᠠᠨ ᠱᠤᠭ ᠵᠦᠴᠦᠭᠡ ︽ᠲᠣᠭᠠᠴᠠᠭ᠎ᠠ ᠬᠢᠭᠰᠡᠨ ᠨᠢ︾᠂ ᠯᠢ ᠳ᠋ᠠ ᠵᠤᠤ᠂ ᠰᠢᠶᠠ ᠮᠢᠩ ᠬᠠᠨ ᠵᠡᠷᠭᠡ ᠬᠤᠪᠢᠰᠬᠠᠯ ᠤᠨ ᠪᠠᠭᠠᠲᠤᠷᠴᠤᠳ ᠤᠨ ᠤᠳᠤ ᠶᠢᠨ ᠵᠠᠷᠢᠮ ᠵᠠᠯᠠᠭᠤᠴᠤᠳ ᠤᠨ ᠠᠯᠵᠠᠭᠤ ᠬᠤᠶᠢᠷᠭᠤ᠂ ᠬᠠᠷᠢᠭᠤᠴᠠᠯᠭᠠᠲᠤ ᠰᠡᠳᠬᠢᠯᠭᠡ ᠦᠭᠡᠢ ᠪᠣᠯᠤᠭᠰᠠᠨ ᠪᠠᠶᠢᠳᠠᠯ ᠢ ᠰᠢᠭᠦᠮᠵᠢᠯᠡᠨ ᠲᠤᠯᠭᠠᠵᠤ ᠥᠴᠢᠭᠯᠡᠭᠦᠯᠦᠭᠰᠡᠨ ᠳᠠᠭᠤᠯᠠᠯᠳᠤ ᠵᠦᠴᠦᠭᠡ ︽ᠵᠠᠯᠠᠭᠤ ᠨᠠᠰᠤᠨ ᠤ ᠳᠠᠭᠤᠯᠠᠯ︾᠂ ᠲᠤᠰ ᠪᠦᠯᠭᠦᠮ ᠤᠨ ᠲᠣᠭᠯᠠᠭᠴᠢᠳ ᠤᠨ ᠰᠤᠷᠤᠯᠴᠠᠨ ᠲᠣᠭᠯᠠᠵᠤ ᠪᠦᠲᠦᠭᠡᠭᠰᠡᠨ ︽ᠪᠤᠭᠤᠷᠤᠯ ᠬᠡᠦᠬᠡᠨ︾ ᠵᠡᠷᠭᠡ 5 ᠲᠤᠬᠯᠠᠯᠳᠠ ᠶᠢ ᠲᠣᠭᠯᠠᠵᠤ᠂ ᠥᠪᠥᠷ ᠮᠣᠩᠭᠤᠯ ᠤᠨ ᠠᠷᠠᠳ ᠲᠦᠮᠡᠨ ᠤ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠎ ᠶᠢ ᠪᠦᠭᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ︽ᠲᠠᠪᠤᠨ ᠶᠡᠭᠡ ᠡᠭᠦᠷᠭᠡ︾᠎ ᠶᠢ ᠰᠠᠶᠢᠲᠤᠷ ᠪᠡᠶᠡᠯᠡᠭᠦᠯᠦᠨ᠂ ︽ᠵᠢᠱᠢᠶᠡᠴᠢ ᠥᠪᠡᠷᠲᠡᠭᠡᠨ ᠵᠠᠰᠠᠬᠤ ᠣᠷᠣᠨ︾᠎ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠪᠠᠷ ᠡᠷᠡᠮᠡᠬᠡᠶᠢᠯᠡᠨ ᠤᠷᠤᠭᠰᠢᠯᠠᠵᠤ ᠪᠠᠶᠢᠭ᠎ᠠ ᠤᠶᠤᠨ ᠰᠠᠨᠠᠭᠠᠨ ᠤ ᠳᠦᠷᠰᠦ ᠪᠠᠶᠢᠳᠠᠯ ᠢ ᠬᠠᠷᠠᠭᠤᠯᠤᠭᠰᠠᠨ ᠪᠠᠶᠢᠨ᠎ᠠ᠃
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号